ᠣᠶᠢᠷᠠᠳ ᠮᠣᠩᠭᠤᠯ ᠤᠨ ᠲᠣᠯᠣᠭᠠᠢ ᠰᠢᠭᠢᠷ᠎ᠡ ᠶᠢ ᠰᠢᠢᠳᠪᠦᠷᠢᠯᠡᠬᠦ ᠠᠷᠭ᠎ᠠ
ᠨᠡᠶᠢᠲᠡᠯᠡᠭᠰᠡᠨ ᠴᠠᠭ᠄
2020/12/23
         ᠪᠣᠳᠠ ᠮᠠᠯ ᠤᠨ ᠲᠣᠳᠣᠷ᠎ᠠ ᠠᠴᠠ ᠦᠬᠡᠷ ᠤᠨ ᠲᠣᠯᠣᠭᠠᠢ ᠶᠢ ᠰᠢᠭᠤᠳ ᠠᠷᠠᠰᠣ ᠶᠢ ᠨᠢ ᠦᠪᠴᠢᠵᠣ ᠠᠪᠣᠭᠠᠳ ᠡᠷᠡᠣ ᠶᠢ ᠨᠢ ᠰᠠᠯᠭᠠᠵᠣ ᠬᠤᠶᠠᠷ ᠭᠤᠷᠪᠠᠨ ᠠᠩᠭᠢ ᠬᠢᠬᠡᠳ ᠴᠢᠨᠠᠵᠣ ᠢᠳᠡᠬᠦ ᠪᠣᠶᠣ ᠵᠠᠷᠢᠮ ᠬᠦᠮᠦᠰ ᠨᠣᠣᠰᠣ ᠶᠢ ᠨᠢ ᠬᠤᠶᠢᠬᠠᠯᠠᠵᠣ ᠣᠷᠬᠢᠭᠠᠳ ᠣᠬᠢᠶᠠᠵᠣ ᠴᠡᠪᠡᠷᠯᠡᠭᠡᠳ ᠲᠣᠯᠣᠭᠠᠢ ᠡᠷᠡᠣ ᠶᠢ ᠨᠢ ᠰᠠᠯᠭᠠᠨ ᠴᠢᠨᠠᠵᠣ ᠢᠳᠡᠳᠡᠭ᠃
ᠰᠢᠭᠢᠷ᠎ᠡ ᠮᠠᠯ ᠤᠨ ᠲᠣᠯᠣᠭᠠᠢ ᠰᠢᠭᠢᠷ᠎ᠡ ᠶᠢ ᠪᠣᠯᠪᠠᠯ ᠮᠦᠨ ᠬᠤᠶᠢᠬᠠᠯᠠᠵᠣ ᠬᠠᠭᠠᠷᠢᠭᠠᠳ ᠬᠠᠯᠠᠭᠤᠨ ᠣᠰᠣᠨ ᠳᠤ ᠬᠢᠷᠪᠣᠰᠣᠯᠠᠵᠣ ᠴᠡᠪᠡᠷᠯᠡᠭᠡᠳ᠂ ᠲᠣᠯᠣᠭᠠᠢ ᠶᠢᠨ ᠡᠷᠡᠣ ᠶᠢ ᠨᠢ ᠰᠠᠯᠭᠠᠵᠣ ᠬᠤᠶᠠᠷ ᠠᠩᠭᠢᠯᠠᠭᠠᠳ ᠴᠢᠨᠠᠳᠠᠭ ᠪᠠᠶᠢᠯ᠎ᠠ᠃ ᠲᠣᠯᠣᠭᠠᠢ ᠰᠢᠭᠢᠷ᠎ᠡ ᠬᠤᠶᠢᠬᠠᠯᠠᠬᠤ ᠶᠠᠪᠣᠴᠠ ᠨᠢ ᠪᠣᠯᠪᠠᠯ ᠣᠷᠢᠳ ᠢᠶᠠᠷ ᠲᠠᠯᠢᠮ ᠪᠠᠷᠤᠭ ᠲᠠᠢ ᠪᠦᠳᠦᠭᠦᠨ ᠰᠢᠭ ᠮᠣᠳᠣᠨ ᠱᠣᠷᠣ ᠬᠢᠵᠣ ᠠᠪᠣᠭᠠᠳ ᠲᠡᠭᠦᠨ ᠢ ᠪᠠᠨ ᠲᠣᠯᠣᠭᠠᠢ ᠶᠢᠨ ᠨᠣᠭᠤᠷᠰᠣ ᠪᠠᠷ ᠰᠢᠭᠠᠵᠣ ᠣᠷᠣᠭᠤᠯᠣᠭᠠᠳ ᠭᠠᠯ ᠲᠡᠭᠡᠷ᠎ᠡ ᠰᠢᠷᠡᠵᠣ᠂ ᠭᠡᠳᠣ ᠶᠠᠳᠣᠨ ᠰᠠᠭᠠᠮ᠎ᠠ ᠬᠤᠶᠢᠬᠠᠯᠠᠨ᠂ ᠰᠢᠳᠠᠭᠰᠠᠨ ᠨᠣᠣᠰᠣ ᠦᠰᠦ ᠶᠢ ᠨᠢ ᠬᠢᠳᠤᠭ᠎ᠠ ᠪᠠᠷ ᠬᠤᠰᠣᠵᠣ ᠠᠷᠢᠯᠭᠠᠳᠠᠭ ᠪᠠ ᠲᠡᠭᠦᠨ ᠤ ᠬᠠᠵᠠᠭᠤ ᠪᠠᠷ ᠬᠠᠪᠳᠠᠭᠠᠢ ᠪᠣᠶᠣ ᠮᠣᠭᠤᠯᠳᠤᠭ ᠲᠡᠮᠣᠷ ᠰᠢᠯᠡᠭᠡᠪᠦᠷ ᠢ ᠣᠯᠠᠶᠢᠯᠭᠠᠵᠣ ᠲᠡᠭᠦᠨ ᠢᠶᠠᠷ ᠦᠯᠡᠳᠡᠭᠰᠡᠨ ᠪᠠᠭ᠎ᠠ ᠰᠠᠭ᠎ᠠ ᠨᠣᠣᠰᠣ ᠶᠢ ᠨᠢ ᠰᠢᠷᠠᠵᠣ ᠠᠷᠢᠯᠭᠠᠳᠠᠭ᠃ ᠡᠶᠢᠭᠡᠭᠰᠡᠨ ᠤ ᠲᠠᠷᠠᠭ᠎ᠠ ᠪᠠᠷ ᠡᠪᠡᠷ ᠲᠠᠢ ᠪᠣᠯᠪᠠᠯ ᠡᠪᠡᠷ ᠢ ᠨᠢ ᠴᠣᠬᠢᠵᠣ ᠬᠠᠶᠠᠳᠠᠭ ᠪᠠ ᠲᠣᠷᠣᠭᠤ ᠶᠢ ᠨᠢ ᠮᠥᠯᠳᠦᠯᠵᠣ ᠬᠠᠶᠠᠭᠠᠳ ᠬᠠᠯᠠᠭᠤᠨ ᠣᠰᠣᠨ ᠳᠤ ᠬᠢᠷᠪᠣᠰᠣᠯᠠᠵᠣ ᠣᠬᠢᠶᠠᠬᠤ ᠶᠢᠨ ᠲᠠᠭᠠᠣ ᠲᠣᠯᠣᠭᠠᠢ ᠶᠢᠨ ᠪᠠᠭ᠋ᠠᠯᠠᠭᠤᠷ ᠲᠤ ᠪᠠᠶᠢᠬᠤ ᠨᠣᠶᠢᠷ ᠪᠣᠯᠴᠢᠷᠬᠠᠢ ᠶᠢ ᠨᠢ ᠠᠪᠴᠣ ᠴᠡᠪᠡᠷᠯᠡᠭᠡᠳ᠂ ᠬᠠᠮᠤᠭ ᠤᠨ ᠠᠳᠠᠭ ᠲᠤᠨᠢ ᠡᠷᠡᠣ ᠶᠢ ᠨᠢ ᠰᠠᠯᠭᠠᠵᠣ᠂ ᠲᠠᠬᠢᠨ ᠬᠤᠶᠠᠷ ᠡᠷᠡᠣ ᠶᠢ ᠨᠢ ᠬᠤᠶᠠᠷ ᠲᠠᠯ᠎ᠠ ᠨᠢ ᠲᠠᠷᠣᠵᠣ ᠬᠡᠯᠡᠨ ᠤ ᠬᠠᠪᠢᠷᠭ᠎ᠠ ᠪᠠᠷ ᠲᠠᠭᠠᠭᠤᠯᠣᠨ ᠬᠤᠶᠠᠷ ᠰᠠᠯᠭᠠᠭᠠᠳ ᠴᠢᠨᠠᠳᠠᠭ᠃ ᠲᠣᠯᠣᠭᠠᠢ ᠰᠢᠭᠢᠷ᠎ᠡ ᠶᠢ ᠴᠢᠨᠠᠬᠤ ᠳᠤ ᠣᠯᠠᠩᠬᠢ ᠬᠦᠮᠦᠰ ᠨᠢᠭᠡ ᠰᠠᠭᠠᠮ᠎ᠠ ᠣᠰᠣᠨ ᠳᠤ ᠣᠬᠢᠭᠤᠯᠵᠣ ᠪᠣᠴᠠᠯᠭᠠᠭᠠᠳ᠂ ᠲᠡᠷᠡ ᠬᠦ ᠬᠢᠷᠪᠣᠰᠣ ᠲᠠᠢ ᠱᠦᠯᠦ ᠶᠢ ᠨᠢ ᠠᠰᠬᠠᠵᠣ ᠬᠠᠶᠠᠭᠠᠳ ᠲᠠᠬᠢᠨ ᠰᠢᠨ᠎ᠠ ᠣᠰᠣᠨ ᠳᠤ ᠬᠢᠵᠣ ᠴᠢᠨᠠᠳᠠᠭ᠃ ᠡᠭᠦᠨ ᠢ ᠪᠠᠨ ᠮᠦᠨ ᠬᠢᠷᠪᠣᠰᠣᠯᠠᠬᠤ ᠭᠡᠵᠣ ᠬᠡᠯᠡᠳᠡᠭ ᠪᠦᠭᠡᠳ ᠡᠶᠢᠭᠡᠬᠦ ᠶᠢᠨ ᠣᠴᠢᠷ ᠪᠣᠯᠪᠠᠯ ᠭᠡᠮᠡᠷ ᠱᠦᠯᠦᠨ ᠳᠤᠨᠢ ᠬᠦᠴᠡ ᠪᠣᠳᠠᠭ᠎ᠠ ᠬᠢᠬᠦ ᠪᠣᠶᠣ ᠪᠣᠰᠣᠳ ᠲᠦᠷᠦᠯ ᠤᠨ ᠪᠤᠳᠠᠭ᠎ᠠ ᠬᠢᠵᠣ ᠣᠣᠭᠤᠬᠤ ᠶᠣᠮ ᠪᠣᠯᠪᠠᠯ ᠱᠦᠯᠦᠨ ᠳᠤᠨᠢ ᠬᠢᠷᠪᠦᠰᠦ ᠶᠢᠨ ᠠᠮᠳᠠ ᠪᠠᠭ᠎ᠠ ᠪᠣᠯᠳᠠᠭ᠃     ᠲᠣᠯᠣᠭᠠᠢ ᠰᠢᠭᠢᠷ᠎ᠡ ᠶᠢ ᠪᠣᠯᠭᠤᠵᠣ ᠢᠳᠡᠬᠦ ᠦᠶ᠎ᠡ ᠳᠤ ᠴᠢᠬᠢᠨ᠂ ᠬᠡᠯᠡᠨ᠂ ᠲᠠᠩᠨᠠᠢ᠂ ᠰᠢᠭᠢᠷ᠎ᠡ ᠮᠡᠳᠦ ᠶᠢ ᠬᠦᠪᠡᠭᠦᠳ ᠲᠤ ᠦᠭᠴᠦ ᠢᠳᠡᠭᠦᠯᠳᠡᠭ᠃ ᠡᠭᠦᠨ ᠳᠤ ︽ᠲᠠᠩᠨᠠᠢ ᠢᠳᠡᠪᠡᠯ ᠣᠷᠠᠨ ᠪᠣᠯᠳᠠᠭ ᠶᠣᠮ︾ ᠭᠡᠳᠡᠭ ᠦᠭᠡ ᠪᠠᠶᠢᠳᠠᠭ ᠪᠣᠯᠬᠤᠷ ᠲᠠᠩᠨᠠᠢ ᠶᠢ ᠨᠥᠬᠦᠭᠡᠷᠣᠨ ᠬᠦᠪᠡᠭᠦᠳ ᠲᠤ ᠦᠭᠳᠡᠭ ᠪᠦᠭᠡᠳ ᠦᠭᠭᠦ ᠦᠶ᠎ᠡ ᠳᠡᠭᠡᠨ ᠠᠯᠠᠭ᠎ᠠ ᠶᠢ  ᠨᠢ ᠲᠡᠯᠭᠡᠭᠦᠯᠵᠣ ᠪᠠᠶᠢᠭᠠᠳ        ︽ᠮᠠᠢ᠂ ᠣᠷᠠᠨ ᠪᠣᠯ︕︾ ᠭᠡᠵᠣ ᠬᠡᠯᠡᠭᠡᠳ ᠦᠭᠳᠡᠭ᠃ ᠭᠡᠳᠡᠯ᠎ᠡ ᠲᠣᠯᠣᠭᠠᠢ  ᠶᠢᠨ ᠮᠢᠬᠠᠨ ᠲᠣᠳᠣᠷ᠎ᠠ ᠠᠴᠠ ᠲᠠᠷᠠᠭ ᠡᠬᠢ ︵ᠲᠠᠷᠢᠬᠢ︶᠂ ᠰᠡᠳᠡᠷᠬᠠᠢ ᠶᠢᠨ ᠮᠥᠭᠡᠷᠰᠦᠨ᠂ ᠬᠤᠶᠠᠷ ᠨᠢᠳᠣ᠂ ᠬᠤᠶᠢᠬ᠎ᠠ ᠮᠡᠳᠦ ᠵᠦᠢᠯ ᠢ ᠨᠢ ᠪᠠᠭ᠎ᠠ ᠬᠦᠪᠡᠭᠦᠳ ᠲᠤ ᠦᠭᠳᠡᠭ ᠦᠭᠡᠢ ᠪᠦᠭᠡᠳ ᠬᠤᠶᠠᠷ ᠨᠢᠳᠣ ᠶᠢ ᠨᠢᠭᠡ ᠯᠡ ᠬᠦᠮᠦᠨ ᠢᠳᠡᠬᠦ ᠠᠴᠠ ᠪᠢᠰᠢ ᠬᠤᠶᠠᠷ ᠬᠦᠮᠦᠨ ᠬᠤᠪᠢᠶᠠᠵᠣ ᠢᠳᠡᠵᠣ ᠪᠣᠯᠳᠠᠭ ᠦᠭᠡᠢ ᠭᠡᠵᠣ ᠬᠡᠯᠡᠳᠡᠭ᠃     ᠬᠤᠶᠢᠬᠠᠯᠠᠵᠣ ᠴᠢᠨᠠᠭᠠᠳ ᠡᠷᠡᠣ ᠶᠢ ᠨᠢ ᠠᠪᠴᠤ ᠣᠷᠬᠢᠭᠰᠠᠨ ᠬᠤᠨᠢᠨ ᠤ ᠲᠣᠯᠣᠭᠠᠢ ᠪᠣᠯ ᠶᠠᠮᠠᠷ ᠨᠢᠭᠡᠨ ᠶᠣᠰᠣᠯᠠᠯ ᠦᠢᠯᠡ ᠠᠴᠠ ᠲᠣᠳᠠᠬᠤ ᠦᠭᠡᠢ ᠣᠷᠣᠯᠴᠠᠳᠠᠭ ᠬᠦᠨᠳᠦᠳᠡᠢ ᠮᠢᠬᠠᠨ ᠤ ᠵᠦᠢᠯ ᠪᠣᠯᠬᠤ ᠲᠣᠯᠠ ᠲᠡᠭᠡᠵᠢ ᠡᠷᠭᠦᠭᠦ᠂ ᠣᠭᠤᠴᠠ ᠵᠣᠭᠤᠬᠤ᠂ ᠬᠦᠨᠳᠦᠳᠡᠢ ᠲᠣᠭᠤᠪᠦᠷᠢ ᠬᠢᠬᠦ ᠮᠡᠳᠦ ᠶᠣᠰᠣ ᠦᠢᠯᠡ ᠳᠤ ᠲᠣᠯᠣᠭᠠᠢ ᠲᠣᠳᠠᠵᠣ ᠪᠣᠯᠳᠠᠭ ᠦᠭᠡᠢ ᠵᠠᠩᠰᠢᠯ ᠲᠠᠢ ᠪᠠᠶᠢᠳᠠᠭ᠃ ᠬᠠᠷᠢᠨ ︽ᠢᠮᠠᠭᠠᠨ ᠲᠣᠯᠣᠭᠠᠢ ᠶᠠᠮ ᠳᠤ ᠣᠷᠣᠬᠤ ᠦᠭᠡᠢ᠂ ᠶᠠᠩᠭᠠᠷᠴᠠᠭ ᠡᠮ᠎ᠡ ᠲᠦᠷᠦ ᠳᠤ ᠣᠷᠣᠬᠤ ᠦᠭᠡᠢ︾ ᠭᠡᠵᠣ ᠢᠮᠠᠭ᠎ᠠ ᠶᠢᠨ ᠲᠣᠯᠣᠭᠠᠢ ᠶᠢ ᠶᠣᠰᠣᠯᠠᠯ ᠦᠢᠯᠡ ᠳᠤ ᠣᠭᠲᠣ ᠬᠡᠷᠡᠭᠯᠡᠳᠡᠭ ᠦᠭᠡᠢ᠃ ᠮᠥᠨ ︽ᠭᠤᠷᠪᠠᠨ ᠬᠤᠴᠠ ᠶᠢᠨ ᠲᠣᠯᠣᠭᠠᠢ ᠨᠢᠭᠡ ᠬᠠᠶᠢᠰᠣᠨ ᠳᠤ ᠪᠠᠭᠳᠠᠬᠤᠰᠢ︾ ᠭᠡᠵᠣ ᠬᠡᠯᠡᠳᠡᠭ ᠪᠦᠭᠡᠳ ᠡᠨᠡ ᠦᠭᠡ ᠪᠠᠷ ᠲᠠᠮᠵᠢᠭᠤᠯᠣᠨ ᠡᠮᠣᠨ᠎ᠡ ᠡᠮᠣᠨ᠎ᠡ ᠪᠠᠨ ᠪᠠᠶ᠎ᠠ ᠮᠡᠳᠡᠭᠰᠡᠨ ᠬᠦᠮᠦᠰ ᠨᠢᠭᠡ ᠠᠶᠠᠭᠤ ᠪᠣᠯᠵᠣ ᠴᠢᠳᠠᠬᠤ ᠦᠭᠡᠢ ᠭᠡᠰᠡᠨ ᠣᠳᠬ᠎ᠠ ᠶᠢ ᠢᠯᠡᠳᠬᠡᠳᠡᠭ᠃     ᠡᠭᠦᠨ ᠠᠴᠠ ᠭᠠᠵᠠᠭ᠎ᠠ ᠭᠠᠭ᠋ᠠᠢ ᠶᠢᠨ ᠲᠣᠯᠣᠭᠠᠢ᠂ ᠵᠡᠭᠡᠷ᠎ᠡ ᠶᠢᠨ ᠲᠣᠯᠣᠭᠠᠢ ᠶᠢ ᠮᠦᠨ ᠢᠳᠡᠳᠡᠭ ᠪᠦᠭᠡᠳ ᠭᠠᠭ᠋ᠠᠢ ᠶᠢᠨ ᠲᠣᠯᠣᠭᠠᠢ ᠶᠢ ᠲᠡᠭᠡᠷᠡᠬᠢ ᠲᠠᠢ ᠠᠳᠠᠯᠢ ᠪᠠᠷ ᠪᠣᠯᠪᠠᠰᠣᠷᠠᠭᠤᠯᠵᠣ ᠢᠳᠡᠳᠡᠭ᠃ ᠬᠠᠷᠢᠨ ᠵᠡᠭᠡᠷ᠎ᠡ ᠶᠢᠨ ᠲᠣᠯᠣᠭᠠᠢ ᠶᠢ ᠭᠡᠷ ᠣᠷᠣᠨ ᠳᠤ ᠪᠠᠨ ᠠᠪᠴᠣ ᠢᠷᠡᠵᠣ ᠢᠳᠡᠳᠡᠭ ᠦᠭᠡᠢ᠂ ᠬᠡᠬᠡᠷ᠎ᠡ ᠠᠯᠠᠭᠰᠠᠨ ᠵᠡᠭᠡᠷ᠎ᠡ ᠪᠠᠨ ᠡᠪᠳᠡᠵᠣ ᠪᠣᠯᠣᠭᠠᠳ ᠭᠠᠯ ᠤᠨ ᠣᠷᠮ᠎ᠠ ︵ᠨᠣᠷᠮ᠎ᠠ︶ ᠶᠢ ᠪᠣᠯᠠᠵᠣ ᠢᠳᠡᠳᠡᠭ᠃ ᠮᠣᠷᠢᠨ ᠤ ᠲᠣᠯᠣᠭᠠᠢ᠂ ᠠᠩ ᠢᠮᠠᠭᠠᠨ ᠤ ᠲᠣᠯᠣᠭᠠᠢ᠂ ᠭᠤᠯᠵᠠ ᠶᠢᠨ ᠲᠣᠯᠣᠭᠠᠢ᠂ ᠪᠣᠭᠤ ᠮᠠᠷᠠᠯ ᠤᠨ ᠲᠣᠯᠣᠭᠠᠢ ᠮᠡᠳᠦ ᠶᠢ ᠶᠡᠷᠣ ᠨᠢ ᠢᠳᠡᠳᠡᠭ ᠦᠭᠡᠢ ᠬᠠᠷᠢᠨ ᠵᠣᠬᠢᠬᠤ ᠶᠣᠰᠣᠯᠠᠯ ᠦᠢᠯᠡ ᠶᠢ ᠨᠢ ᠬᠢᠵᠣ ᠬᠡᠬᠡᠷ᠎ᠡ ᠬᠠᠶᠠᠳᠠᠭ ᠵᠠᠩᠰᠢᠯ ᠲᠠᠢ ᠪᠠᠶᠢᠳᠠᠭ᠃            ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号