ᠡᠮᠢᠷ ᠲᠡᠮᠦᠷ ᠡᠮᠢᠷ ᠬᠠᠵᠢ ᠪᠠᠷᠣᠯᠠᠰ ᠲᠤ ᠠᠷᠭ᠎ᠠ ᠡᠷᠭᠦᠭᠰᠡᠨ — ᠲᠡᠷᠡ ᠵᠧᠬᠤᠨ ᠭᠤᠣᠯ ︵ᠠᠮᠣᠲᠠᠷᠢᠶ᠎ᠠ ᠮᠦᠷᠡᠨ︶ ᠤᠨ ᠬᠦᠪᠡᠭᠡᠨ ᠠᠴᠠ ᠪᠣᠴᠠᠵᠣ ᠢᠷᠡᠭᠰᠡᠨ ᠵᠢᠴᠢ ᠭᠤᠷᠪᠠᠨ ᠸᠠᠩ ᠭᠦᠩ ᠤᠨ ᠠᠭᠤᠯᠵᠠᠯᠳᠠ
ᠨᠡᠶᠢᠲᠡᠯᠡᠭᠰᠡᠨ ᠴᠠᠭ᠄
2020/3/13
ᠲᠠᠪᠣᠳᠣᠭᠠᠷ ᠪᠦᠯᠦᠭ  ᠠᠷᠠᠪ ᠰᠢᠯᠦᠭ᠄ᠬᠢᠯᠢᠩᠳᠣ ᠪᠠᠷᠰ ᠮᠡᠳᠦ ᠡᠷᠡᠯᠬᠡᠭ ᠪᠠᠭᠠᠳᠣᠷᠴᠣᠳᠬᠡᠳᠦ ᠮᠡᠷᠭᠡᠨ ᠠᠷᠭ᠎ᠠ ᠪᠣᠳᠣᠯᠭ᠎ᠠ ᠶᠢ ᠬᠡᠷᠬᠢᠨ ᠲᠠᠪᠠᠨᠠᠮᠣᠬᠠᠭᠠᠨ ᠪᠠᠭᠠᠳᠣᠷ ᠬᠤᠣᠰᠯᠠᠨ ᠴᠢᠳᠠᠭᠴᠢᠳ ᠠᠴᠠᠦᠨᠢ ᠮᠦᠩᠬᠡ ᠶᠢᠨ ᠠᠯᠳᠠᠷ ᠨᠡᠷ᠎ᠡ ᠪᠦᠳᠦᠶᠦ᠃ᠫᠧᠷᠰ ᠰᠢᠯᠦᠭ᠄ ᠠᠷᠭ᠎ᠠ ᠣᠬᠠᠭᠠᠨ ᠳᠤ ᠢᠯᠠᠭᠳᠠᠭᠰᠠᠨ ᠴᠡᠷᠢᠭᠠᠭᠤᠯᠠ ᠨᠣᠷᠠᠬᠤ ᠮᠡᠳᠦ ᠶᠢ ᠬᠡᠷᠬᠢᠨᠡᠮᠶᠡᠭᠡ ᠡᠷ᠎ᠡ ᠶᠢᠨ ᠭᠠᠭᠴᠠ ᠰᠡᠯᠡᠮ᠎ᠡᠶᠢᠷᠲᠢᠨᠴᠦ ᠲᠡᠯᠡᠬᠡᠢ ᠶᠢ ᠢᠯᠠᠰᠢ ᠦᠭᠡᠢ᠃ᠲᠣᠣᠷ᠎ᠠ ᠦᠬᠦᠯᠡᠬᠦ ᠪᠣᠳᠠᠳᠣ ᠬᠡᠷᠡᠭ᠂ ᠲᠡᠭᠡᠷᠡᠬᠢ ᠰᠢᠯᠦᠭ ᠤᠨ ᠦᠨᠡᠨ ᠶᠣᠰᠣ ᠶᠢ ᠬᠠᠷᠠᠭᠤᠯᠵᠣ ᠴᠢᠳᠠᠵᠠᠢ᠃ ᠡᠮᠢᠷ ᠬᠠᠵᠢ · ᠪᠠᠷᠣᠯᠠᠰ ᠴᠠᠭᠠᠳᠠᠢ ᠶᠢᠨ ᠴᠡᠷᠢᠭ ᠬᠠᠯᠳᠠᠷ᠎ᠠ ᠢᠷᠡᠭᠰᠡᠨ ᠢ ᠰᠣᠨᠣᠰᠣᠭᠠᠳ ᠦᠪᠡᠷ ᠤᠨ ᠣᠯᠣᠰ ᠠᠴᠠ ᠪᠠᠨ ᠰᠠᠯᠵᠣ ᠬᠤᠷᠣᠽᠠᠨ ᠵᠦᠭ ᠲᠤ ᠪᠣᠷᠣᠭᠤᠯᠠᠪᠠ᠃ ᠲᠡᠷᠡ ᠡᠯᠡᠰᠦ ᠮᠠᠩᠬ᠎ᠠ ᠶᠢ ᠬᠦᠨᠳᠡᠯᠡᠨ ᠲᠣᠭᠤᠯᠠᠵᠣ᠂ ᠵᠧᠬᠤᠨ ᠭᠤᠣᠯ ᠤᠨ ᠬᠦᠪᠡᠭᠡᠨ ᠳᠤ ᠢᠷᠡᠪᠡ᠃ ᠡᠮᠢᠷ ᠲᠡᠮᠦᠷ① ᠮᠠᠰᠢ ᠲᠣᠲᠣᠷᠬᠠᠢ ᠣᠯᠵᠣ ᠦᠵᠡᠭᠰᠡᠨ ᠢᠶᠠᠷ ᠲᠡᠷᠡ ᠬᠡᠷᠪᠡ ᠦᠷᠬᠦᠯᠵᠢᠯᠡᠨ ᠢᠩᠬᠢᠵᠦ ᠲᠣᠳᠠᠭᠠᠬᠤ ᠠᠷᠭ᠎ᠠ ᠪᠣᠳᠣᠯᠭ᠎ᠠ ᠠᠪᠬᠤ ᠶᠣᠮ ᠪᠣᠯ᠂ ᠲᠡᠭᠦᠨ ᠤ ᠡᠬᠡ ᠣᠯᠣᠰ ᠲᠠᠷᠣᠢ ᠮᠦᠬᠦᠨ ᠰᠦᠨᠦᠬᠦ ᠪᠣᠯᠣᠨ᠎ᠠ᠃ ᠨᠠᠭᠠᠳᠣ ᠵᠠᠬ᠎ᠠ ᠨᠢ ᠲᠡᠭᠦᠨ ᠤ ᠡᠨᠡᠬᠦ ᠦᠶ᠎ᠡ ᠣᠯᠠᠷᠢᠨ ᠵᠠᠯᠭᠠᠮᠵᠢᠯᠠᠬᠤ ᠡᠷᠬᠡ ᠪᠦᠬᠦᠢ ᠡᠷᠭᠦᠮᠵᠢᠯᠡᠯᠳᠣ ᠨᠣᠳᠤᠭ ᠰᠠᠮᠠᠭᠤᠷᠠᠨ ᠰᠠᠷᠨᠢᠬᠤ ᠪᠣᠯᠣᠨ᠎ᠠ᠃ ᠶᠠᠭ ᠰᠠᠶᠢᠬᠠᠨ ᠡᠨᠡ ᠵᠢᠯ ᠲᠡᠮᠦᠷ ᠤᠨ ᠡᠴᠢᠭᠡ ᠲᠠᠷᠬᠠᠢ ᠨᠠᠰᠣ ᠪᠠᠷᠠᠭᠰᠠᠨ ᠪᠢᠯᠡ᠃ᠰᠢᠯᠦᠭ᠄ᠡᠴᠢᠭᠡ ᠨᠢ ᠦᠬᠦᠵᠦ ᠠᠪᠠᠭ᠎ᠠ ᠨᠢ ᠪᠣᠷᠣᠭᠤᠯᠠᠪᠠᠢᠡᠷᠡᠮᠬᠡᠢ ᠲᠠᠶᠢᠰᠣᠨ ᠬᠠᠯᠳᠠᠵᠣ ᠢᠷᠡᠪᠡᠢᠡᠬᠡ ᠨᠣᠳᠤᠭ ᠮᠦᠬᠦᠬᠦ ᠰᠢᠬᠠᠪᠠᠢᠡᠷᠡᠯᠬᠡᠭ ᠪᠦᠷᠭᠦᠳ ᠤᠨ ᠵᠢᠭᠦᠷ ᠬᠤᠭᠤᠷᠠᠭᠰᠠᠨ ᠮᠠᠳᠣ ᠪᠣᠰᠣᠶᠣ᠃ᠲᠣᠬᠠᠢ ᠶᠢᠨ ᠦᠶ᠎ᠡ ᠶᠢᠨ ᠡᠨᠡᠬᠦ ᠵᠠᠩᠬᠢᠯᠭ᠎ᠠ ᠶᠢᠨ ᠴᠠᠭ ᠮᠦᠴᠡ ᠳᠤ ᠡᠮᠢᠷ ᠲᠡᠮᠦᠷ ᠬᠡᠳᠦᠶᠢᠪᠡᠷ ᠰᠠᠶ᠋ᠢ ᠬᠤᠷᠢᠨ ᠲᠠᠪᠣᠬᠠᠨ ᠨᠠᠰᠣᠳᠠᠢ ᠪᠠᠶᠢᠵᠣ᠂ ᠲᠡᠭᠦᠨ ᠤ ᠲᠦᠷᠦᠯᠬᠢ ᠶᠢᠨ ᠠᠪᠢᠶᠠᠰ ᠪᠢᠯᠢᠭ ᠴᠦ ᠬᠠᠷᠬᠠᠨ ᠨᠡᠭᠡᠭᠳᠡᠭᠡᠳᠦᠢ ᠪᠠᠶᠢᠭᠰᠠᠨ ᠪᠣᠪᠠᠴᠣ᠂ ᠪᠠᠶᠢᠳᠠᠯ ᠢ ᠲᠣᠭᠳᠠᠬᠤᠨ ᠪᠣᠯᠭᠠᠬᠤ ᠵᠣᠷᠢᠭ ᠲᠦᠷᠦᠵᠦ᠂ ᠡᠮᠢᠷ ᠬᠠᠵᠢ ᠳᠤ ᠠᠷᠭ᠎ᠠ ᠡᠷᠭᠦᠵᠦ ᠦᠭᠦᠯᠡᠷᠦᠨ ᠄ ︽ᠣᠯᠣᠰ ᠲᠤ ᠡᠵᠡᠨ ᠦᠭᠡᠢ ᠪᠣᠯ ᠶᠡᠭᠡ ᠵᠣᠪᠠᠯᠠᠩ ᠮᠠᠭᠠᠳ ᠡᠭᠦᠰᠦᠨ᠂ ᠠᠷᠠᠳ ᠢᠷᠭᠡᠳ ᠲᠠᠶᠢᠰᠣᠨ ᠤ ᠭᠠᠷ ᠲᠤ ᠲᠠᠯᠬᠢᠭᠳᠠᠮᠣᠢ︾ ᠭᠡᠵᠡᠢ᠃ᠰᠢᠯᠦᠭ᠄ᠲᠡᠷᠢᠭᠦᠯᠡᠭᠴᠢ ᠦᠭᠡᠢ ᠣᠯᠣᠰ ᠰᠦᠨᠡᠰᠦ ᠦᠭᠡᠢ ᠬᠦᠮᠦᠨ ᠮᠡᠳᠦᠲᠡᠷᠢᠭᠦᠨ ᠦᠭᠡᠢ ᠬᠦᠮᠦᠨ ᠳᠤ ᠠᠮᠢᠳᠣᠷᠠᠬᠤ ᠶᠣᠰᠣᠨ ᠠᠯᠠᠭ᠎ᠠ᠃︽ᠲᠠ ᠦᠨᠡᠬᠡᠷ ᠬᠤᠷᠣᠽᠠᠨ ᠳᠤ ᠣᠴᠢᠪᠠᠯ᠂ ᠪᠢ ᠬᠠᠮᠤᠭ ᠰᠠᠶᠢᠨ ᠨᠢ ᠺᠧᠱ ᠲᠠᠭᠠᠨ ᠬᠠᠷᠢᠨ᠎ᠠ᠃ ᠪᠢ ᠲᠡᠨᠳᠡᠬᠢ ᠠᠷᠠᠳ ᠢᠷᠭᠡᠳ ᠢ ᠠᠮᠣᠷᠵᠢᠭᠤᠯᠣᠨ ᠴᠢᠳᠠᠪᠠᠰᠣ ᠬᠠᠭᠠᠨ ᠣᠷᠳᠣᠨ ᠳᠤ ᠣᠴᠢᠨ᠎ᠠ᠃ ᠪᠢ ᠣᠯᠣᠰ ᠭᠡᠷ ᠤᠨ ᠶᠡᠬᠡᠰ ᠨᠣᠶᠠᠳ ᠸᠠᠩ ᠭᠦᠩ ᠨᠡᠷ ᠲᠠᠢ ᠶᠡᠭᠡ ᠬᠡᠷᠡᠭ ᠢ ᠵᠦᠪᠳᠡᠨ ᠮᠠᠨ ᠤ ᠣᠷᠣᠨ ᠨᠣᠳᠤᠭ ᠪᠠ ᠠᠯᠯᠠᠾ ᠠᠴᠠ ᠰᠣᠶᠣᠷᠬᠠᠭᠰᠠᠨ ᠠᠷᠠᠳ ᠢᠷᠭᠡᠳ ᠢᠶᠠᠨ ᠭᠠᠯ ᠣᠰᠣᠨ ᠤ ᠭᠠᠰᠢᠭᠤᠨ ᠵᠣᠪᠠᠯᠠᠩ ᠳᠤ ᠣᠨᠠᠭᠠᠬᠤ ᠦᠭᠡᠢ ᠪᠠᠷ ᠴᠢᠷᠮᠠᠶᠢᠨ᠎ᠠ︾ ᠭᠡᠪᠡ᠃ᠡᠮᠢᠷ ᠲᠡᠮᠦᠷ ᠬᠡᠯᠡᠵᠦ ᠪᠠᠷᠠᠭᠠᠳ ᠠᠪᠠᠭ᠎ᠠ ᠠᠴᠠ ᠪᠠᠨ ᠰᠠᠯᠵᠣ ᠶᠠᠪᠣᠪᠠ᠃ ᠡᠮᠢᠷ · ᠬᠠᠵᠢ · ᠪᠠᠷᠣᠯᠠᠰ ᠡᠮᠢᠷ ᠲᠡᠮᠦᠷ  ᠤᠨ ᠡᠨᠡᠬᠦ ᠦᠭᠡ ᠶᠢ ᠪᠦᠷᠢᠮᠦᠰᠦᠨ ᠠᠯᠯᠠᠾ ᠶᠢᠨ ᠰᠠᠨᠠᠯᠣᠯᠭ᠎ᠠ ᠭᠡᠵᠦ ᠢᠳᠡᠭᠡᠵᠡᠢ᠃ ᠡᠶᠢᠮᠦ ᠠᠴᠠ ᠲᠡᠷᠡ ᠲᠡᠭᠦᠨ ᠤ ᠦᠭᠡ ᠪᠠᠷ ᠠᠯᠢᠪᠠ ᠪᠦᠬᠦᠨ ᠢ ᠪᠦᠷ ᠵᠦᠪᠰᠢᠶᠡᠷᠡᠪᠡ᠃ ᠲᠡᠭᠡᠭᠡᠳ ᠡᠮᠢᠷ ᠲᠡᠮᠦᠷ ᠨᠣᠳᠤᠭ ᠵᠦᠭ ᠢᠶᠠᠨ ᠲᠦᠷᠭᠡᠯᠡᠨ ᠮᠣᠷᠳᠠᠵᠣ ᠬᠤᠵᠠᠷ ︵ᠬᠤᠵᠢᠷ︶ ᠲᠤ ᠬᠦᠷᠳᠡᠯ᠎ᠡ ᠴᠠᠭᠠᠳᠠᠢ ᠶᠢᠨ ᠴᠡᠷᠢᠭ ᠤᠨ ᠬᠤᠰᠢᠭᠤᠴᠢ ᠳᠤ ᠵᠠᠮᠴᠢ ᠪᠣᠯᠵᠣ ᠪᠠᠶᠢᠭ᠎ᠠ ᠬᠠᠵᠢ · ᠮᠠᠬᠠᠮᠣᠳ᠋ · ᠱᠠᠾ · ᠶᠠᠰᠣᠷᠢ ᠲᠠᠢ ᠠᠭᠤᠯᠵᠠᠪᠠ᠃ ᠲᠠᠶᠢᠰᠣᠨ ᠤ ᠴᠡᠷᠢᠭ ᠶᠠᠭ ᠰᠠᠶᠢᠬᠠᠨ ᠭᠠᠯ ᠮᠡᠳᠦ ᠲᠦᠷᠭᠡᠨ ᠢᠶᠠᠷ ᠢᠨᠠᠭᠰᠢ ᠣᠷᠣᠭᠰᠢᠯᠠᠵᠣ ᠪᠠᠶᠢᠭ᠎ᠠ ᠠᠵᠠᠢ᠃ ᠲᠡᠳᠡ ᠨᠢᠭᠡᠨᠳᠡ ᠨᠢᠭᠡᠮᠦᠰᠦᠨ ᠪᠣᠯᠢᠶᠠᠨ ᠲᠡᠭᠡᠷᠡᠮᠳᠡᠬᠦ ᠪᠠᠷ ᠭᠤᠷᠢᠳᠠᠵᠣ᠂ ᠣᠭᠤᠳᠠ ᠰᠢᠭᠤᠳᠠᠢ ᠣᠶᠣᠵᠣ᠂ ᠲᠡᠭᠡᠷᠡᠮᠳᠡᠵᠦ ᠣᠯᠣᠭᠰᠠᠨ ᠠᠯᠳᠠ ᠮᠦᠩᠭᠦ ᠪᠠ ᠡᠳ᠋ ᠡᠷᠳᠡᠨᠢᠰ ᠢᠶᠠᠨ ᠰᠠᠪᠠᠯᠠᠨ ᠠᠬᠤᠭᠤᠯᠬᠤ ᠪᠠᠷ ᠪᠡᠯᠡᠳᠭᠡᠨ ᠢᠷᠡᠵᠦ ᠪᠠᠶᠢᠭ᠎ᠠ ᠠᠵᠠᠢ᠃ ᠡᠮᠢᠷ ᠲᠡᠮᠦᠷ ᠲᠠᠶᠢᠰᠣᠨ ᠤ ᠵᠠᠩᠵᠣᠨ ᠲᠠᠢ ᠮᠠᠰᠢ ᠰᠢᠯᠣᠭᠤᠨ ᠢᠶᠠᠷ ᠡᠶᠡᠳᠦᠵᠦ ᠬᠡᠯᠡᠯᠴᠡᠭᠡᠷ ᠲᠣᠭᠳᠠᠪᠠ᠃ ᠲᠡᠷᠡ ᠬᠡᠯᠡᠭᠰᠡᠨ ᠨᠢ᠄ ︽ᠲᠠᠨᠠᠷ ᠠᠳᠡ  ᠪᠠᠨ ᠲᠦᠷ ᠬᠦᠯᠢᠭᠡᠯᠵᠡᠵᠦ ᠪᠠᠶᠢᠭᠠᠷᠠᠢ᠂ ᠪᠢ ᠣᠴᠢᠵᠣ ᠸᠠᠩ ᠭᠦᠩ ᠢᠵᠠᠭᠤᠷᠳᠠᠨ ᠨᠡᠷ ᠲᠠᠢ ᠵᠦᠪᠳᠡᠨ᠂ ᠨᠢᠭᠡᠨ ᠬᠤᠶᠠᠷ ᠲᠠᠯ᠎ᠠ ᠪᠠᠷ ᠢᠶᠠᠨ ᠪᠦᠷ ᠬᠦᠯᠢᠶᠡᠨ ᠠᠪᠴᠣ ᠴᠢᠳᠠᠬᠤ ᠰᠢᠢᠳᠪᠦᠷᠢ ᠭᠠᠷᠭᠠᠳ ᠢᠷᠡᠶ᠎ᠡ︾ ᠭᠡᠪᠡ᠃ ᠡᠮᠢᠷ ᠲᠡᠮᠦᠷ ᠤᠨ ᠡᠨᠡᠬᠦ ᠮᠡᠷᠭᠡᠨ ᠣᠬᠠᠭᠠᠨ ᠵᠦᠪ ᠦᠭᠡ ᠨᠢ ᠲᠠᠶᠢᠰᠣᠨ ᠤ ᠴᠡᠷᠢᠭ ᠲᠤ ᠬᠦᠷᠳᠡᠯ᠎ᠡ ᠮᠠᠰᠢ ᠲᠠᠭᠠᠯᠠᠭᠳᠠᠵᠠᠢ᠃ ᠲᠡᠳᠡ ᠬᠡᠳᠦᠶᠢᠪᠡᠷ ᠣᠷᠣᠭᠰᠢᠯᠠᠬᠤ ᠶᠢ ᠬᠦᠰᠡᠨ ᠰᠠᠨᠠᠵᠣ ᠪᠠᠶᠢᠭ᠎ᠠ ᠪᠣᠯᠪᠠᠴᠣ ᠣᠣᠯ ᠭᠠᠵᠠᠷ ᠠᠴᠠ ᠪᠠᠨ ᠬᠦᠳᠡᠯᠡᠭᠰᠡᠨ ᠦᠭᠡᠢ᠂ ᠲᠡᠭᠦᠨ ᠤ ᠴᠢᠮᠡᠭᠡ ᠶᠢ ᠬᠦᠯᠢᠶᠡᠨ ᠪᠠᠶᠢᠪᠠ᠃ ᠡᠮᠢᠷ ᠲᠡᠮᠦᠷ ᠠᠮᠣᠷ ᠲᠦᠪᠰᠢᠨ ᠢᠶᠠᠷ ᠺᠧᠱ ᠲᠤ ᠣᠷᠣᠬᠤ ᠦᠶ᠎ᠡ ᠳᠤ ᠶᠠᠭ ᠰᠠᠶᠢᠭᠠᠨ ᠴᠠᠭᠠᠳᠠᠢ ᠶᠢᠨ ᠪᠣᠰᠣᠳ ᠭᠤᠨᠪᠠᠨ ᠸᠠᠩ ᠭᠦᠩ ᠨᠡᠷ ᠪᠠᠰᠠ ᠬᠦᠷᠦᠯᠴᠡᠨ ᠢᠷᠡᠭᠡᠳ ᠪᠠᠶᠢᠪᠠ᠃ ᠲᠡᠳᠡ ᠣᠴᠠᠷᠠᠯᠳᠣᠨ ᠠᠮᠣᠷ ᠮᠡᠨᠳᠦ ᠪᠠᠨ ᠮᠡᠳᠡᠯᠴᠡᠭᠰᠡᠨ ᠤ ᠲᠠᠷᠠᠭ᠎ᠠ ᠪᠠᠷ ᠡᠮᠢᠷ ᠲᠡᠮᠦᠷ ᠤᠨ ᠢᠯᠡᠳᠭᠡᠭᠰᠡᠨ ᠲᠣᠬᠤᠯᠭ᠎ᠠ ᠲᠡᠮᠦᠷ ᠬᠠᠭᠠᠨ ᠳᠤ ᠲᠠᠭᠠᠬᠤ ᠰᠠᠨᠠᠯ ᠢ ᠰᠣᠨᠣᠰᠣᠭᠠᠳ ᠨᠢᠭᠡᠨ ᠲᠠᠭᠤᠨ ᠢᠶᠠᠷ ᠪᠠᠶᠠᠷᠯᠠᠨ ᠵᠦᠪᠰᠢᠶᠡᠷᠡᠪᠡ᠃ ᠲᠡᠭᠡᠭᠡᠳ ᠲᠡᠳᠡ ᠡᠮᠢᠷ ᠲᠡᠮᠦᠷ ᠢ ᠡᠮᠢᠷ ᠬᠠᠷᠠᠴᠠᠷ② ᠤᠨ ᠣᠣᠯ ᠡᠵᠡᠮᠰᠢᠯ ᠨᠣᠳᠤᠭ ᠤᠨ ᠵᠠᠬᠢᠷᠣᠭᠴᠢ ᠨᠣᠶᠠᠨ ᠢᠶᠠᠷ ᠡᠷᠭᠦᠮᠵᠢᠯᠡᠪᠡ᠃ ᠬᠠᠷᠠᠴᠠᠷ ᠤᠨ ᠣᠣᠯ ᠡᠷᠭᠦᠮᠵᠢᠯᠡᠯ ᠨᠣᠳᠤᠭ ᠲᠤ ᠺᠧᠱ ᠪᠠ ᠲᠡᠭᠦᠨ ᠤ ᠬᠠᠷᠢᠶᠠᠳᠣ ᠣᠷᠣᠨ ᠢ ᠪᠠᠭᠳᠠᠭᠠᠬᠤ ᠶᠣᠮ᠃ ᠲᠡᠭᠦᠨ ᠤ ᠡᠨᠡᠬᠦ ᠮᠡᠷᠭᠡᠨ ᠪᠣᠳᠣᠯᠭ᠎ᠠ ᠠᠴᠠ ᠲᠣᠰ ᠭᠠᠵᠠᠷ ᠲᠤ ᠨᠢᠭᠡᠨᠳᠡ ᠣᠶᠢᠯᠣᠨ ᠴᠠᠶᠢᠯᠠᠨ ᠢᠷᠡᠭᠰᠡᠨ ᠲᠣᠭᠰᠢᠨ ᠦᠶᠡᠷ ᠮᠡᠳᠦ ᠴᠡᠷᠢᠭ ᠲᠠᠶᠢᠨ ᠤ ᠭᠠᠰᠠᠯᠠᠩ ᠵᠣᠪᠠᠯᠠᠩ ᠠᠷᠢᠯᠵᠣ᠂ ᠭᠤᠷᠢ ᠲᠠᠰᠣᠷᠠᠮᠠᠷ ᠪᠣᠯᠣᠭᠰᠠᠨ ᠬᠦᠭᠵᠢᠯ ᠪᠠᠶᠠᠰᠣᠯ᠂ ᠬᠦᠮᠦᠨ ᠤ ᠶᠢᠷᠲᠢᠨᠴᠦ ᠳᠤ ᠲᠠᠬᠢᠨ ᠢᠷᠡᠪᠡ᠃ᠬᠦᠮᠦᠰ ᠠᠪᠣᠨ ᠦᠵᠡᠪᠡᠯ ᠡᠨᠡᠬᠦ ᠬᠡᠷᠡᠭ ᠡᠮᠢᠷ ᠲᠡᠮᠦᠷ ᠲᠤ ᠨᠢᠭᠡᠨᠳᠡ ᠬᠡᠶᠢᠮᠣᠷᠢ ᠰᠡᠷᠭᠦᠵᠦ᠂ ᠬᠡᠰᠢᠭ ᠪᠣᠶᠠᠨ ᠨᠡᠮᠡᠭᠳᠡᠭᠰᠡᠨ ᠬᠡᠷᠡᠭ ᠪᠣᠯᠪᠠ ᠭᠡᠳᠡᠭ ᠶᠣᠮ᠃ ᠦᠨᠡᠨ ᠢ ᠬᠡᠯᠡᠪᠡᠯ᠂ ᠲᠡᠭᠦᠨ ᠤ ᠡᠷᠳᠡᠨᠢᠰ ᠤᠨ ᠬᠦᠮᠦᠷᠭᠡᠨ ᠳᠤ ᠪᠠᠰᠠ ᠮᠢᠩᠭ᠎ᠠ ᠲᠦᠮᠡᠨ ᠠᠮᠵᠢᠯᠳᠠ ᠪᠦᠳᠦᠭᠡᠯ ᠬᠠᠳᠠᠭᠠᠯᠠᠰᠣᠳᠠᠢ ᠪᠠᠶᠢᠭ᠎ᠠ ᠶᠣᠮ᠃ᠡᠭᠦᠨ ᠤ ᠲᠠᠷᠠᠭ᠎ᠠ᠂ ᠡᠮᠢᠷ ᠲᠡᠮᠦᠷ ᠭᠤᠷᠪᠠᠨ ᠸᠠᠩ ᠭᠦᠩ ᠠᠴᠠ ᠠᠶᠠᠷᠯᠠᠨ ᠰᠠᠯᠵᠣ᠂ ᠦᠪᠡᠷ ᠤᠨ ᠨᠣᠳᠤᠭ ᠣᠰᠣ ᠠᠷᠠᠳ ᠢᠷᠭᠡᠳ ᠢᠶᠠᠨ ᠲᠦᠪᠬᠢᠨᠡᠭᠦᠯᠬᠦ ᠪᠠᠷ ᠶᠠᠪᠣᠵᠠᠢ᠃ ᠲᠡᠷᠡ ᠵᠠᠷᠯᠢᠭ ᠨᠡᠶᠢᠳᠡᠯᠡᠨ ᠺᠧᠱ ᠠᠴᠠ ᠵᠧᠬᠤᠨ ᠭᠤᠣᠯ ᠬᠦᠷᠳᠡᠯᠡᠬᠢ ᠭᠠᠵᠠᠷ ᠠᠴᠠ ᠴᠡᠷᠢᠭ ᠮᠣᠷᠢ ᠡᠯᠰᠡᠨ᠂ ᠣᠳᠠᠯ ᠦᠭᠡᠢ ᠨᠢᠭᠡ ᠮᠠᠰᠢ ᠲᠣᠮᠣ ᠴᠡᠷᠢᠭ ᠠᠩᠬᠢ ᠪᠦᠷᠢᠯᠳᠦᠭᠦᠯᠦᠨ᠂ ᠡᠮᠢᠷ ᠶᠠᠰᠣᠷᠢ ᠲᠠᠢ ᠬᠠᠮᠳᠣ ᠨᠡᠶᠢᠯᠡᠨ ᠮᠣᠷᠳᠠᠪᠠ᠃ ᠡᠨᠡ ᠦᠶ᠎ᠡ ᠪᠠᠷ ᠴᠠᠭᠠᠳᠠᠢ ᠶᠢᠨ ᠣᠯᠠᠨ ᠸᠠᠩ ᠭᠦᠩ ᠨᠡᠷ ᠤᠨ ᠲᠣᠲᠣᠷ᠎ᠠ ᠵᠦᠷᠢᠴᠡᠯ ᠡᠭᠦᠰᠴᠦ᠂ ᠲᠡᠳᠡᠨᠡᠷ ᠮᠠᠸᠧᠢᠷᠠᠨᠨᠠᠷ ᠠᠴᠠ ᠴᠡᠷᠭ ᠮᠣᠷᠢ ᠪᠠᠨ ᠲᠠᠲᠠᠵᠣ ᠲᠣᠬᠤᠯᠭ᠎ᠠ ᠲᠡᠮᠦᠷ ᠬᠠᠭᠠᠨ ᠤ ᠪᠠᠭᠤᠴᠠ ᠵᠦᠭ ᠶᠠᠪᠣᠵᠠᠭᠠᠵᠣ ᠪᠠᠶᠢᠵᠠᠢ᠃ ᠡᠭᠦᠨ ᠤ ᠲᠠᠷᠠᠭ᠎ᠠ ᠪᠠᠷ ᠪᠠᠶᠠᠵᠢᠳ᠋ · ᠵᠠᠯᠠᠶᠢᠷ ᠴᠡᠷᠢᠭ ᠮᠣᠷᠢ ᠪᠠᠨ ᠲᠠᠭᠠᠭᠤᠯᠣᠨ ᠢᠷᠡᠵᠦ ᠡᠮᠢᠷ ᠲᠡᠮᠦᠷ ᠪᠠ ᠡᠮᠢᠷ ᠾᠢᠵᠠᠷ · ᠶᠠᠰᠣᠷᠢ③ ᠲᠠᠢ ᠨᠡᠶᠢᠯᠡᠪᠡ᠃ᠲᠣᠰ ᠪᠦᠯᠦᠭ ᠤᠨ ᠲᠠᠶᠢᠯᠪᠣᠷᠢ① ᠡᠮᠢᠷ ᠲᠡᠮᠦᠷ ᠲᠠᠷᠣᠢ ᠪᠠᠷᠣᠯᠠᠰ · ᠲᠡᠮᠦᠷ ᠢ ᠪᠠᠰᠠ ᠲᠣᠭᠤᠯᠠᠩ ᠲᠠᠮᠦᠷ ᠭᠡᠳᠡᠭ᠂ ᠪᠠᠰᠠ ᠰᠠᠬᠢᠪᠢ ᠺᠢᠷᠠᠨ ︵Sahib-i-kiran︶ ᠭᠡᠳᠡᠭ,sahib -i- kiran ᠭᠡᠳᠡᠭ ᠨᠢ ᠣᠳᠬᠠᠴᠢᠯᠠᠨ ᠣᠷᠴᠢᠭᠤᠯᠪᠠᠯ ᠦᠯᠵᠡᠶᠢᠲᠦ ᠡᠵᠡᠨ ᠭᠡᠳᠡᠭ ᠦᠭᠡ ᠪᠣᠯᠣᠨ᠎ᠠ᠃ ᠲᠠᠷᠣᠢ ᠬᠡᠶᠢᠮᠣᠷᠢ ᠨᠢ ᠮᠠᠨᠳᠣᠭᠰᠠᠨ ᠬᠡᠰᠢᠭ ᠪᠣᠶᠠᠨ ᠦᠷᠬᠦᠯᠵᠢᠯᠡᠭᠰᠡᠨ ᠡᠵᠡᠨ ᠭᠡᠳᠡᠭ ᠶᠣᠮ᠃ ᠡᠭᠦᠨ ᠠᠴᠠ ᠣᠯᠪᠠᠭᠠᠯᠠᠨ ᠮᠠᠰᠢ ᠣᠯᠠᠨ ᠬᠦᠨᠳᠦᠳᠭᠡᠯ ᠴᠣᠯᠠ ᠪᠣᠢ ᠪᠣᠯᠵᠠᠢ᠃ ᠣᠨᠴᠠᠭᠠᠶᠢᠯᠠᠨ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠨᠣᠮ ᠳᠤ ᠲᠡᠭᠦᠨ ᠢ ᠪᠦᠷ ᠰᠠᠬᠢᠪᠢ ᠺᠢᠷᠠᠨ ᠭᠡᠳᠡᠭ ᠪᠣᠶᠣ ᠪᠠᠰᠠ ᠲᠡᠭᠡᠷ᠎ᠡ ᠨᠢ ᠪᠣᠰᠣᠳ ᠬᠤᠯᠪᠣᠭᠳᠠᠯ ᠪᠦᠬᠦᠢ ᠬᠦᠨᠳᠦᠳᠭᠡᠯ ᠦᠭᠡ ᠨᠡᠮᠡᠵᠦ ᠴᠣᠯᠠᠯᠠᠳᠠᠭ ᠪᠠᠶᠢᠵᠠᠢ᠃ ᠡᠨᠡ ᠨᠢ ᠶᠠᠭ ᠬᠢᠳᠠᠳ ᠲᠡᠣᠬᠡᠨ ᠲᠡᠭᠡᠷᠡᠬᠢ ᠡᠵᠡᠳ ᠬᠠᠭᠠᠳ ᠢᠶᠠᠨ ᠦᠬᠦᠭᠰᠡᠨ ᠤ ᠰᠡᠬᠦᠯᠡᠷ ᠴᠣᠯᠠᠯᠠᠳᠠᠭ ᠬᠦᠨᠳᠦᠳᠭᠡᠯ ᠴᠣᠯᠠ ᠲᠠᠢ ᠠᠳᠠᠯᠢᠪᠳᠣᠷ ᠶᠣᠮ᠂ ᠭᠡᠶ᠎ᠡ ᠠᠳᠠᠯᠢ ᠦᠭᠡᠢ ᠲᠠᠯ᠎ᠠ ᠨᠢ ᠲᠡᠮᠦᠷ ᠪᠣᠯ ᠮᠦᠨᠴᠦ ᠾᠦᠩᠨᠦ ᠮᠣᠩᠭᠤᠯ ᠬᠠᠭᠠᠳ ᠲᠠᠢ ᠨᠢᠭᠡᠨ ᠠᠳᠠᠯᠢ ᠪᠠᠷ ᠠᠮᠢᠳᠣ ᠰᠡᠷᠡᠭᠦᠨ ᠪᠠᠶᠢᠭ᠎ᠠ ᠦᠶ᠎ᠡ ᠳᠡᠭᠡᠨ᠂ ᠲᠡᠭᠦᠨ ᠤ ᠭᠠᠪᠢᠶ᠎ᠠ ᠵᠢᠳᠬᠦᠯ ᠪᠠ ᠢᠷᠡᠭᠤ ᠠᠯᠳᠠᠷ  ᠲᠠᠢ ᠮᠠᠰᠢ ᠲᠣᠬᠢᠷᠠᠭᠰᠠᠨ ᠬᠦᠨᠳᠦᠳᠭᠡᠯ ᠴᠣᠯᠠ ᠲᠠᠢ ᠪᠠᠶᠢᠵᠠᠢ᠃ ᠭᠡᠪᠡᠴᠦ ᠲᠡᠷᠡ ᠪᠦᠬᠦᠨ ᠢ ᠣᠯᠠᠨ ᠦᠬᠦᠯᠡᠬᠦ ᠦᠭᠡᠢ᠂ ᠠᠳᠡ ᠵᠦᠪᠬᠡᠨ ᠲᠡᠭᠦᠨ ᠢ ᠡᠮᠢᠷ ᠲᠡᠮᠦᠷ ᠭᠡᠵᠦ ᠨᠡᠷᠡᠶᠢᠳᠦᠵᠦ ᠪᠠᠶᠢᠭ᠎ᠠ ᠰᠢᠯᠳᠠᠭᠠᠨ ᠢ ᠲᠣᠲᠣᠷᠬᠠᠶᠢᠯᠠᠶ᠎ᠠ᠄ ᠲᠡᠮᠦᠷ ᠭᠡᠳᠡᠭ ᠨᠡᠷ᠎ᠡ ᠲᠣᠬᠠᠢ ᠶᠢᠨ ᠦᠶ᠎ᠡ ᠶᠢᠨ ᠲᠣᠮᠳᠠᠳᠣ ᠠᠽᠢ ᠳᠤ ᠪᠣᠯ ᠨᠢᠭᠡᠨ ᠣᠯᠠᠨ ᠲᠦᠮᠡᠨᠴᠢ᠂ ᠲᠦᠭᠡᠮᠡᠯᠵᠢᠭᠰᠡᠨ ᠨᠡᠷ᠎ᠡ ᠪᠣᠯᠣᠭᠠᠳ ᠪᠠᠶᠢᠵᠠᠢ᠃ ᠡᠶᠢᠮᠦ ᠠᠴᠠ ᠪᠣᠰᠣᠳ ᠬᠦᠮᠦᠰ ᠲᠠᠢ ᠢᠯᠭᠠᠬᠤ ᠶᠢᠨ ᠲᠣᠰᠠᠳᠠ ᠠᠳᠡ ᠪᠦᠷ ᠡᠮᠢᠷ ᠲᠡᠮᠦᠷ ᠭᠡᠵᠦ ᠨᠡᠷᠡᠶᠢᠳᠦᠪᠡ᠃ ᠨᠦᠬᠦᠭᠡ ᠲᠠᠯ᠎ᠠ ᠪᠠᠷ ᠡᠮᠢᠷ ᠲᠡᠮᠦᠷ ᠭᠡᠬᠦ ᠰᠢᠯᠳᠠᠭᠠᠨ ᠨᠢ ᠲᠡᠮᠦᠷ ᠬᠡᠳᠦᠶᠢᠪᠡᠷ ᠠᠽᠢ ᠧᠦ᠋ᠷᠣᠫᠠ ᠶᠢ ᠲᠠᠮᠨᠠᠭᠰᠠᠨ ᠯᠣᠳᠣ ᠲᠣᠮᠣ ᠬᠠᠭᠠᠨᠳᠣ ᠣᠯᠣᠰ ᠢ ᠪᠠᠶᠢᠭᠤᠯᠣᠨ᠂ ᠬᠡᠮᠵᠢᠶᠡᠯᠡᠰᠢ ᠦᠭᠡᠢ ᠶᠡᠭᠡ ᠡᠷᠬᠡ ᠮᠡᠳᠡᠯ ᠤᠨ ᠣᠷᠭᠢᠯ ᠳᠤ ᠬᠦᠷᠦᠭᠰᠡᠨ ᠬᠦᠮᠦᠨ ᠪᠣᠯᠪᠠᠴᠣ᠂ ᠲᠡᠷᠡ ᠠᠶᠣᠮᠰᠢᠭ ᠦᠭᠡᠢ ᠬᠠᠭᠠᠨ ᠰᠢᠷᠡᠭᠡᠨ ᠳᠤ ᠢᠯᠠ ᠪᠠᠷ ᠰᠠᠭᠤᠵᠣ ᠪᠠᠶᠢᠭᠰᠠᠨ ᠣᠳᠠᠭ᠎ᠠ ᠦᠭᠡᠢ᠃ ᠣᠴᠢᠷ ᠨᠢ ᠲᠣᠬᠠᠢ ᠶᠢᠨ ᠦᠶ᠎ᠡ ᠶᠢᠨ ᠲᠣᠮᠳᠠᠳᠣ ᠠᠽᠢ ᠶᠢᠨ ᠡᠯ᠎ᠡ ᠠᠶᠢᠮᠠᠭ ᠪᠦᠯᠦᠭ ᠠᠷᠠᠳ ᠢᠷᠭᠡᠳ ᠲᠤ ᠬᠦᠷᠳᠡᠯ᠎ᠡ᠂ ᠣᠨᠴᠠᠭᠠᠶᠢᠯᠠᠨ ᠢᠵᠠᠭᠤᠷᠳᠠᠨ ᠨᠡᠷ ᠲᠤ ᠴᠢᠩᠬᠢᠰ ᠬᠠᠭᠠᠨ ᠤ ᠬᠤᠶᠢᠴᠢᠰ ᠠᠴᠠ ᠪᠣᠰᠣᠳ ᠬᠦᠮᠦᠨ ᠬᠠᠭᠠᠨ ᠰᠢᠷᠡᠭᠡᠨ ᠳᠤ ᠵᠠᠯᠠᠷᠠᠵᠣ᠂ ᠬᠠᠭᠠᠨ ᠡᠷᠬᠡ ᠡᠳ᠋ᠯᠡᠵᠦ ᠪᠣᠯᠳᠠᠭ ᠦᠭᠡᠢ ᠬᠠᠳᠠᠭᠤ ᠴᠢᠩᠭ᠎ᠠ ᠲᠠᠳᠬᠠᠯ ᠵᠣᠷᠰᠢᠯ ᠲᠠᠢ ᠪᠠᠶᠢᠵᠠᠢ᠃ ᠡᠶᠢᠮᠦ ᠠᠴᠠ ᠠᠳᠡ ᠡᠮᠢᠷ ᠭᠡᠪᠡᠯ ᠨᠢᠭᠡ ᠡᠷᠬᠡᠳᠡᠨ ᠳᠦᠰᠢᠮᠡᠯ ᠤᠨ ᠶᠡᠷᠦ ᠶᠢᠨ ᠵᠡᠷᠭᠡ ᠴᠣᠯᠠ ᠲᠡᠳᠦᠢ ᠯᠠ ᠶᠣᠮ — ᠮᠣᠩᠭᠤᠯᠴᠢᠯᠠᠭᠴᠢ ᠠᠴᠠ᠃② ᠬᠠᠷᠠᠴᠠᠷ ᠪᠣᠯ ᠪᠠᠷᠣᠯᠠᠰ ᠣᠪᠣᠭ ᠲᠠᠢ᠂ ᠲᠡᠮᠦᠷ ᠤᠨ ᠲᠡᠭᠡᠳᠦᠰ ᠪᠣᠯᠣᠨ᠎ᠠ᠃ ᠬᠠᠷᠠᠴᠠᠷ ᠪᠣᠯ ᠮᠦᠨᠴᠦ ᠴᠢᠩᠬᠢᠰ ᠬᠠᠭᠠᠨ ᠤ ᠨᠢᠭᠡ ᠮᠢᠩᠭᠠᠨ ᠤ ᠨᠣᠶᠠᠨ ᠪᠢᠯᠡ᠃ ᠮᠣᠩᠭᠤᠯ ᠣᠯᠣᠰ ᠲᠤ ᠬᠡᠪᠯᠡᠭᠳᠡᠭᠰᠡᠨ ︽ᠮᠣᠩᠭᠤᠯ ᠤᠨ ᠨᠢᠭᠤᠴᠠ ᠲᠣᠪᠴᠢᠶᠠᠨ︾ ᠳᠤ ᠬᠠᠷᠠᠴᠠᠷ ᠢ ᠴᠢᠩᠬᠢᠰ ᠬᠠᠭᠠᠨ ᠤ ᠶᠢᠷᠡᠨ ᠲᠠᠪᠣᠨ ᠮᠢᠩᠭᠠᠨ ᠤ ᠨᠣᠶᠠᠨ ᠤ ᠬᠤᠷᠢᠨ ᠶᠢᠰᠦᠳᠦᠭᠡᠷ  ᠲᠤ ᠵᠢᠬᠰᠠᠭᠠᠵᠣ ᠪᠠᠶᠢᠨ᠎ᠠ᠃ ᠷᠠᠰᠢᠳ᠋ ᠤᠨ ᠵᠣᠬᠢᠶᠠᠭᠰᠠᠨ ︽ᠰᠣᠳᠣᠷ ᠤᠨ ᠴᠢᠭᠤᠯᠭᠠᠨ︾ ᠳᠤ ᠬᠡᠯᠡᠭᠰᠡᠨ ᠢᠶᠠᠷ ᠴᠢᠩᠬᠢᠰ ᠬᠠᠭᠠᠨ ᠠᠴᠠ ᠬᠤᠶᠠᠳᠣᠭᠠᠷ ᠬᠦᠪᠡᠭᠦᠨ ᠴᠠᠭᠠᠳᠠᠢ ᠳᠤ ᠬᠤᠪᠢᠳᠠᠵᠣ ᠦᠭᠭᠦᠭᠰᠡᠨ ᠲᠦᠷᠪᠡᠨ ᠮᠢᠩᠭᠠᠨ ᠳᠣᠳᠣᠷ᠎ᠠ ᠪᠠᠷᠣᠯᠠᠳᠠᠢ ᠬᠠᠷᠠᠴᠠᠷ ᠤᠨ ᠮᠢᠩᠭᠠᠨ ᠲᠡᠷᠢᠭᠦᠨ ᠳᠤ ᠵᠢᠬᠰᠠᠭᠠᠭᠳᠠᠵᠣ ᠪᠠᠶᠢᠨ᠎ᠠ᠃ ᠡᠭᠦᠨ ᠠᠴᠠ ᠦᠵᠡᠬᠦᠯ᠎ᠡ ᠪᠠᠷᠣᠯᠠᠰ ᠠᠶᠢᠮᠠᠭ ᠲᠡᠭᠦᠨ ᠤ ᠮᠢᠩᠭᠠᠨ ᠤ ᠨᠣᠶᠠᠨ ᠬᠠᠷᠠᠴᠠᠷ ᠤᠨ ᠬᠠᠮᠳᠣ ᠴᠠᠭᠠᠳᠠᠢ ᠶᠢᠨ ᠦᠮᠴᠢ ᠢᠷᠭᠡᠳ ᠪᠣᠯᠵᠣ ᠠᠯᠢ ᠡᠷᠳᠡ ᠲᠣᠮᠳᠠᠳᠣ ᠠᠽᠢ ᠳᠤ ᠣᠴᠢᠭᠰᠠᠨ ᠠᠵᠠᠢ᠃ ᠡᠶᠢᠮᠦ ᠠᠴᠠ ᠪᠠᠷᠣᠯᠠᠳᠠᠢ ᠬᠠᠷᠠᠴᠠᠷ ᠤᠨ ᠬᠤᠪᠢᠳᠠᠵᠣ ᠣᠯᠣᠭᠰᠠᠨ ᠦᠶ᠎ᠡ ᠣᠯᠠᠷᠢᠨ ᠵᠠᠯᠭᠠᠮᠵᠢᠯᠠᠬᠤ ᠡᠷᠬᠡ ᠪᠦᠬᠦᠢ ᠡᠷᠭᠦᠮᠵᠢᠯᠡᠯᠳᠦ ᠨᠣᠳᠤᠭ ᠨᠢ ᠺᠧᠱ ᠪᠠ ᠲᠡᠭᠦᠨ ᠤ ᠬᠠᠷᠢᠶᠠᠳᠣ ᠨᠣᠳᠤᠭ ᠪᠣᠯᠬᠤ ᠠᠵᠠᠢ᠃ ᠡᠮᠢᠷ ᠲᠡᠮᠦᠷ ᠢ ᠡᠮᠢᠷ ᠬᠠᠷᠠᠴᠠᠷ ᠤᠨ ᠣᠣᠯ ᠡᠷᠭᠦᠮᠵᠢᠯᠡᠯᠳᠦ ᠨᠣᠳᠤᠭ ᠤᠨ ᠵᠠᠬᠢᠷᠣᠭᠴᠢ ᠪᠣᠯᠭᠠᠪᠠ ᠭᠡᠳᠡᠭ ᠨᠢ ᠲᠠᠷᠣᠢ ᠲᠡᠭᠦᠨ ᠤ ᠠᠪᠠᠭ᠎ᠠ ᠬᠠᠵᠢ · ᠪᠠᠷᠣᠯᠠᠰ ᠳᠣᠳᠠᠭᠠᠨ ᠶᠠᠪᠣᠭᠰᠠᠨ ᠪᠣᠯᠬᠤᠷ᠂ ᠡᠮᠢᠷ ᠲᠡᠮᠦᠷ ᠢᠶᠠᠷ ᠲᠡᠭᠦᠨ ᠤ ᠠᠪᠠᠭ᠎ᠠ ᠶᠢ ᠣᠷᠣᠯᠠᠨ ᠡᠨᠡ ᠨᠣᠳᠤᠭ ᠲᠤ ᠡᠵᠡᠨ ᠪᠣᠯᠭᠠᠪᠠ ᠭᠡᠳᠡᠭ ᠣᠳᠬ᠎ᠠ ᠲᠠᠢ ᠦᠭᠡ ᠶᠣᠮ — ᠮᠣᠩᠭᠤᠯᠴᠢᠯᠠᠭᠴᠢ ᠠᠴᠠ᠃③ ᠡᠮᠢᠷ ᠶᠠᠰᠣᠷᠢ ᠪᠠ ᠡᠮᠢᠷ · ᠾᠢᠵᠠᠷ · ᠶᠠᠰᠣᠷᠢ ︵Kgijar yasori Amir︶ ᠨᠢ ᠨᠢᠭᠡᠯ᠎ᠡ ᠬᠦᠮᠦᠨ ᠪᠣᠯᠣᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号