ᠣᠶᠢᠷᠠᠳ ᠮᠣᠩᠭᠤᠯ ᠤᠨ ᠡᠯᠢᠭᠡ ᠶᠢ ᠰᠢᠢᠳᠪᠦᠷᠢᠯᠡᠭᠦ ᠠᠷᠭ᠎ᠠ
ᠨᠡᠶᠢᠲᠡᠯᠡᠭᠰᠡᠨ ᠴᠠᠭ᠄
2020/12/23
        ᠮᠠᠯ ᠭᠠᠷᠭᠠᠭᠰᠠᠨ ᠤ ᠲᠠᠷᠠᠭ᠎ᠠ ᠲᠣᠳᠣᠷ ᠢᠶᠠᠨ ᠴᠢᠨᠠᠬᠤ ᠦᠶ᠎ᠡ ᠳᠤ ᠡᠯᠢᠭᠡ ᠶᠢ ᠴᠢᠨᠠᠳᠠᠭ ᠦᠭᠡᠢ ᠦᠯᠡᠳᠡᠭᠡᠵᠣ ᠲᠠᠯᠪᠢᠭᠠᠳ ᠬᠠᠶᠢᠰᠦ ᠲᠠᠢ ᠮᠢᠬᠠᠨ ᠪᠣᠯᠣᠭᠠᠳ ᠢᠷᠡᠬᠦ ᠠᠯᠳᠠᠨ ᠳᠤ ᠡᠯᠢᠭᠡ ᠪᠠᠨ ᠬᠢᠵᠣ ᠣᠷᠣᠭᠤᠯᠳᠠᠭ᠃ ᠡᠭᠦᠨ ᠤ ᠣᠴᠢᠷ ᠪᠣᠯᠪᠠᠯ ᠡᠯᠢᠭᠡ ᠨᠢ ᠲᠡᠩᠳᠡᠭᠦᠦ ᠪᠣᠯᠵᠣ ᠣᠷᠬᠢᠪᠠᠯ ᠬᠠᠳᠠᠭᠤ ᠪᠣᠯᠳᠠᠭ ᠮᠥᠷᠳᠡᠭᠡᠨ ᠢᠳᠡᠬᠦ ᠳᠤ ᠠᠮᠳᠠ ᠦᠭᠡᠢ ᠪᠣᠯᠳᠠᠭ ᠲᠣᠯᠠ ᠰᠢᠭᠦᠳᠡᠩᠭᠦᠢ ︵ᠰᠢᠭᠦᠷᠬᠡᠢ︶ ᠪᠠᠷ ᠭᠠᠷᠭᠠᠭᠠᠳ ᠴᠢᠨᠠᠭᠰᠠᠨ ᠴᠢᠴᠠᠷᠬᠠᠢ ᠪᠣᠶᠣ ᠰᠡᠮᠡᠵᠡᠨ ᠳᠤᠨᠢ ᠣᠷᠢᠶᠠᠵᠣ ᠢᠳᠡᠳᠡᠭ᠃
    ᠣᠶᠢᠷᠠᠳ ᠬᠦᠮᠦᠰ ᠡᠯᠢᠭᠡ ᠶᠢ ᠰᠢᠷᠠᠵᠣ ᠢᠳᠡᠳᠡᠭ ᠵᠠᠩᠰᠢᠯ ᠲᠠᠢ ᠪᠠᠶᠢᠳᠠᠭ᠃ ᠡᠭᠦᠨ ᠳᠤ ᠬᠤᠨᠢ ᠢᠮᠠᠭ᠎ᠠ ᠶᠢᠨ ᠡᠯᠢᠭᠡ ᠰᠢᠷᠠᠵᠣ ᠢᠳᠡᠬᠦ ᠪᠠᠷ ᠪᠠᠷᠠᠬᠤ ᠦᠭᠡᠢ ᠠᠩ ᠢᠮᠠᠭ᠎ᠠ᠂ ᠠᠷᠭᠠᠯᠢ ᠭᠤᠯᠵᠠ᠂ ᠵᠡᠭᠡᠷ᠎ᠡ ᠶᠢᠨ ᠡᠯᠢᠭᠡ ᠶᠢ ᠮᠦᠨ ᠰᠢᠷᠡᠵᠣ ᠢᠳᠡᠳᠡᠭ᠃ ᠡᠳᠡᠭᠡᠷ ᠠᠮᠢᠳᠠᠨ ᠤ ᠡᠯᠢᠭᠡ ᠶᠢ ᠰᠢᠷᠠᠵᠣ ᠢᠳᠡᠬᠦ ᠳᠡᠭᠡᠨ ᠰᠡᠮᠡᠵᠠ ᠲᠠᠢ ᠨᠢ ᠬᠠᠮᠲᠣ ᠰᠢᠷᠠᠳᠠᠭ ᠪᠦᠭᠡᠳ ᠲᠡᠭᠦᠨ ᠢ ᠪᠠᠨ ︽ᠰᠣᠭᠤᠵᠢ︾ ᠭᠡᠵᠣ ᠨᠡᠷᠡᠯᠡᠳᠡᠭ ᠶᠣᠮ᠃      ᠵᠡᠷᠢᠮ ᠨᠣᠳᠤᠭ ᠲᠤ ᠪᠣᠯᠪᠠᠯ ᠪᠠᠭ᠎ᠠ ᠬᠦᠪᠡᠭᠦᠳ ᠤᠨ ︽ᠦᠷᠪᠡᠯᠭᠡ ᠠᠪᠬᠤ ᠶᠣᠰᠣ︾ ᠬᠢᠬᠦ ᠦᠶ᠎ᠡ ᠳᠤ᠂ ᠬᠠᠷᠢ ᠳᠤ ᠭᠠᠷᠣᠭᠰᠠᠨ ᠬᠡᠣᠬᠡᠨ ᠤ ᠪᠠᠨ ᠵᠣᠬᠢᠰᠲᠠᠢ ᠦᠮᠴᠢ ᠶᠢ ᠨᠢ ᠰᠠᠯᠭᠠᠵᠣ ᠦᠭᠳᠡᠭ ᠵᠠᠩᠰᠢᠯ ᠪᠠᠶᠢᠳᠠᠭ ᠲᠣᠯᠠ ᠡᠨᠡ ᠶᠣᠰᠣᠯᠠᠯ ᠲᠡᠭᠡᠷ᠎ᠡ ᠭᠠᠷᠭᠠᠭᠰᠠᠨ ᠮᠠᠯ ᠤᠨ ᠢᠶᠠᠨ ᠡᠯᠢᠭᠡ᠂ ᠠᠭᠤᠰᠬᠢ᠂ ᠪᠦᠭᠡᠷ᠎ᠡ᠂ ᠵᠢᠷᠣᠬᠡ ᠶᠢ ᠨᠣᠳᠤᠭ ᠲᠤ ᠦᠵᠡᠭᠦᠯᠵᠣ ᠪᠠᠶᠢᠭᠠᠳ ᠲᠠᠳᠠᠵᠣ ᠰᠠᠯᠭᠠᠭᠠᠳ ᠬᠡᠣᠬᠡᠨ ᠨᠢ ᠡᠳᠡᠨ ᠤ ᠦᠮᠴᠢ ᠠᠴᠠ ᠪᠦᠷᠢᠨ ᠰᠠᠯᠵᠣ ᠬᠦᠮᠦᠨ ᠤ ᠬᠦᠮᠦᠨ ᠪᠣᠯᠣᠭᠰᠠᠨ ᠭᠡᠳᠡᠭ ᠢ ᠢᠯᠡᠳᠭᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号