︽ᠬᠠᠰᠠᠷ ᠪᠣᠭᠳᠠ︾ ᠶᠢᠨ ᠮᠣᠨᠠ ᠶᠢᠨ ᠬᠤᠱᠣᠣ ᠳᠠᠬᠢ ᠬᠠᠭᠤᠷᠠᠢ ᠬᠤᠳᠳᠤᠭ
ᠨᠡᠶᠢᠲᠡᠯᠡᠭᠰᠡᠨ ᠴᠠᠭ᠄
2020/3/13
ᠮᠣᠩᠭᠤᠯ ᠬᠠᠭᠠᠨᠲᠣ ᠣᠯᠣᠰ ᠪᠠᠶᠢᠭᠤᠯᠣᠭᠳᠠᠭᠰᠡᠨ ᠤ ᠲᠠᠷᠠᠭ᠎ᠠ ᠪᠠᠷ ᠴᠢᠩᠭᠡᠰ ᠬᠠᠭᠠᠨ ᠭᠠᠵᠠᠷ ᠨᠣᠲᠤᠭ ᠢᠶᠠᠨ ᠪᠠᠷᠠᠭᠤᠨᠰᠢ ᠦᠷᠭᠡᠳᠭᠡᠭᠦ ᠲᠠᠶᠢᠨ ᠤ ᠦᠶ᠎ᠡ ᠳᠤ ᠲᠠᠩᠭᠤᠳ ᠣᠯᠣᠰ ᠢ ᠳᠠᠶᠢᠯᠠᠬᠤ ᠪᠠᠷ ᠮᠣᠷᠳᠠᠬᠤ ᠳᠤ ᠪᠠᠨ ᠲᠡᠮᠣᠷ ᠬᠠᠭᠠᠯᠭᠠᠨ ᠳᠤ ᠬᠦᠷᠴᠣ ᠭᠢᠶᠣᠣ ᠳᠣᠸᠠᠨ ᠭᠡᠭᠦ ᠠᠮᠢᠲᠡᠨ ᠤ ᠴᠡᠷᠢᠭ ᠮᠣᠷᠳᠠᠭᠰᠡᠨ ᠶᠠᠪᠣᠳᠠᠯ ᠢ ᠬᠤᠷᠢᠭᠯᠠᠭᠰᠡᠨ ᠲᠣᠬᠠᠢ ᠬᠠᠰᠠᠷ ᠪᠣᠯᠣᠨ ᠶᠢᠯᠣᠢ ᠴᠦᠽᠠᠢ ᠶᠡᠭᠡ ᠮᠠᠷᠭᠤᠭᠠᠨ ᠪᠣᠯᠵᠦ᠂ ᠴᠢᠩᠭᠡᠰ ᠬᠠᠭᠠᠨ ᠶᠢᠯᠣᠢ ᠴᠦᠽᠠᠢ ᠶᠢ ︽ᠶᠡᠭᠡ ᠮᠡᠷᠭᠡᠨ︾ ᠭᠡᠵᠦ ᠢᠲᠡᠭᠡᠳᠡᠭ ᠲᠣᠯᠠ ᠬᠠᠰᠠᠷ ᠤᠨ ᠣᠪᠣᠷ ᠢ ᠪᠣᠷᠣᠭᠤ ᠭᠡᠵᠦ ᠪᠣᠷᠣᠭᠤᠰᠢᠶᠠᠨ ᠳᠣᠩᠭᠤᠳᠪᠠ᠃ ᠲᠡᠭᠡᠭᠡᠳ ᠮᠣᠩᠭᠤᠯ ᠤᠨ ᠴᠡᠷᠢᠭ ᠮᠣᠨᠠ ᠶᠢᠨ ᠬᠤᠱᠣᠣ ᠳᠤ ᠪᠠᠭᠤᠭᠰᠡᠨ ᠳᠤ ᠨᠢᠭᠡᠨ ᠣᠭᠤᠯᠢ ᠡᠳᠣᠷ ᠢᠶᠠᠷ ᠪᠠᠷᠬᠢᠷᠠᠵᠦ ᠰᠠᠭᠤᠬᠤ ᠳᠤ᠂ᠴᠢᠩᠭᠡᠰ ᠬᠠᠭᠠᠨ ᠰᠡᠵᠢᠭ ᠲᠦᠷᠢᠵᠦ᠂ ᠬᠠᠰᠠᠷ ᠲᠤ ᠵᠠᠷᠯᠢᠭ ᠪᠠᠭᠤᠯᠭᠠᠨ ︽ᠬᠠᠷᠪᠤ︾ ᠭᠡᠰᠡᠨ ᠳᠤ ᠬᠠᠰᠠᠷ ᠬᠠᠷᠪᠣᠭᠠᠳ ᠣᠨᠣᠭᠰᠡᠨ ᠨᠢ ᠣᠭᠤᠯᠢ ᠪᠢᠰᠢ᠂ ᠬᠠᠷᠢᠨ ᠱᠠᠭᠠᠵᠠᠭᠠᠢ ᠨᠢᠰᠣᠨ ᠶᠠᠪᠣᠬᠤ ᠳᠣᠮᠳᠠ  ᠨᠢ ᠵᠠᠪᠰᠢᠶᠠᠨ ᠪᠣᠰᠣ ᠪᠠᠷ ᠳᠠᠭᠠᠷᠢᠭᠳᠠᠭᠰᠡᠨ ᠪᠠᠶᠢᠵᠠᠢ᠃ ᠡᠭᠦᠨ ᠳᠤ ᠴᠢᠩᠭᠡᠰ ᠬᠠᠭᠠᠨ ᠶᠡᠭᠡᠳᠡ ᠬᠢᠯᠢᠩᠯᠡᠵᠦ᠂ ᠳᠣᠣᠷ᠎ᠠ ᠨᠢ ᠵᠠᠷᠯᠢᠭ ᠪᠠᠭᠤᠯᠭᠠᠨ ᠭᠢᠨᠵᠢ ᠳᠦᠩᠭᠡ ᠵᠠᠭᠦᠯᠭᠡᠨ᠂ ᠪᠡᠯᠭᠡ ᠳᠠᠮᠪᠢᠷᠡᠯ ᠤᠨ ᠰᠢᠨᠵᠢ ᠢ ᠡᠪᠳᠡᠯᠡᠭᠴᠢ ᠭᠡᠮᠡᠨ᠂ ᠬᠤᠷᠢᠨ ᠬᠡᠳᠦᠨ ᠳᠦᠷᠪᠡᠯᠵᠡᠨ ᠮᠧᠲᠷ ᠤᠨ ᠴᠢᠯᠠᠭᠤᠨ ᠬᠠᠰᠢᠶᠠᠳᠦ ᠬᠤᠳᠳᠤᠭ ᠮᠠᠯᠲᠠᠭᠤᠯᠵᠦ᠂ ᠬᠠᠰᠠᠷ ᠢ ᠲᠣᠲᠣᠷ᠎ᠠ  ᠨᠢ ᠬᠤᠷᠢᠭᠠᠳ᠂ ᠠᠷᠪᠡᠨ ᠨᠢᠢᠮᠡᠨ ᠭᠦᠮᠦᠨ ᠢᠶᠠᠷ ᠰᠠᠬᠢᠨ ᠮᠠᠨᠠᠭᠤᠯᠵᠦ᠂ ᠠᠩ ᠭᠦᠷᠦᠭᠡᠨ ᠤ ᠮᠢᠬ᠎ᠠ ᠶᠢ ᠴᠣᠬᠢᠨ ᠦᠭᠴᠦ᠂ ᠠᠮᠢ ᠵᠠᠯᠭᠠᠭᠤᠯᠣᠨ ᠪᠠᠶᠢᠵᠦ ᠵᠠᠭᠤᠨ ᠬᠤᠨᠤᠭ ᠬᠤᠷᠢᠬᠤ ᠳᠤ ᠪᠠᠨ ᠴᠢᠩᠭᠡᠰ ᠬᠠᠭᠠᠨ ᠠᠯᠢ ᠬᠡᠳᠦᠶᠢᠨᠠᠢ ᠡᠨᠡ ᠶᠠᠪᠣᠳᠠᠯ ᠶᠢᠨ ᠮᠠᠷᠳᠠᠭᠠᠳ ᠦᠭᠭᠦᠭᠰᠡᠨ ᠪᠠᠶᠢᠵᠠᠢ᠃ 1225 ᠣᠨ ᠳᠤ ᠴᠢᠩᠭᠡᠰ ᠬᠠᠭᠠᠨ ᠴᠡᠷᠢᠭ ᠳᠠᠶᠢᠴᠢᠯᠡᠨ ᠪᠠᠷᠠᠭᠤᠨᠰᠢ ᠬᠠᠷ᠎ᠠ ᠬᠢᠳᠡᠨ ᠰᠠᠷᠲᠠᠭᠤᠯ ᠣᠯᠣᠰ ᠢ ᠳᠠᠶᠢᠯᠠᠬᠤ ᠳᠤ ᠣᠷᠢᠳ ᠡᠮᠣᠨ᠎ᠡ ᠭᠠᠷᠤᠭ᠎ᠠ ᠦᠭᠡᠢ ᠶᠡᠭᠡ ᠬᠤᠬᠢᠷᠡᠯ  ᠳᠤ ᠣᠴᠠᠷᠠᠵᠦ᠂ ᠶᠠᠭᠠᠬᠢᠭᠰᠡᠨ ᠴᠦ ᠢᠯᠠᠯᠳᠠ ᠣᠯᠵᠦ ᠴᠢᠳᠠᠬᠤ ᠦᠭᠡᠢ ᠪᠣᠯᠬᠤ ᠳᠤ ᠪᠠᠨ ᠵᠠᠶᠠᠭ᠎ᠠ ᠪᠣᠲᠣᠭᠴᠢ ᠪᠠᠷ ᠲᠦᠯᠦᠭᠡᠯᠡᠭᠦᠯᠵᠦ ᠦᠵᠡᠭᠦᠯᠦᠭᠰᠡᠨ ᠳᠤ᠂ ︿ᠳᠡᠭᠦᠦ ᠬᠠᠰᠠᠷ ᠴᠢᠨᠢ ᠲᠠᠶᠢᠨ ᠤ ᠡᠮᠣᠨ᠎ᠡ ᠶᠠᠪᠣᠬᠤ ᠦᠭᠡᠢ ᠪᠣᠯ ᠢᠯᠠᠯᠲᠠ ᠣᠯᠵᠦ ᠳᠡᠶᠢᠯᠬᠦ ᠦᠭᠡᠢ﹀ ᠭᠡᠵᠠᠢ᠃ ᠭᠡᠲᠡᠯ᠎ᠡ ᠲᠠᠩᠭᠤᠳ ᠤᠨ ᠨᠢᠭᠡᠨ ᠬᠠᠷᠢᠶᠠᠯᠴᠢ ᠬᠠᠷ᠎ᠠ ᠡᠮᠡᠭᠡᠨ ᠭᠡᠭᠴᠢ ᠪᠠᠰᠠ ᠨᠢᠭᠡᠨ ᠪᠣᠷᠬᠠᠨ ᠤ ᠪᠦᠷᠢᠯᠸ᠎ᠠ ᠲᠠᠢ ᠭᠦᠮᠦᠨ᠂ ᠣᠳᠣᠬᠢ ᠶᠢᠨ ᠬᠠᠳᠣᠨ ᠭᠤᠣᠯ ᠤᠨ ᠬᠤᠶᠢᠲᠦ ᠬᠦᠪᠡᠭᠡᠨ ᠤ ᠣᠷᠴᠢᠮ ᠂ ᠮᠣᠨᠠ ᠬᠤᠱᠣᠣ ‍ᠣᠨ‌ᠡᠮᠣᠨ᠎ᠡ ᠪᠡᠶ᠎ᠡ ᠪᠠᠷ ᠠᠮᠢᠳᠣᠷᠠᠵᠦ ᠪᠠᠶᠢᠭᠰᠡᠨ ᠢᠶᠠᠷ᠂ ᠮᠣᠩᠭᠤᠯ ᠤᠨ ᠴᠡᠷᠢᠭ ᠲᠤ ᠬᠠᠷᠢᠶᠠᠯ ᠲᠣᠰᠬᠭᠰᠡᠨ ᠠᠴᠠ ᠬᠦᠴᠢᠷᠬᠦ ᠬᠦᠮᠦᠨ ᠦᠭᠡᠢ ᠪᠠᠶᠢᠳᠠᠯ ᠳᠣᠣᠷ᠎ᠠ ᠳᠦᠯᠡᠭᠴᠢ ᠠᠴᠠ ︿ᠬᠠᠰᠠᠷ ᠯᠡ ᠬᠦᠴᠦᠷᠡᠨ᠎ᠡ﹀ ᠭᠡᠵᠠᠢ᠃ ᠴᠢᠩᠭᠡᠰ ᠬᠠᠭᠠᠨ ᠡᠨᠡ ᠦᠶ᠎ᠡ ᠳᠤ ᠰᠠᠶ᠋ᠢ ᠲᠡᠭᠦᠣ ᠬᠠᠰᠠᠷ ᠢᠶᠠᠨ ᠴᠢᠯᠠᠭᠤᠨ ᠬᠠᠰᠢᠶᠠᠨ ᠳᠤ ᠬᠤᠷᠢᠵᠦ ᠪᠠᠶᠢᠬᠤ ᠶᠠᠪᠣᠳᠠᠯ ᠢᠶᠠᠨ ᠪᠣᠳᠣᠵᠦ ᠣᠯᠣᠨ᠂ ᠲᠣᠣᠷ᠎ᠠ ᠨᠢ ᠴᠡᠷᠢᠭ ᠲᠣᠮᠢᠯᠡᠨ ᠶᠠᠪᠣᠭᠤᠯᠵᠦ᠂ ᠮᠣᠨᠠ ᠶᠢᠨ ᠬᠤᠱᠣᠣ ᠳᠤ ᠬᠦᠷᠴᠦ᠂ ᠬᠠᠰᠠᠷ ᠢ ᠭᠠᠪᠠ ᠲᠦᠩᠭᠡ ᠠᠴᠠ ᠨᠢ ᠰᠠᠯᠭᠠᠵᠦ᠂ ᠴᠢᠩᠭᠡᠰ ᠬᠠᠭᠠᠨ ᠲᠠᠢ ᠠᠭᠤᠯᠵᠠᠭᠤᠯᠵᠦ ᠵᠣᠯᠭᠠᠪᠠ᠃ ᠵᠠᠭᠤᠨ ᠬᠤᠨᠤᠭ ᠠᠷᠢᠶᠠᠲᠡᠨ ᠤ ᠮᠢᠬ᠎ᠠ ᠢᠲᠡᠵᠦ᠂ ᠬᠦᠢᠲᠡᠨ ᠨᠣᠶᠢᠲᠡᠨ ᠴᠢᠭᠢᠭ ᠤᠨ ᠨᠦᠭᠦᠴᠡᠯ ᠠᠴᠠ ᠪᠣᠯᠵᠦ᠂ ᠬᠠᠰᠠᠷ ᠬᠤᠳᠳᠠᠭ ᠠᠴᠠ ᠭᠠᠷᠴᠣ ᠢᠷᠡᠬᠦ ᠳᠤ ᠪᠠᠨ ᠠᠷᠠᠰᠦ ᠶᠠᠰᠣᠨ ᠤ ᠦᠯᠡᠲᠡᠭᠲᠡᠯ ᠪᠣᠯᠵᠦ᠂ ᠨᠡᠯᠢᠶᠡᠳ ᠬᠦᠨᠳᠦ ᠬᠦᠯ ᠨᠢᠷᠣᠭᠤᠨ ᠤ ᠡᠪᠡᠳᠴᠢᠨ ᠳᠤ ᠨᠡᠷᠪᠡᠭᠳᠡᠵᠦ᠂ ᠲᠠᠮᠢᠷ ᠲᠡᠩᠬᠡᠭᠡ ᠦᠭᠡᠢ ᠪᠣᠯᠵᠠᠢ᠃ ᠴᠢᠩᠭᠡᠰ ᠬᠠᠭᠠᠨ ᠳᠡᠭᠦᠣ ᠬᠠᠰᠠᠷ ᠢᠶᠠᠨ ᠵᠣᠬᠢᠰᠲᠠᠢ ᠳᠣᠬᠢᠷᠠᠭᠤᠯᠵᠦ᠂ ᠣᠴᠢᠷ ᠶᠠᠪᠣᠳᠠᠯ ᠢᠶᠠᠨ ᠭᠡᠯᠡᠭᠰᠡᠨ ᠳᠤ᠂ ᠬᠠᠰᠠᠷ ᠦᠴᠦᠭᠡᠨ ᠴᠦ ᠦᠰᠢᠶ᠎ᠡ ᠬᠤᠷᠣᠰᠣᠯ ᠡᠪᠣᠷᠯᠡᠯ ᠦᠭᠡᠢ ᠪᠠᠷ ᠠᠬ᠎ᠠ ᠴᠢᠩᠭᠡᠰ ᠤᠨ ᠰᠠᠨᠠᠯ ᠢ ᠬᠦᠯᠢᠶᠡᠨ ᠠᠪᠴᠣ ︿ᠨᠠᠳᠠ ᠳᠤ ᠵᠠᠭᠤᠨ ᠲᠣᠯᠣᠭᠠᠢ ᠬᠠᠷ᠎ᠠ ᠬᠤᠨᠢ ᠪᠡᠯᠡᠳᠭᠡᠵᠦ᠂ ᠨᠢᠭᠡ ᠡᠳᠦᠷ ᠨᠢᠭᠡ ᠬᠤᠨᠢᠨ ᠤ ᠮᠢᠬ᠎ᠠ ᠱᠦᠯᠣ ᠢᠲᠡᠵᠦ ᠣᠣᠭᠤᠭᠠᠳ᠂ ᠵᠠᠭᠤᠨ ᠬᠤᠨᠤᠭ ᠪᠡᠶ᠎ᠡ ᠪᠠᠨ ᠰᠣᠪᠢᠯᠠᠵᠦ᠂ ᠳᠠᠮᠢᠷ ᠲᠡᠩᠬᠡᠭᠡ ᠲᠠᠢ ᠪᠣᠯᠴᠢᠬᠠᠪᠡᠯ ᠠᠷᠭᠠᠴᠠᠶ᠎ᠠ﹀ ᠭᠡᠵᠠᠢ᠃ ᠡᠶᠢᠨᠬᠦ ᠬᠠᠰᠠᠷ ᠡᠳᠣᠷ ᠪᠦᠷᠢ ᠬᠠᠷ᠎ᠠ ᠬᠤᠨᠢᠨ ᠤ ᠮᠢᠬ᠎ᠠ ᠱᠦᠯᠦ ᠢᠲᠡᠵᠦ ᠲᠠᠮᠢᠷ ᠢᠶᠠᠨ ᠪᠣᠯᠪᠠᠰᠣᠷᠠᠬᠤ ᠳᠤ ᠪᠠᠨ ᠣᠳᠣ ᠶᠢᠨ ᠶᠡᠭᠡ ᠵᠣᠣ ᠠᠶᠢᠮᠠᠭ ᠤᠨ ᠰᠦᠮᠦᠲᠦ ᠶᠢᠨ ᠭᠠᠵᠠᠷ ᠠᠴᠠ ᠮᠣᠨᠠ ᠠᠭᠤᠯᠠ ᠣᠷᠣᠭᠤ ᠨᠣᠮᠣ ᠰᠣᠮᠣ ᠬᠠᠷᠪᠣᠵᠦ ᠪᠠᠶᠢᠵᠠᠢ᠃ ᠨᠣᠮᠣ ᠰᠣᠮᠣᠨ ᠤ ᠬᠠᠷᠪᠣᠭᠰᠡᠨ ᠬᠠᠳᠠ ᠴᠢᠯᠠᠭᠠᠨ ᠤ ᠣᠷᠣ ᠮᠦᠷ ᠬᠤᠶᠠᠷ ᠭᠠᠵᠠᠷ ᠪᠠᠶᠢᠵᠠᠢ᠃ ᠨᠢᠭᠡ ᠨᠢ ᠣᠲᠣ  ᠶᠢᠨ ᠣᠷᠠᠳ ᠤᠨ ᠡᠮᠣᠨᠡᠲᠣ ᠬᠤᠰᠢᠭᠠᠨ ᠤ ᠣᠯᠠᠱᠠᠨ ᠬᠢᠮᠢ ᠶᠢᠨ ᠪᠣᠷᠳᠣᠭᠤᠷ ᠤᠨ ᠠᠷᠣ ᠠᠭᠤᠯᠠ ᠭᠤᠵᠢᠯᠠᠩ ᠤᠨ ᠣᠷᠣᠢ ᠳᠣᠣᠷᠠᠬᠢ ᠳᠣᠮᠣ ᠴᠢᠯᠠᠭᠤᠨ ᠤ ᠦᠯᠡᠲᠡᠭᠳᠡᠯ᠂ ᠭᠡᠲᠡᠯ᠎ᠡ ᠪᠠᠷᠢᠯᠭ᠎ᠠ ᠶᠢᠨ ᠬᠡᠷᠡᠭᠴᠡᠭᠡ ᠠᠴᠠ ᠪᠠᠨ ᠪᠣᠯᠵᠦ᠂ ᠡᠨᠡᠭᠦ ᠳᠣᠮᠣ ᠬᠠᠳᠠ ᠢ ᠬᠤᠵᠢᠮ ᠤᠨ ᠭᠦᠮᠦᠰ ᠡᠪᠳᠡᠯᠡᠨ ᠲᠡᠭᠡᠭᠡᠪᠦᠷᠢᠯᠡᠵᠦ ᠣᠷᠣ ᠮᠦᠷ ᠦᠭᠡᠢ ᠪᠣᠯᠭᠠᠵᠠᠢ᠃ ᠨᠦᠭᠦᠭᠡ ᠨᠢᠭᠡ ᠦᠯᠡᠲᠡᠭᠳᠡᠯ ᠨᠢ ᠣᠳᠣ ᠶᠢᠨ ᠪᠣᠭᠤᠳᠣ ᠶᠢᠨ ᠪᠠᠷᠠᠭᠤᠨᠰᠢ ᠬᠢ ᠠᠭᠠᠷᠣᠣᠳᠣ ᠶᠢᠨ ᠠᠭᠤᠯᠠᠨ ᠳᠤ ᠪᠠᠶᠢᠨ᠎ᠠ᠃ ᠬᠠᠰᠠᠷ ᠵᠠᠭᠤᠨ ᠬᠤᠨᠤᠭ ᠤᠨ ᠪᠣᠯᠪᠠᠰᠣᠷᠠᠯᠲᠠ ᠪᠠᠷ ᠲᠠᠮᠢᠷ ᠲᠡᠩᠬᠡᠭᠡ ᠲᠠᠢ ᠪᠣᠯᠵᠦ᠂ ᠬᠠᠷᠢᠶᠠᠯᠴᠢ ᠬᠠᠷ᠎ᠠ ᠡᠮᠡᠭᠡᠨ ᠤ ᠬᠤᠳᠳᠤᠭ ᠳᠡᠭᠡᠷ᠎ᠡ ᠣᠰᠣ ᠬᠤᠳᠬᠤᠬᠤ ᠵᠠᠪᠰᠢᠶᠠᠨ ᠢ ᠲᠠᠯᠢᠮᠳᠠᠭᠤᠯᠵᠦ᠂ ᠨᠢᠭᠡ ᠯᠡ ᠬᠠᠷᠪᠣᠭᠠᠳ ᠣᠨᠣᠬᠤ ᠵᠠᠭᠤᠷ᠎ᠠ ᠬᠠᠷ᠎ᠠ ᠡᠮᠡᠭᠡᠨ᠄ ᠢᠯᠡᠢ ᠬᠠᠯᠠᠬᠠᠢ ᠭᠡᠵᠦ ᠰᠢᠭᠦᠷᠲᠡᠨ ᠠᠪᠬᠤ ᠳᠠᠭᠠᠣ ᠭᠠᠷ ᠨᠢ ᠰᠢᠪᠲᠣᠷᠴᠦ ᠬᠠᠵᠠᠭᠤ ᠲᠡᠰᠢ ᠪᠠᠨ ᠣᠨᠣᠬᠤ ᠳᠤ ᠪᠠᠨ ᠬᠠᠷ᠎ᠠ ᠬᠠᠷᠢᠶᠠᠯ ᠢᠶᠠᠨ ᠲᠠᠯᠪᠢᠵᠦ ᠬᠠᠮᠬᠤᠰ ᠢ᠄ ︿ᠣᠷᠭᠤᠬᠤ ᠪᠠᠷ ᠢᠶᠠᠨ ᠣᠷᠭ᠎ᠠ᠂ ᠦᠨᠲᠦᠰᠦ  ᠪᠠᠷ ᠢᠶᠠᠨ ᠡᠷᠭᠢ᠂ ᠬᠠᠷ᠎ᠠ ᠬᠤᠨᠢ ᠬᠤᠲᠣᠨ ᠳᠤ ᠰᠦᠷᠦᠭ ᠪᠣᠯᠬᠤ ᠦᠭᠡᠢ﹀ ᠭᠡᠳ ᠠᠮᠢ ᠵᠠᠯᠠᠷᠠᠪᠠ᠃ ᠭᠠᠷ ᠲᠤᠨᠢ ᠪᠠᠶᠢᠭᠰᠡᠨ ᠰᠢᠨᠠᠭ᠎ᠠ ᠨᠢ ᠦᠰᠦᠷᠦᠭᠡᠳ ᠣᠳᠣ ᠶᠢᠨ ᠰᠢᠨᠠᠭ᠎ᠠ ᠶᠢᠨ ᠠᠭᠤᠯᠠ ᠪᠣᠯᠣᠨ ᠪᠦᠷᠢᠲᠦᠵᠦ᠂ ᠲᠣᠳᠣᠷ᠎ᠠ ᠨᠢ ᠪᠠᠶᠢᠭᠰᠡᠨ ᠣᠰᠣ ᠨᠢ ᠣᠳᠣ ᠶᠢᠨ ᠣᠯᠠᠭᠠᠨᠰᠣᠬᠠᠢ ᠨᠠᠭᠤᠷ ᠪᠣᠯᠣᠨ ᠬᠤᠪᠢᠷᠠᠵᠦ᠂ ᠬᠠᠰᠠᠷ ᠤᠨ ᠰᠠᠭᠠᠳᠠᠭ ᠨᠢ ᠣᠳᠣ  ᠶᠢᠨ ᠣᠷᠠᠳ ᠤᠨ ᠡᠮᠣᠨᠡᠲᠣ ᠬᠤᠰᠢᠭᠤᠨ ᠤ ᠰᠠᠭᠠᠳᠠᠭ ᠭᠡᠬᠦ ᠭᠠᠵᠠᠷ ᠲᠤ ᠭᠦᠷᠦᠭᠰᠡᠨ ᠠᠴᠠ ᠰᠠᠭᠠᠳᠠᠭ ᠬᠡᠮᠡᠨ ᠨᠡᠷᠡᠯᠡᠭᠳᠡᠪᠡ᠃ ᠬᠠᠷ᠎ᠠ ᠡᠮᠡᠭᠡᠨ ᠵᠠᠯᠠᠷᠠᠭᠰᠡᠨ ᠠᠴᠠ ᠬᠠᠰᠠᠷ ᠴᠡᠷᠢᠭ ᠲᠠᠶᠢᠴᠢᠯᠠᠵᠦ ᠰᠠᠷᠲᠠᠭᠤᠯ ᠣᠯᠣᠰ ᠢ ᠪᠠᠶᠢᠯᠳᠣᠨ ᠲᠡᠶᠢᠯᠣᠭᠡᠳ᠂ ᠮᠣᠩᠭᠤᠯ ᠤᠨ ᠲᠡᠣᠬᠡᠨ ᠳᠤ ᠪᠠᠰᠠ ᠨᠢᠭᠡᠨ ᠣᠲᠠᠭ᠎ᠠ ᠪᠠᠯᠠᠷᠠᠰᠢ ᠦᠭᠡᠢ ᠭᠠᠪᠢᠶ᠎ᠠ ᠪᠠᠶᠢᠭᠤᠯᠣᠭᠰᠡᠨ ᠪᠠᠶᠢᠨ᠎ᠠ᠃ ᠡᠨᠡᠭᠦ ᠳᠣᠮᠤᠭ ᠨᠢ ᠠᠷᠠᠳ ᠤᠨ ᠳᠣᠮᠲᠠ ᠣᠯᠠᠮᠵᠢᠯᠠᠭᠳᠡᠨ ᠣᠳᠣ ᠪᠣᠯᠲᠠᠯ᠎ᠠ ᠬᠡᠯᠡᠯᠴᠡᠭᠰᠡᠭᠡᠷ ᠪᠦᠭᠡᠳ ᠲᠡᠷᠡᠭᠦ ᠬᠠᠰᠠᠷ ᠢ ᠬᠤᠷᠢᠵᠦ ᠪᠠᠶᠢᠭᠰᠡᠨ ᠬᠠᠭᠤᠷᠠᠢ ᠬᠤᠳᠲᠤᠭ ᠤᠨ ᠣᠷᠣ ᠮᠦᠷ ᠦᠯᠡᠳᠡᠭᠳᠡᠭᠰᠡᠭᠡᠷ ᠪᠦᠭᠡᠳ ᠣᠨ ᠵᠢᠯ ᠤᠨ ᠣᠳᠠᠭᠠᠨ  ᠳᠤ ᠡᠯᠡᠰᠦᠨ ᠳᠤ ᠲᠠᠷᠣᠭᠳᠠᠵᠦ᠂᠂ᠵᠦᠪᠬᠡᠨ ᠦᠯᠦ ᠮᠡᠳᠡᠭ ᠬᠤᠲᠣᠭᠤᠷ ᠪᠣᠯᠣᠭᠠᠳ ᠪᠠᠶᠢᠨ᠎ᠠ᠃ ᠣᠷᠠᠳ ᠨᠣᠲᠤᠭ ᠤᠨ ᠲᠣᠮᠤᠭ ᠦᠯᠢᠭᠡᠷ ︽ᠬᠠᠰᠠᠷ ᠪᠣᠭᠳᠠ ᠶᠢᠨ ᠮᠣᠨᠠ ᠶᠢᠨ ᠬᠤᠱᠣᠣ ᠳᠤ ᠪᠣᠯᠣᠭᠰᠡᠨ ᠠᠷᠠᠳ  ᠤᠨ ᠠᠮᠠᠨ ᠳᠣᠮᠤᠭ︾ ᠨᠢ ᠠᠷᠠᠳ ᠤᠨ ᠠᠮᠠᠨ ᠶᠠᠷᠢᠶᠠᠨ ᠪᠠᠷ ᠣᠯᠠᠮᠵᠢᠯᠠᠭᠳᠡᠨ ᠨᠢᠭᠡᠨᠳᠡ ᠲᠣᠯᠣᠭᠠᠨ ᠵᠠᠭᠤ ᠭᠠᠷᠦᠢ ᠵᠢᠯ  ᠤᠨ ᠲᠡᠣᠬᠡ ᠲᠠᠢ ᠪᠣᠯᠵᠠᠢ᠃ ᠲᠣᠬᠠᠢ ᠶᠢᠨ ᠦᠶ᠎ᠡ ᠳᠤ ᠪᠦᠭᠦᠶᠢᠯᠡ ᠮᠣᠩᠭᠤᠯ ᠣᠷᠣᠨ ᠳᠤ ᠠᠮᠠᠨ ᠶᠠᠷᠢᠶ᠎ᠠ ᠪᠠᠷ ᠲᠡᠯᠭᠡᠷᠡᠭᠡᠳ᠂ ᠣᠨᠴᠠᠭᠠᠶᠢᠯᠠᠨ ᠬᠠᠰᠠᠷ ᠪᠣᠭᠳᠠ ᠶᠢᠨ ᠬᠠᠷᠢᠶᠠᠳᠣ ᠨᠣᠲᠤᠭ ᠲᠤ ᠲᠡᠭᠡᠳᠣᠰ ᠬᠠᠰᠠᠷ ᠢᠶᠠᠨ ᠰᠢᠲᠦᠨ ᠲᠠᠬᠢᠬᠤ ᠳᠤ ᠪᠠᠨ ᠲᠡᠭᠦᠨ ᠤ ᠮᠣᠩᠭᠤᠯ ᠬᠠᠭᠠᠨᠳᠣ ᠣᠯᠣᠰ ᠤᠨ ᠦᠷᠨᠢᠨ ᠬᠦᠭᠵᠢᠯ ᠳᠤ ᠦᠵᠡᠭᠦᠯᠦᠭᠰᠡᠨ ᠪᠠᠯᠠᠷᠠᠰᠢ ᠦᠭᠡᠢ ᠭᠠᠪᠢᠶ᠎ᠠ ᠵᠢᠳᠭᠦᠯ᠂ ᠡᠵᠡᠨ ᠲᠦᠷᠦ ᠳᠤ ᠪᠠᠨ ᠦᠨᠡᠨᠴᠢ ᠰᠢᠳᠣᠷᠭᠤ ᠪᠠᠶᠢᠭᠰᠡᠨ ᠠᠭᠤᠣ ᠶᠡᠭᠡ ᠵᠣᠷᠢᠭ ᠰᠠᠨᠠᠭ᠎ᠠ  ᠶᠢ ᠡᠷᠬᠢᠮ ᠲᠡᠭᠡᠳᠣ ︽ᠣᠪᠢᠳᠡᠰ︾ ᠬᠡᠮᠡᠨ ᠰᠢᠲᠡᠴᠢᠯᠡᠳᠡᠭ᠃ ᠴᠢᠩᠭᠡᠰ ᠬᠠᠭᠠᠨ ᠬᠢᠭᠡᠳ ᠬᠠᠰᠠᠷ ᠬᠤᠶᠠᠷ ᠤᠨ ᠲᠦᠷᠪᠡᠳᠡᠬᠢ ᠣᠳᠠᠭᠠᠨ ᠤ ᠶᠡᠭᠡ ︽ᠵᠦᠷᠢᠴᠡᠯ︾᠂ ᠲᠠᠷᠦᠢ ᠴᠢᠩᠭᠡᠰ ᠬᠠᠭᠠᠨ᠂ ᠬᠠᠰᠠᠷ ᠨᠠᠷ ᠲᠠᠩᠭᠤᠳ ᠣᠯᠣᠰ ᠢ ᠳᠠᠶᠢᠯᠠᠬᠤ ᠪᠠᠷ ᠮᠣᠷᠳᠠᠭᠠᠳ ᠲᠡᠮᠣᠷ ᠬᠠᠭᠠᠯᠭᠠᠨ ᠳᠤ ᠬᠦᠷᠴᠣ ᠭᠢᠶᠣᠣ ᠳᠣᠸᠠᠨ ᠭᠡᠭᠦ ᠠᠮᠢᠲᠡᠨ ᠤ ᠴᠡᠷᠢᠭ ᠮᠣᠷᠳᠠᠭᠰᠡᠨ ᠶᠠᠪᠣᠳᠠᠯ ᠢ ᠬᠤᠷᠢᠭᠯᠠᠭᠰᠡᠨ ᠲᠣᠬᠠᠢ ᠬᠠᠰᠠᠷ ᠪᠣᠯᠣᠨ ᠶᠢᠯᠣᠢ ᠴᠦᠽᠠᠢ ᠶᠡᠭᠡ ᠮᠠᠷᠭᠤᠭᠠᠨ ᠪᠣᠯᠵᠦ᠂ ᠴᠢᠩᠭᠡᠰ ᠬᠠᠭᠠᠨ ᠬᠠᠰᠠᠷ ᠤᠨ ᠣᠪᠣᠷ ᠢ ᠪᠣᠷᠣᠭᠤ ᠭᠡᠵᠦ ᠪᠣᠷᠣᠭᠤᠰᠢᠶᠠᠨ ᠶᠢᠯᠣᠢ ᠴᠦᠽᠠᠢ ᠳᠤ ᠵᠦᠪ ᠢ ᠦᠭᠪᠡ᠃ ᠲᠡᠭᠡᠭᠡᠳ ᠶᠡᠭᠡ ᠴᠡᠷᠢᠭ ᠮᠣᠨᠠ ᠶᠢᠨ ᠬᠤᠱᠣᠣ ᠳᠤ ᠪᠠᠭᠤᠭᠰᠡᠨ ᠦᠶ᠎ᠡ ᠳᠤ ᠡᠳᠣᠷ ᠢᠶᠠᠷ ᠨᠢᠭᠡᠨ‌ᠣᠭᠤᠯᠢ ᠪᠠᠷᠬᠢᠷᠠᠵᠦ ᠰᠠᠭᠤᠬᠤ ᠳᠤ᠂ᠴᠢᠩᠭᠡᠰ ᠬᠠᠭᠠᠨ ᠬᠠᠰᠠᠷ ᠢ ᠵᠠᠷᠯᠢᠭᠳᠠᠵᠦ᠂ ︽ᠬᠠᠷᠪᠤ︾ ᠭᠡᠰᠡᠨ ᠳᠤ ᠣᠨᠣᠭᠰᠡᠨ ᠨᠢ ᠣᠭᠤᠯᠢ ᠪᠢᠰᠢ ᠂ ᠬᠠᠷᠢᠨ ᠱᠠᠭᠠᠵᠠᠭᠠᠢ ᠪᠣᠯᠣᠭᠰᠡᠨ ᠨᠢ ᠴᠢᠩᠭᠡᠰ ᠬᠠᠭᠠᠨ ᠤ ᠠᠭᠤᠷ ᠬᠢᠯᠢᠩ ᠢ ᠬᠦᠲᠡᠯᠭᠡᠵᠦ᠂ ᠳᠣᠣᠷ᠎ᠠ ᠨᠢ ᠵᠠᠷᠯᠢᠭ ᠪᠠᠭᠤᠯᠭᠠᠨ᠂ ᠶᠡᠭᠡ ᠴᠢᠯᠠᠭᠤᠨ ᠬᠠᠰᠢᠶᠠᠳᠦ ᠬᠦᠷᠢᠶ᠎ᠡ ᠪᠣᠰᠬᠠᠵᠦ᠂ ᠬᠠᠰᠠᠷ ᠢ ᠬᠠᠭᠤᠷᠠᠢ ᠬᠤᠳᠳᠤᠭ ᠲᠤ ᠭᠠᠪᠠ ᠭᠢᠨᠵᠢ ᠲᠠᠢ ᠬᠤᠷᠢᠭᠠᠳ᠂ ᠠᠷᠪᠡᠨ ᠨᠢᠢᠮᠡᠨ ᠴᠡᠷᠢᠭ ᠤᠨ ᠬᠠᠷᠠᠭᠤᠯ ᠲᠠᠢ᠂ ᠡᠳᠦᠷ ᠪᠦᠷᠢ ᠭᠦᠷᠦᠭᠡᠨ ᠤ ᠲᠦᠭᠦᠬᠡᠢ ᠮᠢᠬ᠎ᠠ ᠪᠠᠷ ᠣᠮᠳᠠ ᠬᠢᠯᠭᠡᠵᠦ᠂ ᠬᠡᠳᠦᠨ ᠰᠠᠷ᠎ᠠ ᠬᠠᠷᠢᠭᠰᠡᠨ ᠪᠠᠶᠢᠨ᠎ᠠ᠃ ᠲᠠᠩᠭᠤᠳ ᠤᠨ ᠬᠠᠷᠢᠶᠠᠯᠴᠢ ᠬᠠᠷ᠎ᠠ ᠰᠠᠮᠠᠭᠠᠨ  ᠤ ︽ᠣᠪᠢᠳᠡᠰ︾ ᠢ ᠬᠠᠰᠠᠷ ᠠᠴᠠ ᠦᠭᠡᠷ᠎ᠡ ᠭᠦᠮᠦᠨ ᠭᠦᠴᠢᠷᠭᠦ ᠦᠭᠡᠢ ᠪᠠᠶᠢᠳᠠᠯ ᠲᠣᠣᠷ᠎ᠠ ᠴᠢᠩᠭᠡᠰ ᠬᠠᠭᠠᠨ ᠬᠠᠰᠠᠷ  ᠢ ︽ᠬᠠᠭᠤᠷᠠᠢ ᠬᠤᠳᠳᠤᠭ︾ ᠠᠴᠠ ᠭᠠᠷᠭᠠᠵᠦ᠂ ᠬᠠᠷᠢᠶᠠᠯᠴᠢ ᠬᠠᠷ᠎ᠠ ᠰᠠᠮᠠᠭᠠᠨ ᠢ ᠲᠠᠷᠣᠬᠤ ᠵᠠᠷᠯᠢᠭ ᠪᠠᠭᠤᠯᠭᠠᠭᠰᠡᠨ  ᠳᠤ ᠬᠠᠰᠠᠷ ᠮᠦᠨ ᠮᠣᠩᠭᠤᠯ ᠤᠨ ᠦᠢᠯᠡᠰ ᠲᠡᠭᠡᠨ ᠭᠠᠪᠢᠶ᠎ᠠ ᠪᠦᠲᠦᠭᠡᠭᠰᠡᠨ ᠪᠠᠶᠢᠨ᠎ᠠ᠃ ᠡᠨᠡᠭᠦ ᠲᠣᠮᠣ ᠭᠦᠷᠢᠶ᠎ᠠ ᠲᠠᠢ ᠴᠢᠯᠠᠭᠤᠨ ᠬᠠᠰᠢᠶ᠎ᠠ ᠪᠣᠯᠣᠨ ᠬᠠᠭᠤᠷᠠᠢ ᠬᠤᠳᠳᠤᠭ ᠤᠨ ᠣᠷᠣ ᠮᠦᠷ ᠨᠢ ᠣᠳᠣ ᠶᠢᠨ ᠮᠣᠨᠠ ᠬᠤᠱᠣᠣ ᠤᠨ ᠡᠮᠣᠨ᠎ᠡ ᠲᠠᠯ᠎ᠠ ᠶᠢᠨ ᠦᠵᠦᠭᠦᠷ ᠠᠴᠠ ᠵᠡᠭᠦᠨᠰᠢ ᠪᠠᠷᠠᠭᠤᠨ ᠭᠤᠣᠯ ᠤᠨ ᠠᠮᠠᠨ ᠤ ᠲᠡᠨᠲᠡ ᠪᠠᠶᠢᠭᠰᠡᠭᠠᠷ᠂ ᠵᠦᠪᠬᠡᠨ ᠣᠨ ᠵᠢᠯ  ᠤᠨ ᠡᠯᠡᠭᠳᠡᠯ ᠠᠴᠠ ᠪᠣᠯᠵᠦ᠂ ᠲᠣᠮᠣ ᠴᠢᠯᠠᠭᠤᠨ ᠬᠠᠰᠢᠶᠠᠨ ᠤ ᠬᠤᠶᠢᠲᠣ ᠭᠦᠪᠡᠭᠡ ᠨᠢ ᠠᠰ ᠱᠣᠭᠤᠮ ᠤᠨ ᠬᠡᠯᠪᠡᠷᠢ  ᠲᠠᠢ ᠦᠯᠡᠲᠡᠭᠳᠡᠯ ᠪᠣᠯᠵᠦ᠂ ᠬᠠᠭᠤᠷᠠᠢ ᠬᠤᠳᠲᠤᠭ ᠤᠨ ᠡᠮᠣᠨ᠎ᠡ ᠬᠦᠪᠡᠭᠡ ᠪᠠᠷ ᠲᠣᠪᠣᠶᠢᠭᠰᠡᠨ ᠰᠢᠷᠦᠢ ᠶᠢᠨ ᠮᠦᠷ  ᠲᠠᠢ ᠦᠯᠦ ᠮᠡᠳᠡᠭ ᠬᠤᠲᠣᠭᠤᠷ ᠦᠯᠡᠲᠡᠭᠳᠡᠵᠦ ᠪᠣᠢ᠃ ᠣᠷᠠᠳ ᠮᠣᠩᠭᠤᠯ ᠭᠦᠯᠦᠨ ᠪᠣᠶᠢᠷ ᠠᠴᠠ ᠨᠡᠭᠦᠳᠡᠯᠯᠡᠨ ᠣᠳᠣ  ᠶᠢᠨ ᠣᠷᠠᠳ ᠨᠣᠲᠤᠭ ᠲᠤ ᠢᠷᠡᠭᠰᠡᠨ ᠤ ᠲᠠᠷᠠᠭ᠎ᠠ᠂ ᠲᠡᠣᠬᠡᠳᠣ ᠭᠦᠮᠦᠰ ᠠᠴᠠ ᠡᠨᠡᠭᠦ ᠭᠠᠵᠠᠷ ᠣᠷᠣᠨ ᠢ ᠨᠠᠷᠢᠨ ᠲᠣᠳᠣᠯᠠᠵᠦ ᠪᠠᠶᠢᠭᠰᠡᠨ ᠪᠦᠭᠡᠳ ᠳᠡᠪᠰᠡᠭ ᠤᠨ ᠰᠦᠮ᠎ᠡ ᠶᠢᠨ ᠮᠡᠳᠡᠭᠴᠢ ᠠᠴᠠ ᠦᠶ᠎ᠡ ᠣᠯᠠᠮᠵᠢᠯᠡᠨ ᠵᠢᠭᠠᠵᠦ ᠪᠠᠶᠢᠭᠰᠡᠨ᠂ ᠣᠳᠣ ᠴᠦ ᠨᠠᠰᠣᠲᠠᠢ ᠬᠦᠮᠦᠰ ᠳᠣᠰ ᠭᠠᠵᠠᠷ ᠢ ᠠᠳᠡᠯ ᠦᠭᠡᠢ ᠮᠡᠳᠡᠳᠡᠭ ᠪᠠᠶᠢᠨ᠎ᠠ᠃ ᠬᠠᠰᠠᠷ ᠪᠣᠯ ᠴᠢᠩᠭᠡᠰ ᠬᠠᠭᠠᠨ ᠢ ᠳᠡᠳᠭᠦᠨ ᠳᠡᠮᠵᠢᠵᠦ ᠪᠠᠶᠢᠭᠰᠡᠨ ︽ᠶᠡᠷᠦ ᠪᠣᠰᠦ︾ ᠶᠢᠨ ᠲᠡᠳᠬᠡᠲᠣ ᠭᠦᠮᠦᠨ ᠪᠣᠯᠣᠨ᠎ᠠ᠃ ᠲᠡᠲᠡᠨ ᠤ ᠬᠤᠭᠤᠷᠣᠨᠲᠣᠬᠢ ᠲᠦᠷᠪᠡᠨ ᠣᠳᠠᠭᠠᠨ ᠤ ︽ᠵᠦᠷᠢᠴᠡᠯ︾ ᠤᠨ ᠲᠠᠷᠠᠭ᠎ᠠ ᠲᠠᠬᠢᠨ ᠡᠪᠰᠡᠵᠦ ᠬᠠᠮᠵᠢᠭᠰᠡᠨ ᠦᠢᠯᠡ ᠠᠵᠢᠯᠯᠠᠭ᠎ᠠ ᠠᠴᠠ ᠬᠠᠰᠠᠷ ᠤᠨ ᠡᠵᠡᠨ ᠲᠦᠷᠦ ᠳᠤ ᠪᠠᠨ ᠦᠨᠡᠨᠴᠢ ᠰᠢᠳᠣᠷᠭᠤ ᠪᠠᠶᠢᠭᠰᠡᠨ ᠵᠣᠷᠢᠭ ᠰᠠᠨᠠᠭ᠎ᠠ ᠶᠢ ᠪᠦᠷᠢᠮᠦᠰᠦᠨ ᠬᠠᠷᠠᠭᠤᠯᠵᠦ ᠪᠣᠯᠣᠨ᠎ᠠ᠃ ᠲᠣᠰ ᠲᠡᠣᠬᠡᠲᠦ ᠲᠳᠮᠤᠭ ᠦᠯᠢᠭᠡᠷ ᠨᠢ ᠲᠡᠣᠬᠡᠲᠦ ᠪᠣᠲᠠᠲᠠᠢ ᠭᠠᠵᠠᠷ ᠣᠷᠣᠨ ᠲᠠᠢ ᠪᠠᠶᠢᠵᠦ᠂ ᠬᠤᠵᠢᠮ ᠤᠨ ᠭᠦᠮᠦᠰ  ᠠᠴᠠ ᠬᠠᠰᠠᠷ ᠤᠨ ᠵᠣᠷᠢᠭ ᠰᠠᠨᠠᠭᠠᠨ ᠤ ᠰᠤᠳᠤᠯᠤᠯ ᠳᠤ ᠦᠷᠭᠡᠵᠢᠯᠲᠡ᠂ ᠭᠦᠨᠵᠡᠭᠡᠶᠢᠷᠡᠯᠲᠠ ᠬᠢᠬᠦ ᠪᠠ ᠶᠡᠭᠡ ᠮᠣᠩᠭᠤᠯ ᠣᠯᠣᠰ ᠤᠨ ᠦᠶ᠎ᠡ ᠶᠢᠨ ᠲᠡᠣᠭᠡ ᠰᠣᠳᠣᠯᠭᠠᠨ ᠬᠢᠬᠦ ᠳᠤ ᠲᠣᠩ ᠶᠡᠭᠡ ᠠᠴᠢ ᠬᠤᠯᠪᠣᠭᠳᠠᠯ ᠲᠠᠢ ᠶᠤᠮ᠃ ᠣᠷᠠᠳ᠂ ᠬᠠᠷᠠᠨᠣᠳ᠂ ᠳᠣᠭᠤᠰᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号