︽ᠪᠢ︾ ᠬᠡᠮᠡᠭᠴᠢ ᠡᠪᠡᠳᠴᠢᠨ
ᠨᠡᠶᠢᠲᠡᠯᠡᠭᠰᠡᠨ ᠴᠠᠭ᠄
2020/12/3
ᠵᠡᠭᠦᠨᠭᠠᠷ ᠪᠤᠶᠠᠨᠪᠠᠲᠤ︽ᠪᠢ︾ ᠬᠡᠮᠡᠬᠦ ᠡᠪᠡᠳᠴᠢᠨ ᠳᠤ ᠰᠠᠨᠠᠭ᠎ᠠ ᠲᠠᠢ ᠰᠠᠨᠠᠭ᠎ᠠ ᠦᠭᠡᠢ ᠨᠡᠷᠪᠡᠭᠳᠡᠭᠰᠡᠡ ᠬᠦᠮᠦᠨ ᠤᠳᠤ ᠤᠴᠢᠷ ᠲᠤᠶᠢᠮᠦ ᠦᠭᠡᠢ ᠤᠯᠠᠠ ᠪᠤᠯᠵᠦ ᠪᠠᠶᠢᠭ᠎ᠠ ᠪᠤᠶᠦ ᠤᠯᠠᠮ ᠠᠴᠠ ᠤᠯᠠᠮ ᠦᠰᠦᠨ ᠪᠤᠵᠠᠭᠠᠶᠢᠷᠠᠭᠰᠠᠭᠠᠷ ᠪᠠᠶᠢᠨ᠎ᠠ᠃ᠡᠨᠡ ᠡᠪᠡᠳᠴᠢᠨ ᠤ ᠡᠬᠢ ᠨᠢ ᠴᠤᠬᠤᠮ ᠶᠠᠭᠤ ᠶᠤᠮ ᠪᠤᠯ  ︖  ᠴᠤᠬᠤᠮ ᠭᠡᠵᠢᠶ᠎ᠠ ᠠᠴᠠ ᠡᠭᠦᠰᠦᠯᠳᠡᠢ ᠶᠤᠮ ᠪᠣᠯ ᠡ︖ ᠮᠤᠯᠬᠢ ᠪᠢ ᠪᠠᠷ ᠰᠢᠨᠵᠢᠭᠡᠳ ᠪᠠᠶᠢᠬᠤ ᠳᠤ᠂ ᠡᠨᠡ ᠡᠪᠡᠳᠴᠢᠨ ᠠᠮᠢ ᠪᠠᠨ ᠬᠤᠬᠤᠶᠢᠯᠠᠭᠰᠠᠠ ᠲᠤᠬᠠᠶᠢᠯᠠᠪᠠᠯ ᠠᠮᠢᠨᠴᠢᠷ ᠦᠵᠡᠯ ᠠᠴᠠ ᠤᠭᠰᠢᠯ ᠭᠠᠷᠤᠯ ᠲᠠᠢ ᠪᠠᠶᠢᠬᠤ ᠮᠡᠳᠣ᠃ ᠬᠦᠮᠦᠨ ᠲᠦᠷᠦᠯᠬᠢᠳᠡᠡ ᠤ ᠲᠤᠳᠤᠭᠠᠳᠤ ᠮᠥᠨ ᠴᠢᠨᠡᠷ ᠲᠤ ᠪᠤᠭᠰᠢᠨ ᠡᠭᠦᠷᠯᠡᠭᠡᠳ ᠨᠠᠭᠠᠳᠤ ᠵᠠᠬ᠎ᠠ ᠳᠠᠭᠠᠨ ᠬᠡᠳᠦᠨ ᠮᠢᠩᠭᠠᠠ ᠵᠢᠯ ᠢ ᠡᠯᠡᠭᠡᠭᠰᠡᠡ ᠪᠤᠯᠪᠠ ᠤᠤ᠃ ᠲᠡᠦᠬᠡᠡ ᠰᠤᠷᠪᠤᠯᠵᠢ ᠶᠢ ᠰᠡᠬᠦᠵᠦ ᠦᠵᠡᠪᠡᠯ᠂ ᠪᠠᠷᠤᠭ ᠪᠠᠯᠠᠷ ᠡᠷᠳᠡᠡ ᠤ ᠰᠡᠭᠦᠯᠡᠷ ᠤᠪᠤᠭ ᠲᠦᠷᠦᠯ ᠤᠨ ᠬᠦᠢ ᠨᠢᠭᠡᠳᠦᠯ ᠤᠨ ᠦᠶ᠎ᠡ ᠶᠢᠨ ᠠᠷᠠᠢ ᠡᠷᠳᠡᠬᠡᠡ ᠰᠢᠭ ︽ᠰᠡᠬᠡᠬᠡᠷᠡᠵᠦ ᠤᠬᠠᠭᠠᠷᠠᠭᠰᠠᠠ︾ ᠵᠠᠷᠢᠮ ᠬᠦᠮᠦᠰ ᠬᠤᠪᠢᠨ ᠎ ᠳᠠᠭᠠᠨ ᠶᠠᠭᠤᠮ᠎ᠠ ᠵᠠᠪᠰᠢᠬᠤ ᠶᠢ ᠮᠡᠳᠡᠳᠡᠭ ᠪᠤᠯᠤᠭᠰᠠᠠ ᠪᠦᠭᠡᠳ ᠲᠡᠷᠡ ᠪᠢᠳᠡᠬᠡᠢ ᠬᠡᠯᠡ ᠪᠦᠷ ᠲᠡᠭᠦᠨ ᠳᠡᠭᠡᠨ ᠠᠮᠳᠠᠰᠢᠨ ᠰᠢᠨᠤᠬᠤ ᠪᠤᠯᠤᠭᠰᠠᠠ ᠲᠡᠷᠡ ᠯᠡ ᠦᠶ᠎ᠡ ᠱᠠᠳᠤ ᠠᠴᠠ ᠦᠷ᠎ᠡ ᠬᠦᠪᠦᠷᠡᠯ ᠨᠢ ᠲᠠᠯᠪᠢᠭᠳᠠᠭᠰᠠᠠ ᠶᠤᠮ ᠰᠢᠭ᠋ ᠪᠠᠶᠢᠭ᠎ᠠ ᠶᠤᠮ᠃ ᠲᠡᠭᠦᠨ ᠢ ᠪᠢᠳᠡ ︽ᠬᠤᠪᠢ ᠶᠢᠨ ᠦᠮᠴᠢᠯᠡᠯ ᠤᠨ ᠰᠤᠶᠤᠭᠠᠯᠠᠯ︾ ᠭᠡᠵᠤ ᠲᠤᠮᠢᠶᠠᠯᠠᠳᠠᠭ᠃ ᠮᠠᠭᠠᠳ ᠦᠭᠡᠢ᠂ ᠡᠨᠡ ︽ᠴᠢᠨᠡᠷ︾᠎ ᠨᠢ ᠶᠠᠪᠤᠨ ᠶᠠᠪᠤᠭᠰᠠᠭᠠᠷ ᠬᠦᠮᠦᠨ ᠲᠦᠷᠦᠯᠬᠢᠳᠡᠡ ᠤ ᠤᠳᠤᠮ ᠤᠨ ᠰᠠᠩ ᠳᠤ ᠎ ᠨᠢ ᠲᠠᠷᠦᠢ ᠭᠸᠡ ᠳᠤ ᠨᠢ ᠬᠦᠷᠳᠡᠯ᠎ᠡ ᠮᠦᠩᠬᠡᠳᠡ ᠨᠠᠭᠠᠯᠳᠤᠭᠰᠠᠠ ᠪᠠᠶᠢᠵᠦ ᠪᠤᠯᠬᠤ ᠲᠠᠯ᠎ᠠ ᠲᠠᠢ᠃ ᠬᠦᠮᠦᠨ ᠬᠡᠳᠡᠭ ᠪᠠᠶᠢᠭᠠᠯᠢ ᠶᠢᠨ ᠪᠦᠳᠦᠭᠡᠭᠳᠡᠬᠦᠨ ᠲᠡᠳᠦᠢ ᠦᠭᠡᠢ ᠨᠠᠶᠢᠭᠡᠮ ᠤᠨ ᠦᠷ᠎ᠡ ᠬᠦᠪᠦᠷᠡᠯ ᠤᠴᠢᠷ ᠠᠴᠠ ᠶᠠᠮᠠᠷ ᠨᠠᠶᠢᠭᠡᠮ ᠪᠣᠯ ᠮᠥᠨ ᠲᠡᠶᠢᠮᠦ ᠮᠠᠶ᠋ᠢᠭ ᠤᠨ ᠬᠦᠮᠦᠨ ᠴᠢᠨᠠᠷ ᠲᠦᠯᠤᠪᠰᠢᠵᠦ᠂ ᠶᠠᠮᠠᠷ  ᠠᠵᠦ ᠠᠬᠤᠢ ᠶᠢᠨ ᠰᠠᠭᠤᠷᠢ ᠲᠠᠢ ᠪᠣᠯ ᠮᠥᠨ ᠲᠡᠶᠢᠮᠦ ᠮᠠᠶ᠋ᠢᠭ ᠤᠨ ᠦᠵᠡᠯ ᠰᠠᠨᠠᠭ᠎ᠠ ᠪᠦᠷᠢᠯᠳᠦᠵᠦ᠂ ᠴᠤᠬᠤᠮ ᠶᠠᠮᠠᠷ ᠤᠷᠴᠢᠨ ᠠᠬᠤᠢ ᠪᠣᠯ ᠮᠥᠨ ᠲᠡᠶᠢᠮᠦ ᠮᠠᠶ᠋ᠢᠭ ᠎ ᠤᠨ ᠦᠵᠡᠯ ᠰᠤᠷᠳᠠᠯ ᠨᠤᠶᠠᠯᠠᠵᠦ᠂ ᠶᠠᠮᠠᠷ ᠰᠢᠤᠬᠠᠠ ᠴᠠᠭ ᠡᠷᠢᠨ ᠪᠣᠯ ᠮᠥᠨ ᠲᠡᠶᠢᠮᠦ ᠮᠠᠶ᠋ᠢᠭ ᠤᠨ ᠮᠡᠳᠡᠷᠡᠮᠵᠢ ᠰᠡᠳᠬᠢᠯᠭᠡᠡ ᠲᠠᠪᠠᠮᠠᠭᠠᠶᠢᠯᠠᠳᠠᠭ ᠠᠵᠤᠭᠤ᠃ᠲᠡᠭᠡᠪᠡᠯ ᠮᠡᠳᠡᠭᠡᠵᠢ ᠪᠠᠷ᠂ ᠮᠠᠠ ᠤ ᠤᠷᠤᠰᠢᠨ ᠪᠦᠬᠦᠢ ᠴᠠᠭ ᠡᠷᠢᠨ ᠪᠣᠯ ᠵᠠᠬ᠎ᠠ ᠵᠡᠭᠡᠯᠢ ᠶᠢᠨ ᠵᠠᠭᠤᠨ᠃ ᠲᠠᠷᠦᠢ ᠮᠠᠲ᠋ᠧᠷᠢᠶᠠᠯᠢᠭ ᠴᠡᠩᠭᠡᠯ ᠡᠷᠢᠯᠬᠢᠯᠡᠭᠰᠡᠡ ᠴᠠᠭ ᠡᠷᠢᠨ᠃ ᠪᠤᠳᠠᠰ ᠤᠨ ᠠᠮᠢᠳᠤᠷᠠᠯ ᠢ ᠤᠷᠤᠢ ᠶᠢᠨ ᠲᠡᠭᠡᠳᠦ ᠰᠢᠳᠦᠭᠡᠡ ᠪᠤᠯᠭᠠᠭᠰᠠᠠ ᠴᠠᠭ ᠡᠷᠢᠨ᠃ ᠡᠶᠢᠮᠦ ᠡᠷᠢᠨ ᠳᠤ ᠲᠤᠯᠤᠭᠠᠢ ᠲᠠᠢ ᠪᠦᠬᠦᠨ ᠮᠦᠩᠭᠦ ᠵᠡᠭᠦᠳᠦᠯᠡᠵᠦ᠂ ᠬᠦᠯ ᠲᠠᠢ ᠪᠦᠬᠦᠨ ᠮᠦᠩᠭᠦ ᠡᠯᠳᠡᠵᠦ᠂ ᠠᠷᠭ᠎ᠠ ᠲᠠᠢ ᠪᠦᠬᠦᠨ ᠮᠦᠩᠭᠦ ᠬᠠᠯᠠᠭᠠᠰᠤᠯᠠᠵᠦ ᠪᠠᠶᠢᠳᠠᠭ ᠢᠶᠠᠷ ᠢᠶᠠᠨ ᠤᠨᠴᠠᠯᠢᠭ᠃ ᠡᠰᠡ ᠪᠣᠯ ᠴᠢ ᠶᠠᠭᠤ ᠴᠦ ᠪᠢᠰᠢ᠂ ᠬᠡᠡ ᠴᠦ ᠪᠢᠰᠢ ᠪᠤᠯᠬᠤ ᠨᠢ᠃ ᠡᠨᠡ ᠪᠦᠬᠦᠨ ᠠᠴᠠ ᠤᠯᠪᠠᠭᠠᠯᠠᠵᠦ᠂ ︽ᠪᠢ︾ ᠬᠡᠮᠡᠭᠴᠢ ᠡᠪᠡᠳᠴᠢᠨ ᠲᠡᠯᠡᠬᠡᠢ ᠳ᠋ᠠᠬᠢᠨ᠎ᠡ ᠲᠦᠭᠡᠡ ᠲᠡᠯᠭᠡᠷᠡᠬᠦ ᠨᠢ ᠭᠠᠷᠴᠠᠭ᠎ᠠ ᠦᠭᠡᠢ ᠪᠦᠭᠡᠳ ᠲᠡᠭᠦᠨ ᠤ ︽ᠢᠯᠡᠷᠡᠯ︾᠎ ᠨᠢ ᠴᠦ ᠲᠤᠯᠤᠭᠠᠢ ᠮᠠᠨᠠᠷᠠᠳᠤᠭᠤᠯᠤᠮ᠎ᠠ ᠵᠢᠰᠦᠨ ᠵᠦᠢᠯ ᠢᠶᠠᠷ ᠡᠷᠢᠶᠡᠯᠵᠡᠵᠦ᠂ ᠶᠠᠭᠠᠭᠢᠵᠦ ᠲᠡᠭᠦᠨ ᠢ ︽ᠤᠨᠤᠰᠢᠯᠡᠵᠦ︾ ᠵᠠᠰᠠᠬᠤ ᠪᠤᠢ ᠭᠡᠳᠡᠭ ᠠᠰᠠᠭᠤᠳᠠᠯ ᠶᠤᠰᠤᠳᠠᠢ ᠨᠢᠭᠡ ᠲᠡᠯᠡᠬᠡᠢ ᠨᠡᠶᠢᠳᠡ ᠶᠢᠨ ︽ᠲᠤᠯᠤᠭᠠᠢ ᠶᠢᠨ ᠡᠪᠡᠳᠴᠢᠨ︾ ᠪᠤᠯᠪᠠᠢ᠃︽ᠪᠢ︾ ᠬᠡᠮᠡᠭᠴᠢ ᠡᠪᠡᠳᠴᠢᠨ ᠵᠠᠷᠢᠮ ᠠᠯᠪᠠᠠ ᠲᠤᠰᠢᠶᠠᠯᠳᠠᠠ ᠳᠤ ᠲᠤᠰᠤᠭᠰᠠᠠ ᠠᠴᠠ ᠠᠪᠯᠢᠭᠠᠯ ᠤᠨ ᠬᠤᠢ ᠰᠠᠯᠬᠢ ᠲᠠᠯᠠᠢ ᠶᠢᠨ ᠲᠤᠭᠰᠢᠨ ᠬᠠᠷ᠎ᠠ ᠰᠠᠯᠬᠢᠨ ᠠᠴᠠ ᠴᠦ ᠢᠯᠡᠭᠦᠦ ᠭᠠᠮᠰᠢᠭ ᠲᠠᠷᠢᠬᠤ ᠬᠡᠮᠵᠢᠶᠡᠡ ᠳᠤ ᠬᠦᠷᠴᠦ᠂ ᠡᠷᠭᠡ ᠪᠠᠨ ᠠᠰᠢᠭᠯᠠᠵᠦ᠂ ᠠᠮᠢ ᠪᠠᠨ ᠪᠤᠷᠳᠤᠬᠤ ᠲᠡᠭᠦᠨᠴᠢᠯᠡᠡ ᠬᠦᠨᠳᠦ ︵ᠨᠤᠶᠠᠨᠴᠢ︶ ᠰᠤᠷᠳᠠᠯ ᠵᠤᠭᠰᠤᠭ᠎ᠠ ᠵᠢᠯᠤᠭᠤ ᠦᠭᠡᠢ ᠭᠠᠵᠠᠷ ᠠᠪᠴᠦ᠂ ᠤᠯᠤᠰ ᠠᠷᠠᠳ ᠲᠦᠮᠡᠡ ᠤ ᠠᠰᠢᠭ ᠲᠤᠰᠠ ᠶᠢ ᠨᠤᠴᠢᠳᠠᠢ ᠬᠤᠬᠢᠷᠠᠭᠤᠯᠵᠦ᠂ ᠦᠪᠡᠷ ᠤᠨ ᠨᠡᠷ᠎ᠡ ᠲᠦᠷᠦ᠂ ᠬᠤᠪᠢ ᠵᠠᠶᠠᠭ᠎ᠠ ᠪᠠᠨ ᠦᠨᠡᠰᠦᠨ ᠳᠤ ᠬᠤᠳᠬᠤᠭᠰᠠᠠ ᠢᠶᠠᠷ ᠪᠠᠷᠠᠬᠤ ᠦᠭᠡᠢ ᠨᠠᠮ ᠵᠠᠰᠠᠭ ᠲᠡᠷᠡᠴᠢᠯᠠᠠ ᠤᠯᠤᠰ ᠭᠦᠷᠦᠨ ᠤ ᠨᠠᠷ᠎ᠡ ᠬᠦᠨᠳᠦ ᠶᠢ ᠬᠠᠷᠠᠰᠠᠯᠳᠠᠢ ᠤᠨᠠᠭᠠᠵᠦ᠂ ᠤᠯᠤᠰ ᠨᠡᠶᠢᠭᠡᠮ ᠤᠨ ᠡᠷᠡᠭᠦᠯ ᠰᠠᠷᠠᠭᠤᠯ ᠬᠦᠭᠵᠢᠨ ᠳᠡᠪᠰᠢᠬᠦ ᠳᠤ ᠴᠢᠳᠦᠷ ᠲᠤᠱᠠ ᠪᠤᠯᠵᠦ ᠪᠠᠶᠢᠨ᠎ᠠ᠃︽ᠪᠢ︾ ᠬᠡᠮᠡᠭᠴᠢ ᠡᠪᠡᠳᠴᠢᠨ ᠴᠤᠯᠤ ᠴᠡᠪᠡᠷ ᠤᠶᠤᠨ ᠰᠠᠨᠠᠭᠠᠠ ᠤ ᠶᠢᠷᠳᠢᠨᠴᠦ ᠳᠤ ᠠᠮᠢᠳᠤᠷᠠᠳᠠᠭ ︽ᠤᠶᠤᠨ ᠤ ᠢᠵᠠᠭᠤᠷᠳᠠᠠ︾ ᠬᠡᠮᠡᠭᠳᠡᠳᠡᠭ ᠤᠷᠠᠠ ᠵᠤᠬᠢᠶᠠᠯᠴᠢ᠂ ᠢᠷᠠᠭᠤ ᠨᠠᠶᠢᠷᠠᠭᠴᠢ ᠨᠡᠷ ᠢ ᠴᠦ ᠲᠤᠭᠤᠷᠢᠵᠦ ᠭᠠᠷᠤᠭᠰᠠᠠ ᠦᠭᠡᠢ ᠲᠠᠭᠠᠷᠢᠵᠦ ᠭᠠᠷᠤᠯ᠎ᠠ᠃ ᠤᠤᠯ ᠨᠢ ᠤᠷᠠᠠ ᠪᠦᠳᠦᠭᠡᠯᠴᠢᠳ ᠪᠣᠯ ᠪᠤᠰᠤᠳ ᠠᠴᠠ ᠠᠷᠠᠢ ᠦᠭᠡᠷ᠎ᠡ ︽ᠲᠤᠰᠠᠭᠠᠷ ᠶᠢᠷᠳᠢᠨᠴᠦ︾ ᠪᠠᠶᠢᠬᠤ ᠶᠤᠰᠤᠳᠠᠢ ᠶᠤᠮ ᠪᠢᠯᠡ᠃ ᠭᠡᠳᠡᠯ᠎ᠡ ᠨᠡᠯᠢᠶᠡᠳ ᠲᠤᠭᠠᠠ ᠤ ᠤᠷᠠᠠ ᠪᠦᠳᠦᠭᠡᠯᠴᠢ ᠨᠡᠷ ᠬᠠᠷᠢᠨ ᠲᠡᠶᠢᠮᠦ ᠪᠢᠰᠢ ᠪᠠᠶᠢᠳᠠᠭ ᠨᠢ ᠦᠨᠡᠬᠡᠷ ᠭᠠᠶᠢᠬᠠᠰᠢ ᠲᠦᠷᠦᠭᠦᠯᠵᠦ᠂ ᠰᠡᠳᠬᠢᠯ ᠡᠮᠵᠡᠭᠯᠡᠬᠦᠯᠬᠦ ᠳᠤ ᠬᠦᠷᠭᠡᠵᠦ ᠪᠠᠶᠢᠨ᠎ᠠ᠃ ︽ᠠᠷᠭ᠎ᠠ ᠴᠦ ᠦᠭᠡᠢ ᠶᠤᠮ ᠪᠢᠵᠡ᠂ ᠶᠠᠮᠠᠷ ᠴᠦ ᠪᠠᠶᠢᠭᠰᠠᠠ ᠲᠡᠳᠡ ᠨᠡᠶᠢᠭᠡᠮ ᠤᠨ ᠬᠦᠮᠦᠨ ᠯᠠ ᠶᠤᠮ ᠴᠢᠨᠢ ᠳ᠋ᠡ᠂  ᠠᠯᠢ ᠶᠢᠨ ᠪᠤᠯᠭᠠᠠ ᠪᠤᠰᠤᠳ ᠠᠴᠠ ᠦᠭᠡᠷ᠎ᠡ ᠪᠠᠶᠢᠬᠤ ᠪᠤᠢ︾ ᠭᠡᠵᠤ ᠬᠦᠯᠢᠶᠡᠡ ᠵᠦᠪᠰᠢᠶᠡᠷᠡᠮᠡᠷ ᠴᠦ ᠶᠤᠮ ᠰᠢᠭ᠋᠃ ᠬᠡᠬᠦ ᠳᠡᠭᠡᠨ ᠪᠢᠳᠡ ᠨᠡᠷ ᠬᠦᠮᠦᠨ ᠬᠦᠮᠦᠨ ᠳᠤ ᠲᠠᠯᠪᠢᠬᠤ᠂ ᠠᠵᠢᠯ ᠮᠡᠷᠭᠡᠵᠢᠯ ᠳᠤ ᠦᠭᠭᠦ ᠲᠤᠭᠳᠠᠭᠰᠠᠠ ᠬᠡᠮᠵᠢᠭᠦᠷ᠂ ᠦᠵᠡᠯᠳᠡ ᠦᠨᠡᠯᠡᠭᠡ ᠪᠠᠨ ᠪᠠᠯᠠᠷᠬᠠᠶᠢᠳᠠᠭᠤᠯᠵᠦ ᠪᠤᠯᠬᠤ ᠦᠭᠡᠢ ᠰᠢᠦ ᠳ᠋ᠡ᠃ ᠨᠡᠩ ᠴᠦ ᠴᠠᠭ ᠤᠨ ᠦᠩᠭᠡ ᠠᠶᠠᠰ ᠲᠠᠭᠠᠭᠠᠳ ᠬᠠᠷ᠎ᠠ ᠴᠠᠭᠠᠠ᠂  ᠦᠨᠡᠡ ᠬᠤᠳᠠᠯ᠂ ᠰᠠᠶᠢᠨ ᠮᠠᠭᠤ ᠶᠢ ᠴᠦ ᠢᠯᠭᠠᠬᠤ ᠰᠡᠬᠡᠭᠡ ᠦᠭᠡᠢ ︽ᠪᠤᠰᠤᠳ ᠤᠨ ᠠᠮᠠ ᠪᠠᠷ ᠪᠤᠳᠠᠭ᠎ᠠ ᠢᠳᠡᠭᠡᠳ︾ ᠲᠤᠩᠬᠤᠯᠵᠠᠭᠠᠳ ᠪᠠᠶᠢᠬᠤ ᠨᠢ ᠢᠨᠢᠶᠡᠳᠦᠮᠳᠡᠢ ᠠᠭᠠᠳ ᠦᠷᠦᠪᠳᠦᠯᠳᠡᠢ᠃ ᠦᠪᠡᠷ ᠎ ᠢᠶᠠᠨ ᠤᠯᠬᠢᠶ᠎ᠠ ᠦᠭᠡᠢ ᠳᠡᠭᠡᠨ ᠴᠠᠭ ᠦᠶ᠎ᠡ ᠶᠢᠨ ᠢᠶᠠᠨ ᠵᠤᠯᠢᠶᠠᠰᠦ ᠪᠤᠯᠤᠭᠠᠳ ᠲᠠᠭᠤᠰᠴᠦ ᠪᠠᠶᠢᠭ᠎ᠠ ᠪᠠᠨ ᠦᠯᠦ ᠤᠬᠠᠭᠠᠷᠠᠠ ᠪᠦᠬᠦ ᠮᠠᠭᠤ ᠪᠠᠨ ᠴᠠᠭ ᠦᠶ᠎ᠡ ᠤᠷᠤᠭᠤ ᠪᠠᠨ ᠲᠦᠯᠬᠢᠨ᠎ᠡ᠃ ᠡᠨᠡ ᠢᠨᠦ ᠶᠠᠭ ᠶᠡᠭᠡ ᠰᠤᠶᠤᠨ ᠭᠡᠭᠡᠷᠡᠭᠦᠯᠦᠭᠴᠢ᠂ ᠢᠷᠠᠭᠤ ᠨᠠᠶᠢᠷᠠᠭᠴᠢ ᠳᠠᠨᠽᠠᠨᠷᠠᠪᠵᠠᠢ ᠶᠢᠨ ᠬᠡᠯᠡᠭᠰᠡᠡ ᠰᠢᠭ᠄ ︽ᠦᠪᠡᠷ ᠢᠶᠠᠨ ᠮᠠᠭᠤ ᠶᠠᠪᠤᠭᠠᠳ ᠴᠠᠭ ᠢ ᠮᠠᠭᠤ ᠬᠡᠮᠡᠨ᠎ᠡ︾ ᠭᠡᠰᠡᠡ ᠲᠠᠢ ᠠᠭᠠᠷ ᠨᠢᠭᠡᠡ ᠪᠤᠶᠦ᠃  ᠮᠠᠠ ᠤ ᠵᠠᠷᠢᠮ ᠪᠢᠷ ᠴᠠᠭᠠᠰᠤ ᠲᠠᠢ ᠨᠦᠬᠦᠷᠯᠡᠭᠴᠢ ᠶᠢᠨ ︽ᠪᠢ︾ ᠬᠡᠮᠡᠬᠦ ᠡᠪᠡᠳᠴᠢᠨ ᠬᠢᠷᠢ ᠠᠴᠠ ᠬᠡᠳᠦᠷᠡᠵᠦ ᠪᠠᠶᠢᠬᠤ ᠰᠢᠭ᠋ ᠰᠠᠨᠠᠭᠳᠠᠨ᠎ᠠ᠃ ᠠᠯᠳᠠᠷ ᠨᠡᠷ᠎ᠡ ᠠᠰᠢᠭ ᠰᠤᠨᠢᠷᠬᠠᠯ ᠤᠨ ᠬᠤᠶᠢᠨ᠎ᠠ ᠠᠴᠠ ᠨᠡᠷ᠎ᠡ ᠪᠠᠨ ᠮᠠᠷᠳᠠᠠ ᠵᠢᠳᠬᠦᠵᠦ ᠪᠠᠶᠢᠭ᠎ᠠ ᠵᠤᠬᠢᠶᠠᠯᠴᠢ᠂ ᠢᠷᠠᠭᠤ ᠨᠠᠶᠢᠷᠠᠭᠴᠢ ᠶᠠᠪᠤᠬᠤ  ᠲᠤᠰᠤᠮ ᠢᠶᠠᠨ ᠤᠯᠠᠠ ᠬᠠᠷᠠᠭᠳᠠᠬᠤ ᠪᠤᠯᠤᠯ᠎ᠠ ᠭᠡᠪᠡᠯ ᠨᠡᠯᠢᠶᠡᠳ ᠬᠡᠳᠦᠨ ᠬᠦᠮᠦᠨ ᠨᠠᠳᠠᠳᠤ ᠴᠠᠭᠠᠠ ᠠᠭᠰᠤᠮ ᠲᠠᠯᠪᠢᠬᠤ ᠪᠠᠶᠢᠬ᠎ᠠ᠃ ᠬᠡᠬᠦ ᠳᠡᠭᠡᠨ ᠦᠨᠡᠡ ᠶᠠᠭᠤᠮ᠎ᠠ ᠦᠨᠡᠡ ᠢᠶᠠᠷ ᠢᠶᠠᠨ ᠰᠠᠶᠢᠬᠠᠠ᠃ ᠵᠠᠷᠢᠮ ᠵᠤᠬᠢᠶᠠᠯᠴᠢ ᠪᠤᠶᠦ ᠰᠢᠯᠦᠭᠴᠢ ᠡᠬᠢᠨ ᠳᠡᠭᠡᠨ ᠤᠷᠠᠠ ᠪᠦᠳᠦᠭᠡᠯ ᠤᠨ ᠶᠢᠷᠳᠢᠨᠴᠦ ᠳᠤ ᠦᠨᠡᠨᠬᠦ ᠴᠢᠩ ᠰᠦᠵᠢᠭ᠂ ᠠᠪᠢᠶᠠᠰ ᠪᠢᠯᠢᠭ ᠤᠨ ᠡᠷᠴᠢ ᠬᠦᠴᠦ ᠪᠠᠷ ᠲᠦᠷᠢᠨ ᠤᠷᠤᠵᠦ ᠢᠷᠡᠭᠡᠳ ᠴᠦᠭᠡᠡ ᠬᠡᠳᠦᠨ ᠵᠢᠯ ᠬᠦᠮᠦᠨ ᠤ ᠠᠩᠬᠠᠷᠤᠯ ᠳᠤ ᠦᠷᠳᠦᠬᠦ ᠪᠠᠷ ᠴᠢᠨᠰᠠᠭ᠎ᠠ ᠲᠠᠢ ᠶᠠᠭᠤᠮ᠎ᠠ ᠪᠢᠴᠢᠵᠦ᠂ ᠱᠠᠩᠨᠠᠯ ᠤᠷᠮᠠᠰᠢᠯ ᠢ ᠴᠦ ᠴᠢᠮᠠᠯᠠᠬᠤ ᠎ ᠪᠠᠷ ᠦᠭᠡᠢ ᠬᠦᠷᠳᠡᠭᠰᠡᠡ ᠤ ᠳᠠᠷᠠᠭ᠎ᠠ ᠲᠡᠭᠦᠨ ᠳᠡᠭᠡᠨ ᠠᠮᠳᠠᠰᠢᠵᠦ᠂ ᠲᠡᠭᠡᠭᠡᠳ ᠪᠦᠷ ᠴᠠᠰᠢ ᠨᠢ ᠡᠷᠡᠮᠰᠢᠵᠦ᠂ ᠡᠷᠳᠦᠵᠦ᠂ ᠬᠡᠡ ᠢ ᠴᠦ ᠲᠤᠭᠤᠵᠦ ᠬᠠᠷᠠᠬᠤ ᠪᠠᠨ ᠪᠤᠯᠢᠭᠠᠳ᠂ ᠦᠨᠦᠬᠢ ᠯᠠ ︽ᠪᠢ︾ ᠬᠡᠮᠡᠭᠴᠢ ᠡᠪᠡᠳᠴᠢᠨ ᠤ ᠴᠠᠯᠮ᠎ᠠ ᠳᠤ ᠲᠤᠷᠠᠳᠠᠶ᠎ᠠ ᠤᠷᠤᠴᠢᠬᠠᠭᠰᠠᠠ ᠪᠠᠶᠢᠬᠤ ᠵᠢᠱᠢᠶ᠎ᠠ ᠲᠠᠢ᠃ ᠲᠡᠭᠡᠭᠡᠳ ᠵᠤᠭᠰᠤᠬᠤ ᠦᠭᠡᠢ ᠬᠡᠳᠦᠨ ︽ᠬᠤᠷᠤᠭᠤᠨ ᠳᠤ ᠡᠯᠬᠦᠮᠡᠷ︾ ᠪᠦᠳᠦᠭᠡᠯ ᠢᠶᠠᠷ ᠢᠶᠠᠨ ᠤᠯᠤᠭᠰᠠᠠ ᠠᠯᠳᠠᠷ ᠨᠡᠷ᠎ᠡ᠂ ᠭᠠᠪᠢᠶ᠎ᠡ ᠱᠠᠩᠨᠠᠯ ᠢᠶᠠᠨ ︽ᠤᠯᠤᠰ ᠲᠦᠷᠦ ᠶᠢᠨ ᠬᠦᠷᠦᠩᠭᠡ︾ ᠪᠤᠯᠭᠠᠠ ᠭᠤᠶᠢᠳᠠ ᠠᠰᠢᠭᠯᠠᠵᠦ᠂ ᠠᠯᠳᠠ ᠮᠦᠩᠭᠦ ᠤᠯᠬᠤ᠂ ᠠᠯᠪᠠᠠ ᠲᠤᠰᠢᠶᠠᠯ ᠠᠬᠢᠬᠤ ︽ᠬᠢᠰᠭᠢᠬᠦᠷ︾ ᠪᠤᠶᠦ ᠬᠡᠷᠡᠭᠰᠡᠯ ᠪᠤᠯᠭᠠᠵᠦ ᠪᠠᠶᠢᠭ᠎ᠠ ᠨᠢ ᠴᠦ ᠪᠤᠢ᠃ ᠱᠠᠩᠨᠠᠯ ᠭᠡᠳᠡᠭ ᠦᠨᠡᠡ ᠳᠡᠭᠡᠨ ᠲᠤᠮᠤ ᠰᠢᠯᠭᠠᠭᠤᠷ ᠶᠤᠮ᠃ ᠮᠥᠨ ᠴᠠᠭᠠᠰᠢ ᠶᠢᠨ ᠰᠠᠶᠢᠨ ᠪᠦᠳᠦᠭᠡᠯ ᠬᠢᠬᠦ ᠶᠢᠨ ᠤᠷᠮᠠᠰᠢᠭᠤᠯᠤᠯ ᠲᠡᠳᠦᠢ ᠦᠭᠡᠢ ᠰᠢᠬᠠᠯᠳᠠ ᠱᠠᠭᠠᠷᠳᠠᠯᠭ᠎ᠠ᠂ ᠨᠡᠬᠡᠯ ᠲᠠᠭᠠᠭᠤᠯ ᠶᠤᠮ ᠰᠢᠦ ᠳ᠋ᠡ᠃ ᠬᠠᠶᠠ ᠵᠠᠷᠢᠮ ᠵᠤᠬᠢᠶᠠᠯᠴᠢ ᠰᠢᠯᠦᠭᠴᠢ ᠭᠤᠸᠠᠢ ᠰᠤᠨᠢᠨ ᠰᠡᠳᠬᠦᠯ ᠤᠨ ᠬᠠᠭᠤᠳᠠᠰᠤᠨ᠎ᠠ ᠲᠠᠪᠦ ᠭᠤᠷᠪᠠᠠ ᠪᠦᠳᠦᠭᠡᠯ ᠨᠡᠶᠢᠳᠡᠯᠡᠬᠦᠯᠴᠢᠭᠡᠭᠡᠳ ᠡᠰᠡᠪᠡᠯ ᠪᠤᠰᠤᠳ ᠤᠨ ᠬᠤᠳᠠᠯ ᠦᠨᠡᠡ ᠬᠠᠭᠤᠷᠠᠢ ᠨᠤᠶᠢᠳᠡᠡ ᠮᠠᠭᠳᠠᠭᠠᠯ ᠰᠠᠶᠢᠰᠢᠶᠠᠯ ᠳᠤ ᠪᠢᠯᠠᠭᠤᠷᠠᠴᠢᠬᠠᠭᠠᠳ᠂  ︽ᠰᠢᠯᠢᠨ ᠬᠦᠵᠦᠭᠦᠦ︾᠎ ᠨᠢ ᠲᠠᠳᠠᠭᠠᠳ᠂ ᠪᠠᠰᠠ ᠯᠡ ᠦᠷᠦᠭᠡᠯ ᠪᠤᠰᠤᠳ ᠢ ᠭᠠᠭᠴᠠ ᠨᠢᠳᠦ ᠪᠠᠷ ᠴᠦ ᠲᠤᠭᠤᠵᠦ ᠬᠠᠷᠠᠬᠤ ᠪᠠᠨ ᠪᠤᠯᠢᠬᠤ ᠨᠢ ᠪᠤᠢ ᠃ ᠨᠡᠩ ᠠᠶᠤᠯᠳᠠᠢ ᠨᠢ ᠤᠷᠤᠯᠳᠤᠭᠠᠠ ᠪᠤᠯᠭᠠᠠ ᠲᠡᠭᠡᠷ᠎ᠡ ︽ᠶᠠᠭᠠᠭᠢᠭᠠᠳ ᠨᠠᠳᠠᠳᠣ  ᠲᠡᠷᠢᠬᠦᠨ ᠪᠠᠶᠢᠷᠢ ᠶᠢᠨ ᠱᠠᠩᠨᠠᠯ ᠦᠭᠭᠦᠭᠰᠡᠡ ᠦᠭᠡᠢ ᠶᠤᠮ ᠪᠤᠢ︖ ᠲᠤᠩ ᠦᠭᠡᠢ ᠳᠡᠭᠡᠨ ᠪᠢ ᠬᠤᠶᠠᠳᠤᠭᠠᠷ ᠪᠠᠶᠢᠷᠢ ᠡᠵᠡᠯᠡᠬᠦ ᠪᠠᠶᠢᠭᠰᠠᠠ᠃ ᠲᠡᠳᠡᠨᠦᠰ ᠤᠨ ᠪᠦᠳᠦᠭᠡᠯ ᠮᠢᠨᠦ ᠪᠦᠳᠦᠭᠡᠯ ᠤᠨ ᠲᠡᠷᠭᠡᠳᠡ ᠶᠠᠭᠤ ᠶᠤᠮ ᠪᠤᠢ︖ ᠲᠠ ᠨᠡᠷ ᠨᠠᠳᠠ ᠳᠤ ᠠᠳᠠᠭᠠᠷᠬᠠᠭᠠᠳ ᠡᠰᠡᠪᠡᠯ ᠨᠠᠮᠠᠢᠢ ᠭᠠᠳᠠᠭᠤᠷᠴᠢᠯᠠᠭᠠᠳ ᠁ ᠵᠢᠩᠬᠢᠨᠢ ᠪᠦᠳᠦᠭᠡᠯ ᠲᠠᠨᠢᠳᠠᠭ ᠦᠭᠡᠢ ᠰᠤᠬᠤᠷ ᠤᠳ  ᠁︾ ᠭᠡᠳ ᠠᠷᠵᠠᠭᠠᠨᠠᠵᠦ ᠠᠭᠰᠤᠮᠨᠠᠬᠤ ᠨᠢ ᠡᠨᠡᠭᠦᠬᠡᠡ ᠳᠤ ᠭᠡᠵᠤ ᠮᠡᠳᠡ᠃ ᠵᠠᠷᠢᠮ ᠳᠠᠭᠠᠨ ᠠᠷᠢᠬᠢᠨ ᠬᠠᠯᠠᠭᠤ ᠪᠠᠷ ᠰᠢᠭᠦᠭᠴᠢ ᠤᠷᠤᠭᠤ ᠬᠤᠨᠳᠠᠭ᠎ᠠ ᠰᠢᠳᠡᠵᠦ᠂ ᠬᠢᠳᠤᠭ᠎ᠠ ᠰᠤᠭᠤᠯᠤᠭᠰᠠᠠ ᠤᠳᠠᠭ᠎ᠠ ᠴᠦ ᠪᠠᠶᠢᠭ᠎ᠠ᠃  ᠤᠷᠠᠯᠠᠠ ᠪᠦᠳᠦᠭᠡᠬᠦᠢ ᠶᠢᠨ ᠭᠡᠭᠡᠡ ᠦᠢᠯᠡᠰ ᠲᠤ ᠠᠯᠢᠪᠠ ᠪᠠᠨ ᠵᠤᠷᠢᠭᠤᠯᠤᠭᠰᠠᠠ ᠵᠢᠩᠬᠢᠨᠢ ᠤᠷᠠᠠ ᠪᠦᠳᠦᠭᠡᠯᠴᠢ ᠭᠡᠵᠤ ᠴᠤᠬᠤᠮ ᠶᠠᠮᠠᠷ ᠦᠨ᠎ᠡ ᠴᠡᠨ᠎ᠡ ᠲᠠᠢ ᠭᠡᠭᠡᠯᠢᠭ ᠴᠢᠨᠡᠷ ᠪᠠᠶᠢᠳᠠᠭ ᠢ ᠠᠳᠡ ᠪᠢ ᠵᠢᠱᠢᠶ᠎ᠡ ᠲᠡᠳᠡᠡ ᠬᠡᠯᠡᠬᠦ ᠨᠢ ᠢᠯᠡᠭᠦᠴᠡ ᠪᠠᠶᠢᠬ᠎ᠠ᠃ ᠲᠤᠷ᠎ᠠ ᠶᠢᠨ ᠨᠢᠭᠡᠡ ᠲᠤᠮᠤ ᠵᠤᠬᠢᠶᠠᠯᠴᠢ ᠶᠢᠨ ᠨᠠᠮᠳᠠᠷ ᠲᠡᠦᠬᠡ ᠶᠢ ᠦᠪᠡᠷᠰᠡᠳ ᠢᠶᠠᠨ ᠠᠪᠤᠭᠠᠳ ᠤᠩᠰᠢᠴᠢᠬᠠᠪᠠᠯ ᠲᠡᠭᠡᠭᠡᠳ ᠡᠷᠬᠢᠮ ᠲᠠᠠ ᠤ ᠤᠶᠤᠨ ᠤ ᠴᠢᠳᠠᠮᠵᠢ ᠴᠢᠨᠢ ᠵᠦᠭᠡᠷ ᠪᠣᠯ ᠪᠤᠳᠤᠩᠭᠤᠶᠢᠷᠠᠭᠰᠠᠠ ᠲᠠᠷᠢᠬᠢᠨ ᠤ ᠴᠢᠨᠢ ᠨᠢᠭᠡᠡ ᠬᠡᠰᠡᠭ ᠲᠤ ᠵᠤᠷᠪᠤᠰᠬᠠᠠ ᠴᠦ ᠭᠡᠰᠡᠡ ᠲᠤᠶᠠᠭ᠎ᠠ ᠲᠠᠳᠠᠨ᠎ᠠ ᠭᠡᠳᠡᠭ ᠲᠤ ᠡᠷᠡᠭᠡᠯᠵᠡᠬᠦ ᠦᠭᠡᠢ ᠪᠠᠶᠢᠨ᠎ᠠ᠃ᠪᠠᠰᠠ ᠵᠠᠷᠢᠮ ᠤᠷᠠᠠ ᠪᠦᠳᠦᠭᠡᠯᠴᠢ ︵ᠲᠡᠭᠡᠵᠦ ᠯᠠ ᠨᠡᠷᠡᠯᠡᠬᠦ ᠠᠴᠠ ᠪᠢᠰᠢ︶ ᠬᠡᠡ ᠴᠦ ᠲᠤᠭᠤᠵᠦ ᠤᠩᠰᠢᠬᠤ ᠦᠭᠡᠢ ᠬᠡᠳᠦᠨ ᠨᠤᠮ ᠭᠠᠷᠭᠠᠴᠢᠬᠠᠭᠠᠳ ᠦᠪᠡᠷ ᠢ ᠪᠠᠨ ᠲᠤᠮᠤ ᠵᠤᠬᠢᠶᠠᠯᠴᠢ ᠪᠤᠶᠦ ᠰᠢᠯᠦᠭᠴᠢ ᠬᠡᠮᠡᠡ ᠰᠡᠩᠬᠡᠯᠵᠡᠨ᠎ᠡ᠃ ᠲᠡᠭᠡᠭᠡᠳ ᠵᠤᠭᠰᠤᠬᠤ ᠦᠭᠡᠢ ᠳᠡᠭᠡᠭᠦᠷ ᠳᠤᠭᠤᠤᠷ ᠲᠤᠯᠢᠭᠠᠨᠠᠵᠦ᠂ ᠴᠠᠭᠠᠭᠤᠷ ᠨᠠᠭᠠᠭᠤᠷ ᠨᠢᠯᠭᠠᠨᠠᠵᠦ ᠪᠠᠶᠢᠭᠠᠳ ᠲᠤᠮᠤ ᠱᠠᠩᠨᠠᠯ ᠤᠳ ᠠᠴᠠ ᠬᠦᠷᠳᠡᠴᠢᠬᠦ ᠤᠳᠠᠭ᠎ᠠ ᠲᠠᠢ᠃ ᠲᠡᠭᠡᠭᠡᠳ ᠢᠴᠢᠬᠦ ᠴᠦ ᠦᠭᠡᠢ ᠬᠡᠡ ᠢ ᠴᠦ ᠲᠤᠭᠤᠵᠦ ᠶᠠᠳᠠᠠ ᠲᠡᠭᠡᠭᠦᠷ ᠬᠠᠷᠠᠵᠦ ᠲᠦᠷᠪᠡᠯᠵᠢᠨ ᠠᠯᠬᠤᠨ᠎ᠠ᠃ ᠦᠪᠡᠷ ᠢ ᠪᠠᠨ ᠰᠢᠨ᠎ᠡ ᠤᠷᠠᠠ ᠵᠤᠬᠢᠶᠠᠯ ᠤᠨ ᠪᠦᠷᠢᠨ ᠡᠷᠭᠡᠳᠦ ᠲᠦᠯᠦᠭᠡᠯᠡᠭᠴᠢ ᠡᠰᠡᠬᠦᠯ᠎ᠡ ᠲᠡᠭᠦᠨ ᠢ ᠰᠢᠭᠦᠨ ᠲᠠᠰᠤᠯᠤᠭᠴᠢ ᠬᠡᠮᠡᠡ ᠪᠠᠳᠣ ᠨᠤᠳᠠ ᠢᠳᠡᠭᠡᠵᠦ᠂ ᠶᠠᠮᠠᠷ ᠨᠢᠭᠡᠡ ᠵᠤᠬᠢᠶᠠᠯ ᠎ ᠤᠨ ᠰᠠᠶᠢᠨ ᠮᠠᠭᠤ ᠠᠯᠳᠠᠭᠰᠠᠠ ᠤᠨᠤᠭᠰᠠᠠ ᠢ ᠭᠠᠭᠴᠠ ᠬᠦ ᠲᠡᠭᠦᠨ ᠤ ᠠᠮᠠ ᠪᠠᠷ ᠰᠢᠢᠳᠬᠦ ᠬᠡᠮᠡᠡ ᠠᠭᠠᠰᠢᠯᠠᠨ᠎ᠠ᠃ ᠡᠭᠦᠨ ᠢᠶᠠᠷ ᠴᠦ ᠦᠯᠦ ᠪᠠᠷᠠᠠ ᠠᠯᠢᠪᠠ ᠠᠯᠳᠠᠷ ᠨᠠᠷ᠎ᠡ᠂ ᠠᠰᠢᠭ ᠤᠯᠵᠠ ᠶᠢ ᠵᠦᠪᠬᠡᠡ ᠦᠪᠡᠷ ᠵᠦᠭ ᠢᠶᠠᠨ ᠤᠶᠢᠷᠠᠳᠤᠭᠤᠯᠬᠤ ᠶᠢ ᠬᠢᠴᠢᠶᠡᠨ᠎ᠡ᠃ ᠬᠡᠷᠪᠡ ᠦᠭᠡᠷ᠎ᠡ ᠶᠠᠮᠠᠷ ᠨᠢᠭᠡᠡ ᠬᠦᠮᠦᠨ ᠲᠡᠷᠡ  ᠱᠠᠩ ᠤᠯᠭᠤᠮᠵᠢ ᠶᠢ ᠤᠯᠴᠢᠬᠠᠭᠰᠠᠠ ᠪᠣᠯ ᠬᠠᠷᠢᠶᠠᠯ ᠢᠷᠦᠭᠡᠯ ᠤᠷᠤᠰᠬᠠᠵᠦ ᠠᠳᠠᠭ᠎ᠠ ᠵᠢᠳᠦᠭᠡᠡ ᠳᠡᠭᠡᠨ ᠰᠢᠳᠠᠭᠠᠳ ᠦᠬᠦᠴᠢᠬᠦ ᠳᠤ ᠬᠦᠷᠦᠨ᠎ᠡ᠃ ᠠᠳᠡ ᠲᠡᠨᠳᠡ ᠢᠯᠡ ᠳᠠᠯᠳᠠ ᠲᠡᠷᠡ ᠬᠦᠮᠦᠨ ᠤ ᠦ ᠰᠡᠪ  ᠎ ᠢ ᠨᠢ ᠬᠠᠶᠢᠵᠦ᠂ ᠤᠯᠠ ᠶᠢ ᠨᠢ ᠱᠠᠭᠠᠶᠢᠵᠦ᠂ ᠭᠠᠵᠠᠷ ᠲᠤ ᠤᠷᠤᠳᠠᠯ᠎ᠠ ᠨᠢ ᠮᠠᠭᠤᠯᠠᠵᠦ ᠪᠠᠶᠢᠵᠦ ᠰᠡᠳᠬᠢᠯ ᠤᠨ ᠲᠡᠩᠴᠡᠪᠤᠷᠢ ᠪᠠᠨ ᠪᠠᠭ᠎ᠠ ᠴᠦ ᠭᠡᠰᠡᠡ ᠤᠯᠵᠦ ᠠᠪᠤᠭᠠᠳ ᠲᠦᠷ ᠠᠭᠤᠵᠢᠷᠠᠰᠬᠢᠵᠦ ᠠᠪᠤᠨ᠎ᠠ᠃ ᠡᠶᠢᠮᠦ ᠤᠷᠠᠠ ᠪᠦᠳᠦᠭᠡᠯᠴᠢ ᠪᠠᠶᠢᠬᠤ ᠭᠡᠵᠢ᠃ ᠵᠢᠩᠬᠢᠨᠢ ᠤᠳᠬ᠎ᠠ ᠪᠠᠷ ᠢᠶᠠᠨ ᠡᠶᠢᠮᠦ ᠬᠦᠮᠦᠨ ᠤᠷᠠᠠ ᠪᠦᠳᠦᠭᠡᠯᠴᠢ ᠮᠥᠨ ᠤᠤ⁈ ᠶᠤᠰᠤᠳᠠᠢ ᠯᠠ ︽ᠪᠢ︾ ᠬᠡᠮᠡᠭᠴᠢ ᠡᠪᠡᠳᠴᠢᠨ ᠤ ᠤᠯᠠᠭᠠᠠ ᠰᠤᠯᠢᠶ᠎ᠠ ᠲᠤᠰᠤᠭᠰᠠᠠ ᠬᠦᠮᠦᠨ ᠯᠠ ᠡᠶᠢᠮᠦ ᠢᠯᠡᠷᠡᠯ ᠲᠠᠢ ᠪᠠᠶᠢᠬᠤ ᠠᠴᠠ ᠶᠠᠭᠠᠭᠢᠬᠤᠪ᠃ ᠪᠤᠷᠬᠠᠠ ᠤ ᠨᠡᠷ᠎ᠡ ᠵᠢᠭᠠᠵᠦ ᠨᠢᠭᠦᠯ ᠬᠢᠭᠰᠡᠳ ᠬᠠᠮᠤᠭ ᠤᠨ ᠠᠶᠤᠮᠰᠢᠭᠳᠤ ᠡᠳᠡᠭᠡᠳ ᠪᠠᠶᠢᠳᠠᠭ ᠶᠤᠮᠰᠠᠨᠵᠠᠢ᠃ᠢᠷᠠᠭᠤ ᠨᠠᠶᠢᠷᠠᠭᠴᠢ ᠶᠡᠷᠦ ᠠᠴᠠ ᠪᠠᠨ ︽ᠪᠢ︾ ᠬᠡᠮᠡᠭᠰᠡᠡ ᠬᠦᠮᠦᠰ ᠪᠠᠶᠢᠳᠠᠭ ᠨᠢ ᠦᠨᠡᠡ ᠯᠠ ᠳ᠋ᠡ᠃ ᠲᠡᠶᠢᠮᠦ ᠴᠦ ᠪᠠᠶᠢᠬᠤ ᠶᠤᠰᠤᠳᠠᠢ ᠶᠤᠮ ᠪᠠᠶᠢᠬ᠎ᠠ᠃ ᠭᠡᠬᠦ ᠳᠡᠭᠡᠨ ᠬᠡᠮᠵᠢᠶᠡᠡ ᠠᠴᠠ ᠬᠡᠳᠦᠷᠡᠪᠡᠯ ︽ᠡᠪᠡᠳᠴᠢᠨ︾ ᠯᠠ ᠪᠤᠯᠤᠨ᠎ᠠ ᠰᠢᠦ ᠳ᠋ᠡ᠃ ᠪᠠᠶ᠎ᠠ ᠪᠠᠨ ᠲᠤᠭᠤᠬᠤ᠂  ᠦᠪᠡᠷ ᠲᠡᠭᠡᠨ ᠢᠳᠡᠭᠡᠬᠦ ᠬᠤᠶᠠᠷ ᠢ ᠵᠠᠷᠢᠮ ᠬᠦᠮᠦᠰ ᠠᠮᠢᠳᠤᠷᠠᠯ ᠳᠠᠭᠠᠨ ᠬᠤᠳᠬᠤᠭᠠᠳ ᠪᠤᠳᠤᠭᠠᠳ ᠪᠠᠶᠢᠬᠤ ᠰᠢᠭ᠋ ᠪᠠᠶᠢᠨ᠎ᠠ᠃ ᠶᠠᠮᠠᠷ ᠰᠠᠶᠢᠨ ᠵᠦᠢᠯᠠᠰ ᠴᠦ ᠭᠡᠳ ᠬᠢᠷᠢ ᠠᠴᠠ ᠬᠡᠳᠦᠷᠡᠪᠡᠯ ᠪᠦᠷ ︽ᠬᠤᠤᠷ︾ ᠪᠤᠯᠳᠠᠭ᠃ ᠬᠤᠷᠸ᠎ᠠ ᠶᠢᠨ ᠶᠠᠭᠤᠮ᠎ᠠ ᠪᠦᠬᠦᠨ ᠬᠠᠷᠢᠴᠠᠩᠭᠤᠢ ᠪᠠᠶᠢᠳᠠᠭ᠃ ᠲᠤᠶᠢᠯᠰᠢᠷᠠᠬᠤ ᠨᠢ ᠭᠠᠮᠰᠢᠭ ᠲᠠᠭᠠᠭᠤᠯᠳᠠᠭ᠃  ᠭᠠᠭᠴᠠ ᠬᠦ ᠠᠯᠳᠠᠷ ᠨᠡᠷ᠎ᠡ᠂ ᠠᠯᠳᠠ ᠮᠦᠩᠭᠦᠨ ᠤ ᠲᠦᠯᠦᠭᠡ ᠪᠦᠳᠦᠭᠡᠯ ᠲᠤᠭᠤᠷᠪᠢᠯ ᠬᠢᠬᠦ ᠶᠤᠮ ᠪᠣᠯ ᠴᠡᠪᠡᠷ ᠰᠡᠳᠬᠢᠯᠭᠡᠡ ᠤ ᠭᠠᠶᠢᠬᠠᠮᠰᠢᠭᠳᠤ ᠢᠯᠡᠷᠬᠡᠶᠢᠯᠠᠯ ᠤᠷᠠᠠ ᠵᠤᠬᠢᠶᠠᠯ ᠤᠨ ᠲᠤᠰ ᠪᠡᠶ᠎ᠡ ᠶᠢ ᠭᠤᠳᠤᠭᠠᠠ ᠲᠤᠷᠤᠮᠵᠢᠯᠠᠵᠦ᠂ ᠲᠡᠭᠦᠨ ᠤ ᠡᠷᠡᠭᠦᠯ ᠢᠶᠠᠷ ᠡᠷᠴᠢᠮᠳᠠᠢ ᠬᠦᠭᠵᠢᠬᠦ ᠶᠢ ᠬᠠᠷᠰᠢᠯᠠᠬᠤ ᠪᠦᠭᠡᠳ ᠴᠠᠭ ᠬᠤᠭᠤᠴᠠᠭᠠᠠ ᠤ ᠰᠢᠯᠭᠠᠭᠤᠷ ᠢ ᠲᠠᠭᠠᠭᠠᠵᠦ ᠴᠢᠳᠠᠬᠤᠶᠢᠴᠠ ᠰᠣᠩᠭᠤᠳᠠᠭ ᠪᠦᠳᠦᠭᠡᠯ ᠲᠡᠶᠢᠮᠦ ᠬᠦᠮᠦᠰ ᠤᠨ ᠭᠠᠷ ᠎ ᠠᠴᠠ ᠭᠠᠷᠤᠨ᠎ᠠ ᠭᠡᠳᠡᠭ ᠬᠡᠵᠢᠶ᠎ᠠ ᠴᠦ ᠪᠠᠶᠢᠬᠤ ᠦᠭᠡᠢ ᠬᠡᠷᠡᠭ᠃ᠬᠠᠮᠤᠭ ᠤᠨ ᠰᠠᠨᠠᠭ᠎ᠠ ᠵᠤᠪᠠᠮᠠᠷ ᠨᠢ ︽ᠪᠢ︾ ᠬᠡᠮᠡᠭᠴᠢ ᠡᠪᠡᠳᠴᠢᠨ ᠪᠢᠳᠡᠡ ᠤ ᠦᠷ᠎ᠡ ᠬᠤᠶᠢᠴᠢ᠂ ᠦᠰᠪᠦᠷᠢ ᠶᠢᠨ ᠨᠠᠰᠤᠨ ᠤ ᠬᠡᠦᠬᠡᠳ ᠤᠳ ᠲᠤ ᠨᠦᠬᠦᠴᠠᠯ ᠦᠭᠡᠢ ᠬᠠᠯᠳᠠᠪᠤᠷᠢᠯᠠᠭᠰᠠᠠ ᠳᠤ ᠪᠠᠶᠢᠭ᠎ᠠ ᠶᠤᠮ᠃ ᠲᠠ ᠪᠦᠬᠦᠨ ᠨᠠᠳᠠ ᠎ ᠪᠠᠷ ᠬᠡᠯᠡᠭᠦᠯᠦᠯᠳᠡ ᠦᠭᠡᠢ ᠰᠠᠶᠢᠬᠠᠠ ᠮᠡᠳᠡᠵᠦ ᠪᠤᠢ ᠪᠠᠶᠢᠬ᠎ᠠ  ᠂ ᠮᠠᠠ ᠤ ᠬᠡᠦᠬᠡᠳ ᠤᠳ ᠤᠨ ᠶᠠᠮᠠᠷ ᠵᠠᠷᠭᠡ ︽ᠬᠤᠪᠢᠨᠴᠢᠷ︾᠎ ᠢ᠃ ᠪᠦᠷ ᠤᠬᠠᠭᠠᠠ ᠤᠷᠤᠬᠤ ᠠᠴᠠ ᠪᠠᠨ ᠡᠬᠢᠯᠡᠭᠡᠳ ᠯᠠ ᠠᠯᠢᠪᠠ ᠲᠤᠭᠯᠠᠭᠠᠮ᠂ ᠢᠳᠡᠰᠢ ᠤᠤᠭᠤᠰᠢ ᠠᠴᠠ ᠠᠪᠬᠤᠭᠤᠯᠤᠭᠠᠳ ᠵᠢᠷᠤᠭᠳᠦ ᠶᠢᠨ ᠰᠤᠪᠠᠭ ᠰᠤᠯᠢᠯᠳᠠ ᠬᠦᠷᠳᠡᠯ᠎ᠡ ᠡᠨᠡ ᠲᠡᠷᠡ ᠪᠦᠭᠦᠳᠡ ᠳᠤ ᠨᠢ ︽ᠡᠵᠡᠡ ᠰᠠᠭᠤᠵᠦ︾᠂ ᠡᠴᠢᠭᠡ ᠡᠬᠡ ᠡᠪᠦᠭᠡ ᠡᠮᠡᠭᠡ ᠨᠢ ᠪᠦᠷ ᠲᠡᠳᠡᠡ ᠤ ᠠᠶᠠᠰ ᠢ ᠲᠠᠭᠠᠭᠠᠳ ᠡᠷᠭᠢᠵᠦ ᠪᠠᠶᠢᠬᠤ ᠶᠤᠰᠤᠳᠠᠢ᠃ ᠡᠶᠢᠮᠦ ︽ᠪᠦᠬᠦᠨ ᠢ ᠡᠵᠡᠷᠬᠡᠬᠦ︾ ᠦᠵᠡᠯ ᠪᠤᠳᠤᠯ ᠦᠭᠡᠷ᠎ᠡ ᠪᠠᠷ ᠬᠡᠯᠡᠪᠡᠯ ︽ᠪᠢ ᠯᠡ︾ ᠬᠡᠮᠡᠬᠦ ᠡᠪᠡᠳᠴᠢᠨ ᠬᠠᠭᠤᠴᠢᠨ ᠨᠢᠯᠬ᠎ᠠ ᠪᠠᠯᠴᠢᠷ ᠠᠴᠠ ᠨᠢ ᠲᠠᠯᠳᠠ ᠤᠬᠠᠮᠰᠠᠷ ᠲᠤ ᠨᠢ ᠨᠢᠭᠡ ᠯᠡ ᠮᠡᠳᠡᠬᠦᠨ᠎ᠡ ᠬᠤᠷᠠᠮᠳᠤᠯᠠᠭᠳᠠᠵᠦ᠂ ᠡᠨᠡ ᠨᠢ ᠨᠠᠰᠤᠨ ᠤ ᠨᠡᠮᠡᠭᠳᠡᠯ ᠢ ᠲᠠᠭᠠᠯᠳᠤᠨ ᠤᠯᠠᠮ ᠨᠡᠮᠡᠭᠳᠡᠬᠦ ᠠᠴᠠ ᠪᠤᠰᠤ ᠬᠠᠰᠤᠭᠳᠠᠬᠤ ᠨᠢ ᠪᠠᠭ᠎ᠠ ᠠᠵᠢ᠃ ᠠᠶᠢᠯ ᠤᠨ ᠭᠠᠭᠴᠠ ᠬᠡᠦᠬᠡᠳ ᠬᠤᠪᠢ ᠪᠠᠨ ᠬᠢᠴᠢᠶᠡᠭᠴᠢ ᠪᠤᠯᠳᠠᠭ ᠭᠡᠰᠡᠡ ᠰᠤᠳᠤᠯᠭ᠎ᠠ ᠪᠠᠶᠢᠭ᠎ᠠ᠃ ᠠᠷᠪᠠᠠ ᠬᠡᠳᠦᠨ ᠨᠠᠰᠤ ᠬᠦᠷᠦᠭᠰᠡᠡ ᠤ ᠲᠠᠷᠠᠭ᠎ᠠ ᠡᠶᠢᠮᠦ ᠬᠡᠦᠬᠡᠳ ᠭᠡᠷ ᠤᠨ ᠢᠶᠠᠨ ᠪᠦᠬᠦ ᠡᠳ᠋ᠯᠡᠯ ᠬᠤᠭᠰᠢᠯ ᠢ ︽ᠪᠢ ᠡᠳ᠋ᠯᠡᠬᠦ ᠶᠤᠰᠤᠳᠠᠢ᠂ ᠪᠢ ᠡᠳ᠋ᠯᠡᠬᠦ ᠦᠭᠡᠢ ᠬᠡᠡ ᠡᠳ᠋ᠯᠡᠬᠦ ᠶᠤᠮ ᠪᠤᠢ᠃ ᠠᠪᠤ ᠡᠵᠢ ᠲᠠ ᠨᠡᠷ ᠮᠢᠨᠦ ᠲᠦᠯᠦᠭᠡ ᠠᠮᠢᠳᠤᠷᠠᠵᠦ᠂ ᠮᠢᠨᠦ ᠲᠦᠯᠦᠭᠡ ᠵᠦᠳᠡᠷᠡᠵᠦ᠂ ᠮᠢᠨᠦ ᠲᠦᠯᠦᠭᠡ ᠦᠬᠦᠬᠦ ᠶᠤᠰᠤᠳᠠᠢ︾ ᠭᠡᠰᠡᠡ ᠶᠠᠭᠤᠮ᠎ᠠ ᠪᠦᠬᠦᠨ ᠢ ᠦᠪᠡᠷ ᠢᠶᠠᠷ ᠢᠶᠠᠨ ᠲᠦᠪᠯᠡᠭᠰᠡᠡ᠂ ᠲᠦᠰᠦᠭᠡᠯᠡᠭᠰᠡᠡ ᠡᠷᠬᠡ ᠲᠠᠩᠬᠠᠢ᠂  ᠡᠵᠡᠯᠡᠡ ᠠᠪᠤᠮᠠᠬᠠᠢ ᠨᠢᠭᠡᠡ ᠦᠶ᠎ᠡ ᠶᠢᠨ ᠬᠢᠨ ᠨᠡᠶᠢᠭᠡᠮ ᠤᠨ ᠤᠷᠤᠨ ᠵᠠᠢ ᠳᠤ ᠦᠪᠡᠷ ᠤᠨ ᠭᠡᠰᠡᠡ ᠪᠠᠶᠢᠷᠢ ᠪᠠᠨ ᠡᠵᠡᠯᠡᠩᠬᠡᠡ ᠤᠷᠤᠵᠦ ᠢᠷᠡᠵᠦ ᠪᠠᠶᠢᠨ᠎ᠠ᠃ ᠲᠡᠷᠡ ᠮᠦᠷᠳᠡᠭᠡᠡ ᠬᠡᠡ ᠢ ᠴᠦ ᠲᠤᠭᠤᠬᠤ ᠦᠭᠡᠢ᠂ ᠶᠠᠭᠤ ᠶᠢ ᠴᠦ ᠰᠢᠳᠦᠬᠦ ᠦᠭᠡᠢ᠂ ᠵᠦᠪᠬᠡᠡ ᠦᠪᠡᠷ ᠢ ᠪᠠᠨ ᠲᠤᠭᠤᠬᠤ ᠪᠤᠶᠦ ᠰᠢᠳᠦᠬᠦ ᠠᠴᠠ ᠴᠠᠭᠠᠰᠢ ᠦᠭᠡᠢ ᠡᠶᠢᠮᠤᠷᠭᠡᠤ ᠨᠢᠭᠡ ᠦᠶ᠎ᠡ ᠶᠢᠨ ᠬᠢᠨ ᠦᠰᠴᠦ ᠦᠨᠳᠡᠶᠢᠵᠦ ᠪᠠᠶᠢᠭ᠎ᠠ ᠭᠡᠳᠡᠭ ᠎ ᠲᠤ ᠬᠡᠡ ᠴᠦ ᠮᠠᠷᠭᠤᠬᠤ ᠦᠭᠡᠢ ᠪᠠᠶᠢᠬ᠎ᠠ᠃ ᠡᠨᠡ ᠬᠡᠡ ᠤ ᠪᠤᠷᠤᠭᠤ ᠶᠤᠮ ᠪᠤᠢ︖ ᠬᠡᠦᠬᠡᠳ ᠤᠨ ᠪᠤᠷᠤᠭᠤ ᠭᠡᠵᠢ ᠤᠤ︖ ᠠᠶᠢᠯ ᠪᠤᠯᠭᠠᠠ ᠠᠴᠠ ᠡᠶᠢᠮᠦ ︽ᠪᠢ︾ ᠬᠡᠮᠡᠭᠴᠢ ᠡᠪᠡᠳᠴᠢᠨ ᠳᠤ ᠬᠦᠨᠳᠦ ᠲᠤᠰᠤᠭᠰᠠᠠ ᠬᠡᠦᠬᠡᠳ ᠵᠠᠯᠠᠭᠤᠰ ᠤᠯᠤᠰ ᠨᠡᠶᠢᠭᠡᠮ ᠤᠨ ᠶᠡᠭᠡ ᠬᠠᠭᠠᠯᠭ᠎ᠠ ᠪᠠᠷ ᠴᠦᠮᠦᠷᠢᠨ ᠤᠷᠤᠵᠦ ᠤᠴᠢᠬᠤ ᠶᠤᠮ ᠪᠣᠯ ᠡᠨᠡ ᠴᠠᠭ ᠦᠶ᠎ᠡ᠂ ᠡᠨᠡ ᠤᠯᠤᠰ ᠭᠦᠷᠦᠨ᠂ ᠡᠨᠡ ᠨᠡᠶᠢᠭᠡᠮ ᠠᠬᠤᠢ ᠴᠢᠨᠠᠭᠰᠢᠯᠠᠪᠠᠯ ᠡᠨᠡ ᠬᠦᠮᠦᠨ ᠴᠢᠨᠠᠷ ᠶᠠᠭᠤ ᠪᠤᠯᠬᠤ ᠪᠤᠢ⁈ ᠲᠡᠷᠡ ᠪᠦᠷᠢ ᠲᠡᠶᠢᠮᠦ ᠪᠢᠰᠢ ᠶᠤᠮ ᠡ ᠬᠡᠭᠦ ᠳᠤ ᠲᠡᠭᠦᠨ ᠤ ᠡᠵᠡᠯᠡᠬᠦ ᠬᠠᠷᠢᠴᠠᠯ᠂ ᠦᠵᠡᠬᠦᠯᠬᠦ ᠬᠤᠤᠷ ᠤᠷᠰᠢᠭ ᠴᠢᠮᠠᠯᠠᠬᠤ ᠎ ᠪᠠᠷ ᠦᠭᠡᠢ ᠶᠡᠭᠡ ᠪᠠᠶᠢᠭ᠎ᠠ ᠶᠢ ᠨᠡᠶᠢᠭᠡᠮ ᠤᠨ ᠤᠬᠠᠭᠠᠨᠳᠠᠠ᠂ ᠰᠤᠷᠭᠠᠠ ᠬᠦᠮᠦᠵᠢᠭᠦᠯᠦᠭᠴᠢᠳ ᠰᠡᠳᠬᠢᠯ ᠰᠢᠮᠰᠢᠷᠡᠡ ᠶᠠᠷᠢᠵᠦ ᠪᠢᠴᠢᠵᠦ ᠪᠠᠶᠢᠭ᠎ᠠ ᠪᠢᠯᠡ᠃ ᠠᠯᠳᠠᠭ᠎ᠠ ᠡᠪᠡᠳᠴᠢᠨ ᠬᠤᠶᠠᠷ ᠢ ᠶᠠᠭᠠᠭᠢᠭᠰᠠᠠ ᠴᠦ ᠪᠠᠰᠤᠵᠦ ᠪᠤᠯᠬᠤ ᠦᠭᠡᠢ᠃ ᠪᠠᠭ᠎ᠠ ᠳᠤ ᠨᠢ ᠡᠰᠡ ᠵᠠᠰᠠᠪᠠᠯ ᠠᠶᠦᠯ ᠵᠠᠨᠤᠯᠬᠢᠯᠠᠯ ᠬᠡᠵᠢᠶ᠎ᠡ ᠨᠢᠭᠡᠡ ᠴᠠᠭ ᠲᠤ ᠦᠪᠡᠷ ᠤᠨ ᠬᠠᠷ᠎ᠠ ᠲᠤᠯᠤᠭᠠᠢ ᠲᠡᠭᠡᠷ᠎ᠡ ᠬᠦᠮᠦᠷᠢᠨ ᠪᠠᠭᠤᠬᠤ ᠴᠠᠭ ᠢᠷᠡᠵᠦ ᠮᠡᠳᠡᠨ᠎ᠡ ᠡ᠃ᠪᠠᠰᠠ ᠨᠢᠭᠡ ᠰᠠᠨᠠᠭ᠎ᠠ ᠵᠤᠪᠠᠮᠠᠷ ᠵᠦᠢᠯ ᠪᠣᠯ ︽ᠪᠢ︾ ᠬᠡᠮᠡᠭᠴᠢ ᠡᠪᠡᠳᠴᠢᠨ ᠪᠤᠷᠬᠠᠠ ᠪᠠᠭᠰᠢ ᠶᠢᠨ ᠦᠨᠡᠨᠴᠢ ᠱᠠᠪᠢ ᠬᠡᠮᠡᠭᠴᠢ ᠵᠠᠷᠢᠮ ᠯᠠᠮᠠ ᠬᠤᠸᠠᠷᠠᠭ ᠤᠨ ᠰᠡᠳᠬᠢᠯ ᠳᠤ ᠱᠦᠭᠯᠡᠭᠰᠡᠡ ᠶᠠᠪᠤᠳᠠᠯ ᠶᠤᠮ᠃ ᠯᠠᠮᠠ ᠬᠤᠸᠠᠷᠠᠭ ᠤᠨ ᠪᠤᠷᠬᠠᠠ ᠎ ᠤ ᠡᠮᠦᠨ᠎ᠡ ᠬᠦᠯᠢᠶᠡᠭᠰᠡᠡ ᠡᠭᠦᠷᠭᠡ ᠪᠣᠯ ᠠᠮᠢᠳᠠᠠ ᠵᠢᠷᠭᠤᠭᠠᠠ ᠵᠦᠢᠯ ᠢ ᠠᠶᠤᠯ ᠪᠠᠷᠴᠢᠳ ᠠᠴᠠ ᠵᠠᠶᠢᠯᠠᠭᠤᠯᠵᠦ᠂ ᠠᠷᠪᠠᠠ ᠴᠠᠭᠠᠠ ᠪᠤᠶᠠᠠ ᠢ ᠦᠢᠯᠡᠳᠬᠦ ᠤᠴᠢᠷ ᠪᠤᠯᠠᠢ᠃ ᠭᠡᠳᠡᠯ᠎ᠡ ᠤᠳᠤ ᠵᠠᠷᠢᠮ ᠯᠠᠮᠠ ᠬᠤᠸᠠᠷᠠᠭ ᠲᠡᠶᠢᠮᠦ ᠪᠢᠰᠢ ᠪᠤᠯᠵᠠᠢ᠃ ᠵᠠᠬ᠎ᠠ ᠵᠡᠭᠡᠯᠢ ᠶᠢᠨ ᠰᠢᠳᠠᠷ ᠵᠢᠭᠰᠠᠭᠠᠯ ᠳᠤ ᠲᠤᠷᠠᠳᠠᠶ᠎ᠠ ᠬᠠᠮᠤᠷᠤᠭᠳᠠᠨ ᠤᠷᠤᠵᠦ᠂ ᠪᠤᠶᠠᠠ ᠨᠢᠭᠦᠯ ᠡᠨᠡ ᠲᠡᠷᠡ ᠬᠡᠭᠦ ᠶᠢᠨ ᠤᠷᠤᠨ ᠳᠤ ᠪᠠᠶᠠᠠ ᠲᠠᠩᠰᠤᠭᠯᠠᠯ ᠳᠤ ᠢᠯᠡᠬᠦᠦ ᠰᠦᠵᠢᠭᠯᠡᠵᠦ᠂ ᠰᠠᠬᠢᠯ ᠰᠠᠨᠸᠠᠷ ᠭᠡᠳᠡᠭ ᠢ ᠠᠯᠢ ᠬᠡᠳᠦᠶᠢᠨᠡᠢ ︽ᠵᠤᠯᠢᠭ ᠲᠤ ᠭᠠᠷᠭᠠᠴᠢᠬᠠᠭᠠᠳ︾ ᠡᠰᠡᠡ ᠪᠤᠰᠤ ᠶᠢᠨ ᠴᠤᠬᠤᠷ ᠮᠦᠷ ᠬᠦᠭᠡᠭᠡᠵᠦ ᠪᠠᠶᠢᠭ᠎ᠠ ᠮᠠᠮᠠ ᠨᠡᠷ ᠠᠯᠳᠠᠭ ᠤᠨᠤᠭ ᠲᠠᠭᠠᠷᠠᠯᠳᠣᠭᠠᠳ ᠪᠠᠶᠢᠬᠤ ᠪᠤᠯᠤᠯ᠎ᠠ᠃ ᠲᠡᠷᠡ ᠴᠦ ᠪᠤᠤ ᠬᠡᠯᠡ ᠨᠤᠮ ᠭᠦᠷᠢᠮ ᠬᠢᠬᠦ ᠶᠢᠨ ᠨᠡᠷ᠎ᠡ ᠪᠠᠷ ᠨᠤᠮ ᠲᠠᠷᠨᠢᠳᠠᠬᠤ ᠠᠴᠠ ᠪᠠᠨ ᠢᠯᠡᠭᠦᠦ ᠲᠠᠢ ᠮᠦᠩᠭᠦ ᠲᠠᠷᠨᠢᠳᠡᠵᠦ᠂ ᠮᠦᠩᠭᠦ ᠲᠦᠭᠦᠷᠢᠭ  ᠴᠤᠭᠯᠠᠭᠤᠯᠬᠤ ᠳᠤ ᠰᠢᠨᠦᠨ ᠲᠠᠴᠢᠶᠡᠳᠡᠵᠦ᠂ ᠪᠤᠳᠠᠰ ᠤᠨ ᠴᠡᠩᠭᠡᠯ ᠳᠤ ᠲᠠᠰᠢᠭᠤᠷᠠᠬᠤ ᠪᠤᠯᠤᠭᠰᠠᠠ ᠨᠢ ᠪᠤᠷᠬᠠᠠ ᠤ ᠨᠤᠮᠯᠠᠯ ᠢᠶᠠᠷ ᠬᠡᠯᠡᠪᠡᠯ ︽ᠠᠯᠳᠠᠰ︾ ᠪᠢᠰᠢ ᠭᠡᠵᠢ ᠤᠤ⁈ ᠲᠡᠳᠡᠭᠡᠷ ᠯᠠᠮᠠ ᠨᠡᠷ ᠤᠨ ᠲᠠᠯᠳᠠ ᠤᠬᠠᠮᠰᠠᠷ ᠲᠤ ᠪᠤᠷᠬᠠᠠ ᠪᠣᠯ ᠵᠦᠭᠡᠷ ᠯᠠ ᠨᠢᠭᠡ ᠰᠢᠪᠠᠷ ᠪᠠᠷᠢᠮᠠᠯ᠂ ᠵᠢᠩᠬᠢᠨᠢ ᠪᠤᠷᠬᠠᠠ ᠪᠣᠯ ᠬᠠᠷᠢᠨ ︽ᠪᠢ︾ ᠶᠤᠮ ᠤᠤ ᠮᠦᠩᠭᠦ ᠪᠠᠶᠢᠵᠦ ᠴᠦ ᠮᠠᠭᠠᠳ‌ᠦᠭᠡᠢ᠃ ᠡᠨᠡ ᠴᠤᠬᠤᠮ ᠪᠤᠷᠬᠠᠠ ᠱᠠᠰᠢᠨ ᠤ ᠰᠢᠨᠡᠴᠢᠯᠡᠯ ᠤᠤ ᠪᠤᠳᠠ ᠪᠡᠶ᠎ᠡ ᠶᠢᠨ ᠴᠢᠯᠦᠭᠡᠯᠡᠯᠳᠡ ᠤᠤ⁈ ᠡᠰᠡᠪᠡᠯ ᠶᠠᠭᠤ ᠪᠤᠢ︖ ᠱᠠᠰᠢᠨ ᠤᠳᠬ᠎ᠠ ᠪᠠᠨ ᠠᠯᠳᠠᠬᠤ ᠳᠤ ᠬᠤᠶᠠᠷ ᠵᠦᠢᠯ ᠨᠦᠯᠦᠭᠡᠯᠡᠳᠡᠭ᠄ ᠨᠢᠭᠡ ᠨᠢ ᠤᠯᠤᠰ ᠲᠦᠷᠦ ᠳᠤ ᠤᠷᠤᠬᠤ ᠪᠠᠷ ᠂ ᠨᠦᠭᠦᠭᠡ ᠨᠢ ᠮᠦᠩᠭᠦ ᠲᠦᠭᠦᠷᠢᠭ ᠬᠦᠬᠡᠭᠡᠬᠦ ᠪᠠᠷ ᠁ ᠭᠡᠰᠡᠡ ᠦᠭᠡ ᠶᠢ ᠬᠠᠮᠢᠭ᠎ᠠ ᠨᠢᠭᠡ ᠭᠠᠵᠠᠷ ᠠᠴᠠ ᠤᠩᠰᠢᠭᠰᠠᠠ ᠰᠢᠭ᠋᠃ ᠳᠤᠳᠠᠭᠤ ᠳᠤᠯᠢᠮᠠᠭ ᠰᠤᠷᠤᠭᠰᠠᠠ ᠨᠤᠮ ᠢᠶᠠᠨ ᠪᠤᠷᠤᠭᠤ ᠬᠠᠵᠠᠭᠠᠢ ᠤᠩᠰᠢᠵᠦ᠂ ᠰᠦᠰᠦᠭᠳᠡᠡ ᠤᠯᠠᠠ ᠢ ᠮᠡᠬᠡᠯᠡᠵᠦ ᠮᠦᠩᠭᠦ ᠦᠰᠦᠷᠭᠡᠵᠦ ᠶᠠᠪᠤᠳᠠᠭ ︽ᠪᠤᠷᠬᠠᠠ ᠤ ᠱᠠᠪᠢ︾ ᠨᠡᠷ ᠤᠯᠠᠰᠢᠷᠠᠵᠦ ᠪᠠᠶᠢᠭ᠎ᠠ ᠨᠢ ᠶᠠᠭᠠᠭᠢᠪᠠᠴᠦ ᠰᠠᠶᠢᠨ ᠤ ᠴᠤᠨᠳᠤᠩ ᠪᠢᠰᠢ᠂ ᠪᠤᠷᠬᠠᠠ ᠤ ᠨᠤᠮ ᠢ ᠲᠤᠳᠠᠭᠤ ᠪᠤᠷᠤᠭᠤ ᠤᠩᠰᠢᠪᠠᠯ ᠬᠦᠮᠦᠨ ᠳᠤ ᠲᠤᠰᠠ ᠪᠤᠯᠬᠤ ᠦᠭᠡᠢ ᠨᠢᠭᠦᠯ ᠪᠤᠯᠳᠠᠭ ᠭᠡᠰᠡᠡ ᠴᠡᠭᠡᠷ ᠰᠤᠷᠭᠠᠯ ᠪᠤᠢ ᠪᠢᠯᠡ᠂ ᠠᠢ ᠪᠤᠤ ᠦᠵᠡᠭᠳᠡ︕ ᠭᠡᠵᠤ ᠨᠢᠭᠡᠡ ᠶᠡᠭᠡ ᠨᠤᠮ ᠲᠠᠢ ᠯᠠᠮᠪᠤᠭᠠᠢ ᠭᠠᠰᠠᠯᠵᠦ ᠰᠠᠭᠤᠭᠰᠠᠠ ᠢ ᠰᠠᠨᠠᠵᠦ ᠪᠠᠶᠢᠨ᠎ᠠ᠃ ᠡᠨᠡ ᠦᠶ᠎ᠡ ᠳᠤ ︽ᠵᠠᠷᠢᠮ ᠦᠶ᠎ᠡ ᠳᠤ ᠴᠢᠳᠬᠦᠷ ᠰᠢᠮᠨᠤᠰ ᠴᠦ ᠠᠷᠢᠭᠤᠨ ᠨᠤᠮ ᠤᠨ ᠨᠡᠷ᠎ᠡ ᠵᠢᠭᠠᠵᠦ ᠦᠪᠡᠷ ᠢ ᠪᠠᠨ ᠦᠮᠦᠭᠯᠡᠳᠡᠭ︾ ᠭᠡᠰᠡᠡ ᠦᠷᠦᠨᠡᠳᠠᠬᠢᠨ ᠤ ᠬᠦᠴᠦᠳᠦ ᠦᠭᠡ ᠦᠪᠡᠷ ᠤᠨ ᠡᠷᠬᠡ ᠦᠭᠡᠢ ᠪᠤᠳᠤᠭᠳᠠᠵᠦ ᠪᠢᠯᠡ᠃ ᠡᠨᠡᠬᠦ ᠴᠠᠭ ᠦᠶ᠎ᠡ ᠳᠤ ᠲᠠᠬᠤᠯ ᠰᠢᠭ᠋ ᠬᠦᠴᠦ ᠎ ᠪᠠᠨ ᠦᠭᠭᠦ ᠦᠭᠡᠢ ᠲᠠᠷᠬᠠᠵᠦ ᠪᠠᠶᠢᠭ᠎ᠠ ︽ᠪᠢ︾ ᠬᠡᠮᠡᠭᠴᠢ ᠡᠪᠡᠳᠴᠢᠨ ᠢ ᠤᠨᠤᠰᠢᠯᠠᠠ ᠵᠠᠰᠠᠬᠤ ᠳᠤ ᠪᠤᠷᠬᠠᠠ ᠤ ᠨᠤᠮ ᠢ ᠰᠤᠷᠳᠠᠯᠴᠢᠯᠠᠭᠴᠢ ᠱᠠᠪᠢ ᠨᠡᠷ ᠬᠠᠷᠢᠨ ᠨᠠᠶᠢᠳᠠᠪᠤᠷᠢᠳᠠᠢ ᠲᠤᠰᠠᠯᠠᠯᠴᠠᠭ᠎ᠠ ᠦᠵᠡᠭᠦᠯᠬᠦ ᠶᠤᠰᠤᠳᠠᠢ ᠪᠠᠶᠢᠭᠰᠠᠠ᠃ ᠭᠡᠳᠡᠯ᠎ᠡ ᠴᠦᠭᠡᠡ ᠪᠤᠯᠪᠠᠴᠦ ᠰᠢᠨᠤᠬᠠᠢ ᠯᠠᠮᠠ ᠨᠡᠷ ᠤᠨ ᠬᠠᠷ᠎ᠠ ᠭᠠᠢ ᠪᠠᠷ ᠪᠤᠷᠬᠠᠠ ᠱᠠᠰᠢᠨ ᠤ ᠨᠡᠷ᠎ᠡ ᠲᠦᠷᠦ ᠭᠬᠢᠷᠳᠦᠭᠦ ᠭᠡᠳ ᠪᠠᠶᠢᠬᠤ ᠨᠢ ᠭᠠᠴᠢᠯᠠᠩ ᠲᠠᠢ᠃ ᠡᠨᠡ ᠨᠢ ᠮᠥᠨ ︽ᠪᠢ︾ ᠬᠡᠮᠡᠭᠴᠢ ᠡᠪᠡᠳᠴᠢᠨ ᠬᠠᠷᠢᠴᠠᠩᠭᠤᠢ ᠠᠷᠢᠭᠤᠨ ᠲᠠᠭᠱᠠᠠ ᠪᠠᠶᠢᠭᠰᠠᠭᠠᠷ ᠢᠷᠡᠭᠰᠡᠡ ᠠᠭᠠᠳ ᠪᠠᠶᠢᠬᠤ ᠴᠦ ᠤᠴᠢᠷᠳᠠᠢ ᠰᠦᠮ᠎ᠡ ᠲᠤᠭᠠᠩ ᠤᠨ ᠬᠦᠷᠢᠶᠡᠡ ᠳᠤ ᠨᠡᠪᠴᠢᠨ ᠤᠷᠤᠭᠰᠠᠠ ᠤ ᠲᠤᠳᠤ ᠵᠢᠱᠢᠶ᠎ᠡ ᠪᠢᠰᠢ ᠭᠡᠵᠢ ᠤᠤ⁈ᠵᠠ ᠪᠤᠯᠢᠶ᠎ᠠ᠃ ︽ᠪᠢ︾ ᠬᠡᠮᠡᠭᠴᠢ ᠡᠪᠡᠳᠴᠢᠨ ᠶᠠᠭ ᠯᠠ ᠬᠠᠯᠠᠭᠤᠨ ᠲᠤᠮᠤᠭᠤ ᠰᠢᠭ᠋ ᠦᠨᠳᠦᠷ ᠬᠤᠷᠳᠤᠴᠠ ᠪᠠᠷ᠂ ᠲᠠᠯᠠᠶᠢᠴᠠᠳᠠᠢ ᠪᠠᠷ ᠨᠡᠶᠢᠭᠡᠮ ᠤᠨ ᠪᠦᠬᠦ ᠬᠦᠷᠢᠶᠡᠡ ᠳᠤ ᠲᠦᠭᠡᠡ ᠲᠠᠷᠬᠠᠵᠦ ᠪᠠᠶᠢᠬᠤ ᠶᠢ ᠠᠯᠢ ᠶᠢ ᠨᠢ ᠲᠡᠷᠡ ᠬᠡᠭᠦᠪ᠃ ᠮᠡᠷᠭᠡᠡ ᠰᠢᠨᠵᠢᠭᠡᠴᠢ ᠲᠦᠷᠭᠡᠡ ᠤᠨᠤᠰᠢᠯᠠᠭᠠᠴᠢ ᠲᠠ ᠪᠦᠬᠦᠨ ᠮᠠᠨᠢ ᠦᠪᠡᠷ ᠤᠨ ᠬᠢ ᠪᠠᠷ ᠢᠶᠠᠨ ᠢᠯᠡᠴᠢᠯᠡᠡ ᠵᠠᠳᠠᠯᠵᠦ᠂ ᠤᠨᠤᠰᠢᠯᠠᠠ ᠠᠨᠠᠭᠠᠬᠤ ᠪᠤᠢ ‍ᠶ᠎ᠡ᠃︽ᠪᠢ︾ ᠬᠡᠮᠡᠭᠴᠢ ᠡᠪᠡᠳᠴᠢᠨ ᠳᠤ ᠬᠠᠯᠳᠠᠪᠤᠷᠢᠯᠠᠭᠳᠠᠭ᠎ᠠ ᠦᠭᠡᠢ ᠲᠠᠷᠬᠠᠯᠠᠭ᠎ᠠ ᠰᠠᠶᠢᠳᠠᠢ ᠬᠦᠮᠦᠨ ᠢ ᠦᠨᠦ ᠶᠢᠨ ᠶᠢᠷᠳᠢᠨᠴᠦ ᠠᠴᠠ ᠡᠳᠦᠷ ᠢᠶᠠᠷ ᠳ᠋ᠧᠩᠯᠦ ᠪᠠᠷᠢᠭᠠᠳ ᠡᠷᠢᠵᠦ ᠤᠯᠬᠤ ᠳᠤ ᠪᠡᠷᠬᠡ ᠪᠤᠯᠤᠭᠰᠠᠠ ᠮᠡᠳᠣ᠃ ᠬᠠᠯᠳᠠᠪᠤᠷᠢᠯᠠᠭᠳᠠᠭᠰᠠᠠ ᠬᠡᠮᠵᠢᠶ᠎ᠡ ᠨᠢ ᠬᠦᠨᠳᠦ ᠤᠤ ᠬᠦᠩᠭᠡᠡ ᠤᠤ ᠶᠡᠭᠡ ᠤᠤ ᠪᠠᠭ᠎ᠠ ᠤᠤ ᠭᠡᠳᠡᠭ ᠢ ᠯᠠ ᠴᠡᠩᠨᠡᠬᠦ ᠠᠴᠠ ᠪᠢᠰᠢ᠃ ᠪᠤᠰᠤᠳ ᠤᠨ ᠲᠦᠯᠦᠭᠡ᠂ ᠨᠡᠶᠢᠳᠡ ᠶᠢᠨ ᠲᠦᠯᠦᠭᠡ ᠭᠤᠶᠠᠴᠢ ᠦᠭᠡᠢ ᠵᠢᠳᠬᠦᠳᠡᠭ ᠠᠯᠳᠠ ᠰᠢᠭ᠋ ᠬᠦᠮᠦᠨ ᠤᠳᠤ ᠬᠠᠮᠢᠭ᠎ᠠ ᠪᠠᠶᠢᠨ᠎ᠠ ᠡ︖ ᠪᠠᠶᠢᠬᠤ ᠪᠠᠷ ᠪᠤᠳᠤᠬᠤ ᠳᠤ ᠲᠡᠳᠡᠭᠡᠷ ᠬᠦᠮᠦᠰ ᠤᠨ ᠬᠤᠪᠢ ᠵᠠᠶᠠᠭ᠎ᠠ᠂ ᠤᠷᠴᠢᠨ ᠪᠠᠶᠢᠳᠠᠯ ᠶᠠᠮᠠᠷᠬᠠᠠ ᠪᠤᠯᠵᠦ ᠪᠠᠶᠢᠭ᠎ᠠ ᠪᠢᠯᠡ︖ ︽ᠬᠦᠷᠦᠰᠦᠳᠦ ᠲᠡᠯᠡᠬᠡᠢ ᠳᠤ ᠬᠦᠮᠦᠨ ᠪᠤᠯᠵᠦ ᠲᠦᠷᠦᠭᠡᠳ ᠦᠪᠡᠷ ᠎ ᠢ ᠪᠠᠨ ᠪᠤᠳᠤᠬᠤ ᠦᠭᠡᠢ ᠪᠤᠯᠪᠠᠰᠣ ᠬᠦᠬᠡ ᠲᠡᠭᠷᠢ ᠨᠢᠷᠭᠡᠮᠦᠢ︾ ᠭᠡᠰᠡᠡ ᠬᠢᠳᠡᠳ ᠤᠨ ᠹᠸᠤᠳᠠᠯ ᠤᠨ ᠨᠡᠶᠢᠭᠡᠮ ᠤᠨ ᠦᠶ᠎ᠡ ᠶᠢᠨ ᠠᠮᠢᠳᠤᠷᠠᠬᠤᠢ ᠶᠢᠨ ᠦᠵᠡᠯᠳᠡ ᠶᠢ ᠲᠦᠯᠦᠭᠡᠯᠡᠵᠦ ᠴᠢᠳᠠᠬᠤᠶᠢᠴᠠ ᠡᠨᠡ ᠦᠭᠡ ᠰᠤᠷᠭᠠᠯ ᠢ ᠬᠡᠳᠦᠬᠡᠨ ᠵᠢᠯ ᠎ ᠤᠨ ᠡᠮᠦᠨ᠎ᠡ ᠰᠤᠷᠬᠤ ᠪᠢᠴᠢᠭ ᠠᠴᠠ ᠰᠤᠷᠤᠯᠴᠠᠬᠤ ᠮᠠᠲ᠋ᠧᠷᠢᠶᠠᠯ ᠬᠦᠷᠳᠡᠯ᠎ᠡ ᠵᠠᠳᠠ ᠰᠢᠭᠦᠮᠵᠢᠯᠡᠵᠦ᠂ ︽ᠶᠢᠰᠦᠨ ᠪᠤᠯᠠᠭ ︾᠎ ᠤᠨ ᠳᠤᠤᠷ᠎ᠠ ᠤᠷᠤᠭᠤᠯᠤᠭᠠᠳ ᠲᠠᠬᠢᠵᠦ ᠰᠡᠬᠡᠵᠦ ᠪᠤᠰᠬᠤ ᠪᠠᠷ ᠦᠭᠡᠢ ᠪᠤᠯᠭᠠᠵᠦ ᠪᠠᠶᠢᠭᠰᠠᠠ ᠰᠠᠨ᠃ ᠭᠡᠳᠡᠯ᠎ᠡ ᠤᠳᠤ ᠲᠡᠷᠡ ᠦᠭᠡ ᠲᠠᠬᠢᠵᠦ ᠠᠮᠢᠳᠤᠷᠠᠯ ᠠᠬᠤᠢ ᠳᠤ ︽ᠰᠡᠷᠭᠦᠨ ᠮᠠᠨᠳᠤᠭᠠᠳ︾ ᠲᠡᠭᠦᠨ ᠠᠴᠠ ᠮᠡᠷᠭᠡᠡ ᠲᠡᠭᠦᠨ ᠎ ᠠᠴᠠ ᠬᠦᠴᠦᠳᠡᠢ ᠨᠢ ᠦᠭᠡᠢ ᠪᠤᠯᠬᠤ ᠳᠠᠭᠠᠨ ᠲᠦᠬᠦᠵᠦ ᠪᠠᠶᠢᠨ᠎ᠠ ᠭᠡᠳ ᠪᠤᠳᠤ ᠳ᠋ᠠ᠃ᠮᠡᠳᠡᠭᠡᠯᠡᠯ ᠤᠨ ᠡᠷᠢᠨ ᠦᠶ᠎ᠡ ᠢᠷᠡᠬᠦ ᠶᠢ ᠲᠠᠭᠠᠯᠳᠤᠨ ᠲᠡᠯᠡᠬᠡᠢ ᠶᠢᠷᠳᠢᠨᠴᠦ ᠤᠯᠠᠮ ᠬᠢᠯᠢ ᠬᠢᠵᠠᠭᠠᠷ ᠦᠭᠡᠢ᠂ ᠤᠯᠠᠮ ᠨᠡᠭᠡᠭᠡᠯᠳᠡᠳᠡᠢ  ᠂ ᠬᠦᠮᠦᠨ ᠤ ᠬᠠᠷᠢᠴᠠᠭ᠎ᠠ ᠬᠤᠯᠪᠤᠭ᠎ᠠ ᠤᠯᠠᠮ ᠦᠷᠭᠡᠡ ᠴᠢᠯᠦᠭᠡᠳᠡᠢ ᠪᠤᠯᠵᠦ ᠪᠠᠶᠢᠭ᠎ᠠ ᠶᠤᠮ ᠰᠢᠭ᠋ ᠪᠤᠯᠪᠠᠴᠦ ᠬᠠᠷᠢᠨ ᠡᠰᠡᠷᠭᠦ ᠪᠠᠷ ᠬᠦᠮᠦᠨ ᠲᠦᠷᠦᠯᠬᠢᠳᠡᠡ ᠤᠯᠠᠮ ᠢᠶᠠᠷ ᠦᠪᠠᠷ ᠵᠦᠭ ᠢᠶᠠᠨ ᠴᠢᠭᠯᠡᠵᠦ᠂ ᠲᠤᠳᠤᠭᠠᠳᠤ ᠶᠢᠷᠳᠢᠨᠴᠦ ᠤᠷᠤᠭᠤ ᠪᠠᠨ ᠠᠪᠴᠢᠵᠦ ᠬᠤᠮᠢᠭᠳᠠᠬᠤ ᠪᠤᠯᠵᠠᠢ᠃ ᠨᠢᠭᠡ ᠯᠠ ᠦᠭᠡ ᠪᠠᠷ ᠬᠡᠯᠡᠪᠡᠯ ᠬᠠᠷ᠎ᠠ ᠠᠮᠢ ᠪᠠᠨ ᠯᠠ ᠬᠢᠴᠢᠶᠡᠬᠦ ᠪᠤᠯᠵᠠᠢ᠃ ︽ᠠᠯᠳᠠᠷ ᠨᠢ ᠮᠢᠨᠦ᠂ ᠠᠯᠳᠠᠭ᠎ᠠ ᠨᠢ ᠴᠢᠨᠦ᠃ ᠤᠯᠵᠠ ᠨᠢ ᠮᠢᠨᠦ᠂ ᠤᠷᠬᠢᠳᠠᠰᠤ ᠨᠢ ᠴᠢᠨᠦ ᠁︾ ᠭᠡᠳ ᠯᠠ ᠶᠠᠪᠤᠭᠠᠳ ᠪᠠᠶᠢᠳᠠᠭ ᠬᠦᠮᠦᠰ ᠪᠣᠯ ᠶᠠᠭᠠᠬᠢᠬᠤ ᠠᠷᠭ᠎ᠠ ᠦᠭᠡᠢ ︽ᠪᠢ︾  ᠲᠦᠪ ᠲᠠᠢ ᠪᠡᠳᠡᠬᠢ ᠰᠢᠭ ᠡᠪᠡᠳᠴᠢᠨ ᠳᠤ ᠨᠡᠪᠳᠡ ᠰᠢᠪᠳᠤ ᠠᠪᠳᠠᠭᠳᠠᠭᠰᠠᠠ ᠪᠠᠶᠢᠳᠠᠭ᠃ ᠡᠶᠢᠮᠦ ᠬᠦᠮᠦᠰ ᠴᠦ ᠤᠳᠤ ᠲᠠᠭᠠᠨ᠎ᠠ ᠶᠢᠨ ᠲᠤᠯᠤᠭᠠᠢ ᠰᠢᠭ᠋ ᠠᠷᠪᠢᠨ ᠪᠤᠯᠵᠦ ᠪᠠᠶᠢᠨ᠎ᠠ ᠳ᠋ᠡ᠃︽ᠪᠢ  ︾ ᠬᠡᠮᠡᠭᠴᠢ ᠡᠪᠡᠳᠴᠢᠨ ᠮᠠᠰᠢ ᠤᠯᠠᠠ ᠬᠦᠮᠦᠨ ᠤ ᠵᠢᠷᠦᠬᠡ ᠰᠡᠳᠬᠢᠯ ᠰᠠᠶᠢᠬᠠᠠ ᠴᠢᠨᠠᠷ ᠢ ᠰᠡᠪᠳᠦᠭᠡᠡ ᠬᠤᠷᠤᠬᠠᠶᠢᠳᠣᠭᠤᠯᠵᠦ᠂ ᠰᠡᠭᠯᠡᠡ ᠮᠡᠷᠡᠵᠦ ᠪᠠᠶᠢᠭ᠎ᠠ ᠨᠢ ᠬᠠᠷᠠᠰᠠᠯᠳᠠᠢ᠃ ᠡᠨᠡ ︽ᠡᠪᠡᠳᠴᠢᠨ︾᠎ ᠠᠴᠠ ᠰᠢᠯᠳᠠᠭᠠᠯᠠᠵᠦ᠂ ᠨᠡᠶᠢᠭᠡᠮ ᠳᠤ ᠡᠳᠦᠢ ᠲᠡᠳᠦᠢ ᠠᠰᠠᠭᠤᠳᠠᠯ ᠢ ᠡᠭᠦᠰᠭᠡᠵᠦ  ᠮᠡᠳᠡᠬᠦ ᠨᠢ ᠭᠠᠷᠴᠠᠭ᠎ᠠ ᠦᠭᠡᠢ᠃  ᠲᠡᠷᠡ ᠨᠢ ᠦᠮᠠᠠ᠂ ᠠᠶᠢᠽᠢ ᠮᠡᠳᠣ ᠶᠢᠨ ᠡᠪᠡᠳᠴᠢᠨ ᠠᠴᠠ ᠴᠦ ᠢᠯᠡᠭᠦᠦ ᠠᠶᠤᠮᠰᠢᠭᠳᠠᠢ ᠪᠦᠭᠡᠳ ᠲᠡᠭᠦᠨ ᠢ ᠵᠠᠰᠠᠵᠦ ᠡᠳᠡᠭᠡᠭᠡᠵᠦ ᠠᠪᠬᠤ ᠎ ᠳᠤ ᠨᠡᠯᠢᠶᠡᠳ ᠴᠠᠭ ᠬᠤᠭᠤᠴᠠᠭ᠎ᠠ᠂ ᠤᠶᠤᠨ ᠤᠬᠠᠭᠠᠠ᠂ ᠬᠦᠴᠦ ᠬᠦᠳᠡᠯᠮᠤᠷᠢ᠂ ᠬᠢᠴᠢᠶᠡᠯ ᠵᠢᠳᠬᠦᠯ ᠱᠠᠭᠠᠷᠳᠠᠭᠳᠠᠨ᠎ᠠ᠃ᠬᠦᠮᠦᠰ ᠡ︕ ︽ᠪᠢ︾ ᠬᠡᠮᠡᠭᠴᠢ ᠡᠪᠡᠳᠴᠢᠨ ᠭᠠᠳᠠᠭᠠᠳᠤ ᠨᠦᠬᠦᠴᠡᠯ ᠠᠴᠠ ᠪᠤᠰᠤ ᠳᠤᠳᠤᠭᠠᠳᠤ ᠰᠢᠯᠳᠠᠭᠠᠠ ᠲᠡᠭᠡᠷ᠎ᠡ ᠦᠨᠳᠦᠰᠦᠯᠡᠳᠡᠭ ᠤᠴᠢᠷ ᠲᠡᠭᠦᠨ ᠢ ᠲᠦᠢᠯᠪᠤᠷᠢᠳᠡᠢ ᠢᠯᠠᠷᠢᠰᠢᠬᠦᠯᠬᠦ ᠳᠤ ᠮᠥᠨ ᠦᠷᠦᠭᠡᠯ ᠠᠴᠠ ᠪᠤᠰᠤ ᠦᠪᠡᠷ ᠠᠴᠠ ᠪᠠᠨ ᠡᠬᠢᠯᠡᠬᠦ ᠬᠡᠷᠡᠭᠳᠡᠢ᠃ ᠦᠭᠡᠷᠡᠴᠢᠯᠡᠯᠳᠡ ᠦᠪᠡᠷ ᠠᠴᠠ ᠪᠠᠨ ᠭᠡᠳᠡᠭ ᠰᠢᠦ ᠳ᠋ᠡ᠃ ︽ᠦᠪᠡᠷ ᠢ ᠎ ᠪᠠᠨ ᠦᠭᠡᠷᠡᠴᠢᠯᠡᠭᠰᠡᠡ ᠨᠢᠭᠡᠡ ᠪᠤᠰᠤᠳ ᠢ ᠦᠭᠡᠷᠡᠴᠢᠯᠡᠳᠡᠭ ᠪᠣᠯ ᠰᠡᠳᠭᠢᠯᠭᠡ ᠪᠠᠨ ᠰᠢᠨᠡᠴᠢᠯᠡᠭᠰᠡᠡ ᠬᠦᠮᠦᠨ ᠴᠠᠭ ᠦᠶ᠎ᠡ ᠪᠠᠨ ᠰᠢᠨᠡᠴᠢᠯᠡᠳᠡᠭ︾ ᠭᠡᠰᠡᠡ ᠰᠠᠶᠢᠬᠠᠠ ᠦᠭᠡ ᠪᠤᠢ᠃     ︽ᠪᠢ᠂ ᠪᠢ︾ ᠬᠡᠮᠡᠡ ᠶᠠᠪᠤᠭᠰᠠᠭᠠᠷ ᠪᠠᠶᠢᠭᠠᠳ ᠪᠡᠶ᠎ᠡ ᠶᠢᠨ ᠢᠶᠠᠨ ᠬᠠᠩᠰᠢ ᠶᠢ ᠲᠤᠭᠤᠭᠰᠢ ᠨᠢ ᠤᠨᠠᠭᠠᠬᠤ ᠪᠤᠢ ᠳ᠋ᠡ᠃     ︽ᠪᠢ᠂ ᠪᠢ︾ ᠬᠡᠮᠡᠡ ᠰᠢᠨᠠᠯᠤᠭᠰᠠᠭᠠᠷ ᠶᠠᠪᠤᠭᠠᠳ ᠤᠶᠤᠨ ᠪᠢᠯᠢᠭ ᠤᠨ ᠢᠶᠠᠨ ᠢᠯᠳᠦ ᠶᠢ ᠮᠤᠬᠤᠭᠠᠬᠤ ᠪᠤᠢ ᠳ᠋ᠡ᠃     ︽ᠪᠢ ᠭᠡᠳᠡᠭ ᠦᠵᠡᠯ ᠠᠴᠠ ᠠᠩᠭᠢᠳᠡ ᠪᠠᠢ︕︾ ᠭᠡᠰᠡᠡ ᠪᠤᠷᠬᠠᠠ ᠤ ᠰᠤᠷᠭᠠᠯ ᠢ ᠰᠠᠨᠠᠵᠦ ᠶᠠᠪᠤᠪᠠᠰᠤ ᠦᠯᠵᠡᠢ ᠲᠠᠢ ᠪᠦᠯᠦᠭᠡ᠃2013.08.09 ---- 2013.09.01 ( ᠭᠠᠭᠴᠠ ᠴᠠᠭᠠᠠ ᠮᠡᠩᠭᠡ ᠲᠠᠢ ᠴᠠᠭᠠᠠ ᠮᠤᠷᠢ ᠡᠳᠦᠷ )ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号