ᠠᠷᠪᠠᠭᠠᠳ ᠬᠡᠤᠭᠡᠳ ᠲᠠᠢ ᠲᠠᠨ᠎ᠠ ᠬᠡᠤᠭᠡᠨ ᠤ ᠠᠶᠠᠳᠠᠶᠢᠬᠠᠨ ᠤᠶᠢᠯᠡᠰ
ᠨᠡᠶᠢᠲᠡᠯᠡᠭᠰᠡᠨ ᠴᠠᠭ᠄
2020/12/4
             ︽ᠮᠠ ᠮᠠ᠂ ᠰᠢᠭᠡ︾        ︽ᠮᠠ ᠮᠠ᠂ ᠪᠠ ᠢᠳᠢ︾         ᠁       200 ᠭᠠᠷᠤᠢ ᠲᠡᠭᠰᠢ ᠲᠦᠷᠪᠡᠯᠵᠢᠨ ᠲᠠᠯᠠᠪᠠᠢ ᠲᠠᠢ ︽ᠪᠦᠪᠡᠢ ᠬᠡᠤᠭᠡᠳ ᠤᠨ ᠤᠶᠢᠯᠡᠴᠢᠯᠡᠭᠡᠨ ᠤ ᠲᠦᠪ︾ ᠎ ᠲᠤ ᠨᠢᠯᠬ᠎ᠠ ᠬᠡᠤᠭᠡᠳ ᠤᠨ ᠡᠩᠬᠦᠷᠡᠢ ᠲᠠᠭᠤᠨ ᠲᠤᠭᠤᠯᠳᠠᠵᠦ᠂ ᠲᠦᠩᠭᠡᠵᠢ ᠯᠠ ᠶᠡᠭᠡ ᠰᠤᠷᠭᠠᠭᠤᠯᠢ ᠪᠠᠨ ᠲᠡᠬᠦᠰᠭᠡᠭᠰᠡᠨ ᠤᠤ ᠬᠡᠮᠡᠷ ᠵᠠᠯᠠᠭᠤᠬᠠᠨ ᠦᠬᠢᠨ ᠤᠯᠠᠨ ᠬᠡᠤᠭᠡᠳ ᠤᠨ ᠲᠤᠮᠳᠠ ᠶᠠᠭᠠᠷᠠᠯᠳᠠᠶᠢᠬᠠᠨ ᠡᠷᠬᠢᠯᠳᠦᠨ᠎ᠡ᠃
      ᠡᠨᠡ ᠦᠬᠢᠨ ᠢ ᠲᠠᠨ᠎ᠠ ᠬᠡᠳᠡᠭ᠃ ᠨᠢᠳᠤᠨᠤᠨ ᠵᠢᠯ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠎ ᠠᠴᠠ ᠰᠤᠷᠬᠤ ᠠᠴᠠ ᠡᠮᠦᠨᠡᠬᠢ ᠰᠤᠷᠭᠠᠨ ᠬᠦᠮᠦᠵᠢᠯ ᠤᠨ ᠮᠡᠷᠬᠡᠵᠢᠯ ᠢᠶᠠᠷ ᠲᠡᠬᠦᠰᠦᠭᠡᠳ᠂ ᠲᠦᠷᠦᠭᠰᠡᠨ ᠨᠤᠳᠤᠭ ᠎ ᠲᠠᠭᠠᠨ ᠬᠠᠷᠢᠵᠦ ᠢᠷᠡᠨ ᠰᠢᠨᠡᠭᠡᠨ ᠪᠤᠰᠬᠠᠭᠰᠠᠨ ᠤᠶᠢᠯᠡᠰ ᠤᠨ ᠭᠠᠷᠤᠭᠠᠨ ᠲᠡᠭᠡᠷ᠎ᠡ ᠪᠠᠨ ᠬᠢᠯᠠᠷᠠᠭᠤᠯᠵᠦ ᠶᠠᠪᠤᠭ᠎ᠠ ᠨᠢ ᠡᠨᠡ ᠠᠵᠢ᠃      ︽ᠪᠦᠪᠡᠢ ᠬᠡᠤᠭᠡᠳ ᠤᠨ ᠤᠶᠢᠯᠡᠴᠢᠯᠡᠭᠡᠨ ᠤ ᠲᠦᠪ︾᠎ ᠨᠢ ᠬᠡᠤᠭᠡᠳ ᠤᠨ ᠴᠡᠴᠡᠷᠯᠢᠭ ᠲᠤ ᠤᠷᠤᠬᠤ ᠠᠴᠠ ᠡᠮᠦᠨᠡᠬᠢ ︵1 ᠨᠠᠰᠤ ᠭᠠᠷᠤᠢ ᠠᠴᠠ 2 ᠨᠠᠰᠤ ᠭᠠᠷᠤᠢ︶ ᠨᠢᠯᠬ᠎ᠠ ᠬᠡᠤᠭᠡᠳ ᠲᠤ ᠵᠤᠷᠢᠭᠤᠯᠤᠭᠰᠠᠨ ᠠᠷᠠᠴᠢᠯᠠᠬᠤ ᠪᠠ ᠰᠤᠷᠭᠠᠨ ᠬᠦᠮᠦᠵᠢᠯ ᠢ ᠬᠠᠮᠳᠤᠷᠠᠭᠤᠯᠤᠭᠰᠠᠨ ᠤᠶᠢᠯᠡᠴᠢᠯᠡᠭᠡ ᠬᠠᠩᠭᠠᠳᠠᠭ᠃ ᠡ᠊ᠨᠳᠡ ᠬᠡᠤᠬᠡᠳ ᠢᠶᠠᠨ ᠬᠦᠷᠭᠡᠵᠦ ᠢᠷᠡᠵᠦ ᠪᠠᠶᠢᠭ᠎ᠠ ᠠᠪᠤ ᠡᠵᠢ ᠶᠢᠨ ᠤᠯᠠᠩᠬᠢ ᠨᠢ ᠬᠤᠶᠠᠭᠤᠯᠠ ᠪᠠᠨ ᠠᠯᠪᠠᠨ ᠠᠵᠢᠯ ᠲᠠᠢ ᠪᠤᠶᠤ ᠡᠳᠦᠷ ᠢᠶᠠᠷ ᠬᠡᠤᠬᠡᠳ ᠎ ᠢᠶᠠᠨ ᠬᠠᠷᠠᠭᠠᠯᠵᠠᠬᠤ ᠨᠦᠬᠦᠴᠡᠯ ᠦᠭᠡᠢ ᠬᠦᠮᠦᠰ ᠪᠤᠯᠤᠨ᠎ᠠ᠃       ᠲᠦᠩᠭᠡᠵᠢ ᠯᠠ ᠶᠡᠭᠡ ᠰᠤᠷᠭᠠᠭᠤᠯᠢ ᠪᠠᠨ ᠲᠡᠬᠦᠰᠭᠡᠵᠦ ᠪᠠᠶᠢᠭ᠎ᠠ ᠬᠡᠤᠬᠡᠨ ᠪᠡᠶ᠎ᠡ ᠪᠠᠨ ᠲᠠᠭᠠᠭᠠᠨ ᠤᠶᠢᠯᠡᠰ ᠡᠷᠬᠢᠯᠡᠵᠦ ᠪᠠᠶᠢᠭ᠎ᠠ ᠮᠦᠷᠳᠡᠭᠡᠨ ᠡᠳᠦᠷᠵᠢᠨ ᠰᠠᠶ᠋ᠢ ᠯᠠ ᠬᠦᠯ ᠳᠤ᠂ ᠬᠡᠯᠡ ᠳᠤ ᠤᠷᠤᠵᠦ ᠪᠠᠶᠢᠭ᠎ᠠ ᠬᠡᠤᠬᠡᠳ ᠲᠠᠢ  ᠤᠷᠢᠶᠠᠴᠠᠯᠳᠤᠵᠦ᠂ ᠠᠷᠪᠠᠭᠠᠳ ᠬᠡᠤᠬᠡᠳ ᠤᠨ ︽ᠡᠵᠢ︾ ᠪᠤᠯᠤᠨ᠎ᠡ ᠬᠡᠳᠡᠭ ᠨᠢ ᠭᠠᠶᠢᠬᠠᠯᠳᠠᠢ ᠰᠠᠨᠠᠭᠳᠠᠵᠦ ᠠᠰᠠᠭᠤᠬᠤ ᠳᠤ᠂ ᠲᠠᠨ᠎ᠠ ᠬᠡᠤᠬᠡᠨ ︽ᠪᠢ ᠵᠦᠭᠡᠷ ᠯᠠ ᠦᠪᠡᠷ ᠤᠨ ᠰᠤᠷᠤᠭᠰᠠᠨ ᠮᠡᠷᠭᠡᠵᠢᠯ ᠢᠶᠠᠨ ᠲᠦᠰᠢᠵᠦ ᠠᠵᠢᠯ ᠤᠯᠤᠶ᠎ᠠ ᠬᠡᠰᠡᠨ ᠬᠦᠰᠡᠯ ᠲᠠᠢ ᠪᠠᠶᠢᠭᠰᠠᠨ᠂ ᠬᠡᠳᠡᠯ᠎ᠡ ᠪᠠᠰᠠ ᠬᠦᠮᠦᠨ ᠤ ᠲᠤᠤᠷ᠎ᠠ ᠲᠤᠭᠳᠠᠭᠰᠠᠨ ᠴᠠᠯᠢᠩ ᠢᠶᠠᠨ ᠠᠪᠤᠭᠠᠳ ᠡᠳᠦᠷ ᠬᠤᠷᠤᠭᠠᠵᠦ ᠶᠠᠪᠤᠶ᠎ᠠ ᠬᠡᠵᠦ ᠰᠠᠨᠠᠬᠤ ᠦᠭᠡᠢ᠃ ᠵᠠᠯᠠᠭᠤ ᠬᠦᠮᠦᠨ ᠶᠤᠮᠴᠢᠨᠢ ᠡᠷᠬᠡᠪᠰᠢ ᠦᠪᠡᠷ ᠤᠨ ᠪᠡᠶ᠎ᠡ ᠪᠠᠨ ᠲᠦᠰᠢᠵᠦ ᠤᠶᠢᠯᠡᠰ ᠪᠤᠰᠬᠠᠬᠤ ᠨᠢ ᠵᠤᠶᠢᠳᠡᠢ ᠰᠢᠭ᠋ ᠰᠠᠨᠠᠭᠳᠠᠵᠦ᠂ ᠡᠨᠡ ᠪᠤᠳᠤᠯ ᠢᠶᠠᠨ ᠡᠵᠢ ᠠᠪᠤ ᠳᠤ ᠎ ᠪᠠᠨ ᠴᠤᠬᠤᠶᠢᠯᠭᠠᠬᠤ ᠳᠤ ᠲᠡᠳᠡᠨ ᠤ ᠬᠠᠯᠠᠭᠤᠨ ᠲᠡᠮᠵᠢᠯᠭᠡ ᠶᠢ ᠬᠦᠷᠳᠡᠭᠰᠡᠨ᠃ ᠠᠪᠤ ᠡᠵᠢ ᠳᠡᠭᠡᠨ ᠦᠨᠡᠭᠡᠷ ᠪᠠᠶᠠᠷᠯᠠᠵᠦ ᠶᠠᠪᠤᠳᠠᠭ ᠰᠢᠤ︾ ᠬᠡᠵᠦ ᠠᠩᠬ᠎ᠠ ᠤᠶᠢᠯᠡᠰ ᠪᠤᠰᠬᠠᠬᠤ ᠳᠤ ᠰᠡᠳᠬᠢᠯ ᠤᠨ ᠲᠡᠩᠭᠡᠭᠡ ᠦᠭᠬᠦᠭᠰᠡᠨ ᠠᠪᠤ ᠡᠵᠢ ᠶᠢᠨ ᠢᠶᠠᠨ ᠲᠤᠬᠠᠢ ᠶᠠᠷᠢᠯ᠎ᠠ᠃ ᠶᠡᠷᠦᠨᠢ ᠠᠪᠤ ᠡᠵᠢ ᠪᠤᠯᠤᠭᠰᠠᠨ ᠬᠦᠮᠦᠨ ᠪᠦᠬᠦᠨ ᠦᠷ᠎ᠡ ᠬᠡᠤᠬᠡᠳ ᠲᠤ ᠪᠠᠨ ᠰᠠᠶᠢᠨ ᠰᠠᠶᠢᠬᠠᠨ ᠢ ᠬᠦᠰᠡᠵᠦ᠂ ᠴᠢᠳᠠᠯ ᠤᠨ ᠬᠢᠷᠢ ᠪᠠᠷ ᠢᠶᠠᠨ ᠰᠠᠶᠢᠨ ᠪᠦᠬᠦᠨ ᠢ ᠬᠦᠷᠳᠡᠭᠡᠳᠡᠭ ᠨᠢ ᠶᠢᠷᠳᠢᠨᠴᠦ ᠶᠢᠨ ᠵᠢᠮ᠎ᠡ ᠶᠤᠰᠤ᠃
   ︽ᠲᠦᠮᠡᠨ ᠠᠵᠢᠯ ᠤᠨ ᠲᠦᠷᠦᠬᠦᠦ ᠠᠯᠬᠤᠮ ᠬᠦᠴᠢᠷ︾ ᠬᠡᠳᠡᠭᠴᠢᠯᠡᠨ ᠰᠠᠶ᠋ᠢᠬᠠᠨ ᠰᠤᠷᠤᠯᠭ᠎ᠠ ᠪᠠᠨ ᠲᠡᠬᠦᠰᠭᠡᠭᠰᠡᠨ ᠲᠠᠨ᠎ᠠ ᠬᠡᠤᠬᠡᠨ ᠳᠤ ᠠᠪᠴᠤ ᠬᠡᠯᠡᠪᠡᠯ ᠬᠡᠤᠬᠡᠳ ᠠᠰᠠᠷᠠᠨ᠎ᠠ ᠬᠡᠳᠡᠭ ᠴᠢᠨᠢ ᠲᠡᠩᠳᠡᠬᠦᠦ ᠬᠤᠯᠠ ᠤᠴᠢᠷ᠃ ᠲᠡᠶᠢᠮᠤ ᠳᠡᠭᠡᠨ ᠬᠡᠤᠬᠡᠳ ᠤᠨ ᠴᠡᠴᠡᠷᠯᠢᠭ ᠲᠤ ᠬᠡᠳᠦᠨ ᠰᠠᠷ᠎ᠠ ᠶᠢᠨ ᠬᠤᠭᠤᠴᠠᠭ᠎ᠠ ᠲᠠᠢ ᠲᠠᠳᠤᠯᠭ᠎ᠠ ᠬᠢᠵᠦ ᠨᠡᠯᠢᠶᠡᠳ ᠲᠤᠷᠰᠢᠯᠭ᠎ᠠ ᠬᠤᠷᠠᠮᠳᠤᠭᠤᠯᠵᠡᠢ᠃ ᠲᠡᠬᠦᠨ ᠢ ᠲᠠᠷᠠᠭ᠎ᠠ ᠠᠯᠬᠤᠮ ᠳᠤ ᠶᠠᠭᠠᠬᠢᠳᠠᠭ ᠪᠢᠯᠡ ᠬᠡᠮᠡᠨ ᠭᠠᠴᠢᠭᠳᠠᠵᠦ ᠪᠠᠶᠢᠬᠤ ᠎ ᠳᠤ ᠤᠤᠯ ᠠᠴᠠ ᠪᠠᠨ ᠲᠠᠨᠢᠯ ᠪᠠᠶᠢᠭᠰᠠᠨ ᠡᠷᠳᠡᠨᠢᠬᠤᠸᠠᠷ ᠡᠬᠡᠴᠢ ᠨᠢ ᠲᠡᠬᠦᠨ ᠲᠠᠢ ᠬᠠᠮᠳᠤᠷᠠᠵᠦ ᠤᠶᠢᠯᠡᠴᠢᠯᠡᠭᠡᠨ ᠤ ᠲᠦᠪ ᠡᠷᠬᠢᠯᠡᠬᠦ ᠶᠢ ᠵᠦᠪᠰᠢᠶᠡᠷᠡᠯ᠎ᠡ᠃ ᠲᠡᠭᠡᠭᠡᠳ ᠯᠠ ᠤᠶᠢᠯᠡᠴᠢᠯᠡᠭᠡᠨ ᠤ ᠲᠦᠪ ᠡᠷᠬᠢᠯᠡᠬᠦ ᠭᠠᠵᠠᠷ ᠢᠶᠠᠨ ᠰᠤᠩᠭᠤᠬᠤ ᠂ ᠬᠡᠷ ᠰᠠᠭᠤᠴᠠ ᠪᠠᠨ ᠵᠠᠰᠠᠬᠤ᠂ ᠡᠷᠡᠬᠦᠯ ᠬᠠᠮᠠᠭᠠᠯᠠᠯ᠂ ᠢᠳᠡᠭᠡᠨ ᠤᠮᠳᠠᠭᠠᠨ᠂ ᠰᠤᠷᠭᠠᠨ ᠬᠦᠮᠦᠵᠢᠯ ᠮᠡᠳᠦ ᠶᠢᠨ ᠦᠰᠦᠨ ᠠᠴᠠ ᠴᠤ ᠤᠯᠠᠨ ᠬᠡᠮᠡᠷ ᠬᠢᠨᠠᠯᠳᠠ ᠶᠢ ᠦᠩᠭᠡᠷᠡᠬᠦᠯᠦᠭᠡᠳ᠂ ᠤᠳᠤ ᠯᠠ ᠴᠠᠭᠠᠯᠠᠵᠦ ᠦᠩᠭᠡᠷᠡᠭᠡᠳ ᠡᠵᠡᠩᠨᠡᠯᠳᠡ ᠪᠠᠨ ᠡᠬᠢᠯᠡᠬᠦᠯᠦᠶ᠎ᠡ ᠬᠡᠳᠡᠯ᠎ᠡ ᠬᠢᠵᠢᠭ ᠡᠪᠡᠳᠴᠢᠨ ᠲᠡᠯᠭᠡᠷᠡᠴᠢᠭᠡᠯ᠎ᠡ᠃ ᠲᠡᠯᠭᠡᠬᠦᠷ ᠨᠡᠭᠡᠭᠡᠭᠰᠡᠨ ᠬᠦᠮᠦᠰ ᠲᠤ ᠠᠪᠴᠤ ᠬᠡᠯᠡᠪᠡᠯ ᠬᠢᠵᠢᠭ ᠡᠪᠡᠳᠴᠢᠨ ᠲᠡᠯᠭᠡᠷᠡᠵᠦ ᠤᠶᠢᠯᠡᠴᠢᠯᠡᠭᠡᠨ ᠤ ᠬᠠᠮᠢᠶ᠎ᠠ ᠲᠠᠢ ᠲᠠᠯᠠᠪᠤᠷ ᠪᠦᠬᠦᠳᠡ ᠶᠢ ᠬᠠᠭᠠᠭᠰᠠᠨ ᠨᠢ ᠶᠡᠭᠡ ᠲᠠᠷᠤᠯᠳᠠ ᠪᠤᠯᠬᠤ ᠨᠢ ᠮᠡᠳᠡᠭᠡᠵᠢ᠃ ᠡᠨᠡ ᠨᠢ ᠲᠠᠨ᠎ᠠ ᠳᠤ ᠠᠪᠴᠤ ᠬᠡᠯᠡᠪᠡᠯ ᠤᠶᠢᠯᠡᠰ ᠪᠤᠰᠬᠠᠬᠤ ᠵᠠᠮ ᠳᠤᠨᠢ ᠲᠤᠬᠢᠶᠠᠯᠳᠤᠭᠰᠠᠨ ᠬᠠᠮᠤᠭ ᠶᠡᠭᠡ ᠬᠦᠴᠢᠷᠳᠡᠯ ᠪᠤᠯᠤᠨ᠎ᠠ᠃ ᠲᠡᠶᠢᠮᠤ ᠪᠤᠯᠪᠠᠴᠤ ᠵᠤᠷᠢᠭᠰᠠᠨ ᠵᠦᠭ ᠲᠡᠭᠡᠨ ᠬᠦᠷᠬᠦ ᠠᠴᠠ ᠪᠤᠴᠠᠬᠤ ᠦᠭᠡᠢ ᠵᠤᠷᠢᠭ ᠰᠠᠨᠠᠭ᠎ᠠ ᠪᠠᠷ ᠬᠡᠳᠦᠨ ᠰᠠᠷ᠎ᠠ ᠶᠢ ᠲᠡᠰᠴᠦ ᠦᠩᠭᠡᠷᠡᠬᠦᠯᠦᠭᠡᠳ 7 ᠰᠠᠷ᠎ᠠ ᠶᠢᠨ 7᠎ ᠤ ᠡᠳᠦᠷ ᠠᠴᠠ ᠵᠢᠩᠬᠢᠨᠢ ᠪᠠᠷ ᠡᠵᠡᠩᠨᠡᠯᠳᠡ ᠪᠠᠨ ᠡᠬᠢᠯᠡᠬᠦᠯᠵᠡᠢ᠃
      ︽ᠠᠩᠬ᠎ᠠ ᠤᠶᠢᠯᠡᠰ ᠡᠷᠬᠢᠯᠡᠬᠦ ᠳᠤ ᠮᠡᠳᠡᠬᠦ ᠦᠭᠡᠢ ᠴᠢᠳᠠᠬᠤ ᠦᠭᠡᠢ ᠵᠤᠶᠢᠯ ᠤᠯᠠᠨ ᠪᠠᠶᠢᠵᠡᠢ᠃ ᠡᠷᠳᠡᠨᠢᠬᠤᠸᠠᠷ ᠡᠬᠡᠴᠢ ᠮᠠᠨᠢ ᠬᠡᠤᠬᠡᠳ ᠲᠠᠢ ᠬᠦᠮᠦᠨ᠂ ᠲᠡᠷᠡ ᠮᠦᠷᠳᠡᠭᠡᠨ ᠤᠤᠯ ᠳᠠᠭᠠᠨ ᠮᠤᠩᠭᠤᠯ ᠲᠠᠪᠤᠨ ᠵᠠᠰᠠᠯ ᠎ ᠤᠨ ᠠᠵᠢᠯ ᠬᠢᠵᠦ ᠪᠠᠶᠢᠭᠰᠠᠨ ᠪᠤᠯᠬᠤᠷ ᠶᠠᠭᠠᠬᠢᠯ᠎ᠠ ᠴᠤ ᠬᠡᠰᠡᠨ ᠨᠠᠮᠠᠢᠢ ᠪᠤᠳᠤᠪᠠᠯ ᠬᠡᠤᠬᠡᠳ ᠠᠷᠠᠴᠢᠯᠠᠬᠤ᠂ ᠬᠦᠮᠦᠨ ᠬᠠᠷᠠᠭᠠᠯᠵᠠᠬᠤ ᠲᠠᠯ᠎ᠠ ᠶᠢᠨ ᠲᠤᠷᠰᠢᠯᠭ᠎ᠠ ᠲᠠᠢ᠂ ᠲᠡᠰᠪᠦᠷᠢ ᠲᠡᠪᠵᠢᠶᠡᠷᠢ ᠲᠠᠢ᠃ ᠲᠡᠶᠢᠮᠤ ᠳᠡᠭᠡᠨ ᠠᠩᠬ᠎ᠠ ᠤᠶᠢᠯᠡᠰ ᠪᠤᠰᠬᠠᠬᠤ ᠵᠠᠮ ᠳᠤ ᠮᠠᠨᠢ ᠨᠦᠬᠦᠳ ᠪᠤᠯᠤᠭᠰᠠᠨ ᠡᠬᠡᠴᠢ ᠳᠡᠭᠡᠨ ᠶᠡᠭᠡ ᠪᠠᠶᠠᠷᠯᠠᠵᠦ ᠶᠠᠪᠤᠳᠠᠭ︕︾ ᠬᠡᠵᠦ ᠬᠠᠮᠳᠤ ᠤᠶᠢᠯᠡᠰ ᠪᠤᠰᠬᠠᠭᠰᠠᠨ ᠠᠶᠠᠨ ᠤ ᠬᠠᠨᠢ ᠳᠠᠭᠠᠨ ᠲᠠᠯᠠᠷᠬᠠᠯ ᠲᠡᠪᠰᠢᠬᠦᠯᠵᠦ ᠪᠠᠶᠢᠯ᠎ᠠ᠃ ᠲᠠᠨ᠎ᠠ ᠶᠢᠨ ᠬᠤᠪᠢ ᠳᠤ ᠴᠤ ᠠᠩᠬ᠎ᠠ ᠡᠬᠢᠯᠡᠬᠦ ᠳᠤ ᠬᠡᠯᠡ ᠳᠤ ᠤᠷᠤᠭ᠎ᠠ ᠦᠭᠡᠢ ᠬᠡᠤᠭᠡᠳ ᠲᠠᠢ ᠬᠡᠯᠡᠯᠴᠡᠭᠡ ᠤᠯᠳᠠᠬᠤ ᠦᠭᠡᠢ ᠵᠦᠳᠡᠷᠡᠳᠡᠭ ᠪᠠᠶᠢᠭᠰᠠᠨ ᠪᠤᠯ ᠤᠳᠤ ᠬᠠᠷᠢᠨ ᠲᠡᠳᠡᠨ ᠤ ᠨᠢᠭᠡ ᠬᠠᠷᠠᠴᠠ᠂ ᠨᠢᠭᠡ ᠲᠠᠭᠤᠨ ᠠᠴᠠ ᠨᠢ ᠶᠠᠭᠤ ᠬᠡᠯᠡᠵᠦ ᠪᠠᠶᠢᠭ᠎ᠠ᠂  ᠶᠠᠭᠤ ᠶᠢ ᠬᠦᠰᠡᠵᠦ ᠪᠠᠶᠢᠭ᠎ᠠ ᠬᠡᠳᠡᠭ ᠢ ᠪᠦᠷᠢᠨ ᠤᠶᠢᠯᠠᠭᠠᠳᠠᠭ ᠬᠠᠰᠢᠷ ︽ᠡᠵᠢ︾ ᠪᠤᠯᠤᠭᠰᠠᠨ ᠬᠡᠳᠡᠭ ᠢ ᠨᠢᠭᠡ ᠡᠳᠦᠷ ᠲᠡᠳᠡᠨ ᠤ ᠲᠡᠷᠭᠡᠳᠡ ᠰᠤᠷᠪᠤᠯᠵᠢᠯᠠᠭ᠎ᠠ ᠠᠪᠬᠤ ᠳᠠᠭᠠᠨ ᠤᠶᠢᠯᠠᠭᠠᠭᠰᠠᠨ ᠪᠢᠯᠡ᠃
     8 ᠴᠠᠭ ᠲᠤ ᠬᠡᠤᠭᠡᠳ ᠢᠶᠠᠨ ᠲᠤᠰᠴᠤ ᠠᠪᠤᠨ᠎ᠠ᠂ ᠲᠡᠭᠡᠴᠢᠭᠡᠭᠡᠳ ᠬᠡᠤᠬᠡᠳ ᠲᠤ ᠪᠠᠨ ᠡᠷᠳᠡ ᠶᠢᠨ ᠬᠤᠭᠤᠯᠠ ᠢᠳᠡᠬᠦᠯᠦᠨ᠎ᠡ᠂ ᠢᠳᠡᠵᠦ ᠲᠠᠭᠤᠰᠤᠭᠠᠳ ᠭᠠᠷ ᠨᠢᠭᠤᠷ ᠢ ᠨᠢ ᠤᠬᠢᠶᠠᠨ᠎ᠠ᠂ ᠲᠠᠷᠠᠭ᠎ᠠ ᠨᠢ ᠡᠷᠳᠡ ᠶᠢᠨ ᠬᠢᠴᠢᠶᠡᠯ ᠢᠶᠠᠨ ᠡᠬᠢᠯᠡᠬᠦᠯᠦᠨ᠎ᠡ᠂ ᠦᠳᠡ ᠶᠢᠨ ᠬᠤᠭᠤᠯᠠᠨ ᠳᠤ ᠤᠷᠤᠨ᠎ᠠ᠂ ᠦᠳᠡ ᠶᠢᠨ ᠤᠨᠳᠠᠯᠭ᠎ᠠ ᠬᠢᠨ᠎ᠡ᠂ ᠲᠤᠭᠯᠠᠭᠠᠮ ᠬᠢᠨ᠎ᠡ ᠁ ᠬᠡᠮᠡᠨ ᠲᠠᠨ᠎ᠠ ᠳᠤ ᠠᠮᠠᠷᠠᠵᠦ ᠰᠠᠭᠤᠬᠤ ᠴᠠᠭ ᠲᠤᠩ ᠬᠤᠮᠰᠠᠬᠠᠨ᠃ ᠨᠢᠭᠡ ᠠᠴᠠ ᠭᠤᠷᠪᠠᠨ ᠨᠠᠰᠤᠨ ᠤ ᠬᠤᠭᠤᠷᠤᠨᠳᠤᠬᠢ ᠬᠡᠤᠬᠡᠳ ᠲᠤ ᠬᠢᠴᠢᠶᠡᠯ ᠤᠷᠤᠨ᠎ᠡ ᠬᠡᠵᠦ ᠦᠨᠡᠨᠳᠡᠭᠡᠨ ᠵᠢᠷᠤᠭ ᠵᠢᠷᠤᠭᠤᠯᠬᠤ᠂ ᠦᠰᠦᠷᠬᠦ ᠲᠠᠮᠢᠷ ᠬᠢᠬᠦ᠂ ᠭᠠᠷ ᠬᠤᠷᠤᠭᠤᠨ ᠤ ᠵᠢᠵᠢᠭ ᠪᠤᠯᠴᠢᠩ ᠢ ᠬᠦᠭᠵᠢᠬᠦᠯᠬᠦ ᠲᠠᠮᠢᠷ ᠬᠢᠬᠦ᠂ ᠰᠡᠳᠬᠢᠬᠦᠢ ᠨᠡᠭᠡᠭᠡᠬᠦ ᠲᠤᠭᠯᠠᠭᠠᠮ ᠬᠢᠬᠦ ᠂ ᠲᠦᠬᠦᠮᠭᠡᠨ ᠲᠠᠭᠤᠤ ᠪᠤᠶᠤ ᠰᠢᠯᠦᠭ ᠵᠢᠭᠠᠬᠤ ᠵᠡᠷᠭᠡ ᠬᠡᠯᠪᠡᠷᠢ ᠪᠠᠷ ᠶᠠᠪᠤᠭᠳᠠᠳᠠᠭ ᠪᠠᠶᠢᠨ᠎ᠠ᠃  ᠡᠨᠡ ᠨᠢ ᠭᠤᠤᠯᠳᠠᠭᠤ ᠬᠡᠤᠭᠡᠳ ᠤᠨ ᠲᠤᠷ᠎ᠠ ᠰᠤᠨᠢᠷᠬᠠᠯ ᠪᠠ ᠠᠪᠢᠶᠠᠰ ᠪᠢᠯᠢᠭ ᠢ ᠨᠢ ᠠᠵᠢᠬᠤ᠂ ᠰᠡᠳᠬᠢᠬᠦᠢ ᠶᠢ ᠨᠢ ᠬᠦᠭᠵᠢᠬᠦᠯᠬᠦ ᠲᠡᠭᠡᠷ᠎ᠡ ᠠᠵᠢᠯᠯᠠᠳᠠᠭ ᠬᠡᠵᠦ ᠲᠠᠨ᠎ᠠ ᠪᠠᠭᠰᠢ ᠲᠠᠨᠢᠯᠴᠠᠭᠤᠯᠤᠯ᠎ᠠ᠃ ᠲᠠᠨ᠎ᠠ ᠲᠠᠢ ᠬᠠᠮᠳᠤᠷᠠᠵᠦ ᠤᠶᠢᠯᠡᠴᠢᠯᠡᠭᠡᠨ ᠤ ᠲᠦᠪ ᠡᠷᠬᠢᠯᠡᠭᠰᠡᠨ ᠡᠷᠳᠡᠨᠢᠬᠤᠸᠠᠷ ᠤᠨ ᠨᠦᠬᠦᠷ ᠨᠢ ᠮᠤᠩᠭᠤᠯ ᠡᠮᠴᠢ ᠶᠢᠨ ᠬᠤᠷᠢᠶᠠᠨ ᠳᠤ ᠠᠵᠢᠯᠯᠠᠳᠠᠭ ᠪᠤᠯᠬᠤᠷ ᠠᠵᠢᠯ ᠠᠴᠠ ᠪᠠᠨ ᠪᠠᠭᠤᠮᠠᠭᠴᠠ ᠲᠡᠳᠡᠨ ᠤ ᠲᠡᠷᠭᠡᠳᠡ ᠬᠦᠷᠴᠦ ᠬᠠᠨᠢᠶᠠᠯᠭᠠᠵᠦ ᠪᠠᠶᠢᠭ᠎ᠠ ᠬᠡᠤᠬᠡᠳ ᠤᠨ ᠴᠡᠭᠡᠵᠢ ᠶᠢ ᠨᠢ ᠴᠢᠩᠨᠠᠵᠦ ᠦᠵᠡᠬᠦ᠂ ᠢᠳᠡᠭᠡᠨ ᠤ ᠲᠤᠷᠠᠰᠢᠯ ᠦᠭᠡᠢ ᠬᠡᠤᠭᠡᠳ ᠤᠨ ᠪᠡᠶ᠎ᠡ ᠶᠢᠨ ᠪᠠᠶᠢᠳᠠᠯ ᠢ ᠨᠢ ᠠᠵᠢᠭᠯᠠᠬᠤ ᠵᠡᠷᠭᠡ ᠪᠠᠷ ᠬᠠᠮᠵᠢᠯᠴᠠᠳᠠᠭ ᠪᠠᠶᠢᠨ᠎ᠠ᠃
      ᠤᠷᠤᠢ ᠶᠢᠨ 6 ᠴᠠᠭ ᠠᠶᠠᠳᠠᠬᠤ ᠳᠤ ᠲᠠᠨ᠎ᠠ ᠬᠡᠤᠭᠡᠳ ᠤᠳ ᠢᠶᠠᠨ ᠬᠦᠷᠬᠡᠵᠦ ᠶᠠᠪᠤᠭᠤᠯᠤᠯ᠎ᠠ᠃ ᠪᠦᠬᠦᠯᠢ ᠡᠳᠦᠷ ᠭᠡᠤᠭᠡᠳ ᠤᠨ ᠢᠳᠡᠭᠡᠨ ᠤᠮᠳᠠᠭᠠᠨ᠂ ᠤᠨᠳᠠᠯᠠᠭ᠎ᠠ᠂ ᠠᠮᠤᠷ ᠲᠦᠪᠰᠢᠨ ᠭᠡᠮᠡᠨ ᠪᠤᠷᠪᠢ ᠪᠤᠬᠢᠷᠤᠯ ᠦᠭᠡᠢ ᠠᠵᠢᠯᠯᠠᠳᠠᠭ ᠪᠤᠯᠪᠠᠴᠤ ᠶᠢᠷᠳᠢᠨᠴᠦ ᠶᠢᠨ ᠬᠠᠮᠤᠭ ᠠᠴᠠ ᠴᠡᠪᠡᠷ ᠴᠠᠶᠢᠯᠭᠠᠨ ᠰᠡᠳᠬᠢᠯ ᠲᠠᠢ ᠠᠮᠢᠳᠠᠳ ᠲᠠᠢ ᠬᠠᠮᠳᠤ ᠪᠠᠶᠢᠳᠠᠭ ᠲᠤ ᠪᠠᠨ ᠲᠠᠨ᠎ᠠ ᠵᠢᠴᠢ ᠬᠤᠶᠠᠷ ᠬᠠᠮᠳᠤ ᠠᠵᠢᠯᠳᠠᠳ ᠤᠨ ᠴᠢᠷᠠᠢ ᠠᠴᠠ ᠪᠠᠶᠠᠷ ᠤᠨ ᠮᠦᠰᠢᠶᠡᠳᠦ ᠶᠡᠷᠦᠨᠢ ᠰᠠᠯᠬᠤ ᠦᠭᠡᠢ ᠪᠠᠶᠢᠯ᠎ᠠ᠃ ᠬᠡᠤᠬᠡᠳ ᠤᠳ ᠴᠤ ᠲᠠᠳᠠᠭᠠᠷ ᠲᠠᠢ ᠲᠠᠰᠴᠢᠬᠠᠭᠰᠠᠨ ᠪᠠᠭᠰᠢ ᠶᠢᠨ ᠢᠶᠠᠨ ᠬᠤᠷᠮᠤᠢ ᠠᠴᠠ ᠵᠢᠭᠤᠷᠠᠨ ︽ᠮᠠ ᠮᠠ︾ ᠬᠡᠮᠡᠨ ᠲᠠᠭᠤᠳᠠᠬᠤ ᠨᠢ ᠬᠦᠭᠡᠷᠦᠬᠦᠨ᠂ ᠪᠠᠭᠰᠢ ᠨᠢ ᠴᠤ ᠬᠡᠤᠬᠡᠳ ᠤᠳ ᠢᠶᠠᠨ ᠡᠩᠬᠦᠷᠡᠶᠢᠯᠡᠨ ᠂ ᠲᠡᠪᠡᠷᠢᠯᠳᠡ ᠬᠦᠰᠡᠭᠰᠡᠨ ᠳᠤᠨᠢ ᠲᠡᠪᠡᠷᠢᠯᠳᠡ ᠪᠠᠨ ᠬᠦᠷᠬᠡᠵᠦ᠂ ᠬᠠᠶᠠ ᠪᠠᠰᠠ ᠦᠪᠡᠷ ᠤᠨ ᠡᠷᠭᠡ ᠦᠭᠡᠢ  ᠵᠢᠵᠢᠭᠭᠡᠨ ᠲᠤᠷᠭᠠᠨ ᠬᠠᠴᠡᠷ ᠲᠡᠭᠡᠷ᠎ᠡ ᠨᠢ ᠵᠦᠭᠡᠯᠡᠨ ᠦᠨᠦᠰᠦᠨ᠎ᠡ᠃
     ︽ᠠᠩᠬ᠎ᠠ ᠡᠵᠡᠩᠨᠡᠯᠳᠡ ᠪᠠᠨ ᠡᠬᠢᠯᠡᠬᠦᠯᠴᠢᠭᠡᠭᠡᠳ ᠬᠡᠤᠬᠡᠳ ᠢᠶᠠᠨ ᠬᠦᠷᠬᠡᠵᠦ ᠢᠷᠡᠬᠦ ᠬᠦᠮᠦᠨ ᠦᠭᠡᠢ ᠪᠠᠶᠢᠬᠤ ᠎ ᠠᠴᠠ ᠶᠡᠭᠡ ᠠᠶᠤᠵᠦ ᠪᠠᠶᠢᠯ᠎ᠠ᠃ ᠲᠡᠭᠡᠳᠡᠯ᠎ᠡ ᠬᠤᠶᠠᠷ᠂ ᠭᠤᠷᠪᠠ ᠬᠡᠭᠰᠡᠭᠡᠷ ᠪᠠᠶᠢᠭᠠᠳ ᠮᠠᠨᠠᠶᠢᠬᠢᠨ ᠴᠤ ᠠᠷᠪᠠᠭᠠᠳ ᠬᠡᠤᠬᠡᠳ ᠲᠠᠢ ᠪᠤᠯᠴᠢᠬᠠᠯ᠎ᠠ᠃ ᠪᠢᠳᠠᠨᠠᠷ ᠢ ᠢᠳᠡᠭᠡᠵᠦ ᠤᠶᠢᠯᠡᠰ ᠪᠤᠰᠬᠠᠬᠤ ᠳᠤ ᠮᠠᠨᠢ ᠬᠦᠴᠦᠨ ᠴᠢᠳᠠᠯ ᠦᠭᠬᠦᠭᠰᠡᠨ ᠬᠡᠷ ᠤᠨ ᠠᠬᠠᠮᠠᠳ ᠨᠠᠷ ᠲᠤ ᠪᠠᠨ ᠲᠠᠯᠠᠷᠬᠠᠵᠦ᠂ ᠲᠡᠳᠡᠨᠡᠷ ᠢ ᠪᠠᠨ ᠬᠦᠰᠡᠷᠳᠡᠬᠦᠯᠬᠦ ᠦᠭᠡᠢ ᠶᠢᠨ ᠲᠤᠰᠠᠳᠠ ᠠᠷᠢᠭᠤᠨ ᠴᠡᠪᠡᠷ᠂ ᠭᠡᠤᠭᠡᠳ ᠤᠨ ᠠᠮᠤᠷ ᠲᠦᠪᠰᠢᠨ ᠵᠡᠷᠭᠡ ᠡᠯ᠎ᠡ ᠲᠠᠯ᠎ᠠ ᠶᠢᠨ ᠠᠰᠠᠭᠤᠳᠠᠯ ᠢ ᠰᠠᠶᠢᠨ ᠠᠩᠬᠠᠷᠴᠤ᠂ ᠬᠤᠶᠢᠰᠢᠳᠠ ᠡᠨᠡᠬᠦ ᠤᠶᠢᠯᠡᠰ ᠢᠶᠠᠨ ᠨᠡᠩ ᠰᠠᠶᠢᠨ ᠬᠢᠵᠦ᠂ ᠦᠪᠡᠷ ᠤᠨ ᠮᠡᠷᠬᠡᠵᠢᠯ ᠪᠤᠯᠪᠠᠰᠤᠷᠠᠯ ᠢᠶᠠᠨ ᠲᠡᠭᠡᠭᠰᠢᠯᠡᠬᠦᠯᠵᠦ ᠶᠠᠪᠤᠶ᠎ᠠ ᠬᠡᠵᠦ ᠰᠠᠨᠠᠳᠠᠭ︾ ᠬᠡᠮᠡᠨ ᠲᠠᠨ᠎ᠠ ᠬᠡᠤᠭᠡᠨ ᠲᠠᠬᠢᠨᠳᠠ ᠲᠠᠯᠠᠷᠬᠠᠯ ᠢᠶᠠᠨ ᠢᠯᠡᠷᠬᠡᠶᠢᠯᠡᠬᠦ ᠳᠤ᠂ ᠦᠡᠨᠡᠭᠡᠷ ᠬᠢᠵᠦ ᠪᠠᠶᠢᠭ᠎ᠠ ᠤᠶᠢᠯᠡᠰ ᠲᠠᠢ ᠪᠠᠨ ᠠᠳᠠᠯᠢ ᠠᠶᠠᠳᠠᠶᠢᠬᠠᠨ ᠵᠠᠩ᠂ ᠨᠠᠮᠤᠭᠤᠬᠠᠨ ᠠᠷᠠᠨᠰᠢᠨ ᠲᠠᠢ ᠬᠡᠤᠬᠡᠨ ᠤ ᠵᠤᠷᠢᠭᠰᠠᠨ ᠰᠠᠨᠠᠭᠰᠠᠨ ᠤᠶᠢᠯᠡᠰ ᠨᠢ ᠯᠠᠪᠳᠠᠢ ᠵᠤᠯᠪᠤᠭᠠᠳᠠᠢ ᠪᠤᠯᠤᠨ᠎ᠠ ᠬᠡᠳᠡᠭ ᠢ ᠢᠳᠡᠭᠡᠵᠦ ᠪᠢᠯᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号