ᠠᠷᠪᠠᠳᠣᠭᠠᠷ ᠪᠦᠯᠦᠭ | ᠡᠮᠢᠷ ᠲᠡᠮᠦᠷ ᠠᠴᠠ ᠡᠮᠢᠷ ᠮᠦᠰᠠ᠂ ᠡᠮᠢᠷ ᠮᠣᠸᠠᠭᠢᠳ᠋ · ᠠᠷᠯᠣᠳ ᠪᠣᠯᠣᠨ ᠦᠴᠢᠬᠠᠷᠠ · ᠪᠠᠭᠠᠳᠣᠷ ᠵᠡᠷᠭᠡ ᠶᠢ | ᠵᠠᠷᠯᠢᠭᠳᠠᠨ᠂ ᠲᠡᠳᠡᠨᠡᠷ ᠲᠤ ᠲᠠᠪᠣᠨ ᠵᠠᠭᠤᠨ ᠴᠡᠷᠢᠭ ᠦᠭᠴᠦ ᠴᠢᠯᠠᠭᠤᠨ ᠬᠦᠬᠦᠷᠭᠡᠨ ᠤ ᠬᠠᠵᠠᠭᠤ ᠳᠤ ᠪᠦᠭᠬᠦᠭᠦᠯᠵᠦ᠂ | ᠲᠡᠷᠡ ᠦᠪᠡᠷ ᠢᠶᠠᠨ ᠨᠢᠭᠡ ᠮᠢᠩᠭ᠎ᠠ ᠲᠠᠪᠣᠨ ᠵᠠᠭᠤᠨ ᠴᠡᠷᠢᠭ ᠢᠶᠠᠨ ᠲᠠᠭᠠᠭᠤᠯᠣᠨ ᠰᠦᠨᠢ ᠲᠦᠯᠢ ᠪᠠᠷ ᠭᠤᠣᠯ ᠢ | ᠣᠮᠪᠠᠨ ᠭᠠᠳᠣᠯᠵᠣ ᠲᠡᠷᠳᠡᠭᠡ ᠡᠷᠬᠢ ᠶᠢᠨ ᠠᠭᠤᠯᠠᠨ ᠣᠷᠣᠢ ᠶᠢ ᠡᠵᠡᠯᠡᠵᠡᠢ᠃ ᠲᠠᠷᠠᠭ᠎ᠠ ᠡᠷᠳᠡ ᠨᠢ ᠲᠠᠶᠢᠰᠣᠨ | ᠨᠤᠭᠤᠳ ᠲᠡᠳᠡᠨᠡᠷ ᠤᠨ ᠮᠦᠷ ᠠᠴᠠ ᠲᠡᠳᠡ ᠨᠢᠭᠡᠨᠳᠡ ᠠᠭᠤᠯᠠᠨ ᠣᠷᠣᠢ ᠶᠢ ᠡᠵᠡᠯᠡᠭᠰᠡᠨ ᠢ ᠮᠡᠳᠡᠭᠡᠳ ᠴᠡᠷᠢᠭ ᠤᠨ | ᠰᠡᠳᠬᠢᠯ ᠨᠢ ᠶᠡᠬᠡᠳᠡ ᠰᠠᠮᠠᠭᠤᠷᠠᠪᠠ᠃ ᠰᠦᠨᠢ ᠪᠣᠯᠣᠮᠠᠭᠴᠠ ᠡᠮᠢᠷ ᠲᠡᠮᠦᠷ ᠴᠡᠷᠢᠭ ᠲᠡᠭᠡᠨ ᠵᠠᠷᠯᠢᠭ ᠣᠯᠠᠮᠵᠢᠯᠠᠨ | ᠬᠠᠮᠤᠭ ᠦᠨᠳᠦᠷ ᠠᠭᠤᠯᠠᠨ ᠣᠷᠭᠢᠯ ᠠᠴᠠ ᠡᠬᠢᠯᠡᠨ ᠲᠦᠷᠪᠡᠨ ᠵᠦᠭ ᠲᠤ ᠶᠡᠭᠡ ᠭᠠᠯ ᠮᠠᠨᠳᠣᠭᠤᠯᠣᠨ ᠰᠦᠷ | ᠲᠠᠯᠪᠢᠭᠰᠠᠨ ᠳᠤ ᠭᠠᠯ ᠤᠨ ᠭᠡᠷᠡᠯ ᠲᠦᠷᠪᠡᠨ ᠵᠦᠭ ᠢ ᠭᠡᠶᠢᠭᠦᠯᠬᠦ ᠶᠢᠨ ᠦᠶ᠎ᠡ ᠳᠤ ᠴᠠᠭᠠᠳᠠᠢ ᠶᠢᠨ ᠴᠡᠷᠢᠭ ᠶᠡᠬᠡᠳᠡ | ᠠᠶᠣᠯᠳᠣᠵᠣ ᠪᠠᠶᠢᠯᠳᠣᠬᠤ ᠰᠡᠳᠬᠢᠯ ᠦᠭᠡᠢ ᠪᠣᠯᠵᠣ᠂ ᠲᠦᠷᠪᠡᠨ ᠵᠦᠭ ᠲᠤ ᠬᠤᠯᠣᠭᠠᠨᠠᠮᠡᠳᠦ ᠪᠠᠷ ᠲᠣᠯᠣᠭᠠᠢ ᠪᠠᠨ | ᠲᠡᠪᠡᠷᠢᠨ ᠪᠣᠷᠣᠭᠤᠯᠠᠪᠠ᠃ ᠠᠯᠯᠠᠾ ᠡᠨᠡ ᠮᠡᠳᠦ ᠪᠠᠷ ᠲᠠᠶᠢᠰᠣᠨ ᠠᠴᠠ ᠪᠠᠨ ᠠᠷᠪᠠᠨ ᠲᠠᠬᠢᠨ ᠣᠯᠠᠨ ᠴᠠᠭᠠᠳᠠᠢ ᠶᠢᠨ | ᠴᠡᠷᠢᠭ ᠢ ᠪᠠᠶᠢᠯᠳᠣᠭᠰᠠᠨ ᠴᠦ ᠦᠭᠡᠢ ᠪᠠᠷ ᠢᠯᠠᠭᠳᠠᠭᠤᠯᠣᠨ ᠪᠣᠳᠠᠷᠭᠠᠭᠰᠠᠨ ᠪᠢᠯᠡ᠃ ᠡᠬᠦᠨ ᠢ ᠪᠣᠯ᠄ ︽ᠠᠯᠯᠠᠾ | ᠠᠴᠠ ᠰᠣᠶᠣᠷᠬᠠᠭᠰᠠᠨ ᠢᠯᠠᠯᠳᠠ︾ ᠭᠡᠳᠡᠭ ᠶᠣᠮ᠃ | ᠲᠠᠶᠢᠰᠣᠨ ᠤ ᠴᠡᠷᠢᠭ ᠰᠠᠮᠠᠭᠤᠷᠠᠨ ᠪᠣᠷᠣᠭᠤᠯᠠᠵᠣ ᠪᠠᠶᠢᠭ᠎ᠠ ᠦᠶ᠎ᠡ ᠳᠤ ᠡᠮᠢᠷ ᠲᠡᠮᠦᠷ ᠦᠨᠳᠦᠷ ᠠᠭᠤᠯᠠᠨ ᠲᠡᠭᠡᠷ᠎ᠡ | ᠠᠴᠠ ᠲᠣᠷᠣᠭᠰᠢ ᠲᠠᠭᠠᠷᠢᠨ ᠪᠠᠭᠤᠯ᠎ᠠ ᠲᠡᠭᠦᠨ ᠤ ᠴᠡᠷᠢᠭ ᠦᠯᠦᠨ ᠪᠠᠷᠰ ᠦᠭᠶᠦᠭᠡ ᠳᠤ ᠲᠣᠪᠳᠣᠯᠬᠤ ᠮᠡᠳᠦ᠂ | ᠲᠣᠭᠰᠢᠨ ᠲᠠᠪᠠᠯᠭᠠᠨ ᠮᠡᠳᠦ ᠪᠠᠷ ᠲᠠᠶᠢᠰᠣᠨ ᠢ ᠬᠤᠮᠢᠨ ᠲᠠᠭᠠᠷᠢᠵᠣ ᠰᠢᠭᠤᠳ ᠭᠤᠵᠠᠷᠠᠲ ᠭᠡᠳᠡᠭ ᠭᠠᠵᠠᠷ ᠬᠦᠷᠳᠡᠯ᠎ᠡ | ᠨᠡᠬᠡᠮᠵᠢᠯᠡᠨ ᠠᠯᠠᠭᠰᠠᠨ ᠶᠣᠮ᠃ ᠲᠠᠶᠢᠰᠣᠨ ᠤ ᠦᠬᠦᠳᠡᠯ ᠳᠤ ᠵᠠᠮ ᠪᠦᠭᠯᠡᠷᠡᠵᠦ ᠪᠠᠶᠢᠯ᠎ᠠ᠃ ᠡᠮᠢᠷ ᠲᠡᠮᠦᠷ ᠢᠯᠠᠯᠳᠠ | ᠶᠢᠨ ᠲᠠᠭᠤᠨ ᠢᠶᠠᠨ ᠲᠠᠭᠤᠷᠢᠰᠦᠭᠤᠯᠣᠨ᠂ ᠭᠤᠵᠠᠷᠠᠲ ᠲᠤ ᠴᠡᠷᠢᠭ ᠪᠠᠭᠤᠵᠣ ᠠᠮᠠᠷᠠᠪᠠ᠃ ᠡᠮᠢᠷ ᠬᠤᠰᠢᠨ ᠬᠠᠷᠢᠨ | ᠲᠠᠶᠢᠰᠣᠨ ᠢᠶᠠᠨ ᠦᠷᠬᠦᠯᠵᠢᠯᠡᠨ ᠨᠡᠬᠡᠮᠵᠢᠯᠡᠵᠡᠢ᠃ ᠡᠨᠡ ᠣᠳᠠᠭᠠᠨ ᠤ ᠢᠯᠠᠯᠳᠠ ᠠᠴᠠ ᠡᠮᠢᠷ ᠲᠡᠮᠦᠷ ᠤᠨ ᠨᠡᠷ᠎ᠡ ᠰᠦᠷ | ᠲᠠᠶᠠᠩ ᠲᠡᠯᠡᠬᠡᠢ ᠳᠤ ᠠᠯᠳᠠᠷᠰᠢᠵᠣ᠂ ᠲᠡᠭᠦᠨ ᠤ ᠴᠡᠷᠢᠭ ᠤᠨ ᠰᠦᠷ ᠬᠦᠴᠦᠨ ᠬᠢᠵᠠᠭᠠᠯᠠᠰᠢ ᠦᠭᠡᠢ ᠮᠠᠨᠳᠣᠪᠠ᠃ | ᠨᠡᠩ ᠴᠢᠬᠤᠯᠠ ᠨᠢ ᠲᠡᠷᠡ ᠡᠨᠡ ᠣᠳᠠᠭᠠᠨ ᠤ ᠲᠠᠶᠢᠨ ᠤ ᠢᠯᠠᠯᠳᠠ ᠨᠢᠭᠡᠨᠳᠡ ᠲᠡᠯᠡᠬᠡᠢ ᠲᠠᠬᠢᠨ ᠢ ᠲᠠᠭᠤᠷᠢᠰᠬᠠᠨ᠂ | ᠲᠡᠬᠦᠨ ᠤ ᠠᠴᠢ ᠬᠤᠯᠪᠣᠭᠳᠠᠯ ᠠᠭᠤᠣ ᠶᠡᠭᠡ ᠭᠡᠳᠡᠭ ᠢ ᠣᠬᠠᠭᠠᠷᠠᠨ ᠲᠠᠨᠢᠵᠠᠢ᠃ ᠡᠶᠢᠮᠦ ᠠᠴᠠ ᠲᠡᠷᠡ ᠬᠤᠶᠠᠷ | ᠮᠢᠩᠭᠠᠨ ᠬᠦᠮᠦᠨ ᠢᠶᠠᠨ ᠲᠠᠭᠠᠭᠤᠯᠣᠨ ᠮᠣᠷᠳᠠᠨ ᠭᠠᠷᠴᠣ ᠺᠦᠷᠤᠬ᠎ᠠ ᠭᠤᠣᠯ ︵ᠲᠠᠷᠣᠢ ᠲᠡᠮᠦᠷ ᠬᠠᠭᠠᠯᠭᠠᠳᠣ ᠪᠣᠭᠤᠮᠳᠠ | ︶ ᠳᠤ ᠬᠦᠷᠬᠦ ᠦᠶ᠎ᠡ ᠳᠤ ᠺᠧᠱ ᠪᠠ ᠣᠶᠢᠷᠠᠯᠴᠠᠭ᠎ᠠ ᠨᠣᠳᠤᠭ ᠤᠨ ᠬᠦᠮᠦᠰ ᠪᠦᠷ ᠴᠠᠭᠠᠳᠠᠢ ᠶᠢᠨ ᠴᠡᠷᠢᠭ ᠠᠴᠠ | ᠵᠠᠶᠢᠯᠠᠨ᠂ ᠠᠳᠡ ᠢᠷᠡᠵᠦ ᠡᠮᠢᠷ ᠲᠡᠮᠦᠷ ᠤᠨ ᠬᠠᠮᠠᠭᠠᠯᠠᠯ ᠳᠤ ᠪᠠᠭᠳᠠᠯᠴᠠᠬᠤ ᠪᠠᠷ ᠭᠤᠶᠣᠴᠢᠯᠠᠨ ᠴᠣᠭᠯᠠᠷᠠᠪᠠ᠃ ᠡᠮᠦᠷ | ᠲᠡᠮᠦᠷ ᠭᠠᠷ ᠲᠣᠣᠷᠠᠬᠢ ᠬᠤᠶᠠᠷ ᠮᠢᠩᠭᠠᠨ ᠬᠦᠮᠦᠨ ᠤ ᠲᠣᠮᠳᠠ ᠠᠴᠠ ᠰᠣᠩᠭᠤᠵᠣ ᠪᠠᠶᠢᠭᠠᠳ ᠭᠤᠷᠪᠠᠨ ᠵᠠᠭᠤᠨ | ᠬᠦᠮᠦᠨ ᠭᠠᠷᠭᠠᠵᠣ᠂ ᠦᠪᠡᠷ ᠤᠨ ᠰᠢᠳᠠᠷ ᠬᠠᠮᠠᠭᠠᠯᠠᠭᠴᠢ ᠪᠣᠯᠭᠠᠨ᠂ ᠦᠪᠡᠷ ᠤᠨ ᠪᠡᠶ᠎ᠡ ᠪᠠᠷ ᠲᠠᠶᠢᠴᠢᠯᠠᠨ ᠮᠣᠷᠳᠠᠵᠣ᠂ | ᠪᠣᠰᠣᠳ ᠴᠡᠷᠢᠭ ᠢᠶᠠᠨ ᠠᠷᠣ ᠳᠠᠭᠠᠨ ᠦᠯᠡᠳᠡᠭᠡᠪᠡ᠃ ᠵᠠᠯᠭᠠᠭᠠᠳ ᠲᠠᠬᠢᠨ ᠰᠣᠯᠠᠶᠢᠮᠠᠨ · ᠪᠠᠷᠣᠯᠠᠰ᠂ ᠴᠠᠺᠦᠢ · | ᠪᠠᠷᠣᠯᠠᠰ᠂ ᠪᠠᠾᠷᠠᠮ · ᠵᠠᠯᠠᠶᠢᠷ᠂ ᠵᠠᠯᠠᠯᠳᠢᠨ · ᠪᠠᠷᠣᠯᠠᠰ᠂ ᠰᠠᠶᠢᠹᠳᠢᠨ ᠪᠣᠯᠣᠨ ᠶᠣᠯ · ᠲᠡᠮᠦᠷ ᠵᠡᠷᠭᠡ ᠬᠦᠮᠦᠨ ᠳᠤ | ᠦᠪᠡᠷ ᠤᠨ ᠭᠤᠷᠪᠠᠨ ᠵᠠᠭᠤᠨ ᠬᠦᠮᠦᠨ ᠤ ᠲᠣᠮᠳᠠ ᠠᠴᠠ ᠬᠤᠶᠠᠷ ᠵᠠᠭᠤ ᠶᠢ ᠨᠢ ᠰᠠᠯᠭᠠᠨ ᠦᠭᠴᠦ ᠺᠧᠱ ᠲᠤ | ᠶᠠᠪᠣᠭᠤᠯᠪᠠ᠃ ᠲᠡᠳᠡᠨᠡᠷ ᠢ ᠲᠦᠷᠪᠡᠨ ᠵᠠᠮ ᠬᠤᠪᠢᠶᠠᠨ᠂ ᠬᠦᠮᠦᠨ ᠪᠦᠷᠢ ᠮᠣᠷᠢᠨ ᠤ ᠪᠠᠨ ᠬᠤᠶᠠᠷ ᠲᠠᠯ᠎ᠠ ᠳᠤ ᠰᠠᠯᠠᠭ᠎ᠠ | ᠨᠠᠮᠠᠭ᠎ᠠ ᠶᠡᠭᠡ ᠮᠣᠳᠣ ᠶᠢ ᠴᠢᠷᠴᠦ᠂ ᠶᠡᠭᠡ ᠲᠣᠭᠤᠰᠣ ᠮᠠᠨᠠᠷᠠᠭᠤᠯᠣᠨ ᠲᠣᠪᠳᠣᠯᠳᠣᠭᠠᠢ ᠭᠡᠵᠡᠢ᠃ ᠡᠭᠦᠨ ᠢᠶᠠᠷ ᠢᠶᠠᠨ | ᠺᠧᠱ ᠤᠨ ᠵᠠᠬᠢᠷᠣᠭᠴᠢ ᠶᠢ ᠡᠮᠢᠶᠡᠯᠬᠡᠨ ᠲᠣᠳᠠᠭᠠᠯᠭᠠᠬᠤ ᠭᠡᠰᠡᠨ ᠠᠵᠠᠢ᠃ ᠲᠡᠳᠡᠨᠡᠷ ᠲᠡᠭᠦᠨ ᠤ ᠵᠠᠷᠯᠢᠭ ᠢ ᠴᠢᠩᠭ᠎ᠠ | ᠨᠢᠮᠪᠠᠢ ᠪᠡᠶᠡᠯᠡᠭᠦᠯᠪᠡ᠃ ᠡᠳᠡᠭᠡᠷ ᠬᠦᠮᠦᠰ ᠺᠧᠱ ᠤᠨ ᠲᠡᠭᠰᠢ ᠲᠠᠯ᠎ᠠ ᠳᠤ ᠣᠷᠣᠭᠠᠳ ᠳᠣᠭᠤᠰᠣ ᠮᠠᠨᠠᠷᠠᠭᠤᠯᠣᠨ | ᠲᠠᠪᠬᠢᠯᠳᠣᠭᠰᠠᠨᠠ᠂ ᠺᠧᠱ ᠤᠨ ᠲᠠᠷᠤᠬᠠ① ᠨᠣᠶᠠᠨ ᠨᠢ ᠡᠨᠡᠬᠦ ᠲᠡᠭᠷᠢ ᠲᠣᠯᠣᠮ᠎ᠠ ᠲᠣᠭᠤᠰᠣ ᠶᠢ ᠬᠠᠷᠠᠭᠠᠳ ᠠᠶᠣᠨ | ᠰᠣᠴᠢᠵᠣ ᠪᠣᠷᠣᠭᠤᠯᠠᠨ ᠲᠣᠳᠠᠭᠠᠪᠠ᠃ | ᠠᠯᠯᠠᠾ ᠲᠡᠭᠷᠢ ᠡᠨᠡ ᠮᠡᠳᠦ ᠪᠠᠷ ᠬᠡᠮᠵᠢᠶᠡᠯᠡᠰᠢ ᠦᠭᠡᠢ ᠡᠨᠡᠷᠢᠯ ᠬᠡᠰᠢᠭ ᠢᠶᠠᠨ ᠬᠦᠷᠳᠡᠭᠡᠨ᠂ ᠵᠦᠪᠬᠡᠨ ᠭᠠᠯ ᠤᠨ ᠭᠡᠷᠡᠯ | ᠢᠶᠠᠷ ᠬᠦᠴᠦᠷᠬᠡᠭ ᠲᠠᠶᠢᠰᠣᠨ ᠢ ᠣᠭᠵᠠᠳᠬᠠᠨ ᠲᠣᠳᠠᠭᠠᠯᠭᠠᠵᠣ᠂ ᠲᠣᠭᠤᠰᠣ ᠰᠢᠷᠣᠢ ᠪᠠᠷ ᠨᠢᠭᠡᠨ ᠬᠤᠳᠠ ᠶᠢ ᠡᠵᠡᠯᠡᠨ | ᠠᠪᠣᠪᠠ᠃ ᠡᠨᠡ ᠦᠨᠡᠬᠡᠷ ᠰᠢᠯᠦᠭ ᠲᠤ ᠦᠬᠦᠯᠡᠭᠰᠡᠨ ᠮᠡᠳᠦ᠄ | ᠡᠪᠳᠡᠷᠡᠬᠦ ᠣᠯᠣᠰ ᠲᠤ ᠢᠷᠸ᠎ᠠ ᠲᠠᠭᠠᠯᠴᠠᠨ᠂ | ᠡᠰᠨᠢᠬᠦ ᠲᠦᠷᠦ ᠳᠤ ᠪᠡᠯᠭᠡ ᠲᠦᠭᠦᠷᠡᠩ ᠠᠵᠠᠢ᠃ | ᠡᠨᠡ ᠦᠶ᠎ᠡ ᠪᠠᠷ ᠢᠯᠢᠶᠠᠰ ᠬᠤᠵᠠ ᠬᠠᠭᠠᠨ ᠶᠠᠭ ᠰᠠᠶᠢᠬᠠᠨ ᠲᠠᠱ · ᠠᠷᠢᠬᠢ ᠭᠡᠳᠡᠭ ᠭᠠᠵᠠᠷ ᠬᠦᠷᠢᠶ᠎ᠡ ᠪᠠᠭᠤᠭᠠᠳ | ᠪᠠᠶᠢᠵᠠᠢ᠃ ᠡᠨᠡ ᠭᠠᠵᠠᠷ ᠴᠢᠯᠠᠭᠤᠨ ᠬᠤᠳᠠ ᠠᠴᠠ ᠲᠦᠷᠪᠡᠬᠡᠨ ᠦᠷᠳᠡᠭᠡ ᠵᠠᠶᠢᠳᠠᠢ ᠠᠵᠠᠢ᠃ ᠲᠡᠭᠦᠨ ᠤ ᠲᠡᠷᠭᠡᠳᠡ | ᠸᠠᠩ ᠭᠦᠩ ᠢᠵᠠᠭᠤᠷᠳᠠᠨ ᠶᠡᠬᠡᠰ ᠪᠠ ᠲᠣᠭᠠᠯᠠᠰᠢ ᠦᠭᠡᠢ ᠣᠯᠠᠨ ᠴᠡᠷᠢᠭ ᠲᠠᠶᠢᠴᠢᠳ ᠲᠠᠢ ᠪᠠᠶᠢᠪᠠ᠃ ᠪᠠᠷᠤᠭ ᠡᠨᠡ | ᠦᠶ᠎ᠡ ᠪᠠᠷ ᠲᠣᠬᠤᠯᠭ᠎ᠠ ᠲᠡᠮᠦᠷ ᠬᠠᠭᠠᠨ ᠨᠠᠰᠣ ᠪᠠᠷᠠᠪᠠ᠃ ᠢᠩᠬᠢᠭᠡᠳ ᠦᠯᠦᠭ · ᠲᠡᠮᠦᠷ ᠪᠠ ᠡᠮᠢᠷ · ᠬᠠᠮᠢᠳ᠋ | ᠢᠷᠡᠵᠦ ᠢᠯᠢᠶᠠᠰ ᠬᠤᠵᠠ ᠳᠤ ᠭᠠᠰᠢᠭᠤᠳᠠᠯ ᠤᠨ ᠴᠢᠮᠡᠭᠡ ᠬᠦᠷᠭᠡᠵᠦ᠂ ᠲᠡᠭᠦᠨ ᠢ ᠨᠣᠳᠤᠭ ᠲᠤᠨᠢ ᠬᠠᠮᠠᠭᠠᠯᠠᠨ | ᠬᠦᠷᠭᠡᠵᠦ᠂ ᠡᠴᠢᠭᠡ ᠬᠢᠨᠢ ᠬᠠᠭᠠᠨ ᠰᠠᠭᠤᠷᠢᠨ ᠳᠤ ᠰᠠᠭᠤᠯᠭᠠᠵᠠᠢ᠃ ᠡᠨᠡ ᠦᠶ᠎ᠡ ᠪᠠᠷ ᠡᠮᠢᠷ ᠲᠡᠮᠦᠷ ᠵᠠᠭᠤ | ᠭᠠᠷᠣᠢ ᠰᠢᠯᠢᠳᠡᠭ ᠰᠢᠳᠠᠷ ᠴᠡᠷᠢᠭ ᠢᠶᠠᠨ ᠲᠠᠭᠠᠭᠤᠯᠵᠣ᠂ ᠬᠤᠵᠠᠷ ᠲᠤ ᠬᠦᠷᠬᠦ ᠦᠶ᠎ᠡ ᠳᠤ ᠶᠠᠭ ᠰᠠᠶᠢᠬᠠᠨ ᠲᠡᠭᠷᠢ | ᠭᠡᠭᠡᠷᠡᠵᠦ ᠪᠠᠶᠢᠯ᠎ᠠ᠃ ᠲᠣᠰ ᠬᠤᠳᠠ ᠶᠢᠨ ᠠᠷᠠᠳ ᠢᠷᠭᠡᠳ ᠡᠨᠡᠬᠦ ᠡᠷᠬᠢᠮ ᠸᠠᠩ ᠭᠦᠩ ᠤᠨ ᠬᠦᠷᠦᠯᠴᠡᠨ ᠢᠷᠡᠭᠰᠡᠨ ᠢ | ᠰᠣᠨᠣᠰᠣᠭᠠᠳ᠂ ᠪᠦᠷ ᠬᠤᠳᠠ ᠭᠠᠷᠴᠣ ᠭᠠᠵᠠᠷ ᠲᠦᠭᠦᠷᠡᠳᠡᠯ᠎ᠡ ᠰᠦᠭᠦᠳᠦᠨ ᠣᠭᠳᠣᠵᠣ᠂ ᠲᠣᠷᠠᠳᠠᠶᠠ ᠲᠡᠭᠦᠨ ᠳᠤ | ᠲᠠᠭᠠᠬᠤ ᠪᠠᠨ ᠢᠯᠠᠳᠭᠡᠵᠡᠢ᠃ ᠵᠠᠯᠭᠠᠭᠠᠳ ᠲᠡᠷᠡ ᠺᠧᠱ ᠪᠠ ᠬᠤᠵᠠᠡ ᠤ ᠴᠡᠷᠢᠭ ᠢᠶᠠᠨ ᠨᠡᠶᠢᠯᠡᠭᠦᠯᠦᠨ᠂ ᠬᠤᠵᠠ · | ᠰᠠᠯᠢᠪᠠᠷᠢ ︵Khwaja Salibari︶ ᠶᠢ ᠵᠠᠷᠯᠢᠭᠳᠠᠨ ᠬᠤᠶᠢᠳᠣ ᠬᠠᠶᠢᠭᠤᠯ ᠪᠣᠯᠭᠠᠪᠠ᠃ ᠲᠡᠷᠡ ᠦᠪᠡᠷ ᠢᠶᠠᠨ | ᠡᠨᠡᠬᠦ ᠢᠯᠠᠭᠳᠠᠰᠢ ᠦᠭᠡᠢ ᠶᠡᠭᠡ ᠴᠡᠷᠢᠭ ᠢᠶᠠᠨ ᠣᠳᠣᠷᠢᠳᠣᠨ ᠴᠧᠺᠠᠳᠠᠯᠢᠺ ᠵᠦᠭ ᠴᠡᠷᠢᠭᠯᠡᠨ ᠬᠦᠷᠴᠦ ᠴᠡᠷᠢᠭ ᠤᠨ | ᠬᠦᠷᠢᠶ᠎ᠡ ᠪᠠᠭᠤᠪᠠ᠃ ᠡᠨᠡ ᠦᠶ᠎ᠡ ᠪᠠᠷ ᠰᠦᠯᠳᠦᠰ ᠤᠨ ᠬᠦᠪᠡᠭᠦᠨ ᠮᠠᠬᠠᠮᠣᠳ᠋ ᠲᠣᠯᠣᠭᠠᠨ ᠬᠤᠰᠢᠭᠤ② ᠴᠡᠷᠢᠭ ᠢᠶᠠᠨ | ᠲᠠᠭᠠᠭᠤᠯᠣᠨ ᠢᠷᠡᠵᠦ ᠴᠡᠷᠢᠭ ᠨᠡᠶᠢᠯᠡᠪᠡ᠃ ᠲᠡᠭᠡᠭᠡᠳ ᠲᠡᠨᠳᠡ ᠲᠣᠯᠣᠭᠠᠨ ᠡᠳᠦᠷ ᠰᠠᠭᠤᠪᠠ᠃ ᠡᠨᠡ ᠬᠤᠭᠤᠴᠠᠭᠠᠨ | ᠳᠤ ᠡᠮᠢᠷ ᠬᠤᠰᠢᠨ ᠦᠪᠡᠷ ᠤᠨ ᠴᠡᠷᠢᠭ ᠪᠠ ᠡᠮᠢᠷ ᠲᠡᠮᠦᠷ ᠤᠨ ᠦᠯᠡᠳᠡᠭᠡᠭᠰᠡᠨ ᠴᠡᠷᠢᠭ ᠢ ᠲᠠᠭᠠᠭᠤᠯᠣᠨ ᠺᠦᠷᠠᠬᠠ ︵ | ᠲᠡᠮᠦᠷ ᠬᠠᠭᠠᠯᠭᠠᠳᠣ ᠪᠣᠭᠤᠮᠳᠠ︶ ᠬᠦᠷᠪᠡ᠃ ᠦᠩᠭᠡᠷᠡᠭᠰᠡᠨ ᠳᠤ ᠭᠦᠯᠠᠺ ᠤᠨ ᠬᠡᠬᠡᠷ᠎ᠡ ᠲᠠᠯ᠎ᠠ ᠳᠤ ᠲᠡᠳᠡᠨᠡᠷ ᠠᠴᠠ | ᠬᠠᠭᠠᠴᠠᠭᠰᠠᠨ ᠰᠢᠷ · ᠪᠠᠾᠷᠠᠮ ᠲᠦᠴᠢᠨ ᠭᠤᠷᠪᠠᠨ ᠡᠳᠦᠷ ᠤᠨ ᠲᠠᠷᠠᠭ᠎ᠠ ᠪᠠᠷ ᠲᠠᠬᠢᠨ ᠢᠷᠡᠵᠦ ᠲᠡᠳᠡ ᠨᠡᠷ ᠢ | ᠳᠦᠰᠢᠨ ᠦᠪᠡᠷ ᠤᠨ ᠬᠦᠮᠦᠰ ᠢᠶᠠᠨ ᠡᠷᠭᠢᠵᠦ ᠦᠵᠡᠬᠦ ᠪᠠᠷ ᠢᠷᠡᠪᠡ᠃ ᠵᠠᠯᠭᠠᠭᠠᠳ ᠲᠡᠳᠡ ᠣᠯᠠᠭᠤᠯᠠ ᠡᠮᠢᠷ ᠲᠡᠮᠦᠷ | ᠪᠠ ᠡᠮᠢᠷ ᠬᠤᠰᠢᠨ ᠤ ᠲᠤᠭ ᠤᠨ ᠲᠣᠣᠷ᠎ᠠ ᠵᠢᠬᠰᠠᠭᠠᠯᠴᠠᠨ᠂ ᠬᠤᠵᠠᠷ ᠵᠦᠭ ᠲᠤ ᠣᠷᠣᠭᠰᠢᠯᠠᠪᠠ᠃ ᠬᠤᠵᠠᠷ | ᠬᠦᠷᠦᠭᠰᠡᠨ ᠤ ᠰᠡᠬᠦᠯᠡᠷ ᠲᠡᠳᠡ ᠬᠤᠵᠠ · ᠷᠠᠶᠢᠮᠧᠰ③ ᠤᠨ ᠣᠩᠭᠤᠨ ᠳᠤ ᠪᠠᠷᠠᠭᠠᠯᠠᠨ᠂ ᠲᠡᠳᠡᠨᠡᠷ ᠠᠳᠡ ᠡᠨᠡᠬᠦ | ᠠᠯᠯᠠᠾ ᠲᠡᠭᠷᠢ ᠠᠴᠠ ᠬᠡᠰᠢᠭ ᠪᠣᠶᠠᠨ ᠬᠦᠷᠳᠡᠭᠡᠭᠰᠡᠨ ᠠᠯᠳᠠᠷᠲᠣ ᠬᠦᠮᠦᠨ ᠤ ᠰᠦᠨᠡᠰᠦ ᠶᠢᠨ ᠡᠮᠦᠨ᠎ᠡ ᠲᠠᠩᠭᠠᠷᠢᠭᠯᠠᠨ | ᠦᠬᠦᠨ ᠦᠬᠦᠳᠡᠯ᠎ᠡ ᠡᠪᠳᠡᠷᠡᠰᠢ ᠦᠭᠡᠢ ᠲᠠᠷᠬᠠᠨ ᠬᠤᠯᠪᠣᠭ᠎ᠠ ᠲᠣᠭᠳᠠᠭᠠᠨ᠎ᠠ ᠭᠡᠵᠦ ᠠᠨᠳᠠᠭᠠᠶᠢᠯᠠᠪᠠ᠃ | ᠲᠣᠰ ᠪᠦᠯᠦᠭ ᠤᠨ ᠲᠠᠶᠢᠯᠪᠣᠷᠢ | ① ᠺᠧᠱ ᠤᠨ ᠲᠠᠷᠤᠬᠠ ᠭᠡᠳᠡᠭ ᠨᠢ ᠲᠠᠷᠣᠢ ᠡᠷᠳᠡᠨ ᠤ ᠮᠣᠩᠭᠤᠯ ᠨᠡᠶᠢᠭᠡᠮ ᠳᠤ ᠪᠠᠶᠢᠭᠰᠠᠨ ᠲᠠᠷᠣᠭᠠᠴᠢ ᠶᠢ ᠵᠢᠭᠠᠵᠣ | ᠪᠠᠶᠢᠨ᠎ᠠ᠃ ᠡᠨᠡ ᠲᠠᠷᠤᠬᠠ ᠨᠢ ᠲᠠᠷᠤᠭ᠎ᠠ ᠶᠢᠨ ᠡᠷᠳᠡᠨ ᠤ ᠪᠢᠴᠯᠭᠡ ᠶᠣᠮ᠃ ᠡᠭᠦᠨ ᠢ ᠪᠠᠰᠠ ᠬᠤᠳᠠ ᠶᠢᠨ | ᠵᠠᠬᠢᠷᠣᠭᠴᠢ ᠭᠡᠬᠦ ᠪᠣᠶᠣ ᠬᠤᠳᠠ ᠰᠠᠬᠢᠵᠣ ᠪᠠᠶᠢᠭ᠎ᠠ ᠴᠡᠷᠢᠭ ᠤᠨ ᠲᠠᠷᠤᠭ᠎ᠠ ᠭᠡᠵᠦ ᠦᠵᠡᠵᠦ ᠪᠣᠯᠣᠨ᠎ᠠ᠃ | ② ᠠᠳᠡ ᠬᠡᠯᠡᠵᠦ ᠪᠠᠶᠢᠭ᠎ᠠ ᠰᠦᠯᠳᠦᠰ ᠤᠨ ᠬᠦᠪᠡᠭᠦᠨ ᠭᠡᠳᠡᠭ ᠨᠢ ᠲᠠᠷᠣᠢ ᠲᠣᠬᠤᠯᠭ᠎ᠠ ᠲᠡᠮᠦᠷ ᠬᠠᠭᠠᠨ ᠳᠤ | ᠠᠯᠠᠭᠳᠠᠭᠰᠠᠨ ᠪᠠᠶᠠᠨ · ᠰᠦᠯᠳᠦᠰ ᠤᠨ ᠬᠦᠪᠡᠭᠦᠨ ᠮᠦᠨ᠃ ᠣᠣᠯ ᠦᠭᠡ ᠨᠢ ᠰᠦᠯᠳᠦᠰ ᠤᠨ ᠬᠦᠪᠡᠭᠦᠨ | ᠲᠣᠯᠣᠭᠠᠨ ᠲᠤᠭ ᠲᠤ ᠴᠡᠷᠢᠭ ᠠᠩᠬᠢ ᠪᠠᠨ ᠲᠠᠭᠠᠭᠤᠯᠣᠨ ᠢᠷᠡᠵᠦ ᠴᠡᠷᠢᠭ ᠨᠡᠶᠢᠯᠡᠪᠡ ᠭᠡᠵᠡᠢ᠃ ᠪᠠᠷᠤᠭ ᠲᠣᠯᠣᠭᠠᠨ | ᠲᠤᠭ ᠢᠶᠠᠷ ᠠᠩᠬᠢᠯᠠᠭᠰᠠᠨ ᠴᠡᠷᠢᠭ ᠭᠡᠳᠡᠭ ᠣᠳᠬ᠎ᠠ ᠲᠠᠢ ᠦᠭᠡ ᠮᠠᠭᠠᠳ᠂ ᠡᠰᠡᠬᠦᠯ᠎ᠡ ᠲᠣᠬᠠᠢ ᠶᠢᠨ ᠦᠶ᠎ᠡ ᠳᠤ | ᠲᠠᠷᠣᠢ ᠲᠣᠯᠣᠭᠠᠨ ᠬᠤᠰᠢᠭᠤ ᠴᠡᠷᠢᠭ ᠭᠡᠳᠡᠭ ᠴᠦ ᠪᠣᠯᠣᠯᠳᠠᠢ — ᠮᠣᠩᠭᠤᠯᠴᠢᠯᠠᠭᠴᠢ ᠠᠴᠠ᠃ | ③ ᠬᠤᠵᠢᠮ ᠤᠨ ᠬᠦᠮᠦᠰ ᠤᠨ ᠬᠠᠷᠭᠤᠯᠠᠭᠰᠠᠨ ᠢᠶᠠᠷ ᠠᠳᠡ ᠪᠠᠶᠢᠭ᠎ᠠ ᠠᠯᠳᠠᠷ ᠲᠤ ᠬᠦᠮᠦᠨ ᠤ ᠣᠩᠭᠤᠨ ᠭᠡᠪᠡᠯ | ᠱᠠᠮᠰ — ᠦᠳ᠋ᠳᠢᠨ ᠤ ᠣᠩᠭᠤᠨ ᠪᠣᠯᠣᠨ᠎ᠠ ᠭᠡᠳᠡᠭ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |