ᠨᠠᠮᠤᠭ ᠭᠠᠵᠠᠷ ᠤᠨ ᠲᠠᠶᠢᠨ
ᠨᠡᠶᠢᠲᠡᠯᠡᠭᠰᠡᠨ ᠴᠠᠭ᠄
2020/3/13
ᠠᠷᠪᠠᠨ ᠲᠦᠷᠪᠡᠳᠦᠭᠡᠷ ᠪᠦᠯᠦᠭ ᠦᠷᠭᠡᠰᠦ ᠰᠣᠨᠳᠣᠣᠯᠠ ᠪᠦᠷᠬᠦᠭᠰᠡᠨ ᠭᠠᠵᠠᠷ ᠠᠴᠠ ᠦᠩᠭᠡᠳᠦ ᠴᠡᠴᠡᠭ ᠮᠢᠷᠠᠯᠵᠠᠭᠰᠠᠨ ᠬᠦᠷᠢᠶᠡᠯᠡᠩ ᠬᠦᠷᠳᠡᠯ᠎ᠡ᠂ ᠡᠪᠡᠶᠡᠷᠬᠦ ᠰᠠᠯᠬᠢᠨ ᠢᠪᠡᠯᠵᠡᠨ ᠠᠩᠬᠢᠯᠣᠮᠠᠯ ᠦᠨᠦᠷ ᠬᠠᠩᠬᠤᠯᠠᠵᠣ᠂ ᠭᠤᠨᠨᠢᠭᠳᠣ ᠶᠢᠷᠲᠢᠨᠴᠦ ᠶᠢᠨ ᠴᠢᠰᠣᠳᠣ ᠲᠠᠶᠢᠨ  ᠳᠤ ᠦᠬᠦᠯ ᠢᠶᠠᠨ ᠡᠷᠢᠵᠦ ᠢᠷᠡᠭᠰᠡᠨ ᠬᠦᠮᠦᠰ ᠤᠨ ᠬᠠᠮᠠᠷ ᠲᠤ ᠦᠨᠦᠰᠳᠡᠵᠡᠢ᠃ ᠲᠡᠳᠡ ᠮᠠᠰᠢ ᠰᠠᠶᠢᠨ ᠵᠠᠶᠠᠭ᠎ᠠ ᠪᠠᠷ ᠠᠯᠯᠠᠾ ᠲᠡᠭᠷᠢ ᠶᠢᠨ ᠠᠭᠤᠣ ᠶᠡᠭᠡ ᠦᠷᠦᠰᠢᠶᠡᠯ ᠪᠠ ᠠᠰᠠᠷᠣ ᠴᠢᠬᠤᠯᠠ ᠡᠷᠡᠮᠵᠡᠯᠡᠯ ᠳᠤ ᠢᠪᠡᠬᠡᠭᠳᠡᠪᠡ᠃ᠵᠣᠯ ᠵᠢᠷᠭᠠᠯ ᠪᠣᠯ ᠣᠯᠠᠩᠬᠢ ᠳᠠᠭᠠᠨ ᠵᠣᠯ ᠪᠣᠰᠣ ᠦᠶ᠎ᠡ ᠪᠠᠷ ᠢᠯᠡᠷᠡᠳᠡᠭ ᠶᠣᠮ᠃ ᠠᠮᠣᠷ ᠲᠠᠶᠢᠪᠣᠩ ᠪᠠ ᠠᠮᠵᠢᠯᠳᠠ ᠪᠦᠳᠦᠭᠡᠯ ᠶᠡᠷᠦ ᠨᠢ ᠢᠯᠠᠭᠳᠠᠯ ᠪᠡᠷᠬᠡᠰᠢᠶᠡᠯ ᠠᠴᠠ ᠢᠬᠢᠯᠡᠳᠡᠭ ᠠᠵᠠᠢ᠃ᠡᠮᠢᠷ ᠲᠡᠮᠦᠷ ᠤᠨ ᠴᠠᠭ ᠦᠶ᠎ᠡ ᠳᠤ ᠡᠭᠦᠰᠦᠭᠰᠡᠨ ᠬᠡᠷᠡᠭ ᠬᠤᠪᠢᠰᠣᠯ ᠤᠨ ᠦᠩᠭᠡᠷᠡᠯᠳᠡ ᠪᠣᠯ ᠲᠠᠷᠣᠢ ᠲᠡᠭᠡᠷᠡᠬᠢ ᠦᠨᠡᠨ ᠶᠣᠰᠣᠨ ᠤ ᠭᠡᠷᠡᠴᠢ ᠪᠣᠯᠬᠤ ᠶᠣᠮ᠃ᠡᠪᠦᠯ ᠣᠷᠣᠵᠣ ᠡᠮᠢᠷ ᠲᠡᠮᠦᠷ ᠤᠨ ᠨᠢᠭᠡᠯ᠎ᠡ ᠰᠡᠳᠬᠢᠯ ᠢᠶᠠᠷ ᠴᠢᠷᠮᠠᠶᠢᠵᠣ ᠪᠠᠶᠢᠭᠰᠠᠨ ᠣᠯᠣᠰ ᠭᠡᠷ ᠤᠨ ᠶᠡᠭᠡ ᠬᠡᠷᠡᠭ  ᠢᠶᠠᠨ ᠲᠡᠭᠰᠢᠯᠡᠨ ᠵᠠᠰᠠᠬᠤ ᠦᠢᠯᠡᠰ ᠰᠢᠪᠳᠣᠷᠭᠠᠨ ᠳᠠᠭᠠᠨ ᠣᠷᠣᠵᠣ ᠪᠠᠶᠢᠭ᠎ᠠ ᠦᠶ᠎ᠡ ᠪᠠᠷ ᠬᠠᠪᠣᠷ ᠴᠦ ᠢᠷᠡᠯ᠎ᠡ᠃ ᠵᠠᠯᠠᠭᠤ ᠨᠠᠰᠣᠨ ᠤ ᠡᠷᠡᠨ ᠤ ᠠᠯᠳᠠᠨᠵᠣᠯᠠ ᠶᠢᠨ ᠦᠨᠦᠷᠳᠦ ᠲᠠᠯᠪᠠᠭ᠎ᠠ ᠮᠢᠷᠠᠯᠵᠠᠨ᠂ ᠣᠢ ᠬᠦᠪᠴᠢ ᠲᠠᠯ᠎ᠠ ᠨᠣᠳᠤᠭ ᠴᠡᠴᠡᠷᠯᠢᠭ ᠵᠦᠯᠭᠡ ᠪᠠᠷ ᠨᠣᠭᠤᠭᠠᠨ ᠬᠡᠪᠢᠰ ᠢᠶᠠᠨ ᠲᠡᠪᠢᠰᠦᠨ ᠲᠡᠯᠭᠡᠯ᠎ᠡ᠃ᠬᠠᠪᠣᠷ ᠡᠬᠢᠯᠡᠬᠦ ᠦᠶᠡᠰ ᠢᠶᠠᠷ ᠴᠢᠮᠡᠭᠡ ᠢᠷᠡᠵᠦ᠂ ᠴᠠᠭᠠᠳᠠᠢ ᠶᠢᠨ ᠶᠡᠭᠡ ᠴᠡᠷᠢᠭ ᠶᠠᠭ ᠢᠨᠠᠭᠰᠢ ᠢᠷᠡᠵᠦ ᠶᠠᠪᠣᠨ᠎ᠠ ᠭᠡᠵᠡᠢ᠃ ᠲᠡᠳᠡ ᠲᠠᠬᠢᠨᠳᠠ ᠡᠨᠡ ᠣᠯᠣᠰ ᠢ ᠲᠣᠪᠳᠣᠯᠬᠤ ᠪᠠᠷ ᠭᠠᠷᠴᠣ ᠢᠷᠡᠭᠰᠡᠨ ᠠᠵᠠᠢ᠃ ᠡᠮᠢᠷ ᠲᠡᠮᠦᠷ ᠨᠢᠭᠡ ᠲᠠᠯ᠎ᠠ ᠪᠠᠷ ᠶᠡᠭᠡ ᠴᠡᠷᠢᠭ ᠢᠶᠠᠨ ᠲᠦᠷᠭᠡᠯᠡᠨ ᠴᠣᠭᠯᠠᠭᠤᠯᠵᠣ᠂ ᠨᠦᠬᠦᠭᠡ ᠲᠠᠯ᠎ᠠ ᠪᠠᠷ ᠬᠦᠮᠦᠨ ᠲᠣᠮᠢᠯᠠᠨ ᠡᠮᠢᠷ ᠬᠤᠰᠢᠨ  ᠳᠤ ᠡᠨᠡᠬᠦ ᠮᠡᠳᠡᠭᠡ ᠶᠢ ᠬᠦᠷᠭᠡᠪᠡ᠃ ᠡᠮᠢᠷ ᠬᠤᠰᠢᠨ ᠪᠣᠯᠣᠳ · ᠪᠣᠬ᠎ᠠ᠂ ᠮᠠᠬᠠᠮᠠᠳ᠋ · ᠠᠫᠧᠷ ᠤᠨ ᠬᠦᠪᠡᠭᠦᠨ ᠵᠠᠨᠳᠠ · ᠬᠠᠱᠧᠮ ᠵᠢᠴᠢ ᠮᠧᠯᠢᠭ · ᠪᠠᠭᠠᠳᠣᠷ ᠵᠡᠷᠭᠡ ᠶᠢ ᠵᠠᠷᠯᠢᠭᠳᠠᠨ ᠲᠠᠷᠣᠢ ᠲᠦᠷᠭᠡᠨ ᠴᠡᠷᠢᠭ ᠮᠣᠷᠢ ᠪᠠᠨ ᠴᠣᠭᠯᠠᠭᠤᠯᠵᠣ ᠮᠣᠷᠳᠠᠨ ᠭᠠᠷᠴᠣ ᠡᠮᠢᠷ ᠲᠡᠮᠦᠷ ᠲᠠᠢ ᠨᠡᠶᠢᠯᠡᠳᠦᠭᠡᠢ ᠭᠡᠪᠡ᠃ ᠲᠡᠭᠡᠭᠡᠳ ᠲᠡᠳᠡ ᠠᠺᠠᠷ ᠵᠦᠭ ᠲᠤ ᠮᠣᠷᠳᠠᠨ ᠭᠠᠷᠴᠣ᠂ ᠲᠡᠨᠳᠡ ᠴᠡᠷᠢᠭ ᠨᠡᠶᠢᠯᠡᠭᠰᠡᠨ ᠤ ᠲᠠᠷᠠᠭ᠎ᠠ ᠬᠡᠳᠦᠨ ᠡᠳᠦᠷ ᠬᠡᠷᠡᠭᠰᠡᠨ ᠲᠠᠶᠢᠨ ᠤ ᠠᠭᠳᠠ ᠪᠠ ᠬᠦᠰᠭᠡᠨ ᠤ ᠣᠨᠤᠭ᠎ᠠ  ᠪᠠᠨ ᠪᠠᠶᠢᠴᠠᠭᠠᠨ᠂ ᠡᠨᠡᠬᠦ ᠲᠠᠷᠭᠤᠨ ᠲᠠᠪᠠᠳᠠᠢ ᠲᠠᠯ᠎ᠠ ᠨᠣᠳᠤᠭ ᠲᠤ ᠬᠡᠳᠦᠨ ᠡᠳᠦᠷ ᠠᠭᠳᠠ ᠮᠣᠷᠢᠳ ᠢᠶᠠᠨ ᠢᠳᠡᠰᠢᠯᠡᠬᠦᠯᠵᠡᠢ᠃ ᠲᠡᠭᠡᠭᠡᠳ ᠰᠠᠶ᠋ᠢ ᠲᠡᠨᠳᠡ ᠠᠴᠠ ᠮᠣᠷᠳᠠᠨ ᠭᠠᠷᠴᠣ᠂ ᠵᠧᠬᠤᠨ ᠭᠤᠣᠯ ᠢ ᠭᠠᠳᠣᠯᠣᠨ ᠲᠡᠷᠳᠡᠭᠡ ᠡᠷᠭᠢᠨ ᠳᠤ ᠬᠦᠷᠢᠶ᠎ᠡ ᠪᠠᠭᠤᠪᠠ᠃ ᠡᠮᠢᠷ ᠬᠤᠰᠢᠨ ᠶᠡᠭᠡ ᠴᠡᠷᠢᠭ ᠢᠶᠠᠨ ᠲᠠᠭᠠᠭᠤᠯᠣᠨ ᠣᠷᠣᠭᠰᠢᠯᠠᠵᠣ᠂ ᠭᠤᠣᠯ ᠤᠨ ᠲᠡᠷᠳᠡᠭᠡ ᠡᠷᠬᠢᠨ ᠠᠴᠠ ᠬᠤᠯᠠ ᠦᠭᠡᠢ ᠭᠠᠵᠠᠷ ᠲᠤ ᠲᠠᠶᠢᠰᠣᠨ ᠤ ᠵᠠᠷᠢᠮ ᠬᠠᠷᠠᠭᠤᠯ ᠤᠨ ᠬᠦᠮᠦᠰ ᠲᠠᠢ ᠵᠣᠯᠭᠠᠪᠠ᠃ᠡᠨᠡ ᠦᠶ᠎ᠡ ᠳᠤ ᠡᠮᠢᠷ ᠲᠡᠮᠦᠷ ᠴᠡᠷᠢᠭ ᠤᠨ ᠬᠦᠷᠢᠶ᠎ᠡ ᠪᠠᠨ ᠴᠠᠨᠠᠽ ᠪᠠ ᠲᠠᠱᠺᠠᠨᠳ᠋ ᠶᠢᠨ ᠬᠤᠭᠤᠷᠣᠨᠳᠣ ᠰᠢᠯᠵᠢᠬᠦᠯᠦᠨ ᠠᠪᠴᠢᠷᠠᠵᠣ᠂ ᠵᠠᠷᠯᠢᠭ ᠲᠠᠷᠬᠠᠭᠠᠨ ᠡᠨᠡᠬᠦ ᠴᠡᠷᠢᠭ ᠤᠨ ᠬᠦᠷᠢᠶ᠎ᠡ ᠶᠢ ᠰᠠᠶᠢᠳᠣᠷ ᠬᠠᠮᠠᠭᠠᠯᠠᠳᠣᠭᠠᠢ ᠬᠡᠮᠡᠪᠡ᠃ ᠴᠡᠷᠢᠭ ᠠᠩᠬᠢ ᠨᠢ ᠲᠡᠭᠦᠨ ᠤ ᠵᠠᠷᠯᠢᠭ ᠶᠣᠰᠣᠭᠠᠷ ᠴᠡᠷᠢᠭ ᠤᠨ ᠬᠦᠷᠢᠶ᠎ᠡ ᠪᠠᠨ ᠰᠡᠳᠬᠢᠯ ᠲᠠᠯᠪᠢᠨ ᠰᠠᠬᠢᠯᠴᠠᠵᠠᠢ᠃ ᠡᠮᠢᠷ ᠬᠤᠰᠢᠨ ᠤ ᠶᠡᠭᠡ ᠴᠡᠷᠢᠭ ᠴᠦ ᠬᠦᠷᠦᠯᠴᠡᠨ ᠢᠷᠡᠵᠦ ᠲᠣᠭᠳᠠᠭᠰᠠᠨ ᠭᠠᠵᠠᠷ ᠲᠠᠭᠠᠨ ᠬᠦᠷᠢᠶᠡᠯᠡᠨ ᠪᠠᠭᠤᠪᠠ᠃ ᠲᠡᠭᠷᠢ ᠭᠡᠭᠡᠷᠡᠬᠦ ᠶᠢᠨ ᠦᠶ᠎ᠡ ᠪᠠᠷ ᠲᠠᠶᠢᠰᠣᠨ ᠤ ᠶᠡᠭᠡ ᠴᠡᠷᠢᠭ ᠴᠦ ᠢᠷᠡᠵᠦ ᠵᠧᠬᠤᠨ ᠭᠤᠣᠯ ᠢᠵᠢᠯᠢ ᠡᠷᠬᠢᠨ ᠳᠤ ᠬᠦᠷᠢᠶ᠎ᠡ ᠪᠠᠭᠤᠪᠠ᠃ ᠡᠮᠢᠷ ᠲᠡᠮᠦᠷ ᠪᠣᠯᠣᠨ ᠡᠮᠢᠷ ᠬᠤᠰᠢᠨ ᠶᠡᠭᠡ ᠴᠡᠷᠢᠭ ᠢᠶᠠᠨ ᠵᠢᠯᠣᠭᠤᠳᠣᠨ ᠣᠷᠣᠭᠰᠢᠯᠠᠵᠣ ᠬᠤᠶᠠᠷ ᠲᠠᠯ᠎ᠠ  ᠶᠢᠨ ᠶᠡᠭᠡ ᠴᠡᠷᠢᠭ ᠤᠨ ᠡᠮᠦᠨ᠎ᠡ ᠬᠤᠰᠢᠭᠤᠴᠢ ᠬᠠᠷᠢᠯᠴᠠᠨ ᠬᠠᠷᠠᠭᠳᠠᠬᠤ ᠦᠶᠡᠰ ᠢᠶᠠᠷ ᠵᠢᠬᠰᠠᠭᠠᠯ ᠵᠠᠰᠠᠨ ᠪᠠᠶᠢᠯᠳᠣᠬᠤ  ᠪᠠᠷ ᠪᠡᠯᠡᠳᠭᠡᠪᠡ᠃ ᠡᠮᠢᠷ ᠬᠤᠰᠢᠨ ᠮᠦᠨ ᠪᠠᠷᠠᠭᠤᠨ ᠵᠢᠭᠦᠷ ᠢ ᠵᠠᠬᠢᠷᠴᠣ᠂ ᠲᠢᠷᠯᠠᠨᠵᠢ · ᠢᠷᠯᠠᠲ ᠬᠤᠶᠢᠳᠣ ᠴᠡᠷᠢᠭ  ᠲᠤ ᠬᠠᠶᠢᠭᠤᠯ ᠪᠣᠯᠵᠣ᠂ ᠬᠤᠰᠢᠭᠤᠴᠢ ᠴᠡᠷᠢᠭ ᠲᠤ ᠦᠵᠠ · ᠪᠢᠲ᠋ᠦ · ᠢᠷᠳᠢ᠂ ᠰᠢᠷ · ᠪᠠᠾᠷᠠᠮ᠂ ᠪᠣᠯᠣᠳ · ᠪᠣᠬ᠎ᠠ ᠂ ᠹᠠᠷᠬᠠᠳ᠋ · ᠠᠪᠢᠷᠳᠢ᠂ ᠮᠧᠯᠢᠭ · ᠪᠠᠭᠠᠳᠣᠷ ᠵᠢᠴᠢ ᠪᠣᠰᠣᠳ ᠣᠯᠠᠨ ᠪᠠᠭᠠᠳᠣᠷᠴᠣᠳ ᠢᠶᠠᠨ ᠵᠢᠬᠰᠠᠭᠠᠵᠠᠢ᠃ ᠡᠮᠢᠷ ᠲᠡᠮᠦᠷ ᠪᠦᠬᠦ ᠴᠡᠷᠢᠭ ᠤᠨ ᠵᠢᠯᠣᠭᠤᠳᠣᠭᠴᠢ ᠪᠣᠯᠵᠣ᠂ ᠦᠪᠡᠷ ᠤᠨ ᠪᠡᠶ᠎ᠡ ᠪᠠᠷ ᠵᠡᠭᠦᠨ ᠵᠢᠭᠦᠷ ᠢ ᠵᠢᠯᠣᠭᠤᠳᠣᠨ ᠡᠮᠢᠷ ᠰᠠᠷ · ᠪᠣᠬ᠎ᠠ ᠶᠢ ᠵᠠᠷᠯᠢᠭᠳᠠᠨ ᠬᠢᠪᠴᠠᠭ ᠴᠡᠷᠢᠭ ᠢᠶᠠᠨ ᠵᠠᠬᠢᠷᠣᠨ ᠬᠤᠶᠢᠳᠣ ᠴᠡᠷᠢᠭ ᠲᠤ ᠬᠠᠶᠢᠭᠤᠯ ᠪᠣᠯᠭᠠᠨ᠂ ᠲᠡᠮᠦᠷ · ᠬᠤᠵᠠ · ᠣᠾᠯᠠᠨ ᠢ ᠬᠤᠰᠢᠭᠤᠴᠢ ᠪᠠᠷ ᠢᠯᠡᠭᠡᠨ᠂ ᠡᠮᠢᠷ · ᠴᠠᠬᠤ᠂ ᠡᠮᠢᠷ · ᠰᠠᠶᠢᠹᠳᠢᠨ᠂ ᠡᠮᠢᠷ · ᠮᠣᠷᠠᠳ᠋ · ᠪᠠᠷᠣᠯᠠᠰ᠂ ᠠᠪᠠᠰ · ᠪᠠᠭᠠᠳᠣᠷ ᠵᠡᠷᠭᠡ ᠶᠢᠨ ᠪᠠᠭᠠᠳᠣᠷᠴᠣᠳ ᠢᠶᠠᠨ ᠲᠡᠷᠭᠡᠳᠡ ᠪᠠᠨ ᠰᠢᠳᠠᠷ ᠪᠣᠯᠭᠠᠨ ᠦᠯᠡᠳᠡᠭᠡᠵᠡᠢ᠃ ᠪᠠᠶᠢᠷᠢᠯᠠᠭᠤᠯᠣᠯᠳᠠ ᠲᠠᠭᠤᠰᠣᠮᠠᠭᠴᠠ ᠪᠠᠨ ᠲᠠᠶᠢᠰᠣᠨ ᠲᠠᠢ ᠲᠣᠯᠣᠯᠳᠣᠨ ᠡᠬᠢᠯᠡᠪᠡ᠃ ᠰᠢᠯᠢᠳᠡᠭ ᠴᠡᠷᠢᠭ ᠪᠠᠭᠠᠳᠣᠷ ᠵᠠᠩᠵᠣᠨ ᠣᠯᠠᠨ ᠬᠡᠮᠡᠨ ᠡᠷᠳᠦᠭᠰᠡᠭᠡᠷ᠂ ᠴᠡᠷᠢᠭ ᠲᠠᠷᠣᠭᠳᠠᠨ ᠵᠠᠩᠵᠣᠨ ᠬᠤᠬᠢᠷᠠᠬᠤ ᠡᠳᠦᠷ ᠬᠤᠯᠠ ᠦᠭᠡᠢ ᠬᠡᠮᠡᠭᠰᠡᠨᠴᠢᠯᠡᠨ ᠲᠠᠶᠢᠰᠣᠨ ᠡᠳᠡᠭᠡᠳ ᠲᠠᠶᠢᠨ ᠳᠤ ᠢᠯᠠᠭᠳᠠᠬᠤ ᠠᠴᠠ ᠬᠡᠯᠳᠦᠷᠢᠵᠦ ᠴᠢᠳᠠᠭᠰᠠᠨ ᠦᠭᠡᠢ᠃ ᠴᠠᠭᠠᠳᠠᠢ  ᠶᠢᠨ ᠴᠡᠷᠢᠭ ᠣᠣᠯ ᠲᠠᠭᠠᠨ ᠲᠠᠷᠣᠢ ᠬᠦᠮᠦᠨ ᠣᠯᠠᠨ ᠪᠠᠶᠢᠳᠠᠯ᠎ᠠ ᠺᠠᠪᠠ · ᠮᠠᠳᠠᠨ ᠳᠤ ᠶᠡᠬᠡᠳᠡ ᠢᠯᠠᠭᠳᠠᠭᠰᠠᠨ ᠪᠦᠯᠦᠭᠡ ᠃ ᠡᠨᠡ ᠣᠳᠠᠭ᠎ᠠ ᠲᠠᠶᠢᠰᠣᠨ ᠮᠠᠨ ᠤ ᠴᠡᠷᠢᠭ ᠤᠨ ᠲᠣᠩ ᠣᠯᠠᠨ ᠪᠠᠶᠢᠭ᠎ᠠ ᠶᠢ ᠦᠵᠡᠭᠡᠳ᠂ ᠬᠤᠪᠢᠯᠭᠠᠨ ᠶᠡᠬᠡᠳᠡᠢ ᠵᠠᠳᠠ ︵Jada︶ ᠶᠢᠨ ᠣᠪᠢᠳᠠᠰ ② ᠢᠶᠠᠨ ᠡᠭᠦᠰᠭᠡᠨ ᠪᠢᠳᠡᠨ ᠲᠠᠢ ᠪᠠᠶᠢᠯᠳᠣᠪᠠ᠃ᠰᠦᠷᠭᠦ ᠲᠠᠶᠢᠰᠣᠨ ᠪᠠᠶᠢᠯᠳᠣᠬᠤ ᠲᠡᠩᠬᠡᠭᠡ ᠦᠭᠡᠢ ᠪᠣᠯᠬᠤᠷᠰᠦᠷᠡᠭᠡᠢ ᠲᠣᠭᠰᠢᠨ ᠵᠠᠳᠠ ᠶᠢᠨ ᠬᠤᠪᠢᠯᠭᠠᠨ ᠢᠶᠠᠨ ᠭᠠᠷᠭᠠᠪᠠᠢᠵᠠᠳᠠ ᠲᠠᠬᠢᠨ ᠰᠠᠯᠬᠢᠨ ᠪᠣᠷᠤᠭ᠎ᠠ ᠣᠷᠢᠨ ᠡᠭᠦᠰᠭᠡᠭᠰᠡᠨ᠎ᠡᠵᠢᠪᠠᠷ ᠰᠠᠯᠬᠢ ᠪᠣᠷᠣᠭᠠᠨ ᠮᠦᠨᠳᠦᠷ ᠨᠢᠭᠡᠨᠳᠡ ᠲᠣᠭᠰᠢᠷᠠᠪᠠᠢ᠃ᠲᠣᠩᠭᠠᠯᠠᠭ ᠡᠳᠦᠷ ᠤᠨ ᠲᠡᠭᠷᠢ ᠳᠤ ᠬᠤᠷ᠎ᠠ ᠶᠢᠨ ᠡᠬᠦᠯᠡ ᠡᠪᠬᠡᠷᠡᠯᠳᠦᠨᠲᠣᠭᠰᠢᠨ ᠠᠶᠣᠩᠭ᠎ᠠ ᠭᠠᠵᠠᠷ ᠲᠣᠷᠬᠢᠳᠡᠯ᠎ᠡ ᠲᠣᠩᠭᠤᠳᠴᠣᠬᠤᠢ᠃ᠲᠣᠩᠭᠠᠯᠠᠭ ᠡᠳᠦᠷ ᠤᠨ ᠭᠡᠷᠡᠯᠳᠦ ᠨᠠᠷᠠᠨ ᠬᠡᠳᠦᠶᠢᠪᠡᠷ ᠬᠤᠷᠴᠢᠳᠣ ᠰᠠᠭᠤᠳᠠᠯ③ ᠳᠤ ᠪᠠᠶᠢᠪᠠᠴᠣ᠂ ᠬᠤᠷ᠎ᠠ ᠶᠢᠨ ᠡᠭᠦᠯᠡ ᠲᠡᠭᠷᠢ ᠪᠦᠷᠬᠦᠨ᠂ ᠠᠶᠣᠩᠭ᠎ᠠ ᠨᠢᠵᠢᠭᠡᠨᠡᠨ ᠴᠠᠬᠢᠯᠭᠠᠨ ᠴᠠᠬᠢᠯᠣᠪᠠ᠃ ᠣᠳᠠᠯ ᠦᠭᠡᠢ ᠰᠠᠯᠬᠢᠨ ᠵᠢᠪᠠᠷ ᠡᠭᠦᠰᠦᠨ ᠪᠣᠷᠣᠭᠠᠨ ᠮᠦᠨᠳᠦᠷ ᠣᠭᠳᠠᠷᠭᠤᠢ ᠶᠢᠨ ᠭᠦᠨ ᠠᠴᠠ ᠢᠯᠡᠷᠡᠵᠦ ᠡᠬᠡ ᠭᠠᠵᠠᠷ ᠢ ᠲᠠᠭᠠᠷᠢᠪᠠ᠃ ᠶᠠᠭ ᠯᠠ ᠪᠠᠯᠠᠷ ᠡᠷᠳᠡᠨ  ᠤ ᠶᠡᠭᠡ ᠦᠶᠡᠷ④ ᠲᠠᠬᠢᠭᠠᠳ ᠢᠯᠡᠷᠡᠭᠰᠡᠨ ᠮᠡᠳᠦ ᠪᠣᠯᠪᠠ᠃ ᠬᠦᠮᠦᠰ ᠲᠤ ᠨᠣᠶᠠ ᠶᠢᠨ ᠲᠠᠭᠠᠳᠬᠠᠯ ᠲᠠᠬᠢᠨ ᠰᠣᠨᠣᠰᠳᠠᠭᠰᠠᠨ ᠮᠡᠳᠦ ᠪᠣᠯᠵᠠᠢ᠃ᠲᠠᠶᠢᠨ ᠤ ᠲᠠᠯᠠᠪᠣᠷ ᠲᠤ ᠪᠠᠶᠢᠭᠰᠠᠨ ᠣᠨᠤᠭ᠎ᠠ ᠮᠣᠷᠢᠳ ᠪᠦᠷ ᠵᠢᠭᠠᠰᠣ ᠠᠳᠠᠯᠢ ᠣᠰᠣᠨ ᠳᠤ ᠬᠦᠪᠪᠦᠬᠦ ᠳᠤ ᠬᠦᠷᠪᠡ᠃ ᠮᠣᠷᠢᠳ ᠤᠨ ᠬᠦᠯ ᠪᠦᠷ ᠰᠢᠪᠠᠷ ᠪᠠᠯᠴᠢᠭ ᠲᠤ ᠰᠢᠬᠢᠳᠦᠨ᠂ ᠮᠣᠷᠢᠨ ᠭᠡᠳᠡᠰᠦ ᠭᠠᠵᠠᠷ ᠬᠦᠷᠦᠯᠴᠡᠵᠡᠢ᠃ ᠡᠶᠢᠮᠦ  ᠠᠴᠠ ᠮᠣᠷᠢᠳ ᠢ ᠦᠵᠡᠬᠦᠯ᠎ᠡ ᠪᠦᠷ ᠠᠷᠠᠰᠣ ᠶᠠᠰᠣ ᠯᠠ ᠦᠯᠡᠳᠡᠭᠰᠡᠨ ᠮᠡᠳᠦ ᠬᠠᠷᠠᠭᠳᠠᠨ᠂ ᠬᠦᠢᠳᠡᠨ ᠨᠣᠶᠢᠳᠠᠨ ᠳᠤ ᠲᠠᠭᠵᠢᠨ ᠴᠡᠴᠡᠷᠡᠵᠦ᠂ ᠲᠠᠶᠢᠨ ᠪᠠᠶᠢᠯᠳᠣᠭᠠᠨ ᠳᠤ ᠲᠣᠪᠳᠣᠯᠣᠨ ᠣᠷᠣᠬᠤ ᠴᠢᠳᠠᠯ ᠢᠶᠠᠨ ᠠᠯᠳᠠᠵᠠᠢ᠃ ᠰᠣᠮᠣᠨ ᠤ ᠮᠦᠰᠦ ᠬᠦᠷᠳᠡᠯ᠎ᠡ ᠪᠣᠷᠣᠭᠠᠨ ᠳᠤ ᠨᠣᠷᠣᠭᠳᠠᠨ ᠣᠨᠠᠵᠣ᠂ ᠨᠣᠮᠣᠨ ᠬᠦᠪᠴᠢ ᠨᠣᠷᠴᠣ ᠰᠣᠯᠠᠷᠠᠨ ᠲᠠᠲᠠᠵᠣ ᠪᠣᠯᠬᠤ ᠦᠭᠡᠢ ᠪᠣᠯᠪᠠ᠃ ᠵᠠᠷᠢᠮ ᠰᠣᠮᠣᠨ ᠤ ᠵᠡᠪᠡ ᠴᠦ ᠮᠣᠯᠳᠣᠷᠢᠨ ᠣᠨᠠᠬᠤ ᠳᠤ ᠬᠦᠷᠪᠡ᠃ ᠲᠡᠪᠡᠯ ᠬᠤᠪᠴᠠᠰᠣ ᠶᠢ ᠨᠡᠩ ᠬᠡᠯᠡᠬᠦ ᠶᠢᠨ ᠠᠷᠭ᠎ᠠ ᠦᠭᠡᠢ ᠪᠣᠯᠵᠣ᠂ ᠴᠡᠷᠢᠭ ᠵᠠᠩᠵᠣᠨ ᠪᠦᠷ ᠲᠠᠭᠵᠢᠨ ᠴᠡᠴᠡᠷᠡᠵᠦ ᠪᠡᠭᠡᠷᠡᠨ ᠬᠦᠯᠳᠡᠵᠦ ᠬᠦᠳᠡᠯᠵᠣ ᠪᠠᠷᠢᠵᠣ ᠴᠢᠳᠠᠬᠤ ᠦᠭᠡᠢ ᠪᠣᠯᠵᠠᠢ᠃ ᠮᠣᠷᠢᠳᠣ ᠴᠡᠷᠢᠭ ᠶᠠᠪᠠᠭᠠᠨ ᠴᠡᠷᠢᠭ ᠠᠯᠢᠨ ᠴᠦ ᠣᠷᠣᠭᠰᠢᠯᠠᠵᠣ ᠲᠠᠪᠰᠢᠬᠤ ᠳᠤ ᠬᠦᠴᠢᠷᠳᠡᠬᠦ ᠪᠣᠯᠵᠠᠢ᠃ ᠮᠠᠨ ᠤ ᠴᠡᠷᠢᠭ ᠶᠠᠭ ᠡᠶᠢᠮᠦ ᠪᠠᠶᠢᠳᠠᠯ ᠳᠤ ᠣᠷᠣᠭᠠᠳ ᠪᠠᠶᠢᠬᠤ ᠳᠤ ᠲᠠᠶᠢᠰᠣᠨ ᠬᠠᠷᠢᠨ ᠬᠦᠮᠦᠨ ᠮᠣᠷᠢ ᠪᠠ ᠵᠡᠪᠰᠡᠭ ᠲᠣᠨᠣᠭᠯᠠᠯ ᠳᠠᠭᠠᠨ ᠨᠦᠮᠦᠷᠭᠡᠵᠦ ᠪᠠᠶᠢᠭᠰᠠᠨ ᠢᠰᠡᠭᠡᠢ ᠬᠡᠪᠨᠡᠭ ᠢᠶᠠᠨ ᠠᠪᠴᠣ ᠬᠠᠶᠠᠮᠠᠭᠴᠠ᠂ ᠶᠠᠮᠠᠷᠴᠣ ᠬᠡᠷᠡᠭ ᠪᠣᠯᠤᠭ᠎ᠠ ᠦᠭᠡᠢ ᠮᠡᠳᠦ ᠪᠠᠷ ᠡᠩ ᠤᠨ ᠠᠳᠠᠯᠢ ᠣᠣᠬᠠᠶᠢᠯᠠᠨ ᠲᠠᠪᠬᠢᠯᠳᠣᠵᠣ ᠮᠠᠨ ᠤ ᠡᠰᠡᠷᠭᠦ ᠲᠠᠭᠠᠷᠢᠯᠳᠠ ᠬᠢᠪᠡ᠃ ᠡᠨᠡ ᠦᠨᠡᠬᠡᠷ᠄ ᠬᠤᠶᠠᠷ ᠲᠠᠯ᠎ᠠ ᠪᠠᠷ ᠲᠡᠭᠷᠢ ᠲᠣᠷᠬᠢᠳᠡᠯ᠎ᠡ ᠣᠣᠬᠠᠶᠢᠯᠠᠨ ᠪᠠᠶᠢᠯᠳᠣᠬᠤᠶ᠎ᠠ ᠂ ᠲᠦᠷᠪᠡᠨ ᠵᠣᠪᠬᠢᠰ ᠭᠠᠵᠠᠷ ᠲᠡᠷᠪᠡᠯᠵᠡᠨ ᠲᠦᠮᠡᠨ ᠠᠮᠢᠳᠠᠨ ᠴᠡᠴᠡᠷᠬᠢᠯᠳᠦᠪᠡᠢ᠃ ᠪᠠᠭᠠᠳᠣᠷᠴᠣᠳ ᠤᠨ ᠣᠣᠬᠠᠶᠢᠯᠠᠬᠤ ᠲᠠᠭᠤᠨ ᠪᠠ ᠲᠠᠭᠠᠷᠢᠯᠳᠠ ᠶᠢᠨ ᠪᠦᠷᠢᠶ᠎ᠡ ᠬᠠᠩᠬᠢᠨᠠᠨ ᠲᠦᠷᠪᠡᠨ ᠵᠦᠭ ᠲᠤ ᠴᠣᠣᠷᠢᠶᠠᠳᠣᠪᠠ᠃ᠡᠮᠢᠷ ᠲᠡᠮᠦᠷ ᠠᠯᠯᠠᠾ ᠶᠢᠨ ᠠᠪᠣᠷᠠᠯ ᠢᠶᠠᠷ ᠵᠡᠭᠦᠨ ᠵᠢᠭᠦᠷ ᠢ ᠲᠠᠭᠠᠭᠤᠯᠣᠨ ᠲᠠᠭᠠᠷᠢᠵᠣ᠂ ᠲᠠᠶᠢᠰᠣᠨ ᠤ ᠡᠮᠢᠷ ᠬᠠᠮᠢᠳ᠋  ᠤᠨ ᠲᠡᠭᠦᠥ ᠰᠡᠩᠬᠦᠮ ᠮᠣᠶᠠᠨ ︵Shenkum muyan︶ ᠤ ᠲᠠᠭᠠᠭᠤᠯᠣᠭᠰᠠᠨ ᠲᠠᠶᠢᠰᠣᠨ ᠤ ᠪᠠᠷᠠᠭᠤᠨ ᠵᠢᠭᠦᠷ  ᠢ ᠲᠠᠭᠠᠷᠢᠨ ᠨᠢᠴᠣᠭᠠᠪᠠ᠃ ᠢᠯᠢᠶᠠᠰ ᠬᠤᠵᠠ ᠬᠠᠭᠠᠨ ᠡᠭᠦᠨ ᠢ ᠦᠵᠡᠭᠡᠳ ᠠᠶᠣᠨ ᠰᠣᠴᠢᠵᠣ ᠰᠡᠩᠳᠡ ᠮᠡᠩᠳᠡ ᠪᠣᠷᠣᠭᠤᠯᠠᠨ ᠲᠣᠳᠠᠭᠠᠪᠠ᠃ ᠭᠡᠪᠡᠴᠦ ᠮᠠᠨ ᠤ ᠪᠠᠷᠠᠭᠤᠨ ᠵᠢᠭᠦᠷ ᠤᠨ ᠴᠡᠷᠢᠭ ᠲᠠᠶᠢᠰᠣᠨ ᠳᠤ ᠢᠯᠠᠭᠳᠠᠨ᠂ ᠲᠠᠶᠢᠰᠣᠨ  ᠤ ᠱᠠᠷᠠᠸᠠᠯ ᠪᠣᠯᠣᠨ ᠬᠠᠵᠢ · ᠪᠠᠬᠢ ᠶᠢᠨ ᠣᠳᠣᠷᠢᠳᠣᠭᠰᠠᠨ ᠵᠡᠭᠦᠨ ᠵᠢᠬᠦᠷ ᠤᠨ ᠴᠡᠷᠢᠭ ᠮᠠᠨ ᠤ ᠡᠮᠢᠷ ᠲᠢᠷᠯᠠᠨᠵᠢ ᠪᠣᠯᠣᠨ ᠵᠠᠨᠳᠠ · ᠬᠠᠱᠧᠮ ᠤᠨ ᠴᠡᠷᠢᠭ ᠢ ᠨᠢᠴᠣᠭᠠᠨ ᠲᠠᠷᠣᠵᠣ ᠬᠤᠶᠢᠨ᠎ᠠ ᠠᠴᠠ ᠨᠢ ᠲᠠᠷᠣᠨ ᠠᠯᠠᠵᠣ ᠡᠮᠢᠷ ᠬᠤᠰᠢᠨ  ᠤ ᠬᠦᠷᠢᠶ᠎ᠡ ᠳᠤ ᠬᠦᠷᠳᠡᠯ᠎ᠡ ᠠᠯᠠᠨ ᠲᠠᠭᠤᠪᠠ᠃ ᠡᠮᠢᠷ ᠬᠤᠰᠢᠨ ᠤ ᠰᠢᠳᠠᠷ ᠬᠠᠮᠠᠭᠠᠯᠠᠭᠴᠢ ᠴᠡᠷᠢᠭ ᠠᠩᠬᠢ ᠡᠭᠦᠨ ᠢ ᠦᠵᠡᠭᠡᠳ ᠨᠢᠭᠡᠮᠦᠰᠦᠨ ᠪᠠᠯᠢᠳᠠᠵᠣ ᠪᠡᠶ᠎ᠡ ᠡᠷᠭᠢᠨ ᠪᠣᠷᠣᠭᠤᠯᠠᠵᠠᠭᠠᠪᠠ᠃ ᠭᠡᠳᠡᠯ᠎ᠡ ᠪᠣᠯᠣᠳ · ᠪᠣᠬ᠎ᠠ ᠪᠣᠯᠣᠨ ᠰᠢᠷ · ᠪᠠᠾᠷᠠᠮ ᠮᠠᠰᠢᠳᠠ ᠪᠠᠭᠠᠳᠣᠷᠯᠠᠨ ᠪᠠᠶᠢᠯᠳᠣᠵᠣ᠂ ᠦᠪᠡᠷ ᠤᠨ ᠵᠢᠬᠰᠠᠭᠠᠯ ᠢᠶᠠᠨ ᠴᠢᠩᠭᠠᠳᠠ ᠪᠠᠬᠢᠯᠡᠨ ᠰᠠᠬᠢᠵᠣ ᠦᠯᠡᠳᠡᠪᠡ᠃ ᠬᠠᠵᠢ · ᠪᠠᠬᠢ ᠦᠷᠬᠦᠯᠵᠢᠯᠡᠨ ᠪᠠᠶᠢᠯᠳᠣᠵᠣ ᠪᠠᠶᠢᠭᠠᠳ ᠮᠠᠨ ᠤ ᠪᠠᠷᠠᠭᠤᠨ ᠵᠢᠭᠦᠷ ᠢ ᠲᠠᠷᠣᠪᠠ᠃ ᠹᠠᠷᠬᠠᠳ᠋ ᠪᠣᠯᠣᠨ ᠦᠯᠦᠭ · ᠲᠡᠮᠦᠷ ᠨᠢᠭᠡᠮᠦᠰᠦᠨ ᠪᠠᠯᠢᠳᠠᠵᠠᠢ᠃ ᠲᠠᠶᠢᠰᠣᠨ ᠤ ᠵᠠᠩᠵᠣᠨ ᠡᠮᠢᠷ ᠵᠠᠮᠰ — ᠠᠳ᠋ᠳᠢᠨ ᠠᠯᠢ ᠬᠡᠵᠢᠶᠡᠨᠡᠢ ᠨᠢᠳᠣᠷᠭ᠎ᠠ ᠪᠠᠨ ᠵᠠᠩᠬᠢᠳᠣᠨ ᠬᠦᠯᠢᠶᠡᠵᠦ ᠪᠠᠶᠢᠭᠰᠠᠨ ᠪᠣᠯᠬᠤᠷ ᠮᠠᠨ ᠤ ᠡᠰᠡᠷᠭᠦ ᠠᠴᠠ ᠴᠡᠷᠢᠭ ᠢᠶᠠᠨ ᠲᠠᠭᠠᠭᠤᠯᠣᠨ ᠲᠠᠭᠠᠷᠢᠨ ᠢᠷᠡᠵᠦ᠂ ᠦᠪᠡᠷ ᠤᠨ ᠪᠠᠭᠠᠳᠣᠷ ᠢᠶᠠᠨ ᠨᠢᠭᠡᠮᠦᠰᠦᠨ ᠭᠠᠶᠢᠬᠠᠭᠤᠯᠵᠠᠢ᠃ᠡᠨᠡ ᠦᠶ᠎ᠡ ᠪᠠᠷ ᠡᠮᠢᠷ ᠲᠡᠮᠦᠷ ᠤᠨ ᠬᠢᠯᠢᠩ ᠤᠨ ᠭᠠᠯ ᠲᠡᠭᠷᠢ ᠲᠣᠯᠳᠠᠯ᠎ᠠ ᠲᠦᠷᠡᠯᠵᠡᠵᠦ᠂ ᠡᠷᠳᠡᠨᠢ ᠶᠢᠨ ᠰᠡᠯᠡᠮ᠎ᠡ ᠶᠢ ᠴᠢᠩᠭ᠎ᠠ ᠠᠳᠬᠤᠨ ᠡᠷᠡᠰ ᠰᠢᠢᠳᠮᠡᠭᠡᠢ ᠪᠠᠷ ᠲᠠᠶᠢᠰᠣᠨ ᠲᠠᠢ ᠦᠵᠡᠯᠴᠡᠯ᠎ᠡ᠃ᠭᠠᠷᠬᠠᠨ ᠬᠤᠶᠠᠭ ᠯᠣᠣᠳᠣ ᠲᠣᠭᠤᠯᠭ᠎ᠠ ᠡᠳᠦᠷ ᠤᠨ ᠨᠠᠷᠠᠨ ᠳᠤ ᠬᠢᠯᠠᠯᠵᠠᠵᠣᠭᠠᠷᠮᠠᠭᠠᠢ ᠪᠠᠭᠠᠳᠣᠷ ᠤᠨ ᠡᠷᠡᠯᠬᠡᠭ ᠲᠦᠷᠢ ᠲᠠᠶᠢᠨ ᠤ ᠲᠠᠯᠠᠪᠣᠷ ᠲᠤ ᠮᠠᠩᠯᠠᠶᠢᠯᠠᠪᠠ᠃ᠠᠭᠤᠷ ᠬᠢᠯᠢᠩ ᠮᠠᠨᠳᠣᠨ ᠪᠠᠳᠠᠷᠠᠬᠤᠶ᠎ᠠ ᠶᠢᠰᠦᠨ ᠲᠡᠭᠷᠢ ᠴᠡᠴᠡᠷᠬᠢᠯᠳᠦᠨᠠᠭᠳᠠ ᠶᠢᠨ ᠬᠦᠴᠦ ᠡᠷ᠎ᠡ ᠶᠢᠨ ᠪᠠᠭᠠᠳᠣᠷ ᠲᠤ ᠲᠠᠶᠢᠰᠣᠨ ᠪᠦᠬᠦᠨ ᠠᠶᠣᠯᠳᠣᠪᠠ᠃ᠡᠮᠢᠷ ᠲᠡᠮᠦᠷ ᠦᠪᠡᠷ ᠤᠨ ᠠᠷᠪᠠᠨ ᠲᠣᠯᠣᠭᠠᠨ ᠬᠤᠰᠢᠭᠤ ᠴᠡᠷᠢᠭ ᠢᠶᠠᠨ ᠵᠠᠬᠢᠷᠣᠨ ᠣᠷᠣᠭᠰᠢ ᠲᠠᠭᠠᠷᠢᠵᠣ᠂ ᠲᠡᠭᠦᠨ ᠤ ᠬᠤᠰᠢᠭᠤᠴᠢ ᠴᠡᠷᠢᠭ ᠨᠠᠮᠣᠷ ᠤᠨ ᠰᠠᠯᠬᠢ ᠣᠨᠠᠭᠰᠠᠨ ᠨᠠᠪᠴᠢᠰ ᠢ ᠱᠦᠭᠦᠷᠳᠡᠬᠦ ᠮᠡᠳᠦ ᠠᠯᠠᠨ ᠣᠷᠣᠭᠰᠠᠨ᠎ᠠ᠂ ᠲᠠᠶᠢᠰᠣᠨ ᠤ ᠴᠡᠷᠢᠭ ᠠᠶᠣᠨ ᠪᠠᠯᠢᠳᠠᠵᠣ᠂ ᠡᠮᠢᠷ ᠵᠠᠮᠰ — ᠠᠳ᠋ᠳᠢᠨ ᠬᠦᠷᠳᠡᠯ᠎ᠡ ᠮᠣᠷᠢᠨ ᠲᠣᠯᠣᠭᠠᠢ ᠡᠷᠭᠢᠭᠦᠯᠦᠨ ᠲᠠᠶᠢᠨ ᠤ ᠲᠠᠯᠠᠪᠣᠷ ᠠᠴᠠ ᠣᠬᠤᠷᠢᠨ ᠭᠠᠷᠴᠣ᠂ ᠰᠢᠪᠰᠢᠭᠳᠡᠢ ᠪᠠᠷ ᠪᠣᠷᠣᠭᠤᠯᠠᠨ ᠲᠣᠳᠠᠭᠠᠪᠠ᠃ ᠡᠮᠢᠷ ᠲᠡᠮᠦᠷ ᠲᠠᠶᠢᠰᠣᠨ ᠢᠶᠠᠨ ᠲᠠᠷᠣᠮᠠᠭᠴᠠ ᠪᠠᠨ ᠦᠪᠡᠷ ᠤᠨ ᠵᠢᠬᠰᠠᠭᠠᠯ ᠢᠶᠠᠨ ᠪᠠᠬᠢᠯᠡᠨ ᠰᠠᠬᠢᠪᠠ᠃ᠡᠮᠢᠷ ᠲᠡᠮᠦᠷ ᠡᠭᠦᠨ ᠤ ᠵᠡᠷᠭᠡᠳᠡ ᠪᠠᠰᠠ ᠦᠪᠡᠷ ᠤᠨ ᠰᠢᠲᠠᠷ ᠲᠠᠭᠠᠭᠰᠠᠳ ᠲᠠᠪᠠᠨ · ᠪᠠᠭᠠᠳᠣᠷ ᠢ ᠲᠣᠮᠢᠯᠠᠵᠣ ᠡᠮᠢᠷ ᠬᠤᠰᠢᠨ ᠤ ᠲᠡᠷᠭᠡᠳᠡ ᠢᠯᠡᠭᠡᠨ ᠬᠡᠯᠡᠬᠦᠯᠦᠭᠰᠡᠨ ᠨᠢ᠄ ︽ᠡᠷᠬᠢᠮ ᠣᠯᠠᠨ ᠡᠮᠢᠷ ᠨᠡᠷ ᠮᠢᠨᠢ᠂ ᠪᠢᠳᠡᠨ ᠤ ᠣᠷᠣᠭᠰᠢᠯᠠᠬᠤ ᠴᠠᠭ ᠢᠷᠡᠪᠡ᠂ ᠪᠢᠳᠡ ᠪᠦᠬᠦᠳᠡᠭᠡᠷ ᠬᠦᠴᠦᠨ ᠬᠠᠮᠳᠣᠷᠠᠨ ᠲᠠᠭᠠᠷᠢᠨ ᠣᠷᠣᠪᠠᠯ ᠲᠠᠶᠢᠰᠣᠨ ᠤ ᠢᠯᠠᠭᠳᠠᠯ ᠨᠢᠳᠣᠨ ᠡᠮᠦᠨ᠎ᠡ ᠪᠣᠯᠪᠠ᠃ ᠲᠠᠶᠢᠰᠣᠨ ᠳᠤ ᠮᠠᠨ ᠤ ᠶᠡᠬᠡᠪᠡᠷ ᠲᠠᠭᠠᠷᠢᠬᠤ ᠶᠢ ᠡᠰᠡᠷᠭᠦᠴᠡᠬᠦ ᠬᠦᠴᠦᠨ ᠴᠢᠳᠠᠯ ᠨᠢᠭᠡᠨᠳᠡ ᠠᠯᠠᠭ᠎ᠠ ᠪᠣᠯᠵᠠᠢ᠃ ᠪᠢᠳᠡ ᠴᠢᠷᠮᠠᠶᠢᠨ ᠬᠠᠳᠠᠭᠤᠵᠢᠵᠣ ᠲᠣᠪᠳᠣᠯᠣᠪᠠᠰᠣ ᠲᠡᠳᠡ ᠲᠠᠷᠣᠭᠳᠠᠨ ᠰᠠᠷᠨᠢᠬᠤ ᠨᠢ ᠯᠠᠪ ᠪᠣᠯᠠᠢ︾ ᠭᠡᠵᠡᠢ᠃ᠭᠡᠳᠡᠯ᠎ᠡ ᠡᠮᠢᠷ ᠲᠡᠮᠦᠷ ᠤᠨ ᠬᠦᠴᠦᠨ ᠰᠦᠷ ᠡᠳᠦᠷ ᠢᠷᠡᠬᠦᠶ᠎ᠡ ᠬᠦᠭᠵᠢᠨ ᠮᠠᠨᠳᠣᠵᠣ᠂ ᠦᠪᠡᠷ ᠤᠨ ᠤ ᠬᠢᠨᠢ ᠪᠠᠶᠢᠳᠠᠯ ᠡᠳᠦᠷ ᠢᠷᠡᠬᠦᠶ᠎ᠡ ᠲᠣᠷᠣᠶᠢᠳᠠᠨ ᠪᠠᠶᠢᠭ᠎ᠠ ᠶᠢ ᠬᠠᠷᠠᠭᠰᠠᠨ ᠡᠮᠢᠷ ᠬᠤᠰᠢᠨ ᠶᠠᠭ ᠯᠠ ᠺᠣᠷᠠᠨ ᠰᠣᠳᠣᠷ ᠲᠤ ᠬᠡᠯᠡᠭᠰᠡᠨ ᠰᠢᠭ᠄ ︽ᠠᠯᠯᠠᠾ ᠳᠤ ᠶᠠᠮᠠᠷᠪᠠ ᠬᠦᠮᠦᠨ ᠢ ᠬᠤᠪᠢᠷᠠᠭᠤᠯᠣᠶ᠎ᠠ ᠭᠡᠰᠡᠨ ᠪᠣᠳᠣᠯ ᠦᠭᠡᠢ᠂ ᠵᠦᠪᠬᠡᠨ ᠲᠡᠳᠡᠭᠡᠷ ᠬᠦᠮᠦᠰ ᠦᠪᠡᠷ ᠢ ᠪᠠᠨ ᠬᠤᠪᠢᠷᠠᠭᠤᠯᠬᠤ ᠯᠠ ᠲᠡᠳᠦᠢ︾ ᠭᠡᠰᠡᠨ ᠲᠠᠢ ᠠᠳᠠᠯᠢ ᠪᠠᠷ ᠲᠡᠭᠦᠨ ᠤ ᠬᠡᠢ ᠮᠣᠷᠢ ᠨᠢᠭᠡᠨᠳᠡ ᠪᠠᠷᠠᠭᠤᠨ᠎ᠠ ᠨᠠᠷᠠᠨ ᠮᠡᠳᠦ ᠪᠣᠯᠪᠠᠢ᠃ ᠡᠨᠡᠬᠦ ᠬᠤᠭᠤᠴᠠᠭᠠᠨ ᠳᠤ ᠡᠮᠢᠷ ᠬᠤᠰᠢᠨ ᠤ ᠵᠠᠩ ᠴᠢᠨᠠᠷ ᠴᠦ ᠶᠡᠬᠡᠯ᠎ᠡ ᠬᠤᠪᠢᠷᠠᠵᠣ᠂ ᠦᠩᠭᠡᠷᠡᠭᠰᠡᠨ ᠤ ᠮᠡᠳᠦ ᠲᠣᠭᠳᠠᠬᠤᠨ ᠯᠠᠪᠳᠠᠭᠤᠨ ᠪᠢᠰᠢ ᠪᠣᠯᠵᠣ᠂ ᠵᠠᠷᠢᠮ ᠦᠮᠡᠬᠡᠢ ᠲᠠᠳᠬᠠᠯ ᠳᠤ ᠠᠪᠳᠠᠵᠣ᠂ ᠡᠯ᠎ᠡ ᠵᠦᠢᠯ ᠤᠨ ᠮᠠᠭᠤ ᠬᠡᠷᠡᠭ ᠢ ᠦᠢᠯᠡᠳᠬᠦ ᠪᠣᠯᠪᠠ᠃ ᠡᠶᠢᠮᠦ ᠠᠴᠠ ᠲᠠᠪᠠᠨ · ᠪᠠᠭᠠᠳᠣᠷ ᠢᠷᠡᠵᠦ ᠲᠡᠭᠦᠨ ᠳᠤ ᠡᠮᠢᠷ ᠲᠡᠮᠦᠷ ᠤᠨ ᠦᠭᠡ ᠶᠢ ᠲᠠᠮᠵᠢᠭᠤᠯᠣᠭᠰᠠᠨ᠎ᠠ ᠲᠡᠷᠡ ᠲᠡᠭᠦᠨ ᠢ ᠶᠡᠬᠡᠪᠡᠷ ᠬᠢᠯᠢᠩᠯᠡᠨ ᠬᠠᠷᠢᠶᠠᠵᠣ ᠲᠠᠭᠤᠰᠣᠭᠠᠳ ᠵᠣᠭᠰᠣᠭᠰᠠᠨ ᠦᠭᠡᠢ᠂ ᠡᠴᠦᠰ ᠲᠡᠭᠡᠨ ᠲᠡᠭᠦᠨ ᠢ ᠨᠢᠭᠡᠯ᠎ᠡ ᠨᠢᠳᠣᠷᠭᠠᠳᠠᠨ ᠬᠦᠰᠡᠷ ᠣᠨᠠᠭᠠᠪᠠ᠃ᠡᠮᠢᠷ ᠲᠡᠮᠦᠷ ᠡᠴᠦᠰ ᠲᠡᠭᠡᠨ ᠡᠮᠢᠷ ᠬᠤᠰᠢᠨ ᠤ ᠭᠠᠷ ᠲᠣᠣᠷᠠᠬᠢ ᠬᠦᠮᠦᠨ ᠮᠧᠯᠢᠺ ᠪᠠ ᠬᠠᠨᠳᠠᠮᠢ ᠶᠢ ᠲᠡᠳᠡᠨᠡᠷ ᠤᠨ ᠦᠷᠦᠰᠢᠶᠡᠯᠳᠦ ᠡᠵᠡᠨ ᠳᠤᠨᠢ ᠢᠯᠡᠭᠡᠨ ᠡᠮᠢᠷ ᠬᠤᠰᠢᠨ ᠢ ᠵᠠᠯᠠᠭᠤᠯᠣᠭᠰᠠᠨ ᠪᠣᠯᠠᠪᠴᠣ᠂ ᠡᠮᠢᠷ ᠬᠤᠰᠢᠨ ᠡᠨᠡ ᠬᠤᠶᠠᠷ ᠡᠯᠴᠢ ᠶᠢ ᠶᠡᠬᠡᠯ᠎ᠡ ᠬᠠᠷᠢᠶᠠᠨ ᠲᠣᠷᠣᠮᠵᠢᠯᠠᠵᠣ ᠬᠡᠯᠡᠭᠰᠡᠨ ᠨᠢ᠄ ︽ᠲᠠᠨᠣᠰ ᠰᠢᠭ ᠨᠠᠳᠠ ᠶᠢ ᠰᠢᠬᠠᠮᠳᠠᠭᠤᠯᠣᠭᠴᠢᠳ ᠬᠢᠷᠢ ᠪᠠᠨ ᠲᠠᠳᠠ᠂ ᠪᠢ ᠶᠠᠮᠠᠷ ᠲᠠᠶᠢᠨ ᠤ ᠲᠠᠯᠠᠪᠣᠷ ᠠᠴᠠ ᠲᠣᠳᠠᠭᠠᠭᠰᠠᠨ ᠶᠣᠮ ᠦᠦ︖ ᠲᠠᠨᠣᠰ ᠢᠯᠠᠪᠠᠴᠣ᠂ ᠲᠠᠶᠢᠰᠣᠨ ᠲᠡᠶᠢᠯᠦᠪᠡᠴᠦ ᠲᠠᠨ ᠤ ᠬᠡᠨ ᠨᠢ ᠴᠦ ᠮᠢᠨᠦ ᠦᠰᠢᠶ᠎ᠡ ᠠᠪᠣᠯᠳᠠ ᠠᠴᠠ ᠮᠣᠯᠳᠣᠷᠢᠨ᠎ᠠ ᠭᠡᠵᠦ ᠰᠠᠨᠠᠬᠤ ᠬᠡᠷᠡᠭ ᠦᠭᠡᠢ︾ ᠬᠡᠮᠡᠪᠡ᠃ᠮᠧᠯᠢᠺ ᠪᠣᠯᠣᠨ ᠬᠠᠨᠳᠠᠮᠢ ᠡᠭᠦᠨ ᠢ ᠰᠣᠨᠣᠰᠣᠭᠠᠳ ᠶᠡᠬᠡᠯ᠎ᠡ ᠠᠭᠤᠷᠰᠠᠨ ᠲᠡᠷᠡ ᠲᠣᠣᠷ᠎ᠠ ᠪᠠᠨ ᠡᠮᠢᠷ ᠬᠤᠰᠢᠨ ᠠᠴᠠ ᠰᠠᠯᠵᠣ ᠡᠮᠢᠷ ᠲᠡᠮᠦᠷ ᠤᠨ ᠠᠳᠡ ᠢᠷᠡᠪᠡ᠃ ᠲᠡᠳᠡ ᠡᠮᠢᠷ ᠲᠡᠮᠦᠷ ᠲᠠᠢ ᠠᠭᠤᠯᠵᠠᠭᠠᠳ ᠬᠡᠯᠡᠭᠰᠡᠨ ᠨᠢ᠄ ︽ᠲᠠ ᠲᠡᠭᠦᠨ ᠢ ᠡᠨᠡᠬᠦ ᠲᠠᠶᠢᠨ ᠳᠤ ᠣᠷᠣᠯᠴᠠᠭᠤᠯᠣᠶ᠎ᠠ ᠭᠡᠵᠦ ᠪᠠᠷᠢᠮᠳᠠᠯᠠᠭᠰᠠᠨ ᠤ ᠬᠡᠷᠡᠭ ᠦᠭᠡᠢ︾ ᠭᠡᠪᠡ᠃ ᠡᠮᠢᠷ ᠲᠡᠮᠦᠷ ᠡᠳᠡ ᠬᠤᠶᠠᠭᠤᠯᠠ ᠶᠢ ᠢᠳᠡᠭᠡᠵᠦ᠂ ᠡᠨᠡᠬᠦ ᠲᠠᠶᠢᠨ ᠢ ᠦᠷᠬᠦᠯᠵᠢᠯᠡᠶ᠎ᠡ ᠭᠡᠳᠡᠭ ᠰᠠᠨᠠᠯ ᠢᠶᠠᠨ ᠬᠤᠷᠢᠶᠠᠵᠠᠢ᠃ ᠭᠡᠪᠡᠴᠦ ᠬᠤᠶᠠᠷ ᠲᠠᠯ᠎ᠠ ᠶᠢᠨ ᠴᠡᠷᠢᠭ ᠨᠢᠭᠡᠨᠳᠡ ᠬᠠᠷᠢᠯᠴᠠᠨ ᠪᠠᠶᠢᠯᠳᠣᠵᠣ ᠰᠢᠳᠦᠯᠴᠡᠨ ᠬᠤᠨᠣᠭᠠᠳ ᠪᠠᠶᠢᠭᠰᠠᠨ ᠪᠣᠯᠬᠤᠷ᠂ ᠰᠠᠯᠬᠤᠶ᠎ᠠ ᠬᠢᠯᠪᠠᠷ ᠪᠣᠰᠣ ᠪᠣᠯᠵᠠᠢ᠃ ᠡᠳᠦᠬᠡ ᠬᠤᠶᠠᠷ ᠲᠠᠯ᠎ᠠ ᠶᠢᠨ ᠬᠦᠴᠦᠨ ᠤ ᠲᠡᠩᠴᠡᠭᠦᠷᠢ ᠨᠢᠭᠡᠮᠦᠰᠦᠨ ᠠᠯᠳᠠᠭᠳᠠᠪᠠ᠃ ᠰᠢᠯᠦᠭ ᠲᠤ ᠦᠬᠦᠯᠡᠭᠰᠡᠨ ᠨᠢ᠄ᠬᠤᠶᠠᠷ ᠲᠠᠯ᠎ᠠ ᠶᠢᠨ ᠲᠤᠭ ᠬᠢᠬᠢᠷᠢ ᠨᠢᠭᠤᠭᠳᠠᠷᠣᠨ᠂ᠬᠤᠶᠠᠭᠳᠣ ᠡᠷᠡᠰ ᠵᠡᠪᠰᠡᠭ ᠲᠡᠷᠡᠯᠡᠨ ᠨᠣᠶᠢᠷᠰᠣᠵᠣᠬᠤᠢ᠃ᠠᠯᠳᠠᠨ ᠨᠠᠷᠠᠨ ᠲᠠᠶᠢᠨ ᠤ ᠲᠠᠯᠠᠪᠠᠢ ᠶᠢ ᠭᠡᠷᠡᠯᠳᠦᠭᠦᠯᠬᠦᠶ᠎ᠡ᠂ᠠᠮᠳᠠᠳᠣ ᠨᠣᠶᠢᠷ ᠠᠴᠠ ᠬᠠᠷᠬᠠᠨ ᠰᠡᠷᠢᠭᠡᠳᠦᠢ ᠪᠠᠶᠢᠯᠤᠭ᠎ᠠ᠃ᠲᠣᠰ ᠡᠳᠦᠷ ᠤᠨ ᠣᠷᠣᠢ ᠡᠮᠢᠷ ᠬᠤᠰᠢᠨ ᠠᠴᠠ ᠡᠮᠢᠷ ᠲᠡᠮᠦᠷ ᠢ ᠬᠡᠳᠦᠨᠳᠡ ᠵᠠᠯᠠᠭᠤᠯᠣᠭᠰᠠᠨ ᠳᠤ ᠡᠨᠡᠬᠦ ᠸᠠᠩ ᠴᠦ ᠲᠡᠭᠦᠨ ᠤ ᠵᠠᠯᠠᠯᠭ᠎ᠠ ᠶᠢ ᠦᠯᠦ ᠬᠦᠯᠢᠶᠡᠨ ᠠᠪᠣᠪᠠ᠃ᠬᠤᠶᠠᠳᠣᠭᠠᠷ ᠡᠳᠦᠷ ᠬᠢᠨᠢ ᠦᠷᠯᠦᠭᠡ ᠬᠤᠶᠠᠷ ᠲᠠᠯ᠎ᠠ ᠶᠢᠨ ᠴᠡᠷᠢᠭ ᠲᠠᠬᠢᠨ ᠪᠠᠶᠢᠯᠳᠣᠨ ᠡᠬᠢᠯᠡᠪᠡ᠃ ᠭᠡᠪᠡᠴᠦ ᠴᠠᠭᠠᠳᠠᠢ  ᠶᠢᠨ ᠴᠡᠷᠢᠭ ᠢᠯᠠᠭᠳᠠᠨ ᠪᠣᠷᠣᠭᠤᠯᠠᠵᠣ᠂ ᠮᠠᠨ ᠴᠡᠷᠢᠭ ᠲᠠᠷᠣᠨ ᠠᠯᠠᠵᠣ ᠬᠦᠭᠡᠭᠡᠨ ᠨᠡᠬᠡᠮᠵᠢᠯᠡᠪᠡ᠃ ᠭᠡᠳᠡᠯ᠎ᠡ ᠶᠠᠭ ᠡᠨᠡ ᠦᠶ᠎ᠡ ᠪᠠᠷ ᠡᠮᠢᠷ ᠵᠠᠮᠰ — ᠠᠳ᠋ᠳᠢᠨ ᠤ ᠨᠢᠭᠡᠨ ᠰᠠᠯᠠᠭ᠎ᠠ ᠴᠡᠷᠢᠭ ᠶᠡᠭᠡ ᠴᠡᠷᠢᠭ ᠠᠴᠠ ᠪᠠᠨ ᠰᠠᠯᠵᠣ ᠭᠠᠷᠴᠣ ᠢᠷᠡᠭᠰᠡᠨ  ᠳᠤ ᠮᠠᠨᠠᠶᠢᠬᠢᠳ ᠨᠡᠬᠡᠮᠵᠢᠯᠡᠬᠦ ᠪᠠᠨ ᠵᠣᠭᠰᠣᠵᠣ ᠵᠠᠮᠰ — ᠠᠳ᠋ᠳᠢᠨ ᠢ ᠲᠣᠪᠳᠣᠯᠬᠤ ᠪᠠᠷ ᠪᠠᠶᠢᠳᠠᠯ᠎ᠠ᠂ ᠢᠯᠠᠭᠳᠠᠭᠰᠠᠨ ᠲᠠᠶᠢᠰᠣᠨ ᠭᠡᠳᠡᠷᠭᠦ ᠲᠣᠪᠳᠣᠯᠵᠣ ᠰᠢᠷᠦᠬᠦᠨ ᠲᠠᠭᠠᠷᠢᠭᠰᠠᠨ᠎ᠠ᠂ ᠮᠠᠨ ᠤ ᠴᠡᠷᠢᠭ ᠢᠯᠠᠭᠳᠠᠨ ᠰᠡᠩᠳᠡ ᠮᠡᠩᠳᠡ ᠲᠣᠳᠠᠭᠠᠨ ᠪᠣᠷᠣᠭᠤᠯᠠᠭᠴᠢᠳ ᠭᠤᠣᠯ ᠳᠤ ᠣᠨᠠᠵᠣ ᠦᠭᠦᠭᠰᠡᠨ ᠬᠦᠮᠦᠨ ᠤ ᠲᠤᠭ᠎ᠠ ᠲᠣᠭᠠᠯᠠᠰᠢ ᠦᠭᠡᠢ ᠣᠯᠠᠨ ᠪᠣᠯᠪᠠ ᠃ ᠲᠠᠶᠢᠰᠣᠨ ᠵᠠᠪᠰᠢᠶᠠᠨ ᠢ ᠠᠯᠳᠠᠯ ᠦᠭᠡᠢ ᠲᠠᠭᠠᠷᠢᠨ ᠠᠯᠠᠵᠣ᠂ ᠮᠠᠨ ᠤ ᠴᠡᠷᠢᠭ ᠲᠦᠮᠡᠨ ᠢᠯᠡᠬᠦᠥ ᠬᠦᠮᠦᠨ ᠬᠤᠬᠢᠷᠠᠪᠠ᠃ᠡᠨᠡ ᠣᠳᠠᠭᠠᠨ ᠤ ᠲᠠᠶᠢᠨ ᠾᠢᠵᠢᠷ ᠲᠣᠭᠠᠯᠠᠯ ᠤᠨ 766 ᠣᠨ ︵ᠨᠡᠶᠢᠳᠡ ᠶᠢᠨ ᠣᠨ ᠲᠣᠭᠠᠯᠠᠯ ᠤᠨ1365 ᠣᠨ︶ ᠤ ᠷᠠᠮᠠᠳᠠᠨ ᠰᠠᠷ᠎ᠠ ᠶᠢᠨ ᠰᠢᠨ᠎ᠡ ᠶᠢᠨ ᠨᠢᠭᠡᠨ ᠪᠠᠶᠢᠵᠠᠢ᠃ ᠲᠠᠷᠣᠢ ᠲᠠᠲ᠋ᠠᠷ ᠲᠣᠭᠠᠯᠠᠯ ᠤᠨ ᠮᠣᠭᠠᠢ ᠵᠢᠯ ᠤᠨ ᠬᠡᠷᠡᠭ ᠶᠣᠮ᠃ ᠲᠡᠭᠷᠢ ᠶᠢᠨ ᠵᠦᠢᠴᠢᠳ ᠦᠬᠦᠯᠡᠷᠦᠨ᠄ ︽ᠡᠨᠡᠬᠦ ᠬᠡᠷᠡᠭ ᠶᠠᠭ ᠰᠠᠶᠢᠬᠠᠨ ᠨᠠᠾ ᠰᠠᠭᠤᠳᠠᠯ ᠳᠤ ᠭᠤᠷᠪᠠᠨ ᠭᠠᠷᠠᠭ ᠤᠨ ᠠᠭᠤᠯᠵᠠᠯᠳᠠ ᠳᠤ ᠪᠣᠯᠵᠠᠢ︾ ᠭᠡᠪᠡ᠃ ᠡᠨᠡ ᠦᠭᠡ ᠶᠢ ᠪᠢ ᠡᠨᠡᠬᠦ ᠲᠡᠣᠬᠡᠨ ᠨᠣᠮ ᠳᠤ ᠶᠠᠷᠢᠵᠣ ᠪᠠᠶᠢᠭ᠎ᠠ  ᠨᠢ ᠵᠦᠪᠬᠡᠨ ᠨᠢᠭᠡ ᠦᠯᠢᠭᠡᠷ ᠲᠡᠳᠦᠢ ᠬᠡᠯᠡᠭᠰᠡᠨ ᠬᠡᠷᠡᠭ ᠶᠣᠮ᠃ ᠪᠢ ᠡᠨᠡ ᠬᠡᠷᠡᠭ ᠢ ᠣᠳᠣᠨ ᠭᠠᠷᠠᠭ ᠤᠨ ᠠᠭᠤᠯᠵᠠᠯᠳᠠ ᠠᠴᠠ ᠪᠣᠯᠣᠯ᠎ᠠ ᠭᠡᠵᠦ ᠢᠳᠡᠭᠡᠬᠦ ᠦᠭᠡᠢ᠂ ᠰᠢᠯᠳᠠᠭᠠᠨ ᠭᠡᠪᠡᠯ ︽ᠵᠦᠪᠬᠡᠨ ᠠᠯᠯᠠᠾ ᠪᠣᠯ ᠰᠠᠶ᠋ᠢ ᠪᠦᠬᠦᠨ  ᠢ ᠴᠢᠳᠠᠭᠴᠢ ᠶᠣᠮ︾᠃ᠡᠨᠡ ᠣᠳᠠᠭᠠᠨ ᠤ ᠢᠯᠠᠭᠳᠠᠯ ᠤᠨ ᠰᠡᠭᠦᠯᠡᠷ᠂ ᠡᠨᠡ ᠬᠤᠶᠠᠷ ᠸᠠᠩ ᠭᠦᠩ ᠺᠧᠱ ᠲᠤ ᠣᠬᠤᠷᠢᠨ ᠬᠦᠷᠴᠡᠢ᠃ ᠲᠡᠨᠳᠡᠬᠢ ᠪᠦᠬᠦ ᠸᠠᠩ ᠭᠦᠩ ᠢᠵᠠᠭᠤᠷᠳᠠᠨ᠂ ᠠᠶᠢᠮᠠᠭ ᠪᠦᠯᠦᠭ ᠤᠨ ᠲᠦᠷᠦᠭᠦᠴᠦᠳ ᠪᠦᠷ ᠵᠧᠬᠤᠨ ᠭᠤᠣᠯ ᠢ ᠭᠠᠳᠣᠯᠣᠨ ᠶᠠᠪᠣᠪᠠ᠃ ᠡᠮᠢᠷ ᠬᠤᠰᠢᠨ ᠠᠴᠠ ᠡᠮᠢᠷ ᠲᠡᠮᠦᠷ ᠲᠤ ᠬᠡᠯᠡᠭᠰᠡᠨ ᠨᠢ᠄ ︽ᠴᠢ ᠬᠠᠮᠤᠭ ᠰᠠᠶᠢᠨ ᠨᠢ ᠭᠡᠷ ᠬᠤᠳᠠᠯᠠᠭᠠᠷ ᠢᠶᠠᠨ ᠠᠪᠴᠣ ᠴᠡᠷᠢᠭ ᠮᠣᠷᠢᠳ ᠢᠶᠠᠨ ᠲᠠᠭᠠᠭᠤᠯᠣᠨ ᠵᠧᠬᠤᠨ ᠭᠤᠣᠯ ᠢ ᠭᠠᠳᠣᠯᠠᠳᠣᠭᠠᠢ︾ ᠭᠡᠵᠡᠢ᠃ ᠡᠮᠢᠷ ᠲᠡᠮᠦᠷ ᠲᠡᠭᠦᠨ ᠳᠤ᠄ ︽ᠬᠡᠨ ᠭᠤᠣᠯ ᠭᠠᠳᠣᠯᠣᠨ ᠶᠠᠪᠣᠬᠤ ᠲᠣᠷᠠᠳᠠᠢ ᠪᠣᠯ ᠶᠠᠪᠣᠵᠣ ᠪᠣᠯᠣᠨ᠎ᠠ᠃ ᠭᠡᠪᠡᠴᠦ ᠪᠢ ᠶᠠᠪᠣᠬᠤ ᠦᠭᠡᠢ᠂ ᠪᠢ ᠭᠠᠳᠠᠭᠠᠳᠣ ᠣᠯᠣᠰ ᠣᠷᠣᠨ ᠢᠶᠠᠷ ᠶᠠᠪᠣᠵᠣ ᠪᠣᠰᠣᠳ ᠤᠨ ᠲᠣᠷᠣᠮᠵᠢᠯᠡᠯ ᠢ ᠠᠮᠰᠠᠬᠤ ᠲᠣᠷ᠎ᠠ ᠦᠭᠡᠢ᠃ ᠪᠢ ᠣᠯᠣᠰ ᠭᠡᠷ ᠢᠶᠠᠨ ᠬᠠᠶᠢᠷᠠᠯᠠᠬᠤ ᠰᠡᠳᠭᠢᠯ ᠢᠶᠠᠷ ᠴᠡᠷᠢᠭ ᠡᠭᠦᠰᠭᠡᠨ ᠭᠠᠳᠠᠭᠠᠳᠣ ᠶᠢᠨ ᠲᠦᠷᠢᠮᠡᠬᠡᠶᠢᠯᠡᠯ ᠢ ᠡᠰᠡᠷᠭᠦᠴᠡᠵᠦ ᠪᠠᠶᠢᠨ᠎ᠠ᠃ ᠡᠶᠢᠮᠦ ᠠᠴᠠ ᠪᠢ ᠴᠡᠷᠢᠭ ᠮᠣᠷᠢ ᠪᠠᠨ ᠲᠡᠭᠰᠢᠯᠡᠨ ᠲᠠᠶᠢᠰᠣᠨ ᠲᠠᠢ ᠡᠴᠦᠰ ᠲᠤᠨᠢ ᠲᠣᠯᠳᠠᠯ᠎ᠠ ᠲᠡᠮᠡᠴᠡᠨ᠎ᠡ︾ ᠭᠡᠵᠡᠢ᠃ᠡᠮᠢᠷ ᠬᠤᠰᠢᠨ ᠲᠡᠭᠦᠨ ᠠᠴᠠ ᠰᠠᠯᠵᠣ᠂ ᠦᠪᠡᠷ ᠢᠶᠠᠨ ᠰᠠᠷᠢ · ᠰᠠᠷᠠᠢ ᠳᠠᠭᠠᠨ ᠬᠠᠷᠢᠵᠠᠢ᠃ ᠲᠠᠷᠠᠭ᠎ᠠ ᠨᠢ ᠲᠡᠷᠡ ᠦᠪᠡᠷ ᠤᠨ ᠠᠷᠠᠳ ᠢᠷᠭᠡᠳ ᠢᠶᠠᠨ ᠪᠦᠷ ᠭᠤᠣᠯ ᠤᠨ ᠴᠠᠭᠠᠨ᠎ᠠ ᠨᠡᠭᠦᠯᠭᠡᠨ ᠠᠪᠠᠴᠢᠵᠣ᠂ ᠨᠢᠭᠡ ᠰᠢᠪᠠᠷᠲᠣ ︵Shibartu︶ ᠭᠡᠳᠡᠭ ᠭᠠᠵᠠᠷ ᠲᠣᠬᠢᠷᠠᠭᠤᠯᠣᠨ ᠰᠠᠭᠤᠯᠭᠠᠪᠠ᠃ ᠠᠳᠡ ᠠᠴᠠ ᠲᠡᠷᠡ ᠲᠣᠷᠰᠢᠭᠤᠯ ᠲᠣᠮᠢᠯᠠᠨ ᠴᠢᠮᠡᠭᠡ ᠮᠡᠳᠡᠭᠡ ᠠᠪᠴᠣ᠂ ᠬᠡᠷᠪᠡ ᠴᠠᠭᠠᠳᠠᠢ ᠶᠢᠨ ᠴᠡᠷᠢᠭ ᠢᠷᠡᠪᠡᠯ ᠾᠢᠨᠳᠦᠰᠲ᠋ᠠᠨ⑤ ᠵᠦᠭ ᠲᠣᠳᠠᠭᠠᠬᠤ ᠪᠠᠷ ᠪᠡᠯᠡᠳᠭᠡᠨ ᠲᠠᠯᠪᠢᠵᠠᠢ᠃ᠡᠮᠢᠷ ᠬᠤᠰᠢᠨ ᠰᠠᠯᠵᠣ ᠶᠠᠪᠣᠭᠰᠠᠨ ᠤ ᠰᠡᠬᠦᠯᠡᠷ᠂ ᠡᠮᠢᠷ ᠲᠡᠮᠦᠷ ᠲᠡᠷᠡ ᠲᠣᠣᠷ᠎ᠠ ᠪᠠᠨ ᠪᠦᠬᠦ ᠠᠩᠬᠠᠷᠣᠯ ᠢᠶᠠᠨ ᠲᠦᠪᠯᠡᠷᠡᠭᠦᠯᠦᠨ ᠲᠠᠶᠢᠰᠣᠨ ᠢ ᠡᠰᠡᠷᠭᠦᠴᠡᠬᠦ ᠪᠡᠯᠡᠳᠭᠡᠯ ᠢᠶᠠᠨ ᠬᠢᠵᠡᠢ᠃ ᠲᠡᠷᠡ ᠦᠪᠡᠷ ᠤᠨ ᠴᠡᠷᠢᠭ ᠢᠶᠠᠨ ᠴᠣᠳᠯᠠᠭᠤᠯᠣᠨ ᠨᠡᠶᠢᠳᠡ ᠠᠷᠪᠠᠨ ᠬᠤᠶᠠᠷ ᠬᠤᠰᠢᠭᠤ ᠵᠣᠬᠢᠶᠠᠨ ᠪᠠᠶᠢᠭᠤᠯᠵᠣ᠂ ᠲᠡᠮᠦᠷ · ᠬᠤᠵᠠ · ᠣᠬᠯᠠᠨ᠂ ᠴᠠᠷᠦᠴᠢ ᠪᠠ ᠠᠪᠠᠰ ᠪᠠᠭᠠᠳᠣᠷ ᠲᠤ ᠨᠠᠢᠮᠠᠨ ᠬᠤᠰᠢᠭᠤ ᠴᠡᠷᠢᠭ ᠦᠭᠴᠦ ᠰᠠᠮᠠᠷᠺᠠᠨᠳ᠋ ᠣᠷᠴᠢᠮ ᠭᠠᠵᠠᠷ ᠢᠶᠠᠷ ᠲᠠᠩᠨᠠᠷ᠎ᠠ ᠢᠯᠡᠭᠡᠪᠡ᠃ ᠭᠡᠪᠡᠴᠦ ᠴᠠᠷᠦᠴᠢ ᠵᠠᠮ ᠭᠤᠳᠣᠰ ᠲᠤ ᠠᠷᠢᠬᠢᠨ ᠳᠤ ᠰᠢᠨᠣᠵᠣ᠂ ᠶᠡᠬᠡᠯ᠎ᠡ ᠨᠦᠯᠦᠭᠡ ᠭᠠᠷᠭᠠᠭᠰᠠᠨ ᠶᠣᠮ᠃ ᠡᠨᠡ ᠦᠨᠡᠬᠡᠷ ᠡᠷᠳᠡᠨ ᠤ ᠠᠷᠠᠪ ᠦᠭᠡᠨ ᠳᠤ ᠬᠡᠯᠡᠭᠰᠡᠨ ᠮᠡᠳᠦ ᠪᠠᠷ᠄ ᠠᠮᠳᠠᠳᠣ ᠠᠷᠢᠬᠢ ᠴᠡᠴᠡᠭ ᠮᠡᠳᠦ ᠠᠩᠬᠢᠯᠣᠪᠠᠴᠣ᠂ ᠠᠮᠳᠠᠷᠬᠠᠨ ᠰᠢᠨᠣᠪᠠᠰᠣ ᠦᠮᠡᠬᠡᠢ ᠬᠡᠬᠦᠷ ᠪᠣᠯᠬᠤ ᠶᠣᠮ ᠭᠡᠳᠡᠭᠴᠢᠯᠡᠨ᠂ ᠲᠡᠷᠡ ᠠᠷᠢᠬᠢᠨ ᠳᠤ ᠰᠣᠭᠳᠣᠭᠰᠠᠭᠠᠷ ᠡᠯᠳᠡᠪ ᠦᠭᠡ ᠶᠢ ᠲᠣᠷ᠎ᠠ ᠪᠠᠷ ᠲᠣᠩᠭᠤᠰᠣᠨ᠂ ᠣᠯᠠᠨ ᠤ ᠰᠡᠳᠬᠢᠯ ᠢ ᠰᠠᠮᠠᠷᠠᠭᠤᠯᠳᠠᠭ᠃ ᠲᠡᠷᠡ ᠰᠣᠭᠳᠣᠭᠠᠳ ᠳ᠋ᠠᠬᠤᠳ᠋ · ᠬᠤᠵᠠ ᠪᠣᠯᠣᠨ ᠰᠢᠨᠳᠦ᠋ · ᠱᠠᠾ ᠲᠤ ᠬᠡᠯᠡᠭᠰᠡᠨ ᠨᠢ᠄ ︽ᠨᠢᠭᠡ ᠬᠦᠮᠦᠨ ︵ᠡᠮᠢᠷ ᠲᠡᠮᠦᠷ ᠢ ᠵᠢᠭᠠᠵᠣ ᠪᠠᠶᠢᠨ᠎ᠠ︶ ᠬᠦᠮᠦᠨ ᠲᠣᠮᠢᠯᠠᠨ ᠲᠠ ᠨᠡᠷ ᠢ ᠪᠠᠷᠢᠪᠴᠢᠯᠠᠨ ᠠᠪᠠᠴᠢᠵᠣ ᠡᠮᠢᠷ ᠬᠤᠰᠢᠨ ᠳᠤ ᠲᠣᠰᠢᠶᠠᠨ ᠦᠭᠴᠦ᠂ ᠠᠯᠠᠨ ᠰᠢᠢᠳᠭᠡᠬᠦ ᠭᠡᠵᠦ ᠪᠠᠶᠢᠨ᠎ᠠ︾ ᠭᠡᠵᠡᠢ᠃ ᠡᠨᠡ ᠬᠤᠶᠠᠭᠤᠯᠠ ᠰᠣᠨᠣᠰᠣᠭᠠᠳ ᠶᠡᠬᠡᠯ᠎ᠡ ᠠᠶᠣᠵᠣ ᠲᠡᠭᠡᠭᠰᠡᠳ ᠨᠢ ᠬᠦᠷᠳᠡᠯ᠎ᠡ ᠡᠮᠢᠶᠡᠯᠳᠦᠨ ᠬᠡᠯᠮᠡᠵᠦ᠂ ᠣᠯᠠᠨ ᠢᠶᠠᠷ ᠢᠶᠠᠨ ᠲᠡᠷᠡ ᠲᠣᠣᠷ᠎ᠠ ᠪᠠᠨ ᠲᠠᠶᠢᠰᠣᠨ ᠳᠤ ᠪᠠᠭᠤᠵᠣ ᠦᠭᠬᠦ ᠪᠠᠷ ᠶᠠᠪᠣᠵᠠᠭᠠᠪᠠ᠃ ᠲᠡᠭᠡᠭᠡᠳ ᠲᠡᠳᠡ ᠺᠦᠺᠦᠩ ᠳᠤ ᠬᠦᠷᠴᠦ ᠦᠯᠦᠭ · ᠲᠣᠬᠠᠲᠡᠮᠦᠷ · ᠱᠠᠷᠠᠸᠠᠯ ᠤᠨ ᠬᠦᠪᠡᠭᠦᠨ ᠬᠡᠪᠡᠭ · ᠲᠡᠮᠦᠷ ᠪᠠ ᠬᠠᠵᠢ · ᠪᠠᠬᠢ ᠶᠢᠨ ᠬᠦᠪᠡᠭᠦᠨ ᠠᠩᠭᠢᠷᠴᠠᠭ ᠤᠨ ᠲᠠᠶᠢᠴᠢᠯᠠᠭᠰᠠᠨ ᠴᠠᠭᠠᠳᠠᠢ ᠶᠢᠨ ᠲᠣᠷᠰᠢᠭᠤᠯ ᠴᠡᠷᠢᠭ ᠲᠠᠢ ᠵᠣᠯᠭᠠᠨ᠂ ᠲᠡᠳᠡ ᠨᠡᠷ ᠲᠤ ᠵᠠᠮᠴᠢᠯᠠᠨ ᠲᠡᠮᠦᠷ · ᠬᠤᠵᠠ · ᠣᠾᠯᠠᠨ᠂ ᠴᠠᠷᠦᠴᠢ ᠪᠣᠯᠣᠨ ᠠᠪᠠᠰ ᠤᠨ ᠴᠡᠷᠢᠭ ᠪᠠᠭᠤᠭᠰᠠᠨ ᠭᠠᠵᠠᠷ ᠬᠦᠷᠴᠦ ᠢᠷᠡᠭᠡᠳ ᠭᠡᠨᠡᠳᠳᠡ ᠲᠣᠪᠳᠣᠯᠣᠭᠰᠠᠨ᠎ᠠ᠂ ᠡᠨᠡ ᠭᠤᠷᠪᠠᠭᠤᠯᠠ ᠭᠤᠳ ᠲᠣᠳᠠᠭᠠᠨ ᠪᠣᠷᠣᠭᠤᠯᠠᠪᠠ᠃ ᠡᠮᠢᠷ ᠲᠡᠮᠦᠷ ᠡᠳᠡᠭᠡᠷ ᠢ ᠰᠣᠨᠣᠰᠣᠭᠠᠳ ᠲᠡᠷᠡ ᠦᠪᠡᠷ ᠢ ᠪᠠᠨ ᠡᠷᠬᠡᠪᠰᠢ ᠢᠯᠡᠬᠦᠥ ᠵᠢᠬᠠᠭᠠᠨ ᠴᠠᠭ ᠲᠡᠰᠪᠦᠷᠢᠯᠡᠬᠦ ᠬᠡᠷᠡᠭᠳᠡᠢ᠂ ᠶᠠᠮᠠᠷᠪᠠ ᠣᠴᠢᠷ ᠲᠤ ᠶᠠᠭᠠᠷᠠᠵᠣ ᠪᠣᠯᠬᠤ ᠦᠭᠡᠢ ᠭᠡᠳᠡᠭ ᠢ ᠮᠡᠳᠡᠵᠦ ᠠᠪᠴᠠᠢ᠃ᠲᠡᠷᠡ ᠴᠦ ᠠᠮᠣ ᠮᠦᠷᠡᠨ ᠢ ᠭᠠᠳᠣᠯᠣᠨ ᠭᠠᠷᠴᠣ᠂ ᠪᠠᠯᠢᠾ ᠲᠤ ᠬᠦᠷᠢᠶ᠎ᠡ ᠪᠠᠭᠤᠵᠠᠢ᠃ ᠲᠡᠨᠳᠡ ᠲᠡᠷᠡ ᠡᠯ᠎ᠡ ᠭᠠᠵᠠᠷ  ᠢᠶᠠᠷ ᠲᠠᠷᠬᠠᠨ ᠪᠣᠳᠠᠷᠠᠭᠠᠳ ᠪᠠᠶᠢᠭᠰᠠᠨ ᠬᠠᠭᠤᠴᠢᠨ ᠳᠠᠭᠠᠭᠰᠠᠳ ᠢᠶᠠᠨ ᠬᠤᠷᠢᠶᠠᠨ ᠴᠣᠭᠯᠠᠭᠤᠯᠵᠣ᠂ ᠲᠦᠮᠡᠨ ᠬᠡᠪᠡᠭ ᠬᠠᠨ ᠪᠠ ᠲᠦᠮᠡᠨ ᠰᠦᠯᠳᠦᠰ ᠬᠤᠶᠠᠭᠤᠯᠠ ᠶᠢ ᠪᠦᠷ ᠡᠷᠢᠨ ᠠᠪᠴᠢᠷᠠᠪᠠ᠃ ᠪᠠᠰᠠ ᠵᠠᠷᠢᠮ ᠬᠦᠮᠦᠨ ᠳᠤ ᠴᠡᠷᠢᠭ ᠦᠭᠴᠦ ᠠᠮᠣ ᠮᠦᠷᠡᠨ ᠤ ᠬᠦᠪᠡᠭᠡ ᠶᠢ ᠰᠠᠬᠢᠭᠤᠯᠣᠨ ᠴᠢᠳᠠᠬᠤ ᠶᠢᠨ ᠲᠣᠲᠣᠷ᠎ᠠ ᠲᠠᠶᠢᠰᠣᠨ ᠤ ᠮᠡᠳᠡᠭᠡ ᠴᠢᠮᠡᠭᠡ ᠶᠢ ᠲᠠᠩᠨᠠᠭᠤᠯᠵᠠᠢ᠃ᠲᠡᠷᠡ ᠲᠡᠮᠦᠷ · ᠬᠤᠵᠠ · ᠣᠾᠯᠠᠨ ᠢ ᠰᠢᠢᠳᠭᠡᠴᠢᠭᠡᠳ᠂ ᠡᠨᠡ ᠦᠶ᠎ᠡ ᠠᠴᠠ ᠡᠬᠢᠯᠡᠨ ᠡᠮᠢᠷ ᠲᠡᠮᠦᠷ ᠤᠨ ᠬᠤᠪᠢ ᠵᠠᠶᠠᠭ᠎ᠠ ᠰᠡᠷᠭᠦᠵᠦ ᠡᠬᠢᠯᠡᠪᠡ᠃ᠲᠣᠰ ᠪᠦᠯᠦᠭ ᠤᠨ ᠲᠠᠶᠢᠯᠪᠣᠷᠢᠨᠠᠮᠤᠭ ᠭᠠᠵᠠᠷ ᠤᠨ ᠲᠠᠶᠢᠨ①① ᠡᠨᠡ ᠪᠣᠯ ᠨᠡᠷ᠎ᠡ ᠠᠯᠳᠠᠷᠰᠢᠭᠰᠠᠨ ᠯᠠᠢ ᠶᠢᠨ ᠲᠠᠶᠢᠨ ᠪᠣᠯᠣᠨ᠎ᠠ᠃ ᠯᠠᠢ ᠭᠡᠳᠡᠭ ᠨᠢ ᠲᠠᠷᠣᠢ ᠨᠠᠮᠤᠭ ᠭᠠᠵᠠᠷ ᠭᠡᠳᠡᠭ ᠦᠭᠡ ᠭᠡᠨ᠎ᠡ᠃ ᠡᠨᠡᠬᠦ ᠲᠠᠶᠢᠨ ᠪᠠᠷᠤᠭ ᠵᠧᠬᠤᠨ ᠭᠤᠣᠯ ᠤᠨ ᠪᠠᠷᠠᠭᠤᠨ ᠡᠷᠬᠢᠨ ᠤ ᠴᠢᠨᠠᠽ ᠪᠠ ᠬᠠᠭᠤᠴᠢᠨ ᠲᠠᠱᠺᠠᠨᠳ᠋  ᠶᠢᠨ ᠬᠤᠭᠤᠷᠣᠨᠳᠣ ᠳᠤ ᠡᠭᠦᠰᠦᠭᠰᠡᠨ ᠠᠵᠠᠢ᠃ ᠡᠶᠢᠮᠦ ᠠᠴᠠ ᠡᠨᠡᠬᠦ ᠲᠠᠶᠢᠨ ᠢ ᠪᠦᠷ ᠨᠠᠮᠤᠭ ᠭᠠᠵᠠᠷ ᠤᠨ ᠲᠠᠶᠢᠨ ᠭᠡᠵᠦ ᠨᠡᠷᠡᠯᠡᠬᠦ ᠪᠣᠯᠪᠠ᠃② ᠵᠠᠳᠠ ᠶᠢᠨ ᠣᠪᠢᠳᠠᠰ ᠪᠠ ᠵᠠᠳᠠ ᠴᠢᠯᠠᠭᠤᠨ ᠤ ᠲᠣᠬᠠᠢ ᠪᠠᠪᠣᠷ ᠣᠯᠠᠨᠳᠠ ᠲᠣᠷᠠᠳᠣᠭᠰᠠᠨ ᠶᠣᠮ᠃ ᠠᠷᠠᠪᠴᠣᠳ ᠲᠡᠭᠦᠨ ᠢ ᠪᠣᠷᠣᠭᠠᠨ ᠣᠷᠢᠬᠤ ᠴᠢᠯᠠᠭᠤ ᠭᠡᠳᠡᠭ ᠭᠡᠵᠦ ᠬᠡᠯᠡᠭᠡᠳ᠂ ᠡᠭᠦᠨ ᠠᠴᠠ ᠲᠣᠷᠣᠭᠰᠢ ᠠᠩᠭ᠍ᠯᠢᠴᠢᠯᠠᠭᠴᠢ ᠠᠴᠠ ᠵᠠᠳᠠ ᠶᠢᠨ ᠲᠣᠬᠠᠢ ᠣᠯᠠᠨ ᠨᠣᠮ ᠵᠣᠬᠢᠶᠠᠯ ᠠᠴᠠ ᠡᠰᠢ ᠲᠠᠳᠠᠨ ᠲᠠᠶᠢᠯᠪᠣᠷᠢᠯᠠᠵᠠᠢ᠃ ᠴᠢᠨᠠᠭᠰᠢᠯᠠᠪᠠᠯ ᠪᠠᠯᠠᠷ ᠴᠠᠭ ᠦᠶ᠎ᠡ ᠶᠢᠨ ᠣᠯᠠᠮᠵᠢᠯᠠᠯ ᠶᠠᠷᠢᠶ᠎ᠠ ᠳᠤ ᠪᠠᠶᠢᠳᠠᠭ ᠨᠣᠶᠠ ᠶᠢᠨ ᠦᠶ᠎ᠡ ᠳᠤ ᠵᠠᠳᠠ ᠪᠠᠶᠢᠭᠰᠠᠨ ᠪᠠ ᠡᠨᠡᠬᠦ ᠪᠣᠷᠣᠭᠠᠨ ᠣᠷᠢᠵᠣ ᠴᠢᠳᠠᠬᠤ ᠴᠢᠯᠠᠭᠤ ︵ᠵᠠᠳᠠ︶ ᠪᠠᠨ ᠠᠯᠳᠠᠭᠰᠠᠨ ᠲᠣᠬᠠᠢ ᠬᠦᠷᠳᠡᠯ᠎ᠡ ᠲᠠᠶᠢᠯᠪᠣᠷᠢᠯᠠᠨ ᠶᠠᠷᠢᠵᠠᠢ᠃ ᠲᠡᠭᠡᠭᠡᠳ ᠴᠢᠨᠠᠭᠰᠢ ᠪᠠᠰᠠ1230 ᠣᠨ ᠳᠤ ᠲᠣᠯᠣᠢ ᠲᠣᠮᠳᠠᠳᠣ ᠣᠯᠣᠰ ᠢ ᠲᠠᠶᠢᠯᠠᠵᠣ ᠪᠠᠶᠢᠭ᠎ᠠ ᠳᠠᠭᠠᠨ ᠴᠡᠷᠢᠭ ᠬᠤᠷᠢᠭᠳᠠᠨ ᠵᠠᠳᠠ ᠶᠢᠨ ᠣᠪᠢᠳᠠᠰ ᠢᠶᠠᠷ ᠶᠡᠭᠡ ᠴᠠᠰᠣ ᠣᠷᠢᠵᠣ᠂ ᠲᠠᠶᠢᠰᠣᠨ ᠢᠶᠠᠨ ᠢᠯᠠᠭᠰᠠᠨ ᠭᠡᠬᠦ ᠵᠡᠷᠭᠡ ᠪᠠᠷ ᠶᠠᠷᠢᠵᠠᠢ᠃ ᠠᠳᠡ ᠬᠡᠯᠡᠵᠦ ᠪᠠᠶᠢᠭ᠎ᠠ ᠲᠣᠯᠣᠢ ᠶᠢᠨ ᠣᠴᠢᠷ ᠪᠣᠯ ᠲᠣᠯᠣᠢ ᠭᠤᠷᠪᠠᠨ ᠲᠦᠮᠡᠨ ᠴᠡᠷᠢᠭ ᠢᠶᠠᠷ ᠠᠯᠳᠠᠨ ᠣᠯᠣᠰ ᠤᠨ ᠭᠤᠣᠯ ᠬᠦᠴᠦᠨ ᠪᠣᠯᠣᠭᠰᠠᠨ ᠢᠯᠠ ᠪᠣᠬ᠎ᠠ ᠪᠠ ᠸᠠᠨᠶᠠᠨ ᠬᠠᠳᠠ ᠶᠢᠨ ᠲᠠᠶᠢᠴᠢᠯᠠᠭᠰᠠᠨ ᠠᠷᠪᠠᠨ ᠲᠠᠪᠣᠨ ᠲᠦᠮᠡᠨ ᠶᠡᠭᠡ ᠴᠡᠷᠢᠭ  ᠢ ᠲᠠᠩ ᠵᠸᠥ ᠪᠠ ᠳ᠋ᠧᠩ ᠵᠸᠥ ᠶᠢᠨ ᠣᠶᠢᠷᠠᠯᠴᠠᠭ᠎ᠠ ᠪᠠᠶᠢᠭ᠎ᠠ ᠰᠠᠨ ᠹᠧᠩ ᠱᠠᠨ ᠠᠭᠤᠯᠠᠨ ᠳᠤ ᠪᠣᠳᠠ ᠨᠢᠷᠭᠡᠭᠰᠡᠨ ᠠᠤᠭ᠎ᠠ ᠶᠡᠭᠡ ᠢᠯᠠᠯᠳᠠ ᠶᠢ ᠵᠢᠭᠠᠵᠣ ᠪᠠᠶᠢᠭ᠎ᠠ ᠶᠣᠮ᠃ ᠶᠠᠭᠠᠬᠢᠵᠣ ᠶᠠᠷᠢᠭᠰᠠᠨ ᠴᠦ ᠵᠠᠳᠠ ᠶᠢᠨ ᠣᠪᠢᠳᠠᠰ ᠭᠡᠪᠡᠯ ᠪᠦᠬᠡ ᠮᠦᠷᠭᠦᠯᠳᠡᠨ ᠤ ᠲᠣᠮᠳᠠ ᠣᠯᠠᠮᠵᠢᠯᠠᠭᠳᠠᠵᠣ ᠪᠠᠶᠢᠭᠰᠠᠨ ᠨᠢᠭᠡ ᠵᠦᠢᠯ ᠤᠨ ᠱᠠᠰᠢᠨ ᠤ ᠢᠯᠪᠢ ᠶᠢᠨ ᠣᠪᠢᠳᠠᠰ ᠪᠣᠯᠣᠨ᠎ᠠ᠃ ᠣᠯᠠᠮᠵᠢᠯᠠᠯ ᠶᠠᠷᠢᠶ᠎ᠠ ᠪᠠᠷ ᠪᠦᠬᠡ ᠨᠡᠷ ᠵᠠᠳᠠ ᠶᠢᠨ ᠣᠪᠢᠳᠠᠰ ᠡᠭᠦᠰᠭᠡᠬᠦ ᠲᠡᠭᠡᠨ᠂ ᠠᠳᠣᠭᠤᠰᠣ ᠠᠮᠢᠳᠠᠨ  ᠤ ᠪᠡᠶ᠎ᠡ ᠲᠣᠲᠣᠷ᠎ᠠ ᠠᠴᠠ ᠭᠠᠷᠣᠭᠰᠠᠨ ᠴᠢᠯᠠᠭᠤᠵᠢᠮᠠᠯ ︵ᠴᠢᠯᠠᠭᠤᠨ︶ ᠳᠤ ᠪᠣᠷᠣᠭᠠᠨ ᠰᠠᠯᠬᠢ ᠴᠠᠰᠣ ᠰᠢᠭᠤᠷᠭ᠎ᠠ ᠶᠢ ᠣᠷᠢᠵᠣ ᠢᠷᠡᠬᠦᠯᠬᠦ ᠪᠣᠶᠣ ᠬᠤᠷᠢᠶᠠᠨ ᠠᠪᠬᠤ ᠨᠢᠭᠡᠨ ᠵᠦᠢᠯ ᠤᠨ ᠢᠯᠪᠢ ᠶᠢᠨ ᠦᠢᠯᠡᠳᠦᠯ ᠦᠵᠡᠬᠦᠯᠬᠦ ᠱᠠᠰᠢᠨ ᠤ ᠠᠵᠢᠯᠯᠠᠭ᠎ᠠ ᠪᠣᠯᠬᠤ ᠶᠣᠮ᠃ ᠡᠶᠢᠮᠦ ᠠᠴᠠ ᠵᠠᠳᠠ ᠭᠡᠪᠡᠯ ᠠᠳᠣᠭᠤᠰᠣ ᠠᠮᠢᠳᠠᠨ ᠤ ᠪᠡᠶ᠎ᠡ ᠲᠣᠲᠣᠷ᠎ᠠ ᠠᠴᠠ ᠭᠠᠷᠣᠭᠰᠠᠨ ᠨᠢᠭᠡ ᠵᠦᠢᠯ ᠤᠨ ᠴᠢᠯᠠᠭᠤᠵᠢᠮᠠᠯ ᠢᠶᠠᠷ ᠪᠦᠷᠢᠯᠳᠦᠭᠰᠡᠨ ᠪᠦᠬᠡ ᠮᠦᠷᠬᠦᠯ ᠤᠨ ᠱᠠᠰᠢᠨ ᠤ ᠦᠢᠯᠡ ᠶᠢᠨ ᠬᠡᠷᠡᠭᠯᠡᠬᠦᠨ ᠪᠣᠯᠬᠤ ᠠᠵᠠᠢ᠃ ③ ᠲᠣᠮᠳᠠᠳᠣ ᠵᠠᠭᠤᠨ ᠢᠶᠠᠷ ᠲᠣᠮᠳᠠᠳᠣ ᠠᠽᠢ ᠶᠢᠨ ᠣᠯᠣᠰ ᠣᠷᠣᠨ ᠢᠶᠠᠷ ᠬᠡᠳᠦᠶᠢᠪᠡᠷ ᠾᠢᠵᠢᠷ ᠲᠣᠭᠠᠯᠠᠯ ᠢ ᠬᠡᠷᠡᠭᠯᠡᠵᠦ ᠪᠠᠶᠢᠪᠠᠴᠣ᠂ ᠡᠷᠳᠡᠨ ᠤ ᠠᠷᠪᠠᠨ ᠬᠤᠶᠠᠷ ᠰᠠᠭᠤᠳᠠᠯ ᠢᠶᠠᠷ ᠠᠷᠪᠠᠨ ᠬᠤᠶᠠᠷ ᠰᠠᠷ᠎ᠠ ᠶᠢ ᠣᠷᠣᠯᠠᠨ ᠬᠡᠯᠡᠬᠦ ᠵᠣᠷᠰᠢᠯ ᠢᠶᠠᠨ ᠪᠠᠰᠠ ᠦᠷᠬᠦᠯᠵᠢᠯᠡᠨ ᠬᠡᠷᠡᠭᠯᠡᠵᠦ ᠪᠠᠶᠢᠪᠠ᠃ ᠡᠶᠢᠮᠦ ᠠᠴᠠ ᠾᠢᠵᠢᠷ ᠲᠣᠭᠠᠯᠠᠯ ᠤᠨ ᠬᠡᠳᠦᠢ ᠣᠨ ᠤ ᠶᠠᠮᠠᠷ ᠰᠠᠷ᠎ᠠ ᠭᠡᠵᠦ ᠬᠡᠯᠡᠬᠦ ᠪᠣᠯᠪᠠᠴᠣ ᠪᠠᠰᠠ ᠦᠷᠬᠦᠯᠵᠢ ᠨᠠᠷᠠᠨ ᠶᠠᠮᠠᠷ ᠰᠠᠭᠤᠳᠠᠯ ᠳᠤ ᠪᠠᠶᠢᠪᠠ ᠭᠡᠳᠡᠭ  ᠢᠶᠠᠷ ᠰᠠᠷ᠎ᠠ ᠡᠳᠦᠷ ᠢ ᠢᠯᠡᠳᠭᠡᠬᠦ ᠵᠣᠷᠰᠢᠯ ᠢᠶᠠᠨ ᠲᠠᠶᠠᠭᠳᠠᠭ᠎ᠠ ᠦᠭᠡᠢ ᠪᠠᠶᠢᠵᠠᠢ᠃ ᠡᠨᠡᠬᠦ ᠵᠣᠷᠰᠢᠯ ᠢ ᠲᠦᠭᠦᠮᠴᠢᠯᠡᠨ ᠦᠬᠦᠯᠡᠪᠡᠯ ᠲᠣᠣᠷᠠᠬᠢ ᠮᠡᠳᠦ᠄ ᠨᠠᠷᠠᠨ ᠭᠠᠷᠠᠭ ᠤᠨ ᠣᠷᠴᠢᠯ ᠤᠨ ᠵᠠᠮ ᠢ ᠰᠢᠷ᠎ᠠ ᠵᠠᠮ ᠭᠡᠵᠦ ᠬᠡᠯᠡᠳᠡᠭ᠂ ᠲᠡᠭᠦᠨ ᠤ ᠨᠢᠭᠡ ᠪᠦᠳᠦᠨ ᠣᠷᠴᠢᠯ ᠤᠨ ᠵᠠᠮ ᠤᠨ ᠭᠤᠷᠪᠠᠨ ᠵᠠᠭᠤ ᠵᠢᠷᠠᠨ ᠭᠷᠠᠳᠦ᠋ᠰ ᠢ ᠠᠷᠪᠠᠨ ᠬᠤᠶᠠᠷ ᠰᠠᠷ᠎ᠠ ᠪᠠᠷ ᠬᠤᠪᠢᠶᠠᠪᠠᠯ ᠲᠣᠮᠳᠠᠴᠢ ᠪᠠᠷ ᠪᠦᠷ ᠭᠤᠴᠢᠨ ᠭᠷᠠᠳᠦ᠋ᠰ ᠨᠣᠭᠳᠠᠬᠤ ᠶᠣᠮ᠂ ᠡᠨᠡᠬᠦ ᠭᠤᠴᠢᠨ ᠭᠷᠠᠳᠦ᠋ᠰ ᠣᠷᠴᠢᠯ ᠤᠨ ᠵᠠᠮ ᠳᠤ ᠪᠠᠶᠢᠭ᠎ᠠ ᠣᠳᠣᠨ ᠭᠠᠷᠠᠭ ᠤᠨ ᠨᠡᠷ᠎ᠡ ᠪᠠᠷ ᠡᠨᠡᠬᠦ ᠰᠠᠷ᠎ᠠ ᠶᠢᠨ ᠨᠡᠷ᠎ᠡ ᠪᠣᠯᠭᠠᠨ ᠲᠡᠭᠦᠨ ᠢᠶᠠᠨ ᠨᠡᠷᠡᠶᠢᠳᠦᠵᠦ᠂ ᠠᠷᠪᠠᠨ ᠬᠤᠶᠠᠷ ᠰᠠᠭᠤᠳᠠᠯ ᠭᠡᠳᠡᠭ᠃ ᠰᠠᠭᠤᠳᠠᠯ ᠢᠶᠠᠨ ᠪᠠᠰᠠ ᠲᠡᠭᠷᠢ ᠶᠢᠨ ᠣᠷᠳᠣᠨ ᠭᠡᠳᠡᠭ᠃ ᠡᠨᠡ ᠠᠷᠪᠠᠨ ᠬᠤᠶᠠᠷ ᠰᠠᠭᠤᠳᠠᠯ ᠨᠢ ᠲᠠᠷᠣᠢ ᠠᠷᠪᠠᠨ ᠬᠤᠶᠠᠷ ᠰᠠᠷ᠎ᠠ ᠶᠢ ᠲᠦᠯᠦᠭᠡᠯᠡᠵᠦ ᠪᠠᠶᠢᠨ᠎ᠠ᠃ ᠰᠠᠭᠤᠳᠠᠯ ᠪᠦᠷᠢ ᠶᠢᠨ ᠡᠬᠢᠯᠡᠯᠳᠡ ᠲᠡᠭᠦᠰᠦᠯᠳᠡ ᠶᠢᠨ ᠡᠳᠦᠷ ᠬᠡᠳᠦᠶᠢᠪᠡᠷ ᠨᠡᠶᠢᠳᠡ ᠶᠢᠨ ᠣᠨ ᠲᠣᠭᠠᠯᠠᠯ ᠤᠨ ᠠᠷᠪᠠᠨ ᠬᠤᠶᠠᠷ ᠰᠠᠷ᠎ᠠ ᠲᠠᠢ ᠲᠡᠩᠴᠡᠭᠦ ᠪᠢᠰᠢ ᠪᠦᠭᠡᠳ ᠡᠳᠦᠷ ᠬᠤᠨᠤᠭ ᠤᠨ ᠲᠤᠭ᠎ᠠ ᠨᠢ ᠴᠦ ᠵᠢᠩᠬᠢᠨᠢ ᠣᠨᠣᠪᠴᠢᠳᠠᠢ ᠪᠢᠰᠢ ᠵᠡᠷᠭᠡ ᠲᠣᠳᠠᠭᠳᠠᠯ ᠲᠠᠢ ᠪᠣᠯᠪᠠᠴᠣ᠂ ᠡᠳᠦᠷ ᠲᠣᠲᠣᠮ ᠤᠨ ᠠᠮᠢᠳᠣᠷᠠᠯ ᠳᠤ ᠰᠠᠷ᠎ᠠ ᠡᠳᠦᠷ ᠢ ᠨᠡᠯᠢᠶᠡᠳ ᠣᠨᠣᠪᠴᠢᠳᠠᠢ ᠲᠣᠭᠳᠠᠭᠠᠵᠣ ᠪᠣᠯᠣᠨ᠎ᠠ᠃ ᠡᠶᠢᠮᠦ ᠠᠴᠠ ᠠᠷᠠᠳ ᠤᠨ ᠲᠣᠮᠳᠠ ᠡᠨᠡᠬᠦ ᠵᠣᠷᠰᠢᠯ ᠣᠳᠣ ᠪᠣᠯᠳᠠᠯ᠎ᠠ ᠶᠠᠷᠢᠭᠳᠠᠵᠣ ᠪᠠᠶᠢᠳᠠᠭ ᠠᠵᠠᠢ᠃ᠲᠡᠭᠡᠪᠡᠯ ᠠᠳᠡ ᠬᠡᠯᠡᠵᠦ ᠪᠠᠶᠢᠭ᠎ᠠ ︽ᠨᠠᠷᠠᠨ ᠭᠠᠷᠠᠭ ᠬᠡᠳᠦᠶᠢᠪᠡᠷ ᠬᠤᠷᠴᠢᠳᠣ ᠰᠠᠭᠤᠳᠠᠯ ᠳᠤ ᠪᠠᠶᠢᠪᠠᠴᠣ︾ ᠭᠡᠳᠡᠭ ᠦᠭᠡ ᠶᠠᠭᠤ ᠶᠢ ᠬᠠᠷᠠᠭᠤᠯᠵᠣ ᠪᠠᠶᠢᠭ᠎ᠠ ᠪᠣᠢ ᠭᠡᠪᠡᠯ᠂ ᠡᠨᠡ ᠦᠶ᠎ᠡ ᠶᠠᠭ ᠰᠠᠶᠢᠬᠠᠨ ᠨᠡᠶᠢᠳᠡ ᠶᠢᠨ ᠣᠨ ᠲᠣᠭᠠᠯᠠᠯ ᠤᠨ 11 ᠰᠠᠷ᠎ᠠ ᠶᠢᠨ 23 ᠤ ᠡᠳᠦᠷ ᠠᠴᠠ12 ᠰᠠᠷ᠎ᠠ ᠶᠢᠨ 21 ᠤ ᠡᠳᠦᠷ ᠤᠨ ᠬᠤᠭᠤᠷᠣᠨᠳᠣ ᠪᠠᠶᠢᠵᠣ᠂ ᠲᠠᠷᠣᠢ ᠡᠪᠦᠯ  ᠤᠨ ᠣᠯᠠᠷᠢᠯ ᠪᠣᠯᠵᠠᠢ ᠭᠡᠰᠡᠨ ᠦᠭᠡ ᠶᠣᠮ᠃ ᠡᠶᠢᠮᠦ ᠠᠴᠠ ᠡᠪᠦᠯ ᠤᠨ ᠣᠯᠠᠷᠢᠯ ᠲᠡᠭᠷᠢ ᠲᠣᠩᠭᠤᠳᠣᠨ ᠶᠡᠭᠡ ᠪᠣᠷᠣᠭᠠᠨ ᠣᠷᠣᠪᠠ ᠭᠡᠳᠡᠭ ᠨᠢ ᠨᠢᠭᠡ ᠵᠦᠢᠯ ᠤᠨ ᠲᠣᠮᠤᠭ ᠪᠣᠯᠣᠨ᠎ᠠ᠃ᠠᠷᠪᠠᠨ ᠬᠤᠶᠠᠷ ᠰᠠᠭᠤᠳᠠᠯ ᠤᠨ ᠮᠣᠩᠭᠤᠯ ᠨᠡᠷ᠎ᠡ ᠠᠩᠭ᠍ᠯᠢ ᠨᠡᠷ᠎ᠡ ᠬᠢᠳᠠᠳ ᠨᠡᠷ᠎ᠡ ᠪᠣᠯᠣᠨ ᠲᠡᠭᠦᠨ ᠤ ᠡᠬᠢᠯᠡᠯᠳᠡ ᠲᠡᠭᠦᠰᠦᠯᠳᠡ ᠶᠢᠨ ᠡᠳᠦᠷ ᠢ ᠨᠡᠶᠢᠳᠡ ᠶᠢᠨ ᠣᠨ ᠲᠣᠭᠠᠯᠠᠯ ᠤᠨ ᠰᠠᠷ᠎ᠠ ᠡᠳᠦᠷ ᠢᠶᠠᠷ ᠪᠠᠷᠢᠮᠵᠢᠶᠠᠯᠠᠨ ᠲᠠᠭᠠᠯᠳᠣᠭᠤᠯᠪᠠ᠃ᠠᠷᠪᠠᠨ ᠬᠤᠶᠠᠷ ᠰᠠᠭᠤᠳᠠᠯ ᠤᠨ ᠨᠡᠷ᠎ᠡ᠄ ᠡᠭᠦᠨ ᠳᠤ ᠪᠦᠷ ᠣᠯᠠᠨ ᠬᠡᠷᠡᠭᠯᠡᠳᠡᠭ ᠨᠡᠷ᠎ᠡ ᠶᠢ ᠵᠢᠬᠰᠠᠭᠠᠵᠣ᠂ ᠮᠣᠩᠭᠤᠯ ᠨᠡᠷ᠎ᠡ ᠨᠢ ᠮᠣᠩᠭᠤᠯᠴᠢᠯᠠᠭᠴᠢ ᠠᠴᠠ ᠦᠭᠭᠦᠭᠰᠡᠨ ᠨᠡᠷ᠎ᠡ ᠪᠣᠯᠬᠤ ᠪᠠᠨ ᠲᠣᠲᠣᠷᠬᠠᠶᠢᠯᠠᠶ᠎ᠠ᠂ ᠵᠦᠪᠬᠡᠨ ᠯᠠᠪᠯᠠᠯᠳᠠ ᠪᠣᠯᠭᠠᠮᠣ᠃1 ᠢᠮᠠᠭᠠᠳᠣ ︵ᠢᠮᠠᠭ᠎ᠠ ᠲᠤ︶ ᠰᠠᠭᠤᠳᠠᠯ Aries白羊座3.21-4.202 ᠦᠬᠡᠷᠳᠦ ︵ᠦᠬᠡᠷ ᠲᠤ︶ ᠰᠠᠭᠤᠳᠠᠯ Taurus 金牛座4.21-5.213 ᠵᠢᠭᠠᠰᠣᠳᠣ ᠰᠠᠭᠤᠳᠠᠯ Gemini 双子座5.22-6.214 ᠨᠠᠶᠢᠮᠠᠯᠵᠢᠳᠦ ︵ᠨᠠᠶᠢᠮᠠᠯᠵᠢ ᠲᠤ︶ ᠰᠠᠭᠤᠳᠠᠯ Cancer 巨蟹座6.22-7.225 ᠠᠷᠰᠯᠠᠨᠳᠦ ︵ᠠᠷᠰᠯᠠᠨ ᠲᠤ︶ ᠰᠠᠭᠤᠳᠠᠯ Leo狮子座7.23-8.236 ᠲᠠᠬᠢᠨᠢᠳᠦ ︵ᠲᠠᠬᠢᠨᠢ ᠲᠤ︶ ᠰᠠᠭᠤᠳᠠᠯ Virgo处女座8.24-9.237 ᠲᠡᠩᠨᠡᠭᠦᠷᠲᠦ ︵ᠲᠡᠩᠨᠡᠭᠦᠷᠢ ᠲᠤ︶ ᠰᠠᠭᠤᠳᠠᠯ Libra天秤座9.24-10.238 ᠬᠢᠯᠢᠨᠴᠡᠳᠦ ︵ᠭᠢᠯᠢᠨᠴᠡ ᠲᠤ︶ ᠰᠠᠭᠤᠳᠠᠯ Scorpio天蝎座10.24-11.229 ᠬᠤᠷᠴᠢᠳᠦ ︵ᠬᠤᠷᠴᠢ ᠲᠤ︶ ᠰᠠᠭᠤᠳᠠᠯ Sagittarius射手座11.23-12.2110 ᠨᠠᠾᠲᠣ ︵ᠨᠠᠾ ᠲᠤ︶ ᠰᠠᠭᠤᠳᠠᠯ Capricorn魔羯座12.22-1.2011 ᠬᠤᠮᠬᠠᠳᠣ ︵ᠬᠤᠮᠬ᠎ᠠ ᠲᠤ︶ ᠰᠠᠭᠤᠳᠠᠯAquarius水瓶座1.21-2.1912 ᠵᠢᠭᠠᠰᠣᠳᠣ ︵ᠵᠢᠭᠠᠰᠣ ᠲᠤ︶ ᠰᠠᠭᠤᠳᠠᠯPisces 双鱼座2.20-320④ ᠪᠠᠯᠠᠷ ᠴᠠᠭ ᠤᠨ ᠶᠡᠭᠡ ᠦᠶᠡᠷ ᠪᠣᠯ ᠺᠣᠷᠠᠨ ᠰᠣᠳᠣᠷ ᠲᠤ ᠦᠬᠦᠯᠡᠭᠳᠡᠨ ᠪᠦᠬᠦᠢ ᠶᠡᠭᠡ ᠦᠶᠡᠷ ᠪᠣᠯᠣᠨ᠎ᠠ᠃ ᠲᠡᠯᠡᠬᠡᠢ ᠲᠠᠬᠢᠨ ᠪᠦᠷ ᠦᠶᠡᠷ ᠤᠨ ᠭᠠᠮᠰᠢᠭ ᠲᠤ ᠲᠠᠭᠠᠷᠢᠭᠳᠠᠨ᠂ ᠨᠣᠶᠠ ᠲᠦᠷᠪᠡᠯᠵᠢᠨ ᠣᠩᠭᠤᠴᠡ ᠦᠢᠯᠡᠳᠦᠵᠦ ᠡᠬᠡ ᠲᠡᠯᠡᠬᠡᠢ ᠶᠢᠨ ᠠᠮᠢᠳᠠᠨ ᠭᠤᠣᠯᠳᠠᠨ ᠢ ᠠᠪᠣᠷᠠᠭᠰᠠᠨ ᠦᠯᠢᠭᠡᠷ ᠪᠣᠯᠬᠤ ᠶᠣᠮ᠃ ᠡᠨᠡᠬᠦ ᠦᠯᠢᠭᠡᠷ ᠲᠤ ᠲᠠᠷᠣᠢ ᠨᠣᠶᠠ ᠲᠡᠯᠡᠬᠡᠢ ᠲᠠᠬᠢᠨ ᠤ ᠠᠮᠢᠳᠠᠨ ᠭᠤᠣᠯᠳᠠᠨ ᠢ ᠲᠦᠷᠪᠡᠯᠵᠢᠨ ᠣᠩᠭᠤᠴᠠ ᠳᠠᠭᠠᠨ ᠲᠡᠭᠡᠭᠡᠵᠦ᠂ ᠠᠯᠯᠠᠾ ᠲᠡᠭᠷᠢ  ᠳᠤ ᠲᠠᠭᠠᠳᠬᠠᠨ᠂ ︵ᠵᠠᠳᠠ ᠶᠢᠨ︶ ᠣᠪᠢᠳᠠᠰ ᠢᠶᠠᠷ ᠶᠡᠭᠡ ᠪᠣᠷᠣᠭᠠᠨ ᠢ ᠵᠣᠭᠰᠣᠭᠠᠨ ᠬᠠᠮᠤᠭ ᠠᠮᠢᠳᠠᠨ ᠢ ᠠᠪᠣᠷᠠᠭᠰᠠᠨ ᠭᠡᠳᠡᠭ ᠶᠣᠮ᠃ ᠡᠶᠢᠮᠦ ᠠᠴᠠ ᠠᠳᠡ ᠲᠡᠶᠢᠮᠦᠷᠬᠦ ᠶᠡᠭᠡ ᠦᠶᠡᠷ ᠲᠠᠬᠢᠨ ᠢᠷᠡᠭᠰᠡᠨ ᠮᠡᠳᠦ ᠪᠣᠷᠣᠭᠠᠨ ᠬᠤᠷ᠎ᠠ ᠪᠠᠭᠤᠪᠠ ᠭᠡᠵᠦ ᠲᠠᠪᠠᠷᠠᠭᠤᠯᠣᠨ ᠲᠦᠷᠰᠦᠯᠡᠭᠰᠡᠨ ᠠᠵᠠᠢ᠃ ⑤ ᠠᠳᠡ ᠬᠡᠯᠡᠵᠦ ᠪᠠᠶᠢᠭ᠎ᠠ ᠰᠢᠪᠠᠷᠲᠣ ᠭᠡᠳᠡᠭ ᠭᠠᠵᠠᠷ ᠪᠣᠯ ᠬᠡᠯᠡᠯᠬᠡᠨ ᠦᠭᠡᠢ ᠪᠠᠪᠣᠷ ᠤᠨ ᠦᠷᠬᠦᠯᠵᠢ ᠦᠬᠦᠯᠡᠳᠡᠭ ᠲᠡᠷᠡᠬᠦ ᠠᠭᠤᠯᠠᠨ ᠠᠮᠠ ᠪᠣᠯᠣᠨ᠎ᠠ᠃ ᠬᠡᠳᠦᠶᠢᠪᠡᠷ ᠡᠨᠡᠳᠬᠡᠭ ᠵᠦᠭ ᠵᠢᠭᠤᠳᠠᠬᠤ ᠳᠤ ᠵᠢᠭᠠᠬᠠᠨ ᠬᠤᠯᠠ ᠰᠢᠭ᠋ ᠪᠣᠯᠪᠠᠴᠣ᠂ ᠪᠣᠰᠣᠳ ᠠᠭᠤᠯᠠᠨ ᠠᠮᠠ ᠶᠢ ᠪᠣᠳᠣᠪᠠᠯ ᠨᠡᠯᠢᠶᠡᠳ ᠠᠮᠠᠷᠬᠠᠨ ᠦᠩᠭᠡᠷᠡᠵᠦ ᠪᠣᠯᠬᠤ ᠭᠠᠵᠠᠷ ᠪᠣᠯᠣᠨ᠎ᠠ᠃ ᠠᠳᠡ ᠠᠩᠭ᠍ᠯᠢᠴᠢᠯᠠᠭᠴᠢ ᠠᠴᠠ ᠪᠠᠪᠣᠷ ᠤᠨ ᠲᠣᠷᠠᠰᠣᠮᠵᠢ ᠠᠴᠠ ᠡᠰᠢ ᠲᠠᠲᠠᠨ ᠡᠨᠡᠬᠦ ᠨᠡᠷ᠎ᠡ ᠦᠭᠡShibartu ᠶᠢᠨ ᠬᠤᠶᠢᠨᠠᠬᠢ tu ᠶᠢ ᠬᠠᠰᠣᠵᠣ ᠪᠣᠯᠬᠤ ᠦᠭᠡᠢ ᠭᠡᠵᠦ ᠴᠢᠬᠤᠯᠠᠴᠢᠯᠠᠨ ᠶᠠᠷᠢᠵᠠᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号