︽ᠠᠷᠪᠠᠨ ᠨᠢᠭᠡᠳᠦᠭᠡᠷ ᠪᠦᠯᠦᠭ  ᠡᠮᠢᠷ ᠲᠡᠮᠦᠷ ᠵᠡᠭᠦᠳᠦ ᠵᠡᠭᠦᠳᠦᠯᠡᠨ ᠦᠯᠵᠡᠢ ᠪᠡᠯᠭᠡᠳᠦ ᠵᠦᠩ ᠰᠣᠪᠢᠩ ᠬᠡᠮᠡᠨ ᠦᠵᠡᠵᠦ ᠴᠡᠷᠢᠭ ᠲᠠᠶᠢᠯᠠᠨ ᠢᠯᠢᠶᠠᠰ ᠬᠤᠵᠠ ᠬᠠᠭᠠᠨ ᠢ ᠲᠠᠶᠢᠯᠠᠪᠠ ᠃
ᠨᠡᠶᠢᠲᠡᠯᠡᠭᠰᠡᠨ ᠴᠠᠭ᠄
2020/3/13
ᠠᠷᠪᠠᠨ ᠨᠢᠭᠡᠳᠦᠭᠡᠷ ᠪᠦᠯᠦᠭ  ᠮᠦᠬᠠᠮᠦᠳ᠋ ᠪᠣᠭᠳᠠ ︵ᠠᠯᠯᠠᠾ ᠲᠡᠭᠦᠨ ᠳᠤ ᠠᠮᠣᠷ ᠠᠮᠣᠭᠤᠯᠠᠩ ᠰᠣᠶᠣᠷᠬᠠᠬᠤ ᠪᠣᠯᠳᠣᠭᠠᠢ︶ ᠦᠭᠦᠯᠡᠷᠦᠨ᠄ ︽ᠦᠨᠡᠨ ᠪᠣᠳᠠᠳᠠᠢ ᠵᠡᠬᠦᠳᠦ ᠪᠣᠯ ᠪᠣᠭᠳᠠᠰ ᠬᠦᠮᠦᠨ ᠤ ᠲᠦᠴᠢᠨ ᠵᠢᠷᠭᠤᠭᠠᠨ ᠵᠦᠢᠯ ᠤᠨ ᠣᠢ ᠪᠢᠯᠢᠭ ᠤᠨ ᠨᠢᠭᠡ ᠨᠢ ᠮᠦᠨ︾ ᠭᠡᠵᠡᠢ᠃ ᠡᠨᠡ ᠬᠡᠰᠡᠭ ᠪᠣᠭᠳᠠ ᠶᠢᠨ ᠰᠣᠷᠭᠠᠯ ᠤᠨ ᠲᠠᠶᠢᠯᠪᠣᠷᠢ ᠪᠣᠯ᠄ ᠪᠦᠬᠦᠨ ᠢ ᠮᠡᠳᠡᠭᠴᠢ ᠪᠦᠬᠦᠨ ᠢ ᠴᠢᠳᠠᠭᠴᠢ ᠠᠯᠯᠠᠾ ︵ᠲᠡᠷᠡ ᠪᠣᠯ ᠬᠠᠮᠤᠭ ᠠᠭᠤᠣ ᠶᠡᠭᠡ︶ ᠬᠡᠷᠪᠡ ᠬᠡᠨ ᠨᠢᠭᠡᠨ ᠬᠦᠮᠦᠨ ᠳᠤ ᠣᠨᠴᠠ ᠡᠨᠡᠷᠢᠯ ᠬᠦᠷᠳᠡᠭᠡᠶ᠎ᠡ ᠭᠡᠪᠡᠯ ᠣᠷᠢᠳᠠᠪᠠᠷ ᠲᠡᠭᠦᠨ ᠳᠤ ᠵᠦᠩ ᠰᠣᠪᠢᠩ ᠮᠡᠳᠡᠭᠳᠡᠨ᠎ᠡ᠃ ᠢᠩᠬᠢᠵᠦ ᠲᠡᠭᠦᠨ ᠢᠶᠠᠷ ᠡᠴᠢᠨ᠎ᠡ ᠲᠠᠯᠳᠠ ᠶᠢᠨ ᠨᠢᠭᠤᠴᠠ ᠶᠢ ᠰᠡᠷᠡᠭᠳᠡᠭᠦᠯᠵᠦ᠂ ᠲᠡᠭᠦᠨ ᠤ ᠡᠬᠡᠯ ᠶᠡᠷᠦᠮᠳᠡᠭ ᠰᠡᠳᠭᠢᠯ ᠤᠨ ᠭᠦᠨ ᠳᠤ ᠠᠯᠢᠪᠠ ᠶᠢ ᠣᠬᠠᠬᠤ ᠴᠢᠳᠠᠪᠣᠷᠢ ᠬᠠᠶᠢᠷᠠᠯᠠᠨ᠂ ᠡᠭᠦᠰᠴᠦ ᠮᠡᠳᠡᠬᠦ ᠬᠡᠷᠡᠭ ᠣᠴᠢᠷ ᠢ ᠣᠷᠢᠳᠴᠢᠯᠠᠨ ᠰᠡᠷᠡᠭᠳᠡᠭᠦᠯᠦᠨ᠎ᠡ᠃ ᠬᠦᠮᠦᠰ  ᠤᠨ ᠣᠯᠠᠮᠵᠢᠯᠠᠨ ᠶᠠᠷᠢᠯᠴᠠᠬᠤ ᠪᠠᠷ ᠶᠦᠰᠦᠪ ᠪᠣᠯ ᠲᠠᠷᠣᠢ ᠠᠯᠢ ᠡᠷᠳᠡ ᠬᠡᠳᠦᠨ ᠵᠢᠯ ᠳᠤ ᠵᠡᠭᠦᠳᠦᠨ ᠰᠣᠪᠢᠩ ᠢᠶᠠᠷ ᠲᠡᠭᠦᠨ ᠤ ᠡᠴᠢᠬᠡ ᠪᠠ ᠣᠯᠠᠨ ᠠᠬ᠎ᠠ ᠲᠡᠭᠦᠥ ᠨᠡᠷ ᠢᠶᠠᠨ ᠢᠷᠡᠬᠦ ᠶᠢ ᠮᠡᠳᠡᠭᠰᠡᠨ ᠭᠡᠳᠡᠭ᠃ ᠪᠣᠭᠳᠠᠰ ᠤᠨ ᠲᠡᠷᠢᠭᠦᠯᠡᠭᠴᠢ ᠮᠦᠬᠠᠮᠦᠳ᠋ ᠴᠦ ᠵᠡᠭᠦᠳᠦᠨ ᠵᠦᠩ ᠢᠶᠠᠷ ᠮᠧᠺᠺᠠ ᠶᠢᠨ ᠲᠠᠶᠢᠯᠠᠨ ᠲᠠᠭᠠᠭᠤᠯᠣᠭᠳᠠᠬᠤ ᠭᠡᠵᠦ ᠪᠠᠶᠢᠭ᠎ᠠ ᠶᠢ ᠣᠷᠢᠳᠴᠢᠯᠠᠨ ᠮᠡᠳᠡᠭᠰᠡᠨ ᠭᠡᠳᠡᠭ ᠶᠣᠮ᠃ᠡᠭᠦᠨ ᠲᠠᠢ ᠠᠳᠠᠯᠢ ᠪᠠᠷ ᠡᠮᠢᠷ ᠲᠡᠮᠦᠷ ᠨᠢᠭᠡᠨ ᠡᠳᠦᠷ ᠦᠪᠡᠷ ᠤᠨ ᠬᠦᠴᠢᠷ ᠪᠡᠷᠬᠡᠰᠢᠶᠡᠯᠳᠦ ᠪᠠᠶᠢᠳᠠᠯ ᠢᠶᠠᠨ ᠪᠣᠳᠣᠵᠣ᠂ ᠴᠦᠬᠡᠨ ᠬᠦᠮᠦᠨ ᠢᠶᠠᠷ ᠣᠯᠠᠨ ᠢ ᠲᠠᠶᠢᠯᠠᠨ ᠲᠠᠭᠠᠭᠤᠯᠵᠣ ᠲᠡᠶᠢᠯᠦᠬᠦ ᠦᠭᠡᠢ ᠵᠡᠷᠭᠡ ᠬᠦᠴᠢᠷᠳᠡᠯ ᠢ ᠰᠠᠨᠠᠵᠣ᠂ ᠶᠠᠭᠠᠬᠢᠵᠣ ᠲᠠᠷᠠᠭ᠎ᠠ ᠠᠯᠬᠤᠮ ᠢᠶᠠᠨ ᠲᠣᠭᠳᠠᠭᠠᠬᠤ ᠶᠢ ᠪᠣᠳᠣᠭᠰᠠᠭᠠᠷ ᠵᠡᠭᠦᠷᠮᠡᠭᠯᠡᠨ ᠣᠨᠳᠠᠵᠣ ᠪᠠᠶᠢᠳᠠᠯ᠎ᠠ᠂ ᠨᠢᠭᠡᠨ ᠲᠣᠪ ᠲᠣᠲᠣᠷᠬᠠᠢ ᠲᠠᠭᠤᠨ ᠲᠡᠭᠦᠨ ᠳᠤ᠄ ︽ᠰᠡᠷᠢᠭᠡᠴᠢ᠂ ᠵᠣᠷᠢᠭ ᠲᠠᠢ ᠪᠠᠢ᠂ ᠰᠢᠨᠳᠠᠷᠠᠵᠣ ᠪᠣᠯᠬᠤ ᠦᠭᠡᠢ᠂ ᠠᠯᠯᠠᠾ ᠲᠡᠨ  ᠳᠤ ᠠᠯᠢ ᠡᠷᠳᠡ ᠢᠯᠠᠯᠳᠠ ᠶᠢ ᠪᠡᠯᠡᠭᠯᠡᠨ ᠬᠦᠷᠭᠡᠭᠰᠡᠨ ᠶᠣᠮ︾ ᠭᠡᠵᠦ ᠬᠡᠯᠡᠬᠦ ᠶᠢ ᠰᠣᠨᠣᠰᠴᠠᠢ᠃ ᠲᠡᠷᠡ ᠵᠡᠭᠦᠳᠦᠨ  ᠠᠴᠠ ᠪᠠᠨ ᠰᠣᠴᠢᠨ ᠰᠡᠷᠢᠭᠡᠳ᠂ ᠰᠠᠶ᠋ᠢᠬᠠᠨ ᠬᠡᠨ ᠶᠠᠭᠤᠮ᠎ᠠ ᠦᠬᠦᠯᠡᠭᠰᠡᠨ ᠪᠣᠢ ᠭᠡᠵᠦ ᠠᠰᠠᠭᠤᠭᠰᠠᠨ ᠳᠤ ᠲᠡᠨᠳᠡ ᠪᠠᠶᠢᠯᠴᠠᠭᠰᠠᠳ ᠪᠦᠷ ᠨᠢᠭᠡᠨ ᠵᠡᠷᠭᠡᠳᠡ ᠬᠡᠨ ᠴᠦ ᠶᠠᠭᠤᠮ᠎ᠠ ᠶᠠᠷᠢᠭᠰᠠᠨ ᠦᠭᠡᠢ ᠭᠡᠵᠦ ᠬᠠᠷᠢᠭᠤᠯᠪᠠ᠃ ᠲᠡᠭᠡᠭᠡᠳ ᠲᠡᠷᠡ ᠡᠨᠡ ᠦᠭᠡ ᠪᠣᠯ ᠲᠡᠭᠷᠢ ᠠᠴᠠ ᠬᠠᠶᠢᠷᠠᠯᠠᠭᠰᠠᠨ ᠰᠣᠶᠣᠷᠬᠠᠯ ᠪᠣᠯᠬᠤ ᠶᠢ ᠮᠡᠳᠡᠵᠦ᠂ ᠡᠨᠡ ᠪᠣᠯ ᠲᠠᠷᠣᠢ ᠠᠯᠯᠠᠾ  ᠠᠴᠠ ᠬᠦᠷᠳᠡᠭᠡᠭᠰᠡᠨ ᠠᠩᠬᠢᠯᠣᠮ᠎ᠠ ᠦᠨᠦᠷ ᠲᠠᠢ ᠵᠦᠭᠡᠯᠡᠨ ᠰᠠᠯᠬᠢ ᠪᠠᠷ ᠲᠡᠭᠦᠨ ᠳᠤ ᠡᠨᠡᠷᠢᠯ ᠤᠨ ᠬᠦᠷᠢᠶᠡᠯᠡᠩ ᠠᠴᠠ  ᠪᠠᠨ ᠬᠦᠷᠭᠡᠵᠦ ᠢᠷᠡᠭᠰᠡᠨ ᠬᠡᠰᠢᠭ ᠪᠣᠶᠠᠨ ᠪᠣᠯᠣᠨ᠎ᠠ ᠭᠡᠳᠡᠭ ᠲᠤ ᠪᠠᠳᠣ ᠢᠳᠡᠭᠡᠵᠡᠢ᠃ ᠲᠡᠷᠡ ᠡᠭᠦᠨ ᠤ ᠠᠯᠯᠠᠾ ᠶᠢᠨ ᠲᠡᠭᠦᠨ ᠳᠤ ᠰᠣᠶᠣᠷᠬᠠᠭᠰᠠᠨ ᠰᠠᠬᠢᠭᠤᠯᠰᠣᠨ ᠲᠣᠰᠠᠯᠠᠮᠵᠢ ᠭᠡᠳᠡᠭ ᠲᠤ ᠡᠷᠡᠭᠡᠯᠵᠡᠭᠡ ᠦᠭᠡᠢ ᠪᠣᠯᠵᠣ᠂ ᠰᠡᠳᠭᠢᠯ ᠰᠡᠷᠭᠦᠨ ᠵᠣᠷᠢᠭ ᠬᠦᠪᠴᠢᠯᠡᠭᠳᠡᠨ᠂ ᠡᠮᠢᠷ ᠬᠤᠰᠢᠨ ᠤ ᠲᠡᠨᠳᠡ ᠬᠦᠷᠴᠦ᠂ ᠡᠨᠡᠬᠦ ᠣᠴᠠᠷᠠᠯ ᠢᠶᠠᠨ ᠲᠡᠭᠦᠨ ᠳᠤ ᠬᠡᠯᠡᠵᠦ ᠦᠭᠭᠦᠪᠡ᠃ ᠡᠨᠡ ᠴᠢᠮᠡᠭᠡ ᠮᠠᠰᠢ ᠲᠦᠷᠭᠡᠨ ᠵᠡᠷ ᠪᠦᠬᠦ ᠴᠡᠷᠢᠭ ᠲᠤ ᠲᠠᠷᠬᠠᠭᠠᠭᠳᠠᠨ᠂ ᠣᠯᠠᠨ ᠤ ᠣᠮᠤᠭ ᠵᠣᠷᠢᠭ ᠢ ᠶᠡᠬᠡᠳᠡ ᠬᠦᠪᠴᠢᠯᠡᠭᠳᠡᠨ ᠦᠨᠡᠨᠡᠴᠢ ᠵᠢᠷᠣᠮ ᠤᠨ ᠰᠡᠳᠬᠢᠯ ᠳᠤ ᠦᠩᠭᠡ ᠶᠢᠨ ᠴᠡᠴᠡᠭ ᠮᠢᠷᠠᠯᠵᠠᠨ ᠦᠷᠯᠦᠭᠡ ᠶᠢᠨ ᠨᠠᠷᠠᠨ ᠤ ᠣᠯᠠᠪᠢᠷ ᠲᠣᠶᠠᠭ᠎ᠠ ᠶᠢ ᠣᠭᠳᠣᠬᠤ ᠮᠡᠳᠦ ᠪᠣᠯᠪᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号