ᠲᠣᠬᠤᠯᠭ᠎ᠠ ᠲᠡᠮᠦᠷ ᠬᠠᠭᠠᠨ ᠤ ᠡᠷᠳᠡ ᠬᠤᠭᠤᠴᠠᠭᠠᠨ ᠤ ᠲᠡᠣᠬᠡ
ᠨᠡᠶᠢᠲᠡᠯᠡᠭᠰᠡᠨ ᠴᠠᠭ᠄
2020/3/13
ᠬᠤᠶᠠᠳᠣᠭᠠᠷ ᠪᠦᠯᠦᠭ   ᠪᠢ ᠮᠠᠰᠢ ᠢᠳᠡᠭᠡᠮᠵᠢᠳᠡᠢ ᠮᠣᠩᠭᠤᠯ ᠣᠯᠠᠮᠵᠢᠯᠠᠯ ᠶᠠᠷᠢᠶ᠎ᠠ ︵ᠮᠦᠨᠴᠦ ᠮᠢᠨᠦ ᠡᠴᠢᠭᠡ ᠪᠠ ᠠᠪᠠᠭ᠎ᠠ ᠡᠴᠢᠭᠡ ᠶᠢᠨ ᠦᠷᠬᠦᠯᠵᠢ ᠬᠡᠯᠡᠳᠡᠭ ᠣᠯᠠᠮᠵᠢᠯᠠᠯ ᠶᠠᠷᠢᠶ᠎ᠠ︶ ᠠᠴᠠ ᠣᠯᠵᠣ ᠰᠣᠨᠣᠰᠣᠭᠰᠠᠨ ᠢᠶᠠᠷ ᠲᠣᠬᠤᠯᠭ᠎ᠠ ᠲᠡᠮᠦᠷ ᠬᠠᠭᠠᠨ ᠳᠤ ᠨᠢᠭᠡ ᠰᠠᠳᠢᠮᠢᠱ ᠭᠡᠳᠡᠭ ᠨᠡᠷ᠎ᠡ ᠲᠠᠢ ᠮᠠᠰᠢ ᠢᠨᠠᠭ ᠬᠠᠳᠣᠨ ᠪᠠᠶᠢᠵᠠᠢ᠃ ᠪᠠᠰᠠ ᠨᠢᠭᠡ ᠬᠠᠳᠣᠨ ᠤ ᠨᠡᠷ᠎ᠡ ᠨᠢ ᠮᠧᠩᠯᠢᠭ ︵ᠡᠨᠡᠬᠦ ᠬᠦᠮᠦᠨ ᠤ ᠨᠡᠷ᠎ᠡ ᠶᠢᠨ ᠲᠣᠬᠠᠢ ᠠᠪᠢᠴᠢᠯᠠᠯᠭ᠎ᠠ ᠨᠢ ᠮᠠᠰᠢ ᠠᠳᠠᠯᠢ ᠦᠭᠡᠢ ᠪᠠᠶᠢᠨ᠎ᠠ᠂ ᠵᠠᠷᠢᠮ ᠳᠠᠭᠠᠨ ᠮᠧᠩᠯᠢᠭ ᠭᠡᠵᠦ ᠵᠠᠷᠢᠮ ᠲᠠᠭᠠᠨ ᠮᠠᠩᠯᠢᠭ ᠭᠡᠵᠦ ᠪᠠᠰᠠ ᠵᠠᠷᠢᠮ ᠳᠠᠭᠠᠨ ᠮᠦᠩᠯᠢᠭ᠂ ᠮᠧᠯᠢᠭ᠂ ᠮᠢᠯᠢᠩ᠂ ᠮᠢᠯᠢ ᠵᠡᠷᠭᠡ ᠪᠠᠷ ᠪᠦᠷ ᠠᠪᠢᠶᠠᠯᠠᠵᠣ ᠪᠠᠶᠢᠨ᠎ᠠ᠂ ᠡᠭᠦᠨ ᠢ ᠨᠢᠭᠡᠳᠭᠡᠬᠦ ᠰᠠᠨᠠᠭᠠᠨ ᠠᠴᠠ ᠪᠦᠷ ᠮᠧᠩᠯᠢᠭ ᠭᠡᠳᠡᠭ ᠨᠡᠷ᠎ᠡ ᠪᠣᠯᠭᠠᠵᠠᠢ — ᠮᠣᠩᠭᠤᠯᠴᠢᠯᠠᠭᠴᠢ ᠠᠴᠠ︶ ᠭᠡᠳᠡᠭ᠂ ᠲᠡᠷᠡ ᠦᠶ᠎ᠡ ᠳᠤ ᠡᠰᠡᠨ ᠪᠣᠬ᠎ᠠ ᠬᠠᠭᠠᠨ ᠳᠤ ᠬᠡᠣᠬᠡᠳ ᠵᠠᠶᠠᠭ᠎ᠠ ᠡᠳᠦᠢ ᠪᠠᠶᠢᠵᠣ᠂ ᠰᠠᠳᠢᠮᠢᠱ ᠬᠠᠳᠣᠨ ᠠᠴᠠ ᠬᠡᠣᠬᠡᠳ ᠭᠠᠷᠬᠤ ᠦᠭᠡᠢ ᠠᠵᠠᠢ᠃ ᠨᠢᠭᠡᠨ ᠣᠳᠠᠭ᠎ᠠ ᠡᠨᠡᠬᠦ ᠬᠠᠭᠠᠨ ᠠᠯᠣᠰ ᠤᠨ ᠲᠠᠶᠢᠨ ᠳᠤ ᠮᠣᠷᠳᠠᠪᠠ᠃ ᠲᠣᠬᠠᠢ ᠶᠢᠨ ᠦᠶ᠎ᠡ ᠶᠢᠨ ᠮᠣᠩᠭᠤᠯ ᠤᠨ ᠬᠠᠭᠤᠴᠢᠨ ᠶᠣᠰᠣ ᠪᠠᠷ ᠪᠣᠯ ᠬᠠᠭᠠᠨ ᠤ ᠢᠨᠠᠭ ᠬᠠᠳᠣᠳ ᠨᠢ ᠬᠠᠭᠠᠨ ᠤ ᠪᠣᠰᠣᠳ ᠬᠠᠳᠣᠳ ᠢ ᠬᠠᠭᠠᠨ ᠣᠷᠳᠣᠨ ᠳᠤ ᠦᠯᠡᠳᠡᠭᠡᠬᠦ ᠪᠣᠶᠣ ᠦᠪᠡᠷ ᠤᠨ ᠲᠣᠷ᠎ᠠ ᠲᠠᠢ ᠠᠯᠢ ᠨᠢᠬᠡ ᠬᠦᠮᠦᠨ ᠳᠤ ᠬᠦᠷᠭᠡᠵᠦ ᠦᠭᠬᠦ ᠡᠷᠬᠡ ᠲᠠᠢ ᠪᠠᠶᠢᠵᠠᠢ᠃ ᠰᠠᠳᠢᠮᠢᠱ ᠬᠠᠳᠣᠨ ᠮᠧᠩᠯᠢᠭ ᠬᠠᠳᠣᠨ ᠤ ᠵᠢᠷᠮᠦᠰᠦᠯᠡᠭᠡᠳ ᠪᠠᠶᠢᠭᠰᠠᠨ ᠢ ᠮᠡᠳᠡᠮᠡᠭᠴᠡ ᠪᠠᠨ ᠰᠡᠳᠬᠢᠯ ᠵᠢᠷᠦᠬᠡᠨ ᠲᠤᠨᠢ ᠠᠳᠠᠭᠠᠷᠬᠠᠯ ᠤᠨ ᠭᠠᠯ ᠲᠦᠷᠡᠯᠵᠡᠨ᠂ ᠲᠡᠭᠦᠨ ᠢ ᠶᠡᠭᠡ ᠡᠮᠢᠷ ᠲᠣᠬᠠᠳᠠᠢ · ᠰᠢᠷᠸᠠᠯ ᠳᠤ ᠬᠦᠷᠭᠡᠵᠦ ᠦᠭᠭᠦᠪᠡ᠃ ᠬᠠᠭᠠᠨ ᠲᠠᠶᠢᠨ ᠠᠴᠠ ᠪᠣᠴᠠᠵᠣ ᠢᠷᠡᠭᠡᠳ ᠮᠡᠩᠯᠢᠭ ᠬᠠᠳᠣᠨ ᠢ ᠠᠰᠠᠭᠤᠭᠰᠠᠨ ᠳᠤ᠂ ᠰᠠᠳᠢᠮᠢᠱ ᠬᠠᠳᠣᠨ ᠲᠡᠭᠦᠨ ᠳᠤ ︽ᠪᠢ ᠲᠡᠭᠦᠨ ᠢ ᠨᠢᠭᠡᠨᠳᠡ ᠪᠣᠰᠣᠳ ᠲᠤ ᠦᠭᠭᠦᠴᠢᠬᠡᠭᠰᠡ︾ ᠭᠡᠵᠡᠢ᠃ ᠬᠠᠭᠠᠨ ᠲᠡᠬᠦᠨ ᠳᠤ᠄ ︽ᠭᠡᠳᠡᠯ᠎ᠡ ᠲᠡᠷᠡ ᠨᠢᠭᠡᠨᠳᠡ ᠨᠠᠳᠠ ᠬᠡᠣᠬᠡᠳ ᠵᠢᠷᠮᠦᠰᠦᠯᠡᠬᠡᠳ ᠪᠠᠶᠢᠭ᠎ᠠ ᠶᠣᠮ︾ ᠭᠡᠪᠡ᠃ ᠢᠩᠬᠢᠭᠡᠳ ᠬᠠᠭᠠᠨ ᠮᠠᠰᠢ ᠣᠨᠳᠣᠭᠤᠴᠠᠭᠰᠠᠨ ᠪᠣᠯᠪᠠᠴᠣ᠂ ᠮᠣᠩᠭᠤᠯ ᠤᠨ ᠬᠠᠭᠤᠴᠢᠨ ᠲᠠᠳᠬᠠᠯ ᠶᠣᠮ ᠴᠢᠨᠢ ᠲᠡᠷᠡ ᠴᠦ ᠲᠡᠮᠡᠢ ᠶᠠᠭᠤᠮ᠎ᠠ ᠶᠠᠷᠢᠭᠰᠠᠨ ᠦᠭᠡᠢ ᠦᠩᠭᠡᠷᠡᠵᠡᠢ᠃   ᠬᠤᠵᠢᠮ ᠣᠳᠠᠯ ᠦᠭᠡᠢ ᠡᠰᠡᠨ ᠪᠣᠬ᠎ᠠ ᠬᠠᠭᠠᠨ ᠦᠬᠦᠵᠦ᠂ ᠮᠣᠩᠭᠤᠯ ᠠᠶᠢᠮᠠᠭ ᠲᠤ ᠬᠠᠭᠠᠨ ᠣᠷᠣ ᠬᠤᠭᠤᠰᠣᠨ ᠪᠣᠯᠪᠠ᠃ ᠲᠡᠭᠡᠭᠡᠳ ᠬᠦᠮᠦᠰ ᠦᠢᠮᠡᠭᠡᠨ ᠲᠦᠷᠪᠡᠭᠡᠨ ᠲᠡᠭᠳᠡᠭᠡᠵᠦ ᠡᠬᠢᠯᠡᠪᠡ᠃ ᠦᠵᠡᠳᠡᠯ᠎ᠡ ᠰᠠᠮᠠᠭᠤᠷᠠᠬᠤ ᠭᠡᠵᠦ ᠪᠠᠶᠢᠭ᠎ᠠ ᠪᠣᠯᠬᠤᠷ ᠲᠣᠬᠠᠢ ᠶᠢᠨ ᠦᠶ᠎ᠡ ᠶᠢᠨ ᠡᠮᠢᠷ · ᠪᠣᠷᠣᠯᠵᠢ · ᠲᠣᠬᠤᠷᠠᠭᠤᠳ — ᠵᠣᠬᠢᠶᠠᠭᠴᠢ ᠮᠢᠨᠦ ᠲᠡᠭᠡᠳᠦᠰ — ᠰᠡᠳᠬᠢᠯ ᠰᠢᠭᠤᠳᠣᠨ ᠲᠡᠷᠡᠬᠦ ᠬᠠᠭᠠᠨ ᠬᠦᠪᠡᠭᠦᠨ ᠢ ᠡᠷᠢᠵᠦ ᠠᠪᠴᠢᠷᠠᠨ᠂ ᠣᠯᠣᠰ ᠭᠡᠷ ᠢ ᠠᠮᠣᠭᠤᠯᠬᠤ ᠪᠠᠷ ᠪᠣᠯᠪᠠ᠃ ᠡᠶᠢᠮᠦ ᠠᠴᠠ ᠲᠡᠷᠡ ᠲᠠᠱᠲᠡᠮᠦᠷ ᠢ ᠲᠣᠮᠢᠯᠠᠨ ᠲᠣᠬᠠᠳᠠᠢ · ᠰᠢᠷᠸᠠᠯ ᠢ ᠡᠷᠢᠭᠦᠯᠵᠦ᠂ ᠮᠧᠩᠯᠢᠭ ᠬᠠᠳᠣᠨ ᠤ ᠴᠢᠮᠡᠭᠡ ᠶᠢ ᠰᠣᠷᠠᠭᠯᠠᠨ᠂ ᠣᠨᠴᠠᠭᠠᠶᠢᠯᠠᠨ ᠲᠡᠭᠦᠨ ᠤ ᠲᠦᠷᠦᠭᠰᠡᠨ ᠬᠡᠣᠬᠡᠳ ᠤᠨ ᠰᠣᠷᠠᠭ ᠢ ᠬᠠᠶᠢᠯᠭᠠᠪᠠ᠃ ᠲᠡᠷᠡ ᠲᠠᠱᠲᠡᠮᠦᠷ ᠲᠤ ᠳᠣᠰᠢᠶᠠᠭᠰᠠᠨ ᠨᠢ᠂ ᠬᠡᠷᠪᠡ ᠮᠧᠩᠯᠢᠭ ᠬᠠᠳᠣᠨ ᠠᠴᠠ ᠬᠦᠪᠡᠭᠦᠨ ᠲᠦᠷᠦᠭᠰᠡᠨ ᠪᠣᠯ ᠴᠢ ᠡᠨᠡᠬᠦ ᠬᠦᠪᠡᠭᠦᠨ ᠢ ᠬᠤᠯᠠᠭᠠᠶᠢᠯᠠᠨ ᠠᠪᠴᠣ ᠲᠠᠭᠠᠭᠤᠯᠣᠨ ᠢᠷᠡᠳᠦᠭᠡᠢ ᠭᠡᠪᠡ᠃ ᠲᠠᠱᠲᠡᠮᠦᠷ ᠬᠡᠯᠡᠭᠰᠡᠨ ᠨᠢ ᠡᠨᠡ ᠪᠣᠯ ᠨᠢᠬᠡᠨ ᠮᠠᠰᠢ ᠣᠳᠠᠭᠠᠨ ᠡᠳᠦᠷ ᠬᠡᠷᠡᠭᠳᠡᠢ ᠡᠭᠦᠷᠭᠡ ᠪᠣᠯᠣᠨ᠎ᠠ᠃ ᠵᠠᠮ ᠭᠤᠳᠣᠰ ᠤᠨ ᠪᠡᠯᠡᠳᠭᠡᠯ ᠡᠷᠭᠡᠪᠰᠢ ᠭᠦᠢᠴᠡᠳ ᠪᠠᠶᠢᠬᠤ ᠬᠡᠷᠡᠭᠳᠡᠢ ᠪᠣᠯᠬᠤᠷ᠂ ᠲᠠ ᠨᠠᠳᠠ ᠵᠢᠷᠭᠤᠭᠠᠨ ᠵᠠᠭᠤᠨ ᠢᠮᠠᠭ᠎ᠠ ᠦᠭᠳᠦᠭᠡᠢ᠃ ᠪᠢᠳᠡ ᠣᠷᠢᠳᠠᠪᠡᠷ ᠲᠡᠭᠦᠨ ᠤ ᠰᠦ ᠶᠢ ᠢᠳᠡᠵᠦ ᠵᠠᠮᠨᠠᠨ᠂ ᠬᠤᠵᠢᠮ ᠨᠢᠬᠡ ᠪᠠᠷ ᠠᠯᠠᠵᠣ ᠮᠢᠬ᠎ᠠ ᠶᠢ ᠨᠢ ᠢᠳᠡᠵᠦ ᠪᠠᠶᠢᠮᠠᠨᠵᠢᠨ ᠡᠭᠦᠷᠭᠡ ᠪᠠᠨ ᠪᠡᠶᠡᠯᠡᠬᠦᠯᠬᠦ ᠪᠣᠯᠣᠨ᠎ᠠ︾ ᠭᠡᠵᠡᠢ᠃ ᠡᠮᠢᠷ · ᠪᠣᠷᠣᠯᠵᠢ ᠲᠡᠭᠦᠨ ᠤ ᠱᠠᠭᠠᠷᠳᠠᠯᠭ᠎ᠠ ᠶᠢ ᠵᠦᠪᠰᠢᠶᠡᠷᠡᠨ ᠵᠠᠮ ᠭᠤᠳᠣᠰ ᠲᠤ ᠬᠡᠷᠡᠭᠳᠡᠢ ᠪᠦᠬᠦ ᠶᠠᠭᠤᠮ᠎ᠠ ᠶᠢ ᠪᠡᠯᠡᠳᠭᠡᠨ ᠦᠭᠴᠦ ᠲᠡᠭᠦᠨ ᠢ ᠮᠣᠷᠳᠠᠭᠤᠯᠪᠠ᠃ ᠲᠡᠷᠡ ᠮᠣᠩᠭᠤᠯᠰᠲ᠋ᠠᠨ ᠢᠶᠠᠷ ᠬᠦᠷᠴᠦ᠂ ᠮᠠᠰᠢ ᠣᠳᠠᠭᠠᠨ ᠡᠳᠦᠷ ᠢᠶᠠᠷ ᠡᠷᠢᠵᠦ᠂ ᠲᠣᠬᠠᠳᠠᠢ · ᠰᠢᠷᠸᠠᠯ ᠤᠨ ᠲᠡᠷᠡ ᠪᠦᠯᠦᠭ ᠬᠦᠮᠦᠰ ᠢ ᠡᠷᠢᠵᠣ ᠣᠯᠬᠤ ᠦᠶ᠎ᠡ ᠳᠤ ᠲᠡᠭᠦᠨ ᠳᠤ ᠵᠦᠪᠬᠡᠨ ᠨᠢᠭᠡᠯ᠎ᠡ ᠪᠣᠷᠣ ᠢᠮᠠᠭ᠎ᠠ ᠦᠯᠡᠳᠡᠵᠦ ᠪᠠᠶᠢᠭᠰᠠᠨ ᠭᠡᠳᠡᠭ ᠶᠣᠮ᠃ ᠲᠡᠷᠡ ᠮᠧᠩᠯᠢᠭ ᠪᠣᠯᠣᠨ ᠲᠡᠭᠦᠨ ᠤ ᠲᠦᠷᠦᠭᠰᠡᠨ ᠬᠡᠣᠬᠡᠳ ᠢ ᠰᠣᠷᠠᠭᠯᠠᠭᠰᠠᠨ ᠳᠤ ᠬᠦᠮᠦᠰ ᠲᠡᠭᠦᠨ ᠳᠤ ᠮᠧᠩᠯᠢᠭ ᠨᠢᠭᠡ ᠬᠦᠪᠡᠭᠦᠨ ᠲᠦᠷᠦᠵᠦ ᠂ ᠬᠤᠵᠢᠮ ᠲᠣᠬᠠᠳᠠᠢ · ᠪᠣᠬ᠎ᠠ ᠳᠤ ᠪᠠᠰᠠ ᠨᠢᠭᠡ ᠬᠦᠪᠡᠭᠦᠨ ᠲᠦᠷᠦᠵᠦ ᠦᠭᠴᠡᠢ᠃ ᠬᠠᠭᠠᠨ ᠤ ᠬᠦᠪᠡᠭᠦᠨ ᠤ ᠨᠡᠷ᠎ᠡ ᠲᠣᠬᠤᠯᠭ᠎ᠠ ᠲᠡᠮᠦᠷ ᠭᠡᠵᠦ᠂ ᠲᠣᠬᠠᠳᠠᠢ ᠪᠣᠬ᠎ᠠ ᠶᠢᠨ ᠬᠦᠡᠪᠡᠭᠦᠨ ᠤ ᠨᠡᠷ᠎ᠡ ᠨᠢ ᠶᠢᠩᠵᠦ ᠮᠠᠯᠢᠭ① ᠭᠡᠳᠡᠭ ᠭᠡᠵᠦ ᠬᠡᠯᠡᠵᠦ ᠦᠭᠭᠦᠪᠡ᠃ ᠲᠠᠱᠲᠡᠮᠦᠷ ᠡᠴᠦᠰ ᠲᠡᠭᠡᠨ ᠲᠣᠬᠤᠯᠭ᠎ᠠ ᠲᠡᠮᠦᠷ ᠢ ᠭᠠᠷ ᠲᠠᠭᠠᠨ ᠣᠷᠣᠭᠤᠯᠵᠣ᠂ ᠶᠡᠬᠡᠯ᠎ᠡ ᠠᠮᠠᠷᠬᠠᠨ ᠢᠶᠠᠷ ᠲᠠᠭᠠᠭᠤᠯᠣᠨ ᠡᠮᠢᠷ · ᠪᠣᠷᠣᠯᠵᠢ ᠳᠤ ᠠᠪᠴᠢᠷᠠᠨ ᠲᠣᠰᠢᠶᠠᠪᠠ᠃    ᠪᠣᠷᠣᠯᠵᠢ ᠪᠣᠯ ᠠᠺᠰᠣ ︵Aksu︶ ᠶᠢᠨ ᠬᠦᠮᠦᠨ ᠶᠣᠮ᠃ ᠴᠠᠭᠠᠳᠠᠢ ᠬᠠᠭᠠᠨ ᠦᠪᠡᠷ ᠤᠨ ᠨᠣᠳᠤᠭ ᠢᠶᠠᠨ ᠲᠣᠷᠣᠭᠰᠢ ᠬᠤᠪᠢᠳᠠᠬᠤ ᠦᠶ᠎ᠡ  ᠳᠤ ᠮᠠᠩᠭᠠᠯᠠᠢ ᠰᠣᠶᠣᠬᠤ ︵Mangalai Soyah︶ ᠶᠢ ᠡᠮᠢᠷ ᠪᠣᠷᠣᠯᠵᠢ ᠶᠢᠨ ᠡᠪᠦᠭᠡ ᠣᠷᠳᠣᠪ ᠳᠤ ᠬᠤᠪᠢᠶᠠᠨ ᠦᠭᠭᠦᠭᠰᠡᠨ ᠠᠵᠠᠢ᠃ ᠮᠠᠩᠭᠠᠯᠠᠢ ᠰᠣᠶᠣᠬᠤ ᠭᠡᠳᠡᠭ ᠨᠢ Aftab Ru ᠲᠠᠢ ᠠᠳᠠᠯᠢ ᠣᠳᠬ᠎ᠠ ᠲᠠᠢ ᠦᠭᠡ ᠪᠣᠯᠣᠨ᠎ᠠ ᠃ ᠲᠠᠷᠣᠢ ᠨᠠᠷᠠᠨ ᠡᠭᠡᠪᠦᠷ ᠭᠠᠵᠠᠷ ᠭᠡᠳᠡᠭ ᠣᠳᠬ᠎ᠠ ᠲᠠᠢ ᠦᠭᠡ ᠠᠵᠠᠢ᠃ ᠲᠡᠭᠦᠨ ᠤ ᠵᠡᠬᠦᠨ ᠵᠠᠬ᠎ᠠ ᠨᠢ ᠺᠦ᠋ ᠰᠢᠶᠠᠨ ︵Kusan︶ ᠲᠠᠷᠪᠦᠭᠠᠷ ︵Tarbugar ᠲᠠᠷᠣᠢ ᠣᠳᠣᠬᠢ ᠯᠦᠨ ᠲᠠᠢ︶ ᠬᠦᠷᠴᠦ᠂ ᠪᠠᠷᠠᠭᠤᠨ ᠵᠠᠬ᠎ᠠ ᠨᠢ ᠰᠠᠮ ︵Sam︶᠂ ᠭᠠᠽ ︵Gaz︶ ᠪᠣᠯᠣᠨ ᠵᠠᠺᠢᠱᠮᠠᠨ ︵Jakishman︶ ᠬᠦᠷᠴᠦ᠂ ᠡᠳᠡᠭᠡᠷ ᠭᠠᠵᠠᠷ ᠹᠢᠷᠭᠠᠨᠠ  ᠶᠢᠨ ᠬᠢᠯᠢ ᠲᠡᠭᠡᠷ᠎ᠡ ᠪᠠᠶᠢᠳᠠᠭ ᠶᠣᠮ᠃ ᠣᠮᠠᠷᠠᠰᠢ ᠢᠰᠠᠶᠢᠺ ᠨᠠᠭᠤᠷ ᠬᠦᠷᠴᠦ᠂ ᠡᠮᠦᠨᠡᠰᠢ ᠵᠣᠷᠵᠠᠨ ︵Jorjan︶ ᠪᠣᠯᠣᠨ ᠰᠠᠷᠢᠭ ᠣᠶᠢᠭᠤᠷ ︵Sarigh-Uigur︶ ᠬᠦᠷᠴᠦ ᠪᠠᠶᠢᠨ᠎ᠠ᠃ ᠡᠨᠡᠬᠦ ᠨᠣᠳᠤᠭ ᠢ ᠪᠣᠯ ᠮᠠᠩᠭᠠᠯᠠᠢ ᠰᠣᠶᠣᠬᠤ ᠭᠡᠵᠦ ᠡᠮᠢᠷ · ᠪᠣᠷᠣᠯᠵᠢ ᠳᠤ ᠬᠠᠷᠢᠶᠠᠯᠠᠭᠳᠠᠨ᠎ᠠ᠃ ᠡᠨᠡ ᠡᠮᠢᠷ ᠢ ᠵᠠᠰᠠᠭ ᠪᠠᠷᠢᠵᠣ ᠪᠠᠶᠢᠭ᠎ᠠ ᠦᠶ᠎ᠡ ᠳᠤ ᠡᠨᠡ ᠨᠣᠳᠤᠭ ᠢᠶᠠᠷ ᠮᠠᠰᠢ ᠣᠯᠠᠨ ᠶᠡᠭᠡ ᠶᠡᠭᠡ ᠬᠤᠳᠠ ᠪᠠᠯᠭᠠᠰᠣ ᠲᠠᠢ ᠪᠠᠶᠢᠵᠠᠢ᠃ ᠲᠡᠭᠦᠨ ᠤ ᠲᠣᠲᠣᠷ᠎ᠠ ᠬᠠᠮᠤᠭ ᠶᠡᠭᠡ ᠨᠢ ᠺᠠᠱᠭᠠᠷ᠂ ᠢᠥᠢ ᠲᠢᠶᠠᠨ᠂ ᠶᠠᠷᠺᠠᠨᠳ᠋ ︵ᠡᠷᠴᠢᠶᠠᠩ︶᠂ ᠺᠠᠰᠠᠢ︵Kasan︶᠂ ᠰᠢᠺᠧᠨ ︵Akhsikent︶᠂ ᠠᠨᠳᠢᠵᠠᠨ᠂ ᠠᠺᠰᠣ᠂ ᠠᠲᠪᠠᠱ ᠪᠣᠯᠣᠨ ᠺᠦ᠋ ᠰᠢᠶᠠᠨ ᠵᠡᠷᠭᠡ ᠪᠠᠶᠢᠵᠠᠢ᠃ ᠡᠳᠡᠭᠡᠷ ᠬᠤᠳᠠ ᠶᠢᠨ ᠲᠣᠲᠣᠷ᠎ᠠ ᠠᠴᠠ ᠡᠮᠢᠷ ᠪᠣᠷᠣᠯᠵᠢ ᠠᠺᠰᠣ ᠶᠢ ᠰᠣᠩᠭᠤᠨ ᠦᠪᠡᠷ ᠤᠨ ᠣᠷᠳᠣᠳᠠ ᠰᠠᠭᠤᠭ᠎ᠠ ᠭᠠᠵᠠᠷ ᠪᠣᠯᠭᠠᠵᠠᠢ᠃ ᠲᠠᠱᠲᠡᠮᠦᠷ ᠶᠠᠭ ᠰᠠᠶᠢᠬᠠᠨ ᠠᠺᠰᠣ ᠬᠤᠳᠠ ᠳᠤ ᠲᠣᠬᠤᠯᠭ᠎ᠠ ᠲᠡᠮᠦᠷ ᠢ ᠲᠠᠭᠠᠭᠤᠯᠣᠨ ᠠᠪᠴᠢᠷᠠᠵᠣ ᠡᠮᠢᠷ · ᠪᠣᠷᠣᠯᠵᠢ ᠳᠤ ᠳᠣᠰᠢᠶᠠᠨ ᠦᠭᠭᠦᠭᠰᠡᠨ ᠶᠣᠮ᠃ ᠲᠠᠱᠲᠡᠮᠦᠷ ᠢᠷᠡᠬᠦ ᠦᠶ᠎ᠡ ᠳᠤ ᠮᠦᠨ ᠲᠡᠷᠡ ᠪᠣᠷᠣ ᠢᠮᠠᠭ᠎ᠠ ᠪᠠᠨ ᠲᠠᠭᠠᠭᠤᠯᠵᠣ ᠢᠷᠡᠵᠡᠢ᠃ ᠡᠶᠢᠮᠦ ᠠᠴᠠ ᠬᠦᠮᠦᠰ ᠲᠡᠭᠦᠨ ᠳᠤ ︽ᠪᠣᠷᠣ ᠢᠮᠠᠭᠠᠳᠣ︾ ︵Kuk uchgu︶ ᠭᠡᠳᠡᠭ ᠬᠤᠴᠢ ᠦᠭᠴᠡᠢ᠃ ᠣᠳᠣ ᠪᠣᠯᠳᠠᠯ᠎ᠠ ᠲᠡᠭᠦᠨ ᠤ ᠪᠦᠬᠦ ᠬᠤᠶᠢᠴᠢᠰ ᠮᠦᠨ ᠡᠨᠡᠬᠦ ᠬᠤᠴᠢ ᠨᠡᠷ᠎ᠡ ᠪᠠᠷ ᠲᠠᠭᠤᠳᠠᠭᠰᠠᠭᠠᠷ ᠶᠣᠮ᠃   ᠲᠡᠳᠡ ᠠᠺᠰᠣ ᠣᠶᠢᠷᠠᠳᠣᠭᠠᠳ ᠪᠠᠶᠢᠳᠠᠯ᠎ᠠ ᠨᠢᠭᠡ ᠰᠠᠯᠠᠭ᠎ᠠ ᠠᠷᠠᠯᠵᠢᠶᠠᠨ ᠤ ᠠᠩᠬᠢ ᠣᠴᠠᠷᠠᠵᠣ ᠬᠠᠮᠳᠣ ᠶᠠᠪᠣᠵᠠᠢ᠃ ᠲᠡᠳᠡ ᠨᠢᠭᠡᠨ ᠠᠭᠤᠯᠠᠨ ᠠᠮᠠ ᠶᠢ ᠦᠩᠭᠡᠷᠡᠬᠦ ᠦᠶ᠎ᠡ ᠳᠤ ᠲᠣᠬᠤᠯᠭ᠎ᠠ ᠲᠡᠮᠦᠷ ᠬᠠᠭᠠᠨ ᠮᠦᠰᠦᠨ ᠬᠦᠨᠳᠡᠢ ᠣᠷᠣᠭᠤ ᠣᠨᠠᠴᠢᠬᠠᠪᠠ᠃ ᠲᠡᠭᠡᠭᠡᠳ ᠲᠠᠱᠲᠡᠮᠦᠷ ᠦᠨᠳᠦᠷ ᠲᠠᠭᠤ ᠪᠠᠷ ᠬᠠᠰᠬᠢᠷᠣᠨ ᠲᠣᠰᠠᠯᠠᠮᠵᠢ ᠬᠦᠰᠡᠭᠰᠡᠨ ᠪᠣᠯᠪᠠᠴᠣ ᠠᠷᠠᠯᠵᠢᠶᠠᠨ ᠤ ᠠᠩᠬᠢ ᠴᠢᠨᠠᠭᠰᠢ ᠨᠡᠯᠢᠶᠡᠳ ᠬᠤᠯᠠᠳᠣᠭᠠᠳ ᠠᠭᠤᠯᠠᠨ ᠠᠮᠠ ᠶᠢ ᠦᠩᠭᠡᠷᠡᠨ ᠠᠮᠠᠷᠠᠬᠤ ᠭᠠᠵᠠᠷ ᠲᠠᠭᠠᠨ ᠬᠦᠷᠴᠦ ᠪᠠᠭᠤᠳᠠᠯᠯᠠᠵᠣ ᠪᠠᠶᠢᠵᠠᠢ᠃ ᠡᠶᠢᠮᠦ ᠠᠴᠠ ᠬᠡᠨ ᠴᠦ ᠣᠯᠵᠣ ᠰᠣᠨᠣᠰᠣᠭᠰᠠᠨ ᠦᠭᠡᠢ᠃ ᠲᠠᠱᠲᠡᠮᠦᠷ ᠠᠷᠭ᠎ᠠ ᠦᠭᠡᠢ ᠠᠮᠠᠷᠠᠬᠤ ᠭᠠᠵᠠᠷ ᠬᠦᠷᠴᠦ ᠨᠢᠭᠡ ᠪᠧᠵᠢᠺ ᠭᠡᠳᠡᠭ ᠠᠷᠠᠯᠵᠢᠶᠠᠴᠢᠨ ᠤ ᠲᠡᠨᠳᠡ ᠣᠴᠢᠵᠣ᠂ ᠬᠡᠷᠡᠭ ᠣᠴᠢᠷ ᠢᠶᠠᠨ ᠬᠡᠯᠡᠵᠦ ᠲᠣᠰᠠᠯᠠᠮᠵᠢ ᠬᠦᠰᠡᠭᠰᠡᠨ ᠳᠤ ᠲᠡᠷᠡᠬᠦ ᠠᠷᠠᠯᠵᠢᠶᠠᠴᠢᠨ ᠲᠠᠱᠲᠡᠮᠦᠷ ᠢ ᠲᠠᠭᠠᠵᠣ ᠬᠠᠭᠠᠨ ᠤ ᠮᠦᠰᠦᠨ ᠬᠦᠨᠳᠡᠢ  ᠳᠤ ᠣᠨᠠᠭᠰᠠᠨ ᠭᠠᠵᠠᠷ ᠢᠷᠡᠪᠡ᠃ ᠲᠡᠭᠡᠭᠡᠳ ᠪᠧᠵᠢᠺ ᠮᠦᠰᠦᠨ ᠬᠦᠨᠳᠡᠢ ᠳᠤ ᠲᠡᠭᠡᠰᠦ ᠪᠠᠷ ᠲᠠᠲᠠᠨ ᠪᠠᠭᠤᠵᠣ ᠦᠵᠡᠭᠰᠡᠨ ᠳᠤ ᠬᠠᠭᠠᠨ ᠬᠠᠷᠢᠨ ᠰᠢᠷᠬ᠎ᠠ ᠭᠡᠮᠳᠦᠯ ᠦᠭᠡᠢ ᠡᠷᠡᠭᠦᠯ ᠰᠠᠶᠢᠬᠠᠨ ᠪᠠᠶᠢᠵᠠᠢ᠃ ᠲᠡᠭᠡᠭᠡᠳ ᠲᠡᠷᠡ ᠬᠠᠭᠠᠨ  ᠲᠠᠢ ᠨᠦᠬᠦᠷᠰᠡᠭ ᠢᠶᠠᠷ ᠵᠦᠪᠳᠡᠯᠴᠡᠵᠦ᠂ ᠬᠠᠭᠠᠨ ᠳᠤ ᠣᠰᠣᠯ ᠬᠦᠯᠢᠶᠡᠨ ᠬᠡᠯᠡᠭᠰᠡᠨ ᠨᠢ᠄ ︽ᠬᠡᠷᠪᠡ ᠲᠠ ᠣᠷᠢᠳᠠᠪᠡᠷ ᠭᠠᠷᠪᠠᠯ ᠲᠡᠳᠡᠨᠡᠷ ᠨᠡᠳᠡ ᠶᠢ ᠬᠠᠶᠠᠭᠠᠳ ᠮᠢᠨᠦ ᠡᠳ᠋ ᠪᠠᠷᠠᠭ᠎ᠠ ᠶᠢ ᠠᠪᠣᠭᠠᠳ ᠶᠠᠪᠣᠴᠢᠬᠠᠨ᠎ᠠ ᠰᠢᠥ᠃ ᠡᠶᠢᠮᠦ ᠠᠴᠠ ᠬᠠᠰᠢᠯᠠ ᠪᠢ ᠣᠷᠢᠳᠠᠪᠡᠷ ᠭᠠᠷᠣᠶ᠎ᠠ᠂ ᠲᠡᠭᠡᠭᠡᠳ ᠲᠠᠨ ᠢ ᠲᠠᠲᠠᠵᠣ ᠭᠠᠷᠭᠠᠶ᠎ᠠ︾ ᠭᠡᠳ ᠪᠠᠰᠠ ᠮᠠᠰᠢ ᠣᠯᠠᠨ ᠣᠰᠣᠯ ᠬᠦᠯᠢᠶᠡᠭᠰᠡᠨ ᠦᠭᠡ ᠬᠡᠯᠡᠭᠰᠡᠨ ᠳᠤ ᠬᠠᠭᠠᠨ ᠵᠦᠪᠰᠢᠶᠡᠷᠡᠪᠡ᠃ ᠲᠡᠭᠡᠭᠳ ᠳᠡᠳᠡ ᠰᠠᠶ᠋ᠢ ᠲᠡᠭᠡᠷᠡᠬᠢ ᠬᠦᠮᠦᠨ ᠢᠶᠠᠨ ᠲᠠᠭᠤᠳᠠᠨ ᠲᠡᠷᠡ ᠣᠷᠢᠳᠠᠪᠡᠷ ᠭᠠᠷᠴᠠᠢ᠂ ᠲᠠᠷᠠᠭ᠎ᠠ ᠨᠢ ᠲᠡᠭᠡᠰᠦ ᠪᠠᠨ ᠪᠠᠭᠤᠯᠭᠠᠨ ᠬᠠᠭᠠᠨ ᠢ ᠲᠠᠲᠠᠵᠣ ᠭᠠᠷᠭᠠᠪᠠ᠃ ᠢᠩᠬᠢᠭᠡᠳ ᠲᠡᠳᠡ ᠬᠠᠮᠳᠣ ᠪᠠᠷ ᠠᠺᠰᠣ ᠳᠤ ᠬᠦᠷᠴᠡᠢ᠃ ᠡᠮᠢᠷ · ᠪᠣᠷᠣᠯᠵᠢ ᠢᠩᠬᠢᠵᠦ ᠲᠣᠭᠤᠯᠬ᠎ᠠ ᠲᠡᠮᠦᠷ ᠢ ᠬᠠᠭᠠᠨ ᠰᠠᠭᠤᠷᠢᠨ ᠳᠤ ᠰᠠᠭᠤᠯᠭᠠᠭᠰᠠᠨ ᠶᠣᠮ᠃ ᠬᠤᠵᠢᠮ ᠲᠣᠬᠤᠯᠭ᠎ᠠ ᠲᠡᠮᠦᠷ ᠬᠠᠭᠠᠨ ᠵᠦᠪᠬᠡᠨ ᠮᠣᠩᠭᠤᠯᠰᠲ᠋ᠠᠨ ᠤ ᠪᠦᠬᠦ ᠨᠣᠳᠤᠭ ᠢ ᠨᠣᠶᠠᠷᠬᠠᠭᠰᠠᠨ ᠪᠢᠰᠢ ᠪᠠᠰᠠ ᠴᠠᠭᠠᠳᠠᠢ ᠬᠠᠭᠠᠨᠳᠣ ᠣᠯᠣᠰ ᠤᠨ ᠶᠡᠬᠡᠩᠬᠢ ᠨᠣᠳᠤᠭ ᠢ ᠨᠣᠶᠠᠷᠬᠠᠬᠤ ᠪᠣᠯᠵᠠᠢ ᠃ ᠡᠳᠡᠭᠡᠷ ᠬᠡᠷᠡᠭ ᠣᠴᠢᠷ ᠢ ᠲᠠᠷᠠᠭ᠎ᠠ ᠪᠠᠷ ᠪᠠᠰᠠ ᠦᠬᠦᠯᠡᠬᠦ ᠪᠣᠯᠣᠨ᠎ᠠ᠃   ᠲᠣᠰ ᠪᠦᠯᠦᠭ ᠤᠨ ᠲᠠᠶᠢᠯᠪᠣᠷᠢ  ① ᠡᠨᠡᠬᠦ ᠨᠡᠷ᠎ᠡ ᠶᠢ ᠵᠠᠷᠢᠮ ᠨᠣᠮ ᠳᠤ᠂ ᠵᠢᠱᠢᠶᠡᠯᠡᠪᠡᠯ ᠠᠪᠣᠯ · ᠭᠠᠽᠢ ᠶᠢᠨ ᠨᠣᠮ ᠳᠤ ᠲᠡᠮᠦᠷ ᠮᠠᠯᠢᠺ ᠭᠡᠵᠦ ᠪᠢᠴᠢᠵᠣ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号