ᠢᠯᠢᠶᠠᠰ ᠬᠤᠵᠠ ᠬᠠᠭᠠᠨ ᠤ ᠡᠴᠦᠰ ᠤᠨ ᠡᠳᠦᠷ ᠬᠤᠨᠤᠭ᠂ ᠵᠢᠴᠢ ᠲᠡᠭᠦᠨ ᠤ ᠨᠠᠰᠣ ᠪᠠᠷᠠᠭᠰᠠᠨ ᠤ ᠰᠡᠭᠦᠯᠡᠷᠬᠢ ᠡᠭᠦᠰᠦᠭᠰᠡᠨ ᠬᠡᠷᠡᠭ ᠣᠴᠢᠷ᠂ ᠲᠠᠷᠣᠢ ᠬᠠᠮᠠᠷ — ᠠᠳ᠋ᠳᠢᠨ ᠤ ᠨᠣᠶᠠᠷᠬᠠᠯ
ᠨᠡᠶᠢᠲᠡᠯᠡᠭᠰᠡᠨ ᠴᠠᠭ᠄
2020/3/13
ᠠᠷᠪᠠᠨ ᠵᠢᠷᠭᠤᠳᠣᠭᠠᠷ ᠪᠦᠯᠦᠭ  ᠮᠣᠩᠭᠤᠯ ᠬᠦᠮᠦᠨ ᠤ ᠣᠯᠠᠮᠵᠢᠯᠠᠯ ᠶᠠᠷᠢᠶ᠎ᠠ ᠳᠤ ᠢᠯᠢᠶᠠᠰ ᠬᠤᠵᠠ ᠬᠠᠭᠠᠨ ᠤ ᠲᠣᠬᠠᠢ ᠲᠡᠮᠡᠢ ᠶᠠᠭᠤᠮ᠎ᠠ ᠦᠯᠡᠳᠡᠭᠰᠡᠨ ᠦᠭᠡᠢ ᠪᠣᠯᠣᠯᠳᠠᠢ᠃ ᠭᠡᠪᠡᠴᠦ ᠪᠢᠳᠡ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠠᠴᠠ ᠣᠯᠵᠣ ᠦᠵᠡᠭᠰᠡᠨ ᠢᠶᠠᠷ ᠲᠣᠬᠤᠯᠭ᠎ᠠ ᠲᠡᠮᠦᠷ ᠬᠠᠭᠠᠨ ᠨᠠᠰᠣ ᠪᠠᠷᠠᠭᠰᠠᠨ ᠤ ᠲᠠᠷᠠᠭ᠎ᠠ ᠲᠡᠷᠡ ᠡᠴᠢᠭᠡ ᠶᠢᠨ ᠢᠶᠠᠨ ᠬᠠᠭᠠᠨ ᠣᠷᠣ  ᠶᠢ ᠨᠢ ᠵᠠᠯᠭᠠᠮᠵᠢᠯᠠᠵᠠᠢ᠃ ᠲᠡᠷᠡ ᠬᠠᠭᠠᠨ ᠰᠠᠭᠤᠷᠢᠨ ᠳᠤ ᠪᠠᠶᠢᠭ᠎ᠠ ᠦᠶ᠎ᠡ ᠲᠡᠭᠡᠨ ᠨᠠᠮᠤᠭ ᠭᠠᠵᠠᠷ ᠤᠨ ᠲᠠᠶᠢᠨ ᠤ ᠢᠯᠠᠯᠳᠠ ᠶᠢ ᠣᠯᠵᠣ᠂ ᠪᠠᠰᠠ ᠰᠠᠮᠠᠷᠺᠠᠨᠳ᠋ ᠬᠤᠳᠠ ᠶᠢ ᠪᠦᠰᠡᠯᠡᠨ ᠪᠠᠶᠢᠯᠳᠣᠵᠣ ᠪᠠᠶᠢᠪᠠ᠃ ᠭᠡᠪᠡᠴᠦ ᠴᠡᠷᠢᠭ ᠤᠨ ᠠᠭᠳᠠ ᠲᠤᠨᠢ ᠶᠡᠭᠡ ᠬᠢᠵᠢᠭ ᠲᠡᠯᠭᠡᠷᠡᠨ ᠪᠦᠰᠡᠯᠡᠯᠳᠡ ᠪᠠᠨ ᠲᠠᠶᠢᠯᠠᠵᠣ ᠣᠯᠣᠰ ᠲᠠᠭᠠᠨ ᠬᠠᠷᠢᠭᠰᠠᠨ ᠶᠣᠮ᠃ ᠡᠳᠡᠭᠡᠷ ᠬᠡᠷᠡᠭ ᠤᠨ ᠲᠠᠷᠠᠭ᠎ᠠ ᠣᠳᠠᠯ ᠦᠭᠡᠢ ᠢᠯᠢᠶᠠᠰ ᠬᠤᠵᠠ ᠬᠠᠭᠠᠨ ᠨᠠᠰᠣ ᠪᠠᠷᠠᠪᠠ᠃ ᠭᠡᠪᠡᠴᠦ ᠲᠣᠷᠣᠭᠰᠢ ᠮᠣᠩᠭᠤᠯᠴᠣᠳ ᠤᠨ ᠠᠮᠠᠨ ᠣᠯᠠᠮᠵᠢᠯᠠᠯ ᠢ ᠦᠨᠳᠦᠰᠦᠯᠡᠵᠦ᠂ ᠲᠣᠬᠤᠯᠭ᠎ᠠ ᠲᠡᠮᠦᠷ ᠬᠠᠭᠠᠨ ᠨᠠᠰᠣ ᠪᠠᠷᠠᠭᠰᠠᠨ ᠤ ᠲᠠᠷᠠᠭ᠎ᠠ ᠶᠢᠨ ᠬᠡᠷᠡᠭ ᠢ ᠦᠬᠦᠯᠡᠶ᠎ᠡ᠃ ᠣᠴᠢᠷ ᠨᠢ ᠢᠯᠢᠶᠠᠰ ᠬᠤᠵᠠ ᠬᠠᠭᠠᠨ ᠤ ᠨᠠᠰᠣ ᠪᠠᠷᠠᠭᠰᠠᠨ ᠤ ᠲᠠᠷᠠᠭ᠎ᠠ ᠡᠭᠦᠰᠦᠭᠰᠡᠨ ᠬᠡᠷᠡᠭ ᠣᠴᠢᠷ ᠢ ᠬᠡᠨ ᠴᠦ ᠮᠡᠳᠡᠬᠦ ᠦᠭᠡᠢ ᠪᠣᠯᠵᠣ ᠵᠦᠪᠬᠡᠨ ᠠᠯᠯᠠᠾ ᠯᠠ ᠮᠡᠳᠡᠭᠰᠡᠨ ᠬᠡᠷᠡᠭ ᠪᠣᠯᠵᠣ ᠬᠤᠴᠣᠷᠪᠠ᠃ ᠲᠣᠬᠤᠯᠭ᠎ᠠ ᠲᠡᠮᠦᠷ ᠬᠠᠭᠠᠨ ᠨᠠᠰᠣ ᠪᠠᠷᠠᠭᠰᠠᠨ ᠤ ᠲᠠᠷᠠᠭ᠎ᠠ ᠡᠭᠦᠰᠦᠭᠰᠡᠨ ᠬᠡᠷᠡᠭ ᠢ ᠪᠣᠯ ᠣᠳᠣ ᠪᠠᠷ  ᠢᠶᠠᠨ ᠮᠡᠳᠡᠵᠦ ᠪᠠᠶᠢᠭ᠎ᠠ ᠬᠦᠮᠦᠨ ᠮᠠᠰᠢ ᠣᠯᠠᠨ ᠪᠠᠶᠢᠭ᠎ᠠ ᠶᠣᠮ᠃ ᠡᠭᠦᠨ ᠠᠴᠠ ᠣᠯᠵᠣ ᠮᠡᠳᠡᠭᠰᠡᠨ ᠬᠡᠷᠡᠭ ᠪᠣᠯ᠄ ᠲᠣᠬᠠᠢ ᠶᠢᠨ ᠦᠶ᠎ᠡ ᠳᠤ ︵ᠲᠣᠬᠤᠷᠠᠭᠤᠳ ᠠᠶᠢᠮᠠᠭ ᠤᠨ ᠠᠬᠠᠯᠠᠭᠴᠢ ᠪᠠᠷ︶ ᠠᠬ᠎ᠠ ᠲᠡᠭᠦᠥ ᠲᠠᠪᠣᠭᠤᠯᠠ② ᠪᠠᠶᠢᠵᠠᠢ ᠃⑴ ᠡᠮᠢᠷ ᠲᠣᠯᠭ᠎ᠠ᠂ ᠲᠣᠬᠤᠯᠭ᠎ᠠ ᠲᠡᠮᠦᠷ ᠬᠠᠭᠠᠨ ᠢᠰᠯᠠᠮ ᠱᠠᠰᠢᠨ ᠰᠢᠳᠦᠬᠦ ᠦᠶ᠎ᠡ ᠳᠤ ᠲᠡᠬᠦᠨ ᠢ ᠲᠣᠷᠠᠳᠴᠣ ᠦᠩᠬᠡᠷᠡᠪᠡ᠃⑵ ᠡᠮᠢᠷ ᠪᠣᠷᠣᠯᠵᠢ᠃⑶ ᠵᠠᠮᠰ ᠠᠳ᠋ᠳᠢᠨ᠂ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾  ᠳᠤ ᠲᠡᠭᠦᠨ ᠤ ᠨᠠᠮᠤᠭ ᠭᠠᠵᠠᠷ ᠤᠨ ᠲᠠᠶᠢᠨ ᠳᠤ ᠣᠷᠣᠯᠴᠠᠵᠣ ᠦᠩᠭᠡᠷᠡᠭᠰᠡᠨ ᠢ ᠬᠡᠯᠡᠵᠦ ᠦᠩᠬᠡᠷᠡᠪᠡ᠃⑷ ᠡᠮᠢᠷ ᠬᠠᠮᠠᠷ ᠠᠳ᠋ᠳᠢᠨ᠂ ᠲᠡᠭᠦᠨ ᠤ ᠪᠠᠶᠢᠳᠠᠯ ᠢ ᠪᠢ ᠲᠣᠷᠣᠭᠰᠢ ᠦᠬᠦᠯᠡᠬᠦ ᠪᠠᠷ ᠪᠠᠶᠢᠨ᠎ᠠ᠃⑸ ᠡᠮᠢᠷ ᠱᠠᠾ ᠳ᠋ᠠᠣᠯᠠ③᠂ ᠡᠨᠡ ᠬᠦᠮᠦᠨ ᠲᠡᠣᠬᠡᠨ ᠳᠤ ᠶᠠᠮᠠᠷ ᠴᠦ ᠲᠡᠮᠳᠡᠭᠯᠡᠯ ᠦᠯᠡᠳᠡᠭᠡᠭᠰᠡᠨ ᠦᠭᠡᠢ ᠪᠣᠯᠣᠯᠳᠠᠢ᠃ᠡᠮᠢᠷ ᠲᠣᠯᠭ᠎ᠠ ᠨᠠᠰᠣ ᠪᠠᠷᠠᠭᠰᠠᠨ ᠤ ᠲᠠᠷᠠᠭ᠎ᠠ ᠣᠯᠣᠰ ᠪᠠᠬᠢ ᠶᠢᠨ ᠬᠡᠷᠬᠢᠮ ᠢ ᠡᠮᠢᠷ ᠪᠣᠷᠣᠯᠵᠢ ᠳᠤ ᠵᠠᠯᠭᠠᠮᠵᠢᠯᠠᠭᠤᠯᠪᠠ᠃ ᠭᠡᠳᠡᠯ᠎ᠡ ᠡᠮᠢᠷ ᠪᠣᠷᠣᠯᠵᠢ ᠠᠬ᠎ᠠ ᠶᠢᠨ ᠢᠶᠠᠨ ᠬᠡᠷᠬᠢᠮ ᠢ ᠵᠠᠯᠭᠠᠮᠵᠢᠯᠠᠬᠰᠠᠨ ᠤ ᠲᠠᠷᠠᠭ᠎ᠠ ᠣᠳᠠᠯ ᠦᠭᠡᠢ ᠨᠠᠰᠣ ᠪᠠᠷᠠᠵᠣ ᠣᠯᠣᠰ ᠪᠠᠬᠢ ᠶᠢᠨ ᠳᠣᠰᠢᠶᠠᠯ ᠢ ᠲᠡᠭᠦᠨ ᠤ ᠲᠣᠯᠣᠭᠠᠬᠠᠨ ᠨᠠᠰᠣᠳᠠᠢ ᠬᠦᠪᠡᠭᠦᠨ ᠬᠤᠳᠠᠶᠢᠳᠠ ᠳᠤ ᠵᠠᠯᠭᠠᠮᠵᠢᠯᠠᠭᠤᠯᠪᠠ᠃ ᠭᠡᠪᠡᠴᠦ ᠡᠮᠢᠷ ᠬᠠᠮᠠᠷ ᠠᠳ᠋ᠳᠢᠨ ᠬᠠᠭᠠᠨ ᠤ ᠡᠮᠦᠨ᠎ᠡ ᠰᠦᠭᠦᠳᠴᠦ ᠭᠤᠶᠣᠴᠢᠯᠠᠨ ᠬᠡᠯᠡᠭᠰᠡᠨ ᠨᠢ᠄ ︽ᠮᠢᠨᠦ ᠠᠬ᠎ᠠ  ᠶᠢᠨ ᠵᠡᠷᠭᠡ ᠬᠡᠷᠬᠢᠮ ᠢ ᠡᠷᠬᠡᠪᠰᠢ ᠨᠠᠳᠠ ᠳᠤ ᠦᠭᠬᠦ ᠶᠣᠰᠣᠳᠠᠢ ᠶᠣᠮ᠂ ᠣᠴᠢᠷ ᠨᠢ ᠲᠡᠭᠦᠨ ᠤ ᠬᠦᠪᠡᠭᠦᠨ ᠨᠠᠰᠣ ᠪᠠᠷ ᠬᠡᠳᠦᠷᠭᠡᠢ ᠪᠠᠭ᠎ᠠ᠂ ᠰᠠᠶ᠋ᠢ ᠲᠣᠯᠣᠭᠠᠬᠠᠨ ᠨᠠᠰᠣ ᠲᠠᠢ ᠲᠣᠯᠠ ᠣᠯᠣᠰ ᠪᠠᠬᠢ ᠶᠢᠨ ᠳᠣᠰᠢᠶᠠᠯ ᠢ ᠡᠭᠦᠷᠭᠡᠯᠡᠵᠦ ᠲᠡᠶᠢᠯᠬᠦ ᠦᠭᠡᠢ ᠶᠣᠮ︾ ᠭᠡᠪᠡ᠃ ᠭᠡᠳᠡᠯ᠎ᠡ ᠲᠣᠬᠤᠯᠭ᠎ᠠ ᠲᠡᠮᠦᠷ ᠬᠠᠭᠠᠨ ᠲᠡᠭᠦᠨ ᠤ ᠭᠤᠶᠣᠴᠢᠯᠠᠯ ᠢ ᠶᠠᠭᠤ ᠪᠠᠷ ᠴᠦ ᠪᠣᠳᠣᠭᠰᠠᠨ ᠦᠭᠡᠢ᠃ ᠰᠢᠭᠤᠳ ᠲᠣᠯᠣᠭᠠᠨ ᠨᠠᠰᠣᠳᠠᠢ ᠬᠤᠳᠠᠶᠢᠳᠠ ᠳᠤ ᠣᠯᠣᠰ ᠪᠠᠬᠢ ᠶᠢᠨ ᠵᠡᠷᠭᠡ ᠶᠢ ᠵᠠᠯᠭᠠᠮᠵᠢᠯᠠᠭᠤᠯᠪᠠ᠃ ᠡᠮᠢᠷ ᠬᠠᠮᠠᠷ ᠠᠳ᠋ᠳᠢᠨ ᠪᠣᠯ ᠲᠣᠭᠰᠢᠨ ᠰᠦᠷᠭᠦ ᠬᠦᠮᠦᠨ ᠶᠣᠮ᠃ ᠲᠡᠷᠡ ᠦᠪᠡᠷ ᠢᠶᠠᠨ ᠨᠢᠭᠡ ᠲᠣᠯᠣᠭᠠᠬᠠᠨ ᠨᠠᠰᠣᠳᠠᠢ ᠦᠴᠦᠬᠡᠨ ᠬᠦᠪᠡᠭᠦᠨ ᠤ ᠲᠣᠣᠷ᠎ᠠ ᠠᠵᠢᠯᠯᠠᠬᠤ ᠨᠢ ᠢᠴᠢᠭᠦᠷᠢ ᠬᠡᠮᠡᠨ ᠦᠵᠡᠪᠡᠴᠦ᠂ ᠲᠣᠬᠠᠢ  ᠶᠢᠨ ᠦᠶ᠎ᠡ ᠳᠤ ᠶᠠᠮᠠᠷ ᠴᠦ ᠠᠷᠭ᠎ᠠ ᠦᠭᠡᠢ ᠪᠠᠶᠢᠵᠠᠢ᠃ ᠢᠩᠬᠢᠭᠡᠳ ᠲᠡᠷᠡ ᠲᠣᠬᠤᠯᠭ᠎ᠠ ᠲᠡᠮᠦᠷ ᠬᠠᠭᠠᠨ ᠢ ᠨᠠᠰᠣ ᠪᠠᠷᠠᠮᠠᠭᠴᠠ ᠣᠷᠪᠠᠭ᠋ᠣ ᠪᠠᠷ ᠪᠡᠯᠡᠳᠭᠡᠵᠡᠢ᠃ ᠭᠡᠶ᠎ᠡ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠤᠨ ᠬᠡᠯᠡᠬᠦ  ᠪᠠᠷ ᠪᠣᠯ ᠲᠡᠷᠡ ᠢᠯᠢᠶᠠᠰ ᠬᠤᠵᠠ ᠬᠠᠭᠠᠨ ᠨᠠᠰᠣ ᠪᠠᠷᠠᠭᠰᠠᠨ ᠤ ᠲᠠᠷᠠᠭ᠎ᠠ ᠣᠷᠪᠠᠵᠠᠢ ᠭᠡᠳᠡᠭ ᠶᠣᠮ᠃ ᠶᠠᠮᠠᠷ ᠪᠠᠶᠢᠭᠰᠠᠨ ᠴᠦ ᠲᠣᠬᠤᠯᠭ᠎ᠠ ᠲᠡᠮᠦᠷ ᠬᠠᠭᠠᠨ ᠨᠠᠰᠣ ᠪᠠᠷᠠᠮᠠᠭᠴᠠ ᠬᠠᠮᠠᠷ ᠠᠳ᠋ᠳᠢᠨ ᠤ ᠰᠡᠳᠬᠢᠯ ᠤᠨ ᠬᠦᠨ ᠳᠤ ᠨᠢᠭᠡᠨᠳᠡ ᠬᠠᠭᠠᠨ ᠠᠴᠠ ᠪᠠᠨ ᠣᠷᠪᠠᠵᠣ ᠦᠰᠢᠶ᠎ᠡ ᠠᠪᠬᠤ ᠪᠠᠷ ᠰᠡᠳᠬᠢᠯ ᠰᠢᠭᠤᠳᠣᠵᠠᠢ᠃ ︵ᠮᠣᠩᠭᠤᠯᠴᠣᠳ ᠤᠨ ᠣᠯᠠᠮᠵᠢᠯᠠᠯ ᠬᠡᠯᠡᠯᠭᠡ ᠪᠠᠷ ᠪᠣᠯ︶ ᠲᠡᠷᠡ ᠨᠢᠭᠡᠯ᠎ᠡ ᠡᠳᠦᠷ ᠲᠣᠲᠣᠷ᠎ᠠ ᠬᠠᠭᠠᠨ ᠤ ᠠᠷᠪᠠᠨ ᠨᠠᠢᠮᠠᠨ ᠬᠦᠪᠡᠭᠦᠳ ᠢ ᠬᠢᠳᠣᠵᠣ᠂ ᠦᠪᠡᠷ ᠢ ᠪᠠᠨ ᠬᠠᠭᠠᠨ ᠡᠷᠭᠦᠮᠵᠢᠯᠡᠪᠡ ᠭᠡᠳᠡᠭ᠃ ᠢᠩᠬᠢᠭᠡᠳ ᠮᠣᠩᠭᠤᠯ ᠣᠯᠣᠰ ᠲᠣᠲᠣᠷ᠎ᠠ ᠣᠷᠪᠠᠯᠭᠠᠨ ᠲᠦᠷᠪᠡᠭᠡᠨ ᠣᠯᠠᠮ ᠢᠯᠡᠭᠦᠥ ᠡᠭᠦᠰᠬᠦ ᠪᠣᠯᠵᠣ ᠨᠡᠶᠢᠭᠡᠮ ᠨᠡᠶᠢᠳᠡ ᠰᠠᠮᠠᠭᠤᠷᠠᠯ ᠤᠨ ᠬᠦᠪ ᠲᠤ ᠵᠢᠪᠪᠦᠵᠡᠢ᠃ᠲᠣᠬᠤᠯᠭ᠎ᠠ ᠲᠡᠮᠦᠷ ᠬᠠᠭᠠᠨ ᠤ ᠨᠢᠭᠡᠨ ᠬᠦᠪᠡᠭᠦᠨ ᠨᠢ ᠲᠣᠬᠠᠢ ᠶᠢᠨ ᠦᠶ᠎ᠡ ᠳᠤ ᠰᠠᠶ᠋ᠢ ᠦᠯᠦᠭᠡᠢ ᠲᠣᠲᠣᠷ᠎ᠠ ᠪᠠᠶᠢᠵᠣ᠂ ᠡᠮᠢᠷ ᠬᠤᠳᠠᠶᠢᠳᠠ ᠪᠠ ᠲᠡᠬᠦᠨ ᠤ ᠡᠬᠡ ᠮᠢᠷ · ᠠᠬ᠎ᠠ ︵ᠠᠭ᠎ᠠ︶ ᠶᠢᠨ ᠨᠢᠭᠤᠴᠠ ᠬᠠᠮᠠᠭᠠᠯᠠᠯ ᠲᠣᠣᠷ᠎ᠠ ᠠᠮᠢ ᠮᠡᠨᠳᠦ ᠦᠯᠡᠳᠡᠭᠰᠡᠨ ᠶᠣᠮ᠃ ᠬᠠᠮᠠᠷ ᠠᠳ᠋ᠳᠢᠨ ᠬᠡᠳᠦᠶᠢᠪᠡᠷ ᠡᠨᠡ ᠬᠦᠪᠡᠭᠦᠨ ᠢ ᠲᠠᠬᠢᠨ ᠲᠠᠪᠳᠠᠨ ᠡᠷᠢᠨ ᠰᠣᠷᠠᠭᠯᠠᠵᠣ ᠪᠠᠶᠢᠭᠰᠠᠨ ᠪᠣᠯᠪᠠᠴᠣ᠂ ᠬᠤᠳᠠᠶᠢᠳᠠ ᠡᠬᠡ ᠬᠦᠪᠡᠭᠦᠨ ᠤ ᠬᠠᠮᠠᠭᠠᠯᠠᠯ ᠤᠨ ᠨᠢᠭᠤᠴᠠ ᠶᠢᠨ ᠰᠠᠶᠢᠨ ᠢᠶᠠᠷ ᠲᠡᠭᠦᠨ ᠳᠤ ᠰᠡᠷᠡᠭᠳᠡᠭᠰᠡᠨ ᠦᠭᠡᠢ ᠦᠩᠭᠡᠷᠡᠵᠡᠢ᠃ᠬᠠᠮᠠᠷ ᠠᠳ᠋ᠳᠢᠨ ᠬᠡᠳᠦᠶᠢᠪᠡᠷ ︵ᠬᠠᠭᠠᠨ ᠰᠠᠭᠤᠭᠠᠳ︶ ᠠᠯᠢ ᠴᠢᠳᠠᠬᠤ ᠪᠠᠷ ᠴᠢᠷᠮᠠᠶᠢᠨ ᠠᠵᠢᠯᠯᠠᠭᠰᠠᠨ ᠪᠣᠯᠪᠠᠴᠣ᠂ ᠣᠯᠠᠨ ᠡᠮᠢᠷ ᠨᠡᠷ ᠲᠡᠭᠦᠨ ᠲᠠᠢ ᠡᠰᠡᠷᠭᠦᠴᠡᠯᠳᠦᠨ᠂ ᠣᠯᠣᠰ ᠤᠨ ᠲᠣᠲᠣᠭᠠᠳᠣ ᠳᠤ ᠵᠦᠷᠢᠴᠡᠯ ᠮᠠᠷᠭᠤᠯᠳᠣᠭᠠᠨ ᠢᠶᠠᠷ ᠲᠦᠭᠦᠷᠴᠦ ᠰᠠᠮᠠᠭᠤᠷᠠᠨ ᠲᠡᠪᠵᠢᠶᠡᠷᠡᠵᠦ ᠪᠠᠶᠢᠪᠠ᠃  ᠡᠭᠦᠨ ᠠᠴᠠ ᠭᠠᠳᠠᠨ᠎ᠠ ᠡᠮᠢᠷ ᠲᠡᠮᠦᠷ ᠡᠨᠡ ᠦᠶ᠎ᠡ ᠪᠠᠷ ᠴᠡᠷᠢᠭ ᠲᠠᠶᠢᠴᠢᠯᠠᠨ ᠢᠷᠡᠵᠦ ᠮᠣᠩᠭᠤᠯᠰᠲ᠋ᠠᠨ ᠢ ᠲᠦᠷᠢᠮᠡᠬᠡᠶᠢᠯᠡᠭᠰᠡᠨ ᠵᠡᠷᠭᠡ ᠠᠴᠠ ᠪᠣᠯᠵᠣ᠂ ᠲᠡᠭᠦᠨ ᠤ ᠣᠯᠣᠰ ᠤᠨ ᠲᠣᠲᠣᠭᠠᠳᠣ ᠪᠠᠨ ᠵᠠᠰᠠᠵᠣ ᠲᠦᠪᠰᠢᠷᠡᠭᠦᠯᠬᠦ ᠠᠵᠢᠯ ᠣᠷᠣᠭᠰᠢ ᠮᠠᠭᠤᠳᠠᠢ ᠪᠣᠯᠵᠣ ᠬᠤᠴᠣᠷᠴᠠᠢ᠃ ᠡᠨᠡ ᠦᠶ᠎ᠡ ᠪᠠᠷ ᠡᠮᠢᠷ ᠬᠤᠳᠠᠶᠢᠳᠠ ︵ᠲᠡᠷᠡᠭᠦ ᠨᠢᠭᠤᠵᠣ ᠬᠠᠮᠠᠭᠠᠯᠠᠭᠰᠠᠨ ᠬᠠᠭᠠᠨ ᠤ ᠬᠦᠪᠡᠭᠦᠨ︶ ᠾᠢᠳᠢᠷ ᠬᠤᠵᠠ ᠬᠠᠨ④ ᠢ ᠺᠠᠱᠭᠠᠷ ᠠᠴᠠ ᠪᠠᠳᠠᠺᠱᠠᠨ ᠬᠦᠷᠬᠦ ᠠᠭᠤᠯᠠᠷᠬᠠᠭ ᠣᠷᠣᠨ ᠳᠤ ᠨᠢᠭᠤᠨ ᠬᠦᠷᠭᠡᠵᠦ᠂ ᠬᠠᠮᠠᠷ ᠠᠳ᠋ᠳᠢᠨ ᠤ ᠬᠤᠣᠷᠯᠠᠯ  ᠠᠴᠠ ᠠᠷᠭᠠᠯᠠᠨ ᠰᠠᠯᠭᠠᠭᠰᠠᠨ ᠪᠠᠶᠢᠨ᠎ᠠ᠃ ᠡᠨᠡᠬᠦ ᠪᠠᠶᠢᠳᠠᠯ ᠢ ᠮᠦᠳᠳᠦ ᠦᠬᠦᠯᠡᠬᠦ ᠪᠣᠯᠪᠠᠴᠣ᠂ ᠣᠷᠢᠳᠠᠪᠠᠷ ᠬᠠᠮᠠᠷ ᠠᠳ᠋ᠳᠢᠨ ᠤ ᠲᠣᠬᠠᠢ ᠶᠢᠨ ᠦᠶ᠎ᠡ ᠶᠢᠨ ᠪᠠᠶᠢᠳᠠᠯ ᠢ ᠶᠠᠷᠢᠶ᠎ᠠ᠃  ᠲᠣᠰ ᠪᠦᠯᠦᠭ ᠤᠨ ᠲᠠᠶᠢᠯᠪᠣᠷᠢ ᠢᠯᠢᠶᠠᠰ ᠬᠤᠵᠠ ᠬᠠᠭᠠᠨ ᠤ ᠡᠴᠦᠰ ᠤᠨ ᠡᠳᠦᠷ ᠬᠤᠨᠤᠭ᠂ ᠵᠢᠴᠢ ᠲᠡᠭᠦᠨ ᠤ ᠨᠠᠰᠣ ᠪᠠᠷᠠᠭᠰᠠᠨ① ᠤ ᠰᠡᠭᠦᠯᠡᠷᠬᠢ ᠡᠭᠦᠰᠦᠭᠰᠡᠨ ᠬᠡᠷᠡᠭ ᠣᠴᠢᠷ᠂ ᠲᠠᠷᠣᠢ ᠬᠠᠮᠠᠷ — ᠠᠳ᠋ᠳᠢᠨ ᠤ ᠨᠣᠶᠠᠷᠬᠠᠯ ① ᠢᠯᠢᠶᠠᠰ ᠬᠤᠵᠠ ᠬᠠᠭᠠᠨ ᠤ ᠨᠠᠰᠣ ᠪᠠᠷᠠᠭᠰᠠᠨ ᠲᠣᠬᠠᠢ ᠬᠠᠶᠢᠳᠠᠷ ᠶᠠᠭᠤ ᠴᠦ ᠦᠯᠡᠳᠡᠭᠡᠭᠰᠡᠨ ᠦᠭᠡᠢ᠂ ᠭᠡᠳᠡᠯ᠎ᠡ ᠪᠠᠷᠲ᠋ᠣᠯᠢᠲ ᠤᠨ ᠬᠡᠯᠡᠬᠦ ᠪᠠᠷ ᠢᠯᠢᠶᠠᠰ ᠬᠤᠵᠠ ᠬᠠᠭᠠᠨ ᠪᠣᠯ ᠬᠠᠮᠠᠷ ᠠᠳ᠋ᠳᠢᠨ ᠣᠷᠪᠠᠯᠭᠠᠨ ᠭᠠᠷᠭᠠᠵᠣ ᠢᠯᠢᠶᠠᠰ ᠬᠤᠵᠠ ᠬᠠᠭᠠᠨ ᠢ ᠠᠯᠠᠭᠰᠠᠨ ᠭᠡᠳᠡᠭ ᠶᠣᠮ᠃ ︽ᠪᠠᠷᠲ᠋ᠣᠯᠢᠲ ᠤᠨ ᠵᠣᠬᠢᠶᠠᠯ ᠤᠨ ᠡᠮᠬᠢᠳᠭᠡᠯ︾ ᠣᠷᠣᠰ ᠬᠡᠯᠡᠨ ᠤ ᠬᠡᠪᠯᠡᠯ ᠤᠨ ᠲᠠᠪᠣᠳᠣᠭᠠᠷ ᠪᠣᠳᠢ ᠶᠢᠨ530 ᠳ᠋ᠣᠭᠠᠷ ᠨᠢᠭᠤᠷ ᠲᠤ ᠦᠵᠡᠭᠡᠷᠡᠢ᠃  ② ᠬᠠᠭᠠᠯᠳᠠ ᠳᠤ ᠪᠠᠶᠢᠭ᠎ᠠ ᠲᠣᠬᠤᠷᠠᠭᠤᠳ ᠠᠶᠢᠮᠠᠭ ᠤᠨ ᠠᠬ᠎ᠠ ᠲᠡᠭᠦᠥ ᠲᠠᠪᠣᠭᠤᠯᠠ ᠭᠡᠳᠡᠭ ᠦᠭᠡ ᠶᠢ ᠮᠣᠩᠭᠤᠯᠴᠢᠯᠠᠭᠴᠢ ᠨᠡᠮᠡᠵᠡᠢ᠃ ᠠᠳᠡ ᠬᠠᠶᠢᠳᠠᠷ ᠤᠨ ᠣᠣᠯ ᠨᠣᠮ ᠳᠤ ᠲᠠᠷᠣᠢ ᠡᠨᠡ ᠠᠬ᠎ᠠ ᠲᠠᠪᠣᠭᠤᠯᠠ ᠶᠢ ᠲᠣᠲᠣᠳᠬᠠᠨ ᠪᠢᠴᠢᠭᠰᠡᠨ ᠦᠭᠡᠢ ᠪᠠᠶᠢᠵᠠᠢ᠃ ᠠᠳᠡ ᠮᠣᠩᠭᠤᠯᠴᠢᠯᠠᠭᠴᠢ ᠠᠴᠠ ᠶᠠᠷᠢᠬᠤ ᠭᠡᠵᠦ ᠪᠠᠶᠢᠭ᠎ᠠ ᠨᠢᠭᠡᠨ ᠬᠡᠷᠡᠭ ᠪᠣᠯ ᠬᠠᠶᠢᠳᠠᠷ · ᠮᠢᠷᠽᠠ ᠵᠣᠬᠢᠶᠠᠭᠴᠢ ᠶᠢᠨ ᠬᠤᠪᠢ ᠠᠴᠠ ᠦᠪᠡᠷ ᠤᠨ ᠡᠴᠢᠭᠡ ᠲᠡᠭᠡᠳᠦ ᠶᠢᠨ ᠢᠶᠠᠨ ᠵᠠᠷᠢᠮ ᠮᠠᠭᠤ ᠬᠡᠷᠡᠭ ᠢ ᠨᠢᠭᠤᠵᠣ ᠲᠠᠷᠣᠭᠰᠠᠨ ᠪᠠ ᠲᠡᠭᠦᠨ ᠤ ᠲᠡᠭᠡᠳᠦᠰ ᠪᠣᠯᠬᠤ ᠬᠠᠮᠠᠷ ᠠᠳ᠋ᠳᠢᠨ ᠤ ᠬᠡᠷᠡᠭ ᠢ ᠴᠦ ᠨᠢᠭᠤᠵᠣ ᠬᠠᠯᠬᠠᠯᠠᠭᠰᠠᠨ ᠪᠣᠯᠣᠯᠴᠠᠭ᠎ᠠ ᠪᠠᠶᠢᠨ᠎ᠠ᠃ ᠴᠢᠨᠠᠭᠰᠢᠯᠠᠪᠠᠯ ᠦᠪᠡᠷ ᠤᠨ ᠡᠴᠢᠭᠡ ᠶᠢᠨ ᠢᠶᠠᠨ ᠵᠠᠷᠢᠮ ᠮᠠᠭᠤ ᠮᠠᠭᠤᠬᠠᠢ ᠵᠠᠩ ᠴᠢᠨᠠᠷ ᠢ ᠬᠦᠷᠳᠡᠯ᠎ᠡ ᠨᠢᠭᠤᠵᠣ ᠪᠠᠶᠢᠭᠰᠠᠨ ᠨᠢ ᠦᠨᠡᠨᠳᠡᠢ ᠶᠣᠮ᠃ ᠲᠡᠭᠦᠨ ᠤ ᠡᠴᠢᠭᠡ ᠨᠢ ᠪᠠᠪᠣᠷ ᠬᠠᠭᠠᠨ ᠤ ᠭᠠᠷ ᠲᠣᠣᠷ᠎ᠠ ᠪᠠᠶᠢᠬᠤ ᠲᠠᠭᠠᠨ ᠲᠠᠷᠣᠢ ᠣᠪ ᠮᠡᠭᠡ ᠭᠠᠷᠭᠠᠨ ᠣᠯᠠᠨ ᠢ ᠣᠷᠪᠠᠭᠤᠯᠬᠤ ᠠᠵᠢᠯ ᠬᠢᠵᠦ ᠪᠠᠪᠣᠷ ᠬᠠᠭᠠᠨ ᠳᠤ ᠬᠦᠭᠡᠭᠡᠭᠳᠡᠨ ᠶᠠᠪᠣᠭᠰᠠᠨ ᠲᠡᠣᠬᠡ  ᠲᠠᠢ ᠪᠦᠭᠡᠳ ᠬᠠᠮᠤᠭ ᠡᠴᠦᠰ ᠲᠡᠭᠡᠨ ᠦᠽᠪᠧᠭ ᠤᠨ ᠰᠢᠪᠠᠨᠢ ᠬᠠᠭᠠᠨ ᠤ ᠲᠣᠣᠷ᠎ᠠ ᠰᠢᠷᠭᠤᠨ ᠠᠮᠢ ᠪᠠᠨ ᠠᠷᠭᠠᠴᠠᠬᠤ ᠭᠡᠰᠡᠨ ᠪᠣᠯᠪᠠᠴᠣ᠂ ᠰᠢᠪᠠᠨᠢ ᠬᠠᠭᠠᠨ ᠲᠡᠭᠦᠨ ᠢ ᠣᠪ ᠮᠡᠬᠡᠳᠡᠨ᠂ ᠣᠷᠪᠠᠭᠴᠢ᠂ ᠲᠣᠭᠳᠠᠪᠣᠷᠢ ᠦᠭᠡᠢ ᠬᠦᠮᠦᠨ ᠭᠡᠬᠦ ᠮᠡᠳᠦ ᠪᠠᠷ ᠦᠵᠡᠵᠦ᠂ ᠬᠡᠳᠦᠶᠢᠪᠡᠷ ᠨᠢᠳᠣᠨ ᠲᠠᠯᠳᠠ ᠪᠠᠶᠢᠪᠠᠴᠣ ᠬᠤᠵᠢᠮ ᠨᠢᠭᠡ ᠠᠶᠣᠮᠰᠢᠭ ᠲᠠᠢ ᠪᠣᠯᠢᠬᠠᠢ ᠬᠦᠮᠦᠨ ᠪᠣᠯᠣᠨ᠎ᠠ ᠬᠡᠮᠡᠨ ᠦᠵᠡᠵᠦ ᠲᠡᠭᠦᠨ ᠢ ᠠᠯᠠᠵᠣ ᠣᠷᠬᠢᠭᠰᠠᠨ ᠪᠢᠯᠡ᠃ ᠦᠭᠡᠢ ᠪᠣᠯ ᠰᠢᠪᠡᠨᠢ ᠬᠠᠭᠠᠨ ᠶᠠᠭᠤᠨ ᠳᠤ ᠦᠪᠡᠷ ᠤᠨ ᠠᠬ᠎ᠠ ᠶᠢᠨ ᠬᠦᠪᠡᠭᠦᠨ ᠣᠪᠠᠶᠢᠳᠣᠯᠠ ︵ᠬᠤᠵᠢᠮ ᠤᠨ ᠦᠽᠪᠧᠭ ᠤᠨ ᠬᠠᠭᠠᠨ︶ ᠳᠤ ᠵᠠᠷᠯᠢᠭ ᠦᠭᠴᠦ ᠬᠠᠳᠠᠮ ᠡᠴᠢᠭᠡ ᠪᠠᠨ ᠮᠢᠨᠦ ᠲᠣᠮᠢᠯᠠᠭᠰᠠᠨ ᠡᠯᠴᠢᠳ ᠲᠤ ᠲᠣᠰᠢᠶᠠᠨ ᠦᠭᠴᠦ ᠠᠯᠠᠭᠤᠯᠳᠣᠭᠠᠢ ᠬᠡᠮᠡᠨ ᠠᠯᠠᠭᠤᠯᠬᠤ ᠶᠣᠰᠣᠨ ᠠᠮᠣᠢ ᠦᠦ︖ ᠬᠠᠶᠢᠳᠠᠷ ᠮᠢᠷᠽᠠ ᠡᠳᠡᠭᠡᠷ ᠬᠡᠷᠡᠭ ᠤᠨ ᠣᠯᠠᠩᠬᠢ ᠶᠢ ᠨᠢ ᠪᠦᠷ ᠨᠢᠭᠤᠨ ᠲᠠᠯᠳᠠᠯᠠᠵᠣ ᠢᠯᠡ  ᠪᠠᠷ ᠬᠡᠯᠡᠭᠰᠡᠨ ᠦᠭᠡᠢ ᠶᠣᠮ — ᠮᠣᠩᠭᠤᠯᠴᠢᠯᠠᠭᠴᠢ ᠠᠴᠠ᠃  ③ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠳᠤ ᠬᠠᠮᠠᠷ ᠠᠳ᠋ᠳᠢᠨ ᠤ ᠲᠡᠭᠦᠥ ᠬᠤᠲᠣᠪ ᠦᠳ᠋ᠳᠢᠨ ᠭᠡᠵᠦ ᠭᠠᠷᠳᠠᠭ ᠶᠣᠮ᠃ ᠡᠨᠡᠬᠦ ᠬᠦᠮᠦᠨ  ᠤ1393 ᠣᠨ ᠢᠶᠠᠷ ᠲᠡᠮᠦᠷ ᠤᠨ ᠭᠠᠷ ᠲᠣᠣᠷ᠎ᠠ ᠳᠣᠰᠢᠶᠠᠯ ᠬᠠᠷᠢᠭᠤᠴᠠᠨ ᠢᠷᠠᠺ ᠢ ᠲᠠᠶᠢᠯᠠᠬᠤ ᠲᠠᠶᠢᠨ ᠳᠤ ᠬᠦᠷᠳᠡᠯ᠎ᠡ ᠣᠷᠣᠯᠴᠠᠵᠣ ᠪᠠᠶᠢᠭᠰᠠᠨ ᠮᠡᠳᠡᠭᠡ ᠪᠠᠶᠢᠭ᠎ᠠ ᠶᠣᠮ᠃  ④ ᠬᠤᠳᠠᠶᠢᠳᠠ ᠶᠢᠨ ᠲᠣᠬᠠᠢ ︽ᠮᠢᠩ ᠣᠯᠣᠰ ᠤᠨ ᠮᠠᠭᠠᠳ ᠲᠡᠮᠳᠡᠭᠯᠡᠯ︾ ᠤᠨ ︽ᠶᠦᠩ ᠯᠧ ᠶᠢᠨ ᠮᠠᠭᠠᠳ ᠲᠡᠮᠳᠡᠭᠯᠡᠯ︾ ᠤᠨ ᠨᠢᠭᠡᠳᠦᠭᠡᠷ ᠪᠣᠳᠢ ᠳᠤ᠄ ︽ᠪᠢᠱᠪᠠᠯᠢᠭ  ᠤᠨ ᠲᠦᠷᠦᠭᠦᠥ ᠬᠤᠳᠠᠶᠢᠳᠠ ᠲᠦᠷᠪᠡᠨ ᠦᠶ᠎ᠡ ᠶᠢᠨ ᠡᠵᠡᠨ ᠳᠡᠭᠡᠨ ᠰᠢᠳᠣᠷᠭᠤ ᠪᠠᠷ ᠦᠢᠯᠡᠴᠢᠯᠡᠵᠦ᠂ ᠣᠯᠣᠰ ᠤᠨ ᠬᠦᠮᠦᠰ ᠨᠢ ᠮᠠᠰᠢᠳᠠ ᠪᠢᠰᠢᠷᠡᠳᠡᠭ ᠬᠡᠮᠡᠮᠣᠢ᠃ ᠡᠳᠦᠬᠡ ᠲᠡᠷᠡ ᠪᠠᠷ ᠨᠠᠾᠱ ᠵᠢᠬᠠᠨ ︵ᠬᠠᠭᠠᠨ ᠢᠶᠠᠨ︶ ᠢ ᠲᠡᠮᠵᠢᠨ ᠵᠠᠰᠠᠭ ᠲᠤᠨᠢ ᠲᠣᠰᠠᠯᠠᠵᠣ ᠪᠠᠶᠢᠮᠣᠢ᠂ ᠡᠳᠦᠬᠡ ᠲᠡᠭᠦᠨ ᠳᠤ ᠲᠠᠮᠠᠭ᠎ᠠ ᠲᠣᠣᠱᠣ ᠠᠯᠳᠠᠳᠣ ᠬᠡᠮᠡᠷᠯᠢᠭ ᠵᠣᠭᠤᠰ ᠮᠦᠩᠭᠦ ᠵᠡᠷᠭᠡ ᠪᠠᠷ ᠱᠠᠩᠨᠠᠵᠣᠬᠤᠢ︾ ᠬᠡᠮᠡᠭᠰᠡᠨ ᠲᠡᠮᠳᠡᠭᠯᠡᠯ ᠪᠠᠶᠢᠮᠣᠢ᠃ ᠮᠢᠩ ᠣᠯᠣᠰ ᠤᠨ ᠲᠡᠣᠬᠡ ᠶᠢᠨ ᠲᠡᠮᠳᠡᠭᠯᠡᠯ ᠳᠤ ᠪᠠᠶᠢᠭ᠎ᠠ ᠠᠭᠤᠯᠭ᠎ᠠ ᠠᠴᠠ ᠦᠵᠡᠪᠡᠯ ᠬᠤᠳᠠᠶᠢᠳᠠ᠂ ᠾᠢᠳᠢᠷ ᠬᠤᠵᠠ ᠬᠠᠭᠠᠨ ᠠᠴᠠ ᠡᠬᠢᠯᠡᠨ᠂ ᠱᠠᠾ ᠮᠢᠴᠠᠬᠠᠨ᠂ ᠮᠠᠬᠠᠮᠣᠳ᠋᠂ ᠨᠠᠾᠱ ᠵᠢᠬᠠᠨ ᠬᠦᠷᠳᠡᠯ᠎ᠡ ᠦᠨᠡᠬᠡᠷ ᠲᠦᠷᠪᠡᠨ ᠦᠶ᠎ᠡ ᠶᠢᠨ ᠬᠠᠭᠠᠨ ᠳᠤ ᠦᠢᠯᠡᠴᠢᠯᠡᠭᠰᠡᠨ ᠪᠠᠶᠢᠨ᠎ᠠ᠃ ᠭᠡᠪᠡᠴᠦ ᠮᠢᠩ ᠣᠯᠣᠰ ᠤᠨ ᠲᠡᠣᠬᠡᠨ ᠲᠡᠮᠳᠡᠭᠯᠡᠯ ᠨᠢ ᠮᠢᠷᠽᠠ · ᠬᠠᠶᠢᠳᠠᠷ ᠤᠨ ᠵᠣᠬᠢᠶᠠᠯ ︽ᠷᠠᠰᠢᠳ᠋ ᠶᠢᠨ ᠲᠡᠣᠬᠡ︾  ᠲᠠᠢ ᠵᠢᠭᠠᠬᠠᠨ ᠠᠳᠠᠯᠢ ᠦᠭᠡᠢ ᠭᠠᠵᠠᠷ ᠪᠠᠶᠢᠳᠠᠭ ᠪᠣᠯᠪᠠᠴᠣ᠂ ᠾᠢᠳᠢᠷ ᠬᠤᠵᠠ ᠬᠠᠭᠠᠨ ᠠᠴᠠ ᠡᠬᠢᠯᠡᠨ ᠵᠦᠷᠢᠶ᠎ᠡ ᠦᠭᠡᠢ ᠪᠣᠯᠳᠠᠭ ᠶᠣᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号