ᠲᠣᠬᠤᠯᠭ᠎ᠠ ᠲᠡᠮᠦᠷ ᠬᠠᠭᠠᠨ ᠦᠪᠡᠷ ᠤᠨ ᠨᠡᠶᠢᠰᠯᠡᠯ ᠲᠡᠭᠡᠨ ᠪᠣᠴᠠᠭᠰᠠᠨ ᠨᠢ
ᠨᠡᠶᠢᠲᠡᠯᠡᠭᠰᠡᠨ ᠴᠠᠭ᠄
2020/3/13
ᠲᠣᠯᠣᠳᠣᠭᠠᠷ ᠪᠦᠯᠦᠭ ᠨᠠᠮᠣᠷ ᠣᠷᠣᠮᠠᠭᠴᠠ ᠲᠣᠬᠤᠯᠭ᠎ᠠ ᠲᠡᠮᠦᠷ ᠬᠠᠭᠠᠨ ᠤ ᠶᠡᠭᠡ ᠴᠡᠷᠢᠭ ᠬᠦᠳᠡᠯᠵᠦ᠂ ᠰᠠᠮᠠᠷᠺᠠᠨᠳ᠋ ᠴᠢᠭᠯᠡᠨ ᠶᠠᠪᠣᠪᠠ᠃ ᠵᠠᠮ ᠭᠤᠳᠣᠰ ᠲᠠᠭᠠᠨ ᠲᠡᠷᠡ ᠵᠠᠷᠯᠢᠭ ᠪᠠᠭᠤᠯᠭᠠᠨ ᠡᠮᠢᠷ ᠪᠠᠶᠠᠨ · ᠰᠦᠯᠳᠦᠰ ᠢ ᠠᠯᠠᠨ ᠰᠢᠢᠳᠭᠡᠪᠡ①᠃ ᠰᠠᠮᠠᠷᠺᠠᠨᠳ᠋ ᠬᠦᠷᠦᠭᠰᠡᠨ ᠤ ᠰᠡᠬᠦᠯᠡᠷ ᠲᠡᠷᠡ ᠪᠦᠬᠦᠶᠢᠯᠡ ᠮᠠᠸᠧᠢᠷᠠᠨᠨᠠᠷ ᠢ ᠲᠠᠬᠢᠨ ᠦᠪᠡᠷ ᠤᠨ ᠡᠵᠡᠮᠰᠢᠯ ᠳᠡᠭᠡᠨ ᠪᠠᠭᠳᠠᠭᠠᠨ ᠠᠪᠴᠠᠢ ᠃ ᠲᠡᠨᠳᠡᠬᠢ ᠸᠠᠩ ᠭᠦᠩ ᠢᠵᠠᠭᠤᠷᠳᠠᠳ ᠲᠠᠬᠢᠨᠳᠠ ᠲᠡᠭᠦᠨ ᠳᠤ ᠰᠢᠳᠣᠷᠭᠤ ᠪᠠᠨ ᠢᠯᠡᠳᠭᠡᠬᠦ ᠦᠭᠡᠢ ᠪᠣᠯ ᠪᠣᠯᠬᠤ ᠦᠭᠡᠢ ᠪᠣᠯᠪᠠ᠃ ᠭᠡᠪᠡᠴᠦ ᠲᠡᠷᠡ ᠵᠠᠷᠢᠮ ᠬᠦᠮᠦᠨ ᠢ ᠣᠷᠪᠠᠭ᠋ᠣ ᠰᠠᠨᠠᠭ᠎ᠠ ᠲᠠᠢ ᠬᠡᠮᠡᠨ ᠰᠡᠵᠢᠭᠯᠡᠵᠦ᠂ ᠡᠮᠦᠨ᠎ᠡ ᠡᠮᠢᠷ ᠪᠠᠶᠠᠨ · ᠰᠦᠯᠳᠦᠰ ᠢ ᠰᠢᠢᠳᠭᠡᠭᠰᠡᠨ ᠮᠡᠳᠦ ᠬᠡᠯᠪᠡᠷᠢ ᠪᠠᠷ ᠰᠢᠢᠳᠪᠦᠷᠢᠯᠡᠵᠡᠢ᠃ ᠲᠡᠭᠦᠨ ᠳᠤ ᠢᠳᠡᠭᠡᠮᠵᠢ ᠲᠠᠢ ᠰᠠᠨᠠᠭᠳᠠᠭᠰᠠᠨ ᠬᠦᠮᠦᠰ ᠦᠩᠭᠡ ᠬᠡᠷᠡᠯ ᠬᠦᠷᠳᠡᠵᠦ᠂ ᠡᠨᠡᠷᠢᠯ ᠬᠠᠶᠢᠷ᠎ᠠ ᠲᠤᠨᠢ ᠪᠠᠭᠳᠠᠯᠴᠠᠵᠠᠢ᠃ ᠲᠡᠷᠡ ᠡᠨᠡᠬᠦ ᠲᠠᠶᠢᠯᠠᠨ ᠲᠠᠭᠠᠭᠤᠯᠣᠭᠳᠠᠭᠰᠠᠨ ᠣᠷᠣᠨ ᠢᠶᠠᠨ ᠬᠦᠪᠡᠭᠦᠨ ᠢᠯᠢᠶᠠᠰ · ᠬᠤᠵᠠ · ᠣᠭᠤᠯ ᠳᠠᠭᠠᠨ ᠳᠣᠰᠢᠶᠠᠨ ᠦᠭᠴᠦ᠂ ᠴᠠᠭᠠᠳᠠᠢ ᠴᠡᠷᠢᠭ ᠤᠨ ᠲᠣᠮᠳᠠ ᠠᠴᠠ ᠨᠢᠭᠡ ᠪᠦᠯᠦᠭ ᠴᠡᠷᠢᠭ ᠪᠠ ᠡᠮᠢᠷ ᠰᠣᠩᠭᠤᠨ ᠭᠠᠷᠭᠠᠵᠣ ᠲᠡᠭᠦᠨ ᠳᠤ ᠵᠠᠬᠢᠷᠠᠭᠤᠯᠣᠨ᠂ ᠪᠠᠰᠠ ᠦᠪᠡᠷ ᠤᠨ ᠪᠡᠶ᠎ᠡ ᠪᠠᠷ ᠲᠡᠭᠦᠨ ᠳᠤ ᠪᠠᠬᠢᠵᠢᠺ ᠢ ᠶᠡᠷᠦᠩᠬᠡᠢ ᠵᠠᠩᠵᠣᠨ ᠢᠶᠠᠷ ᠲᠣᠮᠢᠯᠠᠨ ᠦᠭᠭᠦᠭᠡᠳ ᠰᠠᠨᠠᠭ᠎ᠠ ᠠᠮᠣᠷᠴᠠᠢ᠃ ᠲᠠᠷᠠᠭ᠎ᠠ ᠨᠢ ᠮᠠᠸᠧᠢᠷᠠᠨᠨᠠᠷ ᠨᠣᠳᠤᠭ ᠤᠨ ᠵᠠᠰᠠᠭ ᠤᠨ ᠬᠦᠨᠳᠦ ᠡᠭᠦᠷᠭᠡ ᠶᠢ ᠡᠮᠢᠷ ᠲᠡᠮᠦᠷ ᠲᠤ ᠲᠠᠭᠠᠭᠠᠯᠭᠠᠨ ᠦᠭᠴᠦ᠂ ᠲᠡᠭᠦᠨ ᠢ ᠨᠢᠯᠬ᠎ᠠ ᠡᠵᠡᠨ ᠤ ᠪᠠᠨ ᠦᠭᠡ ᠶᠢ ᠵᠢᠷᠣᠮᠯᠠᠨ ᠶᠠᠪᠣᠳᠣᠭᠠᠢ ᠬᠡᠮᠡᠨ ᠲᠣᠰᠢᠶᠠᠪᠠ᠃ ᠬᠤᠵᠢᠮ ᠲᠣᠬᠤᠯᠭ᠎ᠠ ᠲᠡᠮᠦᠷ ᠬᠠᠭᠠᠨ ᠡᠮᠢᠷ ᠲᠡᠮᠦᠷ ᠤᠨ ᠮᠡᠳᠡᠯᠭᠡ ᠴᠢᠳᠠᠪᠣᠷᠢ ᠶᠢ ᠭᠦᠢᠴᠡᠳ ᠣᠶᠢᠯᠭᠠᠵᠣ ᠮᠡᠳᠡᠭᠡᠳ ᠡᠨᠡ ᠨᠣᠳᠤᠭ ᠤᠨ ᠪᠦᠬᠦ ᠡᠷᠬᠡ ᠶᠢ ᠪᠦᠷ ᠲᠡᠭᠦᠨ ᠳᠤ ᠲᠣᠰᠢᠶᠠᠭᠠᠳ᠂ ᠦᠪᠡᠷ ᠢᠶᠠᠨ ᠴᠡᠷᠢᠭ ᠪᠣᠴᠠᠨ ᠨᠡᠶᠢᠰᠯᠡᠯ ᠳᠡᠭᠡᠨ ᠬᠠᠷᠢᠪᠠ᠃ ᠶᠠᠮᠠᠷ ᠪᠣᠯᠣᠭᠰᠠᠨ ᠴᠦ ᠲᠣᠬᠤᠯᠭ᠎ᠠ ᠲᠡᠮᠦᠷ ᠬᠠᠭᠠᠨ ᠲᠠᠬᠢᠨᠳᠠ ᠮᠠᠸᠧᠢᠷᠠᠨᠨᠠᠷ  ᠠᠴᠠ ᠰᠠᠯᠵᠣ ᠶᠠᠪᠣᠵᠠᠢ᠃ ᠲᠡᠷᠡ ᠡᠨᠡ ᠨᠣᠳᠤᠭ ᠤᠨ ᠸᠠᠩ ᠭᠦᠩ ᠢᠵᠠᠭᠤᠷᠳᠠᠨ ᠢ ᠵᠠᠰᠠᠬᠤ ᠶᠡᠭᠡ ᠡᠷᠬᠡ ᠶᠢ ᠪᠠᠬᠢᠵᠢᠺ ᠲᠤ ᠲᠣᠰᠢᠶᠠᠨ ᠦᠭᠭᠦᠪᠡ᠃ ᠬᠠᠷᠢᠨ ᠮᠠᠸᠧᠢᠷᠠᠨᠨᠠᠷ ᠤᠨ  ᠳᠦᠰᠢᠮᠡᠳ ᠢᠷᠭᠡᠳ ᠤᠨ ᠠᠵᠣ ᠠᠮᠢᠳᠣᠷᠠᠯ ᠪᠠ ᠠᠰᠠᠷᠠᠮᠵᠢ ᠶᠢᠨ ᠦᠢᠯᠡ ᠶᠢ ᠡᠮᠢᠷ ᠲᠡᠮᠦᠷ ᠲᠤ ᠲᠣᠰᠢᠶᠠᠵᠠᠢ᠃ ᠭᠡᠳᠡᠯ᠎ᠡ ᠡᠮᠢᠷ ᠪᠠᠬᠢᠵᠢᠺ ᠬᠠᠷᠬᠢᠰ ᠪᠣᠷᠣᠩᠬᠤᠢ ᠶᠠᠪᠣᠵᠣ᠂ ᠬᠠᠭᠠᠨ ᠵᠠᠷᠯᠢᠭ ᠢ ᠦᠯᠦ ᠣᠶᠢᠰᠢᠶᠠᠨ᠂ ᠴᠢᠨᠠᠭᠰᠢᠯᠠᠪᠠᠯ ᠢᠯᠡ ᠪᠠᠷ ᠬᠠᠭᠠᠨ ᠠᠴᠠ ᠣᠷᠪᠠᠭ᠋ᠣ ᠪᠠᠷ ᠪᠠᠵᠠᠭᠠᠵᠣ ᠪᠠᠶᠢᠪᠠ᠃ ᠡᠮᠢᠷ ᠲᠡᠮᠦᠷ ᠦᠵᠡᠳᠡᠯ᠎ᠡ ᠬᠠᠭᠠᠨ ᠵᠠᠷᠯᠢᠭ ᠬᠡᠷᠡᠭᠵᠢᠭᠦᠯᠦᠭᠳᠡᠬᠦ ᠦᠭᠡᠢ ᠪᠣᠯᠵᠣ᠂ ᠣᠯᠣᠰ ᠣᠷᠣᠨ ᠣᠷᠪᠠᠯᠭᠠᠨ ᠰᠠᠮᠠᠭᠤᠷᠠᠯ ᠳᠤ ᠣᠷᠣᠬᠤ ᠭᠡᠵᠦ ᠪᠠᠶᠢᠭ᠎ᠠ ᠦᠶ᠎ᠡ ᠳᠤ᠂ ᠲᠡᠷᠡ ᠠᠳᠡ ᠬᠦᠯ ᠲᠣᠭᠳᠠᠵᠣ ᠴᠢᠳᠠᠬᠤ ᠦᠭᠡᠢ ᠪᠣᠯᠣᠭᠰᠠᠨ ᠢᠶᠠᠨ ᠰᠡᠷᠡᠨ ᠮᠡᠳᠡᠷᠡᠵᠦ᠂ ᠠᠳᠡ ᠠᠴᠠ ᠰᠠᠯᠵᠣ ᠬᠤᠰᠢᠨ ᠢ ᠡᠷᠢᠬᠦ ᠪᠠᠷ ᠶᠠᠪᠣᠪᠠ᠃ ᠭᠡᠪᠡᠴᠦ ᠬᠤᠰᠢᠨ ᠤ ᠮᠡᠳᠡᠭᠡ ᠣᠯᠳᠠᠬᠤ ᠦᠭᠡᠢ ᠪᠣᠯᠬᠤᠷ ᠠᠷᠭ᠎ᠠ ᠪᠣᠰᠣ ᠡᠯᠡᠰᠦ ᠮᠠᠩᠬᠠᠨ ᠳᠤ ᠣᠷᠣᠪᠠ②᠃ᠶᠡᠷᠦᠩᠬᠡᠶᠢᠯᠡᠭᠡᠳ ᠬᠡᠯᠡᠪᠡᠯ ᠲᠣᠬᠠᠢ ᠶᠢᠨ ᠦᠶ᠎ᠡ ᠶᠢᠨ ᠮᠣᠩᠭᠤᠯᠴᠣᠳ ᠤᠨ ᠠᠮᠠᠨ ᠣᠯᠠᠮᠵᠢᠯᠠᠯ ᠠᠴᠠ ᠦᠵᠡᠪᠡᠯ᠂ ᠲᠡᠳᠡᠨᠡᠷ ᠤᠨ ᠨᠣᠳᠤᠭ ᠲᠡᠪᠢᠰᠭᠡᠷ ᠰᠠᠮᠠᠷᠺᠠᠨᠳ᠋ ᠢ ᠪᠠᠭᠳᠠᠭᠠᠵᠣ ᠪᠠᠶᠢᠭᠰᠠᠨ ᠪᠦᠭᠡᠳ ᠨᠡᠩ ᠴᠢᠨᠠᠭᠰᠢ ᠮᠠᠰᠢ ᠬᠤᠯᠠ ᠭᠠᠵᠠᠷ ᠲᠤ ᠬᠦᠷᠴᠦ ᠪᠠᠶᠢᠪᠠ᠃ ᠭᠡᠪᠡᠴᠦ ᠲᠣᠲᠣᠷᠬᠠᠢ ᠪᠣᠳᠠᠳᠣ ᠭᠡᠷᠡᠴᠢ ᠨᠢ ᠣᠯᠠᠮᠵᠢᠯᠠᠭᠳᠠᠵᠣ ᠢᠷᠡᠨ ᠡᠳᠦᠬᠡ ᠲᠠᠢ ᠵᠣᠯᠭᠠᠵᠣ ᠴᠢᠳᠠᠭᠰᠠᠨ ᠦᠭᠡᠢ᠃ ᠡᠮᠢᠷ · ᠪᠣᠷᠣᠯᠵᠢ ︵ᠡᠮᠦᠨ᠎ᠡ ᠨᠢᠭᠡᠨᠳᠡ ᠶᠠᠷᠢᠵᠣ ᠦᠩᠭᠡᠷᠡᠪᠡ︶ ᠲᠣᠬᠤᠯᠭ᠎ᠠ ᠲᠡᠮᠦᠷ ᠬᠠᠭᠠᠨ ᠢ ᠬᠦᠷᠢᠶᠡᠯᠡᠨ ᠬᠠᠭᠠᠨ ᠰᠠᠭᠤᠷᠢᠨ ᠳᠤ ᠭᠠᠷᠭᠠᠵᠣ᠂ ᠲᠡᠷᠡ ᠬᠠᠭᠠᠨ ᠤ ᠭᠠᠷ ᠠᠴᠠ ᠡᠷᠳᠡ ᠦᠶ᠎ᠡ ᠴᠢᠩᠬᠢᠰ ᠬᠠᠭᠠᠨ ᠤ ᠦᠶ᠎ᠡ ᠳᠤ ᠲᠡᠭᠦᠨ ᠤ ᠲᠡᠭᠡᠳᠦᠰ ᠲᠤ ᠬᠦᠷᠳᠡᠭᠡᠭᠰᠡᠨ ᠶᠢᠰᠦᠨ ᠵᠦᠢᠯ ᠤᠨ ᠣᠨᠴᠠᠭᠠᠢ ᠡᠷᠬᠡ ᠶᠢ ᠬᠦᠯᠢᠶᠡᠨ ᠠᠪᠴᠠᠢ᠃ ᠲᠡᠭᠦᠨ ᠤ ᠡᠨᠡᠬᠦ ᠣᠨᠴᠠᠭᠠᠢ ᠡᠷᠬᠡ ᠶᠢ ᠵᠣᠬᠢᠶᠠᠭᠴᠢ ᠮᠠᠨ ᠤ ᠭᠡᠷ ᠪᠦᠯᠢ ᠬᠢᠨ ᠦᠷᠬᠦᠯᠵᠢᠯᠡᠨ ᠵᠠᠯᠭᠠᠮᠵᠢᠯᠠᠨ ᠠᠪᠣᠪᠠ᠃ ᠮᠢᠨᠦ ᠬᠤᠪᠢ ᠬᠦᠮᠦᠨ ᠡᠨᠡᠬᠦ ᠣᠨᠴᠠᠭᠠᠢ ᠡᠷᠬᠡ ᠶᠢᠨ ᠡᠯ᠎ᠡ ᠵᠣᠷᠪᠣᠰ ᠢ ᠣᠯᠵᠣ ᠦᠵᠡᠭᠰᠡᠨ ᠶᠣᠮ᠃ ᠡᠨᠡᠬᠦ ᠣᠨᠴᠠᠭᠠᠢ ᠡᠷᠬᠡ ᠶᠢ ᠺᠦᠨᠳᠦᠱ ᠲᠤ ᠮᠣᠩᠭᠤᠯ ᠬᠡᠯᠡ ᠪᠠᠷ ᠪᠢᠴᠢᠭᠰᠡᠨ ᠪᠠᠶᠢᠵᠠᠢ᠃ ᠪᠢ ᠡᠨᠡᠬᠦ ᠪᠣᠳᠠᠳᠣ ᠬᠡᠷᠡᠭ ᠢ ᠬᠡᠯᠡᠵᠦ ᠪᠠᠶᠢᠭ᠎ᠠ ᠨᠢ ᠡᠨᠡ ᠬᠠᠭᠠᠨ ᠤ ᠨᠣᠶᠠᠷᠬᠠᠬᠤ ᠡᠷᠬᠡ ᠲᠣᠬᠠᠢ ᠶᠢᠨ ᠦᠶ᠎ᠡ ᠳᠤ ᠺᠦᠨᠳᠦᠰ ᠲᠤ ᠬᠦᠷᠴᠦ ᠪᠠᠶᠢᠪᠠ ᠭᠡᠳᠡᠭ ᠢ ᠭᠡᠷᠡᠴᠢᠯᠡᠬᠦ ᠶᠢᠨ ᠲᠦᠯᠦᠭᠡ ᠶᠣᠮ᠃ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠨᠣᠮ  ᠳᠤ ᠬᠡᠯᠡᠬᠦ ᠪᠠᠷ ᠪᠣᠯ ᠲᠣᠬᠤᠯᠭ᠎ᠠ ᠲᠡᠮᠦᠷ ᠬᠠᠭᠠᠨ ᠾᠢᠵᠢᠷ ᠲᠣᠭᠠᠯᠠᠯ ᠤᠨ764 ᠣᠨ ᠳᠤ ᠨᠠᠰᠣ ᠪᠠᠷᠠᠪᠠ ᠭᠡᠵᠡᠢ᠃ ᠮᠣᠩᠭᠤᠯᠴᠣᠳ ᠤᠨ ᠣᠯᠠᠮᠵᠢᠯᠠᠯ ᠶᠠᠷᠢᠶ᠎ᠠ ᠪᠠᠷ ᠲᠣᠬᠤᠯᠭ᠎ᠠ ᠲᠡᠮᠦᠷ ᠬᠠᠭᠠᠨ ᠠᠷᠪᠠᠨ ᠵᠢᠷᠭᠤᠭᠠᠨ ᠨᠠᠰᠣᠳᠠᠢ ᠪᠠᠶᠢᠬᠤ  ᠳᠤ ᠡᠮᠢᠷ ᠪᠣᠷᠣᠯᠵᠢ ᠲᠡᠭᠦᠨ ᠢ ᠬᠠᠯᠢᠮᠠᠭ ᠣᠯᠣᠰ ᠠᠴᠠ ᠡᠷᠢᠨ ᠠᠪᠴᠢᠷᠠᠵᠣ ᠬᠠᠭᠠᠨ ᠰᠠᠭᠤᠯᠭᠠᠭᠰᠠᠨ ᠬᠡᠷᠡᠭ ᠢ ᠨᠢᠭᠡᠨᠳᠡ ᠶᠠᠷᠢᠵᠣ ᠦᠩᠭᠡᠷᠡᠪᠡ᠃ ᠲᠣᠬᠤᠯᠭ᠎ᠠ ᠲᠡᠮᠦᠷ ᠬᠠᠭᠠᠨ ᠠᠷᠪᠠᠨ ᠵᠢᠷᠭᠤᠭᠠᠨ ᠨᠠᠰᠣᠳᠠᠢ ᠬᠠᠭᠠᠨ ᠰᠠᠭᠤᠵᠣ᠂ ᠬᠤᠷᠢᠨ ᠲᠦᠷᠪᠡᠳᠡᠢ ᠢᠰᠯᠠᠮ ᠱᠠᠰᠢᠨ ᠰᠢᠳᠦᠨ᠂ ᠭᠤᠴᠢᠨ ᠲᠦᠷᠪᠡᠨ ᠨᠠᠰᠣᠳᠠᠢ ᠨᠠᠰᠣ ᠪᠠᠷᠠᠵᠠᠢ᠃ ᠲᠡᠷᠡ ᠾᠢᠵᠢᠷ ᠲᠣᠭᠠᠯᠠᠯ ᠤᠨ730 ᠣᠨ ᠳᠤ ᠮᠡᠨᠳᠦᠯᠡᠪᠠ᠃ᠲᠣᠰ ᠪᠦᠯᠦᠭ ᠤᠨ ᠲᠠᠶᠢᠯᠪᠣᠷᠢ① ᠡᠨᠡᠬᠦ ᠪᠠᠳᠠᠭ ᠦᠭᠡ ᠨᠢ ᠣᠣᠯ ᠨᠣᠮ ᠳᠤ ᠪᠣᠯ ᠵᠠᠰᠠᠭ ᠶᠣᠰᠣᠭᠠᠷ ᠲᠡᠭᠦᠨ ᠢ ᠰᠢᠭᠦᠨ ᠰᠢᠢᠳᠭᠡᠪᠡ ᠭᠡᠳᠡᠭ ᠦᠭᠡ ᠪᠠᠶᠢᠵᠠᠢ᠃ ᠵᠠᠰᠠᠭ ᠭᠡᠳᠡᠭ ᠨᠢ ᠬᠡᠯᠡᠯᠭᠡᠨ ᠦᠭᠡᠢ ᠴᠢᠩᠬᠢᠰ ᠬᠠᠭᠠᠨ ᠤ ᠦᠶ᠎ᠡ ᠠᠴᠠ ᠣᠯᠠᠮᠵᠢᠯᠠᠨ ᠢᠷᠡᠭᠰᠡᠨ ᠶᠡᠭᠡ ᠵᠠᠰᠠᠭ — ᠴᠠᠭᠠᠵᠠ ᠬᠠᠣᠯᠢ ᠶᠢ ᠵᠢᠭᠠᠵᠣ ᠪᠠᠶᠢᠨ᠎ᠠ᠃ ᠵᠠᠰᠠᠭ ᠶᠣᠰᠣᠭᠠᠷ ᠰᠢᠢᠳᠭᠡᠪᠡ ᠭᠡᠳᠡᠭ ᠨᠢ ᠡᠨᠡᠬᠦ ᠴᠠᠭᠠᠵᠠ ᠬᠠᠣᠯᠢ ᠶᠢᠨ ᠵᠣᠷᠪᠣᠰ ᠶᠣᠰᠣᠭᠠᠷ ᠲᠡᠭᠦᠨ ᠢ ᠰᠢᠭᠦᠨ ᠰᠢᠢᠳᠭᠡᠭᠰᠡᠨ ᠠᠵᠠᠢ᠃ ᠵᠠᠰᠠᠭ ᠭᠡᠳᠡᠭ ᠦᠭᠡ ᠨᠢ ᠲᠦᠷᠺ ᠬᠡᠯᠡᠨ ᠳᠤ ᠣᠷᠣᠵᠣ ᠪᠠᠰᠠ ᠶᠠᠰᠠᠭ ᠭᠡᠳᠡᠭ ᠪᠣᠯᠣᠭᠰᠠᠨ ᠪᠠᠶᠢᠨ᠎ᠠ᠃ ᠬᠤᠵᠢᠮ ᠪᠠᠰᠠ ᠲᠣᠷᠠ ᠭᠡᠳᠡᠭ ᠪᠣᠯᠵᠠᠢ᠃ ᠲᠣᠷᠠ ᠭᠡᠳᠡᠭ ᠦᠭᠡ ︽ᠪᠠᠪᠣᠷ ᠤᠨ ᠲᠣᠷᠠᠰᠣᠮᠵᠢ︾ ᠭᠡᠳᠡᠭ ᠨᠣᠮ ᠳᠤ ᠦᠷᠬᠦᠯᠵᠢ ᠲᠣᠬᠢᠶᠠᠯᠳᠣᠬᠤ ᠶᠣᠮ᠃ ᠧᠰᠺᠢᠨ ᠲᠡᠭᠦᠨ ᠢ ᠴᠢᠩᠬᠢᠰ ᠬᠠᠭᠠᠨ ᠤ ᠬᠠᠣᠯᠢ ᠭᠡᠵᠦ ᠣᠷᠴᠢᠭᠤᠯᠵᠠᠢ᠃ ᠭᠡᠪᠡᠴᠦ ᠲᠠᠶᠢᠯᠪᠣᠷᠢᠯᠠᠬᠤ ᠲᠠᠭᠠᠨ ᠬᠡᠯᠡᠭᠰᠡᠨ ᠨᠢ ᠬᠡᠳᠦᠶᠢᠪᠡᠷ ᠮᠣᠩᠭᠤᠯᠴᠣᠳ ᠤᠨ ᠲᠣᠮᠳᠠ ᠵᠠᠰᠠᠭ ᠭᠡᠵᠦ ᠬᠠᠳᠠᠭᠤ ᠴᠢᠩᠭ᠎ᠠ ᠪᠠᠷ ᠵᠢᠷᠣᠮᠯᠠᠨ ᠰᠠᠬᠢᠵᠣ ᠪᠠᠶᠢᠭᠰᠠᠨ ᠪᠣᠯᠪᠠᠴᠣ ᠲᠡᠷᠡ ᠨᠢ ᠨᠣᠮ ᠪᠣᠯᠵᠣ ᠨᠡᠶᠢᠳᠡᠯᠡᠨ ᠲᠠᠷᠬᠠᠭᠠᠭᠳᠠᠭᠰᠠᠨ ᠦᠭᠡᠢ ᠪᠠᠶᠢᠵᠠᠢ ᠭᠡᠪᠡ᠃ ᠪᠠᠪᠣᠷ ᠤᠨ ᠦᠶ᠎ᠡ ᠬᠦᠷᠳᠡᠯ᠎ᠡ ᠲᠡᠭᠦᠨ ᠢ ᠮᠠᠰᠢ ᠴᠢᠩᠭ᠎ᠠ ᠵᠢᠷᠣᠮᠯᠠᠨ ᠰᠠᠬᠢᠵᠣ ᠪᠠᠶᠢᠭᠰᠠᠨ ᠪᠣᠯᠪᠠᠴᠣ ᠨᠢᠭᠡᠨᠳᠡ ︽ᠺᠣᠷᠠᠨ ᠰᠣᠳᠣᠷ︾ ᠤᠨ ᠠᠭᠤᠯᠭ᠎ᠠ ᠲᠠᠢ ᠭᠡᠳᠦ ᠰᠦᠷᠡᠬᠡᠢ ᠵᠦᠷᠢᠴᠡᠯ ᠲᠠᠢ ᠪᠣᠯᠵᠣ᠂ ᠢᠳᠡᠭ ᠢᠳᠡᠭ ᠢᠶᠠᠷ ᠵᠢᠷᠣᠮᠯᠠᠭᠳᠠᠬᠤ ᠦᠭᠡᠢ ᠪᠣᠯᠵᠣ ᠪᠠᠶᠢᠪᠠ ᠭᠡᠵᠡᠢ᠃ ᠲᠣᠷᠠ ᠨᠢ ᠠᠷᠠᠪ ᠬᠡᠯᠡᠨ ᠳᠤ ᠮᠦᠨ ᠵᠠᠰᠠᠭ ᠭᠡᠳᠡᠭ ᠲᠠᠢ ᠲᠡᠩᠴᠡᠭᠦ ᠣᠳᠬ᠎ᠠ ᠲᠠᠢ ᠦᠭᠡ ᠪᠣᠯᠣᠨ᠎ᠠ᠃② ᠮᠢᠷᠽᠠ · ᠬᠠᠶᠢᠳᠠᠷ ᠠᠳᠡ ᠲᠡᠮᠦᠷ ᠪᠠ ᠬᠤᠰᠢᠨ ᠤ ᠬᠦᠮᠦᠰ ᠤᠨ ᠰᠡᠳᠬᠢᠯ ᠢ ᠲᠠᠲᠠᠮ᠎ᠠ ᠭᠡᠨᠡᠨ ᠠᠵᠢᠯᠯᠠᠭ᠎ᠠ ᠶᠢ ᠪᠦᠷ ᠬᠠᠰᠣᠨ ᠬᠠᠶᠠᠵᠠᠢ᠃ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠨᠣᠮ ᠳᠤ ᠲᠡᠮᠳᠡᠭᠯᠡᠭᠰᠡᠨ ᠢᠶᠠᠷ ᠪᠣᠯ ᠲᠡᠮᠦᠷ ᠶᠠᠭᠠᠬᠢᠵᠣ ᠬᠢᠸᠠ ︵ᠦᠨᠡᠨᠳᠡᠭᠡᠨ ᠾᠢᠸ᠎ᠠ ᠭᠡᠵᠦ ᠪᠢᠢᠴᠢᠪᠡᠯ ᠲᠠᠭᠠᠷᠠᠨ᠎ᠠ᠂ ᠲᠡᠭᠦᠨ ᠤ ᠯᠠᠲ᠋ᠢᠨ ᠭᠠᠯᠢᠭ  ᠨᠢKhiva ᠪᠣᠯᠣᠨ᠎ᠠ — ᠮᠣᠩᠭᠤᠯᠴᠢᠯᠠᠭᠴᠢ ᠠᠴᠠ︶ ᠶᠢᠨ ᠡᠯᠡᠰᠦ ᠮᠠᠩᠬᠠᠨ ᠳᠤ ᠲᠡᠨᠦᠭᠦᠴᠢᠯᠡᠵᠦ᠂ ᠮᠠᠰᠢ ᠣᠳᠠᠭᠠᠨ ᠡᠳᠦᠷ ᠪᠣᠯᠣᠭᠰᠠᠨ ᠤ ᠲᠠᠷᠠᠭ᠎ᠠ ᠰᠠᠶ᠋ᠢ ᠶᠠᠭᠠᠬᠢᠵᠣ ᠰᠠᠬᠢᠵ ᠪᠣᠯᠠᠭ ᠤᠨ ᠲᠡᠨᠳᠡ ᠬᠤᠰᠢᠨ ᠲᠠᠢ ᠠᠭᠤᠯᠵᠠᠭᠰᠠᠨ᠂ ᠲᠡᠳᠡ ᠬᠤᠶᠠᠭᠤᠯᠠ ᠶᠠᠭᠠᠬᠢᠵᠣ ᠬᠢᠸᠠ ᠳᠤ ᠣᠷᠣᠭᠰᠠᠨ᠂ ᠬᠢᠸᠠ ᠶᠢᠨ ᠵᠠᠬᠢᠷᠣᠭᠴᠢ ᠵᠠᠾᠢᠷ ᠶᠠᠭᠠᠬᠢᠵᠣ ᠠᠷᠭ᠎ᠠ ᠭᠠᠷᠭᠠᠨ ᠲᠡᠳᠡ ᠬᠤᠶᠠᠭᠤᠯᠠ ᠶᠢ ᠪᠠᠷᠢᠪᠴᠢᠯᠠᠬᠤ ᠪᠠᠷ ᠣᠷᠣᠯᠳᠣᠭᠰᠠᠨ᠂ ᠲᠡᠳᠡ ᠬᠤᠶᠠᠭᠤᠯᠠ ᠶᠠᠭᠠᠬᠢᠵᠣ ᠲᠡᠭᠦᠨ ᠤ ᠣᠷᠣᠯᠳᠣᠯᠭ᠎ᠠ ᠶᠢ ᠨᠢᠴᠣᠭᠠᠭᠰᠠᠨ᠂ ᠲᠡᠳᠡ ᠬᠤᠶᠠᠭᠤᠯᠠ ᠲᠠᠬᠢᠨ ᠶᠠᠭᠠᠬᠢᠵᠣ ᠬᠢᠸᠠ ᠶᠢᠨ ᠡᠯᠡᠰᠦ ᠮᠠᠩᠬᠠᠨ ᠳᠤ ᠵᠠᠶᠢᠯᠠᠨ ᠣᠷᠣᠭᠰᠠᠨ᠂ ᠡᠨᠡᠬᠦ ᠡᠯᠡᠰᠦ ᠮᠠᠩᠬᠠᠨ ᠳᠤ ᠲᠡᠳᠡ ᠬᠤᠶᠠᠭᠤᠯᠠ ᠶᠢᠨ ᠲᠣᠭᠤᠯᠣᠭᠰᠠᠨ ᠬᠦᠴᠢᠷ ᠪᠡᠷᠭᠡᠰᠢᠶᠡᠯ᠂ ᠬᠤᠵᠢᠮ ᠶᠠᠭᠠᠬᠢᠵᠣ ᠲᠡᠳᠡ ᠬᠤᠶᠠᠭᠤᠯᠠ ᠶᠢ ᠲᠠᠭᠠᠬᠤ ᠲᠣᠷᠠᠳᠠᠢ ᠴᠦᠬᠡᠨ ᠬᠦᠮᠦᠨ ᠲᠠᠢ ᠴᠡᠷᠢᠭ ᠠᠩᠬᠢ ᠪᠣᠢ ᠪᠣᠯᠣᠭᠰᠠᠨ ᠵᠡᠷᠭᠡ ᠲᠡᠮᠦᠷ ᠤᠨ ᠭᠡᠨᠡᠨ ᠦᠩᠭᠡᠷᠡᠯᠳᠡ ᠪᠠᠶᠢᠳᠠᠭ ᠶᠣᠮ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号