ᠰᠠᠶᠢᠬᠠᠨ ᠦᠢᠯᠡᠰ ᠤᠨ ᠬᠡᠶᠢᠮᠦᠷᠢ ᠪᠠᠳᠠᠷᠠᠵᠤ ᠰᠠᠶᠢᠨ ᠦᠢᠯᠡ ᠶᠢᠨ ᠬᠡᠰᠢᠭ ᠪᠤᠶᠠᠨ ᠲᠡᠯᠭᠡᠷᠡᠨ᠎ᠡ
ᠨᠡᠶᠢᠲᠡᠯᠡᠭᠰᠡᠨ ᠴᠠᠭ᠄
2020/12/4
               ︽ᠴᠠᠭᠠᠨ  ᠯᠠ ᠭᠤᠤᠯ ᠤᠨ ᠪᠤᠷᠭᠠᠰᠤ ᠨᠢ     ᠠᠷᠤᠬᠠᠨ ᠲᠠᠯ᠎ᠠ ᠳᠠᠭᠠᠨ ᠰᠡᠭᠦᠳᠡᠷ ᠲᠠᠢ     ᠴᠠᠭᠠᠨ ᠯᠠ ᠪᠤᠭᠤᠷᠤᠯ ᠠᠪᠤ ᠪᠠᠨ    ᠴᠠᠰᠤ ᠲᠠᠢ ᠡᠳᠦᠷ ᠲᠡᠭᠡᠨ ᠰᠠᠨᠠᠨ᠎ᠠ︾  ᠭᠡᠵᠤ ᠲᠠᠭᠤᠯᠠᠬᠳᠠᠬᠤ ᠨᠢ ᠰᠤᠨᠤᠰᠳᠠᠨ᠎ᠠ᠃  ᠶᠠᠮᠠᠷ ᠰᠠᠶᠢᠬᠠᠨ ᠲᠠᠭᠤᠤ ᠪᠤᠢ︖  ᠠᠯᠠᠱᠠᠴᠤᠳ︽ᠴᠠᠭᠠᠨ ᠭᠤᠤᠯ ᠤᠨ ᠪᠤᠷᠭᠠᠰᠤ︾  ᠠᠷᠠᠳ ᠤᠨ ᠲᠠᠭᠤᠤ ᠪᠠᠨ ᠰᠤᠷᠴᠤ ᠪᠠᠶᠢᠬᠤ ᠶᠤᠮ ᠭᠡᠨ᠎ᠡ᠃  ᠲᠡᠭᠦᠨ ᠤ ᠴᠠᠭᠠᠨ᠎ᠠ ᠠᠴᠠ ︽ᠲᠡᠭᠷᠢ ᠬᠠᠶᠠᠭᠠᠨ ᠳᠤ︾ ᠬᠡᠮᠡᠬᠦ ᠬᠦᠭᠵᠢᠮ ᠤᠨ ᠠᠶ᠎ᠠ ᠰᠤᠨᠤᠷ ᠮᠢᠯᠢᠶᠠᠵᠤ ᠰᠡᠳᠭᠢᠯ ᠲᠠᠳᠠᠨ᠎ᠠ᠃ ᠶᠠᠭᠠᠬᠢᠬᠰᠠᠨ ᠭᠤᠶᠤ ᠠᠶ᠎ᠠ ᠪᠤᠢ︖ ᠮᠤᠩᠭᠤᠯᠴᠤᠳ ᠬᠠᠭᠠᠨ ᠬᠦᠭᠵᠢᠮ ᠪᠤᠯᠬᠤ ᠮᠤᠷᠢᠨ ᠬᠤᠭᠤᠷ ᠢᠶᠠᠨ ᠰᠤᠷᠴᠤ ᠪᠠᠶᠢᠬᠤ ᠶᠤᠮ ᠭᠡᠨ᠎ᠡ᠃ ᠲᠡᠳᠡ ᠪᠤᠯ ᠠᠯᠠᠱᠠ ᠵᠡᠭᠦᠨ ᠬᠤᠰᠢᠭᠤᠨ ᠤ ᠵᠢᠷᠠᠳᠠᠢ ᠪᠠᠯᠭᠠᠰᠤᠨ ᠤ ᠦᠨᠳᠦᠰᠦᠳᠡᠨ ᠤ ᠤᠷᠠᠯᠢᠭ ᠤᠨ ᠪᠦᠯᠬᠦᠮ ᠤᠨ ᠬᠢᠨ ᠪᠤᠯᠤᠨ᠎ᠠ᠃
  11 ᠰᠠᠷ᠎ᠠ ᠶᠢᠨ18᠎ ᠤ ᠡᠳᠦᠷ ᠤᠨ ᠦᠳᠡ ᠶᠢᠨ ᠬᠤᠶᠢᠨ᠎ᠠ᠂ ᠵᠢᠷᠠᠳᠠᠢ ᠪᠠᠯᠭᠠᠰᠤᠨ ᠤ ᠦᠨᠳᠦᠰᠦᠳᠡᠨ ᠤ ᠤᠷᠠᠯᠢᠭ ᠤᠨ ᠪᠦᠯᠬᠦᠮ ᠡᠪᠦᠯ ᠤᠨ ᠠᠭᠤᠷ ᠤᠷᠤᠬᠰᠠᠨ ᠠᠴᠠ ᠨᠠᠭᠠᠰᠢᠬᠢ ᠠᠩᠬᠠᠨ ᠤ ᠬᠠᠮᠳᠤ ᠶᠢᠨ ᠰᠤᠷᠤᠯᠴᠠᠯᠭ᠎ᠠ ᠎ ᠪᠠᠨ ᠵᠤᠬᠢᠶᠠᠨ ᠪᠠᠶᠢᠭᠤᠯᠵᠤ᠂ ᠡᠷᠳᠡᠨᠢᠴᠡᠴᠡᠭ ᠪᠠᠭᠰᠢ ᠠᠴᠠ ︽ᠴᠠᠭᠠᠨ ᠭᠤᠤᠯ ᠤᠨ ᠪᠤᠷᠭᠠᠰᠤ︾ ᠠᠷᠠᠳ ᠤᠨ ᠲᠠᠭᠤᠤ᠂ ᠬᠠᠰᠴᠡᠴᠡᠭ ᠪᠠᠭᠰᠢ ᠠᠴᠠ ︽ᠲᠡᠭᠷᠢ ᠶᠢᠨ ᠬᠠᠶᠠᠭᠠᠨ ᠳᠤ︾ ᠮᠤᠷᠢᠨ ᠬᠤᠭᠤᠷ ᠤᠨ ᠠᠶ᠎ᠠ ᠵᠢᠭᠠᠨ᠎ᠠ᠃ ᠦᠨᠳᠦᠰᠦᠳᠡᠨ ᠤ ᠤᠳᠬ᠎ᠠ ᠤᠷᠠᠯᠢᠭ ᠰᠤᠶᠤᠯ ᠳᠠᠭᠠᠨ ᠬᠠᠶᠢᠷᠠᠳᠠᠢ ᠬᠦᠮᠦᠰ ᠢᠶᠠᠷ ᠪᠦᠷᠢᠯᠳᠦᠭᠰᠡᠨ ᠡᠨᠡ ᠪᠦᠯᠬᠦᠮ ᠢ ᠵᠢᠷᠠᠳᠠᠢ ᠪᠠᠯᠭᠠᠰᠤᠨ ᠤ 25 ᠭᠠᠴᠠᠭ᠎ᠠ᠂ 2 ᠲᠦᠮᠡ ᠭᠠᠷᠤᠢ ᠬᠦᠮᠦᠨ ᠪᠦᠭᠦᠳᠡᠭᠡᠷ ᠢᠶᠠᠨ ᠮᠡᠳᠡᠬᠦ ᠪᠠᠷ ᠪᠠᠷᠠᠬᠤ ᠦᠭᠡᠢ ᠠᠯᠠᠱᠠ ᠵᠡᠭᠦᠨ ᠬᠤᠰᠢᠭᠤᠨ ᠤ ᠬᠤᠶᠢᠳᠤ ᠪᠡᠶ᠎ᠡ ᠶᠢᠨ ᠤᠯᠠᠨᠪᠤᠯᠠᠭ᠂ ᠢᠩᠭᠡᠨ᠂ ᠪᠠᠶᠠᠨᠨᠢᠷᠤᠭᠤᠨ᠂ ᠦᠯᠵᠡᠢ ᠵᠡᠷᠭᠡ ᠰᠤᠮᠤ ᠪᠠᠯᠭᠠᠰᠤᠨ ᠤ ᠮᠠᠯᠴᠢᠨ ᠲᠠᠷᠢᠶᠠᠴᠢᠳ ᠮᠡᠳᠡᠳᠡᠭ᠃ ᠲᠡᠳᠡ ᠵᠢᠷᠠᠳᠠᠢ ᠪᠠᠯᠭᠠᠰᠤ ᠪᠠᠨ ᠲᠦᠯᠦᠭᠡᠯᠡᠨ ᠬᠤᠰᠢᠭᠤᠨ ᠎ ᠳᠤ ᠢᠷᠡᠵᠤ ᠲᠤᠬᠯᠠᠯᠳᠠ ᠭᠠᠷᠭᠠᠵᠤ ᠪᠠᠶᠢᠬᠰᠠᠨ ᠠᠴᠠ ᠪᠠᠶᠠᠨᠬᠤᠳᠠ ᠶᠢᠨ ᠰᠠᠭᠤᠭᠠᠯᠢ ᠠᠷᠠᠳ ᠠᠭᠤᠳᠠᠮ ᠲᠠᠯᠠᠪᠠᠢ ᠶᠢᠨ ᠦᠵᠡᠭᠴᠢ ᠶᠢᠨ ᠰᠠᠭᠤᠳᠠᠯ ᠢ ᠲᠦᠭᠦᠷᠡᠳᠡᠯ᠎ᠡ ᠰᠠᠭᠤᠭᠠᠳ ᠰᠤᠨᠢᠷᠬᠠᠵᠤ ᠪᠠᠶᠢᠬᠰᠠᠨ ᠶᠤᠮ ᠭᠡᠨ᠎ᠡ᠃ ᠨᠡᠷ᠎ᠡ ᠠᠯᠳᠠᠷ ᠲᠠᠭᠤᠷᠢᠰᠦᠬᠰᠠᠨ᠂ ᠨᠦᠯᠦᠭᠡ ᠲᠤᠰᠬᠠᠯ ᠰᠠᠶᠢᠳᠠᠢ ᠤᠷᠠᠯᠢᠭ ᠤᠨ ᠪᠦᠯᠬᠦᠮ ᠲᠠᠢ ᠠᠭᠤᠯᠵᠠᠨ ᠪᠤᠯᠵᠤᠵᠤ᠂ ᠤᠴᠢᠷᠳᠠᠢ ᠰᠠᠶᠢᠬᠠᠨ ᠰᠤᠷᠪᠤᠯᠵᠢᠯᠠᠭ᠎ᠠ ᠠᠪᠬᠤ ᠵᠠᠪᠰᠢᠶᠠᠨ ᠲᠤᠬᠢᠶᠠᠬᠰᠠᠨ ᠨᠢ ᠮᠠᠨ ᠤ ᠰᠤᠷᠪᠤᠯᠵᠢᠯᠠᠬᠤ ᠪᠠᠭ ᠤᠨ ᠬᠦᠢᠳᠡᠨ ᠤ ᠡᠷᠴᠢ ᠶᠢ ᠰᠤᠷᠢᠵᠤ᠂ ᠬᠦᠳᠡᠭᠡ ᠨᠤᠳᠤᠭ ᠤᠨ ᠰᠤᠮᠤ ᠪᠠᠯᠭᠠᠰᠤᠨ ᠤ ᠠᠶᠠᠯᠠᠯ ᠮᠠᠨᠢ ᠰᠠᠶᠢᠬᠠᠨ ᠡᠬᠢᠯᠡᠯᠳᠡ ᠲᠠᠢ ᠪᠤᠯᠤᠬᠰᠠᠨ ᠳᠤ ᠪᠢᠳᠡ ᠤᠯᠵᠠᠷᠬᠠᠵᠤ ᠪᠠᠶᠢᠨ᠎ᠠ᠃
      2016 ᠤᠨ ᠤ 3 ᠰᠠᠷ᠎ᠠ ᠳᠤ ᠬᠤ᠋ ᠭᠡᠷᠡᠯ᠂ ᠨᠠᠷᠠᠨᠬᠤᠸᠠᠷ᠂ ᠨᠠᠷᠠᠨ ᠵᠡᠷᠭᠡ ᠮᠤᠩᠭᠤᠯ ᠦᠨᠳᠦᠰᠦᠳᠡᠨ ᠤ ᠢᠵᠠᠭᠤᠷ ᠤᠷᠠᠯᠢᠭ ᠰᠤᠶᠤᠯ ᠢᠶᠠᠨ ᠬᠠᠶᠢᠷᠠᠯᠠᠨ ᠲᠡᠭᠡᠳᠦᠯᠡᠵᠤ᠂ ᠤᠯᠠᠮᠵᠢᠯᠠᠨ ᠵᠠᠯᠭᠠᠮᠵᠢᠯᠠᠭᠤᠯᠵᠤ᠂ ᠵᠢᠷᠠᠳᠠᠢ ᠪᠠᠯᠭᠠᠰᠤᠨ ᠤ ᠰᠠᠭᠤᠭᠠᠯᠢ ᠠᠷᠠᠳ ᠤᠨ ᠰᠤᠶᠤᠯ ᠤᠨ ᠠᠮᠢᠳᠤᠷᠠᠯ ᠢ ᠪᠠᠶᠠᠯᠢᠬᠵᠢᠭᠤᠯᠬᠤ ᠵᠤᠷᠢᠯᠭ᠎ᠠ ᠪᠠᠷ ᠦᠨᠳᠦᠰᠦᠳᠡᠨ ᠎ ᠤ ᠤᠷᠠᠯᠢᠭ ᠤᠨ ᠪᠦᠯᠬᠦᠮ ᠢ ᠪᠠᠶᠢᠭᠤᠯᠬᠤ ᠰᠠᠨᠠᠭᠠᠴᠢᠯᠠᠭ᠎ᠠ ᠭᠠᠷᠭᠠᠵᠤ᠂ 8 ᠬᠦᠮᠦᠨ ᠢᠶᠠᠷ ᠪᠦᠷᠢᠯᠳᠦᠭᠰᠡᠨ ᠦᠨᠳᠦᠰᠦᠳᠡᠨ ᠤ ᠪᠦᠵᠢᠭ ᠤᠨ ᠠᠩᠭᠢ ᠶᠢ ᠪᠠᠶᠢᠭᠤᠯᠵᠤ᠂ ᠪᠡᠶ᠎ᠡ ᠴᠢᠬᠢᠷᠠᠬᠵᠢᠭᠤᠯᠬᠤ ᠪᠠᠷ ᠭᠤᠤᠯ ᠪᠤᠯᠭᠠᠵᠤ᠂ 2017 ᠤᠨ ᠪᠤᠯᠬᠤ ᠳᠤ ᠪᠦᠵᠢᠭ ᠤᠨ ᠠᠩᠭᠢ ᠶᠢᠨ ᠭᠡᠰᠢᠭᠦᠨ ᠨᠢ 15 ᠬᠦᠮᠦᠨ ᠲᠠᠢ ᠪᠤᠯᠵᠤ᠂ ᠭᠡᠰᠢᠭᠦᠳ ᠤᠨ ᠰᠠᠨᠠᠭᠤᠯᠭ᠎ᠠ ᠪᠠᠷ ᠵᠦᠪᠬᠡᠨ ᠪᠦᠵᠢᠭ ᠰᠤᠷᠴᠤ ᠪᠦᠵᠢᠭᠯᠡᠭᠡᠳ ᠪᠠᠶᠢᠵᠤ ᠪᠤᠯᠬᠤ ᠦᠭᠡᠢ᠂ ᠬᠠᠷᠢᠨ ᠭᠡᠰᠢᠭᠦᠳ ᠤᠨ ᠢᠳᠡᠪᠬᠢᠵᠢᠯ ᠢ ᠨᠡᠭ ᠢᠯᠡᠭᠦᠦ ᠲᠠᠶᠢᠴᠢᠯᠠᠵᠤ᠂ ᠠᠭᠤᠯᠭ᠎ᠠ ᠬᠡᠯᠪᠡᠷᠢ ᠶᠢᠨ ᠲᠠᠯ᠎ᠠ ᠪᠠᠷ ᠰᠢᠨᠡᠴᠢᠯᠡᠯᠳᠡ ᠭᠠᠷᠭᠠᠬᠤ ᠪᠤᠶᠤ ᠨᠡᠮᠡᠬᠦ ᠶᠢ ᠬᠦᠰᠡᠭᠰᠡᠨ ᠠᠴᠠ 2017 ᠤᠨ ᠤ 2 ᠰᠠᠷ᠎ᠠ ᠠᠴᠠ ᠠᠯᠠᠱᠠ ᠵᠡᠭᠦᠨ ᠬᠤᠰᠢᠭᠤᠨ ᠤ ᠮᠤᠩᠭᠤᠯ ᠦᠨᠳᠦᠰᠦᠳᠡᠨ ᠤ ᠰᠤᠷᠭᠠᠭᠤᠯᠢ ᠠᠴᠠ ᠠᠵᠢᠯ ᠤᠨ ᠠᠮᠠᠷᠠᠯᠳᠠ ᠪᠠᠨ ᠠᠪᠤᠬᠰᠠᠨ ᠬᠠᠰᠴᠡᠴᠡᠭ ᠢ ᠮᠤᠷᠢᠨ ᠬᠤᠭᠤᠷ ᠤᠨ ᠪᠠᠭᠰᠢ ᠪᠠᠷ ᠤᠷᠢᠵᠤ᠂ ᠮᠤᠷᠢᠨ ᠬᠤᠭᠤᠷ ᠤᠨ ᠬᠢᠴᠢᠶᠡᠯ ᠢᠶᠠᠨ ᠡᠬᠢᠯᠡᠭᠦᠯᠵᠡᠢ᠃ 2017 ᠤᠨ ᠤ 5 ᠰᠠᠷ᠎ᠠ ᠠᠴᠠ ᠮᠤᠩᠭᠤᠯ ᠤᠷᠳᠤ ᠶᠢᠨ ᠲᠠᠭᠤᠤ᠂ ᠠᠷᠠᠳ ᠤᠨ ᠲᠠᠭᠤᠤ ᠵᠢᠭᠠᠵᠤ᠂ ᠵᠢᠷᠠᠳᠠᠢ ᠪᠠᠯᠭᠠᠰᠤᠨ ᠳᠤ ᠠᠵᠢᠯᠯᠠᠵᠤ ᠠᠮᠢᠳᠤᠷᠠᠵᠤ ᠪᠠᠶᠢᠭ᠎ᠠ ᠬᠦᠮᠦᠰ ᠲᠤ ᠮᠤᠩᠭᠤᠯ ᠦᠨᠳᠦᠰᠦᠳᠡᠨ ᠤ ᠢᠵᠠᠭᠤᠷ ᠤᠷᠠᠯᠢᠭ ᠢ ᠰᠤᠷᠤᠯᠴᠠᠬᠤ ᠳᠤ ᠨᠦᠭᠦᠴᠡᠯ ᠬᠠᠩᠭᠠᠨ᠂ ᠲᠤᠰ ᠤᠷᠤᠨ ᠨᠤᠳᠤᠭ ᠤᠨ ᠠᠷᠠᠳ ᠲᠦᠮᠡᠨ ᠤ ᠰᠤᠶᠤᠯ ᠤᠨ ᠠᠮᠢᠳᠤᠷᠠᠯ᠂ ᠤᠷᠤᠨ ᠤ ᠪᠤᠯᠪᠠᠰᠤᠨ ᠤ ᠪᠠᠶᠢᠭᠤᠯᠤᠯᠳᠠ ᠶᠢ ᠰᠠᠶᠢᠵᠢᠷᠠᠭᠤᠯᠬᠤ ᠳᠤ ᠮᠠᠰᠢ ᠰᠠᠶᠢᠨ ᠰᠠᠭᠤᠷᠢ ᠲᠠᠯᠪᠢᠵᠡᠢ᠃ ᠲᠤᠰ ᠤᠷᠠᠯᠢᠭ ᠤᠨ ᠪᠦᠯᠬᠦᠮ ᠨᠢ ᠵᠢᠷᠠᠳᠠᠢ ᠪᠠᠯᠭᠠᠰᠤᠨ ᠤ ᠨᠠᠮ ᠵᠠᠰᠠᠭ ᠤᠨ ᠬᠦᠴᠦᠳᠡᠢ ᠲᠠᠮᠵᠢᠯᠭᠡ ᠶᠢ ᠤᠯᠵᠤ᠂ 2019 ᠤᠨ ᠤ 11 ᠰᠠᠷ᠎ᠠ ᠶᠢᠨ 12᠎ ᠤᠨ ᠡᠳᠦᠷ᠂ ᠠᠯᠠᠱᠠ ᠵᠡᠭᠦᠨ ᠬᠤᠰᠢᠭᠤᠨ ᠤ ᠠᠷᠠᠳ ᠤᠨ ᠶᠠᠪᠤᠳᠠᠯ ᠤᠨ ᠲᠤᠪᠴᠢᠶᠡᠨ ᠤ ᠵᠦᠪᠰᠢᠶ᠋ᠷᠡᠯ ᠢ ᠤᠯᠵᠤ ᠵᠢᠩᠬᠢᠨᠢ ᠪᠠᠷ ᠪᠠᠶᠢᠭᠤᠯᠤᠬᠳᠠᠵᠤ᠂ ᠦᠪᠡᠷ ᠤᠨ ᠭᠡᠰᠡᠨ ᠨᠡᠷᠡᠶᠢᠳᠦᠯ᠂ ᠰᠦᠯᠳᠡ᠂ ᠲᠠᠮᠠᠭ᠎ᠠ ᠵᠡᠷᠭᠡ ᠠᠯᠪᠠᠨ ᠶᠤᠰᠤᠨ ᠤ ᠭᠠᠷ ᠭᠦᠢᠴᠡᠳᠭᠡᠯ ᠢ ᠪᠦᠬᠦᠨ ᠢ ᠪᠡᠶᠡᠯᠡᠭᠦᠯᠵᠤ᠂ ᠤᠳᠤ ᠪᠤᠯᠬᠤ ᠳᠤ ᠮᠤᠩᠭᠤᠯ ᠤᠷᠳᠤ ᠶᠢᠨ ᠲᠠᠭᠤᠤ᠂ ᠰᠠᠪᠠᠷᠳᠠᠩ ᠠᠨᠳᠠᠢ ᠵᠡᠷᠭᠡ ᠦᠨᠳᠦᠰᠦᠳᠡᠨ ᠤ ᠪᠦᠵᠢᠭ᠂ ᠮᠤᠷᠢᠨ ᠬᠤᠭᠤᠷ᠂ ᠲᠤᠪᠰᠢᠭᠤᠷ᠂ ᠭᠢᠯᠪᠡᠭᠡᠨ ᠵᠦᠴᠦᠭᠡ᠂ ᠰᠢᠯᠦᠭ ᠤᠶᠠᠩᠭᠠᠯᠠᠯ ᠤᠨ ᠠᠭᠤᠯᠭ᠎ᠠ ᠲᠤᠬᠯᠠᠯᠳᠠ ᠶᠢ ᠪᠠᠭᠳᠠᠭᠠᠵᠤ᠂ ᠮᠠᠯᠴᠢᠨ ᠲᠠᠷᠢᠶᠠᠴᠢᠨ᠂ ᠠᠯᠪᠠᠨ ᠪᠠᠶᠢᠭᠤᠯᠭ᠎ᠠ ᠠᠵᠤ ᠠᠬᠤᠶᠢᠯᠠᠯ ᠤᠨ ᠠᠵᠢᠯᠳᠠᠨ᠂ ᠠᠵᠢᠯ ᠠᠴᠠ ᠪᠠᠨ ᠠᠮᠠᠷᠠᠬᠰᠠᠳ ᠨᠡᠶᠢᠳᠡ 50 ᠭᠠᠷᠤᠢ ᠭᠡᠰᠢᠭᠦᠨ ᠲᠠᠢ ᠪᠤᠯᠵᠤ᠂ ᠵᠢᠷᠠᠳᠠᠢ ᠪᠠᠯᠭᠠᠰᠤᠨ ᠤ ᠨᠠᠮ ᠤᠨ ᠤᠯᠠᠨ ᠲᠦᠮᠡᠨᠴᠢ ᠠᠵᠢᠯ ᠤᠨ ᠲᠦᠪ ᠠᠴᠠ ᠠᠵᠢᠯᠯᠠᠬᠤ᠂ ᠰᠤᠷᠤᠯᠴᠠᠬᠤ᠂ ᠲᠤᠬᠯᠠᠯᠳᠠ ᠪᠤᠯᠪᠠᠰᠤᠷᠠᠬᠤ ᠭᠠᠵᠠᠷ ᠬᠠᠩᠭᠠᠨ ᠦᠭᠴᠦ᠂ ᠵᠢᠷᠠᠳᠠᠢ ᠪᠠᠯᠭᠠᠰᠤᠨ ᠤ ᠰᠤᠶᠤᠯ ᠤᠷᠠᠯᠢᠭ ᠤᠨ ᠦᠢᠯᠡᠰ ᠬᠢᠭᠡᠳ ᠲᠠᠪᠤᠰᠤᠨ ᠨᠤᠳᠤᠭ ᠤᠨ ᠰᠤᠶᠤᠯ ᠤᠨ ᠨᠡᠷᠡᠳᠦ ᠲᠡᠮᠳᠡᠭ ᠢ ᠴᠤᠬᠴᠠᠯᠠᠬᠤ ᠳᠤ ᠲᠦᠯᠬᠢᠴᠡ ᠦᠢᠯᠡᠳᠦᠯ ᠦᠵᠡᠭᠦᠯᠵᠤ ᠪᠠᠶᠢᠨ᠎ᠠ᠃ ᠪᠦᠯᠬᠦᠮ ᠤᠨ ᠲᠠᠷᠤᠭ᠎ᠠ ᠬᠤ᠋ ᠭᠡᠷᠡᠯ ᠲᠠᠨᠢᠯᠴᠠᠭᠤᠯᠬᠤ ᠳᠠᠭᠠᠨ᠂ ᠮᠠᠨ ᠤ ᠤᠷᠠᠯᠢᠭ ᠤᠨ ᠪᠦᠯᠬᠦᠮ ᠤᠨ ᠰᠦᠯᠳᠡ ᠶᠢᠨ ᠲᠤᠮᠳᠠᠬᠢ ᠬᠦᠭᠡ ᠦᠩᠭᠡᠳᠡᠢ ᠬᠡᠰᠡᠭ ᠨᠢ ᠲᠠᠪᠤᠰᠤᠨ ᠰᠤᠶᠤᠯ ᠢ ᠢᠯᠡᠳᠭᠡᠵᠤ᠂  ᠪᠦᠵᠢᠭᠯᠡᠵᠤ  ᠪᠠᠶᠢᠭ᠎ᠠ ᠬᠦᠮᠦᠨ ᠨᠢ ᠦᠨᠳᠦᠰᠦᠳᠡᠨ ᠤ ᠰᠤᠶᠤᠯ ᠢ ᠲᠦᠯᠦᠭᠡᠯᠡᠨ᠂ ᠨᠤᠭᠤᠭᠠᠨ ᠦᠩᠭᠡ ᠨᠢ ᠠᠮᠤᠷ ᠲᠤᠬᠳᠠᠭᠤᠨ ᠬᠢᠭᠡᠳ ᠠᠮᠢ ᠠᠬᠤᠢ ᠶᠢᠨ ᠪᠤᠯᠪᠠᠰᠤᠨ ᠢ ᠢᠯᠡᠳᠭᠡᠨ᠂ ᠵᠢᠷᠤᠬᠡᠨ ᠬᠡᠯᠪᠡᠷᠢ ᠲᠠᠢ ᠤᠯᠠᠭᠠᠨ ᠨᠢ ᠬᠠᠶᠢᠷ᠎ᠠ ᠎ ᠶᠢᠨ ᠲᠤᠯᠠᠭᠠᠨ ᠰᠡᠳᠬᠢᠯ ᠢ ᠲᠦᠯᠦᠭᠡᠯᠡᠳᠡᠭ᠃ ᠤᠷᠠᠯᠢᠭ ᠤᠨ ᠪᠦᠯᠬᠦᠮ ᠮᠠᠨᠢ 2016 ᠤᠨ ᠠᠴᠠ ᠠᠶᠠᠨ ᠤ ᠠᠵᠢᠯ ᠎ ᠢᠶᠠᠨ ᠡᠬᠢᠯᠡᠭᠦᠯᠦᠭᠰᠡᠨ ᠠᠴᠠ ᠬᠤᠶᠢᠰᠢ ᠤᠷᠠᠯᠢᠭ ᠰᠤᠶᠤᠯ ᠳᠠᠭᠠᠨ ᠬᠠᠶᠢᠷᠠᠳᠠᠢ ᠬᠦᠮᠦᠰ ᠤᠨ ᠬᠠᠯᠠᠭᠤᠨ ᠲᠡᠮᠵᠢᠯᠭᠡ ᠪᠤᠯᠤᠨ ᠤᠷᠤᠯᠴᠠᠯᠭ᠎ᠠ ᠶᠢ ᠤᠯᠵᠤ᠂ ᠨᠠᠮ ᠵᠠᠰᠠᠭ ᠤᠨ ᠬᠦᠴᠦᠳᠡᠢ ᠵᠤᠷᠢᠬᠵᠢᠭᠤᠯᠤᠯ ᠲᠡᠮᠵᠢᠯᠭᠡ ᠪᠤᠯᠤᠨ ᠭᠡᠰᠢᠭᠦᠳ ᠎ ᠤᠨ ᠬᠠᠮᠳᠤ ᠶᠢᠨ ᠴᠢᠷᠮᠠᠶᠢᠯᠭ᠎ᠠ ᠪᠠᠷ ᠬᠡᠶᠢᠮᠦᠷᠢ ᠪᠠᠳᠠᠷᠠᠬᠰᠠᠨ ᠰᠠᠶᠢᠬᠠᠨ ᠦᠢᠯᠡᠰ ᠪᠤᠯᠤᠨ ᠬᠦᠭᠵᠢᠵᠤ᠂ ᠤᠷᠤᠯᠴᠠᠬᠴᠢ ᠎ ᠶᠢᠨ ᠰᠡᠳᠭᠢᠯ ᠰᠠᠨᠠᠭ᠎ᠠ ᠶᠢ ᠪᠠᠶᠠᠰᠬᠠᠨ᠂ ᠠᠵᠢᠯ ᠠᠮᠢᠳᠤᠷᠠᠯ ᠤᠨ ᠶᠠᠳᠠᠷᠠᠭ᠎ᠠ ᠴᠢᠯᠡᠭᠡ ᠶᠢ ᠲᠠᠶᠢᠯᠵᠤ ᠦᠭᠭᠦᠭᠰᠡᠨ ᠢᠶᠠᠷ ᠪᠠᠷᠠᠬᠤ ᠦᠭᠡᠢ ᠦᠵᠡᠭᠴᠢ ᠤᠯᠠᠨ ᠳᠤ ᠪᠡᠶ᠎ᠡ ᠰᠡᠳᠭᠢᠯ ᠤᠶᠤᠨ ᠰᠠᠨᠠᠭᠠᠨ ᠤ ᠴᠡᠩᠭᠡᠭᠦᠨ ᠬᠦᠷᠭᠡᠵᠤ᠂ ᠠᠵᠢᠯ ᠠᠮᠢᠳᠤᠷᠠᠯ ᠢ ᠤᠯᠠᠮ ᠤᠳᠬ᠎ᠠ ᠠᠭᠤᠯᠭ᠎ᠠ ᠲᠠᠢ ᠪᠤᠯᠭᠠᠵᠤ ᠵᠢᠷᠠᠳᠠᠢ ᠪᠠᠯᠭᠠᠰᠤᠨ ᠤ ᠰᠤᠶᠤᠯ ᠤᠨ ᠪᠠᠶᠢᠭᠤᠯᠤᠯᠳᠠ ᠳᠤ ᠠᠷᠠᠳ ᠲᠦᠮᠡᠨ ᠤ ᠭᠡᠰᠡᠨ᠂ ᠠᠷᠠᠳ ᠤᠨ ᠤᠷᠠᠯᠢᠭ ᠤᠨ ᠭᠡᠰᠡᠨ ᠬᠦᠴᠦᠨ ᠵᠢᠳᠭᠦᠯ ᠢᠶᠠᠨ ᠡᠷᠭᠦᠭᠰᠡᠭᠡᠷ ᠢᠷᠡᠭᠰᠡᠨ ᠠᠷᠠᠳ ᠤᠨ ᠤᠷᠠᠯᠢᠭ ᠤᠨ ᠪᠦᠯᠬᠦᠮ ᠪᠤᠯᠤᠨ᠎ᠠ ᠭᠡᠪᠡ᠃
  ᠲᠤᠰ ᠤᠷᠠᠯᠢᠭ ᠤᠨ ᠪᠦᠯᠬᠦᠮ ᠨᠢ ᠵᠢᠷᠠᠳᠠᠢ ᠪᠠᠯᠭᠠᠰᠤᠨ ᠤ ᠨᠠᠮ ᠵᠠᠰᠠᠭ᠂ ᠠᠯᠪᠠᠨ ᠪᠠᠶᠢᠭᠤᠯᠭ᠎ᠠ ᠨᠢᠭᠡᠴᠢ᠂ ᠰᠠᠭᠤᠭ᠎ᠠ ᠴᠡᠷᠢᠭ ᠠᠩᠭᠢ ᠶᠢᠨ ᠡᠯ᠎ᠡ ᠵᠦᠢᠯ ᠤᠨ ᠲᠤᠬᠯᠠᠯᠳᠠ ᠶᠢᠨ ᠡᠭᠦᠷᠭᠡ ᠶᠢ ᠬᠠᠷᠢᠭᠤᠴᠠᠨ ᠪᠡᠶᠡᠯᠡᠭᠦᠯᠬᠦ ᠶᠢᠨ ᠬᠠᠮᠳᠤ ᠪᠠᠯᠭᠠᠰᠤᠨ ᠤ ᠬᠠᠮᠢᠶ᠎ᠠ ᠪᠦᠬᠦᠢ ᠰᠠᠯᠠᠭ᠎ᠠ ᠮᠦᠴᠢᠷ ᠢ ᠬᠠᠮᠵᠢᠨ ᠭᠠᠴᠠᠭᠠᠨ ᠳᠤ ᠬᠦᠨᠵᠡᠭᠡᠶᠢᠷᠡᠨ᠂ ᠭᠡᠰᠢᠭᠦᠳ ᠎ ᠤᠨ ᠬᠤᠷᠠᠯ᠂ ᠪᠠᠶᠠᠷ ᠲᠤᠷᠠᠰᠬᠠᠯ ᠤᠨ ᠡᠳᠦᠷ ᠤᠨ ᠠᠵᠢᠯᠯᠠᠭ᠎ᠠ ᠳᠤ ᠰᠤᠶᠤᠯ ᠢ ᠬᠦᠳᠡᠭᠡ ᠬᠦᠷᠭᠡᠬᠦ ᠡᠭᠦᠷᠭᠡ ᠶᠢ ᠪᠡᠶᠡᠯᠡᠭᠦᠯᠦᠨ ᠤᠷᠠᠨ ᠰᠠᠶᠢᠬᠠᠨ ᠤ ᠲᠤᠬᠯᠠᠯᠳᠠ ᠭᠠᠷᠭᠠᠳᠠᠭ ᠪᠠᠶᠢᠨ᠎ᠠ᠃ ᠲᠡᠳᠡ ᠵᠦᠪᠬᠡᠨ ᠢᠵᠠᠭᠤᠷ ᠤᠷᠠᠯᠢᠭ ᠰᠤᠶᠤᠯ ᠢᠶᠠᠨ ᠲᠡᠭᠡᠳᠦᠯᠡᠨ ᠤᠯᠠᠮᠵᠢᠯᠠᠵᠤ ᠶᠠᠪᠤᠬᠰᠠᠨ ᠲᠡᠳᠦᠢ ᠦᠭᠡᠢ᠂ ᠬᠠᠷᠢᠨ ᠰᠠᠶᠢᠨ ᠦᠢᠯᠡ ᠶᠢᠨ ᠪᠤᠶᠠᠨ ᠤ ᠠᠵᠢᠯᠯᠠᠭ᠎ᠠ ᠶᠢ ᠦᠷᠨᠢᠭᠦᠯᠬᠦ ᠶᠢ ᠪᠦᠯᠬᠦᠮ ᠤᠨ ᠪᠠᠰᠠ ᠨᠢᠭᠡᠨ ᠪᠠᠷᠢᠮᠳᠠᠯᠠᠯ ᠪᠤᠯᠭᠠᠵᠤ᠂ ᠵᠢᠯ ᠪᠦᠷᠢ ᠬᠦᠳᠡᠯᠮᠦᠷᠢ ᠬᠦᠴᠦ ᠲᠤᠳᠠᠮᠠᠭ ᠠᠶᠢᠯ ᠡᠷᠦᠬᠡ᠂ ᠬᠦᠭᠰᠢᠳ ᠨᠠᠰᠤᠳᠠᠶᠢᠴᠤᠳ ᠤᠨ ᠭᠡᠷ᠂ ᠠᠮᠢᠳᠤᠷᠠᠯ ᠬᠦᠴᠢᠷᠳᠡᠯᠳᠡᠢ ᠭᠡᠷ ᠪᠦᠯᠢ ᠎ ᠪᠠᠷ ᠭᠦᠨᠵᠡᠭᠡᠶᠢᠷᠡᠨ ᠠᠵᠢᠯ ᠠᠬᠤᠢ ᠶᠢ ᠨᠢ ᠬᠠᠪᠰᠤᠷᠤᠨ ᠬᠢᠵᠤ ᠦᠭᠬᠦ᠂ ᠠᠮᠢᠳᠤᠷᠠᠯ ᠤᠨ ᠬᠡᠷᠡᠭᠯᠡᠭᠡᠨ ᠤ ᠡᠳ᠋ ᠪᠤᠳᠠᠰ ᠬᠦᠷᠭᠡᠬᠦ ᠵᠡᠷᠭᠡ ᠰᠠᠶᠢᠨ ᠲᠤᠷᠠᠴᠤᠳ ᠤᠨ ᠪᠤᠶᠠᠨ ᠤ ᠦᠢᠯᠡ ᠠᠵᠢᠯᠯᠠᠭ᠎ᠠ ᠶᠢ ᠠᠷᠪᠠᠭᠠᠳ ᠤᠳᠠᠭ᠎ᠠ ᠬᠢᠳᠡᠭ ᠮᠦᠷᠳᠡᠭᠡᠨ ᠡᠨᠡ ᠵᠢᠯ ᠤᠨ ᠬᠢᠵᠢᠭ ᠢ ᠰᠡᠷᠭᠡᠶᠢᠯᠡᠬᠦ ᠬᠤᠭᠤᠴᠠᠭᠠᠨ ᠤ ᠪᠠᠶᠢᠴᠠᠭᠠᠯᠳᠠ ᠶᠢᠨ ᠠᠵᠢᠯ ᠳᠤ ᠪᠦᠭᠦᠳᠡᠭᠡᠷ ᠎ ᠢᠶᠠᠨ ᠤᠷᠤᠯᠴᠠᠵᠤ᠂ ᠪᠠᠶᠢᠴᠠᠭᠠᠬᠤ ᠴᠢᠭ ᠲᠤ ᠵᠢᠵᠢᠭᠦᠷᠯᠡᠨ ᠠᠵᠢᠯᠯᠠᠬᠤ᠂ ᠨᠡᠶᠢᠬᠡᠮ ᠲᠤᠭᠤᠷᠢᠭ᠂ ᠰᠠᠭᠤᠭᠠᠯᠢ ᠠᠷᠠᠳ ᠎ ᠢᠶᠠᠷ ᠤᠬᠠᠭᠤᠯᠭ᠎ᠠ ᠬᠢᠬᠦ ᠳᠤ ᠰᠠᠶᠢᠨ ᠲᠤᠷᠠᠴᠤᠳ ᠤᠨ ᠦᠢᠯᠡᠳᠦᠯ ᠢᠶᠠᠨ ᠪᠠᠳᠠᠷᠠᠭᠤᠯᠵᠤ᠂ ᠬᠢᠵᠢᠭ ᠤᠨ ᠬᠤᠭᠤᠴᠠᠭᠠᠨ ᠳᠤ ᠰᠢᠷᠭᠠᠭᠤ ᠬᠠᠳᠠᠭᠤᠵᠢᠯᠳᠠᠢ ᠠᠵᠢᠯᠯᠠᠵᠤ ᠪᠠᠶᠢᠭ᠎ᠠ ᠡᠮᠴᠢ ᠰᠤᠪᠢᠯᠠᠬᠴᠢ ᠨᠠᠷ ᠢ ᠪᠤᠯᠭᠤᠭᠠᠨ ᠲᠤᠬᠤᠨᠢᠭᠤᠯᠤᠬᠰᠠᠨ ᠪᠠᠶᠢᠨ᠎ᠠ᠃ ᠲᠤᠰ ᠤᠷᠠᠯᠢᠭ ᠤᠨ ᠪᠦᠯᠬᠦᠮ ᠳᠤ ᠮᠤᠩᠭᠤᠯ ᠬᠢᠳᠡᠳ ᠠᠳᠠᠯᠢ ᠪᠤᠰᠤ ᠦᠨᠳᠦᠰᠦᠳᠡᠨ ᠤ ᠠᠳᠠᠯᠢ ᠪᠤᠰᠤ ᠠᠵᠢᠯ ᠲᠦᠷᠦᠯ ᠤᠨ ᠬᠦᠮᠦᠰ ᠪᠠᠶᠢᠳᠠᠭ᠂ ᠦᠨᠳᠦᠰᠦᠳᠡᠨ ᠤ ᠢᠵᠠᠭᠤᠷ ᠰᠤᠶᠤᠯ ᠎ ᠢᠶᠠᠨ ᠤᠯᠠᠮᠵᠢᠯᠠᠨ ᠵᠠᠯᠭᠠᠮᠵᠢᠯᠠᠵᠤ᠂ ᠠᠮᠢᠳᠤᠷᠠᠯ ᠢᠶᠠᠨ ᠴᠢᠮᠡᠬᠦ ᠪᠤᠯ ᠲᠡᠳᠡᠨᠡᠷ ᠤᠨ ᠵᠤᠷᠢᠯᠭ᠎ᠠ ᠮᠦᠨ᠂ ᠪᠤᠰᠤᠳ ᠢ ᠲᠤᠰᠠᠯᠠᠬᠤ ᠪᠠᠷ ᠵᠢᠷᠭᠠᠯ ᠪᠤᠯᠭᠠᠵᠤ᠂ ᠦᠷᠦᠭᠡᠯ ᠤᠨ ᠬᠦᠮᠦᠰ ᠲᠤ ᠦᠴᠦᠭᠡᠨ ᠴᠤ ᠲᠤᠰᠠ ᠲᠡᠮ ᠬᠢᠵᠤ ᠶᠠᠪᠤᠬᠤ ᠶᠢ ᠡᠷᠬᠢᠮᠯᠡᠬᠦ ᠪᠤᠯ ᠲᠡᠳᠡᠨᠡᠷ ᠤᠨ ᠬᠦᠰᠡᠯ ᠮᠦᠨ᠃ ᠲᠡᠳᠡ ᠪᠤᠯ ᠠᠷᠠᠳ ᠤᠨ ᠲᠤᠮᠳᠠ ᠠᠴᠠ ᠠᠳᠠᠯᠢᠬᠠᠨ ᠰᠡᠳᠭᠢᠯ ᠢᠶᠠᠷ ᠬᠠᠮᠳᠤ ᠶᠢᠨ ᠦᠢᠯᠡᠰ ᠪᠤᠰᠬᠠᠬᠰᠠᠨ ᠠᠷᠠᠳ ᠤᠨ ᠤᠷᠠᠯᠢᠭ ᠤᠨ ᠪᠦᠯᠬᠦᠮ ᠪᠤᠯᠬᠤ ᠲᠤᠯᠠ ᠬᠢᠵᠤ ᠪᠦᠳᠦᠭᠡᠵᠤ ᠪᠠᠶᠢᠭ᠎ᠠ ᠵᠦᠢᠯ ᠪᠦᠬᠦᠨ ᠨᠢ ᠬᠦᠮᠦᠰ ᠲᠤ ᠵᠦᠪ ᠡᠨᠧᠷᠬᠢ ᠲᠠᠮᠵᠢᠭᠤᠯᠵᠤ ᠪᠠᠶᠢᠳᠠᠭ᠃ ᠰᠠᠶᠢᠬᠠᠨ ᠦᠢᠯᠡᠰ ᠤᠨ ᠲᠠᠨᠢ ᠬᠡᠶᠢᠮᠦᠷᠢ ᠪᠠᠳᠠᠷᠠᠵᠤ᠂ ᠰᠠᠶᠢᠨ ᠦᠢᠯᠡ ᠶᠢᠨ ᠲᠠᠨᠢ ᠬᠡᠰᠢᠭ ᠪᠤᠶᠠᠨ ᠲᠡᠯᠭᠡᠷᠡᠵᠤ ᠪᠠᠶᠢᠬᠤ ᠪᠤᠯᠳᠤᠭᠠᠢ︕
ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号