ᠲᠣᠬᠤᠯᠭ᠎ᠠ ᠲᠡᠮᠦᠷ ᠬᠠᠭᠠᠨ ᠮᠠᠸᠧᠢᠷᠠᠨᠨᠠᠷ ᠲᠤ ᠠᠯᠣᠰ ᠤᠨ ᠲᠠᠶᠢᠯᠠᠯᠳᠠ ᠬᠢᠭᠰᠡᠨ ᠨᠢ
ᠨᠡᠶᠢᠲᠡᠯᠡᠭᠰᠡᠨ ᠴᠠᠭ᠄
2020/3/13
ᠲᠦᠷᠪᠡᠳᠦᠭᠡᠷ ᠪᠦᠯᠦᠭ     ᠮᠠᠸᠧᠢᠷᠠᠨᠨᠠᠷ① ᠨᠣᠳᠤᠭ ᠲᠤ ᠲᠡᠭᠡᠷ᠎ᠡ ᠬᠡᠯᠡᠭᠰᠡᠨ ᠬᠡᠷᠡᠭ ᠣᠴᠢᠷ ᠡᠭᠦᠰᠦᠭᠰᠡᠨ ᠠᠴᠠ ᠪᠣᠯᠵᠣ᠂ ᠡᠨᠡᠬᠦ ᠨᠣᠳᠤᠭ ᠵᠠᠳᠠᠷᠠᠨ ᠪᠣᠳᠠᠷᠠᠵᠣ ᠰᠠᠮᠠᠭᠤᠷᠠᠯ ᠲᠦᠷᠪᠡᠭᠡᠨ ᠤ ᠭᠦᠨ ᠬᠦᠪ ᠲᠤ ᠵᠢᠪᠪᠦᠵᠡᠢ᠃ ᠴᠠᠭᠠᠳᠠᠢ ᠶᠢᠨ ᠣᠯᠣᠰ ᠲᠤ ᠡᠵᠡᠨ ᠬᠠᠭᠠᠨ ᠪᠣᠯᠣᠭᠰᠠᠨ ᠲᠣᠬᠤᠯᠭ᠎ᠠ ᠲᠡᠮᠦᠷ ᠬᠠᠭᠠᠨ ᠪᠣᠯ ︵ᠳ᠋ᠦᠸ᠎ᠠ ᠬᠠᠭᠠᠨ ᠤ ᠬᠦᠪᠡᠭᠦᠨ②᠂ ᠴᠠᠭᠠᠳᠠᠢ ᠬᠠᠭᠠᠨ ᠤ ᠬᠤᠶᠢᠴᠢᠰ ᠤᠨ ᠸᠠᠩ ᠪᠣᠯᠬᠤ ᠶᠣᠮ︶ ᠬᠠᠭᠠᠨ ᠡᠷᠬᠡ ᠶᠢᠨ ᠵᠠᠯᠭᠠᠮᠵᠢᠯᠠᠬᠤ ᠣᠯᠠᠮᠵᠢᠯᠠᠯ ᠢᠶᠠᠷ ᠲᠡᠷᠡ ᠡᠨᠡᠬᠦ ᠨᠣᠳᠤᠭ ᠢ ᠡᠵᠡᠯᠡᠬᠦ ᠨᠢ ᠵᠦᠢ ᠶᠣᠰᠣᠨ ᠤ ᠬᠡᠷᠡᠭ ᠪᠢᠯᠡ᠃ ᠲᠡᠭᠡᠭᠡᠳ ᠲᠡᠷᠡ ᠣᠯᠠᠨ ᠪᠢᠴᠢᠭ ᠴᠡᠷᠢᠭ ᠤᠨ ᠰᠠᠶᠢᠳ ᠳᠦᠰᠢᠮᠡᠳ  ᠢᠶᠠᠨ ᠴᠣᠭᠯᠠᠭᠤᠯᠣᠨ ᠵᠦᠪᠯᠡᠵᠦ᠂ ᠨᠢᠭᠡᠨ ᠰᠠᠯᠠᠭ᠎ᠠ ᠴᠡᠷᠢᠭ ᠵᠣᠬᠢᠶᠠᠨ ᠪᠠᠶᠢᠭᠤᠯᠵᠣ ᠠᠭᠤᠣ ᠶᠡᠭᠡ ᠲᠠᠶᠢᠯᠠᠨ ᠲᠠᠭᠠᠭᠤᠯᠣᠭᠴᠢ ᠶᠢᠨ ᠣᠪᠣᠷ ᠢᠶᠠᠷ ᠮᠠᠸᠧᠢᠷᠠᠨᠨᠠᠷ ᠢ ᠴᠢᠭᠯᠡᠨ ᠮᠣᠷᠳᠠᠵᠠᠢ᠃ ᠡᠨᠡ ᠪᠣᠢ ᠾᠢᠵᠢᠷ ᠲᠣᠭᠠᠯᠠᠯ ᠤᠨ761 ᠣᠨ ᠤ ᠷᠠᠪᠢᠶ᠎ᠠ ᠠᠯ ᠠᠸᠠᠶᠢᠯ ᠰᠠᠷ᠎ᠠ ︵ᠨᠡᠶᠢᠳᠡ ᠶᠢᠨ ᠣᠨ ᠲᠣᠭᠠᠯᠠᠯ ᠤᠨ1360 ᠣᠨ ᠤ ᠭᠤᠷᠪᠠᠳᠣᠭᠠᠷ ᠰᠠᠷ᠎ᠠ︶ ᠂ ᠶᠠᠭ ᠰᠠᠶᠢᠬᠠᠨ ᠲᠠᠲ᠋ᠠᠷ ᠲᠣᠭᠠᠯᠠᠯ ᠤᠨ ᠬᠤᠯᠣᠭᠠᠨᠠ ᠵᠢᠯ ᠡᠭᠦᠰᠦᠭᠰᠡᠨ ᠬᠡᠷᠡᠭ ᠣᠴᠢᠷ ᠪᠣᠯᠬᠤ ᠶᠣᠮ᠃ ᠲᠠᠷᠮᠠᠰᠢᠷᠢ③ ᠨᠠᠰᠣ ᠪᠠᠷᠠᠭᠰᠠᠨ ᠠᠴᠠ ᠢᠠᠨᠠᠭᠰᠢ ᠡᠨᠡ ᠬᠡᠷᠡᠭ ᠡᠭᠦᠰᠦᠳᠡᠯ᠎ᠡ ᠬᠤᠭᠤᠷᠣᠨᠳᠣ ᠨᠢ ᠶᠠᠭ ᠰᠠᠶᠢᠬᠠᠨ ᠭᠤᠴᠢᠨ ᠣᠨ ᠠᠯᠣᠰᠯᠠᠵᠠᠢ᠃ ᠡᠨᠡ ᠬᠤᠭᠤᠷᠣᠨᠳᠣ ᠴᠠᠭᠠᠳᠠᠢ ᠶᠢᠨ ᠣᠳᠣᠮ ᠬᠢᠨ ᠨᠡᠶᠢᠳᠡ ᠨᠠᠢᠮᠠᠨ ᠬᠠᠭᠠᠳ ᠬᠠᠭᠠᠨ ᠰᠢᠷᠡᠭᠡ ᠶᠢ ᠵᠠᠯᠭᠠᠮᠵᠢᠯᠠᠵᠣ ᠦᠩᠭᠡᠷᠡᠪᠡ᠃ ᠲᠣᠬᠤᠯᠭ᠎ᠠ ᠲᠡᠮᠦᠷ ᠬᠠᠭᠠᠨ ᠬᠤᠵᠠᠨᠲ ᠭᠤᠣᠯ ︵ᠲᠠᠷᠣᠢ ᠰᠢᠷᠢᠲᠠᠷᠢᠶ᠎ᠠ ᠮᠦᠷᠡᠨ︶ ᠤᠨ ᠣᠷᠴᠢᠨ ᠤ ᠲᠠᠱᠺᠠᠨᠳ᠋ ᠶᠢᠨ ᠲᠠᠯ᠎ᠠ ᠨᠣᠳᠤᠭ ᠤᠨ ᠴᠠᠨᠠᠭ ᠪᠣᠯᠠᠭ ᠲᠤ ᠪᠠᠶᠢᠭ᠎ᠠ ᠦᠶ᠎ᠡ ᠳᠡᠭᠡᠨ ᠣᠯᠠᠨ ᠸᠠᠩ ᠭᠦᠩ ᠪᠡ ᠵᠠᠩᠵᠣᠨ ᠨᠡᠷ ᠲᠠᠢ ᠪᠠᠨ ᠵᠦᠪᠯᠡᠯᠳᠦᠨ ᠭᠠᠷᠭᠠᠭᠰᠠᠨ ᠰᠢᠢᠳᠪᠦᠷᠢ ᠳᠤ ᠬᠠᠮᠤᠭ ᠮᠡᠷᠭᠡᠨ ᠬᠢᠳᠡᠯ ᠪᠣᠯ ᠣᠷᠢᠳᠠᠪᠠᠷ ᠬᠡᠷᠡᠶᠢᠳ ᠠᠶᠢᠮᠠᠭ ᠤᠨ ᠦᠯᠦᠭ · ᠲᠣᠭᠲᠡᠮᠦᠷ᠂ ᠣᠯᠭᠤᠨᠣᠳ ᠠᠶᠢᠮᠠᠭ ᠤᠨ ᠬᠠᠵᠢ · ᠪᠠᠬᠢ ᠪᠣᠯᠣᠨ ᠬᠠᠩᠯᠢᠨ ᠠᠶᠢᠮᠠᠭ ᠤᠨ ᠪᠧᠾᠵᠢᠺ ᠵᠡᠷᠭᠡ ᠶᠢ ᠲᠣᠷᠰᠢᠭᠤᠯ ᠢᠶᠠᠷ ᠢᠯᠡᠭᠡᠶ᠎ᠡ ᠭᠡᠵᠡᠢ᠃ ᠡᠨᠡ ᠭᠤᠷᠪᠠᠨ ᠸᠠᠩ ᠭᠦᠩ ᠨᠡᠷ ᠲᠡᠷᠡ ᠲᠣᠣᠷ᠎ᠠ ᠪᠠᠨ ᠡᠨᠡᠬᠦ ᠡᠭᠦᠷᠭᠡ ᠶᠢ ᠪᠡᠶᠡᠯᠡᠬᠦᠯᠬᠦ ᠪᠠᠷ ᠮᠣᠷᠳᠠᠪᠠ᠃ ᠲᠡᠳᠡᠨᠡᠷ ᠬᠤᠵᠠᠨᠲ ᠭᠤᠣᠯ ᠢ ᠭᠠᠳᠣᠯᠬᠤ  ᠪᠠᠷ ᠪᠠᠶᠢᠳᠠᠯ᠎ᠠ ᠡᠮᠢᠷ ᠪᠠᠶᠠᠵᠢᠳ · ᠵᠠᠯᠠᠶᠢᠷ ᠴᠦ ᠠᠶᠢᠮᠠᠭ ᠣᠯᠠᠨ ᠢᠶᠠᠨ ᠲᠠᠭᠠᠭᠤᠯᠣᠨ ᠢᠷᠡᠵᠦ ᠨᠡᠶᠢᠯᠡᠪᠡ᠃ ᠲᠡᠭᠡᠭᠡᠳ ᠪᠦᠬᠦ ᠬᠦᠮᠦᠰ ᠺᠧᠱ ᠵᠦᠭ ᠲᠤ ᠮᠣᠷᠳᠠᠵᠠᠢ᠃   ᠡᠮᠢᠷ ᠬᠠᠵᠢ · ᠪᠠᠷᠣᠯᠠᠰ ᠺᠧᠱ᠂ ᠬᠠᠷᠰᠢ ︵ᠨᠠᠾᠱᠠᠪ︶ ᠵᠢᠴᠢ ᠣᠶᠢᠷ᠎ᠠ ᠣᠷᠴᠢᠨ ᠠᠴᠠ ᠪᠠᠨ ᠴᠡᠷᠢᠭ ᠲᠠᠲᠠᠨ ᠴᠣᠭᠯᠠᠭᠤᠯᠵᠣ ᠲᠠᠶᠢᠰᠣᠨ ᠢᠶᠠᠨ ᠣᠭᠳᠣᠬᠤ ᠪᠠᠷ ᠮᠣᠷᠳᠠᠨ ᠭᠠᠷᠪᠠ᠃ ᠭᠡᠪᠡᠴᠦ ᠲᠠᠬᠢᠨ ᠲᠠᠪᠳᠠᠨ ᠪᠣᠳᠣᠯᠬᠢᠯᠠᠭᠰᠠᠨ ᠤ ᠲᠠᠷᠠᠭ᠎ᠠ ᠡᠶᠢᠮᠦᠷᠬᠦ ᠴᠡᠷᠢᠭ ᠲᠠᠶᠢᠨ ᠤ ᠪᠠᠶᠢᠷᠢᠰᠢᠭᠤᠯᠣᠯᠳᠠ ᠮᠡᠷᠭᠡᠨ ᠪᠢᠰᠢ ᠬᠡᠮᠡᠨ ᠦᠵᠡᠵᠦ᠂ ᠬᠤᠶᠠᠷ ᠲᠠᠯ᠎ᠠ ᠶᠢᠨ ᠴᠡᠷᠢᠭ ᠠᠭᠤᠯᠵᠠᠬᠤ ᠠᠴᠠ ᠡᠮᠦᠨ᠎ᠡ ᠦᠪᠡᠷ ᠤᠨ ᠴᠡᠷᠢᠭ ᠢᠶᠠᠨ ᠲᠠᠭᠠᠭᠤᠯᠣᠨ ᠬᠤᠷᠣᠽᠠᠨ ᠵᠦᠭ ᠣᠬᠤᠷᠢᠨ ᠶᠠᠪᠣᠪᠠ᠃   ᠲᠣᠰ ᠪᠦᠯᠦᠭ ᠤᠨ ᠲᠠᠶᠢᠯᠪᠣᠷᠢ  ① ᠮᠠᠸᠧᠢᠷᠠᠨᠨᠠᠷ ᠭᠡᠳᠡᠭ ᠭᠠᠵᠠᠷ ᠤᠨ ᠨᠡᠷ᠎ᠡ ᠪᠣᠯ ᠬᠤᠶᠠᠷ ᠭᠤᠣᠯ ᠤᠨ ᠬᠤᠭᠤᠷᠣᠨᠳᠣᠬᠢ ᠣᠷᠣᠨ ᠭᠡᠳᠡᠭ ᠣᠳᠬ᠎ᠠ ᠲᠠᠢ ᠦᠭᠡ ᠪᠣᠯᠣᠨ᠎ᠠ᠃ ᠲᠠᠷᠣᠢ ᠠᠮᠣᠲᠠᠷᠢᠶ᠎ᠠ ᠮᠦᠷᠡᠨ ᠪᠠ ᠰᠢᠷᠢᠲᠠᠷᠢᠶ᠎ᠠ ᠮᠦᠷᠡᠨ ᠤ ᠬᠤᠭᠤᠷᠣᠨᠳᠣ ᠪᠠᠶᠢᠭ᠎ᠠ ᠪᠦᠬᠦ ᠨᠣᠳᠤᠭ ᠤᠨ ᠨᠡᠷ᠎ᠡ ᠪᠣᠯᠣᠨ᠎ᠠ᠃ ᠭᠡᠪᠡᠴᠦ ᠲᠣᠮᠳᠠᠳᠣ ᠠᠽᠢ ᠶᠢᠨ ᠭᠠᠵᠠᠷ ᠣᠰᠣ᠂ ᠴᠢᠨᠠᠭᠰᠢᠯᠠᠪᠠᠯ ᠬᠦᠮᠦᠨ ᠤ ᠨᠡᠷ᠎ᠡ ᠳᠤ ᠬᠦᠷᠳᠡᠯ᠎ᠡ ᠲᠡᠭᠦᠨ ᠢ ᠠᠪᠢᠶᠠᠯᠠᠬᠤ ᠲᠠᠭᠠᠨ ᠣᠨᠴᠠᠭᠠᠢ ᠪᠠᠶᠢᠳᠠᠯ ᠵᠦᠩᠳᠡᠭᠡᠨ ᠲᠣᠬᠢᠶᠠᠯᠳᠣᠨ᠎ᠠ᠃ ᠣᠴᠢᠷ ᠨᠢ ᠲᠣᠮᠳᠠᠳᠣ ᠠᠽᠢ ᠪᠣᠯ ᠡᠬᠢᠯᠡᠭᠡᠳ ᠡᠨᠡᠳᠬᠡᠭ ᠰᠣᠶᠣᠯ ᠤᠨ ᠨᠦᠯᠦᠭᠡ ᠬᠦᠷᠳᠡᠵᠦ᠂ ᠲᠠᠬᠢᠨ ᠭᠷᠢᠭ ᠰᠣᠶᠣᠯ ᠤᠨ ᠨᠦᠯᠦᠭᠡᠨ ᠳᠤ ᠣᠷᠣᠵᠣ᠂ ᠪᠠᠰᠠ ᠲᠠᠬᠢᠨ ᠫᠧᠷᠰ ᠠᠷᠠᠪ ᠰᠣᠶᠣᠯ ᠳᠤ ᠨᠦᠯᠦᠭᠡᠯᠡᠭᠳᠡᠵᠡᠢ᠃ ᠪᠠᠰᠠ ᠲᠠᠬᠢᠨ ᠲᠦᠷᠺ ᠰᠣᠶᠣᠯ᠂ ᠨᠡᠩ ᠬᠤᠵᠢᠭᠤ ᠰᠢᠭ ᠦᠶ᠎ᠡ ᠳᠤ ᠮᠣᠩᠭᠤᠯ ᠰᠣᠶᠣᠯ ᠤᠨ ᠨᠦᠯᠦᠭᠡᠨ ᠳᠤ ᠪᠦᠷ ᠪᠠᠶᠢᠵᠣ ᠦᠩᠭᠡᠷᠡᠭᠰᠡᠨ ᠪᠣᠯᠬᠤᠷ ᠭᠠᠵᠠᠷ ᠣᠰᠣᠨ ᠤ ᠨᠡᠷ᠎ᠡ ᠶᠢ ᠠᠯᠢ ᠰᠣᠶᠣᠯ ᠪᠠᠷ ᠨᠡᠷᠡᠶᠢᠳᠦᠭᠦ ᠪᠣᠢ ᠭᠡᠳᠡᠭ ᠠᠰᠠᠭᠤᠳᠠᠯ ᠭᠠᠷᠴᠣ ᠢᠷᠡᠨ᠎ᠡ᠃ ᠵᠠᠷᠢᠮ ᠢᠭᠡ ᠨᠡᠷ᠎ᠡ ᠦᠭᠡ ᠳᠤ ᠭᠤᠷᠪᠠ ᠲᠦᠷᠪᠡᠨ ᠨᠡᠷ᠎ᠡ ᠲᠠᠢ ᠪᠠᠶᠢᠭ᠎ᠠ  ᠨᠢ ᠡᠩ ᠤᠨ ᠦᠵᠡᠭᠳᠡᠯ ᠶᠣᠮ᠃ ᠣᠳᠣ ᠪᠠᠷ ᠮᠠᠨ ᠤ ᠶᠠᠷᠢᠵᠣ ᠪᠠᠶᠢᠭ᠎ᠠ ᠡᠨᠡᠬᠦ ᠮᠠᠸᠧᠢᠷᠠᠨᠨᠠᠷ ︵Mavara-un-Nahr︶ ᠭᠡᠳᠡᠭ ᠨᠣᠳᠤᠭ ᠤᠨ ᠠᠩᠬᠠᠨ ᠤ ᠨᠡᠷ᠎ᠡ ᠨᠢ ᠲᠷᠠᠨᠰᠣᠺᠰᠢᠶᠠᠨ ︵Transgxiana︶ ᠭᠡᠵᠦ᠂ ᠪᠠᠰᠠ ᠬᠤᠶᠠᠷ ᠭᠤᠣᠯ ᠤᠨ ᠲᠣᠮᠳᠠᠬᠢ ᠣᠷᠣᠨ ᠭᠡᠬᠦ ᠪᠣᠶᠣ ᠡᠰᠡᠬᠦᠯ᠎ᠡ ᠰᠢᠭᠤᠳ ᠪᠠᠰᠠ ᠬᠢᠳᠠᠳ ᠲᠡᠣᠬᠡᠨ ᠨᠣᠮ ᠳᠤ ᠪᠠᠶᠢᠭ᠎ᠠ ᠾᠧ ᠵᠦᠩ ᠭᠡᠳᠡᠭ ᠨᠡᠷ᠎ᠡ ᠶᠢ ᠬᠡᠷᠡᠭᠯᠡᠭᠴᠢᠳ ᠪᠦᠷ ᠪᠠᠶᠢᠭ᠎ᠠ ᠶᠣᠮ᠃ ᠡᠭᠦᠨ ᠠᠴᠠ ᠭᠠᠳᠠᠨ᠎ᠠ ᠲᠦᠷᠺ ᠮᠣᠩᠭᠤᠯ ᠬᠡᠯᠡᠨ ᠤ ᠬᠤᠭᠤᠷᠣᠨᠳᠣ ᠵᠠᠷᠢᠮ ᠳᠠᠭᠠᠨ ᠵ᠊ ᠪᠣᠯᠣᠨ ᠶ᠊ ᠶᠢ ᠰᠡᠯᠭᠦᠴᠡᠨ ᠬᠡᠷᠡᠭᠯᠡᠬᠦ ᠦᠵᠡᠭᠳᠡᠯ ᠴᠦ ᠲᠣᠩ ᠲᠦᠭᠡᠮᠡᠯ ᠬᠠᠷᠠᠭᠳᠠᠵᠣ᠂ ᠬᠠᠶᠠ ᠳᠠᠭᠠᠨ ᠪᠦᠷ ᠬᠤᠳᠬᠤᠯᠳᠣᠭᠤᠯᠣᠨ ᠬᠡᠷᠡᠭᠯᠡᠳᠡᠭ ᠪᠠᠶᠢᠳᠠᠯ ᠴᠦ ᠦᠯᠡᠮᠵᠢ ᠲᠣᠬᠢᠶᠠᠯᠳᠣᠨ᠎ᠠ᠃ ᠡᠶᠢᠮᠦ ᠠᠴᠠ ᠮᠣᠩᠭᠤᠯᠴᠢᠯᠠᠭᠴᠢ ᠠᠴᠠ ᠡᠨᠡ ᠪᠦᠬᠦᠨ ᠢ ᠨᠢᠭᠡᠳᠭᠡᠶ᠎ᠡ ᠭᠡᠵᠦ ᠰᠠᠨᠠᠵᠣ ᠪᠠᠶᠢᠭᠰᠠᠨ ᠪᠣᠯᠪᠠᠴᠣ ᠴᠠᠭ ᠬᠤᠭᠤᠴᠠᠭ᠎ᠠ ᠪᠠ ᠠᠵᠢᠯ ᠤᠨ ᠶᠡᠭᠡ ᠠᠴᠠ ᠪᠣᠯᠵᠣ ᠨᠢᠭᠡᠳᠭᠡᠵᠦ ᠴᠢᠳᠠᠭᠰᠠᠨ ᠦᠭᠡᠢ ᠲᠠᠯᠪᠢᠪᠠ᠃ ᠡᠳᠡᠭᠡᠷ ᠭᠠᠵᠠᠷ ᠣᠰᠣᠨ ᠤ ᠨᠡᠷ᠎ᠡ ᠪᠣᠯ ᠲᠡᠣᠬᠡᠨ ᠭᠠᠵᠠᠷ ᠵᠦᠢ ᠳᠤ ᠬᠠᠮᠣᠷᠠᠭᠳᠠᠬᠤ ᠠᠭᠤᠯᠭ᠎ᠠ ᠪᠣᠯᠬᠤᠷ ᠲᠡᠭᠦᠨ ᠢ ᠲᠣᠣᠱᠳᠠᠢ ᠨᠢᠭᠡᠳᠭᠡᠶ᠎ᠡ ᠭᠡᠪᠡᠯ ᠲᠣᠩ ᠣᠯᠠᠨ ᠮᠡᠳᠡᠯᠭᠡ ᠲᠠᠶᠢᠯᠪᠣᠷᠢ ᠬᠡᠷᠡᠭᠴᠡᠭᠡ ᠲᠠᠢ ᠪᠣᠯᠣᠨ᠎ᠠ᠃  ② ᠲᠣᠬᠤᠯᠭ᠎ᠠ ᠲᠡᠮᠦᠷ ᠬᠠᠭᠠᠨ ᠪᠣᠯ ᠡᠰᠡᠨ ᠪᠣᠬ᠎ᠠ ᠬᠠᠭᠠᠨ ᠤ ᠬᠦᠪᠡᠭᠦᠨ᠂ ᠳ᠋ᠦᠸ᠎ᠠ ᠬᠠᠭᠠᠨ ᠤ ᠣᠮᠪᠣᠯ ᠪᠣᠯᠬᠤ ᠶᠣᠮ᠃ ᠠᠳᠡ ᠲᠡᠭᠦᠨ ᠢ ᠳ᠋ᠦᠸ᠎ᠠ ᠬᠠᠭᠠᠨ ᠤ ᠬᠦᠪᠡᠭᠦᠨ ᠬᠡᠰᠡᠨ ᠨᠢ ᠳ᠋ᠦᠸ᠎ᠠ ᠬᠠᠭᠠᠨ ᠤ ᠬᠤᠶᠢᠴᠢᠰ ᠭᠡᠳᠡᠭ ᠣᠳᠬ᠎ᠠ ᠪᠠᠷ ᠬᠡᠷᠡᠭᠯᠡᠭᠰᠡᠨ ᠠᠵᠠᠢ᠃  ③ ᠴᠠᠭᠠᠳᠠᠢ ᠬᠠᠭᠠᠨᠳᠣ ᠣᠯᠣᠰ ᠤᠨ ᠲᠠᠷᠮᠠᠰᠢᠷᠢ ᠬᠠᠭᠠᠨ ᠨᠠᠰᠣ ᠪᠠᠷᠠᠭᠰᠠᠨ ᠠᠴᠠ ᠡᠨᠡᠬᠦ ᠬᠡᠷᠡᠭ ᠡᠭᠦᠰᠦᠳᠡᠯ᠎ᠡ ᠦᠨᠡᠨᠳᠡᠭᠡᠨ ᠰᠠᠶ᠋ᠢ ᠬᠤᠷᠢᠨ ᠭᠤᠷᠪᠠᠨ ᠵᠢᠯ ᠪᠣᠯᠵᠣ ᠪᠠᠶᠢᠨ᠎ᠠ᠃ ᠭᠡᠪᠡᠴᠦ ᠠᠩᠭ᠍ᠯᠢ ᠣᠯᠣᠰ ᠤᠨ ᠮᠦᠽᠸᠢ ᠳᠤ ᠬᠠᠳᠠᠭᠠᠯᠠᠵᠣ ᠪᠠᠶᠢᠭ᠎ᠠ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠨᠣᠮ ᠤᠨ ᠡᠯ᠎ᠡ ᠵᠦᠢᠯ ᠤᠨ ᠭᠠᠷ ᠪᠢᠴᠢᠮᠡᠯ ᠳᠤ ᠪᠦᠷ ᠭᠤᠴᠢᠨ ᠭᠤᠷᠪᠠᠨ ᠣᠨ ᠭᠡᠵᠦ ᠲᠡᠮᠳᠡᠭᠯᠡᠵᠦ ᠪᠠᠶᠢᠨ᠎ᠠ ᠭᠡᠵᠦ ᠠᠩᠭ᠍ᠯᠢᠴᠢᠯᠠᠭᠴᠢ ᠠᠴᠠ ᠲᠠᠶᠢᠯᠪᠣᠷᠢᠯᠠᠵᠠᠢ᠃ ᠭᠡᠳᠡᠯ᠎ᠡ ᠲᠠᠷᠮᠠᠰᠢᠷᠢ ᠬᠠᠭᠠᠨ ᠪᠣᠯ ᠨᠡᠶᠢᠳᠡ ᠶᠢᠨ ᠣᠨ ᠲᠣᠭᠠᠯᠠᠯ  ᠤᠨ1334 ᠣᠨ ᠳᠤ ᠨᠠᠰᠣ ᠪᠠᠷᠠᠭᠰᠠᠨ ᠨᠢ ᠪᠠᠷᠤᠭ ᠢᠳᠡᠭᠡᠮᠵᠢᠳᠡᠢ ᠬᠡᠷᠡᠭ ᠪᠣᠯᠣᠨ᠎ᠠ᠃ ᠢᠩᠬᠢᠵᠦ ᠪᠣᠳᠣᠪᠠᠯ ᠲᠣᠬᠤᠯᠭ᠎ᠠ ᠲᠡᠮᠦᠷ ᠬᠠᠭᠠᠨ ᠤ ᠮᠠᠸᠧᠢᠷᠠᠨᠨᠠᠷ ᠵᠦᠭ ᠲᠤ ᠴᠡᠷᠢᠭ ᠬᠦᠳᠡᠯᠭᠡᠭᠰᠡᠨ1360 ᠣᠨ ᠤ ᠬᠤᠭᠤᠷᠣᠨᠳᠣ ᠬᠤᠷᠢᠨ ᠵᠢᠷᠭᠤᠭᠠᠨ ᠵᠢᠯ ᠠᠯᠣᠰᠯᠠᠭᠰᠠᠨ ᠪᠠᠶᠢᠪᠠᠯ ᠲᠠᠭᠠᠷᠠᠨ᠎ᠠ᠃ ᠲᠠᠷᠠᠭ᠎ᠠ ᠨᠢ ᠡᠨᠡ ᠬᠤᠭᠤᠷᠣᠨᠳᠣ ᠨᠡᠶᠢᠳᠡ ᠨᠠᠢᠮᠠᠨ ᠬᠠᠭᠠᠨ ᠬᠠᠭᠠᠨ ᠰᠠᠭᠤᠷᠢᠨ ᠢ ᠵᠠᠯᠭᠠᠮᠵᠢᠯᠠᠵᠣ ᠦᠩᠭᠡᠷᠡᠪᠡ ᠭᠡᠵᠦ ᠬᠡᠯᠡᠵᠡᠢ᠃ ᠭᠡᠪᠡᠴᠦ ᠡᠨᠡ ᠲᠤᠭ᠎ᠠ ᠴᠦ ᠪᠣᠰᠣᠳ ᠲᠡᠣᠬᠡᠨ ᠨᠣᠮ ᠲᠠᠢ ᠵᠢᠭᠠᠬᠠᠨ ᠵᠦᠷᠢᠶ᠎ᠡ ᠲᠠᠢ ᠪᠠᠶᠢᠨ᠎ᠠ — ᠮᠣᠩᠭᠤᠯᠴᠢᠯᠠᠭᠴᠢ ᠠᠴᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号