ᠡᠮᠢᠷ ᠲᠡᠮᠦᠷ ᠪᠠ ᠡᠮᠢᠷ ᠬᠤᠰᠢᠨ ᠬᠤᠶᠠᠭᠤᠯᠠ ᠬᠠᠮᠳᠣᠪᠠᠷ ᠴᠠᠭᠠᠳᠠᠢ ᠶᠢᠨ ᠴᠡᠷᠢᠭ ᠲᠠᠢ ᠲᠣᠯᠣᠯᠳᠣᠨ ᠢᠯᠠᠯᠳᠠ ᠣᠯᠣᠭᠰᠠᠨ ᠨᠢ
ᠨᠡᠶᠢᠲᠡᠯᠡᠭᠰᠡᠨ ᠴᠠᠭ᠄
2020/3/13
ᠠᠷᠪᠠᠨ ᠬᠤᠶᠠᠳᠣᠭᠠᠷ ᠪᠦᠯᠦᠭ ᠡᠮᠢᠷ ᠬᠤᠰᠢᠨ ᠪᠠ ᠡᠮᠢᠷ ᠲᠡᠮᠦᠷ ᠣᠯᠠᠨ ᠫᠠᠳᠢᠱᠠᠾ ᠤᠨ ᠫᠠᠳᠢᠱᠠᠾ ︵ᠲᠡᠭᠦᠨ ᠤ ᠨᠡᠷ᠎ᠡ ᠠᠯᠳᠠᠷ ᠪᠣᠯ ᠲᠦᠢᠯ ᠤᠨ ᠡᠷᠬᠢᠮᠰᠦᠭ ᠶᠣᠮ︶ ᠲᠤ ᠮᠠᠭᠳᠠᠭᠠᠯ ᠪᠠ ᠨᠠᠮᠠᠨᠴᠢᠯᠠᠯ ᠬᠢᠭᠰᠡᠨ ᠤ ᠲᠠᠷᠠᠭ᠎ᠠ ᠲᠠᠶᠢᠨ ᠤ ᠠᠭᠳᠠ ᠲᠠᠭᠠᠨ ᠮᠣᠷᠳᠠᠵᠣ᠂ ᠲᠠᠶᠢᠯᠠᠯᠳᠣᠬᠤ ᠪᠠᠷ ᠪᠡᠯᠡᠳᠭᠡᠪᠡ᠃ ᠲᠡᠳᠡ ᠴᠡᠷᠢᠭ ᠠᠩᠬᠢ ᠪᠠᠨ ᠬᠤᠶᠠᠷ ᠬᠤᠪᠢᠶᠠᠨ᠂ ᠡᠮᠢᠷ ᠬᠤᠰᠢᠨ ᠪᠠᠷᠠᠭᠤᠨ ᠵᠢᠭᠦᠷ ᠢ ᠵᠠᠬᠢᠷᠴᠣ᠂ ᠢᠯᠠᠯᠳᠠ ᠶᠢᠨ ᠲᠤᠭ ᠢᠶᠠᠨ ᠦᠨᠳᠦᠷ ᠮᠠᠨᠳᠣᠭᠤᠯᠵᠠᠢ᠃ ᠡᠮᠢᠷ ᠲᠡᠮᠦᠷ ᠦᠪᠡᠷ ᠤᠨ ᠢᠯᠠᠭᠳᠠᠰᠢ ᠦᠭᠡᠢ ᠴᠡᠷᠢᠭ ᠢᠶᠠᠨ ᠣᠳᠣᠷᠢᠳᠣᠨ᠂ ᠵᠡᠭᠦᠨ ᠵᠢᠭᠦᠷ ᠪᠣᠯᠪᠠ᠃ ᠲᠡᠳᠡ ᠡᠳᠡᠭᠡᠷ ᠴᠡᠷᠢᠭ ᠢᠶᠠᠨ ᠪᠠᠶᠢᠷᠢᠰᠢᠯᠠᠭᠤᠯᠵᠣ ᠪᠠᠷᠠᠭᠠᠳ ᠣᠷᠣᠭᠰᠢᠯᠠᠨ ᠣᠷᠣᠪᠠ᠃ᠡᠨᠡ ᠦᠶ᠎ᠡ ᠳᠤ ᠲᠠᠶᠢᠰᠣᠨ ᠲᠠᠱ ᠠᠷᠢᠬᠢ ᠳᠤ ᠰᠠᠭᠤᠵᠣ ᠪᠠᠶᠢᠪᠠ᠃ ᠲᠡᠳᠡ ᠴᠦ ᠴᠡᠷᠢᠭ ᠢᠶᠠᠨ ᠬᠤᠶᠠᠷ ᠬᠤᠪᠢᠶᠠᠨ ᠢᠯᠢᠶᠠᠰ ᠬᠤᠵᠠ ᠬᠠᠭᠠᠨ ᠪᠣᠯᠣᠨ ᠡᠮᠢᠷ ᠬᠠᠮᠢᠳ᠋ ᠵᠡᠭᠦᠨ ᠵᠢᠭᠦᠷ ᠢ ᠵᠠᠬᠢᠷᠣᠨ᠂ ᠡᠮᠢᠷ ᠲᠤᠭ · ᠲᠡᠮᠦᠷ ᠪᠠ ᠡᠮᠢᠷ ᠪᠠᠬᠢᠵᠢᠺ ᠪᠠᠨᠭᠤᠨ ᠵᠢᠭᠦᠷ ᠢ ᠵᠠᠬᠢᠷᠴᠠᠢ᠃ ᠬᠤᠶᠠᠷ ᠲᠠᠯ᠎ᠠ ᠪᠠᠷ ᠢᠶᠠᠨ ᠵᠢᠬᠰᠠᠭᠠᠯ ᠢᠶᠠᠨ ᠪᠠᠶᠢᠷᠢᠰᠢᠯᠠᠭᠤᠯᠵᠣ ᠪᠠᠷᠠᠮᠠᠭᠴᠠ ᠲᠠᠶᠢᠯᠠᠯᠳᠣᠵᠣ ᠡᠬᠢᠯᠡᠪᠡ᠃ᠰᠢᠯᠦᠭ᠄ ᠴᠠᠭ ᠦᠶ᠎ᠡ ᠶᠢᠨ ᠬᠠᠮᠠᠭᠠᠯᠠᠭᠴᠢ ᠰᠠᠬᠢᠭᠤᠰᠣ ᠪᠠᠭᠠᠳᠣᠷᠴᠣᠳ ᠢ ᠢᠪᠡᠬᠡᠨ᠂ᠴᠠᠭᠯᠠᠰᠢ ᠦᠭᠡᠢ ᠡᠷᠡᠮᠡᠬᠡᠢ ᠵᠣᠷᠢᠭ ᠬᠦᠪᠴᠢᠨ ᠲᠡᠯᠡᠬᠡᠢ ᠶᠢ ᠨᠦᠮᠦᠷᠢᠪᠡᠢ᠃ᠲᠠᠶᠢᠴᠢᠨ ᠰᠦᠷ ᠤᠨ ᠭᠡᠷᠡᠯ ᠬᠢᠯᠪᠠᠭ᠎ᠠ ᠲᠦᠷᠪᠡᠨ ᠵᠦᠭ ᠢ ᠭᠡᠷᠡᠯᠳᠦᠯᠡᠬᠦᠶ ᠠᠨᠣᠲᠢᠪ ᠭᠡᠷᠡᠯᠳᠦᠯᠦᠭᠴᠢ ᠨᠠᠷᠠᠨ ᠰᠠᠷᠠᠨ ᠲᠡᠭᠷᠢ ᠳᠤ ᠡᠯᠬᠦᠭᠳᠡᠭᠰᠡᠨ ᠮᠡᠳᠦ᠃ᠴᠡᠷᠢᠭ ᠡᠷᠡᠰ ᠤᠨ ᠣᠣᠬᠠᠶᠢᠯᠠᠬᠤ ᠲᠠᠭᠤᠨ ᠳᠤ ᠭᠠᠵᠠᠷ ᠲᠡᠷᠪᠡᠨ ᠴᠡᠴᠡᠷᠬᠢᠯᠡᠵᠦᠵᠢᠳᠠ ᠢᠯᠳᠦ ᠶᠢᠨ ᠵᠢᠭᠡᠬᠦᠨ ᠬᠡᠷᠡᠯ ᠡᠭᠦᠯᠡ ᠨᠡᠪᠳᠡᠯᠡᠨ ᠬᠢᠯᠠᠯᠵᠠᠮᠣᠢ᠃ᠬᠤᠶᠠᠷ ᠲᠠᠯ᠎ᠠ ᠶᠢᠨ ᠴᠡᠷᠢᠭ ᠺᠠᠳᠠ · ᠮᠠᠳᠠᠨ ᠭᠡᠳᠡᠭ ᠭᠠᠵᠠᠷ ᠲᠤ ᠵᠣᠯᠭᠠᠯᠳᠣᠨ ᠪᠠᠶᠢᠯᠳᠣᠵᠣ᠂ ᠬᠠᠰᠬᠢᠷᠣᠯᠳᠣᠬᠤ ᠲᠠᠭᠤᠨ ᠲᠡᠭᠷᠢ ᠲᠣᠯᠵᠠᠢ᠃ ᠡᠮᠢᠷ ᠲᠡᠮᠦᠷ ᠤᠨ ᠴᠡᠷᠢᠭ ᠬᠠᠮᠤᠭ ᠣᠷᠢᠳᠠᠪᠠᠷ ᠲᠠᠶᠢᠰᠣᠨ ᠤ ᠲᠠᠭᠠᠷᠢᠯᠳᠠ ᠳᠤ ᠦᠷᠳᠦᠵᠦ᠂ ᠲᠠᠶᠢᠰᠣᠨ ᠦᠪᠡᠷ ᠤᠨ ᠬᠦᠮᠦᠨ ᠣᠯᠠᠨ ᠳᠠᠭᠠᠨ ᠡᠷᠳᠦᠵᠦ ᠣᠷᠣᠭᠰᠢ ᠲᠠᠭᠠᠷᠢᠨ ᠢᠷᠡᠯ᠎ᠡ᠃ᠭᠡᠪᠡᠴᠦ ᠡᠮᠢᠷ ᠲᠡᠮᠦᠷ ᠤᠨ ᠴᠡᠷᠢᠭ ᠠᠭᠤᠯᠠ ᠮᠡᠳᠦ ᠰᠦᠨᠳᠡᠷᠯᠡᠨ ᠦᠪᠡᠷ ᠤᠨ ᠵᠢᠬᠰᠠᠭᠠᠯ ᠢᠶᠠᠨ ᠪᠠᠳᠣ ᠰᠠᠬᠢᠨ ᠵᠣᠭᠰᠣᠪᠠ᠃ ᠶᠠᠭ ᠰᠠᠶᠢᠬᠠᠨ ᠲᠡᠭᠦᠨ ᠤ ᠸᠠᠩᠳᠣ ᠣᠯᠣᠰ ᠮᠡᠳᠦ ᠪᠠᠷ ᠲᠡᠮᠦᠷ ᠮᠡᠳᠦ ᠪᠠᠳᠣ ᠰᠠᠭᠤᠷᠢ ᠲᠠᠢ ᠪᠠᠶᠢᠯ᠎ᠠ᠃ ᠲᠡᠷᠡ ᠡᠨᠡ ᠮᠡᠳᠦ ᠪᠠᠶᠢᠳᠠᠯ ᠢᠶᠠᠷ ᠰᠣᠮᠣ ᠣᠨᠢᠯᠠᠨ ᠨᠣᠮᠣ ᠲᠠᠳᠠᠵᠣ ᠵᠡᠭᠦᠨ ᠭᠠᠷ ᠣᠷᠣᠭᠰᠢ ᠠᠭᠤᠯᠠ ᠶᠢ ᠶᠡᠭᠦᠷᠡᠬᠦᠯᠬᠦ ᠬᠦᠴᠦᠨ ᠢᠶᠠᠷ ᠲᠦᠯᠬᠢᠵᠦ᠂ ᠪᠠᠷᠠᠭᠤᠨ ᠭᠠᠷ ᠬᠦᠪᠴᠢ ᠪᠠᠨ ᠲᠠᠲᠠᠵᠣ ᠨᠣᠮᠣ ᠭᠡᠳᠡᠭ ᠴᠢᠨᠢ ᠰᠠᠷᠠᠨ ᠮᠡᠳᠦ ᠲᠦᠷᠭᠦᠷᠢᠭ ᠪᠣᠯᠳᠠᠯ᠎ᠠ ᠲᠠᠲᠠᠭᠠᠳ᠂ ᠬᠤᠭᠤᠰᠣᠨ ᠰᠣᠮᠣ ᠨᠢᠭᠡᠴᠦ ᠬᠠᠷᠪᠣᠬᠤ ᠦᠭᠡᠢ ᠪᠠᠶᠢᠯ᠎ᠠ᠃ ᠴᠡᠷᠢᠭ ᠲᠠᠶᠢᠴᠢᠳ ᠴᠦ ᠦᠪᠡᠷ  ᠤᠨ ᠡᠵᠡᠨ ᠸᠠᠩ ᠤᠨ ᠢᠶᠠᠨ ᠮᠡᠳᠦ ᠡᠷᠡᠰ ᠪᠠᠳᠣ ᠯᠠᠪᠳᠠᠭᠤᠨ ᠲᠣᠭᠳᠠᠬᠤᠨ ᠢᠶᠠᠷ ᠲᠠᠶᠢᠰᠣᠨ ᠤ ᠠᠮᠢᠨ ᠴᠢᠬᠤᠯᠠ ᠭᠠᠵᠠᠷ ᠵᠦᠭ ᠲᠤ ᠪᠣᠷᠣᠭᠠᠨ ᠣᠷᠣᠬᠤ ᠮᠡᠳᠦ ᠪᠠᠷ ᠰᠣᠮᠣ ᠬᠠᠷᠪᠣᠯᠴᠠᠪᠠ᠃ ᠲᠡᠳᠡ ᠶᠠᠭ ᠯᠠ ᠲᠡᠭᠷᠢ ᠶᠢᠨ ᠣᠷᠳᠣᠨ ᠤ ᠣᠯᠠᠨ ᠵᠠᠩᠵᠣᠨ ᠮᠡᠳᠦ ᠠᠭᠠᠷ ᠲᠦᠭᠦᠷᠡᠩ ᠰᠣᠯᠢᠷ ᠬᠠᠷᠪᠣᠬᠤ ᠮᠡᠳᠦ ᠬᠠᠷᠪᠣᠯᠴᠠᠵᠠᠢ᠃ ᠲᠡᠳᠡ ᠪᠦᠬᠦᠨ ᠠᠯᠯᠠᠾ ᠲᠡᠭᠷᠢ ᠶᠢᠨ ᠬᠡᠯᠡᠭᠰᠡᠨ᠄ ︽ᠪᠢ ᠲᠡᠭᠦᠨ ᠢ ᠮᠠᠭᠤ ᠬᠦᠮᠦᠨ ᠤ ᠡᠰᠡᠷᠭᠦ ᠬᠠᠷᠪᠣᠭᠰᠠᠨ ᠰᠣᠮᠣ ᠪᠣᠯᠭᠠᠪᠠ︾ ᠭᠡᠰᠡᠨ ᠲᠠᠢ ᠨᠢᠭᠡᠨ ᠠᠳᠠᠯᠢ ᠪᠠᠷ ᠵᠡᠪᠡ ᠰᠣᠮᠣ ᠪᠠᠷ ᠪᠢᠷ ᠪᠣᠯᠭᠠᠨ ᠲᠠᠶᠢᠰᠣᠨ ᠤ ᠴᠢᠰᠣ ᠪᠠᠷ ᠪᠣᠳᠤᠭ ᠪᠣᠯᠭᠠᠨ ᠲᠠᠶᠢᠨ ᠤ ᠲᠡᠣᠬᠡ  ᠶᠢ ᠪᠢᠴᠢᠭᠯᠡᠪᠡ᠃ ᠲᠠᠶᠢᠰᠣᠨ ᠤ ᠬᠤᠰᠢᠭᠤᠴᠢ ᠴᠡᠷᠢᠭ ᠨᠢᠭᠡᠴᠦ ᠬᠦᠮᠦᠨ ᠠᠮᠢ ᠮᠡᠨᠳᠦ ᠦᠯᠡᠳᠡᠭᠰᠡᠨ ᠦᠭᠡᠢ᠃ᠠᠯᠠᠭᠳᠠᠭᠰᠠᠨ ᠬᠦᠮᠦᠰ ᠲᠣᠲᠣᠷ᠎ᠠ ᠪᠠᠬᠢᠵᠢᠺ ᠤᠨ ᠲᠡᠭᠦᠥ ᠲᠤᠭ · ᠲᠡᠮᠦᠷ ᠴᠦ ᠪᠠᠶᠢᠵᠠᠢ᠃ ᠲᠡᠷᠡ ᠪᠣᠯ ᠨᠢᠭᠡ ᠪᠠᠬᠢ ᠶᠣᠮ᠃ ᠡᠭᠦᠨ ᠠᠴᠠ ᠭᠠᠳᠠᠨ᠎ᠠ ᠪᠠᠰᠠ ᠲᠠᠣᠯᠠᠱᠠ ᠪᠣᠯᠣᠨ ᠪᠣᠰᠣᠳ ᠪᠠᠰᠠ ᠬᠤᠶᠠᠷ ᠲᠦᠷᠦᠯ ᠤᠨ ᠸᠠᠩ ᠪᠠᠶᠢᠯᠴᠠᠵᠠᠢ ᠃ ᠡᠳᠡᠭᠡᠷ ᠬᠦᠮᠦᠰ ᠪᠣᠯ ᠪᠦᠷ ᠲᠠᠶᠢᠰᠣᠨ ᠤ ᠴᠡᠷᠢᠭ ᠤᠨ ᠣᠳᠣᠷᠢᠳᠣᠭᠴᠢ ᠵᠠᠩᠵᠣᠨ ᠨᠡᠷ ᠪᠣᠯᠣᠨ᠎ᠠ᠃ᠲᠠᠶᠢᠰᠣᠨ ᠤ ᠴᠡᠷᠢᠭ ᠬᠢᠶᠠᠷᠠᠳᠠᠯ᠎ᠠ ᠴᠣᠬᠢᠭᠳᠠᠨᠲᠠᠶᠢᠨ ᠳᠤ ᠦᠬᠦᠭᠰᠡᠳ ᠲᠠᠯ᠎ᠠ ᠶᠢ ᠪᠦᠷᠬᠦᠪᠡᠢ᠃ᠵᠠᠯᠭᠠᠭᠠᠳ ᠬᠤᠶᠠᠷ ᠲᠠᠯ᠎ᠠ ᠶᠢᠨ ᠭᠤᠣᠯ ᠴᠡᠷᠢᠭ ᠵᠣᠯᠭᠠᠯᠳᠣᠨ ᠪᠠᠶᠢᠯᠳᠣᠵᠣ᠂ ᠲᠠᠶᠢᠰᠣᠨ ᠤ ᠴᠢᠰᠦ ᠭᠤᠣᠯ ᠮᠡᠳᠦ ᠣᠷᠣᠰᠣᠨ᠂ ᠬᠡᠬᠦᠷ ᠶᠠᠰᠣ ᠠᠭᠤᠯᠠ ᠮᠡᠳᠦ ᠣᠪᠣᠭᠠᠷᠠᠪᠠ᠃ᠲᠠᠶᠢᠨ ᠤ ᠲᠣᠭᠤᠰᠣᠨ᠎ᠠ ᠠᠯᠳᠠᠨ ᠨᠠᠷᠠᠨ ᠪᠣᠳᠣᠩᠭᠤᠶᠢᠷᠠᠨ ᠬᠠᠷᠠᠩᠭᠤᠶᠢᠯᠠᠪᠠᠲᠠᠶᠢᠰᠣᠨ ᠤ ᠴᠢᠰᠣᠨ ᠳᠤ ᠰᠢᠷᠭᠠᠯ ᠡᠯᠡᠰᠦ ᠣᠯᠠᠭᠠᠨ ᠦᠩᠭᠡ ᠪᠠᠷ ᠲᠣᠯᠬᠢᠶᠠᠯᠠᠪᠠ᠃ᠠᠭᠠᠷ ᠤᠨ ᠨᠠᠷᠠᠨ ᠠᠴᠠ ᠶᠠᠭᠤᠨ ᠳᠤ ᠢᠩᠬᠢᠵᠦ ᠣᠯᠠᠶᠢᠪᠠ ᠬᠡᠮᠡᠨ ᠠᠰᠠᠭᠤᠬᠤᠯ᠎ᠠᠠᠯᠳᠠᠨᠵᠣᠯᠠ ᠴᠡᠴᠡᠭ ᠲᠡᠯᠡᠬᠡᠢ ᠪᠦᠷᠬᠦᠨ ᠲᠡᠯᠭᠡᠷᠡᠭᠰᠡᠨ ᠤ ᠬᠢ ᠭᠡᠵᠡᠢ᠃ᠡᠳᠡᠭᠡᠷ ᠣᠷᠳᠣ ᠬᠤᠭᠤᠴᠠᠭᠠᠨ᠎ᠠ ᠲᠠᠶᠢᠨ ᠲᠠᠵᠢᠨ ᠳᠤ ᠰᠢᠯᠭᠠᠷᠠᠭᠰᠠᠨ ᠪᠠᠭᠠᠳᠣᠷᠴᠣᠳ ᠲᠠᠶᠢᠨ ᠤ ᠵᠠᠪᠰᠢᠶᠠᠨ ᠢ ᠠᠮᠵᠢᠨ ᠲᠠᠶᠢᠨ ᠤ ᠲᠠᠯᠠᠢ ᠳᠣᠳᠣᠷ᠎ᠠ ᠲᠠᠪᠠᠯᠭᠠᠨ ᠰᠦᠷᠦᠭᠴᠢᠳ ᠮᠡᠳᠦ ᠣᠷᠣᠭᠰᠢᠯᠠᠪᠠ᠃ ᠡᠮᠢᠷ ᠲᠡᠮᠦᠷ ᠠᠯᠯᠠᠾ ᠶᠢᠨ ᠦᠯᠵᠡᠢ ᠪᠡᠯᠭᠡᠳᠦ ᠦᠭᠡᠰ ᠢ ᠪᠡᠶᠡᠯᠡᠭᠦᠯᠵᠦ᠂ ᠲᠠᠶᠢᠰᠣᠨ ᠤ ᠯᠣᠳᠣ ᠲᠣᠮᠣ ᠴᠡᠷᠢᠭ ᠠᠩᠬᠢ ᠶᠢ ᠢᠯᠠᠨ ᠲᠠᠷᠣᠯ᠎ᠠ᠃ ᠭᠡᠳᠡᠯ᠎ᠡ ᠲᠡᠭᠦᠨ ᠤ ᠴᠡᠷᠢᠭ ᠮᠣᠷᠢ ᠶᠢᠨ ᠲᠤᠭ᠎ᠠ ᠬᠡᠮᠵᠢᠶ᠎ᠡ ᠲᠠᠶᠢᠰᠣᠨ ᠤ ᠴᠡᠷᠢᠭ ᠲᠠᠢ ᠬᠠᠷᠢᠴᠠᠭᠤᠯᠪᠠ ᠲᠠᠯᠠᠢ ᠪᠣᠯᠣᠨ ᠲᠣᠰᠣᠯ ᠮᠡᠳᠦ ᠪᠠᠶᠢᠵᠣ ᠬᠦᠮᠦᠨ ᠤ ᠲᠤᠭ᠎ᠠ ᠮᠠᠰᠢ ᠴᠦᠬᠡᠨ ᠪᠠᠶᠢᠭᠰᠠᠨ ᠶᠣᠮ᠃ ᠬᠡᠷᠪᠡ ᠠᠯᠯᠠᠾ ᠠᠪᠣᠷᠠᠯ ᠬᠠᠶᠢᠷᠠᠯᠠᠭᠰᠠᠨ ᠦᠭᠡᠢ ᠪᠣᠯ ᠬᠡᠨ ᠡᠶᠢᠮᠦ ᠶᠡᠭᠡ ᠢᠯᠠᠯᠳᠠ ᠶᠢ ᠪᠠᠶᠢᠭᠤᠯᠵᠣ ᠲᠡᠶᠢᠯᠦᠬᠦ ᠪᠣᠢ︖ᠢᠯᠢᠶᠠᠰ ᠬᠤᠵᠠ ᠬᠠᠭᠠᠨ᠂ ᠡᠮᠢᠷ ᠪᠡᠬᠡᠵᠢᠺ᠂ ᠢᠰᠺᠠᠨᠳᠠᠷ ᠣᠾᠯᠠᠨ᠂ ᠡᠮᠢᠷ ᠬᠠᠮᠢᠳ᠋᠂ ᠪᠣᠯᠣᠨ ᠡᠮᠢᠷ ᠢᠰᠦᠪ ᠪᠦᠷ ᠠᠮᠢᠳᠣ ᠪᠠᠷ ᠣᠯᠵᠠᠯᠠᠭᠳᠠᠵᠠᠢ᠃ ᠭᠡᠪᠡᠴᠦ ᠲᠦᠷᠺ ᠬᠦᠮᠦᠨ ᠤ ᠲᠦᠷᠦᠯᠬᠢ ᠶᠢᠨ ᠦᠷᠦᠰᠢᠶᠡᠯᠳᠣ ᠴᠢᠨᠡᠷ ᠠᠴᠠ ᠢᠯᠢᠶᠠᠰ ᠬᠤᠵᠠ ᠬᠠᠭᠠᠨ ᠵᠣᠯ ᠢᠶᠠᠷ ᠠᠮᠢ ᠮᠡᠨᠳᠦ ᠭᠠᠷᠴᠠᠢ᠃ ᠰᠢᠯᠳᠠᠭᠠᠨ ᠨᠢ ᠭᠡᠪᠡᠯ ᠲᠡᠭᠦᠨ ᠢ ᠣᠯᠵᠠᠯᠠᠭᠰᠠᠨ ᠴᠡᠷᠢᠭ ᠡᠷ᠎ᠡ ᠲᠡᠭᠦᠨ ᠢ ᠲᠠᠨᠢᠵᠣ᠂ ᠢᠯᠢᠶᠠᠰ ᠬᠤᠵᠠ ᠬᠠᠭᠠᠨ ᠪᠠ ᠡᠮᠢᠷ ᠪᠡᠬᠡᠵᠢᠺ ᠢ ᠮᠣᠷᠢᠨ ᠳᠤ ᠮᠣᠷᠳᠠᠭᠤᠯᠣᠨ ᠲᠠᠯᠪᠢᠨ ᠢᠯᠡᠭᠡᠵᠦ᠂ ᠦᠪᠡᠷ ᠤᠨ ᠲᠠᠷᠤᠭ᠎ᠠ ᠲᠠᠭᠠᠨ ᠮᠡᠳᠡᠭᠦᠯᠦᠭᠰᠡᠨ ᠦᠭᠡᠢ ᠠᠵᠠᠢ᠃ ᠪᠣᠰᠣᠳ ᠬᠦᠮᠦᠰ ᠢ ᠲᠠᠯᠪᠢᠵᠣ ᠶᠠᠪᠣᠭᠤᠯᠣᠭᠰᠠᠨ ᠦᠭᠡᠢ ᠬᠠᠷᠢᠨ ᠪᠦᠬᠦᠨ ᠢ ᠬᠦᠯᠢᠵᠦ ᠠᠪᠴᠢᠷᠠᠪᠠ᠃ ᠲᠡᠷᠡ ᠰᠦᠨᠢ ᠡᠮᠢᠷ ᠲᠡᠮᠦᠷ ᠦᠷᠬᠦᠯᠵᠢᠯᠡᠨ ᠲᠠᠶᠢᠰᠣᠨ ᠢᠶᠠᠨ ᠨᠡᠬᠡᠮᠵᠢᠯᠡᠵᠦ ᠰᠢᠭᠤᠳ ᠵᠠᠮ ᠭᠡᠳᠡᠭ ᠭᠠᠵᠠᠷ ᠬᠦᠷᠴᠦ ᠲᠠᠶᠢᠰᠣᠨ ᠤ ᠲᠣᠳᠠᠭᠠᠬᠤ ᠵᠠᠮ  ᠢ ᠲᠠᠰᠣᠯᠠᠬᠤ ᠪᠠᠷ ᠣᠴᠢᠪᠠ᠃ ᠲᠡᠭᠡᠭᠡᠳ ᠲᠡᠨᠳᠡ ᠴᠦ ᠮᠠᠰᠢ ᠣᠯᠠᠨ ᠲᠠᠶᠢᠰᠣᠨ ᠢ ᠠᠮᠠᠳᠠᠨ ᠲᠣᠰᠴᠣ ᠴᠣᠬᠢᠭᠠᠳ ᠠᠯᠠᠵᠣ ᠣᠰᠠᠳᠬᠠᠪᠠ᠃ᠲᠡᠭᠦᠨ ᠤ ᠭᠠᠷ ᠲᠣᠣᠷᠠᠬᠢ ᠡᠮᠢᠷ ᠴᠠᠬᠤ ᠪᠠ ᠡᠮᠢᠷ ᠰᠠᠶᠢᠹᠳᠢᠨ ᠲᠡᠭᠦᠨ ᠤ ᠵᠠᠷᠯᠢᠭ ᠶᠣᠰᠣᠭᠠᠷ ᠰᠠᠮᠠᠷᠺᠠᠨᠳ᠋ ᠢ ᠲᠣᠪᠳᠣᠯᠬᠤ ᠪᠠᠷ ᠶᠠᠪᠣᠪᠠ᠃ ᠲᠡᠳᠡ ᠾᠢᠵᠢᠷ ᠲᠣᠭᠠᠯᠠᠯ ᠤᠨ765 ᠣᠨ ︵ᠨᠡᠶᠢᠳᠡ ᠶᠢᠨ ᠣᠨ ᠲᠣᠭᠠᠯᠠᠯ  ᠤᠨ1363 ᠣᠨ︶ ᠪᠠᠷ ᠡᠬᠢ ᠪᠠᠷ ᠲᠣᠰ ᠬᠤᠳᠠ ᠶᠢ ᠡᠵᠡᠯᠡᠨ ᠠᠪᠴᠠᠢ᠃ ᠡᠨᠡ ᠵᠢᠯ ᠨᠢ ᠶᠠᠭ ᠰᠠᠶᠢᠬᠠᠨ ᠲᠠᠲ᠋ᠠᠷ ᠲᠣᠭᠠᠯᠠᠯ ᠤᠨ ᠮᠠᠲᠠᠷ ᠵᠢᠯ① ᠪᠣᠯᠣᠨ᠎ᠠ᠃ᠦᠢᠯᠡ ᠪᠦᠬᠦᠨ ᠢᠶᠠᠨ ᠪᠦᠳᠦᠭᠡᠨ᠂ ᠦᠭᠡ ᠪᠦᠬᠦᠨ ᠳᠡᠭᠡᠨ ᠬᠦᠷᠳᠡᠭ ᠡᠮᠢᠷ ᠲᠡᠮᠦᠷ ᠲᠡᠷᠡ ᠲᠣᠣᠷ᠎ᠠ ᠪᠠᠨ ᠡᠮᠢᠷ ᠬᠤᠰᠢᠨ ᠪᠠ ᠡᠮᠢᠷ ᠰᠢᠷ ᠪᠠᠾᠷᠠᠮ ᠲᠠᠢ ᠵᠦᠪᠳᠡᠨ᠂ ᠵᠠᠯᠭᠠᠭᠠᠳ ᠲᠠᠶᠢᠰᠣᠨ ᠢ ᠨᠡᠬᠡᠮᠵᠢᠯᠡᠬᠦ ᠪᠠᠷ ᠪᠣᠯᠵᠣ᠂ ᠲᠡᠷᠡ ᠬᠤᠵᠠᠨᠲ ᠢᠶᠠᠷ ᠭᠤᠣᠯ ᠭᠠᠳᠣᠯᠣᠨ᠂ ᠲᠠᠱᠺᠠᠨᠳ᠋ ᠬᠦᠷᠴᠦ ᠴᠡᠷᠢᠭ ᠪᠠᠭᠤᠵᠠᠢ᠃ ᠲᠡᠷᠡ ᠲᠡᠨᠳᠡ ᠬᠡᠳᠦᠨ ᠡᠳᠦᠷ ᠪᠡᠶ᠎ᠡ ᠡᠪᠡᠳᠴᠦ ᠠᠮᠠᠷᠠᠪᠠ᠃ ᠡᠭᠦᠨ ᠢ ︽ᠲᠡᠭᠡᠳᠦ ᠲᠡᠭᠷᠢ ᠠᠴᠠ ᠰᠡᠪ ᠲᠠᠢ ᠵᠣᠬᠢᠶᠠᠭᠰᠠᠨ ᠪᠣᠯᠬᠤᠷ᠂ ᠲᠡᠯᠡᠬᠡᠢ ᠳᠤ ᠪᠦᠳᠦᠨ ᠰᠠᠶᠢᠨ ᠬᠦᠮᠦᠨ ᠦᠭᠡᠢ︾ ᠭᠡᠳᠡᠭ ᠶᠣᠮ᠃ᠲᠡᠨᠳᠡ ᠡᠮᠢᠷ ᠲᠡᠮᠦᠷ ᠪᠠ ᠡᠮᠢᠷ ᠬᠤᠰᠢᠨ ᠪᠦᠷ ᠵᠢᠭᠠᠬᠠᠨ ᠡᠪᠡᠳᠴᠦ ᠬᠡᠳᠦᠨ ᠡᠳᠦᠷ ᠢᠶᠠᠷ ᠠᠮᠠᠷᠠᠪᠠ᠃ ᠭᠡᠪᠡᠴᠦ ᠪᠦᠷ ᠮᠠᠰᠢ ᠲᠦᠷᠭᠡᠨ ᠢᠶᠠᠷ ᠡᠷᠡᠭᠦᠯᠰᠢᠪᠡ᠃ ᠡᠨᠡ ᠦᠶ᠎ᠡ ᠪᠠᠷ ᠡᠷᠬᠢᠮ ᠬᠠᠳᠣᠭᠳᠠᠢ ᠦᠯᠵᠡᠢ · ᠲᠣᠷᠬᠠᠨ ᠭᠦᠩᠵᠦ ᠬᠠᠷ  ᠠᠴᠠ ᠠᠳᠡ ᠢᠷᠡᠪᠡ᠃ ᠡᠨᠡ ᠦᠨᠡᠬᠡᠷ ᠪᠢᠷᠣᠭᠧᠰ ᠬᠠᠳᠣᠨ ᠤ ᠰᠣᠯᠠᠶᠢᠮᠠᠨ ᠳᠤ ᠢᠷᠡᠵᠦ ᠨᠡᠶᠢᠯᠡᠭᠰᠡᠨ ᠦᠯᠢᠭᠡᠷ② ᠪᠣᠯᠪᠠ᠃ᠵᠠᠯᠭᠠᠭᠠᠳ ᠡᠮᠢᠷ ᠲᠡᠮᠦᠷ ᠴᠡᠷᠢᠭ ᠪᠣᠴᠠᠬᠤ ᠪᠠᠷ ᠲᠣᠭᠳᠠᠪᠠ᠃ ᠲᠡᠷᠡ ᠲᠠᠬᠢᠨ ᠬᠤᠵᠠᠨᠲ ᠭᠤᠣᠯ ᠢ ᠭᠠᠳᠣᠯᠠᠪᠠ᠃ ᠡᠨᠡ ᠦᠶ᠎ᠡ ᠪᠠᠷ ᠲᠡᠷᠡ ᠠᠪᠠ ᠲᠠᠯᠪᠢᠬᠤ ᠪᠠᠷ ᠶᠡᠬᠡᠳᠡ ᠲᠣᠷᠠᠯᠠᠵᠣ᠂ ᠨᠢᠭᠡᠨ ᠮᠠᠰᠢ ᠶᠡᠭᠡ ᠭᠠᠵᠠᠷ ᠢ ᠪᠠᠭᠳᠠᠭᠠᠭᠰᠠᠨ ᠬᠦᠷᠢᠶ᠎ᠡ ᠠᠪᠠ ᠲᠠᠯᠪᠢᠪᠠ᠃ ᠡᠮᠢᠷ ᠬᠤᠰᠢᠨ ᠴᠦ ᠳ᠋ᠠᠵᠠᠺ · ᠪᠦᠯᠪᠦᠯ ︵Dazak Bulbul︶ ᠭᠡᠳᠡᠭ ᠭᠠᠵᠠᠷ ᠲᠤ ᠶᠡᠭᠡ ᠠᠪᠠ ᠲᠠᠯᠪᠢᠵᠠᠢ᠃ ᠲᠡᠳᠡ ᠬᠤᠶᠠᠭᠤᠯᠠ ᠡᠰᠡᠷᠭᠦ ᠡᠰᠡᠷᠭᠦ ᠪᠠᠨ ᠮᠣᠷᠢᠯᠠᠨ᠂ ᠠᠺᠠᠷ · ᠺᠠᠮᠠᠷ ︵Akar Kamar︶ ᠭᠡᠳᠡᠭ ᠭᠠᠵᠠᠷ ᠢ ᠴᠢᠭᠯᠡᠪᠡ᠃ ᠺᠣᠷᠠᠨ ᠰᠣᠳᠣᠷ ᠲᠤ ᠬᠡᠯᠡᠭᠰᠡᠨᠴᠢᠯᠡᠨ᠄ ︽ᠴᠢᠳᠠᠬᠤ ᠦᠶ᠎ᠡ ᠶᠢᠨ ᠪᠣᠯᠣᠯᠴᠠᠭ᠎ᠠ ᠪᠦᠬᠦᠨ ᠢ ᠵᠠᠪᠠᠯ ᠰᠠᠶᠢᠳᠣᠷ ᠠᠳᠬᠤᠵᠣ ᠪᠠᠶᠢᠬᠤ ᠬᠡᠷᠡᠭᠳᠡᠢ︾ ᠭᠡᠳᠡᠭ ᠢᠶᠠᠷ ᠲᠡᠳᠡ ᠠᠳᠡ ᠰᠡᠳᠬᠢᠯ  ᠢᠶᠠᠨ ᠰᠡᠷᠭᠦᠳᠡᠯ᠎ᠡ ᠴᠡᠩᠬᠡᠪᠡ᠃ ᠲᠡᠭᠡᠭᠡᠳ ᠰᠠᠶ᠋ᠢ ᠠᠮᠣᠷ ᠲᠦᠪᠰᠢᠨ ᠢᠶᠠᠷ ᠰᠠᠮᠠᠷᠺᠠᠨᠳ᠋ ᠲᠤ ᠪᠣᠴᠠᠪᠠ᠃ᠡᠨᠡᠬᠦ ᠣᠯᠣᠰ ᠭᠡᠷ ᠢᠶᠠᠨ ᠪᠣᠶᠠᠨ ᠬᠡᠶᠢᠮᠣᠷᠢ ᠪᠠᠷ ᠪᠠᠳᠠᠷᠭᠠᠵᠣ ᠴᠢᠳᠠᠬᠤ ᠡᠵᠡᠨ ᠬᠦᠮᠦᠨ ᠪᠠᠶᠠᠷ ᠬᠦᠷ ᠲᠠᠢ ᠪᠣᠴᠠᠵᠣ ᠢᠷᠡᠬᠦ ᠦᠶ᠎ᠡ ᠳᠤ᠂ ᠲᠡᠭᠦᠨ ᠤ ᠦᠩᠭᠡ ᠬᠢᠯᠪᠠᠭ᠎ᠠ ᠳᠤ ᠪᠦᠬᠦᠶᠢᠯᠡ ᠣᠯᠣᠰ ᠣᠷᠣᠨ ᠭᠡᠷᠡᠯᠳᠦᠪᠡ᠃ ᠡᠨᠡ ᠮᠡᠳᠦ ᠪᠠᠷ ᠲᠡᠭᠡᠷ᠎ᠡ ᠲᠣᠣᠷᠠᠬᠢᠨ ᠡᠬᠢᠮ ᠢᠵᠠᠭᠤᠷᠳᠠᠨ ᠠᠴᠠ ᠡᠭᠡᠯ ᠠᠷᠠᠳ ᠬᠦᠷᠳᠡᠯ᠎ᠡ ᠡᠯ᠎ᠡ ᠵᠦᠢᠯ ᠤᠨ ᠭᠠᠰᠠᠯᠠᠩ ᠵᠣᠪᠠᠭᠤᠷᠢ ᠶᠢ ᠠᠮᠰᠠᠵᠣ ᠭᠦᠢᠴᠭᠰᠡᠨ ᠬᠦᠮᠦᠰ᠂ ᠪᠦᠷ ᠲᠡᠭᠦᠨ ᠤ ᠠᠭᠤᠯᠠ ᠮᠡᠳᠦ ᠦᠨᠳᠦᠷ ᠲᠠᠯᠠᠢ ᠮᠡᠳᠦ ᠬᠦᠨ ᠦᠷᠦᠰᠢᠶᠡᠯ ᠢᠪᠡᠭᠡᠯ ᠳᠤ ᠵᠢᠷᠭᠠᠨ ᠴᠠᠩᠬᠡᠪᠡ᠃ᠲᠣᠰ ᠪᠦᠯᠦᠭ ᠤᠨ ᠲᠠᠶᠢᠯᠪᠣᠷᠢ  ① ᠮᠠᠲᠠᠷ ᠵᠢᠯ ᠭᠡᠳᠡᠭ ᠨᠢ ᠬᠡᠯᠡᠯᠭᠡᠨ ᠦᠭᠡᠢ ᠯᠣᠣ ᠵᠢᠯ ᠪᠣᠯᠣᠨ᠎ᠠ᠃ ᠬᠠᠶᠢᠳᠠᠷ · ᠮᠢᠷᠽᠠ ᠶᠢᠨ ᠣᠣᠯ ᠨᠣᠮ ᠳᠤ ᠪᠢᠴᠢᠭᠰᠡᠨ ᠢᠶᠠᠷ ᠦᠵᠡᠬᠦᠯ᠎ᠡ ᠲᠠᠷᠣᠢ ᠯᠣᠣ ᠵᠢᠯ ᠮᠦᠨ᠃ ᠲᠡᠭᠦᠨ ᠢ ᠠᠩᠭ᠍ᠯᠢ ᠣᠷᠴᠢᠭᠤᠯᠣᠭᠴᠢ ᠠᠴᠠ Lui ᠵᠢᠯ ᠭᠡᠵᠦ ᠭᠠᠯᠢᠭᠴᠢᠯᠠᠨ᠂ ᠠᠩᠭ᠍ᠯᠢ ᠣᠩᠰᠢᠭᠴᠢᠳ ᠤᠨ ᠣᠶᠢᠯᠭᠠᠯᠳᠠ ᠪᠠᠷ ᠮᠠᠲᠠᠷ ᠵᠢᠯ ᠭᠡᠳᠡᠭ ᠨᠡᠷ᠎ᠡ ᠦᠭᠴᠡᠢ — ᠮᠣᠩᠭᠤᠯᠴᠢᠯᠠᠭᠴᠢ ᠠᠴᠠ᠃  ② ᠠᠳᠡ ᠠᠷᠠᠪ ᠫᠧᠷᠰ ᠤᠨ ᠦᠯᠢᠭᠡᠷ ᠲᠤ ᠭᠠᠷᠳᠠᠭ ᠡᠷᠳᠡᠨ ᠤ ᠪᠣᠭᠳᠠ ᠬᠦᠮᠦᠨ ᠰᠣᠯᠠᠶᠢᠮᠠᠨ ᠪᠣᠯᠣᠨ ᠲᠡᠭᠦᠨ ᠤ ᠡᠬᠡᠨᠡᠷ ᠤᠨ ᠠᠭᠤᠯᠵᠠᠭᠰᠠᠨ ᠬᠡᠷᠡᠭ ᠢᠶᠠᠷ ᠲᠡᠮᠦᠷ ᠢ ᠡᠷᠭᠦᠨ ᠮᠠᠭᠳᠠᠭᠰᠠᠨ ᠪᠠᠶᠢᠨ᠎ᠠ — ᠮᠣᠩᠭᠤᠯᠴᠢᠯᠠᠭᠴᠢ ᠠᠴᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号