ᠲᠣᠬᠤᠯᠭ᠎ᠠ ᠲᠡᠮᠦᠷ ᠬᠠᠭᠠᠨ ᠬᠤᠶᠠᠳᠣᠭᠠᠷ ᠣᠳᠠᠭ᠎ᠠ ᠮᠠᠸᠧᠢᠷᠠᠨᠨᠠᠷ ᠢ ᠲᠣᠪᠳᠣᠯᠣᠭᠰᠠᠨ ᠨᠢ
ᠨᠡᠶᠢᠲᠡᠯᠡᠭᠰᠡᠨ ᠴᠠᠭ᠄
2020/3/13
ᠵᠢᠷᠭᠤᠳᠣᠭᠠᠷ ᠪᠦᠯᠦᠭ ᠲᠣᠬᠤᠯᠭ᠎ᠠ ᠲᠡᠮᠦᠷ ᠬᠠᠭᠠᠨ ᠦᠪᠡᠷ ᠤᠨ ᠮᠠᠸᠧᠢᠷᠠᠨᠠᠷ ᠤᠨ ᠵᠠᠰᠠᠭ ᠤᠨ ᠡᠷᠬᠡ ᠶᠢ ᠲᠠᠬᠢᠨ ᠡᠵᠡᠮᠰᠢᠶ᠎ᠡ ᠭᠡᠰᠡᠨ ᠪᠣᠳᠣᠯ  ᠢᠶᠠᠨ ᠲᠠᠷᠣᠵᠣ ᠶᠠᠳᠠᠬᠤ ᠪᠣᠯᠣᠭᠰᠠᠨ ᠦᠶᠡᠰ ᠲᠤ᠂ ᠲᠡᠷᠡ ᠨᠢᠭᠡ ᠰᠠᠯᠠᠭ᠎ᠠ ᠲᠤᠭ᠎ᠠ ᠲᠣᠮᠰᠢ ᠦᠭᠡᠢ ᠣᠯᠠᠨ ᠴᠡᠷᠢᠭ ᠮᠣᠷᠢ ᠬᠦᠳᠡᠯᠭᠡᠨ᠂ ᠾᠢᠵᠢᠷ ᠲᠣᠭᠠᠯᠠᠯ ᠤᠨ 762 ᠣᠨ ︵ᠨᠡᠶᠢᠳᠡ ᠶᠢᠨ ᠣᠨ ᠲᠣᠭᠠᠯᠠᠯ ᠤᠨ1361 ᠣᠨ︶ ᠤ ᠵᠣᠮᠳᠠ ᠠᠯ ᠠᠸᠠᠶᠢᠯ ᠰᠠᠷ᠎ᠠ᠂ ᠲᠠᠷᠣᠢ ᠲᠠᠲ᠋ᠠᠷ ᠲᠣᠭᠠᠯᠠᠯ ᠤᠨ ᠦᠬᠡᠷ ᠵᠢᠯ ᠳᠤ ᠶᠡᠭᠡ ᠴᠡᠷᠢᠭ ᠢᠶᠠᠨ ᠲᠠᠶᠢᠴᠢᠯᠠᠨ ᠭᠠᠷᠪᠠ᠃ ᠲᠡᠭᠦᠨ ᠢ ᠬᠤᠵᠠᠨᠲ ᠬᠦᠷᠬᠦ ᠦᠶ᠎ᠡ ᠳᠤ ᠡᠮᠢᠷ ᠪᠠᠶᠠᠵᠢᠳ᠋ · ᠵᠠᠯᠠᠶᠢᠷ ᠲᠠᠬᠢᠨ ᠲᠡᠭᠦᠨ ᠳᠤ ᠬᠦᠴᠦᠨ ᠵᠢᠳᠭᠦᠷ᠎ᠡ ᠬᠦᠷᠦᠯᠴᠡᠨ ᠢᠷᠡᠪᠡ᠃ ᠡᠮᠢᠷ ᠪᠠᠶᠠᠨ · ᠰᠦᠯᠳᠦᠰ ᠴᠦ ᠠᠯᠣᠰ ᠬᠤᠯᠠ ᠰᠠᠮᠠᠷᠺᠠᠨᠳ᠋ ᠲᠤ ᠢᠷᠡᠵᠦ ᠲᠡᠭᠦᠨ  ᠢ ᠣᠭᠳᠣᠨ ᠳᠦᠰᠢᠮᠡᠯ ᠪᠣᠯᠬᠤ ᠪᠠᠨ ᠢᠯᠡᠳᠭᠡᠵᠡᠢ᠃ ᠡᠮᠢᠷ ᠬᠠᠵᠢ · ᠪᠠᠷᠣᠯᠠᠰ ᠬᠡᠳᠦᠶᠢᠪᠡᠷ ᠲᠣᠬᠤᠯᠭ᠎ᠠ ᠲᠡᠮᠦᠷ ᠬᠠᠭᠠᠨ ᠲᠡᠷᠢᠭᠦᠨ ᠣᠳᠠᠭ᠎ᠠ ᠮᠠᠸᠧᠢᠷᠠᠨᠨᠠᠷ ᠢ ᠲᠠᠶᠢᠯᠠᠬᠤ ᠦᠶᠡᠰ ᠲᠤ ᠲᠡᠭᠦᠨ ᠢ ᠡᠰᠡᠷᠭᠦᠴᠡᠨ ᠲᠣᠳᠠᠭᠠᠭᠰᠠᠨ ᠪᠣᠯᠪᠠᠴᠣ ᠂ ᠡᠨᠡ ᠣᠳᠠᠭ᠎ᠠ ᠬᠠᠷᠢᠨ ᠶᠠᠭᠤ ᠶᠢ ᠴᠦ ᠦᠯᠦ ᠬᠠᠮᠢᠶᠠᠷᠬᠤ ᠣᠪᠣᠷ ᠢᠶᠠᠷ ᠬᠦᠴᠦᠯᠴᠡᠨ ᠢᠷᠡᠵᠦ ᠲᠣᠬᠤᠯᠭ᠎ᠠ ᠲᠡᠮᠦᠷ ᠬᠠᠭᠠᠨ ᠳᠤ ᠲᠠᠭᠠᠪᠠ᠃ ᠡᠨᠡ ᠦᠶ᠎ᠡ ᠳᠤ ᠬᠠᠭᠠᠨ ᠵᠠᠷᠯᠢᠭ ᠭᠠᠷᠭᠠᠨ ᠪᠠᠶᠠᠵᠢᠳ᠋ · ᠵᠠᠯᠠᠶᠢᠷ ᠢ ᠪᠠᠷᠢᠪᠴᠢᠯᠠᠨ ᠠᠪᠴᠣ ᠠᠯᠠᠵᠣ ᠣᠷᠬᠢᠵᠠᠢ᠃ ᠡᠮᠢᠷ ᠬᠠᠵᠢ · ᠪᠠᠷᠣᠯᠠᠰ ᠴᠦ ᠠᠳᠠᠯᠢ ᠣᠴᠠᠷᠠᠯ ᠲᠣᠬᠢᠶᠠᠬᠤ ᠠᠴᠠ ᠠᠶᠣᠵᠣ ᠲᠣᠳᠠᠭᠠᠨ ᠭᠠᠷᠴᠣ ᠺᠧᠱ ᠲᠠᠭᠠᠨ ᠪᠣᠷᠣᠭᠤᠯᠠᠨ ᠬᠦᠷᠪᠡ᠃ ᠲᠡᠷᠡ ᠲᠣᠰ ᠠᠶᠢᠮᠠᠭ ᠠᠴᠠ ᠪᠠᠨ ᠬᠡᠳᠦᠨ ᠬᠦᠮᠦᠨ ᠰᠣᠩᠭᠤᠨ ᠲᠠᠭᠠᠭᠤᠯᠵᠣ᠂ ᠵᠧᠬᠤᠨ ᠭᠤᠣᠯ ᠢ ᠭᠠᠳᠣᠯᠠᠪᠠ᠃ ᠭᠡᠪᠡᠴᠦ ᠴᠠᠭᠠᠳᠠᠢ ᠶᠢᠨ ᠨᠡᠬᠡᠮᠵᠢᠯᠡᠬᠦ ᠴᠡᠷᠢᠭ ᠪᠣᠯᠬᠤ ᠺᠠᠰᠮᠢᠷ ᠴᠡᠷᠢᠭ① ᠤᠨ ᠨᠡᠬᠡᠮᠵᠢᠯᠡᠨ ᠲᠠᠭᠠᠷᠢᠯᠳᠠ ᠲᠣᠣᠷ᠎ᠠ ᠲᠠᠭᠠᠭᠰᠠᠳ ᠵᠦᠬᠠᠮ · ᠪᠠᠷᠣᠯᠠᠰ ᠢᠶᠠᠨ ᠠᠯᠠᠭᠤᠯᠵᠣ᠂ ᠡᠮᠢᠷ ᠬᠠᠵᠢ ᠬᠤᠷᠣᠽᠠᠨ  ᠳᠤ ᠣᠬᠤᠷᠢᠨ ᠶᠠᠪᠣᠪᠠ᠃ ᠲᠡᠷᠡ ᠰᠠᠪᠽᠸᠠᠷ ︵Sabzvar︶ ᠤᠨ ᠬᠠᠷᠢᠶᠠᠳᠣ ᠭᠠᠵᠠᠷ ᠪᠣᠯᠬᠤ ᠪᠣᠯᠣᠺ ᠵᠡᠭᠦᠨ ᠭᠡᠳᠡᠭ ᠨᠡᠷ᠎ᠡ ᠲᠠᠢ ᠭᠠᠵᠠᠷ ᠲᠤ ᠬᠦᠷᠦᠭᠡᠳ ᠬᠤᠷᠣᠱᠠ ᠭᠡᠳᠡᠭ ᠲᠣᠰᠬᠤᠨ ᠳᠤ ᠣᠷᠣᠵᠣ ᠲᠡᠭᠦᠥ ᠢᠳᠡᠬᠦ ︵Idegu︶ ᠲᠠᠢ ᠪᠠᠨ ᠬᠠᠮᠳᠣ ᠪᠦᠷ ᠨᠣᠳᠤᠭ ᠤᠨ ᠲᠡᠭᠡᠷᠡᠮ ᠳᠤ ᠪᠠᠷᠢᠭᠳᠠᠨ ᠠᠯᠠᠭᠳᠠᠵᠠᠢ᠃ ᠬᠤᠵᠢᠮ ᠡᠮᠢᠷ ᠲᠡᠮᠦᠷ ᠬᠤᠷᠣᠽᠠᠨ  ᠢ ᠲᠠᠶᠢᠯᠠᠨ ᠲᠠᠭᠠᠭᠤᠯᠬᠤ ᠦᠶ᠎ᠡ ᠳᠤ ᠡᠳᠡᠭᠡᠷ ᠲᠡᠭᠡᠷᠡᠮ ᠤᠨ ᠲᠣᠲᠣᠷᠠᠬᠢ ᠵᠠᠷᠢᠮ ᠬᠦᠮᠦᠰ ᠢ ᠣᠯᠵᠣ ᠠᠯᠠᠨ ᠰᠢᠢᠳᠭᠡᠭᠰᠡᠨ ᠶᠣᠮ᠃ ᠡᠨᠡᠬᠦ ᠬᠡᠷᠡᠭ ᠶᠠᠮᠠᠷ ᠪᠠᠶᠢᠭᠰᠠᠨ ᠴᠦ ᠡᠮᠢᠷ ᠲᠡᠮᠦᠷ ᠲᠤ ᠠᠪᠴᠣ ᠬᠡᠯᠡᠪᠡᠯ ᠠᠪᠠᠭ᠎ᠠ ᠶᠢᠨ ᠢᠶᠠᠨ ᠦᠰᠢᠶ᠎ᠡ ᠶᠢ ᠠᠪᠴᠣ ᠦᠭᠭᠦᠭᠰᠡᠨ ᠬᠡᠷᠡᠭ ᠪᠣᠯᠵᠣ᠂ ᠲᠡᠭᠦᠨ ᠤ ᠰᠡᠳᠬᠢᠯ ᠢ ᠵᠢᠭᠠᠬᠠᠨ ᠲᠠᠶᠢᠪᠣᠰᠢᠷᠠᠭᠤᠯᠣᠭᠰᠠᠨ ᠶᠣᠮ᠃ ᠲᠡᠭᠡᠭᠡᠳ ᠡᠨᠡᠬᠦ ᠲᠣᠰᠬᠤᠨ ᠤ ᠠᠷᠠᠳ ᠢᠷᠭᠡᠳ ᠪᠦᠷ ᠡᠮᠢᠷ ᠬᠠᠵᠢ ᠶᠢᠨ ᠬᠤᠶᠢᠴᠢᠰ ᠤᠨ ᠢᠳᠡᠯᠬᠡᠨ ᠣᠷᠣᠨ ᠪᠣᠯᠵᠣ ᠡᠳᠦᠬᠡ ᠲᠠᠢ ᠵᠣᠯᠭᠠᠵᠠᠢ᠃ᠴᠠᠭᠠᠳᠠᠢ ᠬᠠᠭᠠᠨ ᠤ ᠣᠯᠠᠨ ᠡᠮᠢᠷ ᠲᠣᠲᠣᠷ᠎ᠠ ᠨᠢᠭᠡ ᠬᠠᠮᠢᠳ᠋ · ᠬᠤᠷᠯᠣᠭᠤᠳ ︵Kurlukut︶② ᠭᠡᠳᠡᠭ ᠬᠦᠮᠦᠨ ᠪᠠᠶᠢᠵᠣ᠂ ᠮᠡᠷᠭᠡᠨ ᠴᠡᠴᠡᠨ ᠶᠣᠰᠣ ᠵᠢᠷᠣᠮ ᠳᠤ ᠨᠡᠪᠳᠡᠷᠡᠭᠰᠡᠨ ᠢᠶᠠᠷ ᠠᠯᠳᠠᠷ ᠲᠠᠢ ᠶᠣᠮ᠃ ᠬᠠᠭᠠᠨ ᠤ ᠪᠣᠰᠣᠳ ᠡᠮᠢᠷ ᠲᠡᠭᠦᠨ ᠲᠠᠢ ᠲᠡᠩᠴᠡᠮᠡᠷ ᠬᠦᠮᠦᠨ ᠦᠭᠡᠷ᠎ᠡ ᠪᠠᠶᠢᠬᠤ ᠦᠭᠡᠢ᠃ ᠲᠡᠷᠡ ᠶᠠᠮᠠᠷᠴᠣ ᠬᠠᠷᠰᠢ ᠰᠠᠭᠠᠳ ᠦᠭᠡᠢ ᠪᠠᠷ ᠬᠠᠭᠠᠨ  ᠲᠠᠢ ᠠᠭᠤᠯᠵᠠᠵᠣ ᠪᠣᠯᠬᠤ ᠣᠨᠴᠠ ᠡᠷᠬᠡ ᠲᠠᠢ ᠪᠠᠶᠢᠪᠠ᠃ ᠲᠡᠭᠦᠨ ᠤ ᠭᠠᠷᠭᠠᠭᠰᠠᠨ ᠦᠨᠡᠨᠴᠢ ᠢᠳᠬᠠᠯ ᠶᠡᠷᠦᠳᠡᠭᠡᠨ ᠪᠦᠷ ᠬᠠᠭᠠᠨ ᠤ ᠰᠠᠶᠢᠰᠢᠶᠠᠯ ᠮᠠᠭᠳᠠᠭᠠᠯ ᠢ ᠣᠯᠳᠠᠭ ᠶᠣᠮ᠃ ᠡᠨᠡ ᠦᠶ᠎ᠡ ᠳᠤ ᠲᠡᠷᠡ ᠬᠠᠭᠠᠨ ᠤ ᠡᠮᠦᠨ᠎ᠡ ᠡᠮᠢᠷ ᠲᠡᠮᠦᠷ ᠤᠨ ᠰᠠᠶᠢᠨ ᠢ ᠲᠠᠬᠢᠨ ᠲᠠᠪᠳᠠᠨ ᠮᠠᠭᠳᠠᠨ ᠶᠠᠷᠢᠵᠣ᠂ ᠬᠠᠭᠠᠨ ᠳᠤ ᠡᠮᠢᠷ ᠲᠡᠮᠦᠷ ᠤᠨ ᠲᠡᠭᠡᠳᠦ ᠶᠢᠨ ᠡᠷᠭᠦᠮᠵᠢᠯᠡᠯᠳᠣ ᠨᠣᠳᠤᠭ ᠢ ᠲᠡᠭᠦᠨ ᠳᠤ ᠪᠣᠴᠠᠭᠠᠨ ᠦᠭᠬᠦ ᠶᠢ ᠵᠦᠪᠯᠡᠵᠡᠢ᠃ ᠬᠠᠭᠠᠨ ᠲᠡᠷᠡ ᠲᠣᠣᠷ᠎ᠠ ᠪᠠᠨ ᠵᠦᠪᠰᠢᠶᠡᠷᠡᠵᠦ᠂ ᠬᠦᠮᠦᠨ ᠲᠣᠮᠢᠯᠠᠨ ᠲᠡᠮᠦᠷ ᠢ ᠲᠠᠭᠤᠳᠠᠨ ᠢᠷᠡᠬᠦᠯᠵᠦ᠂ ᠡᠨᠡᠬᠦ ᠸᠠᠩ ᠭᠦᠩ ᠢ ᠬᠠᠯᠠᠭᠤᠨ ᠲᠣᠲᠣᠨᠣ  ᠪᠠᠷ ᠣᠭᠳᠣᠨ ᠵᠣᠴᠢᠯᠠᠪᠠ᠃ ᠲᠡᠭᠡᠭᠡᠳ ᠲᠡᠭᠦᠨ ᠢ ᠺᠧᠱ ᠤᠨ ᠲᠦᠮᠡᠨ③ ᠪᠠ ᠺᠧᠱ ᠲᠤ ᠬᠠᠷᠢᠶᠠᠯᠠᠭᠳᠠᠬᠤ ᠨᠣᠳᠤᠭ ᠣᠷᠣᠨ ᠤ ᠵᠠᠬᠢᠷᠣᠭᠴᠢ ᠪᠠᠷ ᠲᠣᠮᠢᠯᠠᠪᠠ᠃ᠲᠣᠰ ᠵᠢᠯ ᠤᠨ ᠡᠪᠦᠯ᠂ ᠲᠣᠬᠤᠯᠭ᠎ᠠ ᠲᠡᠮᠦᠷ ᠬᠠᠭᠠᠨ ᠵᠣᠷᠢᠭ ᠰᠢᠭᠤᠳᠣᠨ ᠡᠮᠢᠷ ᠬᠤᠰᠢᠨ④ ᠢ ᠲᠠᠶᠢᠯᠠᠬᠤ ᠪᠠᠷ ᠪᠣᠯᠵᠣ ᠴᠡᠷᠢᠭ ᠮᠣᠷᠳᠠᠨ ᠭᠠᠷᠪᠠ᠃ ᠡᠮᠢᠷ ᠬᠤᠰᠢᠨ ᠴᠦ ᠴᠡᠷᠢᠭ ᠲᠠᠶᠢᠴᠢᠯᠠᠨ ᠡᠰᠡᠷᠭᠦᠯᠡᠨ ᠪᠠᠶᠢᠯᠳᠣᠷ᠎ᠠ ᠭᠠᠷᠴᠣ᠂ ᠠᠯᠣᠰ ᠬᠤᠯᠠ ᠪᠠᠶᠢᠭ᠎ᠠ ᠸᠠᠬᠠᠱ ᠭᠤᠣᠯ ᠤᠨ ᠬᠦᠨᠳᠡᠢ ᠳᠤ ᠢᠷᠡᠵᠦ ᠬᠦᠷᠢᠶ᠎ᠡ ᠪᠠᠭᠤᠪᠠ᠃ ᠲᠣᠬᠤᠯᠭ᠎ᠠ ᠲᠡᠮᠦᠷ ᠬᠠᠭᠠᠨ ᠤ ᠴᠡᠷᠢᠭ ᠲᠡᠮᠦᠷ ᠬᠠᠭᠠᠯᠠᠭ᠎ᠠ⑤ ᠶᠢ ᠦᠩᠭᠡᠷᠡᠵᠦ ᠡᠮᠢᠷ ᠬᠤᠰᠢᠨ ᠤ ᠴᠡᠷᠢᠭ ᠤᠨ ᠬᠦᠷᠢᠶ᠎ᠡ ᠠᠴᠠ ᠣᠶᠢᠷᠬᠠᠨ ᠭᠠᠵᠠᠷ ᠲᠤ ᠢᠷᠡᠵᠦ ᠬᠤᠶᠠᠷ ᠴᠡᠷᠢᠭ ᠬᠠᠷᠢᠯᠴᠠᠨ ᠨᠢᠳᠣᠨ ᠪᠠᠷ᠎ᠠ ᠳᠤ ᠬᠠᠷᠠᠭᠳᠠᠬᠤ ᠬᠡᠮᠵᠢᠶᠡᠨ ᠳᠤ ᠬᠦᠷᠴᠦ᠂ ᠬᠠᠷᠬᠠᠨ ᠪᠠᠶᠢᠯᠳᠣᠵᠣ ᠠᠮᠵᠢᠭᠠᠳᠣᠢ ᠪᠠᠶᠢᠳᠠᠯ᠎ᠠ ᠺᠠᠲᠯᠠᠨ ᠤ ᠡᠮᠢᠷ ᠺᠠᠶᠢᠺᠦᠰᠷᠡᠥ⑥ ᠬᠤᠰᠢᠨ ᠠᠴᠠ ᠰᠠᠯᠵᠣ᠂ ᠲᠣᠬᠤᠯᠭ᠎ᠠ ᠲᠡᠮᠦᠷ ᠬᠠᠭᠠᠨ ᠳᠤ ᠳᠠᠭᠠᠷ᠎ᠠ ᠢᠷᠡᠪᠡ᠃ ᠢᠩᠬᠢᠭᠡᠳ ᠡᠮᠢᠷ ᠬᠤᠰᠢᠨ ᠤ ᠴᠡᠷᠢᠭ ᠰᠠᠮᠠᠭᠤᠷᠠᠯᠳᠣᠨ ᠡᠬᠢᠯᠡᠵᠦ᠂ ᠡᠮᠢᠷ ᠬᠤᠰᠢᠨ ᠪᠠᠶᠢᠳᠠᠯ ᠪᠢᠰᠢᠳᠡᠵᠦ ᠪᠠᠶᠢᠭ᠎ᠠ ᠶᠢ ᠮᠡᠳᠡᠵᠦ ᠪᠣᠷᠣᠭᠤᠯᠠᠨ ᠲᠣᠳᠠᠭᠠᠪᠠ᠃ ᠲᠣᠬᠤᠯᠭ᠎ᠠ ᠲᠡᠮᠦᠷ ᠬᠠᠭᠠᠨ ᠴᠡᠷᠢᠭ ᠢᠶᠠᠨ ᠲᠠᠭᠠᠭᠤᠯᠣᠨ ᠲᠡᠭᠦᠨ ᠤ ᠬᠤᠶᠢᠨ᠎ᠠ ᠠᠴᠠ ᠨᠡᠬᠡᠵᠦ ᠵᠧᠬᠤᠨ ᠭᠤᠣᠯ ᠢ ᠭᠠᠳᠣᠯᠣᠨ ᠺᠦᠨᠳᠦᠱ ᠲᠤ ᠬᠦᠷᠪᠡ᠃ ᠲᠡᠭᠦᠨ ᠤ ᠴᠡᠷᠢᠭ ᠠᠩᠬᠢ ᠪᠦᠬᠦ ᠣᠷᠣᠨ ᠢ ᠪᠣᠯᠢᠶᠠᠨ ᠲᠡᠭᠡᠷᠡᠮᠳᠡᠵᠦ ᠬᠤᠯᠠ ᠲᠠᠭᠠᠨ ᠬᠢᠨᠳᠦᠺᠦᠱ ᠠᠭᠤᠯᠠᠨ ᠳᠤ ᠬᠦᠷᠦᠭᠰᠡᠨ ᠶᠣᠮ᠃ ᠲᠡᠭᠡᠭᠡᠳ ᠲᠣᠰ ᠭᠠᠵᠠᠷ ᠲᠤ ᠴᠡᠷᠢᠭ ᠪᠠᠭᠤᠵᠣ᠂ ᠢᠷᠡᠬᠦ ᠵᠢᠯ ᠤᠨ ᠬᠠᠪᠣᠷ ᠵᠣᠨ ᠪᠣᠯᠳᠠᠯ᠎ᠠ ᠲᠡᠨᠳᠡ ᠰᠠᠭᠤᠵᠠᠢ᠃ᠲᠣᠰ ᠪᠦᠯᠦᠭ ᠤᠨ ᠲᠠᠶᠢᠯᠪᠣᠷᠢ① ᠣᠣᠯ ᠨᠣᠮ ᠤᠨ ᠣᠯᠠᠨ ᠵᠦᠢᠯ ᠤᠨ ᠭᠠᠷ ᠪᠢᠴᠢᠮᠡᠯ ᠤᠨ ᠡᠨᠡᠬᠦ ᠠᠭᠤᠯᠭ᠎ᠠ ᠶᠢ ᠦᠬᠦᠯᠯᠡᠭᠰᠡᠨ ᠬᠡᠰᠡᠭ ᠲᠣᠲᠣᠷ᠎ᠠ ᠪᠦᠷ ᠺᠠᠱᠮᠢᠷ ︵Kashmir︶ ᠴᠡᠷᠢᠭ ᠠᠩᠬᠢ ᠭᠡᠵᠦ ᠭᠠᠯᠢᠭᠴᠢᠯᠠᠭᠰᠠᠨ ᠨᠡᠷ᠎ᠡ ᠦᠭᠡ ᠲᠠᠭᠠᠯᠳᠣᠵᠣ ᠪᠠᠶᠢᠭ᠎ᠠ ᠶᠣᠮ ᠃ ᠡᠭᠦᠨ ᠠᠴᠠ ᠦᠵᠡᠬᠦᠯ᠎ᠡ ᠺᠠᠱᠮᠢᠷ ᠭᠡᠳᠡᠭ ᠨᠢ ᠭᠠᠯᠢᠭᠴᠢᠯᠠᠨ ᠪᠢᠴᠢᠭᠰᠡᠨ ᠠᠯᠳᠠᠭ᠎ᠠ ᠪᠢᠰᠢ ᠭᠡᠳᠡᠭ ᠨᠢ ᠢᠯᠡᠷᠡᠬᠡᠢ᠃ ᠲᠡᠭᠡᠪᠡᠯ ᠮᠣᠩᠭᠤᠯ ᠴᠡᠷᠢᠭ ᠲᠣᠲᠣᠷ᠎ᠠ ᠺᠠᠱᠮᠢᠷ ᠬᠦᠮᠦᠰ ᠢᠶᠠᠷ ᠪᠦᠷᠢᠯᠳᠦᠭᠰᠡᠨ ᠴᠡᠷᠢᠭ ᠠᠩᠬᠢ ᠪᠠᠶᠢᠭᠰᠠᠨ ᠭᠡᠳᠡᠭ ᠬᠡᠷᠡᠭ ᠪᠣᠯᠣᠨ᠎ᠠ᠃ ᠡᠨᠡ ᠨᠢ ᠮᠠᠰᠢ ᠣᠯᠠᠨ ᠰᠣᠳᠣᠯᠣᠭᠴᠢ ᠶᠢᠨ ᠠᠩᠬᠠᠷᠣᠯ ᠢ ᠲᠠᠳᠠᠪᠠ᠃ ᠲᠣᠬᠠᠢ ᠶᠢᠨ ᠦᠶ᠎ᠡ ᠳᠤ ᠺᠠᠱᠮᠢᠷᠴᠣᠳ ᠪᠣᠯ ᠢᠥᠢ ᠲᠢᠶᠠᠨ ᠬᠦᠮᠦᠰ ᠲᠠᠢ ᠠᠳᠠᠯᠢ ᠪᠦᠷ ᠪᠣᠷᠬᠠᠨ ᠰᠢᠳᠦᠭᠴᠢᠳ ᠪᠠᠶᠢᠪᠠ᠃ ᠡᠨᠡᠬᠦ ᠬᠠᠷᠢᠴᠠᠭ᠎ᠠ  ᠪᠠᠷ ᠲᠡᠳᠡ ᠮᠣᠩᠭᠤᠯᠴᠣᠳ ᠲᠠᠢ ᠬᠠᠮᠳᠣᠷᠠᠨ ᠨᠢᠭᠡᠨ ᠲᠠᠯ᠎ᠠ ᠳᠤ ᠪᠠᠭᠳᠠᠯᠴᠠᠨ ᠢᠰᠯᠠᠮᠴᠣᠳ ᠢ ᠡᠰᠡᠷᠭᠦᠴᠡᠵᠦ ᠪᠠᠶᠢᠭᠰᠠᠨ ᠠᠴᠠ ᠴᠦ ᠪᠣᠯᠣᠭᠰᠠᠨ ᠪᠣᠯᠪᠠᠥ ᠭᠡᠵᠦ ᠵᠠᠷᠢᠮ ᠬᠦᠮᠦᠨ ᠲᠠᠭᠠᠮᠠᠭᠯᠠᠯ ᠲᠡᠪᠰᠢᠭᠦᠯᠵᠦ ᠪᠠᠶᠢᠨ᠎ᠠ᠃ ᠡᠭᠦᠨ  ᠠᠴᠠ ᠡᠮᠦᠨᠡᠬᠢ ᠲᠡᠣᠬᠡᠨ ᠬᠡᠷᠡᠭ ᠶᠠᠪᠣᠳᠠᠯ ᠳᠤ ᠺᠠᠱᠮᠢᠷᠴᠣᠳ ᠮᠣᠩᠭᠤᠯ ᠲᠠᠢ ᠬᠠᠮᠳᠣᠷᠠᠨ ᠲᠠᠶᠢᠯᠠᠯᠳᠣᠵᠣ ᠪᠠᠶᠢᠪᠠ ᠭᠡᠳᠡᠭ ᠮᠡᠳᠡᠭᠡ ᠬᠠᠷᠬᠠᠨ ᠣᠯᠳᠠᠬᠤ ᠦᠭᠡᠢ ᠶᠣᠮ᠃ ᠡᠰᠡᠬᠦᠯ᠎ᠡ ᠡᠭᠦᠨ ᠠᠴᠠ ᠬᠤᠯᠠ ᠡᠷᠳᠡ ᠵᠠᠭᠤ ᠲᠠᠪᠢ ᠭᠠᠷᠣᠢ ᠵᠢᠯ ᠤᠨ ᠡᠮᠦᠨ᠎ᠡ ᠮᠣᠩᠭᠤᠯᠴᠣᠳ ᠺᠠᠱᠮᠢᠷ ᠲᠤ ᠲᠣᠪᠳᠣᠯᠣᠯᠳᠠ ᠬᠢᠭᠰᠡᠨ ᠲᠡᠣᠬᠡᠨ ᠮᠡᠳᠡᠭᠡ ᠪᠠᠶᠢᠨ᠎ᠠ᠃ ᠡᠶᠢᠮᠦ ᠠᠴᠠ ᠡᠳᠡᠭᠡᠷ ᠬᠦᠮᠦᠰ ᠪᠣᠯ ᠲᠣᠬᠠᠢ ᠶᠢᠨ ᠦᠶ᠎ᠡ ᠶᠢᠨ ᠣᠯᠵᠠᠯᠠᠭᠳᠠᠭᠰᠠᠨ ᠺᠠᠱᠮᠢᠷ ᠬᠦᠮᠦᠰ ᠤᠨ ᠬᠤᠶᠢᠴᠢᠰ ᠢᠶᠠᠷ ᠪᠦᠷᠢᠯᠳᠦᠭᠰᠡᠨ ᠴᠡᠷᠢᠭ ᠠᠩᠬᠢ ᠴᠦ ᠪᠠᠶᠢᠵᠣ ᠮᠡᠳᠡᠨ᠎ᠡ ᠭᠡᠵᠦ ᠳᠦᠰᠢᠭᠡᠯᠡᠵᠦ ᠪᠠᠶᠢᠭ᠎ᠠ ᠬᠦᠮᠦᠰ ᠴᠦ ᠪᠣᠢ᠃ ᠬᠡᠷᠪᠡ ᠡᠶᠢᠮᠦ ᠪᠣᠯ ᠠᠳᠡ ᠬᠡᠯᠡᠵᠦ ᠪᠠᠶᠢᠭ᠎ᠠ ᠺᠠᠱᠮᠢᠷ ᠬᠦᠮᠦᠰ ᠭᠡᠪᠡᠯ ᠵᠦᠪᠬᠡᠨ ᠨᠡᠷ᠎ᠡ ᠲᠡᠳᠦᠢ ᠪᠣᠯᠣᠭᠰᠠᠨ ᠺᠠᠱᠮᠢᠷ ᠬᠦᠮᠦᠰ ᠪᠣᠯᠬᠤ ᠮᠠᠭᠠᠳᠯᠠᠯ ᠲᠠᠢ ᠪᠣᠯᠣᠨ᠎ᠠ᠃② ᠬᠤᠷᠯᠣᠭᠤᠳ ︵Kurlukut︶ ᠭᠡᠳᠡᠭ ᠦᠭᠡ ᠴᠣᠬᠤᠮ ᠠᠶᠢᠮᠠᠭ ᠪᠦᠯᠦᠭ ᠤᠨ ᠨᠡᠷ᠎ᠡ ᠶᠣᠮ ᠦᠦ᠃ ᠡᠰᠡᠬᠦᠯ᠎ᠡ ᠣᠪᠣᠭ ᠣᠭᠰᠠᠭ᠎ᠠ ᠶᠢᠨ ᠨᠡᠷ᠎ᠡ ᠶᠣᠮ ᠦᠦ ᠭᠡᠳᠡᠭ ᠲᠤ ᠲᠣᠲᠣᠷᠬᠠᠢ ᠬᠠᠷᠢᠭᠤᠯᠳᠠ ᠦᠭᠡᠢ ᠪᠠᠶᠢᠭᠰᠠᠭᠠᠷ᠂ ᠭᠡᠪᠡᠴᠦ ᠣᠯᠠᠩᠬᠢ ᠬᠦᠮᠦᠰ ᠤᠨ ᠦᠵᠡᠬᠦ ᠪᠠᠷ ᠬᠤᠷᠯᠣᠭᠤᠳ ᠭᠡᠳᠡᠭ ᠪᠠᠷᠤᠭ ᠬᠠᠷᠯᠤᠭ ᠭᠡᠳᠡᠭ ᠦᠭᠡ ᠶᠢᠨ ᠣᠯᠠᠨ ᠲᠤᠭ᠎ᠠ ᠶᠢ ᠢᠯᠡᠳᠭᠡᠭᠰᠡᠨ ᠮᠣᠩᠭᠤᠯ ᠦᠭᠡ ᠪᠣᠯᠪᠠᠥ ᠭᠡᠳᠡᠭ ᠦᠵᠡᠯᠳᠡ ᠭᠤᠣᠯ ᠪᠠᠶᠢᠷᠢ ᠶᠢ ᠡᠵᠡᠯᠡᠵᠦ ᠪᠠᠶᠢᠨ᠎ᠠ᠃ ︵ᠮᠣᠩᠭᠤᠯᠴᠣᠳ ᠬᠠ ᠶᠢ ᠭᠠ ᠪᠣᠶᠣ ᠺᠠ ᠪᠠᠷ ᠠᠪᠢᠶᠠᠯᠠᠬᠤ ᠦᠵᠡᠭᠳᠡᠯ ᠪᠣᠯ ᠠᠯᠢ ᠡᠷᠳᠡᠨ ᠠᠴᠠ ᠪᠠᠶᠢᠵᠠᠢ᠃ ᠡᠶᠢᠮᠦ  ᠠᠴᠠ ᠮᠣᠩᠭᠤᠯ ᠬᠡᠯᠡᠨ ᠠᠴᠠ ᠬᠢᠳᠠᠳ ᠬᠡᠯᠡᠨ ᠳᠤ ᠲᠡᠮᠳᠡᠭᠯᠡᠭᠳᠡᠭᠰᠡᠨ ᠬᠠᠷᠯᠤᠭ ᠭᠡᠳᠡᠭ ᠦᠭᠡ ᠶᠢ ᠬᠢᠳᠠᠳ ᠢᠶᠠᠷ哈喇鲁᠂葛拉鲁 ᠭᠡᠵᠦ ᠣᠯᠠᠨ ᠶᠠᠩᠵᠣ ᠪᠠᠷ ᠪᠢᠴᠢᠬᠦ ᠦᠵᠡᠭᠳᠡᠯ ᠲᠣᠩ ᠣᠯᠠᠨ ᠲᠣᠬᠢᠶᠠᠯᠳᠣᠬᠤ ᠶᠣᠮ᠃ ᠬᠤᠷᠯᠣᠭᠤᠳ ᠤᠨ ᠬᠠᠷᠯᠣᠭᠤᠳ ᠪᠣᠯᠬᠤ ᠶᠢ ᠪᠠᠳᠣᠯᠠᠮᠠᠷ ᠨᠢᠭᠡᠨ ᠮᠡᠳᠡᠭᠡ ᠭᠡᠪᠡᠯ ᠪᠷᠧᠳ᠋ᠱᠨᠠᠶᠢᠳᠧᠷ ︵Бретшнейдер︶ ᠤᠨ ᠨᠣᠮ ︽ᠲᠦᠷᠺᠰᠲ᠋ᠠᠨ ᠤ ᠣᠯᠠᠨ ᠣᠪᠣᠭ ᠣᠭᠰᠠᠭ᠎ᠠ ᠶᠢᠨ ᠲᠣᠬᠠᠢ ᠲᠦᠢᠮᠦ︾ ᠭᠡᠳᠡᠭ ᠨᠣᠮ ︵ᠬᠤᠶᠠᠳᠣᠭᠠᠷ ᠪᠣᠳᠢ ᠶᠢᠨ39 —41 ᠳ᠋ᠣᠭᠡᠷ ᠨᠢᠭᠤᠷ︶ ᠳᠤ ᠬᠡᠯᠡᠭᠰᠡᠨ ᠢᠶᠠᠷ᠄ ᠣᠳᠣᠬᠢ ᠪᠠᠳᠠᠺᠱᠠᠨ ᠤ ᠣᠷᠴᠢᠨ ᠢᠶᠠᠷ ᠬᠠᠷᠯᠤᠭ ᠬᠦᠮᠦᠰ ᠤᠨ ᠠᠶᠢᠮᠠᠭ ᠪᠦᠯᠦᠭ ᠪᠠᠶᠢᠭ᠎ᠠ ᠶᠢ ᠢᠯᠡᠷᠡᠬᠦᠯᠵᠡᠢ᠂ ᠲᠡᠳᠡ ᠪᠦᠷ ᠲᠦᠷᠺ ᠬᠡᠯᠡ ᠪᠠᠷ ᠶᠠᠷᠯᠴᠠᠨ᠎ᠠ ᠭᠡᠵᠡᠢ — ᠮᠣᠩᠭᠤᠯᠴᠢᠯᠠᠭᠴᠢ ᠠᠴᠠ︶᠃③ ᠠᠳᠡ ᠬᠡᠯᠡᠵᠦ ᠪᠠᠶᠢᠭ᠎ᠠ ᠲᠦᠮᠡᠨ ᠭᠡᠳᠡᠭ ᠦᠭᠡ ᠪᠣᠯ ᠬᠡᠯᠡᠯᠬᠡᠨ ᠦᠭᠡᠢ ᠮᠣᠩᠭᠤᠯ ᠦᠭᠡ ᠪᠣᠯᠣᠨ᠎ᠠ᠃ ᠭᠡᠪᠡᠴᠦ ᠮᠣᠩᠭᠤᠯ ᠬᠡᠯᠡᠨ ᠤ ᠳᠠᠳᠬᠠᠯ ᠶᠣᠰᠣᠭᠠᠷ ᠲᠡᠭᠦᠨ ᠢ ᠲᠦᠮᠡᠨ ᠤ ᠨᠣᠶᠠᠨ ᠪᠣᠯᠭᠠᠪᠠ ᠭᠡᠳᠡᠭ ᠦᠭᠡ ᠪᠢᠰᠢ᠃ ᠲᠣᠬᠠᠢ  ᠶᠢᠨ ᠦᠶ᠎ᠡ ᠳᠤ ᠲᠣᠮᠳᠠᠳᠣ ᠠᠽᠢ ᠶᠢᠨ ᠵᠠᠷᠢᠮ ᠭᠠᠵᠠᠷ᠂ ᠣᠨᠴᠠᠭᠠᠶᠢᠯᠠᠨ ᠠᠹᠭᠠᠨᠢᠰᠲ᠋ᠠᠨ ᠢᠶᠠᠷ ᠲᠦᠮᠡᠨ ᠭᠡᠳᠡᠭ ᠨᠢ ᠠᠳᠡ ᠲᠡᠷᠣᠩᠭᠤᠶᠢᠯᠠᠨ ᠰᠠᠭᠤᠵᠣ ᠪᠠᠶᠢᠭ᠎ᠠ ᠴᠡᠷᠢᠭ ᠤᠨ ᠡᠷᠬᠡᠳᠡᠨ ᠳᠤ ᠬᠠᠷᠢᠶᠠᠯᠠᠭᠳᠠᠬᠤ ᠲᠠᠷᠢᠶᠠᠴᠢᠳ ᠪᠠ ᠲᠠᠷᠢᠶᠠᠯᠠᠬᠤ ᠣᠷᠣᠨ ᠢ ᠵᠢᠭᠠᠳᠠᠭ ᠪᠣᠯᠣᠭᠰᠠᠨ ᠶᠣᠮ᠃ ᠡᠨᠡᠬᠦ ᠨᠡᠷᠡᠶᠢᠳᠦᠯ ︽ᠪᠠᠪᠣᠷ ᠤᠨ ᠲᠣᠷᠠᠰᠣᠮᠵᠢ︾ ᠳᠤ ᠣᠯᠠᠨ ᠲᠣᠬᠢᠶᠠᠯᠳᠣᠨ᠎ᠠ᠃ ᠠᠳᠡ ᠦᠬᠦᠯᠡᠭᠳᠡᠨ ᠪᠦᠬᠦᠢ ᠲᠦᠮᠡᠨ ᠴᠦ ᠲᠡᠭᠦᠨ ᠲᠠᠢ ᠨᠢᠭᠡᠨ ᠠᠳᠠᠯᠢ ᠪᠠᠷ ᠺᠧᠱ ᠤᠨ ᠣᠷᠴᠢᠨ  ᠤ ᠲᠠᠷᠢᠶᠠᠯᠠᠬᠤ ᠣᠷᠣᠨ ᠢ ᠲᠦᠮᠡᠨ ᠭᠡᠵᠦ ᠨᠡᠷᠡᠶᠢᠳᠦᠨ᠂ ᠺᠧᠱ ᠵᠡᠷᠭᠡ ᠶᠢᠨ ᠬᠤᠳᠠ ᠪᠠᠯᠭᠠᠰᠣ ᠶᠢᠨ ᠰᠠᠭᠤᠭᠠᠯᠢ ᠢᠷᠭᠡᠳ ᠲᠠᠢ ᠬᠠᠮᠳᠣ ᠪᠠᠷ ᠪᠦᠬᠦᠨ ᠢ ᠲᠡᠮᠦᠷ ᠲᠤ ᠣᠯᠠᠮᠵᠢᠯᠠᠯᠳᠣ ᠡᠷᠭᠦᠮᠵᠢᠯᠡᠯ ᠣᠷᠣᠨ ᠢᠶᠠᠷ ᠪᠣᠴᠠᠭᠠᠨ ᠦᠭᠭᠦᠪᠡ ᠭᠡᠳᠡᠭ ᠣᠳᠬ᠎ᠠ ᠲᠠᠢ ᠦᠭᠡ ᠪᠣᠯᠬᠤ ᠶᠣᠮ — ᠮᠣᠩᠭᠤᠯᠴᠢᠯᠠᠭᠴᠢ ᠠᠴᠠ᠃④ ᠬᠤᠰᠢᠨ ᠪᠣᠯ ᠲᠠᠾᠢᠲ ︵Tahit︶ ᠠᠶᠢᠮᠠᠭ ᠤᠨ ᠠᠬᠠᠯᠠᠭᠴᠢ ᠡᠮᠢᠷ ᠬᠠᠵᠠᠬᠠᠨ ᠤ ᠣᠮᠪᠣᠯ ᠪᠣᠯᠣᠨ᠎ᠠ᠃ ᠬᠠᠵᠠᠬᠠᠨ ᠠᠩᠬ᠎ᠠ ᠶᠡᠭᠡ ᠬᠠᠭᠠᠨ ᠰᠣᠯᠲ᠋ᠠᠨ ᠬᠠᠽᠠᠨ ᠢ ᠡᠰᠡᠷᠭᠦᠴᠡᠵᠦ ᠪᠠᠶᠢᠪᠠ᠃ ᠠᠳᠡ ᠡᠨᠡᠬᠦ ᠲᠠᠾᠢᠲ ᠭᠡᠳᠡᠭ ᠨᠡᠷ᠎ᠡ ᠪᠠᠷᠤᠭ ᠲᠠᠶᠢᠲ ︵Tait︶ ᠭᠡᠳᠡᠭ ᠦᠭᠡᠨ ᠤ ᠲᠠᠰᠢᠶ᠎ᠠ ᠪᠣᠯᠬᠤ ᠮᠠᠭᠠᠳ᠃ ᠣᠴᠢᠷ ᠨᠢ ᠲᠠᠾᠢᠲ ᠪᠠ ᠲᠠᠶᠢᠲ  ᠤᠨ ᠪᠢᠴᠢᠯᠭᠡ ᠨᠢ ᠫᠧᠷᠰ ᠦᠰᠦᠭ ᠢᠶᠠᠷ ᠵᠦᠪᠬᠡᠨ ᠨᠢᠭᠡᠯ᠎ᠡ ᠲᠣᠰᠣᠯ ᠤᠨ ᠲᠡᠳᠦᠢ ᠵᠦᠷᠢᠶ᠎ᠡ ᠲᠠᠢ ᠶᠣᠮ᠃⑤ ᠣᠣᠯ ᠨᠣᠮ ᠳᠤ ᠲᠠᠷᠣᠢ ᠲᠡᠮᠦᠷ ᠬᠠᠭᠠᠯᠭ᠎ᠠ ︵Darband-i-ahanni︶ ᠭᠡᠵᠡᠢ᠃ ᠭᠡᠪᠡᠴᠦ ᠪᠣᠰᠣᠳ ᠬᠡᠰᠡᠭ ᠲᠤ ᠪᠦᠷ ᠺᠦᠷᠤᠬ᠎ᠠ ︵Kurugha︶ ᠭᠡᠵᠦ ᠪᠢᠴᠢᠵᠡᠢ᠃ ᠶᠡᠷᠦ ᠶᠢᠨ ᠦᠶ᠎ᠡ ᠳᠤ ᠪᠦᠷ ᠺᠦᠷᠤᠬ᠎ᠠ ᠭᠡᠳᠡᠭ ᠶᠣᠮ᠃ ︵ᠺᠦᠷᠤᠬ᠎ᠠ ᠭᠡᠳᠡᠭ ᠨᠢ ᠠᠭᠤᠯᠠᠨ ᠠᠮᠠ ᠭᠡᠳᠡᠭ ᠣᠳᠬ᠎ᠠ ᠲᠠᠢ ᠦᠭᠡ ᠪᠠᠶᠢᠵᠣ᠂ ᠲᠠᠷᠣᠢ ᠮᠣᠩᠭᠤᠯ ᠬᠡᠯᠡᠨ  ᠳᠤ ᠬᠡᠯᠡᠳᠡᠭ ᠬᠠᠪᠴᠢᠯ ᠭᠡᠳᠡᠭ ᠦᠭᠡ ᠪᠣᠯᠣᠨ᠎ᠠ᠃ ᠲᠡᠮᠦᠷ ᠬᠠᠭᠠᠯᠭ᠎ᠠ ᠭᠡᠳᠡᠭ ᠨᠢ ᠲᠡᠮᠦᠷ ᠬᠠᠭᠠᠯᠭᠠᠳᠣ ᠪᠣᠭᠤᠮᠳᠠ  ᠶᠢᠨ ᠲᠣᠪᠴᠢᠯᠠᠯ ᠨᠡᠷ᠎ᠡ ᠪᠣᠯᠣᠨ᠎ᠠ᠃ ᠲᠠᠷᠣᠢ ᠳᠠᠷᠪᠠᠨᠳ᠋ ᠶᠢᠨ ᠬᠠᠪᠴᠢᠯ ᠳᠤ ᠲᠠᠭᠠᠷᠠᠭᠤᠯᠣᠨ ᠬᠢᠭᠰᠡᠨ ᠡᠭᠦᠳᠡ ᠪᠠᠨ ᠲᠡᠮᠦᠷ ᠢᠶᠠᠷ ᠪᠠᠬᠢᠯᠡᠭᠰᠡᠨ ᠪᠣᠯᠬᠤᠷ ᠳ᠋ᠠᠷᠪᠠᠨᠳ᠋ ᠶᠢᠨ ᠬᠠᠪᠴᠢᠯ ᠢ ᠬᠦᠮᠦᠰ ᠪᠦᠷ ᠲᠡᠮᠦᠷ ᠬᠠᠭᠠᠯᠭᠠᠳᠣ ᠪᠣᠭᠤᠮᠳᠠ ᠬᠡᠬᠦ ᠪᠣᠶᠣ ᠲᠣᠪᠴᠢᠯᠠᠨ ᠲᠡᠮᠦᠷ ᠬᠠᠭᠠᠯᠭ᠎ᠠ ᠭᠡᠳᠡᠭ ᠪᠠᠶᠢᠵᠠᠢ — ᠮᠣᠩᠭᠤᠯᠴᠢᠯᠠᠭᠴᠢ ᠠᠴᠠ᠃︶ ᠦᠩᠭᠡᠷᠡᠭᠰᠡᠨ ᠳᠤ ᠡᠨᠡᠬᠦ ᠠᠭᠤᠯᠠᠨ ᠠᠮᠠ ᠳᠤ ᠦᠨᠡᠬᠡᠷ ᠬᠠᠭᠠᠯᠭ᠎ᠠ ᠪᠠᠶᠢᠵᠠᠢ᠃ ᠨᠡᠶᠢᠳᠡ ᠶᠢᠨ ᠣᠨ ᠲᠣᠭᠠᠯᠠᠯ ᠤᠨ630 ᠣᠨ ᠢᠶᠠᠷ ᠲᠣᠮᠳᠠᠳᠣ ᠣᠯᠣᠰ ᠤᠨ ᠵᠢᠭᠤᠯᠴᠢᠨ ᠬᠤᠸᠠᠷᠠᠭ ᠰᠢᠥᠸᠠᠨ ᠽᠠᠩ ᠳ᠋ᠠᠷᠪᠠᠨᠳ᠋ ᠢᠶᠠᠷ ᠦᠩᠭᠡᠷᠡᠭᠰᠡᠨ ᠵᠠᠮ ᠤᠨ ᠲᠡᠮᠳᠡᠭᠯᠡᠯ ᠲᠡᠭᠡᠨ ᠪᠢᠴᠢᠭᠰᠡᠨ ᠢᠶᠠᠷ᠄ ︽︵ᠡᠨᠡᠬᠦ ᠠᠭᠤᠯᠠᠨ ᠬᠠᠪᠴᠢᠯ︶ ᠳᠤ ᠡᠭᠦᠳᠡ ᠬᠢᠵᠦ᠂ ᠲᠡᠭᠦᠨ ᠢᠶᠠᠨ ᠲᠡᠮᠦᠷ ᠢᠶᠠᠷ ᠪᠠᠬᠢᠯᠡᠪᠡᠢ︾ ᠭᠡᠵᠦ ᠪᠢᠴᠢᠭᠰᠡᠨ ᠶᠣᠮ᠃ ᠴᠢᠩᠬᠢᠰ ᠬᠠᠭᠠᠨ ᠤ ᠴᠠᠭ ᠦᠶ᠎ᠡ ᠳᠤ ᠲᠣᠮᠳᠠᠳᠣ ᠣᠯᠣᠰ ᠤᠨ ᠵᠢᠭᠤᠯᠴᠢᠳ ᠲᠣᠮᠳᠠᠳᠣ ᠣᠯᠣᠰ ᠠᠴᠠ ᠡᠨᠡᠬᠦ ᠲᠠᠶᠢᠯᠠᠨ ᠲᠠᠭᠠᠭᠤᠯᠣᠭᠴᠢ ᠶᠢᠨ ᠪᠠᠶᠢᠯᠳᠣᠨ ᠡᠵᠡᠯᠡᠭᠰᠡᠨ ᠲᠣᠮᠳᠠᠳᠣ ᠠᠽᠢ ᠲᠠᠬᠢ ᠡᠯ᠎ᠡ ᠭᠠᠵᠠᠷ  ᠤᠨ ᠬᠤᠭᠤᠷᠣᠨᠳᠣ ᠬᠠᠷᠢᠯᠴᠠᠨ ᠵᠣᠷᠴᠢᠬᠤ ᠲᠠᠭᠠᠨ ᠡᠨᠡᠬᠦᠷ ᠦᠷᠬᠦᠯᠵᠢ ᠦᠩᠭᠡᠷᠡᠳᠡᠭ ᠪᠠᠶᠢᠵᠠᠢ᠃ ᠲᠡᠳᠡ ᠡᠨᠡ ᠭᠠᠵᠠᠷ  ᠢ ᠪᠦᠷ ︽ᠲᠡᠮᠦᠷ ᠬᠠᠭᠠᠯᠭᠠᠳᠣ ᠪᠣᠭᠤᠮᠳᠠ︾ ᠭᠡᠵᠦ ᠨᠡᠷᠡᠶᠢᠳᠦᠳᠡᠭ ᠪᠠᠶᠢᠭᠰᠠᠨ ᠶᠣᠮ᠃ ᠠᠳᠡ ᠠᠩᠭ᠍ᠯᠢᠴᠢᠯᠠᠭᠴᠢ  ᠠᠴᠠ ᠬᠢᠳᠠᠳ ᠧᠦ᠋ᠷᠣᠫᠠ ᠶᠢᠨ ᠣᠯᠠᠨ ᠵᠢᠭᠤᠯᠴᠢᠳ ᠤᠨ ᠲᠡᠮᠳᠡᠭᠯᠡᠯ ᠠᠴᠠ ᠡᠰᠢ ᠲᠠᠳᠠᠵᠣ ᠮᠠᠰᠢ ᠨᠠᠷᠢᠯᠢᠭ ᠲᠠᠶᠢᠯᠪᠣᠷᠢ ᠬᠠᠷᠭᠤᠯᠭ᠎ᠠ ᠬᠢᠵᠠᠢ᠂ ᠡᠶᠢᠮᠦ ᠠᠴᠠ ᠡᠨᠡᠬᠦ ᠵᠣᠷᠪᠣᠰ ᠲᠠᠶᠢᠯᠪᠣᠷᠢ ᠨᠢ ᠣᠣᠯ ᠵᠣᠬᠢᠶᠠᠯ ᠠᠴᠠ ᠪᠠᠨ ᠬᠡᠳᠦᠨ ᠲᠠᠬᠢᠨ ᠣᠷᠳᠣ ᠲᠠᠶᠢᠯᠪᠣᠷᠢ ᠪᠣᠯᠣᠭᠰᠠᠨ ᠪᠠᠶᠢᠨ᠎ᠠ᠃ ᠮᠣᠩᠭᠤᠯᠴᠢᠯᠠᠭᠴᠢ ᠠᠴᠠ ᠲᠡᠬᠦᠨ ᠢ ᠴᠣᠮᠣᠳᠬᠠᠨ ᠬᠦᠷᠭᠡᠪᠡ᠃⑥ ᠺᠠᠲᠯᠠᠨ ᠤ ᠡᠮᠢᠷ ᠺᠠᠶᠢᠺᠦᠰᠷᠡᠥ ᠪᠣᠯ ᠬᠤᠰᠢᠨ ᠲᠡᠭᠦᠨ ᠤ ᠲᠡᠭᠦᠥ ᠶᠢ ᠠᠯᠠᠭᠰᠠᠨ ᠪᠣᠯᠬᠤᠷ ᠲᠡᠭᠦᠨ ᠠᠴᠠ ᠣᠷᠪᠠᠵᠣ ᠲᠣᠬᠤᠯᠭ᠎ᠠ ᠲᠡᠮᠦᠷ ᠬᠠᠭᠠᠨ ᠳᠤ ᠲᠠᠭᠠᠭᠰᠠᠨ ᠠᠵᠠᠢ᠃ ᠺᠠᠲᠯᠠᠨ ᠭᠡᠳᠡᠭ ᠭᠠᠵᠠᠷ ᠤᠨ ᠨᠡᠷ᠎ᠡ ᠶᠢ ᠣᠯᠠᠨ ᠵᠦᠢᠯ ᠢᠶᠠᠷ ᠭᠠᠯᠢᠭᠴᠢᠯᠠᠨ ᠪᠢᠴᠢᠳᠡᠭ ᠶᠣᠮ᠃ ᠵᠢᠱᠢᠶᠡᠯᠡᠪᠡᠯ᠄Khatlan  khutlan khutl ᠵᠡᠷᠭᠡ ᠪᠣᠢ᠂ ᠡᠶᠢᠮᠦ ᠠᠴᠠ ᠵᠠᠷᠢᠮ ᠭᠠᠵᠠᠷ ᠲᠤ ᠺᠠᠲᠯᠠᠨ ᠭᠡᠵᠦ ᠪᠢᠴᠢᠵᠦ ᠪᠠᠶᠢᠬᠤ ᠳᠤ ᠵᠠᠷᠢᠮ ᠭᠠᠵᠠᠷ ᠺᠦᠲᠦᠯ ᠭᠡᠵᠦ ᠴᠦ ᠪᠢᠴᠢᠵᠣ ᠪᠠᠶᠢᠭ᠎ᠠ ᠶᠣᠮ᠃ ᠡᠨᠡᠬᠦ ᠣᠷᠣᠨ ᠪᠠ ᠲᠡᠭᠦᠨ ᠤ ᠡᠵᠡᠮᠰᠢᠭᠴᠢ ᠶᠢᠨ ᠲᠣᠬᠠᠢ ︽ᠪᠠᠪᠣᠷ ᠤᠨ ᠲᠣᠷᠠᠰᠣᠮᠵᠢ ᠳᠤ ᠬᠠᠷᠢᠨ ᠨᠡᠯᠢᠶᠡᠳ ᠲᠣᠲᠣᠷᠬᠠᠢ ᠲᠡᠮᠳᠡᠭᠯᠡᠯ ᠪᠠᠶᠢᠨ᠎ᠠ — ᠮᠣᠩᠭᠤᠯᠴᠢᠯᠠᠭᠴᠢ ᠠᠴᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号