ᠠᠯᠠᠱᠠ ᠨᠤᠳᠤᠭ ᠢ ᠠᠩᠬ᠎ᠠ ᠣᠳᠠᠭ᠎ᠠ ᠬᠤᠷᠣᠯᠢ ᠳᠤ ᠱᠠᠩᠨᠠᠨ ᠦᠭᠬᠦᠭᠰᠡᠨ ᠦᠶ᠎ᠡ ᠶᠢᠨ ᠭᠠᠵᠠᠷ ᠤᠨ ᠵᠢᠱᠢᠶᠠᠰᠣ
ᠨᠡᠶᠢᠲᠡᠯᠡᠭᠰᠡᠨ ᠴᠠᠭ᠄
2020/3/13
ᠡ᠊ᠩᠭᠡ ᠠᠮᠤᠭᠤᠯᠠᠩ ᠤᠨ ᠬᠤᠷᠢᠨ ᠳᠠᠪᠤᠳᠣᠭᠠᠷ ᠣᠨ ︵1686 ᠣᠨ︶ ᠳᠤᠷ ᠴᠢᠩ ᠣᠯᠣᠰ ᠤᠨ ᠡᠵᠡᠨ ᠵᠤᠷᠭᠠᠨ ᠠᠴᠠ ᠵᠠᠷᠯᠢᠭ ᠤᠨ ᠰᠠᠶᠢᠳ ᠠᠰᠬᠠᠨ ᠤ ᠠᠮᠪᠠᠨ ᠯᠠᠳᠣᠬᠤ ᠪᠤᠯᠤᠨ ᠳᠠᠶᠢᠴᠢᠯᠠᠨ ᠵᠠᠬᠢᠷᠤᠭᠴᠢ ᠰᠦᠨ ᠰᠧ ᠭᠧ ᠬᠤᠶᠠᠷ ᠢ ᠳᠣᠰᠬᠠᠢ ᠳᠣᠮᠢᠯᠠᠨ ᠢᠷᠡᠬᠦᠯᠵᠤ᠂ ᠪᠠᠭᠠᠳᠣᠷ ᠡᠷᠭᠡ ᠵᠢᠨᠤᠩ ᠬᠤᠷᠤᠯᠢ ᠳᠤ ᠠᠯᠠᠱᠠ ᠠᠭᠤᠯᠠ ᠶᠢᠨ ᠠᠷᠤ ᠳᠠᠬᠢ ᠦᠷᠭᠡᠨ ᠠᠭᠤᠳᠠᠮ ᠨᠣᠳᠤᠭ ᠳᠡᠪᠢᠰᠭᠡᠷ ᠢ ᠵᠢᠷᠤᠭᠯᠠᠵᠤ ᠳᠣᠭᠤᠷᠢᠯᠭ᠎ᠠ ᠳᠣᠭᠳᠠᠭᠠᠨ ᠱᠠᠩᠨᠠᠨ ᠦᠭᠬᠦ ᠳᠡᠭᠡᠨ ᠭᠠᠨᠰᠣ ᠮᠤᠵᠢ ᠶᠢᠨ ᠨᠢᠩᠰᠢᠶᠠ ᠹᠦ᠋ ᠶᠢᠨ ᠬᠠᠷᠢᠶᠠᠳᠣ ᠫᠢᠩ ᠯᠥᠸᠧ ᠰᠢᠶᠠᠨ ᠤ ᠴᠠᠭᠠᠨ ᠭᠡᠷᠡᠮ ᠠᠴᠠ ᠡᠬᠢᠯᠡᠬᠦᠯᠦᠨ ᠨᠢᠩ ᠰᠥᠸᠧ᠂ ᠵᠦᠩ ᠸᠧᠢ᠂ ᠭᠤᠣ ᠯᠠᠨ᠂ ᠫᠢᠩ ᠹᠠᠨ᠂ ᠬᠦ᠋ ᠯᠠᠩ᠂ ᠦ᠋ ᠸᠧᠢ᠂ ᠵᠧᠩ ᠹᠠᠨ᠂ ᠶᠥᠨ ᠴᠠᠩ᠂ ᠱᠠᠨ ᠳ᠋ᠠᠨ᠂ ᠵᠠᠩ ᠶᠧ᠂ ᠭᠤᠣ ᠲᠠᠢ ᠰᠢᠶᠠᠨ ᠬᠦᠷᠳᠡᠯᠡᠬᠢ ᠮᠤᠩᠭᠤᠯ᠂ ᠢᠷᠭᠡᠨ ᠬᠤᠶᠠᠷ ᠤᠨ ᠰᠠᠪᠠ ᠭᠠᠵᠠᠷ ᠤᠨ ᠵᠢᠱᠢᠶᠠᠰᠣ ᠶᠢ ᠪᠦᠷ ᠴᠠᠭᠠᠨ ᠭᠡᠷᠡᠮ ᠢᠶᠠᠷ ᠳᠣᠭᠳᠠᠭᠠᠵᠣ᠂ ᠭᠡᠷᠡᠮ ᠠᠴᠠ ᠭᠠᠳᠠᠭᠰᠢᠬᠢ ᠵᠢᠷᠠᠨ ᠭᠠᠵᠠᠷ ᠤᠨ ᠳᠣᠳᠣᠷ᠎ᠠ ᠢᠷᠭᠡᠨ ᠤ ᠮᠠᠯ ᠮᠠᠯᠯᠠᠬᠤ᠂ ᠳᠦᠯᠡᠰᠢ ᠳᠡᠬᠦᠬᠦ ᠭᠠᠵᠠᠷ ᠪᠤᠯᠭᠠᠨ ᠳᠣᠭᠳᠠᠭᠠᠭᠰᠠᠨ ᠪᠦᠭᠡᠳ ᠭᠤᠤ ᠲᠠᠢ ᠶᠢᠨ ᠭᠡᠷᠡᠮ ᠠᠴᠠ ᠢᠭᠡᠷ᠎ᠡ ᠬᠤᠳᠠ ︵ᠱᠤᠸᠠᠩ ᠴᠧᠩ ᠽᠢ︶ ᠪᠤᠯᠤᠨ ᠡᠵᠡᠨ᠎ᠡ ᠭᠤᠤᠯ ᠢᠶᠠᠷ ᠳᠠᠭᠠᠷᠢᠭᠤᠯᠤᠨ᠂ ᠭᠠᠯᠪᠠ ᠶᠢᠨ ᠭᠤᠪᠢ ᠳᠤᠷ ᠳᠣᠯᠭᠠᠵᠤ᠂ ᠳᠡᠨᠳᠡ ᠠᠴᠠ ᠠᠷᠤ ᠮᠤᠩᠭᠤᠯ ᠤᠨ ᠳᠦᠰᠢᠶᠡᠳᠣ ᠬᠠᠨ ᠠᠶᠢᠮᠠᠭ ᠤᠨ ᠵᠠᠰᠠᠭ ᠤᠨ ᠬᠤᠰᠢᠭᠤ ᠂ ᠰᠠᠶᠢᠨ ᠨᠤᠶᠠᠨ ᠠᠶᠢᠮᠠᠭ ᠤᠨ ᠳᠦᠰᠢᠶ᠎ᠠ ᠶᠢᠨ ᠬᠤᠰᠢᠭᠤ᠂ ᠦᠪᠦᠷ ᠮᠤᠩᠭᠤᠯ ᠤᠨ ᠣᠯᠠᠭᠠᠨᠴᠠᠪ ᠤᠨ ᠴᠢᠭᠤᠯᠭᠠᠨ ᠤ ᠣᠷᠠᠳ ᠤᠨ ᠳᠣᠮᠳᠠᠳᠣ ᠬᠤᠰᠢᠭᠤ ᠪᠤᠯᠤᠨ ᠪᠠᠷᠠᠭᠤᠨ ᠬᠤᠰᠢᠭᠤ᠂ ᠶᠡᠭᠡ ᠵᠤᠤ ᠶᠢᠨ ᠴᠢᠭᠤᠯᠭᠠᠨ ᠤ ᠬᠠᠩᠭᠢᠨ ᠬᠤᠰᠢᠭᠤ ᠯᠤᠭ᠎ᠠ ᠵᠠᠬ᠎ᠠ ᠵᠠᠯᠭᠠᠭᠰᠠᠭᠠᠷ ᠶᠡᠭᠡ ᠬᠠᠳᠣᠨ ᠳᠤᠷ ᠳᠣᠯᠵᠣ᠂ ᠳᠡᠨᠳᠡ ᠠᠴᠠ ᠬᠠᠳᠣᠨ ᠭᠤᠣᠯ ᠢ ᠦᠭᠡᠳᠡᠯᠡᠨ ᠣᠳᠤᠭ ᠬᠤᠰᠢᠭᠤ ᠯᠤᠭ᠎ᠠ ᠵᠠᠬ᠎ᠠ ᠨᠡᠶᠢᠯᠡᠨ ᠪᠠᠷᠠᠭᠤᠨᠰᠢᠯᠠᠵᠤ᠂ ᠫᠢᠩ ᠯᠥᠸᠧ ᠰᠢᠶᠠᠨ ᠤ ᠴᠠᠭᠠᠨ ᠭᠡᠷᠡᠮ ᠳᠤᠷ ᠳᠣᠯᠭᠠᠳᠠᠯ᠎ᠠ ᠳᠣᠭᠤᠷᠢᠯᠭ᠎ᠠ ᠵᠢᠷᠤᠭᠯᠠᠨ ᠳᠣᠭᠳᠠᠭᠠᠵᠡᠢ᠃ᠳᠣᠬᠠᠢ ᠶᠢᠨ ᠦᠶ᠎ᠡ ᠶᠢᠨ ᠭᠠᠵᠠᠷ ᠤᠨ ᠨᠡᠷᠡᠰ ᠤᠨ ᠳᠡᠮᠳᠡᠭᠯᠡᠯ ᠳᠤ᠄ ᠫᠢᠩ ᠯᠥᠸᠧ ᠰᠢᠶᠠᠨ ᠤ ᠱᠢ ᠽᠦᠢ ᠽᠢ ︵ᠴᠠᠭᠠᠨ ᠬᠠᠳᠠᠨ ᠬᠤᠰᠢᠭᠤ︶ ᠶᠢᠨ ᠴᠢᠯᠠᠭᠤᠨ ᠬᠦᠰᠢᠶ᠎ᠡ ᠠᠴᠠ ᠪᠤᠷᠭᠠᠰᠣᠳᠠᠢ ᠶᠢᠨ ᠠᠮᠠ ᠭᠡᠮᠡᠬᠦ ᠵᠢᠶᠠᠨ ᠭᠤᠸᠠᠨ ᠤ ᠠᠮᠠᠰᠠᠷ ᠤᠨ ᠠᠭᠤᠯᠠ ᠶᠢ ᠳᠠᠪᠠᠭᠤᠯᠤᠨ ᠠᠯᠠᠱᠠ ᠠᠭᠤᠯᠠ ᠶᠢᠨ ᠦᠨᠳᠦᠷ ᠣᠷᠦᠢ ᠶᠢᠨ ᠬᠢᠷ᠎ᠠ ᠳᠠᠭᠠᠭᠤᠯᠤᠨ ᠨᠢᠩ ᠰᠥᠸᠧ ᠰᠢᠶᠠᠨ ᠤ ᠴᠢ ᠮᠤ᠋ ᠬᠧᠤ ᠠᠴᠠ ᠵᠠᠬ᠎ᠠ ᠨᠡᠶᠢᠯᠡᠭᠰᠡᠭᠡᠷ ᠶᠠᠪᠤᠵᠤ᠂ ᠳᠡᠮᠤᠷ ᠡᠬᠦᠳᠡ᠂ ᠮᠤ᠋ ᠱᠢ ᠬᠧᠤ ︵ᠮᠣᠰᠬᠢᠭᠤ︶ ᠶᠢᠨ ᠡᠬᠦᠳᠡᠨ ᠠᠴᠠ ᠴᠠᠭᠠᠨ ᠭᠡᠷᠡᠮ ᠢ ᠬᠦᠪᠡᠭᠡᠯᠡᠬᠦᠯᠵᠤ᠂ ᠬᠠᠨ ᠪᠠ ᠬᠧᠤ ᠶᠢᠨ ᠡᠬᠦᠳᠡ᠂ ᠰᠡᠭᠡᠷ ᠤᠨ ᠡᠬᠦᠳᠡ᠂ ᠵᠢᠩ ᠬᠧᠤ᠂ ᠳ᠋ᠠ ᠱᠢ ᠬᠧᠤ ᠵᠦᠩ ᠨᠢᠩ ᠰᠢᠶᠠᠨ ᠯᠤᠭ᠎ᠠ ᠵᠠᠬ᠎ᠠ ᠨᠡᠶᠢᠯᠡᠬᠦ ᠮᠣᠳᠣᠨ ᠬᠤᠳᠳᠤᠭ᠂ ᠭᠤᠸᠠᠩ ᠦ᠋᠂ ᠴᠦᠢ ᠬᠦ᠋ ᠫᠦ᠋ ᠶᠢᠨ ᠭᠡᠷᠡᠮ ᠤᠨ ᠡᠬᠦᠳᠡ ᠪᠠ ᠳ᠋ᠠᠳᠳᠠᠢ ᠶᠢᠨ ᠡᠬᠦᠳᠡ᠂ ᠵᠦᠩ ᠸᠧᠢ ᠰᠢᠶᠠᠨ ᠯᠤᠭ᠎ᠠ ᠵᠠᠬ᠎ᠠ ᠨᠡᠶᠢᠯᠡᠬᠦ ᠠᠭᠳᠠ ᠶᠢᠨ ᠰᠢᠷᠡᠭ ᠠᠴᠠ ᠳᠡᠷᠡᠰᠣᠨ ᠤ ᠭᠡᠷᠡᠮ ᠢ ᠬᠦᠪᠡᠭᠡᠯᠡᠨ᠂ ᠳᠦᠷᠪᠡᠯᠵᠢᠨ ᠰᠢᠷᠡᠭ᠂ ᠶᠡᠭᠡ᠂ ᠪᠠᠭ᠎ᠠ ᠪᠤᠷᠤ ᠳᠣᠯᠣᠭᠠᠢ᠂ ᠰᠢᠷ᠎ᠠ ᠡᠯᠡᠰᠣᠨ᠂ ᠣᠯᠠᠭᠠᠨ ᠳᠣᠯᠣᠭᠠᠢ᠂ ᠭᠠᠨ ᠳᠠᠩ ᠽᠢ᠂ ᠵᠢᠩ ᠲᠠᠢ ᠰᠢᠶᠠᠨ ᠯᠤᠭ᠎ᠠ ᠵᠠᠬ᠎ᠠ ᠨᠡᠶᠢᠯᠡᠬᠦ ᠢᠩ ᠫᠠᠨ ᠱᠦᠢ ᠭᠡᠮᠡᠬᠦ ᠴᠢᠯᠠᠭᠤᠨ ᠣᠩᠭᠤᠴᠠᠳᠠᠢ ᠶᠢᠨ ᠬᠦᠰᠢᠶ᠎ᠡ᠂ ᠣᠯᠠᠭᠠᠨ ᠳᠣᠬᠤᠢ ᠶᠢᠨ ᠴᠢᠯᠠᠭᠤᠨ ᠬᠦᠰᠢᠶ᠎ᠡ᠂ ᠬᠠᠪᠳᠠᠭᠠᠢ ᠴᠢᠯᠠᠭᠤᠨ ᠬᠦᠰᠢᠶ᠎ᠠ᠂ ᠪᠠᠢ ᠳ᠋ᠦᠩ ᠽᠢ ᠭᠡᠮᠡᠬᠦ ᠴᠠᠭᠠᠨ ᠴᠣᠨᠵᠢ ᠶᠢᠨ ᠵᠡᠬᠦᠨ ᠳᠠᠪᠣᠰᠣᠨ ᠤ ᠬᠦᠪᠡᠭᠡ ᠶᠢᠨ ᠬᠦᠰᠢᠶ᠎ᠡ᠂ ᠬᠤᠯᠣᠰᠣᠳᠠᠢ ᠶᠢᠨ ᠬᠤᠳᠳᠤᠭ ᠤᠨ ᠬᠦᠰᠢᠶ᠎ᠡ᠂ ᠳᠡᠯ ᠬᠠᠷ᠎ᠠ ᠶᠢᠨ ᠬᠦᠰᠢᠶ᠎ᠡ᠂ ᠬᠤᠩ ᠠᠢ ᠽᠢ ᠭᠡᠮᠡᠬᠦ ᠣᠯᠠᠭᠠᠨ ᠡᠷᠬᠢ ᠶᠢᠨ ᠬᠦᠰᠢᠶ᠎ᠡ᠂ ᠪᠤᠭᠤᠷᠤᠯ ᠳᠣᠯᠣᠭᠠᠢ ᠶᠢᠨ ᠬᠦᠰᠢᠶ᠎ᠡ᠂ ᠶᠡᠭᠡ᠂ ᠪᠠᠭ᠎ᠠ ᠬᠤᠶᠠᠷ ᠳᠡᠰᠭᠡᠳᠣ ᠶᠢᠨ ᠠᠮᠠ᠂ ᠱᠢ ᠱᠠ ᠽᠢ᠂ ᠳᠣ ︵ ᠲᠤ︶ ᠮᠧᠨ ᠽᠢ ᠶᠢᠨ ᠰᠢᠷ᠎ᠠ ᠨᠢᠷᠤᠭᠤᠨ ᠳᠤ ᠳᠣᠯᠭᠠᠵᠡᠢ᠃ᠳᠡᠭᠷᠢ ᠳᠡᠳᠬᠦᠭᠴᠢ ᠶᠢᠨ ᠳᠠᠪᠢᠨ ᠳᠠᠪᠣᠳᠣᠭᠠᠷ ᠣᠨ ︵1790︶ ᠳᠤᠷ ᠰᠣ᠂ ᠪᠠ᠊ ᠬᠤᠶᠠᠷ ᠵᠠᠷᠯᠢᠭ ᠤᠨ ᠰᠠᠶᠢᠳ ᠢ ᠳᠣᠮᠢᠯᠠᠨ ᠢᠷᠡᠬᠦᠯᠵᠣ᠂ ᠣᠷᠢᠳᠣ ᠯᠠᠳᠣᠬᠤ ᠶᠢᠨ ᠵᠢᠷᠤᠭᠯᠠᠵᠤ ᠳᠣᠭᠳᠠᠭᠠᠭᠰᠠᠨ ᠵᠧᠩ ᠹᠠᠨ ᠰᠢᠶᠠᠨ ᠤ ᠵᠢᠱᠢᠶᠠᠰᠣ ᠶᠢ ᠰᠢᠨ᠎ᠡ ᠪᠠᠷ ᠳᠠᠬᠢᠨ ᠵᠢᠷᠤᠭᠯᠠᠵᠤ᠂ ᠰᠣ᠋ ᠦ᠋ ᠱᠠᠨ᠂ ᠠ ᠯᠠ ᠬᠦ᠋ ᠱᠠᠨ ᠭᠡᠮᠡᠬᠦ ᠴᠣᠬᠤᠷ ᠠᠭᠤᠯᠠ ᠶᠢᠨ ᠣᠪᠣᠭ᠎ᠠ᠂ ᠮᠠ ᠱᠠᠨ ᠭᠡᠮᠡᠬᠦ ᠴᠣᠨᠵᠢᠳᠣ ︵ᠦᠭᠡᠷ᠎ᠡ ᠨᠡᠷ᠎ᠡ ᠨᠢ ᠴᠢᠩ ᠱᠠᠨ ᠭᠡᠳᠡᠭ︶᠂ ᠳᠡᠨᠳᠡ ᠠᠴᠠ ᠪᠠᠨ ᠭᠧ ᠱᠠᠨ ᠭᠡᠮᠡᠬᠦ ᠪᠠᠭ᠎ᠠ ᠳᠣᠣᠯᠠᠨᠳᠠᠢ ᠶᠢᠨ ᠠᠭᠤᠯᠠ ᠶᠢᠨ ᠴᠢᠯᠠᠭᠤᠨ ᠬᠦᠰᠢᠶ᠎ᠡ᠂ ᠮᠠ ᠸᠠᠩ ᠮᠢᠶᠣᠣ ᠭᠡᠮᠡᠬᠦ ᠰᠦᠮ᠎ᠡ ᠶᠢᠨ ᠴᠢᠯᠠᠭᠤᠨ ᠬᠦᠰᠢᠶ᠎ᠡ᠂ ᠬᠤᠩ ᠭᠠᠩ ᠽᠢ ᠭᠡᠮᠡᠬᠦ ᠣᠯᠠᠭᠠᠨ ᠭᠠᠩᠭ᠎ᠠ ᠶᠢᠨ ᠴᠢᠯᠠᠭᠤᠨ ᠣᠪᠣᠭ᠎ᠠ᠂ ᠯᠢᠣ ᠵᠢᠶᠠ ᠱᠠᠨ ᠭᠡᠮᠡᠬᠦ ᠪᠠᠭ᠎ᠠ ᠭᠤᠯᠵᠠ ᠶᠢᠨ ᠠᠭᠤᠯᠠ ᠶᠢᠨ ᠴᠢᠯᠠᠭᠤᠨ ᠣᠪᠣᠭ᠎ᠠ᠂ ᠮᠦᠸᠧ ᠱᠠᠨ ᠽᠢ ᠭᠡᠮᠡᠬᠦ ᠳᠡᠭᠡᠷᠮ᠎ᠡ ᠶᠢᠨ ᠰᠢᠯᠢ ᠶᠢᠨ ᠴᠠᠭᠠᠨ ᠣᠪᠣᠭ᠎ᠠ ᠪᠠᠷ ᠳᠠᠭᠠᠷᠢᠭᠤᠯᠵᠤ᠂ ᠬᠤᠩ ᠣᠪᠣᠭ᠎ᠠ ᠭᠡᠮᠡᠬᠦ ᠣᠯᠠᠭᠠᠨ ᠣᠪᠣᠭ᠎ᠠ᠂ ᠳ᠋ᠦ᠋ ᠴᠢᠩ ᠱᠠᠨ ᠭᠡᠮᠡᠬᠦ ᠬᠠᠳᠠᠳᠣ ᠶᠢᠨ ᠴᠢᠯᠠᠭᠤᠨ ᠣᠪᠣᠭ᠎ᠠ᠂ ᠢᠦᠢ ᠱᠦ ᠬᠧᠤ ᠭᠡᠮᠡᠬᠦ ᠬᠠᠷ᠎ᠠ ᠮᠣᠳᠣᠳᠣ ᠶᠢᠨ ᠭᠤᠤᠯ᠂ ᠰᠢᠶᠣᠣ ᠴᠢᠩ ᠱᠠᠨ ᠭᠡᠮᠡᠬᠦ ᠪᠠᠭ᠎ᠠ ᠬᠦᠭᠡ ᠠᠭᠤᠯᠠ᠂ ᠴᠢᠩ ᠲᠠᠢ ᠱᠠᠨ ᠭᠡᠮᠡᠬᠦ ᠣᠷᠵᠣᠭᠤᠷ ᠤᠨ ᠴᠣᠨᠵᠢ ᠪᠠ ᠬᠦᠰᠢᠶ᠎ᠡ᠂ ᠰᠧ ᠡᠯ ᠬᠧᠤ ᠭᠡᠮᠡᠬᠦ ᠣᠯᠠᠭᠠᠨ ᠪᠤᠯᠠᠭ ᠤᠨ ᠴᠣᠨᠵᠢ ᠪᠠ ᠬᠦᠰᠢᠶ᠎ᠠ᠂ ᠯᠤ ᠴᠢᠤᠸᠠᠨ ᠭᠡᠮᠡᠬᠦ ᠣᠯᠠᠭᠠᠨ ᠳᠠᠳᠠᠭᠠᠯ ᠤᠨ ᠴᠣᠨᠵᠢ᠂ ᠱᠠᠨ ᠳ᠋ᠠᠨ ᠰᠢᠶᠠᠨ ᠯᠤᠭ᠎ᠠ ᠵᠠᠬ᠎ᠠ ᠨᠡᠶᠢᠯᠡᠬᠦ ᠴᠢᠩ ᠶᠠᠩ ᠬᠧᠤ ᠭᠡᠮᠡᠬᠦ ᠴᠠᠬᠢᠭᠤᠷᠳᠠᠢ ᠶᠢᠨ ᠴᠣᠨᠵᠢ ᠪᠠ ᠬᠦᠰᠢᠶ᠎ᠡ᠂ ᠱᠢ ᠵᠢᠩ ᠬᠧᠤ ᠭᠡᠮᠡᠬᠦ ᠪᠠᠶᠠᠨ ᠬᠤᠳᠳᠤᠭ ᠤᠨ ᠬᠦᠰᠢᠶ᠎ᠡ᠂ ᠴᠢ ᠱᠠᠨ ᠭᠡᠮᠡᠬᠦ ᠠᠯᠳᠠᠨ ᠭᠠᠳᠠᠰᠣ ᠠᠭᠤᠯᠠ ᠶᠢᠨ ᠬᠦᠰᠢᠶ᠎ᠠ᠂ ᠴᠢᠶᠣᠣ ᠡᠯ ᠫᠦ᠋ ᠬᠡᠮᠡᠬᠦ ᠰᠠᠶᠢᠨ ᠪᠤᠯᠠᠭ ᠤᠨ ᠴᠣᠨᠵᠢ ᠪᠠ ᠬᠦᠰᠢᠶ᠎ᠠ᠂ ᠵᠢᠶᠣᠣ ᠴᠠᠩ ᠬᠧᠤ ᠭᠡᠮᠡᠬᠦ ᠴᠠᠬᠢᠯᠳᠠᠭ ᠤᠨ ᠪᠤᠯᠠᠭ ᠤᠨ ᠴᠣᠨᠵᠢ᠂ ᠵᠠᠩ ᠶᠧ ᠰᠢᠶᠠᠨ ᠯᠤᠭ᠎ᠠ ᠵᠠᠬ᠎ᠠ ᠨᠡᠶᠢᠯᠡᠬᠦ ᠮᠢ ᠳᠠᠩ ᠬᠧᠤ ᠭᠡᠮᠡᠬᠦ ᠣᠷᠳᠣ ᠶᠢᠨ ᠠᠮᠠᠨ ᠤ ᠬᠦᠰᠢᠶ᠎ᠡ᠂ ᠶᠡᠨ ᠳ᠋ᠦᠩ ᠬᠧᠤ ᠭᠡᠮᠡᠬᠦ ᠠᠯᠠᠭ ᠠᠭᠤᠯᠠ ᠶᠢᠨ ᠰᠢᠯᠢ ᠶᠢᠨ ᠳᠠᠬᠢᠯᠭᠠᠳᠣ ᠣᠪᠣᠭ᠎ᠠ᠂ ᠫᠢᠩ ᠱᠠᠨ ᠳ᠋ᠦᠨ ᠭᠡᠮᠡᠬᠦ ᠶᠡᠭᠡ ᠪᠤᠯᠠᠭ ᠤᠨ ᠴᠣᠨᠵᠢ᠂ ᠯᠤ ᠵᠢᠶᠣᠣ ᠳ᠋ᠦᠨ ᠭᠡᠮᠡᠬᠦ ᠬᠠᠶᠢᠰᠠᠨ ᠳᠠᠪᠠᠭᠠᠨ ᠤ ᠴᠣᠨᠵᠢ᠂ ᠶᠡᠨ ᠲᠠᠢ ᠭᠡᠮᠡᠬᠦ ᠠᠭᠤᠯᠠ ᠶᠢᠨ ᠴᠤᠨᠵᠢ᠂ ᠳ᠋ᠠ ᠴᠢᠶᠧ ᠴᠠᠩ ᠭᠡᠮᠡᠬᠦ ᠣᠣ ᠬᠠᠨᠣ᠂ ᠮᠣᠣ ᠮᠦ᠋ ᠴᠧᠩ ᠤᠨ ᠬᠠᠭᠤᠴᠢᠨ ᠬᠤᠳᠠ ᠶᠢᠨ ᠣᠷᠣᠮ᠂ ᠬᠠᠶᠠᠭ᠎ᠠ ᠵᠢᠭᠳᠡ᠂ ᠴᠠᠬᠢᠷ᠂ ᠶᠡᠭᠡ ᠠᠮᠠᠰᠠᠷ ᠤᠨ ᠠᠭᠤᠯᠠ᠂ ᠬᠠᠮᠠᠷ ᠡᠯᠡᠰᠣᠨ᠂ ᠱᠤᠸᠠᠩ ᠴᠧᠩ ᠽᠢ ᠠᠴᠠ ᠪᠠᠢ ᠲᠠᠢ ᠳᠤ ᠳᠣᠯᠭᠠᠨ᠎ᠠ᠃ᠡᠩᠭᠡ ᠠᠮᠤᠭᠤᠯᠠᠩ ᠤᠨ ᠳᠦᠴᠢᠨ ᠭᠤᠷᠪᠠᠳᠣᠭᠠᠷ ᠣᠨ ︵1704︶ ᠳᠤᠷ ᠡᠵᠡᠨ᠎ᠡ ᠬᠤᠰᠢᠭᠤ ᠳᠣᠭᠳᠠᠭᠰᠠᠨ ᠠᠴᠠ ᠬᠤᠶᠢᠰᠢ᠂ ᠣᠷᠢᠳᠣ ᠯᠠᠳᠣᠬᠤ ᠶᠢᠨ ᠵᠢᠷᠤᠭᠯᠠᠵᠤ ᠳᠣᠭᠳᠠᠭᠠᠭᠰᠠᠨ ᠠᠯᠠᠱᠠ᠂ ᠡᠵᠡᠨ᠎ᠡ ᠬᠤᠶᠠᠷ ᠤᠨ ᠵᠠᠬ᠎ᠠ ᠵᠢᠱᠢᠶᠠᠰᠣ ᠶᠢ ᠭᠤᠷᠤᠨᠡᠢ ᠶᠢᠨ ᠭᠤᠤᠯ ᠤᠨ ᠡᠮᠤᠨᠡᠳᠣ ᠬᠦᠪᠡᠭᠡ ᠪᠠᠷ ᠵᠠᠭ ᠬᠤᠯᠣᠰᠣ ᠵᠠᠪᠰᠠᠷᠯᠠᠨ ᠣᠷᠣᠯᠭᠠᠨ ᠣᠪᠣᠭ᠎ᠠ᠂ ᠡᠯᠡᠰᠣᠨ ᠴᠢᠯᠠᠭᠤᠳᠣ᠂ ᠳᠦᠷᠪᠡᠯᠵᠢᠨ ᠳᠠᠪᠰᠠᠩ ᠤᠨ ᠣᠪᠣᠭ᠎ᠠ᠂ ᠴᠠᠭᠠᠨ ᠳᠣᠯᠣᠭᠠᠢ ᠶᠢᠨ ᠣᠪᠣᠭ᠎ᠠ᠂ ᠬᠦᠨᠳᠠᠯᠡᠨ ᠡᠯᠡᠰᠣᠨ ᠤ ᠦᠵᠦᠬᠦᠷ ᠤᠨ ᠣᠪᠣᠭ᠎ᠠ᠂ ᠪᠣᠷᠣᠯᠵᠢᠨ ᠬᠤᠳᠳᠤᠭ ᠤᠨ ᠣᠪᠣᠭ᠎ᠠ᠂ ᠰᠣᠬᠠᠢ ᠪᠦᠭᠡᠷᠡᠭ ᠤᠨ ᠣᠪᠣᠭ᠎ᠠ᠂ ᠳ᠋ᠣᠷᠬᠢ ᠶᠢᠨ ᠬᠢᠶᠠᠭᠳᠣ ᠶᠢᠨ ᠣᠪᠣᠭ᠎ᠠ᠂ ᠬᠠᠷ᠎ᠠ ᠰᠠᠷᠢᠳᠠᠭ ᠤᠨ ᠣᠪᠣᠭ᠎ᠠ᠂ ᠠᠬᠢᠳᠣ ᠬᠦᠷᠡᠩ ᠤᠨ ᠡᠬᠢᠨ ᠰᠢᠯᠢ ᠶᠢᠨ ᠣᠪᠣᠭ᠎ᠠ᠂ ᠭᠠᠰᠢᠭᠤᠨ ᠳᠣᠣᠷᠡᠢ ᠶᠢᠨ ᠣᠪᠣᠭ᠎ᠠ᠂ ᠬᠠᠳᠠᠨ ᠬᠤᠰᠢᠭᠤ ᠶᠢᠨ ᠳᠠᠪᠣᠰᠣᠨ ᠤ ᠣᠮᠠᠷᠠᠳᠣ ᠡᠳᠡᠭᠡᠳ ᠤᠨ ᠣᠪᠣᠭ᠎ᠠ ᠵᠡᠷᠭᠡᠮᠵᠢ ᠶᠢᠨ ᠭᠠᠵᠠᠷ ᠢᠶᠠᠷ ᠵᠢᠷᠤᠭᠯᠠᠵᠡᠢ᠃ ᠣᠷᠢᠳᠣ ᠯᠠᠳᠣᠬᠤ ᠶᠢᠨ ᠵᠢᠷᠤᠭᠯᠠᠨ ᠳᠣᠭᠳᠠᠭᠠᠭᠰᠠᠨ ᠮᠤᠩᠭᠤᠯ ᠣᠯᠣᠰ ᠯᠤᠭ᠎ᠠ ᠵᠠᠬ᠎ᠠ ᠨᠡᠶᠢᠯᠡᠬᠦ ᠵᠢᠱᠢᠶᠡᠰᠣ ᠪᠤᠯᠪᠠᠯ᠎ᠠ᠂ ᠬᠤᠩᠭᠤᠷᠵᠢ ᠶᠢᠨ ᠡᠯᠡᠰᠣᠳᠣ ᠬᠦᠳᠦᠯ ᠤᠨ ᠣᠪᠣᠭ᠎ᠠ᠂ ᠰᠢᠷ᠎ᠠ ᠣᠨᠢᠰ ᠤᠨ ᠣᠪᠣᠭ᠎ᠠ᠂ ᠴᠣᠪᠣᠷ᠎ᠠ ᠶᠢᠨ ᠰᠢᠷ᠎ᠠ ᠳᠣᠯᠣᠭᠠᠢ᠂ ᠵᠠᠴᠠ ᠶᠢᠨ ᠬᠠᠷ᠎ᠠ ᠣᠪᠣᠭ᠎ᠠ᠂ ᠪᠣᠷᠭᠠᠰᠣᠨ ᠠᠮᠠᠨ ᠤ ᠣᠪᠣᠭ᠎ᠠ᠂ ᠣᠩᠴᠢ ᠶᠢᠨ ᠣᠪᠣᠭ᠎ᠠ᠂ ᠵᠡᠬᠦᠨ ᠢᠩᠭᠡᠨ ᠤ ᠣᠪᠣᠭ᠎ᠠ᠂ ᠣᠷᠪᠣᠭ ᠭᠠᠰᠢᠭᠤᠨ ᠤ ᠣᠪᠣᠭ᠎ᠠ᠂ ᠵᠦᠰᠠ ᠶᠢᠨ ᠬᠦᠨ ᠤ ᠭᠤᠷᠪᠠᠨ ᠣᠪᠣᠭ᠎ᠠ᠂ ᠣᠷᠠᠳ ᠤᠨ ᠬᠤᠰᠢᠭᠤᠨ ᠯᠤᠭ᠎ᠠ ᠵᠠᠬ᠎ᠠ ᠨᠡᠶᠢᠯᠡᠬᠦ ᠠᠪᠳᠠᠷᠠᠨ᠂ ᠬᠤᠤᠰᠮᠠᠯᠵᠢᠨ᠂ ᠬᠠᠷ᠎ᠠ ᠪᠣᠣᠷ᠎ᠠ᠂ ᠳᠤᠶᠢᠭ ᠤᠨ ᠬᠦᠳᠦᠯ ᠣᠰᠣ᠂ ᠬᠤᠷᠠᠮᠰᠢ ᠶᠢᠨ ᠭᠠᠰᠢᠭᠤᠨ᠂ ᠠᠭᠤᠯᠠ ᠶᠢᠨ ᠬᠦᠨ᠂ ᠣᠯᠠᠭᠠᠨ ᠣᠪᠣᠭ᠎ᠠ᠂ ᠳᠡᠷᠡᠰᠣᠨ ᠱᠠᠩᠳᠠ᠂ ᠳᠦᠬᠦᠮ ᠤᠨ ᠪᠣᠰᠤᠭ᠎ᠠ ᠶᠢᠨ ᠣᠪᠣᠭ᠎ᠠ᠂ ᠣᠯᠠᠭᠠᠨ ᠪᠣᠯᠠᠭ ᠠᠴᠠ ᠠᠭᠤᠢ ᠶᠢᠨ ᠡᠬᠢᠨ ᠰᠢᠯᠢ᠂ ᠳᠦᠷᠪᠡᠯᠵᠢᠨ ᠰᠡᠭᠡᠷ ᠤᠨ ᠣᠪᠣᠭ᠎ᠠ᠂ ᠭᠡᠷ ᠣᠪᠣᠭᠠᠨ ᠤ ᠡᠬᠢᠨ ᠰᠢᠯᠢ ᠶᠢᠨ ᠣᠪᠣᠭ᠎ᠠ᠂ ᠬᠠᠷᠭᠠᠨ᠎ᠠ ᠶᠢᠨ ᠠᠮᠠᠨ ᠤ ᠵᠢᠱᠢᠶᠠᠰᠣᠨ ᠤ ᠡᠬᠢᠨ ᠣᠪᠣᠭ᠎ᠠ᠂ ᠳᠣᠮᠳᠠ ᠣᠪᠣᠭ᠎ᠠ᠂ ᠬᠠᠷᠭᠠᠨ᠎ᠠ ᠶᠢᠨ ᠠᠮᠠᠨ ᠤ ᠪᠠᠷᠠᠭᠤᠨ ᠬᠠᠭᠤᠴᠢᠨ ᠴᠢᠯᠠᠭᠤᠨ ᠬᠤᠳᠠ ᠶᠢᠨ ᠣᠷᠣᠮ ᠠᠴᠠ ᠵᠡᠬᠦᠨᠰᠢᠯᠡᠵᠤ ᠬᠦᠭᠡᠨᠠᠭᠤᠷ ᠤᠨ ᠡᠮᠣᠨᠡᠳᠣ ᠢᠷᠮᠡᠭ ᠢ ᠲᠠᠭᠠᠨ ᠬᠠᠷ᠎ᠠ ᠣᠰᠣᠨ ᠤ ᠬᠤᠭᠤᠯᠠᠢ ᠶᠢ ᠣᠷᠣᠭᠤᠳᠠᠭᠠᠳ ᠭᠡᠣᠭᠡᠨ ᠭᠡᠩᠭᠡᠷᠭᠡ ᠶᠢᠨ ᠡᠯᠡᠰᠣᠨ ᠤ ᠣᠷᠦᠢ ᠪᠠᠷ ᠰᠣᠬᠠᠢ ᠶᠢᠨ ᠦᠵᠦᠬᠦᠷ᠂ ᠽᠠᠪᠬᠠᠢ ︵ᠵᠡᠪᠡᠭᠡᠢ︶  ᠶᠢᠨ ᠭᠤᠤᠯ ᠤᠨ ᠵᠢᠱᠢᠶᠠᠰᠣᠨ ᠤ ᠨᠢᠭᠡᠳᠦᠭᠡᠷ᠂ ᠬᠤᠶᠠᠳᠣᠭᠠᠷ᠂ ᠭᠤᠷᠪᠠᠳᠣᠭᠠᠷ᠂ ᠳᠦᠷᠪᠡᠳᠦᠭᠡᠷ ᠭᠡᠮᠡᠬᠦ ᠳᠦᠷᠪᠡᠨ ᠭᠡᠰᠡᠭ ᠬᠤᠣᠰ ᠣᠪᠣᠭ᠎ᠠ ᠪᠠᠷ ᠶᠡᠭᠡ ᠬᠠᠳᠣᠨ ᠳᠤᠷ ᠳᠣᠯᠭᠠᠵᠤ᠂ ᠳᠡᠨᠳᠡ ᠠᠴᠠ ᠬᠠᠳᠣᠨ ᠭᠤᠤᠯ ᠤᠨ ᠬᠦᠪᠡᠭᠡ ᠶᠢ ᠪᠠᠷᠢᠨ ᠦᠭᠡᠳᠡᠯᠡᠭᠰᠡᠭᠡᠷ ᠳ᠋ᠧᠩᠺᠸᠣ ᠠᠴᠠ ᠳᠡᠭᠡᠭᠰᠢᠯᠡᠵᠤ᠂ ᠴᠠᠭᠠᠨ ᠳᠣᠬᠤᠢ᠂ ᠣᠯᠠᠭᠠᠨ ᠮᠣᠳᠣᠨ᠂ ᠱᠠᠪᠠᠭ᠋ᠠᠳᠣ ᠶᠢᠨ ᠡᠷᠢᠶᠡᠨ ᠳᠣᠯᠣᠭᠠᠢ᠂ ᠵᠡᠭᠡᠯᠡᠢ ᠶᠢᠨ ᠴᠠᠭᠠᠨ ᠬᠠᠳᠠ ᠬᠦᠷᠳᠡᠯ᠎ᠡ ᠵᠢᠱᠢᠶᠡᠰᠣᠯᠠᠨ ᠵᠢᠷᠤᠭᠯᠠᠵᠡᠢ᠃ᠠᠯᠠᠱᠠ ᠶᠢᠨ ᠵᠠᠬ᠎ᠠ ᠵᠢᠱᠢᠶᠡᠰᠣ ᠶᠢᠨ ᠳᠣᠭᠤᠷᠢᠯᠭ᠎ᠠ ᠶᠢ ᠠᠩᠬ᠎ᠠ ᠡᠩᠭᠡ ᠠᠮᠤᠭᠤᠯᠠᠩ ᠤᠨ ᠬᠤᠷᠢᠨ ᠳᠠᠪᠤᠳᠣᠭᠠᠷ ᠣᠨ ᠠᠴᠠ ᠡᠳᠦᠭᠡᠬᠢ ᠶᠢᠨ ᠳᠠᠪᠢᠭᠠᠳ ᠣᠨ ︵1686-1953︶ ᠬᠦᠷᠳᠡᠯ᠎ᠡ 267 ᠵᠢᠯ ᠤᠨ ᠳᠣᠳᠣᠷ᠎ᠠ ᠳᠣᠯᠣᠭᠠᠨ ᠣᠳᠠᠭ᠎ᠠ ᠵᠢᠷᠤᠭᠯᠠᠭᠰᠠᠨ ᠪᠤᠯᠪᠠᠴᠣ ᠮᠢᠨ ᠴᠢᠨ ᠰᠢᠶᠠᠨ ᠪᠤᠯᠤᠨ ᠡᠵᠡᠨ᠎ᠡ ᠬᠤᠰᠢᠭᠤ ᠬᠤᠶᠠᠷ ᠤᠨ ᠵᠢᠱᠢᠶᠠᠰᠣ ᠠᠴᠠ ᠪᠣᠰᠣᠳ ᠭᠠᠵᠠᠷ ᠤᠨ ᠨᠡᠷ᠎ᠡ ᠶᠢᠨ ᠵᠢᠱᠢᠶᠠᠰᠣ ᠶᠢ ᠯᠠᠳᠣᠬᠤ ᠶᠢᠨ ᠳᠣᠭᠳᠠᠭᠠᠭᠰᠠᠨ ᠶᠣᠰᠣᠭᠠᠷ ᠪᠠᠷᠢᠮᠳᠠᠯᠠᠨ ᠢᠷᠡᠵᠡᠢ᠃ᠵᠡᠷᠮᠡᠳ ᠳ᠋ᠠᠰᠢᠴᠡᠷᠡᠨᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号