ᠡᠮᠢᠷ ᠬᠤᠰᠢᠨ ᠪᠠ ᠡᠮᠢᠷ ᠲᠡᠮᠦᠷ ᠲᠠᠯᠢᠬᠠᠨ ᠪᠣᠯᠣᠨ ᠪᠠᠳᠠᠺᠱᠠᠨ ᠳᠤ ᠪᠣᠴᠠᠭᠰᠠᠨ ᠪᠠ ᠲᠡᠳᠡ ᠬᠤᠶᠠᠭᠤᠯᠠ  ᠶᠢᠨ ᠬᠤᠯᠪᠣᠭᠠᠯᠠᠯ
ᠨᠡᠶᠢᠲᠡᠯᠡᠭᠰᠡᠨ ᠴᠠᠭ᠄
2020/3/13
ᠶᠢᠰᠦᠳᠦᠭᠡᠷ ᠪᠦᠯᠦᠭ ᠵᠠᠯᠭᠠᠭᠠᠳ ᠡᠨᠡ ᠬᠤᠶᠠᠷ ᠸᠠᠩ ᠭᠥᠩ ᠺᠦᠨᠳᠦᠱ ᠲᠤ ᠢᠷᠡᠵᠦ ᠲᠡᠨᠳᠡᠬᠢ ᠪᠣᠯᠳᠠᠢ ︵Boldai︶① ᠠᠶᠢᠮᠠᠭ ᠠᠴᠠ ᠨᠢᠭᠡ ᠰᠠᠯᠠᠭ᠎ᠠ ᠴᠡᠷᠢᠭ ᠮᠣᠷᠢ ᠡᠯᠰᠡᠪᠡ᠃ ᠲᠡᠭᠡᠭᠡᠳ ᠪᠠᠳᠠᠺᠱᠠᠨ ᠵᠦᠭ ᠲᠤ ᠴᠡᠷᠢᠭᠯᠡᠪᠡ᠃ ᠲᠡᠳᠡ ᠲᠠᠯᠢᠬᠠᠨ② ᠳᠤ ᠬᠦᠷᠦᠭᠡᠳ ᠲᠡᠳᠡ ᠬᠤᠶᠠᠭᠤᠯᠠ ᠪᠠᠳᠠᠺᠱᠠᠨ ᠤ ᠸᠠᠩ ᠭᠦᠩ ᠨᠡᠷ ᠲᠠᠢ ᠡᠪᠰᠡᠵᠦ᠂ ᠡᠮᠦᠨᠡᠬᠢ ᠠᠯᠢᠪᠠ ᠰᠡᠵᠢᠭᠯᠡᠯ ᠬᠠᠷᠠᠳᠠᠯᠭ᠎ᠠ ᠪᠠᠨ ᠪᠦᠷᠢᠮᠦᠰᠦᠨ ᠲᠠᠶᠢᠯᠠᠵᠣ᠂ ᠠᠷᠬᠠᠨ③ ᠵᠦᠭ ᠲᠤ ᠡᠷᠬᠢᠪᠡ᠃ ᠲᠡᠳᠡ ᠲᠡᠨᠳᠡ ᠠᠴᠠ ᠭᠤᠣᠯ ᠭᠠᠲᠣᠯᠣᠨ᠂ ᠰᠠᠷᠢ ᠰᠠᠷᠠᠢ ᠪᠠᠷ ᠨᠦᠬᠦᠭᠡ ᠡᠷᠬᠢᠨ ᠳᠤ ᠭᠠᠷᠴᠣ᠂ ᠺᠠᠲᠯᠠᠨ ᠵᠦᠭ ᠲᠤ ᠴᠢᠭᠯᠡᠪᠡ᠃ ᠵᠠᠯᠭᠠᠭᠠᠳ ᠲᠡᠳᠡ ᠡᠯᠡᠰᠦ ᠮᠠᠩᠬ᠎ᠠ ᠶᠢ ᠲᠣᠭᠤᠯᠣᠨ ᠨᠢᠭᠡ ᠭᠦᠯᠠᠺ ︵Gulak︶ ᠭᠡᠳᠡᠭ ᠲᠣᠰᠬᠤᠨ ᠬᠦᠷᠴᠦ ᠴᠡᠷᠢᠭ ᠤᠨ ᠬᠦᠷᠢᠶ᠎ᠡ ᠪᠠᠭᠤᠵᠠᠢ᠃ ᠲᠡᠳᠡ ︽ᠦᠳᠡᠰᠢ ᠪᠣᠯ ᠪᠢᠳᠡᠨ ᠤ ᠠᠮᠠᠷᠠᠬᠤ ᠴᠠᠭ︾ ᠭᠡᠳᠡᠭ ᠡᠷᠳᠡᠨ ᠤ ᠦᠭᠡ ᠶᠢ ᠵᠢᠷᠣᠮᠯᠠᠨ ᠣᠨᠳᠠᠵᠣ ᠠᠮᠠᠷᠠᠬᠤ ᠪᠠᠷ ᠪᠣᠯᠵᠠᠢ᠃ ᠡᠮᠢᠷ ᠲᠡᠮᠦᠷ ᠶᠠᠭ ᠰᠠᠶᠢᠬᠠᠨ ᠣᠨᠳᠠᠵᠣ ᠠᠮᠠᠷᠠᠬᠤ ᠪᠠᠷ ᠬᠤᠪᠴᠠᠰᠣ ᠲᠡᠪᠡᠯ ᠢᠶᠠᠨ ᠲᠠᠶᠢᠴᠢᠨ᠂ ᠲᠡᠭᠦᠨ ᠤ ᠡᠷᠬᠢᠮ ᠬᠦᠯ ᠠᠴᠠ ᠭᠤᠳᠣᠯ ᠢᠶᠠᠨ ᠲᠠᠶᠢᠯᠠᠬᠤ ᠪᠠᠷ ᠪᠠᠶᠢᠳᠠᠯ᠎ᠠ᠂ ᠡᠮᠢᠷ ᠬᠦᠮᠦᠨ ᠢᠷᠡᠭᠦᠯᠦᠨ ᠲᠡᠭᠦᠨ ᠢ ᠵᠠᠯᠠᠭᠤᠯᠪᠠ᠃ ᠲᠡᠭᠦᠨ ᠢ ᠬᠤᠰᠢᠨ ᠤ ᠲᠡᠨᠳᠡ ᠬᠦᠷᠬᠦ ᠳᠤ ᠰᠠᠭᠤᠳᠠᠯ ᠳᠤ ᠪᠣᠯᠣᠳ · ᠪᠣᠬ᠎ᠠ ᠪᠠ ᠰᠢᠷ · ᠪᠠᠾᠷᠠᠮ ᠬᠤᠶᠠᠭᠤᠯᠠ ᠰᠠᠭᠤᠵᠣ ᠪᠠᠶᠢᠪᠠ᠃ ᠡᠮᠢᠷ ᠬᠤᠰᠢᠨ ᠡᠮᠢᠷ ᠲᠡᠮᠦᠷ ᠲᠤ ᠬᠠᠨᠳᠣᠵᠣ ᠰᠢᠷ · ᠪᠠᠾᠷᠠᠮ ᠳᠤ ᠭᠤᠮᠣᠷᠬᠠᠵᠣ ᠦᠬᠦᠯᠡᠷᠦᠨ᠄ ︽ᠡᠳᠦᠬᠡ ᠪᠢᠳᠡ ᠲᠠᠶᠢᠰᠣᠨ ᠠᠴᠠ ᠨᠢᠭᠡᠨᠳᠡ ᠮᠠᠰᠢ ᠣᠶᠢᠷᠬᠠᠨ ᠢᠷᠡᠭᠰᠡᠨ ᠪᠠᠶᠢᠳᠠᠯ᠎ᠠ ᠡᠨᠡ ᠦᠶ᠎ᠡ ᠪᠠᠷ ᠶᠠᠭᠠᠬᠢᠭᠰᠠᠨ ᠴᠦ ᠪᠢᠳᠡᠨ ᠠᠴᠠ ᠰᠠᠯᠵᠣ ᠶᠠᠪᠣᠬᠤ ᠦᠭᠡᠢ ᠪᠣᠯ ᠲᠠᠭᠠᠷᠠᠬᠤ ᠶᠣᠮᠰᠠᠨ᠃ ᠡᠨᠡ ᠴᠢᠨᠢ ᠦᠨᠡᠨᠴᠢ ᠵᠢᠷᠣᠮ ᠦᠭᠡᠢ ᠬᠡᠷᠡᠭ ᠪᠢᠰᠢ ᠶᠠᠭᠤ ᠪᠣᠢ︖︾ ᠭᠡᠵᠦ ᠬᠡᠯᠡᠵᠦ ᠭᠠᠷᠣᠯ᠎ᠠ᠃ ᠢᠩᠭᠢᠭᠡᠳ ᠡᠮᠢᠷ ᠲᠡᠮᠦᠷ ᠴᠦ ᠴᠢᠳᠠᠯ ᠤᠨ ᠬᠢᠷᠢ ᠪᠠᠷ ᠲᠡᠭᠦᠨ ᠢ ᠢᠣᠬᠠᠵᠠᠢ᠃ ᠭᠡᠪᠡᠴᠦ ᠶᠠᠮᠠᠷ ᠲᠣᠰᠠ ᠪᠣᠯᠣᠭᠰᠠᠨ ᠦᠭᠡᠢ᠂ ᠰᠢᠷ · ᠪᠠᠾᠷᠠᠮ ᠡᠴᠦᠰ ᠲᠡᠭᠡᠨ ᠬᠦᠳᠡᠯᠵᠦ ᠪᠢᠯᠵᠠᠸᠠᠨ ︵Biljawan︶④ ᠵᠦᠭ ᠶᠠᠪᠣᠵᠠᠢ᠃ᠶᠠᠭ ᠡᠨᠡ ᠦᠶ᠎ᠡ ᠪᠠᠷ ᠲᠡᠳᠡ ᠪᠠᠳᠣᠳᠠᠢ ᠴᠢᠮᠡᠭᠡ ᠣᠯᠵᠣ᠂ ᠲᠣᠬᠤᠯᠬᠤ · ᠰᠦᠯᠳᠦᠰ ᠪᠣᠯᠣᠨ ᠺᠠᠶᠢᠺᠦᠰᠷᠡᠥ ᠴᠦ ᠴᠡᠷᠢᠭ ᠢᠶᠠᠨ ᠲᠠᠶᠢᠴᠢᠯᠠᠨ ᠢᠷᠡᠵᠦ᠂ ᠪᠠᠰᠠ ᠲᠣᠩ ᠣᠯᠠᠨ ᠴᠠᠭᠠᠳᠠᠢ ᠶᠢᠨ ᠡᠮᠢᠷ ᠨᠡᠷ ᠴᠦ ᠬᠦᠷᠦᠯᠴᠡᠨ ᠢᠷᠡᠭᠡᠳ ᠪᠠᠶᠢᠯᠳᠣᠬᠤ ᠪᠠᠷ ᠪᠡᠯᠡᠳᠭᠡᠵᠦ ᠪᠠᠶᠢᠵᠠᠢ᠃ ᠡᠭᠦᠨ ᠠᠴᠠ ᠭᠠᠳᠠᠨ᠎ᠠ ᠵᠠᠯᠠ ᠪᠣᠯᠣᠨ ᠴᠢᠯᠠᠭᠤᠨ ᠬᠦᠬᠦᠷᠭᠡ ᠶᠢᠨ ᠬᠤᠭᠤᠷᠣᠨᠳᠣ ᠲᠡᠳᠡ ᠪᠠᠰᠠ ᠲᠠᠪᠣᠨ ᠲᠦᠮᠡᠨ ᠬᠦᠮᠦᠨ ᠲᠠᠢ ᠶᠡᠭᠡ ᠴᠡᠷᠢᠭ ᠠᠩᠬᠢ ᠪᠠᠨ ᠴᠣᠭᠯᠠᠷᠠᠭᠤᠯᠣᠭᠠᠳ ᠪᠠᠶᠢᠪᠠ ᠃ ᠲᠡᠭᠦᠨ ᠤ ᠵᠠᠩᠵᠣᠨ ᠨᠡᠷ ᠨᠢ ᠭᠡᠪᠡᠯ ᠪᠠᠪᠣᠬᠠᠨ ᠤ ᠬᠦᠪᠡᠭᠦᠨ ᠲᠡᠮᠦᠷ᠂ ᠰᠠᠷᠢᠾ᠂ ᠰᠦᠩᠬᠦᠮ᠂ ᠬᠠᠵᠢ · ᠪᠠᠬᠢ  ᠶᠢᠨ ᠲᠡᠭᠦᠥ ᠲᠣᠬᠤᠯᠬᠤ · ᠬᠤᠵᠠ᠂ ᠪᠠᠬᠢᠵᠢᠺ ᠤᠨ ᠬᠦᠪᠡᠭᠦᠨ ᠺᠦᠵᠢ · ᠲᠡᠮᠦᠷ ᠵᠢᠴᠢ ᠪᠠᠰᠠ ᠨᠡᠯᠢᠶᠡᠳ ᠣᠯᠠᠨ ᠲᠦᠮᠡᠳᠦ ᠮᠢᠩᠭᠠᠳᠠᠨ ᠨᠡᠷ ᠪᠠᠶᠢᠯᠴᠠᠵᠠᠢ᠃ ᠭᠡᠶ᠎ᠡ ᠲᠡᠳᠡᠨᠡᠷ ᠤᠨ ᠲᠣᠲᠣᠷ᠎ᠠ ᠠᠴᠠ ᠵᠢᠷᠭᠤᠭᠠᠨ ᠮᠢᠩᠭᠠᠨ ᠬᠦᠮᠦᠨ ᠨᠢ ᠣᠷᠭᠤᠵᠣ ᠭᠠᠷᠣᠭᠠᠳ ᠪᠠᠶᠢᠪᠠ᠃ ᠡᠮᠢᠷ ᠲᠡᠮᠦᠷ ᠠᠯᠯᠠᠾ ᠯᠠᠪ ᠪᠢᠳᠡᠨ ᠢ ᠲᠣᠰᠠᠯᠠᠨ᠎ᠠ ᠭᠡᠳᠡᠭ ᠢᠳᠡᠭᠡᠯ ᠢᠶᠠᠨ ᠴᠢᠩᠭᠠᠳᠬᠠᠵᠣ᠂ ᠺᠦᠷᠠᠨ ᠰᠣᠳᠣᠷ ᠠᠴᠠ ᠨᠢᠭᠡ ᠪᠠᠳᠠᠭ ᠣᠩᠰᠢᠨ ᠴᠡᠷᠢᠭ ᠤᠨ ᠰᠡᠳᠬᠢᠯ ᠢᠶᠠᠨ ᠠᠮᠣᠭᠤᠯᠪᠠ᠃ ᠲᠡᠷᠡ ᠬᠡᠯᠡᠭᠰᠡᠨ ᠨᠢ᠄ ︽ᠴᠦᠬᠡᠨ ᠴᠡᠷᠢᠭ ᠲᠠᠢ ᠬᠦᠮᠦᠰ ᠠᠯᠯᠠᠾ ᠶᠢᠨ ᠠᠪᠣᠷᠠᠯ ᠳᠤ ᠰᠢᠳᠦᠨ ᠣᠯᠠᠨ ᠴᠡᠷᠢᠭ ᠲᠠᠢ ᠲᠠᠶᠢᠰᠣᠨ ᠢ ᠢᠯᠠᠭᠰᠠᠨ ᠵᠢᠱᠢᠶ᠎ᠡ ᠮᠣᠩ ᠦᠭᠡᠢ ᠣᠯᠠᠨ ᠪᠠᠶᠢᠭ᠎ᠠ ᠶᠣᠮ︾ ᠭᠡᠵᠡᠢ᠃ ᠡᠨᠡᠬᠦ ᠪᠠᠳᠠᠭ ᠦᠭᠡ ᠪᠣᠯ ᠲᠡᠭᠦᠨ ᠤ ᠴᠢᠬᠢᠨ ᠳᠤ ᠲᠡᠭᠷᠢ ᠪᠣᠷᠬᠠᠨ ᠠᠴᠠ ᠠᠬᠢᠨ ᠲᠠᠬᠢᠨ ᠬᠠᠩᠬᠢᠨᠠᠳᠠᠯ᠎ᠠ ᠰᠣᠨᠣᠰᠬᠠᠵᠣ ᠪᠠᠶᠢᠭᠰᠠᠨ ᠦᠭᠡ ᠶᠣᠮ᠃ᠰᠢᠯᠦᠭ᠄ᠬᠦᠬᠡ ᠲᠠᠯᠠᠢ ᠳᠤ ᠬᠦᠮᠪᠢᠷ᠎ᠠ ᠮᠠᠲᠠᠷ ᠲᠣᠭᠰᠢᠷᠠᠨ᠂ᠬᠦᠬᠡᠮᠳᠦᠭ ᠠᠭᠤᠯᠠᠨ᠎ᠠ ᠦᠯᠦᠨ ᠪᠠᠷᠰ ᠭᠠᠯᠵᠠᠭᠤᠷᠠᠪᠠᠴᠣᠬᠦᠮᠦᠨ ᠤ ᠶᠢᠷᠲᠢᠨᠴᠦ ᠳᠤ ᠵᠠᠶᠠᠭ᠎ᠠ ᠪᠣᠶᠠᠨ ᠬᠤᠣᠰᠯᠠᠪᠠᠰᠣᠬᠦᠰᠡᠯ ᠪᠦᠬᠦᠨ ᠦᠯᠦ ᠪᠦᠳᠦᠨ ᠬᠡᠮᠡᠨ ᠪᠠᠶᠢᠮᠣᠢ ᠦᠦ ᠭᠡᠵᠡᠢ᠃ᠡᠮᠢᠷ ᠲᠡᠮᠦᠷ ᠬᠤᠶᠠᠷ ᠮᠢᠩᠭᠠᠬᠠᠨ ᠴᠡᠷᠢᠭ ᠪᠠᠭᠠᠳᠣᠷᠴᠣᠳ ᠢᠶᠠᠨ ᠲᠠᠭᠠᠭᠤᠯᠣᠨ ᠲᠠᠶᠢᠰᠣᠨ ᠲᠠᠢ ᠪᠠᠶᠢᠯᠳᠣᠷ᠎ᠠ ᠭᠠᠷᠴᠠᠢ᠃ ᠬᠤᠶᠠᠷ ᠲᠠᠯ᠎ᠠ ᠶᠢᠨ ᠴᠡᠷᠢᠭ ᠵᠣᠯᠭᠠᠨ ᠲᠡᠭᠷᠢ ᠭᠡᠭᠡᠷᠡᠬᠦ ᠶᠢᠨ ᠦᠶ᠎ᠡ ᠠᠴᠠ ᠡᠬᠢᠯᠡᠨ ᠪᠠᠶᠢᠯᠳᠣᠵᠣ᠂ ᠨᠠᠷᠠᠨ ᠳᠠᠰᠢᠳᠠᠯ᠎ᠠ ᠲᠣᠯᠣᠯᠳᠣᠵᠠᠢ᠃ ᠨᠢᠭᠡᠨ ᠡᠳᠦᠷ ᠲᠣᠵᠢ ᠰᠢᠷᠪᠦᠰᠦ ᠪᠠᠨ ᠰᠣᠨᠣᠳᠠᠯ᠎ᠠ ᠪᠠᠶᠢᠯᠳᠣᠭᠰᠠᠨ ᠴᠡᠷᠢᠭ ᠪᠠᠭᠠᠳᠣᠷᠴᠣᠳ ᠣᠷᠣᠢ ᠪᠣᠯᠬᠤ ᠶᠢᠨ ᠦᠶᠡᠰ ᠢᠶᠠᠷ ᠨᠢᠭᠡᠮᠦᠰᠦᠨ ᠶᠠᠲᠠᠷᠠᠵᠣ ᠲᠣᠶᠢᠯᠳᠣᠪᠠ᠃ ᠲᠡᠭᠡᠭᠡᠳ ᠬᠤᠶᠠᠷ ᠲᠠᠯ᠎ᠠ ᠪᠠᠷ ᠢᠶᠠᠨ ᠴᠡᠷᠢᠭ  ᠢᠶᠠᠨ ᠬᠤᠷᠢᠶᠠᠵᠣ ᠠᠮᠠᠷᠠᠪᠠ᠃ ᠣᠨᠴᠠᠭᠠᠶᠢᠯᠠᠨ ᠲᠠᠶᠢᠰᠣᠨ ᠤ ᠲᠤᠭ᠎ᠠ ᠬᠠᠷᠢᠴᠠᠯᠠᠰᠢ ᠦᠭᠡᠢ ᠣᠯᠠᠨ ᠪᠣᠯᠬᠤᠷ ᠲᠡᠮᠦᠷ  ᠤᠨ ᠴᠡᠷᠢᠭ ᠴᠦ ᠲᠣᠩ ᠵᠦᠳᠡᠷᠡᠵᠡᠢ᠃ᠡᠮᠢᠷ ᠲᠡᠮᠦᠷ ᠲᠣᠬᠠᠢ ᠶᠢᠨ ᠪᠠᠶᠢᠳᠠᠯ ᠢ ᠠᠵᠢᠵᠣ᠂ ᠵᠦᠪᠬᠡᠨ ᠪᠠᠭᠠᠳᠣᠷ ᠪᠠᠶᠢᠭᠠᠳ ᠠᠷᠭ᠎ᠠ ᠣᠬᠠᠭᠠᠨ ᠬᠡᠷᠡᠭᠯᠯᠡᠬᠦ ᠦᠭᠡᠢ ᠶᠣᠮ ᠪᠣᠯ ᠲᠣᠭᠠᠨ ᠤ ᠲᠠᠪᠠᠭᠤᠯᠢᠭ ᠲᠠᠢ ᠲᠠᠶᠢᠰᠣᠨ ᠢ ᠠᠷᠭᠠᠴᠠᠵᠣ ᠴᠢᠳᠠᠬᠤ ᠦᠭᠡᠢ ᠭᠡᠳᠡᠭ ᠢ ᠮᠡᠳᠡᠵᠦ᠂ ᠲᠡᠭᠦᠨ ᠤ ᠲᠠᠷᠢᠬᠢᠨ ᠳᠤ ᠨᠢᠭᠡᠨᠳᠡ ᠨᠢᠭᠡᠨ ᠣᠷᠠᠨ ᠠᠷᠭ᠎ᠠ ᠪᠠᠷ ᠲᠠᠶᠢᠰᠣᠨ ᠢᠶᠠᠨ ᠲᠠᠷᠣᠬᠤ ᠲᠦᠯᠦᠪᠯᠡᠭᠡ ᠪᠦᠷᠢᠳᠦᠪᠡ᠃ᠲᠣᠰ ᠪᠦᠯᠦᠭ ᠤᠨ ᠲᠠᠶᠢᠯᠪᠣᠷᠢ① ᠲᠣᠰ ᠠᠶᠢᠮᠠᠭ ᠤᠨ ᠨᠡᠷ᠎ᠡ ᠶᠢ ᠪᠣᠷᠣᠯᠳᠠᠢ ︵Buruldei︶ ᠭᠡᠵᠦ ᠬᠡᠯᠡᠬᠦ ᠴᠦ ᠶᠣᠮ ᠦᠦ ᠳ᠋ᠠ︖ ᠠᠯᠢ ᠭᠠᠯᠢᠭᠴᠢᠯᠠᠭ᠎ᠠ ᠨᠢ ᠴᠦ ᠲᠡᠶᠢᠮᠦ ᠵᠦᠪ ᠰᠠᠨᠠᠭᠳᠠᠭᠰᠠᠨ ᠦᠭᠡᠢ᠃② ᠲᠠᠯᠢᠬᠠᠨ ︵Talikhan︶ ᠢ ᠪᠠᠰᠠ ᠲᠠᠯᠢᠺᠠᠨ ︵Talikan︶ ᠭᠡᠳᠡᠭ᠂ ᠬᠤᠷᠣᠽᠠᠨ ᠪᠠ ᠫᠧᠷᠰ ᠲᠤ ᠡᠶᠢᠮᠦ ᠨᠡᠷ᠎ᠡ ᠲᠠᠢ ᠭᠠᠵᠠᠷ ᠨᠡᠯᠢᠶᠡᠳ ᠪᠠᠶᠢᠭ᠎ᠠ ᠶᠣᠮ᠃ ᠭᠡᠪᠡᠴᠦ ᠠᠳᠡ ᠬᠡᠯᠡᠵᠦ ᠪᠠᠶᠢᠭ᠎ᠠ ᠲᠠᠯᠢᠬᠠᠨ ᠪᠣᠯ ᠺᠦᠨᠳᠦᠱ ᠤᠨ ᠵᠡᠬᠦᠨᠳᠡᠢ ᠲᠦᠴᠢᠨ ᠲᠦᠷᠪᠡᠨ ᠮᠢᠯ ᠭᠠᠵᠠᠷ ᠲᠤ ᠪᠠᠶᠢᠨ᠎ᠠ᠃ ᠺᠦᠳᠦᠯ ᠲᠠᠷᠣᠢ ᠺᠠᠲᠯᠠᠨ ᠠᠴᠠ ᠲᠣᠯᠣᠭᠠᠨ ᠦᠷᠳᠡᠭᠡ  ᠶᠢᠨ ᠵᠠᠢ᠂ ᠲᠠᠷᠣᠢ ᠬᠤᠷᠢᠨ ᠨᠠᠢᠮᠠᠨ ᠮᠢᠯ ᠳᠤ ᠪᠠᠶᠢᠳᠠᠭ ᠶᠣᠮ᠃③ H · ᠶᠦᠯ ᠬᠡᠷᠬᠢᠮᠳᠡᠨ ᠤ ᠬᠡᠯᠡᠬᠦ ᠪᠠᠷ ᠠᠷᠬᠠᠨ ᠪᠣᠯ Arhang᠂ Arheng᠂ Arhend ᠭᠡᠵᠦ ᠭᠠᠯᠢᠭᠴᠢᠯᠠᠨ ᠪᠢᠴᠢᠳᠡᠭ ᠨᠢᠭᠡ ᠨᠣᠳᠤᠭ ᠤᠨ ᠨᠡᠷ᠎ᠡ ᠪᠣᠯᠣᠨ᠎ᠠ᠃ ᠠᠷᠬᠠᠨ ᠨᠣᠳᠤᠭ ᠠᠮᠣᠳᠠᠷᠢᠶ᠎ᠠ ᠮᠦᠷᠡᠨ ᠢ ᠠᠷᠣᠯᠠᠨ ᠪᠠᠶᠢᠷᠢᠰᠢᠵᠣ ᠪᠠᠶᠢᠭ᠎ᠠ ᠨᠢᠭᠡ ᠨᠣᠳᠤᠭ ᠶᠣᠮ᠃ ᠠᠳᠡ ᠠᠩᠬᠠᠷᠬᠤ ᠨᠢ ᠠᠮᠣᠲᠠᠷᠢᠶ᠎ᠠ ᠮᠦᠷᠡᠨ ᠢ ᠭᠷᠢᠭ ᠬᠡᠯᠡᠨ ᠳᠤ Oxus ᠭᠡᠳᠡᠭ ᠪᠣᠯᠬᠤᠷ ᠬᠢᠳᠠᠳ ᠰᠣᠷᠪᠣᠯᠵᠢ ᠳᠤ ᠦᠷᠬᠦᠯᠵᠢ ᠲᠡᠬᠦᠨ ᠢ ᠡᠣ ᠾᠣ᠋ ᠱᠦᠢ ᠭᠡᠳᠡᠭ ᠡᠰᠡᠬᠦᠯ᠎ᠡ ᠪᠠᠰᠠ ᠲᠣᠪᠴᠢᠯᠠᠭᠠᠳ ᠭᠦᠢ ᠱᠦᠢ ︵妫 guī 水︶ ᠭᠡᠳᠡᠭ ᠶᠣᠮ᠃ ᠠᠮᠣᠲᠠᠷᠢᠶ᠎ᠠ ᠮᠦᠷᠡᠨ ᠪᠣᠯ ᠲᠣᠮᠳᠠᠳᠣ ᠠᠽᠢ  ᠳᠠᠭᠠᠨ ᠬᠠᠮᠤᠭ ᠲᠣᠮᠣ ᠮᠦᠷᠡᠨ ᠪᠣᠯᠣᠨ᠎ᠠ᠂ ᠲᠣᠰ ᠭᠤᠣᠯ ᠠᠹᠭᠠᠨᠢᠰᠲ᠋ᠠᠨ ᠪᠠ ᠺᠠᠱᠮᠢᠷ ᠤᠨ ᠬᠤᠭᠤᠷᠣᠨᠳᠣᠬᠢ ᠦᠨᠳᠦᠷ ᠠᠭᠤᠯᠠᠰ ᠠᠴᠠ ᠡᠬᠢᠯᠡᠭᠰᠡᠨ ᠸᠠᠬᠠᠨ ᠭᠤᠣᠯ ᠪᠠ ᠫᠠᠮᠢᠷ ᠭᠤᠣᠯ ᠠᠴᠠ ᠡᠬᠢ ᠲᠠᠢ ᠭᠤᠣᠯ ᠪᠣᠯᠣᠨ᠎ᠠ᠃ ᠠᠮᠣᠲᠠᠷᠢᠶ᠎ᠠ ︵Amu Darya︶ ᠶᠢᠨ ᠨᠡᠷ᠎ᠡ ᠶᠢᠨ ᠢᠷᠡᠯᠳᠡ ᠶᠢ ᠲᠣᠰ ᠭᠤᠣᠯ ᠢ ᠠᠷᠣᠯᠠᠨ ᠠᠮᠢᠳᠣᠷᠠᠵᠣ ᠪᠠᠶᠢᠭᠰᠠᠨ ᠨᠣᠳᠤᠭ ᠤᠨ ᠢᠷᠭᠡᠳ ᠤᠨ ᠠᠶᠢᠮᠠᠭ ᠪᠦᠯᠦᠭ ᠤᠨ ᠨᠡᠷ᠎ᠡ ᠠᠴᠠ ᠢᠷᠡᠯᠳᠡ ᠲᠠᠢ ᠶᠠᠷᠢᠶ᠎ᠠ ᠪᠣᠢ᠃ ᠡᠨᠡᠬᠦ ᠨᠣᠳᠤᠭ ᠤᠨ ᠢᠷᠭᠡᠳ ᠤᠨ ᠠᠶᠢᠮᠠᠭ ᠪᠦᠯᠦᠭ ᠨᠡᠷ᠎ᠡ ᠨᠢ ᠠᠮᠠᠷᠳ᠋ ᠭᠡᠳᠡᠭ ᠪᠣᠯᠬᠤᠷ ᠠᠮᠠᠷᠳ᠋ ︵Amard︶  ᠶᠢᠨAmu ᠶᠢᠨ ᠬᠤᠶᠢᠨ᠎ᠠ ᠭᠤᠣᠯ ᠭᠡᠳᠡᠭ ᠣᠳᠬ᠎ᠠ ᠲᠠᠢ Darya ᠭᠡᠳᠡᠭ ᠦᠭᠡ ᠶᠢ ᠵᠠᠯᠭᠠᠨ ᠡᠨᠡᠬᠦ ᠭᠤᠣᠯ ᠤᠨ ᠨᠡᠷ᠎ᠡ ᠪᠦᠳᠦᠯ᠎ᠡ ᠭᠡᠯᠴᠡᠳᠡᠭ ᠶᠣᠮ᠃④ ᠲᠠᠷᠣᠢ ᠣᠳᠣ ᠦᠶ᠎ᠡ ᠶᠢᠨ ᠭᠠᠵᠠᠷ ᠤᠨ ᠵᠢᠷᠤᠭ ᠲᠠᠬᠢ Baljuan ᠭᠡᠳᠡᠭ ᠭᠠᠵᠠᠷ ᠪᠣᠯᠣᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号