ᠣᠶᠢᠷᠠᠳ ᠮᠣᠩᠭᠤᠯ ᠤᠨ ᠴᠠᠭᠠᠨ ᠮᠢᠬ᠎ᠠ ᠴᠢᠬᠢᠬᠦ ᠠᠷᠭ᠎ᠠ
ᠨᠡᠶᠢᠲᠡᠯᠡᠭᠰᠡᠨ ᠴᠠᠭ᠄
2020/12/23
        ᠭᠠᠷᠭᠠᠭᠰᠠᠨ ᠰᠢᠬᠢᠷ᠎ᠡ ᠮᠠᠯ ᠤᠨ ᠭᠡᠳᠡᠰᠦ ᠲᠣᠳᠣᠷ ᠢ ᠭᠠᠷᠭᠠᠵᠣ ᠠᠪᠬᠤ ᠳᠠᠭᠠᠨ ᠴᠠᠭᠠᠨ ᠮᠢᠬ᠎ᠠ ︵ᠠᠪᠢᠳ ︶ ᠶᠢ ᠨᠢ ᠲᠠᠯ᠎ᠠ ᠳᠤᠨᠢ ᠠᠪᠣᠭᠠᠳ ᠲᠣᠳᠣᠷ᠎ᠠ ᠨᠢ ᠬᠤᠷᠭᠤᠰᠣ ᠲᠠᠢ ᠪᠣᠯᠪᠠᠯ ᠨᠢᠭᠡ ᠲᠠᠯ᠎ᠠ ᠠᠴᠠ ᠨᠢ ᠦᠯᠢᠶᠡᠵᠣ ᠬᠡᠢ ᠣᠷᠣᠭᠤᠯᠣᠨ ᠲᠡᠯᠡᠵᠣ ᠪᠠᠶᠢᠭᠠᠳ ᠬᠤᠷᠭᠤᠰᠣ ᠶᠢ ᠨᠢ ᠨᠢᠭᠡ ᠲᠠᠯ᠎ᠠ ᠨᠢ ᠬᠤᠷᠢᠶᠠᠵᠣ ᠢᠷᠡᠭᠡᠳ ᠭᠠᠷᠭᠠᠵᠣ ᠬᠠᠶᠠᠳᠠᠭ᠃ ᠡᠶᠢᠭᠡᠭᠰᠡᠨ ᠤ ᠲᠠᠷᠠᠭ᠎ᠠ ᠦᠷᠦᠴᠡ ᠶᠢᠨ ᠪᠣᠷᠣ ᠮᠢᠬᠠᠨ ︵ᠠᠪᠢᠳ︶ ᠶᠢ ᠨᠢ ᠲᠠᠯ᠎ᠠ ᠳᠤᠨᠢ ᠠᠪᠣᠭᠠᠳ ᠲᠣᠳᠣᠷ᠎ᠠ ᠨᠢ ᠬᠤᠷᠭᠤᠰᠣ ᠲᠠᠢ ᠪᠣᠯᠪᠠᠯ ᠨᠢᠭᠡ ᠲᠠᠯ᠎ᠠ ᠠᠴᠠ ᠨᠢ ᠦᠯᠢᠶᠡᠵᠣ ᠬᠡᠢ ᠣᠷᠣᠭᠤᠯᠣᠨ ᠲᠡᠯᠡᠵᠣ ᠪᠠᠶᠢᠭᠠᠳ ᠬᠤᠷᠭᠤᠰᠣ ᠶᠢ  ᠨᠢ ᠨᠢᠭᠡ ᠲᠡᠯ᠎ᠡ ᠨᠢ ᠬᠤᠷᠢᠶᠠᠵᠣ ᠢᠷᠡᠭᠡᠳ ᠭᠠᠷᠭᠠᠵᠣ ᠬᠠᠶᠠᠳᠠᠭ᠃
ᠡᠶᠢᠭᠡᠭᠰᠡᠨ ᠤ ᠲᠠᠷᠠᠭ᠎ᠠ ᠦᠷᠦᠴᠡ ᠶᠢᠨ ᠪᠣᠷᠣ ᠮᠢᠬᠠᠨ ︵ᠦᠷᠦ ᠮᠢᠬᠠᠨ︶᠂ ᠰᠠᠶᠢᠨ ᠰᠠᠩᠭᠢᠷᠴᠠᠭ ᠬᠤᠶᠠᠷ ᠢ ᠡᠷᠭᠢᠭᠦᠯᠦᠨ ᠨᠠᠷᠢᠨ ᠢᠶᠠᠷ ᠴᠣᠪᠣᠵᠣ ᠵᠦᠰᠦᠭᠡᠳ ᠲᠡᠭᠡᠷ᠎ᠡ ᠨᠢ ᠪᠦᠲᠦᠭᠦᠨ ᠭᠡᠳᠡᠰᠦ ᠪᠣᠶᠣ ᠬᠤᠳᠣᠷᠬᠠᠢ ᠶᠢ ᠵᠦᠰᠦᠵᠣ ᠪᠠᠭ᠎ᠠ ᠵᠡᠷᠭᠡ ᠶᠢᠨ ᠲᠠᠪᠣᠰᠣ ᠴᠠᠴᠤᠵᠤ᠂ ᠲᠡᠳᠡᠭᠡᠷ ᠢ ᠪᠠᠨ ᠬᠠᠮᠲᠣ ᠳᠤᠨᠢ ᠴᠠᠭᠠᠨ ᠮᠢᠬᠠᠨ ᠤ ᠨᠠᠷᠢᠨ ᠲᠣᠯᠣᠭᠠᠢ ᠠᠴᠠ ᠬᠦᠯᠪᠡᠷᠢᠭᠦᠯᠦᠨ ᠴᠢᠬᠢᠵᠣ ᠣᠷᠣᠭᠤᠯᠳᠠᠭ᠃
    ᠴᠠᠭᠠᠨ ᠮᠢᠬ᠎ᠠ ᠶᠢ ᠴᠢᠬᠢᠵᠣ ᠪᠣᠯᠣᠭᠰᠠᠨ ᠤ ᠲᠠᠷᠠᠭ᠎ᠠ ᠰᠢᠭᠤᠳ ᠭᠡᠳᠡᠰᠦ ᠲᠣᠳᠣᠷ ᠲᠠᠢ ᠪᠠᠨ ᠬᠠᠮᠲᠣ ᠴᠢᠨᠠᠬᠤ ᠪᠣᠶᠣ ᠡᠰᠡᠭᠡᠵᠣ ᠦᠯᠡᠳᠡᠭᠡᠵᠣ ᠲᠠᠯᠪᠢᠭᠠᠳ ᠲᠣᠯᠣᠭᠠᠢ ᠰᠢᠭᠢᠷ᠎ᠡ ᠪᠠᠨ ᠴᠢᠨᠠᠬᠤ ᠦᠶ᠎ᠡ ᠳᠤ ᠬᠠᠮᠲᠣ ᠴᠢᠨᠠᠵᠣ ᠬᠦᠴᠡ ᠬᠢᠳᠡᠭ᠃ ᠴᠠᠭᠠᠨ ᠮᠢᠬ᠎ᠠ ᠶᠢ ᠢᠳᠡᠬᠦ ᠦᠶ᠎ᠡ ᠳᠤ ᠲᠡᠭᠦᠨ ᠤ ᠲᠣᠯᠣᠭᠠᠢ ᠶᠢ ᠡᠷ᠎ᠡ ᠬᠦᠢᠰᠦᠲᠠᠢ ᠬᠦᠮᠦᠨ ᠢᠳᠡᠬᠦ ᠶᠢ ᠴᠡᠭᠡᠷᠯᠡᠳᠡᠭ ᠵᠠᠩᠰᠢᠯ ᠲᠠᠢ ᠪᠠᠶᠢᠳᠠᠭ ᠪᠠ ᠵᠠᠷᠢᠮ ᠨᠢ ᠭᠠᠯ ᠳᠤ ᠡᠷᠭᠦᠵᠤ ᠣᠷᠬᠢᠳᠠᠭ᠃     ᠴᠠᠭᠠᠨ ᠮᠢᠬ᠎ᠠ ᠶᠢ ᠮᠥᠨ ᠲᠣᠮ ᠳᠤ ᠬᠡᠷᠡᠭᠯᠡᠳᠡᠭ ᠵᠠᠩᠰᠢᠯ ᠪᠠᠶᠢᠳᠠᠭ᠃ ᠡᠭᠦᠨ ᠳᠤ ᠪᠠᠭ᠎ᠠ ᠬᠦᠪᠡᠭᠦᠳ ᠲᠣᠯᠣᠭᠠᠨ ᠨᠠᠢᠮᠠᠨ ᠨᠠᠰᠣ ᠬᠦᠷᠳᠡᠯ᠎ᠡ ᠪᠠᠨ ᠬᠡᠯᠡᠨ ᠳᠤ ᠣᠷᠣᠬᠤ ᠦᠭᠡᠢ ᠶᠣᠮ ᠪᠣᠯᠪᠠᠯ ᠲᠦᠭᠦᠬᠡᠢ ᠴᠠᠭᠠᠨ ᠮᠢᠬ᠎ᠠ ᠶᠢ ᠪᠠᠶ᠎ᠠ ᠳᠤᠨᠢ ᠭᠤᠷᠪᠠ ᠣᠷᠢᠶᠠᠵᠣ ᠪᠦᠰᠡᠯᠡᠭᠦᠯᠦᠭᠡᠳ ᠲᠣᠮ ᠬᠢᠳᠡᠭ ᠪᠠ ᠵᠠᠷᠢᠮ ᠪᠠᠶᠢᠳᠠᠯ ᠳᠤ ︽ᠴᠠᠭᠠᠨ ᠮᠢᠬ᠎ᠠ ᠡᠮᠬᠦᠬᠦᠯᠬᠦ︾ ᠲᠣᠮ ᠭᠢᠳᠡᠭ ᠪᠠᠶᠢᠯ᠎ᠠ᠃ ᠴᠠᠭᠠᠨ ᠮᠢᠬ᠎ᠠ ᠡᠮᠬᠦᠬᠦᠯᠬᠦ ᠭᠡᠳᠡᠭ ᠨᠢ ᠴᠠᠭᠠᠨ ᠮᠢᠬᠠᠨ ᠤ ᠨᠢᠭᠡ ᠦᠵᠦᠭᠦᠷ ᠢ  ᠪᠠᠭ᠎ᠠ ᠬᠦᠪᠡᠭᠦᠨ ᠳᠤ ᠪᠠᠷᠢᠭᠤᠯᠵᠣ᠂ ᠨᠦᠭᠦᠭᠡ ᠲᠠᠯ᠎ᠠ ᠠᠴᠠ ᠨᠢ ᠬᠦᠳᠦᠯᠦᠭᠡᠳ ᠭᠡᠷ ᠢ ᠲᠣᠭᠤᠷᠢᠭᠤᠯᠣᠨ ᠡᠷᠬᠢᠵᠣ ᠲᠣᠮ ᠬᠢᠬᠦ ᠶᠢ ᠬᠡᠯᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号