ᠨᠠᠢᠮᠠᠨ ᠨᠠᠰᠣ ᠲᠠᠢ ᠪᠢᠴᠢᠬᠠᠨ ᠢᠷᠦᠭᠡᠯᠴᠢ ᠦᠨᠢᠭᠠᠯ
ᠨᠡᠶᠢᠲᠡᠯᠡᠭᠰᠡᠨ ᠴᠠᠭ᠄
2020/12/4
    ᠬᠦᠮᠣᠰ ᠳᠠᠩᠳᠠ ᠭᠡᠣᠭᠡᠳ ᠤᠨ ᠪᠡᠶ᠎ᠡ ᠠᠴᠠ ᠦᠪᠡᠷ ᠠᠴᠠ ᠨᠢ ᠢᠯᠡᠬᠦᠣ ᠣᠬᠠᠭᠠᠯᠢᠭ ᠠᠪᠢᠶᠠᠰᠯᠢᠭ ᠪᠠᠶᠢᠬᠤ ᠪᠠᠷ ᠬᠠᠴᠢᠷᠬᠠᠨ᠂ ᠶᠠᠭᠠᠬᠢᠭᠠᠳ ᠡᠶᠢᠮᠣ ᠰᠠᠶᠢᠬᠠᠨ ᠰᠣᠷᠭᠠᠯ ᠲᠠᠢ᠂ ᠠᠪᠢᠶᠠᠰ ᠲᠠᠢ ᠪᠠᠶᠢᠳᠠᠭ ᠢ ᠪᠠᠭ᠋ᠠᠷᠬᠠᠳᠠᠭ ᠨᠢ ᠵᠦᠩᠳᠡᠭᠡᠨ᠃ ᠣᠯᠠᠨ ᠤ ᠳᠣᠮᠳᠠ ᠣᠷᠦ᠋ᠢᠯᠠᠨ᠂ ᠶᠠᠷᠢᠵᠣ ᠢᠯᠡᠳᠭᠡᠨ᠂ ᠳᠣᠷ᠎ᠠ ᠲᠠᠢ ᠵᠦᠢᠯ ᠢᠶᠠᠨ ᠬᠤᠪᠢᠶᠠᠯᠴᠠᠨ᠂ ᠭᠡᠣᠭᠡᠳ ᠭᠡᠣᠭᠡᠳ ᠤᠨ ᠢᠶᠠᠨ ᠳᠣᠮᠳᠠ ᠵᠤᠯᠪᠤᠭ᠎ᠠ ᠲᠠᠢ ᠪᠠᠶᠢᠳᠠᠭ ᠨᠢ ᠯᠠᠪᠳᠠᠢ ᠳᠡᠬᠦᠨ ᠳᠤ ᠢᠳᠡᠭᠡᠯ ᠦᠭᠳᠡᠭ ᠬᠦᠮᠣᠰ ᠤᠨ ᠬᠢᠨᠢ ᠬᠠᠶᠢᠷ᠎ᠠ ᠶᠢᠨ ᠬᠦᠴᠦᠨ ᠪᠠᠶᠢᠬ᠎ᠠ᠃ ᠠᠪᠤ ᠡᠵᠢ ᠶᠢᠨ ᠢᠶᠠᠨ ᠢᠳᠡᠭᠡᠯ ᠬᠠᠶᠢᠷ᠎ᠠ ᠶᠢᠨ ᠬᠦᠴᠦᠨ ᠳᠤ ᠳᠣᠮᠣᠭᠠᠵᠢᠵᠣ ᠶᠠᠪᠣᠭ᠎ᠠ ᠨᠠᠢᠮᠠᠨ ᠨᠠᠰᠣ ᠲᠠᠢ ᠦᠨᠢᠭᠠᠯ ᠮᠠᠨᠢ ᠨᠠᠰᠣ ᠰᠠᠴᠠᠭᠤ ᠭᠡᠣᠭᠡᠳ ᠤᠨ ᠢᠶᠠᠨ ᠳᠣᠮᠳᠠ ᠨᠠᠶᠢᠷ ᠨᠠᠭᠠᠳᠣᠮ ᠬᠦᠳᠦᠯᠬᠦ᠂ ᠢᠷᠦᠭᠡᠯ ᠭᠡᠯᠡᠬᠦ᠂ ᠰᠢᠯᠦᠭᠯᠡᠬᠦ ᠵᠡᠷᠭᠡ ᠠᠪᠢᠶᠠᠰ ᠢᠶᠠᠷ ᠢᠶᠠᠨ ᠤᠷᠦ᠋ᠢᠯᠡᠵᠦ ᠪᠠᠶᠢᠭ᠎ᠠ ᠴᠤᠪᠤᠭᠤ ᠵᠢᠭᠠᠯ ᠶᠤᠮᠰᠠᠨ᠃
    ᠦᠨᠢᠭᠠᠯ ᠪᠣᠯ ᠠᠯᠠᠱᠠ ᠵᠡᠬᠦᠨ ᠬᠤᠰᠢᠭᠤᠨ ᠤ ᠮᠣᠩᠭᠤᠯ ᠦᠨᠳᠦᠰᠦᠳᠡᠨ ᠤ ᠳᠣᠷᠰᠢᠯᠳᠠ ᠶᠢᠨ ᠪᠠᠭ᠎ᠠ ᠰᠣᠷᠭᠠᠭᠤᠯᠢ ᠶᠢᠨ ᠬᠤᠶᠠᠳᠣᠭᠠᠷ ᠣᠨ ᠤ ᠨᠢᠭᠡᠳᠣᠭᠡᠷ ᠠᠩᠭᠢ ᠶᠢᠨ ᠰᠣᠷᠣᠭᠴᠢ᠂ ᠠᠯᠠᠱᠠ ᠪᠠᠷᠠᠭᠤᠨ ᠬᠤᠰᠢᠭᠤᠨ ᠤ ᠳᠠᠩᠰᠣᠭᠪᠣᠯᠠᠭ ᠰᠣᠮᠣᠨ ᠤ ᠭᠡᠷᠡᠯᠳᠣ ᠭᠠᠴᠠᠭᠠᠨ ᠤ ᠮᠦᠩᠭᠡᠵᠢᠷᠭᠠᠯ ᠣᠷᠠᠨ᠎ᠠ ᠶᠢᠨ ᠬᠠᠶᠢᠷᠠᠳᠠᠢ ᠬᠦᠪᠡᠬᠦᠨ ᠶᠤᠮ᠃ ᠣᠳᠣ ᠨᠣᠳᠤᠭ ᠤᠨ ᠬᠦᠮᠣᠰ ᠤᠨ ᠨᠠᠶᠢᠷ ᠴᠠᠭ᠎ᠠ᠂ ᠭᠡᠣᠭᠡᠳ ᠤᠨ ᠤᠩᠭᠤᠨ ᠦᠷᠪᠦᠭᠡ ᠬᠦᠨᠳᠡᠬᠦ ᠶᠡᠭᠡ ᠨᠠᠶᠢᠷ ᠢᠶᠠᠷ ᠦᠨᠢᠭᠠᠯ ᠬᠦᠣ ᠳᠠᠶᠢᠰᠠᠨ ᠳᠣᠮᠳᠠ ᠯᠠᠪᠳᠠᠭᠤᠬᠠᠨ ᠵᠣᠭᠰᠣᠭᠠᠳ ᠰᠢᠬᠦᠰᠣᠨ ᠤ ᠢᠷᠦᠭᠡᠯ ᠬᠡᠯᠡᠵᠦ ᠲᠦᠮᠠᠨ ᠤ ᠬᠠᠷᠠᠴᠠ ᠶᠢ ᠪᠣᠯᠢᠶᠠᠳᠠᠭ ᠨᠢ ᠵᠦᠩᠳᠡᠭᠡᠨ ᠪᠤᠯᠤᠭᠠᠳ ᠪᠠᠶᠢᠨ᠎ᠠ᠃ ᠦᠨᠢᠭᠠᠯ ᠤᠨ ᠢᠨᠢᠶᠡᠳᠣ ᠳᠣᠳᠣᠷᠠᠭᠰᠠᠨ ᠲᠤᠷᠮᠤᠭᠤᠷ ᠬᠠᠷ᠎ᠠ ᠨᠢᠳᠣᠨ ᠠᠴᠠ ᠨᠢ ᠢᠳᠡᠭᠡᠯ ᠤᠨ ᠣᠴᠢ ᠪᠠᠳᠠᠷᠠᠨ᠂ ᠠᠶᠠᠯᠭᠤ ᠰᠠᠶᠢᠬᠠᠨ ᠮᠣᠩᠭᠤᠯ ᠭᠡᠯᠡ ᠪᠠᠨ ᠵᠦᠪ ᠣᠨᠣᠪᠴᠢᠳᠠᠢ᠂ ᠳᠣᠪ ᠳᠣᠳᠣᠷᠠᠭᠤᠨ ᠶᠠᠷᠢᠬᠤ ᠨᠢ ᠠᠷᠭ᠎ᠠ ᠦᠭᠡᠢ ᠬᠦᠮᠣᠰ ᠤᠨ ᠰᠡᠳᠬᠢᠯ ᠢ ᠲᠠᠳᠠᠳᠠᠭ ᠠᠵᠢ᠃
    ᠦᠨᠢᠭᠠᠯ ᠪᠠᠭ᠎ᠠ ᠪᠠᠯᠴᠢᠷ ᠠᠴᠠ ᠪᠠᠨ ᠭᠡᠯᠡ ᠶᠡᠷᠢᠶᠡᠨ ᠳᠠᠭᠠᠨ ᠰᠠᠶᠢᠨ᠂ ᠳᠣᠳᠣ ᠢᠷᠡᠭᠤ ᠭᠡᠯᠡᠳᠡᠭ ᠢᠶᠠᠷ ᠢᠶᠠᠨ ᠴᠡᠴᠡᠷᠯᠢᠭ ᠤᠨ ᠳᠣᠮᠳᠠ ᠠᠩᠭᠢ ᠠᠴᠠ ᠪᠠᠨ ᠡᠬᠢᠯᠡᠨ ᠬᠦᠳᠦᠯᠦᠭᠴᠢ ᠪᠤᠯᠤᠬᠰᠠᠨ ᠪᠦᠬᠡᠳ ᠪᠠᠭᠰᠢ ᠵᠢᠴᠢ ᠠᠪᠤ ᠡᠵᠢ ᠶᠢᠨ ᠢᠶᠠᠨ ᠵᠢᠯᠣᠭᠤᠳᠣᠯᠭ᠎ᠠ ᠳᠠᠭᠠᠭᠤᠯᠭ᠎ᠠ ᠪᠠᠷ ᠢᠷᠦᠭᠡᠯ ᠢ ᠭᠤᠷᠪᠠᠨ ᠨᠠᠰᠣ ᠭᠠᠷᠦᠢ ᠠᠴᠠ ᠪᠠᠨ ᠰᠣᠷᠴᠣ ᠭᠡᠯᠡᠵᠣ ᠢᠷᠡᠭᠰᠡᠨ ᠠᠵᠢ᠃ ᠶᠡᠷᠣᠨᠢ ᠭᠡᠣᠭᠡᠳ ᠶᠠᠮᠠᠷ ᠰᠠᠶᠢᠨ ᠠᠪᠢᠶᠠᠰ ᠪᠢᠯᠢᠭ ᠲᠠᠢ ᠪᠠᠶᠢᠭᠰᠠᠨ ᠴᠦ ᠵᠦᠭᠡᠷ ᠰᠠᠭᠤᠭᠠᠳ ᠣᠯᠠᠨ ᠢ ᠮᠡᠳᠡᠴᠢᠬᠡᠬᠦ ᠪᠢᠰᠢ᠂ ᠬᠠᠷᠢᠨ ᠳᠡᠬᠦᠨ ᠢ ᠬᠦᠳᠦᠯᠦᠨ ᠳᠠᠭᠠᠭᠤᠯᠳᠠᠭ ᠰᠠᠶᠢᠨ ᠪᠠᠭᠰᠢ ᠱᠠᠭᠠᠷᠳᠠᠭᠳᠠᠨ᠎ᠠ᠃ ᠦᠨᠢᠭᠠᠯ ᠢ ᠭᠡᠯᠡ ᠰᠠᠶᠢᠳᠠᠢ᠂ ᠴᠡᠭᠡᠵᠢ ᠰᠠᠶᠢᠳᠠᠢ ᠣᠨᠴᠠᠯᠢᠭ ᠠᠴᠠ ᠨᠢ ᠭᠠᠷᠳᠠᠵᠣ ᠠᠪᠤ ᠡᠵᠢ ᠨᠢ ᠦᠷᠬᠦᠯᠵᠢ ᠢᠷᠦᠭᠡᠯ ᠳᠠᠭᠠᠭᠤᠯᠵᠣ ᠣᠩᠰᠢᠨ᠎ᠡ᠂ ᠡᠳᠣᠷ ᠡᠳᠣᠷ ᠣᠩᠰᠢᠵᠣ ᠴᠡᠭᠡᠵᠢᠯᠡᠬᠦ ᠪᠠᠷ ᠳᠠᠮᠵᠢᠨ ᠨᠢᠭᠡ ᠮᠡᠳᠡᠬᠦ ᠳᠤ ᠨᠢᠭᠡ ᠪᠦᠳᠦᠨ ᠢᠷᠦᠭᠡᠯ ᠢ ᠴᠡᠭᠡᠵᠢᠯᠡᠭᠰᠡᠨ ᠪᠠᠶᠢᠳᠠᠭ ᠠᠵᠢ᠃ ᠳᠡᠷᠡ ᠣᠳᠣ ᠰᠢᠬᠦᠰᠣᠨ ᠤ ᠢᠷᠦᠭᠡᠯ᠂ ᠭᠡᠷ ᠤᠨ ᠢᠷᠦᠭᠡᠯ᠂ ᠢᠰᠡᠭᠡᠢ ᠶᠢᠨ ᠢᠷᠦᠭᠡᠯ᠂ ᠶᠢᠰᠣᠨ ᠬᠦᠰᠡᠯ ᠤᠨ ᠢᠷᠦᠭᠡᠯ ᠵᠡᠷᠭᠡ ᠶᠢ ᠲᠦᠪᠡᠭ ᠦᠬᠡᠢ ᠭᠡᠯᠡᠴᠢᠭᠡᠨ᠎ᠡ᠃ ᠦᠨᠢᠭᠠᠯ ᠢ ᠳᠦᠷᠪᠡᠳᠡᠢ ᠳᠡᠷᠡ ᠵᠢᠯ ᠳᠤ᠂ ᠠᠪᠤ ᠡᠵᠢ ᠨᠢ ᠳᠠᠭᠠᠭᠤᠯᠵᠣ ᠠᠪᠠᠭ᠎ᠠ ᠶᠢᠨ ᠢᠶᠠᠨ ᠰᠢᠨ᠎ᠡ ᠭᠡᠷ ᠤᠨ ᠨᠠᠶᠢᠷ ᠲᠤ ᠬᠦᠷᠴᠡᠢ᠃ ᠣᠭᠤᠴᠠ ᠰᠢᠬᠦᠰᠣ ᠭᠠᠷᠴᠣ ᠳᠣᠮᠣ ᠬᠦᠮᠣᠰ ᠶᠠᠭᠠᠷᠠᠵᠣ ᠰᠠᠭᠠᠷᠠᠬᠤ ᠶᠢᠨ ᠬᠤᠭᠤᠷᠣᠨᠳᠣ ᠦᠨᠢᠭᠠᠯ ᠢᠶᠠᠷ ᠰᠢᠬᠦᠰᠣᠨ ᠤ ᠢᠷᠦᠭᠡᠯ ᠭᠡᠯᠡᠬᠦᠯᠣᠨ᠎ᠡ ᠭᠡᠰᠡᠨ ᠠᠪᠤ ᠨᠢ ᠣᠷᠣ ᠦᠭᠡᠢ ᠮᠠᠷᠳᠠᠨ ᠤᠷᠬᠢᠴᠢᠬᠠᠬᠰᠠᠨ ᠪᠠᠶᠢᠵᠡᠢ᠂ ᠢᠷᠦᠭᠡᠯ ᠭᠡᠯᠡᠬᠦ ᠭᠡᠰᠡᠨ ᠰᠠᠶᠢᠬᠠᠨ ᠣᠴᠢᠷ ᠨᠢ ᠠᠯᠠᠭ᠎ᠠ ᠪᠣᠯᠣᠭᠰᠠᠨ ᠢᠶᠠᠷ ᠦᠨᠢᠭᠠᠯ ᠳᠣᠩ ᠭᠤᠮᠣᠳᠠᠨ᠂ ᠶᠡᠭᠡ ᠳᠠᠭᠤ ᠪᠠᠷ ᠡᠬᠡᠷ ᠳᠠᠳᠠᠨ ᠣᠬᠢᠯᠠᠭᠰᠠᠨ ᠪᠠᠶᠢᠪᠠ᠃ ᠳᠡᠷᠡ ᠴᠠᠭ ᠠᠴᠠ ᠡᠬᠢᠯᠡᠨ ᠠᠪᠤ ᠡᠵᠢ ᠨᠢ ᠢᠷᠦᠭᠡᠯ ᠴᠡᠭᠡᠵᠢᠯᠡᠬᠦ ᠶᠢ ᠨᠢ ᠣᠯᠠᠮ ᠪᠠᠳᠣᠳᠬᠠᠨ᠂ ᠰᠣᠮᠣ ᠭᠠᠴᠠᠭᠠᠨ ᠤ ᠣᠷᠠᠨ ᠰᠠᠶᠢᠬᠠᠨ ᠤ ᠳᠣᠭᠯᠠᠯᠳᠠ᠂ ᠠᠶᠢᠯ ᠤᠨ ᠨᠠᠶᠢᠷ ᠴᠠᠭ᠎ᠠ᠂ ᠰᠣᠷᠭᠠᠭᠤᠯᠢ ᠶᠢᠨ ᠬᠦᠳᠡᠯᠭᠡᠭᠡᠨ ᠳᠤ ᠳᠡᠬᠦᠨ ᠤ ᠬᠦᠰᠡᠵᠣ ᠪᠣᠳᠣᠭᠰᠠᠨ ᠶᠣᠰᠣᠭᠠᠷ ᠨᠢ ᠢᠷᠦᠭᠡᠯ ᠭᠡᠯᠡᠬᠦᠯᠵᠣ ᠢᠳᠡᠭᠡᠯ ᠵᠣᠷᠢᠭ ᠢ ᠨᠢ ᠬᠦᠪᠴᠢᠯᠡᠭᠰᠡᠭᠡᠷ ᠢᠷᠡᠵᠡᠢ᠃ ᠳᠡᠶᠢᠨᠬᠦ ᠳᠡᠷᠡ ᠴᠡᠴᠡᠷᠯᠢᠭ ᠠᠴᠠ ᠪᠠᠭ᠎ᠠ ᠰᠣᠷᠭᠠᠭᠤᠯᠢ ᠳᠤ ᠣᠷᠣᠭᠰᠠᠨ ᠠᠴᠠ ᠨᠠᠰᠢ ᠦᠯᠢᠭᠡᠷ ᠤᠨ ᠣᠷᠣᠯᠳᠣᠭᠠᠨ᠂ ᠰᠢᠯᠦᠭ ᠤᠨ ᠣᠷᠣᠯᠳᠣᠭᠠᠨ᠂ ᠢᠷᠦᠭᠡᠯ ᠤᠨ ᠣᠷᠣᠯᠳᠣᠭᠠᠨ ᠵᠡᠷᠭᠡ ᠣᠯᠠᠨ ᠣᠷᠣᠯᠳᠣᠭᠠᠨ ᠳᠤ ᠣᠷᠣᠯᠴᠠᠭᠠᠳ ᠪᠠᠭ᠎ᠠ ᠪᠣᠰᠣ ᠱᠠᠩᠨᠠᠯ ᠬᠦᠷᠳᠡᠨ ᠠᠪᠤ ᠡᠵᠢ ᠪᠠᠨ ᠪᠠᠶᠠᠷᠯᠠᠭᠤᠯᠣᠭᠰᠠᠭᠠᠷ ᠢᠷᠠᠵᠠᠢ᠃
     ᠭᠡᠣᠭᠡᠳ ᠶᠡᠷᠣᠨᠢ ᠰᠣᠨᠢᠭᠤᠴᠢ ᠪᠠᠶᠢᠳᠠᠭ᠂ ᠦᠨᠢᠭᠠᠯ ᠴᠦ ᠲᠡᠶᠢᠮᠤ ᠬᠡᠤᠭᠡᠳ᠃ ᠦᠷᠬᠦᠯᠵᠢ ᠠᠪᠤ ᠡᠵᠢ ᠠᠴᠠ ᠪᠠᠨ ︽ᠶᠠᠭᠠᠬᠢᠭᠠᠳ ᠶᠤᠮ︖︾ ᠭᠡᠵᠣ ᠯᠠ ᠠᠰᠠᠭᠤᠭᠠᠳ ᠭᠠᠷᠳᠠᠭ᠂ ᠠᠪᠤ ᠡᠵᠢ ᠶᠢᠨ ᠬᠢᠨᠢ ᠨᠠᠷᠢᠨ ᠳᠠᠶᠢᠯᠪᠣᠷᠢᠯᠠᠯᠳᠠ ᠵᠢᠴᠢ ᠦᠯᠢᠭᠡᠷ ᠤᠨ ᠨᠣᠮ ᠢᠯᠡᠬᠦᠣ ᠦᠵᠡᠬᠦᠯᠳᠡᠭ ᠠᠴᠠ ᠨᠢ ᠳᠡᠬᠦᠨ ᠤ ᠮᠡᠳᠡᠵᠣ ᠴᠢᠳᠠᠬᠤ ᠬᠢᠵᠣ ᠶᠠᠷᠢᠬᠤ ᠨᠢ ᠣᠨᠴᠠᠭᠠᠢ ᠢᠯᠡᠬᠦᠣ ᠪᠠᠶᠢᠳᠠᠭ ᠰᠠᠨ᠃ ᠳᠡᠶᠢᠨᠬᠦ ᠦᠨᠢᠭᠠᠯ ᠤᠨ ᠪᠡᠶ᠎ᠡ ᠪᠠᠨ ᠳᠠᠭᠠᠭᠠᠨ ᠬᠢᠵᠣ ᠰᠣᠷᠬᠤ ᠢᠳᠡᠪᠬᠢᠵᠢᠯ ᠨᠢ ᠳᠡᠬᠦᠨ ᠤ ᠠᠪᠤ ᠡᠵᠢ ᠶᠢᠨ ᠬᠢᠨᠢ ᠳᠠᠭᠠᠭᠤᠯᠭ᠎ᠠ ᠠᠴᠠ ᠰᠠᠯᠵᠣ ᠴᠢᠳᠠᠬᠤ ᠦᠭᠡᠢ ᠶᠤᠮ᠃ ︽ᠬᠦᠣ ᠳᠡᠭᠡᠨ ᠶᠠᠮᠠᠷᠪᠠ ᠣᠴᠢᠷ ᠶᠠᠪᠣᠳᠠᠯ ᠤᠨ ᠨᠠᠷᠢᠨ ᠶᠣᠰᠣ ᠶᠢ ᠰᠠᠶᠢᠨ ᠳᠠᠶᠢᠯᠪᠣᠷᠢᠯᠠᠨ ᠭᠡᠯᠡᠳᠡᠭ᠂ ᠳᠡᠭᠡᠬᠦ ᠪᠠᠷ ᠨᠢ ᠶᠡᠭᠡ ᠰᠣᠨᠢᠭᠤᠴᠢ᠂ ᠶᠡᠭᠡ ᠠᠷᠪᠢᠨ ᠢ ᠰᠡᠳᠬᠢᠳᠡᠭ ᠶᠤᠮ᠃ ᠦᠨᠢᠭᠠᠯ ᠴᠦ ᠦᠪᠡᠷ ᠢᠶᠠᠨ ᠢᠷᠦᠭᠡᠯ ᠴᠡᠭᠡᠵᠢᠯᠡᠨ ᠭᠡᠯᠡᠬᠦ ᠳᠣᠷ᠎ᠠ ᠲᠠᠢ ᠪᠣᠯᠬᠤᠷ ᠪᠢᠳᠠ ᠴᠦ ᠳᠡᠬᠦᠨ ᠤ ᠦᠭᠡ ᠶᠠᠷᠢᠶᠠᠨ ᠤ ᠳᠠᠯ᠎ᠠ ᠳᠤ ᠶᠡᠭᠡ ᠬᠦᠴᠣ ᠳᠠᠯᠪᠢᠳᠠᠭ ᠶᠤᠮ᠂ ᠡᠬᠦᠨ ᠢᠶᠠᠷ ᠢᠶᠠᠨ ᠳᠡᠬᠦᠨ ᠤ ᠳᠣᠷ᠎ᠠ ᠪᠠᠬ᠎ᠠ ᠶᠢ ᠬᠦᠳᠦᠯᠣᠨ ᠳᠠᠭᠠᠭᠤᠯᠳᠠᠭ ᠴᠦ ᠪᠣᠯᠪᠠ ᠤᠤ ᠭᠡᠵᠣ ᠪᠣᠳᠣᠳᠠᠭ︾ ᠭᠡᠵᠣ ᠮᠦᠩᠭᠡᠵᠢᠷᠭᠠᠯ ᠬᠦᠣ ᠶᠢᠨ ᠢᠶᠠᠨ ᠳᠣᠬᠠᠢ ᠦᠪᠡᠷ ᠤᠨ ᠪᠤᠳᠤᠯ ᠢᠶᠠᠨ ᠬᠤᠪᠢᠶᠠᠯᠴᠠᠵᠦ ᠪᠢᠯᠡ᠃
    ᠦᠷ᠎ᠠ ᠭᠡᠣᠭᠡᠳ ᠢᠶᠠᠨ ᠭᠡᠨ ᠠᠴᠠ ᠴᠦ ᠢᠯᠡᠬᠦᠣ ᠰᠠᠶᠢᠨ ᠰᠠᠶᠢᠬᠠᠨ ᠬᠦᠮᠣᠵᠢᠬᠦᠯᠣᠨ᠂ ᠠᠪᠢᠶᠠᠰ ᠴᠢᠳᠠᠪᠣᠷᠢ ᠲᠠᠢ ᠣᠬᠠᠭᠠᠯᠢᠭ ᠰᠣᠷᠭᠠᠬᠤ ᠨᠢ ᠬᠦᠮᠣᠨ ᠪᠦᠬᠦᠨ ᠤ ᠬᠦᠰᠡᠯ ᠪᠠᠶᠢᠬ᠎ᠠ᠃ ᠬᠡᠬᠦ ᠳᠡᠭᠡᠨ ᠲᠣᠮᠣᠴᠣᠣᠯ ᠨᠢ ᠠᠯᠢ ᠢᠯᠡᠬᠦᠣ ᠬᠦᠴᠣ ᠬᠦᠳᠡᠯᠮᠣᠷᠢ᠂ ᠣᠬᠠᠭᠠᠨ ᠰᠠᠮᠪᠠᠭ᠎ᠠ᠂ ᠳᠡᠰᠪᠣᠷᠢ ᠳᠡᠪᠴᠢᠶᠡᠷᠢ᠂ ᠢᠳᠡᠭᠡᠯ ᠵᠣᠷᠢᠭ ᠢᠶᠠᠨ ᠬᠠᠷᠠᠮ ᠦᠭᠡᠢ ᠵᠤᠷᠢᠭᠤᠯᠬᠤ ᠲᠤᠳᠤᠮ ᠢᠶᠠᠨ ᠬᠡᠤᠬᠡᠳ ᠤᠨ ᠬᠢᠨᠢ ᠠᠪᠢᠶᠠᠰ ᠪᠢᠯᠢᠭ ᠨᠢ ᠡᠷᠳᠡ ᠨᠡᠬᠡᠬᠡᠭᠳᠡᠵᠦ᠂ ᠪᠦᠷ ᠴᠦ ᠵᠤᠯᠪᠤᠭᠠᠯᠢᠭ᠂ ᠤᠬᠠᠭᠠᠯᠢᠭ ᠦᠰᠦᠨ ᠲᠤᠷᠨᠢᠨ᠎ᠠ ᠬᠡᠳᠡᠭ ᠨᠢ ᠮᠡᠳᠡᠬᠡᠵᠢ ᠶᠤᠮ᠃ ᠠᠪᠢᠶᠠᠰ ᠪᠢᠯᠢᠭ ᠲᠠᠢ ᠬᠡᠤᠬᠡᠳ ᠢ ᠭᠦᠮᠦᠵᠢᠬᠦᠯᠬᠦ ᠳᠤ ᠠᠪᠢᠶᠠᠰ ᠪᠢᠯᠢᠭ ᠲᠠᠢ ᠠᠪᠤ ᠡᠵᠢ ᠪᠠᠶᠢᠬᠤ ᠬᠡᠷᠡᠭᠳᠡᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号