ᠣᠶᠢᠷᠠᠳ ᠮᠣᠩᠭᠤᠯ ᠤᠨ ᠭᠦᠵᠡᠭᠡ ᠶᠢ ᠰᠢᠢᠳᠪᠦᠷᠢᠯᠡᠬᠦ ᠠᠷᠭ᠎ᠠ
ᠨᠡᠶᠢᠲᠡᠯᠡᠭᠰᠡᠨ ᠴᠠᠭ᠄
2020/12/23
        ᠦᠭᠡᠷ᠂ ᠬᠤᠨᠢ᠂ ᠢᠮᠠᠭ᠎ᠠ ᠵᠡᠷᠭᠡ ᠮᠠᠯ ᠢ ᠭᠠᠷᠭᠠᠬᠤ ᠦᠶ᠎ᠡ ᠳᠤ ᠭᠦᠵᠡᠭᠡ ᠶᠢ ᠨᠢ ᠠᠪᠴᠣ ᠰᠠᠪᠠᠰᠦ ᠶᠢ  ᠨᠢ ᠠᠰᠬᠠᠵᠣ ᠬᠠᠶᠠᠭᠠᠳ ᠰᠠᠶᠢᠳᠣᠷ ᠤᠬᠢᠶᠠᠵᠣ ᠴᠡᠪᠡᠷᠯᠡᠳᠡᠭ᠃ ᠠᠯᠠᠭᠰᠠᠨ ᠮᠠᠯ ᠤᠨ ᠭᠦᠵᠡᠭᠡ ᠶᠢ ᠭᠠᠷᠭᠠᠵᠣ ᠠᠪᠣᠭᠠᠳ ᠰᠠᠪᠡᠰᠦ ᠶᠢ ᠨᠢ ᠠᠰᠬᠠᠵᠣ ᠬᠦᠢᠳᠡᠨ ᠣᠰᠣ ᠪᠠᠷ ᠴᠣᠬᠢᠭᠤᠯᠣᠨ ᠲᠣᠳᠣᠷ᠎ᠠ ᠨᠢ ᠪᠣᠴᠠᠯᠣᠮ᠎ᠡ ᠬᠠᠯᠠᠭᠤᠨ ᠣᠰᠣ ᠬᠢᠵᠣ ᠨᠠᠭᠠᠷᠣ ᠴᠠᠭᠠᠷᠣ ᠵᠠᠶᠢᠯᠵᠣ ᠠᠰᠬᠠᠭᠠᠳ ᠭᠡᠳᠡᠷᠭᠦ ᠭᠦᠯᠪᠡᠷᠢᠭᠦᠯᠦᠨ ᠨᠣᠣᠰᠣ ᠶᠢ ᠨᠢ ᠬᠢᠳᠤᠭ᠎ᠠ ᠪᠠᠷ ᠬᠤᠰᠣᠵᠣ ᠬᠠᠶᠠᠳᠠᠭ᠃ ᠡᠶᠢᠭᠡᠭᠰᠡᠨ ᠤ ᠲᠠᠷᠠᠭ᠎ᠠ ᠲᠠᠬᠢᠨ ᠪᠦᠯᠢᠶᠠᠨ ᠣᠰᠣ ᠪᠠᠷ ᠰᠠᠶᠢᠳᠦᠷ ᠣᠬᠢᠶᠠᠵᠣ ᠬᠡᠳᠦᠨ ᠬᠡᠰᠡᠭ ᠪᠣᠯᠭᠠᠵᠣ ᠪᠣᠰᠣᠩᠬᠢ ᠲᠣᠳᠣᠷ ᠮᠢᠬ᠎ᠠ ᠲᠠᠢ ᠪᠠᠨ ᠬᠠᠮᠲᠣ ᠴᠢᠨᠠᠳᠠᠭ᠃
    ᠭᠡᠮᠡᠷ ᠡᠪᠣᠯ ᠤᠨ ᠢᠳᠡᠰᠢ ᠳᠤ ᠭᠠᠷᠭᠠᠭᠰᠠᠨ ᠰᠢᠬᠢᠷ᠎ᠡ ᠮᠠᠯ ᠤᠨ ᠮᠢᠬ᠎ᠠ ᠶᠢ ᠭᠦᠵᠡᠭᠡᠨ ᠳᠤᠨᠢ ᠲᠦᠷᠦᠵᠣ ᠬᠠᠳᠠᠭᠠᠯᠠᠬᠤ ᠵᠣᠷᠢᠯᠭ᠎ᠠ ᠲᠠᠢ ᠪᠠᠶᠢᠪᠠᠯ ᠠᠯᠭᠰᠠᠨ ᠮᠠᠯ ᠤᠨ ᠢᠶᠠᠨ ᠭᠦᠵᠡᠭᠡ ᠶᠢ ᠮᠦᠨ ᠲᠣᠣᠷ᠎ᠠ ᠨᠢ ᠣᠬᠢᠶᠠᠵᠣ ᠴᠡᠪᠡᠷᠯᠡᠭᠡᠳ᠂ ᠨᠣᠣᠰᠣ ᠲᠠᠢ ᠲᠠᠯ᠎ᠠ ᠪᠣᠶᠣ ᠲᠤᠳᠣᠷ᠎ᠠ ᠲᠠᠯ᠎ᠠ ᠶᠢ ᠨᠢ ᠭᠠᠵᠠᠭ᠎ᠠ ᠨᠢ ᠭᠠᠷᠭᠠᠵᠣ᠂ ᠦᠶᠡᠴᠢᠯᠡᠨ ᠰᠠᠯᠭᠠᠵᠣ ᠡᠪᠳᠡᠶᠢᠯᠡᠭᠰᠡᠨ ᠭᠠᠳᠠᠷ ᠮᠢᠬ᠎ᠠ ᠪᠠᠨ ᠲᠣᠳᠣᠷ᠎ᠠ ᠨᠢ ᠲᠦᠷᠦᠵᠣ ᠠᠮᠠ ᠶᠢ ᠨᠢ ᠪᠣᠭᠤᠭᠠᠳ ᠬᠦᠷᠦᠭᠡᠭᠡᠵᠣ ᠬᠠᠳᠠᠭᠠᠯᠠᠳᠠᠭ ᠪᠠᠶᠢᠯ᠎ᠠ᠃ ᠵᠣᠨ ᠨᠠᠮᠣᠷ ᠤᠨ ᠴᠠᠭ ᠲᠤ ᠪᠣᠯᠪᠠᠯ ᠰᠢᠷ᠎ᠠ ᠲᠣᠰᠣ ᠭᠦᠵᠡᠭᠡᠯᠡᠬᠦ ᠶᠠᠪᠣᠳᠠᠯ ᠪᠠᠶᠢᠳᠠᠭ ᠲᠣᠯᠠ ᠵᠠᠷᠢᠮ ᠠᠶᠢᠯ ᠭᠦᠵᠡᠭᠡ ᠪᠠᠨ ᠣᠬᠢᠶᠠᠵᠣ ᠴᠡᠪᠡᠷᠯᠡᠭᠡᠳ ᠦᠯᠡᠳᠡᠭᠡᠵᠣ ᠠᠪᠣᠭᠠᠳ ᠨᠣᠣᠰᠣᠲᠠᠢ ᠪᠠᠶ᠎ᠠ ᠶᠢ ᠨᠢ ᠭᠠᠳᠠᠭᠰᠢ ᠬᠠᠷᠠᠭᠤᠯᠣᠨ ᠲᠣᠳᠣᠷ᠎ᠠ ᠨᠢ ᠰᠢᠷ᠎ᠠ ᠲᠣᠰᠣ ᠪᠠᠨ ᠬᠢᠵᠣ ᠬᠠᠳᠠᠭᠠᠯᠠᠳᠠᠭ᠃ ᠵᠠᠷᠢᠮ ᠠᠶᠢᠯ ᠮᠦᠨ ᠲᠡᠭᠡᠷᠡᠬᠢ ᠲᠠᠢ ᠠᠳᠠᠯᠢ ᠪᠠᠷ ᠭᠦᠵᠡᠭᠡᠨ ᠳᠤ ᠢᠪᠢᠯᠴᠡ ᠬᠢᠵᠣ ᠴᠣᠭᠯᠠᠭᠤᠯᠳᠠᠭ ᠪᠠ ᠠᠶᠢᠷᠠᠭ ᠢᠶᠠᠨ ᠪᠦᠯᠢᠬᠦ ᠦᠶ᠎ᠡ ᠳᠤ ᠲᠡᠷᠡ ᠢᠪᠢᠯᠴᠡ ᠪᠠᠨ ᠲᠡᠭᠡᠷ᠎ᠡ   ᠨᠢ ᠬᠢᠵᠣ ᠲᠣᠰᠣ ᠪᠣᠯᠭᠠᠵᠣ ᠠᠪᠳᠠᠭ᠃
    ᠭᠦᠵᠡᠭᠡ ᠶᠢ ᠲᠡᠭᠡᠷᠡᠬᠢ ᠮᠡᠳᠦ ᠡᠳ᠋ᠯᠡᠬᠦ ᠠᠴᠠ ᠭᠠᠵᠠᠭ᠎ᠠ ᠡᠮᠴᠢᠯᠡᠭᠡ ᠳᠤ ᠮᠥᠨ ᠬᠡᠷᠡᠭᠯᠡᠳᠡᠭ ᠪᠠᠶᠢᠯ᠎ᠠ᠃ ᠡᠭᠦᠨ  ᠳᠤ ᠬᠦᠪᠡᠭᠦᠳ ᠤᠨ ᠰᠠᠪᠠ ︵ᠬᠡᠪᠡᠯᠢ︶ ᠳᠤ ᠬᠡᠢ ᠰᠠᠯᠬᠢᠨ ᠰᠠᠭᠤᠭᠰᠠᠨ ᠪᠦᠰᠡᠭᠦᠢ ᠬᠦᠮᠦᠨ ᠳᠤ ᠬᠦᠵᠡᠭᠡ ᠲᠡᠪᠡᠷᠢᠭᠦᠯᠬᠦ ᠪᠠ ᠭᠦᠵᠡᠭᠡᠨ ᠲᠡᠭᠡᠷ᠎ᠡ ᠰᠠᠭᠤᠯᠭᠠᠬᠤ ᠡᠮᠴᠢᠯᠡᠭᠡ ᠬᠢᠳᠡᠭ᠃ ᠡᠨᠡ   ᠨᠢ ᠬᠤᠨᠢ ᠶᠢ ᠠᠯᠠᠭᠰᠠᠨ ᠤ ᠲᠠᠷᠠᠭ᠎ᠠ ᠬᠦᠵᠡᠭᠡ ᠶᠢ ᠨᠢ ᠬᠠᠯᠠᠭᠤᠨ ᠢᠶᠠᠷ ᠨᠢ ᠪᠦᠬᠦᠯᠢ ᠳᠤᠨᠢ ᠠᠪᠴᠤ ᠡᠮᠨᠡᠭᠦᠯᠬᠦ ᠪᠠᠷ ᠪᠠᠶᠢᠬᠤ ᠪᠦᠰᠡᠭᠦᠢ ᠳᠤ ᠲᠡᠪᠡᠷᠢᠭᠦᠯᠵᠤ ᠰᠠᠭᠤᠯᠭᠠᠬᠤ ᠶᠢ ᠬᠡᠯᠡᠳᠡᠭ᠃ ᠡᠶᠢᠭᠡᠬᠦ ᠳᠡᠭᠡᠨ ᠭᠡᠷ ᠢ ᠳᠣᠯᠠᠭᠠᠯᠠᠵᠣ ᠡᠮᠴᠢᠯᠡᠭᠦᠯᠬᠦ ᠪᠦᠰᠡᠭᠦᠢ ᠶᠢᠨ ᠪᠠᠶ᠎ᠠ ᠶᠢ ᠬᠦᠨᠵᠢᠯᠡ  ᠪᠠᠷ ᠣᠷᠢᠶᠠᠵᠣ ᠣᠷᠬᠢᠳᠠᠭ᠃ ᠡᠰᠡᠪᠡᠯ ᠰᠠᠯᠬᠢ ᠠᠪᠣᠪᠠᠯ ᠡᠮᠴᠢᠯᠡᠭᠡ ᠶᠢᠨ ᠦᠷ᠎ᠡ ᠳ᠋ᠦᠩ ᠮᠠᠭᠤ ᠪᠣᠯᠳᠠᠭ ᠲᠣᠯᠠ ᠲᠣᠯᠣᠭᠠᠢ ᠲᠦᠷᠦᠭᠦᠦ ᠪᠠᠨ ᠳᠣᠯᠠᠭᠠᠯᠠᠨ ᠵᠣᠵᠠᠭᠠᠨ ᠰᠢᠭ᠋ ᠬᠤᠪᠴᠠᠰᠤ ᠡᠮᠣᠰᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号