ᠴᠠᠭᠠᠳᠠᠢ ᠶᠢᠨ ᠴᠡᠷᠢᠭ ᠰᠠᠮᠠᠷᠺᠠᠨᠳ᠋ ᠢ ᠪᠦᠰᠡᠯᠡᠨ ᠲᠣᠪᠳᠣᠯᠣᠭᠰᠠᠨ ᠨᠢ
ᠨᠡᠶᠢᠲᠡᠯᠡᠭᠰᠡᠨ ᠴᠠᠭ᠄
2020/3/13
ᠠᠷᠪᠠᠨ ᠲᠠᠪᠣᠳᠣᠭᠠᠷ ᠪᠦᠯᠦᠭ  ᠶᠠᠭ ᠡᠨᠡ ᠦᠶ᠎ᠡ ᠪᠠᠷ ᠴᠠᠭᠠᠳᠠᠢ ᠶᠢᠨ ᠴᠡᠷᠢᠭ ᠰᠠᠮᠠᠷᠺᠠᠨᠳ᠋ ᠢ ᠲᠠᠶᠢᠯᠠᠷ᠎ᠠ ᠬᠦᠷᠪᠡ᠃ ᠲᠣᠬᠠᠢ ᠶᠢᠨ ᠦᠶ᠎ᠡ ᠳᠤ ᠰᠠᠮᠠᠷᠺᠠᠨᠳ᠋ ᠬᠤᠳᠠᠨ ᠳᠤ ᠬᠤᠳᠠ ᠬᠠᠮᠠᠭᠠᠯᠠᠬᠤ ᠴᠠᠶᠢᠵᠠ ᠪᠠᠬᠢᠯᠡᠯᠳᠡ ᠭᠡᠵᠦ ᠪᠠᠶᠢᠭᠤᠯᠣᠭᠰᠠᠨ ᠦᠭᠡᠢ ᠪᠠᠶᠢᠵᠠᠢ᠃ ᠭᠡᠪᠡᠴᠦ ᠬᠤᠳᠠ ᠶᠢᠨ ᠢᠷᠭᠡᠳ ᠶᠡᠭᠡ ᠮᠠᠣᠯᠠ · ᠽᠠᠳᠠ · ᠰᠠᠮᠠᠷᠺᠠᠨᠳᠢ ᠪᠣᠯᠣᠨ ᠶᠡᠭᠡ ᠮᠠᠣᠯᠠ · ᠬᠠᠷᠳᠠᠺ · ᠪᠦᠬᠠᠷᠢ ᠵᠢᠴᠢ ᠠᠪᠣᠯ · ᠨᠠᠰᠢᠷ · ᠬᠤᠷᠢ · ᠨᠠᠳᠠᠺ ᠶᠢᠨ ᠣᠳᠣᠷᠢᠳᠣᠯᠭ᠎ᠠ ᠪᠠ ᠬᠦᠬᠢᠬᠦᠯᠡᠯ ᠲᠣᠣᠷ᠎ᠠ ︵ᠬᠦᠮᠦᠨ ᠤ ᠨᠡᠷ᠎ᠡ ᠶᠢᠨ ᠲᠣᠣᠷ᠎ᠠ ᠬᠡᠷᠪᠡ ᠭᠠᠵᠠᠷ ᠤᠨ ᠨᠡᠷ᠎ᠡ ᠶᠢ ᠲᠠᠭᠠᠭᠤᠯᠣᠨ ᠶᠠᠮᠠᠷ ᠶᠠᠮᠠᠷ ︽ ᠢ︾ ᠶᠢ ᠵᠠᠯᠭᠠᠨ ᠪᠢᠴᠢᠪᠡᠯ ᠲᠠᠷᠣᠢ ᠡᠨᠡ ᠭᠠᠵᠠᠷ ᠤᠨ ᠬᠦᠮᠦᠨ ᠭᠡᠳᠡᠭ ᠣᠳᠬ᠎ᠠ ᠲᠠᠢ ᠬᠦᠮᠦᠨ ᠤ ᠨᠡᠷ᠎ᠡ ᠦᠭᠡ ᠡᠭᠦᠰᠦᠨ᠎ᠡ᠃ ᠡᠶᠢᠮᠦ ᠠᠴᠠ ᠰᠠᠮᠠᠷᠺᠠᠨᠳᠢ ᠭᠡᠪᠡᠯ ᠰᠠᠮᠠᠺᠠᠨᠳ᠋ ᠶᠢᠨ ᠬᠦᠮᠦᠨ᠂ ᠪᠦᠬᠠᠷᠢ ᠭᠡᠪᠡᠯ ᠪᠦᠬᠠᠷ᠎ᠠ ᠶᠢᠨ ᠬᠦᠮᠦᠨ ᠭᠡᠳᠡᠭ ᠣᠳᠬ᠎ᠠ ᠲᠠᠢ ᠲᠣᠲᠣᠳᠬᠠᠯ ᠨᠡᠷ᠎ᠡ ᠪᠣᠯᠣᠨ᠎ᠠ — ᠮᠣᠩᠭᠤᠯᠴᠢᠯᠠᠭᠴᠢ ᠠᠴᠠ︶᠂ ᠬᠦᠮᠦᠨ ᠢ ᠰᠣᠴᠢᠭᠠᠮ᠎ᠠ ᠡᠷᠡᠯᠬᠡᠭ ᠪᠠᠭᠠᠳᠣᠷᠯᠢᠭ ᠢᠶᠠᠷ ᠬᠤᠳᠠ ᠪᠠᠨ ᠬᠠᠮᠠᠭᠠᠯᠠᠨ ᠲᠠᠶᠢᠰᠣᠨ ᠢ ᠡᠰᠡᠷᠭᠦᠴᠡᠨ ᠪᠠᠶᠢᠯᠳᠣᠵᠠᠢ᠃ ᠲᠡᠳᠡ ᠬᠡᠳᠦᠶᠢᠪᠡᠷ ᠡᠵᠡᠨ ᠬᠠᠭᠠᠨ ᠦᠭᠡᠢ ᠪᠣᠯᠪᠠᠴᠣ᠂ ᠬᠤᠳᠠ ᠪᠦᠰᠡᠯᠡᠵᠦ ᠪᠠᠶᠢᠭ᠎ᠠ ᠲᠠᠶᠢᠰᠣᠨ ᠢ ᠬᠤᠳᠠᠨ ᠲᠠᠭᠠᠨ ᠣᠶᠢᠷᠠᠳᠣᠭᠤᠯᠬᠤ ᠦᠭᠡᠢ ᠲᠡᠮᠡᠴᠡᠨ ᠪᠠᠶᠢᠯᠳᠣᠪᠠ᠃ ᠲᠡᠳᠡ ᠬᠤᠳᠠ ᠪᠠᠨ ᠬᠠᠮᠠᠭᠠᠯᠠᠨ ᠴᠠᠭᠠᠳᠠᠢ ᠬᠦᠮᠦᠰ ᠤᠨ ᠲᠡᠭᠡᠷᠡᠮᠳᠡᠯᠭᠡ ᠶᠢ ᠬᠤᠷᠢᠭᠯᠠᠬᠤ ᠶᠢᠨ ᠲᠦᠯᠦᠭᠡ ᠡᠳᠦᠷ ᠰᠦᠨᠢ ᠢᠯᠭᠠᠯ ᠦᠭᠡᠢ ᠪᠠᠶᠢᠯᠳᠣᠭᠰᠠᠭᠠᠷ ᠪᠠᠶᠢᠵᠣ ᠡᠴᠦᠰ ᠲᠡᠭᠡᠨ ᠴᠢᠳᠠᠯ ᠬᠦᠴᠦᠨ ᠮᠡᠭᠦᠰᠳᠡᠵᠦ᠂ ᠦᠵᠡᠳᠡᠯ᠎ᠡ ᠬᠤᠳᠠ ᠠᠪᠳᠠᠬᠤ ᠪᠣᠯᠵᠣ ᠪᠠᠶᠢᠳᠠᠯ᠎ᠠ ᠠᠯᠯᠠᠾ ᠲᠡᠭᠷᠢ ᠲᠡᠳᠡᠨᠡᠷ ᠲᠤ ᠲᠣᠰᠠᠯᠠᠨ᠂ ᠴᠠᠭᠠᠳᠠᠢ ᠴᠡᠷᠢᠭ ᠤᠨ ᠮᠣᠷᠢᠳ ᠲᠤ ᠶᠡᠭᠡ ᠬᠢᠵᠢᠭ ᠲᠡᠯᠭᠡᠷᠡᠨ᠂ ᠴᠡᠷᠢᠭ ᠤᠨ ᠠᠭᠳᠠ ᠶᠢᠨ ᠲᠦᠷᠪᠡᠨ ᠤ ᠭᠤᠷᠪᠠ ᠨᠢ ᠦᠬᠦᠵᠦ ᠬᠤᠷᠣᠭᠳᠠᠪᠠ᠃ ᠡᠶᠢᠮᠦ  ᠠᠴᠠ ᠲᠠᠶᠢᠰᠣᠨ ᠬᠤᠳᠠ ᠶᠢᠨ ᠪᠦᠰᠡᠯᠡᠯᠳᠡ ᠪᠠᠨ ᠲᠠᠶᠢᠯᠠᠵᠣ ᠣᠬᠤᠷᠢᠨ ᠶᠠᠪᠣᠬᠤ ᠯᠠ ᠬᠡᠷᠡᠭᠳᠡᠢ ᠪᠣᠯᠵᠠᠢ᠃ ᠲᠡᠳᠡᠨ ᠤ ᠣᠯᠠᠩᠬᠢ ᠨᠢ ᠠᠭᠳᠠ ᠦᠭᠡᠢ ᠪᠣᠯᠬᠤᠷ ᠠᠷᠭ᠎ᠠ ᠦᠭᠡᠢ ᠪᠦᠷ ᠶᠠᠪᠠᠭᠠᠨ ᠢᠶᠠᠷ ᠣᠯᠣᠰ ᠲᠠᠭᠠᠨ ᠪᠣᠴᠠᠬᠤ ᠵᠠᠮ ᠳᠠᠭᠠᠨ ᠣᠷᠣᠪᠠ᠃ ᠰᠠᠮᠠᠷᠺᠠᠨᠳ᠋ ᠬᠦᠮᠦᠨ ᠡᠶᠢᠮᠦᠷᠬᠦ ᠡᠷᠡᠯᠬᠡᠭ ᠪᠠᠭᠠᠳᠣᠷᠯᠢᠭ ᠢᠶᠠᠷ ᠲᠠᠶᠢᠰᠣᠨ ᠲᠠᠢ ᠲᠣᠯᠣᠯᠴᠠᠭᠰᠠᠨ ᠤ ᠦᠷ᠎ᠡ ᠳ᠋ᠦᠩ ᠳᠤ ᠵᠠᠷᠢᠮ ᠬᠤᠳᠠ ᠶᠢᠨ ᠡᠷᠬᠡ ᠬᠦᠴᠦᠳᠡᠨ ᠨᠦᠭᠦᠳ ᠰᠠᠭᠰᠠᠭᠤᠷᠠᠨ ᠡᠬᠢᠯᠡᠵᠦ᠂ ᠬᠤᠳᠠ ᠳᠣᠳᠣᠷ᠎ᠠ ᠣᠷᠪᠠᠯᠭᠠᠨ ᠬᠤᠪᠢᠰᠣᠯ ᠡᠭᠦᠰᠭᠡᠨ᠂ ᠦᠪᠡᠷ ᠤᠨ ᠪᠡᠶ᠎ᠡ ᠪᠠᠨ ᠡᠵᠡᠨ ᠬᠠᠭᠠᠨ ᠪᠣᠯᠭᠠᠬᠤ ᠪᠠᠷ ᠣᠷᠣᠯᠳᠣᠪᠠ᠃ᠴᠠᠭᠠᠳᠠᠢ ᠶᠢᠨ ᠴᠡᠷᠢᠭ ᠣᠬᠤᠷᠢᠬᠤ ᠦᠶ᠎ᠡ ᠳᠤ᠂ ᠡᠮᠢᠷ ᠲᠡᠮᠦᠷ ᠤᠨ ᠠᠯᠢ ᠡᠷᠳᠡ ᠺᠦᠷᠤᠬ᠎ᠠ ︵ᠲᠠᠮᠦᠷ ᠬᠠᠭᠠᠯᠭ᠎ᠠ︶  ᠳᠤ ᠲᠣᠮᠢᠯᠠᠨ ᠣᠴᠢᠭᠤᠯᠣᠨ᠂ ᠴᠠᠭᠠᠳᠠᠢ ᠶᠢᠨ ᠴᠡᠷᠢᠭ ᠤᠨ ᠮᠡᠳᠡᠭᠡ ᠶᠢ ᠲᠠᠩᠨᠠᠵᠣ ᠪᠠᠶᠢᠭᠰᠠᠨ ᠠᠭᠠᠰ · ᠪᠠᠭᠠᠳᠣᠷ ᠲᠡᠭᠡᠷ᠎ᠡ ᠦᠬᠦᠯᠡᠭᠰᠡᠨ ᠬᠡᠷᠡᠭ — ᠴᠠᠭᠠᠳᠠᠢ ᠶᠢᠨ ᠴᠡᠷᠢᠭ ᠤᠨ ᠰᠢᠪᠰᠢᠭᠳᠡᠢ ᠪᠠᠷ ᠣᠬᠤᠷᠢᠨ ᠪᠣᠷᠣᠭᠤᠯᠠᠭᠰᠠᠨ ᠴᠢᠮᠡᠭᠡ  ᠶᠢ ᠣᠯᠣᠭᠠᠳ ᠬᠦᠮᠦᠨ ᠲᠣᠮᠢᠯᠠᠨ ᠡᠮᠢᠷ ᠬᠤᠰᠢᠨ ᠳᠤ ᠦᠨᠡᠨ ᠪᠠᠶᠢᠳᠠᠯ ᠢ ᠮᠡᠳᠡᠭᠳᠡᠨ᠂ ᠲᠡᠭᠦᠨ ᠢ ᠲᠦᠷᠭᠡᠨ ᠬᠦᠳᠡᠯᠵᠦ ᠴᠠᠭᠠᠳᠠᠢ ᠶᠢᠨ ᠣᠯᠣᠰ ᠵᠦᠭ ᠲᠤ ᠲᠠᠭᠠᠷᠢᠳᠣᠭᠠᠢ ᠬᠡᠮᠡᠨ ᠢᠳᠬᠠᠪᠠ᠃ ᠡᠮᠢᠷ ᠬᠤᠰᠢᠨ ᠡᠨᠡᠬᠦ ᠮᠡᠳᠡᠭᠡ ᠶᠢ ᠣᠯᠣᠭᠠᠳ ᠲᠣᠩ ᠪᠠᠶᠠᠷᠯᠠᠵᠣ᠂ ᠲᠡᠷᠡ ᠲᠣᠣᠷ᠎ᠠ ᠪᠠᠨ ᠬᠦᠳᠡᠯᠵᠦ ᠰᠢᠪᠠᠷᠲᠣ ᠠᠴᠠ ᠭᠠᠷᠴᠣ ᠰᠠᠷᠢ · ᠰᠠᠷᠠᠢ ᠳᠤ ᠪᠣᠴᠠᠨ ᠢᠷᠡᠪᠡ᠃ ᠡᠮᠢᠷ ᠲᠡᠮᠦᠷ ᠨᠢᠭᠡᠨᠳᠡ ᠭᠤᠣᠯ ᠭᠠᠳᠣᠯᠣᠨ ᠭᠠᠷᠣᠭᠠᠳ ᠪᠠᠶᠢᠭᠰᠠᠨ ᠭᠡᠷ ᠬᠤᠳᠠᠯᠠᠭᠠᠷ ᠢᠶᠠᠨ ᠨᠣᠳᠤᠭ ᠲᠠᠭᠠᠨ ᠪᠣᠴᠠᠭᠠᠨ᠂ ᠲᠡᠷᠡ ᠴᠦ ᠪᠠᠭᠯᠠᠨ ᠲᠠᠯ᠎ᠠ ᠳᠤ ᠢᠷᠡᠵᠦ᠂ ᠡᠮᠢᠷ ᠬᠤᠰᠢᠨ ᠲᠠᠢ ᠬᠠᠷᠢᠯᠴᠠᠨ ᠵᠣᠯᠭᠠᠪᠠ᠃ ᠲᠡᠳᠡ ᠬᠤᠶᠠᠭᠤᠯᠠ ᠬᠠᠮᠤᠭ ᠶᠡᠭᠡ ᠬᠦᠨᠳᠦᠳᠭᠡᠯ ᠲᠠᠢ ᠪᠠᠷ ᠲᠡᠪᠡᠷᠢᠯᠳᠣᠨ ᠠᠭᠤᠯᠵᠠᠵᠠᠢ᠃ ᠦᠩᠭᠡᠷᠡᠭᠰᠡᠨ ᠢᠷᠡᠭᠡᠳᠦᠢ ᠪᠠᠨ ᠲᠡᠯᠭᠡᠨ ᠶᠠᠷᠢᠯᠴᠠᠵᠣ᠂ ᠬᠤᠵᠢᠮ ᠤᠨ ᠲᠦᠯᠦᠪᠯᠡᠭᠡ ᠪᠠᠨ ᠲᠣᠭᠳᠠᠭᠠᠨ ᠬᠠᠮᠤᠭ ᠡᠴᠦᠰ ᠤᠨ ᠰᠢᠢᠳᠪᠦᠷᠢ ᠪᠠᠨ ᠭᠠᠷᠭᠠᠵᠠᠢ᠃ ᠢᠷᠡᠬᠦ ᠵᠢᠯ ᠤᠨ ᠬᠠᠪᠣᠷ ᠪᠣᠯᠣᠭᠰᠠᠭᠠᠷ ᠲᠡᠳᠡ ᠬᠤᠶᠠᠭᠤᠯᠠ ᠬᠠᠮᠳᠣ ᠪᠠᠷ ᠰᠠᠮᠠᠷᠺᠠᠨᠳ᠋ ᠬᠦᠷᠬᠦ ᠪᠠᠷ ᠪᠣᠯᠪᠠ᠃ ᠢᠩᠬᠢᠭᠡᠳ ᠡᠮᠢᠷ ᠲᠡᠮᠦᠷ ᠪᠣᠴᠠᠨ ᠢᠷᠡᠵᠦ᠂ ᠵᠧᠬᠤᠨ ᠭᠤᠣᠯ ᠢ ᠭᠠᠳᠣᠯᠣᠨ᠂ ᠬᠠᠷᠰᠢ ᠬᠤᠳᠠᠨ ︵ᠬᠠᠷᠰᠢ ᠬᠤᠳᠠ ᠪᠣᠯ ᠲᠣᠮᠳᠠᠳᠣ ᠠᠽᠢ ᠳᠤ ᠣᠷᠣᠭᠰᠠᠨ ᠴᠠᠭᠠᠳᠠᠢ ᠶᠢᠨ ᠬᠤᠶᠢᠴᠢᠰ ᠤᠨ ᠬᠠᠭᠠᠳ — ᠬᠡᠪᠡᠭ ᠬᠠᠭᠠᠨ ᠤ ᠪᠠᠶᠢᠭᠤᠯᠣᠭᠰᠠᠨ ᠴᠣᠷ ᠤᠨ ᠭᠠᠭᠴᠠ ᠮᠣᠩᠭᠤᠯ ᠨᠡᠷ᠎ᠡ ᠲᠠᠢ ᠮᠣᠩᠭᠤᠯ ᠬᠤᠳᠠ ᠪᠣᠯᠬᠤ ᠶᠣᠮ — ᠮᠣᠩᠭᠤᠯᠴᠢᠯᠠᠭᠴᠢ ᠠᠴᠠ︶ ᠳᠤ ᠴᠡᠷᠢᠭ ᠤᠨ ᠬᠦᠷᠢᠶ᠎ᠡ ᠪᠠᠭᠤᠪᠠ᠃ ᠡᠨᠡ ᠬᠤᠳᠠ ᠶᠢ ᠬᠠᠷᠰᠢ ᠬᠤᠳᠠ ᠭᠡᠳᠡᠭ ᠨᠢ ᠬᠡᠪᠡᠭ ᠬᠠᠭᠠᠨ ᠠᠳᠡ ᠦᠪᠡᠷ ᠤᠨ ᠬᠠᠭᠠᠨ ᠣᠷᠳᠣ ᠪᠠᠨ ᠪᠠᠶᠢᠭᠤᠯᠣᠭᠰᠠᠨ ᠠᠴᠠ ᠪᠣᠯᠵᠠᠢ᠃ ᠮᠣᠩᠭᠤᠯ ᠬᠡᠯᠡᠨ ᠳᠤ ᠬᠠᠷᠰᠢ ᠪᠣᠯ ᠣᠷᠳᠣᠨ ᠭᠡᠳᠡᠭ ᠣᠳᠬ᠎ᠠ ᠲᠠᠢ ᠦᠭᠡ ᠠᠵᠠᠢ᠃ᠡᠮᠢᠷ ᠲᠡᠮᠦᠷ ᠠᠳᠡ ᠡᠪᠦᠯᠵᠢᠨ᠂ ᠲᠡᠷᠡ ᠵᠠᠷᠯᠢᠭ ᠪᠠᠭᠤᠯᠭᠠᠨ ᠲᠡᠨᠳᠡ ᠨᠢᠭᠡᠨ ᠴᠠᠶᠢᠵᠠ ︵ᠾᠢᠽᠠᠷ︶ ᠪᠠᠶᠢᠭᠤᠯᠵᠠᠢ᠃ ᠲᠣᠰ ᠴᠠᠶᠢᠵᠠ ᠶᠢ ᠡᠨᠡ ᠡᠪᠦᠯ ᠳᠡᠭᠡᠨ ᠪᠠᠶᠢᠭᠤᠯᠣᠨ ᠲᠡᠭᠦᠰᠪᠡ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号