ᠶᠡᠷᠥ ᠳᠡᠭᠡᠨ ᠭᠠᠭᠴᠠ ᠶᠤᠮ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                    ᠭᠥᠮᠥᠷᠢᠵᠥ ᠢᠷᠡᠭᠦ ᠨᠢᠭᠦᠯ ᠢ      ᠭᠥᠭᠦᠨ ᠤ ᠪᠠᠨ ᠰᠥ ᠪᠠᠷ ᠵᠢᠭᠢᠷᠢᠭᠯᠡᠭᠰᠡᠨ ᠡᠵᠢ ᠮᠢᠨᠢ ᠭᠠᠭᠴᠠ ᠶᠤᠮ      ᠶᠡᠷᠥ ᠳᠡᠭᠡᠨ ᠭᠠᠭᠴᠠ ᠶᠤᠮ      ᠰᠥᠨ ᠳᠤ ᠨᠡᠪᠴᠢᠭᠰᠡᠨ ᠵᠤᠯᠠᠢ ᠶᠢ ᠮᠢᠨᠢ      ᠰᠠᠯᠭᠢ ᠠᠷᠭᠠᠳᠠᠵᠤ ᠢᠰᠭᠢᠷᠳᠡᠭ ᠤᠷᠤᠭᠤᠯ ᠢᠶᠠᠷ ᠢᠶᠠᠨ ᠥᠨᠥᠰᠥᠭᠰᠡᠨ ᠠᠪᠤ ᠮᠢᠨᠢ ᠭᠠᠭᠴᠠ ᠶᠤᠮ      ᠶᠡᠷᠥ ᠳᠡᠭᠡᠨ ᠭᠠᠭᠴᠠ ᠶᠤᠮ      ᠭᠡᠷᠡᠯ ᠢᠶᠠᠷ ᠭᠡᠵᠢᠭᠡᠳᠡᠨ ᠨᠢᠭᠡ ᠪᠠᠨ ᠡᠯᠳᠡᠭᠦ ᠮᠡᠳᠤ      ᠭᠡᠨᠡᠨ ᠤᠷᠴᠢᠯᠠᠩ ᠤᠨ ᠠᠮᠠᠷᠠᠭ ᠨᠠᠷᠠ ᠰᠠᠷᠠ ᠭᠠᠭᠴᠠ ᠶᠤᠮ      ᠶᠡᠷᠥ ᠳᠡᠭᠡᠨ ᠭᠠᠭᠴᠠ ᠶᠤᠮ      ᠨᠠᠮ᠎ᠠ ᠶᠢ ᠲᠥᠷᠥᠭᠦ ᠳᠤ ᠠᠭᠤᠯᠠᠰ ᠨᠢ ᠰᠥᠭᠦᠷᠡᠵᠥ ᠲᠤᠰᠤᠭᠰᠠᠨ      ᠨᠠᠪᠴᠢ ᠲᠠᠢ ᠴᠢᠯᠠᠭᠤ ᠲᠠᠢ ᠨᠤᠳᠤᠭ ᠤᠰᠤ ᠭᠠᠭᠴᠠ ᠶᠤᠮ      ᠶᠡᠷᠥ ᠳᠡᠭᠡᠨ ᠭᠠᠭᠴᠠ ᠶᠤᠮ      ᠢᠯᠳᠤᠨ ᠤ ᠢᠷ ᠮᠡᠳᠤ ᠤᠮᠤᠭᠯᠠᠩ      ᠶᠡᠭᠡᠮᠰᠥᠭ ᠲᠡᠭᠡᠳᠥᠰ ᠤᠨ ᠡᠷᠭᠢᠮᠰᠥᠭ ᠴᠢᠰᠤ ᠭᠠᠭᠴᠠ ᠶᠤᠮ      ᠶᠡᠷᠥ ᠳᠡᠭᠡᠨ ᠭᠠᠭᠴᠠ ᠶᠤᠮ      ᠨᠥᠵᠢ ᠠᠳᠬᠤᠵᠤ ᠲᠥᠷᠥᠭᠰᠡᠨ ᠭᠠᠷ ᠲᠠᠭᠠᠨ      ᠰᠡᠯᠡᠮ᠎ᠡ ᠠᠳᠬᠤᠵᠤ ᠲᠡᠯᠡᠭᠡᠢ ᠶᠢ ᠶᠢᠰᠤᠨ ᠵᠤᠭᠤᠰ ᠮᠡᠳᠤ ᠰᠢᠭᠰᠢᠭᠰᠡᠨ ᠲᠡᠮᠥᠵᠢᠨ ᠭᠠᠭᠴᠠ ᠶᠤᠮ      ᠶᠡᠷᠥ ᠳᠡᠭᠡᠨ ᠭᠠᠭᠴᠠ ᠶᠤᠮ      ᠲᠤᠷᠤᠨ᠎ᠠ ᠶᠢᠨ ᠲᠡᠭᠷᠢ ᠠᠴᠠ ᠠᠰᠬᠠᠷᠠᠬᠤ      ᠲᠤᠯᠤᠭᠠᠨ ᠪᠤᠷᠬᠠᠨ ᠤ ᠰᠤᠯᠤᠩᠭ᠎ᠠ ᠮᠡᠳᠤ ᠮᠤᠩᠭᠤᠯ ᠪᠢᠴᠢᠭ ᠭᠠᠭᠴᠠ ᠶᠤᠮ      ᠶᠡᠷᠥ ᠳᠡᠭᠡᠨ ᠭᠠᠭᠴᠠ ᠶᠤᠮ      ᠭᠠᠵᠠᠷ ᠤᠨ ᠰᠤᠳᠠᠰᠤ ᠮᠡᠳᠤ ᠤᠨᠤᠨ ᠤ ᠱᠤᠤᠭᠢᠶᠠᠨ ᠠᠨᠢᠷᠯᠠᠵᠤ      ᠭᠠᠩ ᠰᠡᠯᠡᠮ᠎ᠡ ᠶᠢᠨ ᠢᠶᠠᠨ ᠢᠷ ᠢᠶᠠᠷ ᠲᠠᠳᠠᠯᠠᠭᠰᠠᠨ ︽ᠨᠢᠭᠤᠴᠠ ᠲᠤᠪᠴᠢᠶᠠᠨ︾ ᠭᠠᠭᠴᠠ ᠶᠤᠮ      ᠶᠡᠷᠥ ᠳᠡᠭᠡᠨ ᠭᠠᠭᠴᠠ ᠶᠤᠮ      ᠲᠥᠭᠡᠷᠭᠡ ᠵᠠᠶᠠᠭᠠᠨ ᠤ ᠵᠢᠷᠤᠭ ᠠᠰ ᠠᠰ ᠲᠠᠭᠠᠨ ᠭᠡᠯ᠎ᠡ ᠴᠦ      ᠲᠥᠷᠥᠭᠦ ᠠᠴᠠ ᠥᠭᠦᠭᠦ ᠭᠥᠷᠳᠡᠯᠡᠭᠢ ᠵᠠᠮ ᠭᠠᠭᠴᠠ ᠶᠤᠮ      ᠶᠡᠷᠥ ᠳᠡᠭᠡᠨ ᠭᠠᠭᠴᠠ ᠶᠤᠮ      ᠤᠪᠳᠤ ᠪᠥᠰᠡᠭᠦᠢ ᠶᠢᠨ ᠠᠷᠠᠨᠰᠢᠨ ᠮᠡᠳᠤ ᠬᠤᠷᠸ᠎ᠠ ᠳᠤ      ᠤᠳᠤ ᠮᠡᠳᠤ ᠭᠢᠯᠡᠰᠭᠢᠨ ᠥᠩᠭᠡᠷᠡᠭᠦ ᠠᠮᠢ ᠨᠠᠰᠤ ᠭᠠᠭᠴᠠ ᠶᠤᠮ      ᠶᠡᠷᠥ ᠳᠡᠭᠡᠨ ᠭᠠᠭᠴᠠ ᠶᠤᠮ      ᠭᠠᠷᠠᠬ᠎ᠠ‌ᠡᠴᠠ ᠭᠠᠷᠠᠬ᠎ᠠ ᠭᠡᠯᠭᠢᠶᠡᠷᠡᠵᠥ ᠭᠢᠨᠵᠢ ᠪᠤᠯᠬᠤ ᠮᠡᠳᠤ      ᠭᠠᠭᠴᠠ ᠠᠴᠠ ᠭᠠᠭᠴᠠ ᠥᠷᠭᠦᠯᠵᠢᠯᠡᠵᠥ ᠤᠷᠴᠢᠯᠠᠩ ᠪᠥᠳᠥᠭᠦ ᠶᠢᠨ ᠵᠢᠮ᠎ᠡ ᠪᠠᠰᠠ ᠭᠠᠭᠴᠠ ᠶᠤᠮ      ᠶᠡᠷᠥ ᠳᠡᠭᠡᠨ ᠭᠠᠭᠴᠠ ᠶᠤᠮ      ᠶᠡᠷᠥ ᠳᠡᠭᠡᠨ ᠁ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号