ᠣᠶᠢᠷᠠᠳ ᠮᠣᠩᠭᠤᠯ ᠤᠨ ᠠᠭᠤᠰᠬᠢ ᠶᠢ ᠰᠢᠢᠳᠪᠦᠷᠢᠯᠡᠬᠦ ᠠᠷᠭ᠎ᠠ
ᠨᠡᠶᠢᠲᠡᠯᠡᠭᠰᠡᠨ ᠴᠠᠭ᠄
2020/12/23
        ᠰᠢᠭᠢᠷ᠎ᠡ ᠮᠠᠯ ᠤᠨ ᠠᠭᠤᠰᠬᠢ ᠶᠢ ᠮᠠᠯ ᠭᠠᠷᠭᠠᠭᠰᠠᠨ ᠤ ᠲᠠᠷᠠᠭ᠎ᠠ ᠪᠣᠰᠣᠩᠭᠢ ᠲᠣᠳᠣᠷ ᠮᠢᠬ᠎ᠠ ᠲᠠᠢ ᠪᠠᠨ ᠬᠠᠮᠲᠣ ᠴᠢᠨᠠᠵᠣ ᠭᠠᠷᠭᠠᠭᠠᠳ ᠴᠠᠪᠴᠢᠵᠣ ᠢᠳᠡᠬᠦ ᠶᠢᠨ ᠬᠠᠮᠲᠣ ᠪᠠᠰᠠ ᠴᠢᠰᠦ ᠶᠢ ᠨᠢ ᠭᠠᠷᠭᠠᠭᠰᠠᠨ ᠤ ᠲᠠᠷᠠᠭ᠎ᠠ ᠦᠯᠢᠶᠡᠵᠣ ᠬᠦᠭᠡᠯᠭᠡᠭᠡᠳ ᠲᠣᠳᠣᠷ᠎ᠠ ᠨᠢ ᠣᠰᠣᠨ ᠳᠤ ᠪᠠᠵᠠᠭᠠᠭᠰᠠᠨ ᠭᠤᠯᠢᠷ ᠤᠨ ᠰᠢᠭᠦᠰᠦ᠂ ᠲᠣᠰᠣ ᠪᠣᠶᠣ ᠳᠣᠳᠠᠭᠤ ᠴᠢᠨᠠᠭᠰᠠᠨ ᠲᠣᠳᠣᠷᠭ᠎ᠠ᠂ ᠦᠢᠷᠡᠮᠡᠭᠯᠡᠵᠣ ᠴᠠᠪᠴᠢᠭᠰᠠᠨ ᠵᠠᠷᠳᠡᠭ ᠢ ᠬᠠᠷ᠎ᠠ ᠲᠣᠰᠣ ᠬᠤᠯᠢᠵᠣ ᠪᠠᠭ᠎ᠠ ᠵᠡᠷᠭᠡ  ᠶᠢᠨ ᠲᠠᠪᠣᠰᠣ ᠲᠠᠯᠪᠢᠭᠠᠳ ᠮᠥᠭᠡᠷᠰᠦ ᠪᠠᠷ ᠨᠢ ᠴᠢᠳᠬᠤᠵᠣ ᠣᠷᠣᠭᠤᠯᠣᠭᠠᠳ ᠴᠢᠨᠠᠵᠣ ᠪᠣᠯᠭᠤᠭᠠᠳ ᠢᠳᠡᠳᠡᠭ ᠪᠠᠶᠢᠯ᠎ᠠ᠃
    ᠡᠶᠢᠭᠡᠵᠣ ᠠᠭᠤᠰᠬᠢ ᠰᠢᠢᠳᠪᠦᠷᠢᠯᠡᠬᠦ ᠦᠢᠯᠡ ᠪᠠᠨ ᠭᠠᠵᠠᠷ ᠭᠠᠵᠠᠷ ᠤᠨ ᠬᠦᠮᠦᠰ ᠠᠳᠠᠯᠢ ᠦᠭᠡᠢ ᠨᠡᠷᠡᠯᠡᠳᠡᠭ ᠪᠦᠭᠡᠳ ︽ᠠᠭᠤᠰᠬᠢ ᠲᠦᠭᠦᠷᠭᠡᠬᠦ︾᠂ ︽ᠠᠭᠤᠰᠬᠢ ᠴᠢᠳᠬᠤᠬᠤ︾᠂ ︽ᠠᠭᠤᠰᠬᠢ ᠬᠦᠭᠡᠯᠭᠡᠬᠦ︾᠂ ︽ᠦᠪᠬᠢ︾ ᠭᠡᠬᠦ ᠮᠡᠲᠣ ᠪᠠᠷ ᠬᠡᠯᠡᠳᠡᠭ᠃ ᠭᠡᠮᠡᠷ ᠭᠠᠷᠭᠠᠭᠰᠠᠨ ᠮᠠᠯ ᠤᠨ ᠠᠭᠤᠰᠬᠢ ᠨᠢ ᠪᠠᠭ᠎ᠠ ᠰᠠᠭ᠎ᠠ ᠭᠡᠮ ᠲᠠᠢ ᠪᠣᠯᠪᠠᠯ ᠲᠡᠭᠦᠨ  ᠢ ᠨᠢ ᠡᠷᠭᠢᠭᠦᠯᠦᠨ ᠠᠪᠴᠣ ᠬᠠᠶᠠᠭᠠᠳ ᠴᠢᠨᠠᠳᠠᠭ ᠪᠠ ᠲᠠᠷᠠ ᠬᠡᠪ ᠲᠡᠭᠡᠨ ᠭᠡᠮ ᠡᠪᠡᠳᠴᠢᠨ ᠳᠤ ᠨᠡᠷᠪᠡᠭᠳᠡᠭᠰᠡᠨ ᠶᠣᠮ ᠪᠣᠯᠪᠠᠯ ᠲᠡᠭᠦᠨ ᠢ ᠢᠳᠡᠬᠦ ᠦᠭᠡᠢ ᠪᠠᠷ ᠨᠣᠬᠠᠢ ᠳᠠᠭᠠᠨ ᠦᠭᠴᠦ ᠦᠭᠴᠣ ᠣᠷᠬᠢᠬᠤ ᠪᠣᠶᠣ ᠬᠠᠶᠠᠵᠣ ᠣᠷᠬᠢᠳᠠᠭ ᠪᠠᠶᠢᠯ᠎ᠠ᠃
    ᠣᠶᠢᠷᠠᠳ ᠬᠦᠮᠦᠰ ᠠᠭᠤᠰᠬᠢ ᠨᠢ ᠲᠡᠮᠡᠢ ᠴᠦ ᠰᠠᠶᠢᠨ ᠮᠢᠬ᠎ᠠ ᠪᠢᠰᠢ ᠭᠡᠵᠣ ᠦᠵᠡᠳᠡᠭ ᠪᠣᠯᠪᠠᠴᠣ ᠲᠡᠭᠦᠨ ᠢ ᠬᠠᠶᠠᠳᠠᠭ ᠦᠭᠡᠢ ᠵᠠᠩᠰᠢᠯ ᠲᠠᠢ ᠪᠠᠶᠢᠳᠠᠭ᠃ ᠠᠭᠤᠰᠬᠢ ᠨᠢ ᠶᠠᠮᠠᠷ ᠨᠢᠭᠡᠨ ᠶᠣᠰᠣᠨ ᠶᠠᠪᠣᠳᠠᠯ ᠤᠨ ᠮᠢᠬᠠᠨ ᠠᠴᠠ ᠲᠣᠳᠠᠵᠣ ᠪᠣᠯᠳᠠᠭ ᠦᠭᠡᠢ ᠪᠦᠭᠡᠳ ᠢᠯᠡᠩᠭᠤᠶ᠎ᠠ ᠪᠦᠬᠦᠯᠢ ᠬᠤᠨᠢᠨ ᠤ ᠮᠢᠬᠠᠨ ᠣᠳᠬᠤ ᠬᠤᠷᠢᠮ ᠭᠡᠶᠢᠴᠢ ᠶᠢᠨ ᠶᠣᠰᠣᠨ ᠳᠤ ᠲᠣᠳᠠᠭᠠᠯ ᠦᠭᠡᠢ ᠠᠪᠴᠣ ᠣᠳᠳᠠᠭ᠃ ᠡᠭᠦᠨ ᠠᠴᠠ ᠭᠠᠵᠠᠭ᠎ᠠ ᠪᠠᠰᠠ ︽ᠮᠠᠩᠭᠠᠳᠤᠷ ᠤᠨ ᠦᠭᠡᠭᠦᠨ  ᠠᠴᠠ ᠦᠨᠦᠳᠦᠷ ᠤᠨ ᠠᠭᠤᠰᠬᠢ ᠲᠡᠭᠡᠷ᠎ᠡ︾ ᠭᠡᠳᠡᠭ ᠲᠡᠷᠣᠰᠢᠯᠭᠠᠲᠣ ᠦᠭᠡ ᠶᠢ ᠪᠠᠶᠢᠩᠭᠤ ᠬᠡᠯᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号