ᠢᠮᠢᠨ ᠭᠤᠤᠯ ᠤᠨ ᠳᠡᠨᠵᠢᠨ ᠳᠠᠬᠢ ᠦᠭᠡᠯᠡᠳᠴᠤᠳ ᠤᠨ ᠲᠤᠬᠠᠢ
ᠨᠡᠶᠢᠲᠡᠯᠡᠭᠰᠡᠨ ᠴᠠᠭ᠄
2020/3/13
ᠪᠢ ᠠᠵᠠ ᠪᠠᠷ ᠤᠢᠢᠷᠠᠳ ᠮᠤᠩᠭᠤᠯ ᠤᠨ ᠳᠡᠦᠭᠡ ᠰᠤᠶᠤᠯ ᠤᠨ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ ᠳᠤ ᠤᠷᠤᠯᠴᠠᠵᠤ᠂ ᠳᠡᠦᠭᠡᠨ ᠳᠤ ᠠᠯᠳᠠᠷᠳᠠᠢ ᠳᠦᠷᠪᠡᠨ ᠤᠢᠢᠷᠠᠳ ᠤᠨ ᠬᠤᠯᠪᠤᠭᠠᠨ ᠤ ᠳᠠᠰᠤᠷᠬᠠᠢ ᠪᠤᠯᠤᠭᠰᠠᠨ ᠭᠦᠯᠦᠨ ᠪᠤᠶᠢᠷ ᠤᠨ ᠦᠭᠡᠯᠡᠳ ᠤᠨ ᠳᠤᠬᠠᠢ ᠦᠵᠡᠵᠤ ᠰᠤᠨᠤᠰᠤᠭᠰᠠᠨ ᠢᠶᠠᠨ ᠲᠤᠰ ᠪᠦᠲᠦᠭᠡᠯ ᠢᠶᠠᠷ ᠢᠶᠠᠨ ᠳᠠᠮᠵᠢᠭᠤᠯᠵᠤ ᠤᠩᠰᠢᠬᠴᠢᠳ ᠲᠠᠭᠠᠨ ᠳᠤᠯᠢᠳᠠᠭᠤᠯᠬᠤ ᠶᠢ ᠵᠤᠷᠢᠯ᠎ᠠ᠃ ᠨᠢᠭᠡ᠂ ᠭᠦᠯᠦᠨ ᠪᠤᠶᠢᠷ ᠤᠨ ᠦᠭᠡᠯᠡᠳ ᠶᠠᠰᠤᠳᠠᠨ ᠤ ᠳᠡᠦᠭᠡᠨ ᠢᠷᠡᠯᠳᠡ ᠡᠸᠡᠩᠭᠢ ᠦᠨᠳᠦᠰᠦᠳᠡᠨ ᠤ ᠦᠪᠠᠷᠳᠡᠭᠡᠨ ᠵᠠᠰᠠᠬᠤ ᠬᠤᠰᠢᠭᠤᠨ ᠤ ᠳᠦᠪ ᠠᠴᠠ ᠤᠷᠤᠭᠰᠢ ᠵᠠᠭᠤᠨ ᠺᠢᠯᠤᠮᠧᠲᠷ ᠤᠨ ᠤᠷᠴᠢᠮ ᠳᠤ ᠪᠠᠯᠴᠢᠭᠡᠷ ᠡᠪᠡᠰᠤ ᠰᠠᠶᠢᠳᠠᠢ᠂ ᠮᠤᠳᠤ ᠰᠢᠭᠤᠢ ᠦᠯᠡᠮᠵᠢ᠂ ᠵᠢᠭᠠᠰᠤ ᠭᠦᠷᠦᠭᠡᠰᠤ ᠡᠯᠪᠡᠭ ᠪᠠᠶᠠᠯᠢᠭ ᠮᠠᠯᠵᠢᠬᠤ ᠨᠤᠳᠤᠭ ᠪᠠᠶᠢᠵᠦ᠂ ᠠᠳᠡ ᠨᠢᠭᠡ ᠪᠦᠯᠦᠭ ᠦᠭᠡᠯᠡᠳᠴᠤᠳ ᠠᠵᠤ ᠳᠦᠷᠦᠵᠤ ᠪᠤᠢ᠃ ᠠᠳᠡᠭᠢ ᠦᠭᠡᠯᠡᠳᠴᠤᠳ ᠢᠮᠢᠨ ᠭᠤᠤᠯ ᠤᠨ ᠭᠦᠪᠡᠭᠡᠨ ᠳᠤ ᠨᠤᠳᠤᠭᠰᠢᠭᠰᠠᠨ ᠳᠤᠯᠠ ᠢᠮᠢᠨ ᠭᠤᠤᠯ ᠤᠨ ᠨᠠᠷ᠎ᠠ ᠪᠠᠷ ᠡᠨᠡ ᠨᠤᠳᠤᠭ ᠢ ᠤᠳᠤ ︽ᠢᠮᠢᠨ ᠰᠤᠮᠤ︾ ᠭᠡᠵᠦ ᠪᠠᠶᠢᠨ᠎ᠠ᠃ ᠢᠮᠢᠨ ᠭᠤᠤᠯ ᠤᠨ ᠳᠡᠨᠵᠢᠨ ᠳᠤ ᠠᠵᠤ ᠳᠦᠷᠦᠵᠦ ᠪᠠᠶᠢᠭ᠎ᠠ ᠦᠭᠡᠯᠡᠳᠴᠤᠳ ᠢ ᠬᠠᠭᠤᠴᠢᠨ ᠦᠭᠡᠯᠡᠳ ᠪᠠ ᠰᠢᠨ᠎ᠠ ᠦᠭᠡᠯᠡᠳ ᠭᠡᠵᠦ ᠬᠤᠪᠢᠶᠠᠳᠠᠭ᠃ ᠬᠠᠭᠤᠴᠢᠨ ᠦᠭᠡᠯᠡᠳ ᠪᠤᠯ 1732 ᠤᠨ ᠳᠤ ᠠᠳᠡ ᠨᠡᠭᠦᠳᠡᠯᠯᠡᠨ ᠢᠷᠡᠭᠰᠡᠳ᠂ ᠳᠤᠬᠠᠢᠢᠯᠠᠪᠠᠯ 1697 ᠤᠨ ᠤ ᠪᠢᠯᠢᠭ ᠤᠨ ᠤᠯᠠᠷᠢᠯ ᠤᠨ ᠢᠯᠡᠭᠦᠤ ᠭᠤᠷᠪᠠᠨ ᠰᠠᠷ᠎ᠠ ᠶᠢᠨ ᠠᠷᠪᠠᠨ ᠭᠤᠷᠪᠠᠨ ᠳᠤ ᠵᠦᠩᠭᠠᠷ ᠬᠠᠭᠠᠨᠳᠤ ᠤᠯᠤᠰ ᠤᠨ ᠭᠠᠯᠳᠠᠨ ᠪᠤᠱᠤᠭᠳᠤ ᠬᠠᠭᠠᠨ ᠨᠠᠰᠤ ᠪᠠᠷᠠᠭᠰᠠᠨ ᠳᠤ ᠳᠡᠭᠦᠨ ᠤ ᠳᠤᠤᠷᠠᠭᠢ ᠭᠦᠮᠦᠰ ᠦᠮᠦᠭ ᠳᠦᠰᠢᠭ ᠢᠶᠠᠨ ᠠᠯᠳᠠᠵᠦ᠂ ᠭᠡᠰᠡᠭ ᠪᠦᠯᠦᠭ ᠢᠶᠠᠷ ᠵᠦᠭ ᠵᠦᠭ ᠲᠡᠭᠡᠨ ᠪᠤᠳᠠᠷᠠᠵᠦ ᠡᠭᠢᠯᠡᠵᠡᠢ᠃ ᠡᠭᠦᠨ ᠳᠤ ᠳᠡᠨᠵᠢᠨ ᠠᠷᠡᠪᠳᠠᠨ ᠭᠡᠭᠴᠢ ᠨᠤᠶᠠᠨ ᠦᠪᠠᠷ ᠤᠨ ᠬᠠᠷᠢᠶᠠᠳᠤ 200 ᠭᠠᠷᠤᠢ ᠡᠷᠦᠭᠡ ᠶᠢᠨ ᠴᠡᠷᠢᠭ ᠠᠷᠠᠳ ᠢᠶᠠᠨ ᠳᠠᠭᠠᠭᠤᠯᠵᠤ᠂ ᠬᠠᠯᠬ᠎ᠠ ᠶᠢᠨ ᠳᠦᠢᠨ ᠭᠤᠤᠯ ᠳᠤ ᠢᠷᠠᠵᠦ ᠨᠤᠳᠤᠭᠯᠠᠪᠠ᠃ ᠡᠭᠦᠨ ᠳᠤ ᠮᠠᠨᠵᠦ ᠶᠢᠨ ᠡᠩᠭᠡ ᠠᠮᠤᠭᠤᠯᠠᠩ ᠬᠠᠭᠠᠨ ᠤᠯᠠᠨᠳᠠ ᠡᠯᠴᠢ ᠪᠠ ᠪᠢᠴᠢᠭ ᠢᠯᠡᠭᠡᠵᠦ᠂ ᠳᠠᠨᠵᠢᠨ ᠠᠷᠠᠪᠳᠠᠨ ᠢ ᠤᠷᠤᠭᠤᠯᠵᠦ ᠠᠪᠬᠤ ᠭᠡᠪᠡ᠃ ᠭᠡᠪᠡᠴᠤ ᠳᠠᠨᠵᠢᠨ ᠠᠷᠠᠪᠳᠠᠨ ᠳᠤᠬᠠᠢ ᠶᠢᠨ ᠦᠶ᠎ᠠ ᠳᠤ ᠤᠷᠤᠵᠦ ᠦᠭᠭᠦᠭᠰᠡᠨ ᠦᠭᠡᠢ᠂ ᠬᠠᠷᠢᠨ ᠵᠢᠷᠭᠤᠭᠠᠨ ᠵᠢᠯ ᠤᠨ ᠳᠠᠷᠠᠭ᠎ᠠ ᠮᠠᠨᠵᠦ ᠴᠢᠩ ᠢ ᠳᠠᠭᠠᠬᠤ ᠪᠠᠨ ᠢᠯᠡᠷᠭᠡᠶᠢᠯᠡᠭᠰᠡᠨ ᠳᠤ ᠡᠩᠭᠡ ᠠᠮᠤᠭᠤᠯᠠᠩ ᠬᠠᠭᠠᠨ ᠶᠡᠭᠡᠳᠡ ᠪᠠᠶᠠᠷᠯᠠᠨ ᠬᠠᠯᠠᠭᠤᠨ ᠢᠶᠠᠷ ᠤᠭᠳᠤᠵᠦ᠂ ᠳᠡᠭᠦᠨ ᠢ ᠳᠦᠷᠦ ᠶᠢᠨ ᠵᠢᠶᠦ᠋ᠨ ᠸᠠᠩ ᠡᠷᠭᠦᠮᠵᠢᠯᠡᠵᠦ᠂ ᠬᠠᠯᠬ᠎ᠠ ᠶᠢᠨ ᠳᠦᠢᠨ ᠭᠤᠤᠯ ᠳᠤ ᠨᠤᠳᠤᠭ ᠵᠢᠭᠠᠵᠦ ᠦᠭᠭᠦᠭᠰᠡᠨ ᠤ ᠬᠠᠮᠳᠤ ᠡᠩᠭᠡ ᠠᠮᠤᠭᠤᠯᠠᠩ ᠤᠨ ᠳᠦᠴᠢᠨ ᠬᠤᠶᠠᠳᠤᠭᠠᠷ ᠤᠨ ︵1703 ᠤᠨ︶ ᠳᠤ ᠵᠠᠰᠠᠭ ᠱᠠᠩᠨᠠᠵᠦ ᠦᠭᠡᠯᠡᠳ ᠢ ᠨᠢᠭᠡ ᠬᠤᠰᠢᠭᠤ ᠪᠤᠯᠭᠠᠵᠠᠢ᠃ ᠳᠤᠬᠠᠢ ᠶᠢᠨ ᠵᠢᠯ ᠳᠡᠨᠵᠢᠨ ᠠᠷᠠᠪᠳᠠᠨ ᠨᠠᠰᠤ ᠪᠠᠷᠠᠭᠰᠠᠨ ᠳᠤ ᠳᠡᠭᠦᠨ ᠤ ᠤᠤᠭᠠᠨ ᠭᠦᠪᠡᠭᠦᠨ ᠴᠡᠷᠡᠩᠸᠠᠩᠪᠤ ᠳᠤ ᠵᠢᠶᠦ᠋ᠨ ᠸᠠᠩ ᠭᠡᠷᠭᠡᠮ ᠢ ᠵᠠᠯᠭᠠᠮᠵᠢᠯᠠᠭᠤᠯᠵᠦ᠂ ᠬᠤᠶᠠᠳᠤᠭᠠᠷ ᠭᠦᠪᠡᠭᠦᠨ ᠰᠤᠪᠳᠠᠨᠸᠠᠩᠪᠤ ᠶᠢ ᠬᠤᠱᠤᠢ ᠡᠹᠥ᠋ ᠡᠷᠭᠦᠮᠵᠢᠯᠡᠵᠡᠢ᠃ ᠨᠠᠶᠢᠷᠠᠯᠳᠤ ᠳᠦᠪ ᠤᠨ ᠵᠢᠷᠭᠤᠳᠤᠭᠠᠷ ᠤᠨ ︵1728 ᠤᠨ︶ ᠤ ᠬᠠᠪᠤᠷ ᠴᠡᠷᠡᠩᠸᠠᠩᠪᠤ᠂ ᠰᠤᠪᠳᠡᠨᠸᠠᠩᠪᠤ ᠨᠠᠷ ᠬᠠᠷᠢᠶᠠᠳᠤ ᠪᠠᠨ ᠳᠠᠭᠠᠭᠤᠯᠤᠨ ᠬᠠᠯᠬ᠎ᠠ ᠭᠤᠤᠯ ᠤᠷᠤᠭᠤ ᠨᠡᠭᠦᠭᠦ ᠭᠡᠵᠦ ᠪᠠᠶᠢᠳᠠᠯ᠎ᠠ ᠵᠦᠩᠭᠠᠷ ᠤᠨ ᠳᠦᠷᠦᠭᠦᠤ ᠭᠠᠯᠳᠠᠨᠴᠡᠷᠡᠨ ᠭᠦᠴᠦᠷᠭᠡᠭᠵᠢᠭᠰᠡᠨ ᠴᠢᠮᠡᠭᠡ ᠪᠠᠷ ᠴᠡᠷᠡᠩᠸᠠᠩᠪᠤ ᠬᠠᠯᠬ᠎ᠠ ᠭᠤᠤᠯ ᠤᠷᠤᠭᠤ ᠨᠡᠭᠦᠭᠦ ᠪᠠᠨ ᠪᠤᠯᠢᠵᠦ᠂ ᠦᠭᠡᠯᠡᠳ ᠬᠤᠰᠢᠭᠤᠨ ᠤ ᠬᠠᠷᠢᠶᠠᠳᠤ ᠳᠦᠮᠡᠨ ᠪᠠ 500 ᠭᠠᠷᠤᠢ ᠴᠡᠷᠢᠭ ᠢᠶᠠᠨ ᠳᠠᠭᠠᠭᠤᠯᠵᠦ ᠮᠠᠨᠵᠦ ᠠᠴᠠ ᠤᠷᠪᠠᠨ ᠭᠠᠯᠳᠠᠨᠴᠡᠷᠡᠨ ᠲᠠᠢ ᠨᠡᠶᠢᠯᠡᠭᠦ ᠪᠠᠷ ᠶᠠᠪᠤᠵᠠᠢ᠃ ᠳᠠᠷᠠᠭ᠎ᠠ ᠵᠢᠯ ᠨᠢ ᠨᠠᠶᠢᠷᠠᠯᠳᠤ ᠳᠦᠪ ᠬᠠᠭᠠᠨ ᠨᠢᠭᠤᠷ ᠳᠡᠭᠡᠷ᠎ᠠ ᠪᠠᠨ ᠴᠡᠷᠡᠩᠸᠠᠩᠪᠤ ᠶᠢᠨ ᠤᠷᠪᠠᠭᠰᠠᠨ ᠶᠠᠪᠤᠳᠠᠯ ᠢ ᠤᠭᠳᠤ ᠳᠤᠷᠠᠳᠬᠤ ᠦᠭᠡᠢ ᠪᠠᠷ ᠳᠡᠭᠦᠨ ᠤ ᠵᠢᠶᠦ᠋ᠨ ᠸᠠᠩ ᠭᠡᠷᠭᠡᠮ ᠢ ᠰᠤᠪᠳᠡᠨᠸᠠᠩᠪᠤ ᠳᠤ ᠵᠠᠯᠭᠠᠮᠵᠢᠯᠠᠭᠤᠯᠤᠭᠰᠠᠨ ᠪᠤᠯᠪᠠᠴᠤ ᠳᠤᠳᠤᠷ᠎ᠠ ᠪᠠᠨ ᠰᠡᠵᠢᠭᠯᠡᠯ ᠲᠠᠢ ᠪᠤᠯᠵᠤ᠂ ᠡᠳᠡᠭᠡᠷ ᠦᠭᠡᠯᠡᠳ ᠢ ᠵᠦᠩᠭᠠᠷ ᠤᠨ ᠨᠤᠳᠤᠭ ᠠᠴᠠ ᠤᠯᠠᠮ ᠬᠤᠯᠠᠳᠠᠭᠤᠯᠵᠦ᠂ ᠳᠤᠳᠤᠭᠰᠢ ᠨᠡᠭᠦᠯᠭᠡᠨ ᠪᠤᠳᠠᠷᠠᠭᠠᠵᠦ ᠭᠦᠴᠦᠨ ᠢ ᠰᠠᠯᠭᠠᠨ ᠬᠠᠷᠢᠴᠠᠭ᠎ᠠ ᠬᠤᠯᠪᠤᠭ᠎ᠠ ᠶᠢ ᠨᠢ ᠳᠠᠰᠤᠯᠬᠤ ᠪᠠᠷ ᠪᠤᠳᠤᠵᠦ ᠪᠠᠶᠢᠵᠠᠢ᠃ ᠳᠡᠭᠡᠭᠦ ᠳᠤ ᠰᠤᠪᠳᠡᠨᠸᠠᠩᠪᠤ ᠦᠭᠡᠯᠡᠳ ᠤᠨ ᠤᠯᠠᠨ ᠢᠶᠠᠨ ᠳᠠᠭᠠᠭᠤᠯᠤᠨ ᠬᠠᠯᠬ᠎ᠠ ᠭᠤᠤᠯ ᠤᠷᠤᠭᠤ ᠨᠡᠭᠦᠵᠦ ᠪᠠᠶᠢᠭ᠎ᠠ ᠴᠢᠮᠡᠭᠡ ᠨᠢ ᠨᠠᠶᠢᠷᠠᠯᠳᠤ ᠳᠦᠪ ᠬᠠᠭᠠᠨ ᠤ ᠰᠠᠨᠠᠭᠠᠨ ᠳᠤ ᠴᠢᠪ ᠭᠡᠮᠡᠨ ᠨᠡᠶᠢᠴᠡᠵᠦ᠂ ᠰᠤᠪᠳᠡᠨᠸᠠᠩᠪᠤ ᠶᠢ ᠬᠠᠯᠬ᠎ᠠ ᠭᠤᠤᠯ ᠳᠤ ᠨᠤᠳᠤᠭ ᠵᠢᠭᠠᠵᠦ ᠰᠠᠭᠤᠯᠭᠠᠭᠰᠠᠨ ᠪᠤᠯᠪᠠᠴᠤ ᠪᠠᠷᠭᠤ ᠵᠡᠷᠭᠡ ᠨᠡᠭᠦᠳᠡᠯᠴᠢᠨ ᠮᠤᠩᠭᠤᠯᠴᠤᠳ ᠢᠷᠡᠭᠰᠡᠨ ᠢᠶᠠᠷ ᠨᠤᠳᠤᠭ ᠪᠡᠯᠴᠢᠭᠡᠷ ᠤᠨ ᠪᠤᠯᠢᠶᠠᠯᠳᠤᠭᠠᠨ ᠪᠤᠯᠵᠦ᠂ ᠰᠤᠪᠳᠡᠨᠸᠠᠩᠪᠤ ᠬᠠᠷᠢᠶᠠᠳᠤ ᠤᠯᠠᠨ ᠢᠶᠠᠨ ᠳᠠᠭᠠᠭᠤᠯᠤᠨ ᠦᠷᠭᠦᠯᠵᠢᠯᠡᠨ ᠨᠡᠭᠦᠵᠦ᠂ ᠭᠦᠯᠦᠨ ᠪᠤᠶᠢᠷ ᠲᠤ ᠭᠦᠷᠴᠤ ᠢᠷᠡᠭᠰᠡᠨ ᠪᠠᠶᠢᠨ᠎ᠠ᠃ ᠡᠨᠡ ᠪᠦᠯᠦᠭ ᠦᠭᠡᠯᠡᠳ ᠵᠦᠩᠭᠠᠷ ᠪᠤᠯᠤᠨ ᠴᠢᠩ ᠤᠯᠤᠰ ᠤᠨ ᠳᠠᠶᠢᠨ ᠪᠠᠶᠢᠯᠳᠤᠭᠠᠨ ᠤ ᠳᠤᠮᠳᠠ ᠵᠦᠩᠭᠠᠷ ᠠᠴᠠ ᠳᠠᠰᠤᠷᠠᠨ ᠳᠦᠢᠨ ᠭᠤᠤᠯ ᠠᠴᠠ ᠬᠠᠯᠬ᠎ᠠ ᠭᠤᠤᠯ ᠳᠤ᠂ ᠬᠠᠯᠬ᠎ᠠ ᠭᠤᠤᠯ ᠠᠴᠠ ᠭᠦᠯᠦᠨ ᠪᠤᠶᠢᠷ ᠲᠤ ᠨᠡᠭᠦᠳᠡᠯᠯᠡᠨ ᠢᠷᠡᠭᠡᠳ ᠰᠢᠨᠡᠭᠡᠨ ᠭᠤᠤᠯ ᠠᠴᠠ ᠤᠷᠤᠭᠰᠢ ᠢᠮᠢᠨ ᠭᠤᠤᠯ ᠢ ᠦᠭᠰᠦᠨ ᠪᠢᠯᠡᠭᠦᠳᠤ ᠶᠢᠨ ᠦᠪᠤᠷ ᠭᠦᠷᠳᠡᠯ᠎ᠠ᠂ ᠵᠡᠭᠦᠨ ᠠᠴᠠ ᠪᠠᠷᠠᠭᠤᠨᠰᠢ ᠰᠢᠨᠡᠭᠡᠨ ᠭᠤᠤᠯ ᠤᠨ ᠭᠦᠭᠡ ᠴᠢᠯᠠᠭᠤ ᠠᠴᠠ ᠠᠭᠢᠳᠤ ᠶᠢᠨ ᠭᠦᠨᠳᠡᠢ ᠭᠦᠷᠳᠡᠯᠡᠭᠢ ᠦᠷᠭᠡᠨ ᠠᠭᠤᠳᠠᠮ ᠨᠤᠳᠤᠭ ᠳᠡᠭᠡᠷ᠎ᠠ ᠦᠵᠢ᠂ ᠵᠠᠢ ︵ᠨᠢᠭᠡᠳᠦᠭᠡᠷ ᠂ ᠬᠤᠶᠠᠳᠤᠭᠠᠷ ᠭᠡᠰᠡᠨ ᠤᠳᠬ᠎ᠠ ᠲᠠᠢ ᠮᠠᠨᠵᠦ ᠦᠭᠡ︶ ᠭᠡᠭᠦ ᠬᠤᠶᠠᠷ ᠰᠤᠮᠤ ᠲᠠᠢ ᠭᠦᠪᠡᠭᠡᠳᠤ ᠰᠢᠷ᠎ᠠ ᠦᠭᠡᠯᠡᠳ ᠬᠤᠰᠢᠭᠤ ᠪᠤᠯᠵᠦ ᠪᠦᠷᠢᠯᠳᠤᠵᠡᠢ᠃ ᠡᠨᠡ ᠪᠤᠯ ᠭᠦᠯᠦᠨ ᠪᠤᠶᠢᠷ ᠲᠠᠬᠢ ᠬᠠᠭᠤᠴᠢᠨ ᠦᠭᠡᠯᠡᠳ ᠤᠨ ᠢᠷᠠᠯᠳᠠ ᠮᠦᠨ᠃ ᠡᠭᠦᠨ ᠤ ᠳᠠᠷᠠᠭ᠎ᠠ᠂ ᠳᠤᠬᠠᠢᠢᠯᠠᠪᠠᠯ ᠳᠡᠭᠷᠢ ᠳᠡᠳᠭᠦᠭᠴᠢ ᠶᠢᠨ ᠳᠠᠪᠢᠨ ᠳᠠᠪᠤᠳᠤᠭᠠᠷ ᠤᠨ ︵1790 ᠤᠨ︶ ᠳᠤ ᠳᠦᠷᠪᠡᠳ ᠠᠶᠢᠮᠠᠭ ᠤᠨ ᠳᠠᠶᠢᠵᠢ ᠪᠦᠳᠦᠭᠦ᠂ ᠪᠦᠷᠢᠨ᠂ ᠪᠠᠶᠢᠯᠭᠠᠰ ᠪᠠ ᠭᠠᠯᠵᠢᠳ ᠠᠶᠢᠮᠠᠭ ᠤᠨ ᠳᠠᠶᠢᠵᠢ ᠳᠠᠰᠢᠵᠡᠪ ᠵᠢᠴᠢ ᠮᠢᠩᠭᠠᠳ ᠠᠶᠢᠮᠠᠭ ᠤᠨ ᠳᠠᠶᠢᠵᠢ ᠳᠤᠮᠴᠢ᠂ ᠪᠦᠵᠦᠷᠡᠢ ᠨᠠᠷ ᠤᠨ ᠳᠠᠭᠠᠭᠤᠯᠭ᠎ᠠ ᠪᠠᠷ ᠨᠡᠭᠦᠳᠡᠯᠯᠡᠨ ᠢᠷᠡᠭᠰᠡᠨ ᠭᠤᠷᠪᠠᠨ ᠠᠶᠢᠮᠠᠭ ᠤᠨ ᠭᠦᠮᠦᠰ ᠢ ᠰᠢᠨ᠎ᠠ ᠦᠭᠡᠯᠡᠳ ᠭᠡᠵᠦ᠂ ᠤᠤᠯ ᠤᠨ ᠦᠵᠢ᠂ ᠵᠠᠢ ᠬᠤᠶᠠᠷ ᠰᠤᠮᠤᠨ ᠳᠤ ᠳᠡᠭᠰᠢᠳᠭᠡᠨ ᠬᠤᠪᠢᠶᠠᠵᠦ ᠰᠠᠭᠤᠷᠢᠰᠢᠭᠤᠯᠤᠭᠰᠠᠨ ᠪᠠᠶᠢᠨ᠎ᠠ᠃ ᠬᠤᠶᠠᠷ᠂ ᠤᠢᠢᠷᠠᠳ ᠮᠤᠩᠭᠤᠯ ᠤᠨ ᠳᠡᠦᠭᠡ ᠰᠤᠶᠤᠯ ᠰᠤᠳᠤᠯᠬᠤ ᠬᠤᠷᠠᠯ ᠤᠨ ᠵᠢᠰᠢᠶᠡᠨ ᠤ ᠫᠠᠶᠢᠰᠠ ᠤᠢᠢᠷᠠᠳ ᠮᠤᠩᠭᠤᠯ ᠤᠨ ᠳᠡᠦᠭᠡ ᠰᠤᠶᠤᠯ ᠤᠨ ᠡᠷᠳᠡᠮ ᠰᠢᠨᠵᠢᠯᠡᠭᠡᠨ ᠤ ᠶᠠᠷᠢᠯᠴᠠᠬᠤ ᠬᠤᠷᠠᠯ ᠳᠤ ᠭᠦᠯᠦᠨ ᠪᠤᠶᠢᠷ ᠬᠤᠳᠠ ᠶᠢᠨ ᠦᠭᠡᠯᠡᠳ ᠤᠨ ᠳᠡᠦᠭᠡ ᠰᠤᠶᠤᠯ ᠰᠤᠳᠤᠯᠬᠤ ᠨᠡᠶᠢᠭᠡᠮᠯᠢᠭ ᠠᠴᠠ ᠤᠢᠢᠷᠠᠳ ᠮᠤᠩᠭᠤᠯ ᠤᠨ ᠳᠡᠦᠭᠡ ᠰᠤᠶᠤᠯ ᠰᠤᠳᠤᠯᠬᠤ ᠬᠤᠷᠠᠯ ᠤᠨ ᠵᠢᠰᠢᠶᠠᠨ ᠤ ᠫᠠᠶᠢᠰᠠ ᠶᠢ ᠭᠢᠵᠦ ᠦᠭᠭᠦᠭᠰᠡᠨ ᠨᠢ ᠤᠨᠴᠠ ᠲᠤᠷᠠᠰᠤᠭᠤᠰᠢᠳᠠᠢ ᠶᠠᠪᠤᠳᠠᠯ ᠮᠦᠨ᠃ ᠳᠤᠰ ᠫᠠᠶᠢᠰᠠ ᠶᠢ ︽ᠮᠦᠩᠭᠦᠨ ᠭᠡᠷᠡᠭᠡ ᠳᠡᠭᠡᠷᠡᠭᠢ ᠪᠢᠴᠢᠭ︾ ᠭᠡᠵᠦ ᠳᠡᠦᠭᠡᠨ ᠳᠤ ᠳᠡᠮᠳᠡᠭᠯᠡᠵᠦ ᠪᠠᠶᠢᠭ᠎ᠠ ᠪᠦᠭᠡᠳ 1845 ᠤᠨ ᠳᠤ ᠤᠷᠤᠰ ᠤᠨ ᠳᠤᠨᠢᠫᠧᠷ ᠮᠦᠷᠡᠨ ᠤ ᠤᠷᠴᠢᠮ ᠠᠴᠠ ᠤᠯᠤᠭᠰᠠᠨ ᠤᠢᠢᠭᠤᠷᠵᠢᠨ ᠮᠤᠩᠭᠤᠯ ᠪᠢᠴᠢᠭ ᠲᠠᠢ ᠮᠦᠩᠭᠦᠨ ᠭᠡᠷᠡᠭᠡ ︵ᠫᠠᠶᠢᠰᠠ ᠶᠢ ᠡᠷᠳᠡᠨ ᠤ ᠮᠤᠩᠭᠤᠯ ᠭᠡᠯᠡᠨ ᠳᠤ ︽ᠭᠡᠷᠡᠭᠡ︾ ᠭᠡᠵᠤ ᠪᠠᠶᠢᠵᠠᠢ᠂ ᠡᠭᠦᠨ ᠢ ᠵᠠᠰᠠᠭ ᠤᠨ ᠭᠠᠵᠠᠷ ᠠᠴᠠ ᠴᠡᠷᠢᠭ ᠤᠨ ᠨᠤᠶᠠᠨ ᠳᠤ ᠪᠤᠶᠤ ᠡᠯᠴᠢᠨ ᠳᠤ ᠤᠯᠭᠤᠵᠦ ᠳᠡᠳᠡᠨ ᠤ ᠵᠡᠷᠭᠡ ᠭᠡᠷᠭᠡᠮ᠂ ᠡᠷᠭᠡ ᠳᠤᠰᠢᠶᠠᠯ ᠢ ᠦᠵᠡᠭᠦᠯᠭᠦ ᠳᠤ ᠭᠡᠷᠡᠭᠯᠡᠳᠡᠭ︶ ᠶᠢ ᠳᠠᠭᠤᠷᠢᠶᠠᠯᠭᠠᠵᠦ ᠬᠤᠶᠠᠷ ᠵᠢᠩ ᠰᠢᠬᠠᠮ ᠮᠦᠩᠭᠦ ᠪᠠᠷ ᠴᠢᠳᠬᠤᠵᠦ ᠭᠢᠭᠰᠡᠨ ᠪᠠᠶᠢᠨ᠎ᠠ᠃ ᠫᠠᠶᠢᠰᠠ ᠶᠢᠨ ᠡᠮᠦᠨ᠎ᠠ ᠳᠠᠯ᠎ᠠ ᠳᠤᠨᠢ ︽ᠤᠢᠢᠷᠠᠳ ᠰᠤᠳᠤᠯᠤᠯ︾ ᠭᠡᠰᠡᠨ ᠦᠰᠦᠭ ᠲᠠᠢ᠂ ᠠᠷᠤ ᠳᠠᠯ᠎ᠠ ᠳᠤᠨᠢ ︽ᠤᠢᠢᠷᠠᠳ ᠮᠤᠩᠭᠤᠯ ᠤᠨ ᠳᠡᠦᠭᠡ ᠰᠤᠶᠤᠯ ᠰᠤᠳᠤᠯᠬᠤ ᠬᠤᠷᠠᠯ ᠤᠨ ᠵᠢᠰᠢᠶᠡᠨ ᠤ ᠫᠠᠶᠢᠰᠠ / ᠳᠡᠮ ᠳᠡᠮ ᠳᠡᠭᠡᠨ ᠳᠡᠭᠡᠰᠤ ᠡᠷᠴᠢᠮ ᠳᠡᠭᠡᠨ / ᠦᠪᠤᠷ ᠮᠤᠩᠭᠤᠯ ᠤᠨ ᠭᠦᠯᠦᠨ ᠪᠤᠶᠢᠷ ᠬᠤᠳᠠ ᠶᠢᠨ ᠦᠭᠡᠯᠡᠳ ᠤᠨ ᠳᠡᠦᠭᠡ ᠰᠤᠶᠤᠯ ᠰᠤᠳᠤᠯᠬᠤ ᠨᠡᠶᠢᠭᠡᠮᠯᠢᠭ ᠠᠴᠠ 2009 ᠤᠨ ᠤ 7 ᠰᠠᠷ᠎ᠠ ᠶᠢᠨ 17 ᠤ ᠦᠯᠵᠡᠶᠢᠳᠤ ᠡᠳᠦᠷ︾ ᠭᠡᠰᠡᠨ ᠦᠰᠦᠭ ᠲᠠᠢ᠃ ᠡᠨᠡ ᠪᠤᠯ ᠭᠦᠯᠦᠨ ᠪᠤᠶᠢᠷ ᠤᠨ ᠦᠭᠡᠯᠡᠳᠴᠤᠳ ᠤᠨ ᠪᠦᠭᠦ ᠤᠯᠤᠰ ᠤᠨ ᠤᠢᠢᠷᠠᠳ ᠮᠤᠩᠭᠤᠯ ᠤᠨ ᠳᠡᠦᠭᠡ ᠰᠤᠶᠤᠯ ᠤᠨ ᠳᠤᠬᠠᠢ ᠰᠤᠳᠤᠯᠭᠠᠨ ᠦᠷᠭᠦᠯᠵᠢᠯᠡᠨ᠂ ᠨᠡᠩ ᠭᠦᠭᠵᠢᠩᠭᠦᠢ᠂ ᠨᠡᠩ ᠠᠮᠵᠢᠯᠳᠠ ᠲᠠᠢ ᠶᠠᠪᠤᠭᠳᠠᠬᠤ ᠶᠢ ᠵᠦᠩᠨᠡᠨ ᠪᠡᠯᠭᠡᠳᠡᠭᠰᠡᠨ ᠨᠠᠨᠳᠢᠨ ᠳᠤᠷᠠᠰᠬᠠᠯᠳᠤ ᠭᠠᠯ ᠵᠠᠩᠭᠢᠶ᠎ᠠ ᠪᠤᠯᠬᠤ ᠶᠤᠮ᠃ ᠭᠤᠷᠪᠠ᠂ ᠭᠦᠯᠦᠨ ᠪᠤᠶᠢᠷ ᠤᠨ ᠦᠭᠡᠯᠡᠳ ᠠᠷᠠᠳ ᠤᠨ ᠰᠤᠶᠤᠯ ᠤᠷᠠᠯᠢᠭ ᠭᠦᠯᠦᠨ ᠪᠤᠶᠢᠷ ᠤᠨ ᠦᠭᠡᠯᠡᠳ ᠠᠷᠠᠳ ᠤᠨ ᠳᠠᠭᠤᠤ ᠤᠷᠠᠯᠢᠭ ᠨᠢ ᠤᠢᠢᠷᠠᠳ ᠮᠤᠩᠭᠤᠯ ᠤᠨ ᠢᠵᠠᠭᠤᠷ ᠤᠷᠠᠯᠢᠭ ᠢ ᠳᠤᠪᠤᠶᠢᠯᠭᠠᠭᠰᠠᠨ ᠪᠦᠭᠡᠳ ᠨᠤᠳᠤᠭ ᠤᠰᠤ᠂ ᠠᠪᠤ ᠡᠵᠢ᠂ ᠦᠨᠳᠦᠰᠦᠳᠡᠨ ᠶᠠᠰᠤᠳᠠᠨ ᠢᠶᠠᠨ ᠰᠠᠨᠠᠵᠦ ᠮᠦᠷᠦᠭᠡᠳᠦᠭᠰᠡᠨ᠂ ᠬᠠᠶᠢᠷᠠᠯᠠᠵᠦ ᠮᠠᠭᠳᠠᠭᠰᠠᠨ ᠠᠭᠤᠯᠭ᠎ᠠ ᠪᠠᠷ ᠭᠤᠤᠯᠯᠠᠵᠦ ᠪᠠᠶᠢᠳᠠᠭ᠃ ᠵᠢᠱᠢᠶᠡᠯᠡᠪᠡᠯ᠂ ︽ᠵᠠᠩᠭᠠᠷ ᠤᠨ ᠮᠠᠭᠳᠠᠭᠠᠯ︾᠂ ︽ᠰᠠᠪᠠᠷᠳᠡᠩ︾ ᠪᠦᠵᠢᠭ ᠵᠡᠷᠭᠡ ᠨᠢ ᠤᠢᠢᠷᠠᠳ ᠮᠤᠩᠭᠤᠯ ᠤᠨ ᠢᠵᠠᠭᠤᠷ ᠤᠷᠠᠯᠢᠭ ᠤᠨ ᠦᠪᠠᠷᠮᠢᠴᠡ ᠭᠡᠪ ᠨᠠᠮᠪᠠ ᠶᠢ ᠭᠠᠶᠢᠬᠠᠭᠤᠯᠤᠭᠰᠠᠨ ᠪᠤᠯ᠂ ︽ᠰᠤᠬᠠᠢ ᠮᠤᠳᠤᠨ ᠤ ᠬᠠᠶᠢᠷ᠎ᠠ︾ ᠭᠡᠭᠦ ᠪᠦᠵᠢᠭ ᠨᠢ ᠤᠤᠭᠠᠯ ᠨᠤᠳᠤᠭ ᠠᠯᠳᠠᠢ ᠪᠠᠨ ᠰᠠᠨᠠᠭᠠᠯᠵᠠᠭᠰᠠᠨ ᠰᠡᠳᠭᠢᠯᠭᠡ ᠪᠠᠷ ᠪᠢᠯᠬᠠᠮ᠎ᠠ ᠪᠠᠶᠢᠳᠠᠭ᠃ ᠭᠦᠯᠦᠨ ᠪᠤᠶᠢᠷ ᠤᠨ ᠦᠭᠡᠯᠡᠳ ᠠᠯᠳᠠᠢ ᠳᠤ ᠪᠠᠶᠢᠬᠤ ᠳᠠᠭᠠᠨ ᠢᠬᠴᠤ ᠰᠠᠬᠤᠯᠢᠭ ᠰᠤᠬᠠᠢ ᠲᠠᠢ ᠭᠠᠵᠠᠷ ᠠᠮᠢᠳᠤᠷᠠᠵᠦ ᠪᠠᠶᠢᠭᠰᠠᠨ ᠭᠡᠨ᠎ᠠ᠃ ᠵᠡᠭᠦᠨᠰᠢ ᠨᠡᠭᠦᠳᠡᠯᠯᠡᠭᠦ ᠦᠶ᠎ᠠ ᠳᠤ ᠨᠢᠭᠡᠨ ᠭᠦᠮᠦᠨ ᠨᠤᠳᠤᠭ ᠢᠶᠠᠨ ᠰᠠᠨᠠᠭᠠᠯᠵᠠᠨ ᠰᠤᠬᠠᠢ ᠠᠴᠠ ᠪᠠᠨ ᠨᠢᠭᠡᠨ ᠮᠦᠴᠢᠷ ᠢ ᠤᠭᠳᠤᠯᠵᠦ ᠠᠪᠤᠭᠠᠳ ᠶᠠᠪᠤᠭᠰᠠᠨ ᠶᠤᠮ ᠪᠠᠶᠢᠨ᠎ᠠ᠃ ᠳᠠᠷᠠ ᠰᠤᠬᠠᠢ ᠨᠢ ᠭᠡᠳᠦᠨ ᠦᠶ᠎ᠠ ᠳᠠᠮᠵᠢᠨ ᠤᠯᠠᠮᠵᠢᠯᠠᠭᠳᠠᠨ ᠡᠳᠦᠭᠡ ᠦᠭᠡᠯᠡᠳ ᠮᠤᠩᠭᠤᠯ ᠤᠨ ᠵᠠᠩ ᠳᠠᠳᠬᠠᠯ ᠤᠨ ᠮᠦᠽᠸᠢ ᠳᠤ ᠬᠠᠳᠠᠭᠠᠯᠠᠵᠦ ᠪᠠᠶᠢᠨ᠎ᠠ᠃ ︽ᠰᠤᠬᠠᠢ ᠮᠤᠳᠤᠨ ᠤ ᠬᠠᠶᠢᠷ᠎ᠠ︾ ᠨᠢ ᠶᠠᠭ ᠡᠨᠡᠭᠦ ᠳᠡᠦᠭᠡᠳᠤ ᠤᠴᠢᠷ ᠢᠶᠠᠷ ᠰᠡᠳᠦᠪᠯᠡᠭᠰᠡᠨ ᠪᠦᠵᠢᠭ ᠶᠤᠮ᠃ ᠠᠯᠢ ᠡᠷᠳᠡ 1732 ᠤᠨ ᠳᠤ ᠡᠳᠡᠭᠡᠷ ᠦᠭᠡᠯᠡᠳᠴᠤᠳ ᠤᠨ ᠠᠩᠬ᠎ᠠ ᠭᠦᠯᠦᠨ ᠪᠤᠶᠢᠷ ᠲᠤ ᠢᠷᠡᠭᠦ ᠳᠡᠭᠡᠨ ᠨᠡᠭᠦᠯᠭᠡᠵᠦ ᠠᠪᠴᠢᠷᠠᠭᠰᠠᠨ ᠤᠪᠤᠭ᠎ᠠ — ︽ᠪᠠᠶᠠᠨ ᠬᠤᠰᠢᠭᠤ ᠤᠪᠤᠭ᠎ᠠ︾ ︵ᠰᠡᠭᠦᠯᠡᠷ ᠨᠢ ︽ᠡᠷᠳᠡᠨᠢ ᠪᠠᠳᠠᠷᠠᠬᠤ ᠤᠪᠤᠭ᠎ᠠ︾ ᠭᠡᠭᠦ ᠪᠤᠯᠤᠭᠰᠠᠨ︶ ᠪᠠᠨ ᠴᠠᠭ ᠳᠦᠷᠦ ᠶᠢᠨ ᠦᠢᠮᠡᠭᠡᠨ ᠳᠤ ᠳᠠᠭᠢᠬᠤ ᠪᠠᠨ ᠪᠤᠯᠢᠭᠰᠠᠨ ᠢ ᠨᠢ ᠭᠦᠯᠦᠨ ᠪᠤᠶᠢᠷ ᠤᠨ ᠦᠭᠡᠯᠡᠳ ᠮᠤᠩᠭᠤᠯ ᠤᠨ ᠰᠤᠶᠤᠯ ᠳᠡᠦᠭᠡ ᠶᠢ ᠰᠤᠳᠤᠯᠬᠤ ᠨᠡᠶᠢᠭᠡᠮᠯᠢᠭ ᠤᠨ ᠬᠢᠨ ᠤ ᠴᠢᠷᠮᠠᠶᠢᠯᠭ᠎ᠠ ᠪᠠᠷ 1986 ᠤᠨ ᠠᠴᠠ ᠰᠡᠷᠭᠦᠭᠡᠨ ᠳᠠᠭᠢᠵᠦ᠂ ᠤᠳᠤ ᠨᠡᠩ ᠴᠤ ᠰᠢᠨᠡᠳᠭᠡᠨ ᠵᠠᠰᠠᠵᠦ ᠶᠡᠭᠡ ᠪᠠᠷ ᠳᠠᠭᠢᠬᠤ ᠪᠤᠯᠤᠭᠰᠠᠨ ᠪᠠᠶᠢᠨ᠎ᠠ᠃ ᠡᠨᠡ ᠤᠪᠤᠭᠠᠨ ᠤ ᠭᠠᠵᠠᠷ ᠤᠨ ᠪᠠᠶᠢᠴᠠ ᠤᠨᠴᠠᠭᠠᠢ ᠪᠠᠶᠢᠵᠦ᠂ ᠳᠡᠭᠡᠷ᠎ᠠ ᠨᠢ ᠭᠠᠷᠪᠠᠯ ᠦᠭᠡᠯᠡᠳ ᠤᠨ ᠪᠦᠭᠦ ᠨᠤᠳᠤᠭ ᠦᠵᠡᠭᠳᠡᠳᠡᠭ ᠭᠡᠨ᠎ᠠ᠃ ᠦᠭᠡᠯᠠᠳ ᠮᠤᠩᠭᠤᠯ ᠤᠨ ᠵᠠᠩ ᠳᠠᠳᠬᠠᠯ ᠤᠨ ᠮᠦᠽᠸᠢ ᠳᠤ ᠪᠠᠰᠠ ᠦᠭᠡᠯᠡᠳ ᠮᠤᠩᠭᠤᠯᠴᠤᠳ ᠤᠨ ᠰᠤᠶᠤᠯ ᠤᠷᠠᠯᠢᠭ᠂ ᠱᠠᠰᠢᠨ ᠰᠢᠳᠦᠭᠡᠨ ᠭᠡᠭᠦ ᠬᠤᠶᠠᠷ ᠶᠡᠭᠡ ᠪᠦᠯᠦᠭ ᠬᠤᠪᠢᠶᠠᠨ᠂ ᠦᠰᠦᠭ ᠪᠢᠴᠢᠭ᠂ ᠭᠡᠷᠡᠯ ᠵᠢᠷᠤᠭ ᠵᠢᠴᠢ ᠳᠤᠷᠠᠰᠬᠠᠯᠳᠤ ᠪᠤᠳᠠᠰ ᠵᠡᠷᠭᠡ ᠭᠡᠯᠪᠡᠷᠢ ᠪᠠᠷ ᠭᠦᠯᠦᠨ ᠪᠤᠶᠢᠷ ᠤᠨ ᠦᠭᠡᠯᠡᠳᠴᠤᠳ ᠤᠨ 270 ᠭᠠᠷᠤᠢ ᠵᠢᠯ ᠤᠨ ᠳᠡᠦᠭᠡᠨ ᠤᠯᠠ ᠮᠦᠷ ᠢ ᠠᠮᠢᠳᠤ ᠳᠦᠷᠰᠦᠯᠢᠭ ᠢᠶᠠᠷ ᠤᠯᠠᠨ᠎ᠠ ᠬᠠᠷᠠᠭᠤᠯᠵᠦ ᠪᠠᠶᠢᠳᠠᠭ᠃ ᠶᠡᠷᠦᠨᠢ ᠭᠦᠯᠦᠨ ᠪᠤᠶᠢᠷ ᠲᠠᠬᠢ ᠦᠭᠡᠯᠡᠳᠴᠤᠳ ︽ᠠᠯᠳᠠᠢ ᠬᠠᠩᠭᠠᠢ ᠶᠢᠨ ᠡᠩᠭᠡᠷ ᠲᠤ ᠠᠳᠠᠨ ᠳᠡᠮᠡᠭᠡ ᠪᠤᠶᠢᠯᠠᠭᠤᠯᠤᠨ᠎ᠠ ᠠᠪᠤ ᠶᠢ ᠪᠠᠨ ᠭᠡᠵᠦ ᠪᠤᠳᠤᠬᠤ ᠳᠤ ᠠᠯᠠᠭ ᠨᠢᠳᠤ ᠮᠢᠨᠢ ᠮᠡᠯᠮᠡᠷᠡᠨ᠎ᠠ ᠡᠯᠡᠰᠤᠳᠤ ᠬᠠᠩᠭᠠᠢ ᠶᠢᠨ ᠡᠩᠭᠡᠷ ᠲᠤ ᠢᠩᠭᠡᠨ ᠳᠡᠮᠡᠭᠡ ᠪᠤᠶᠢᠯᠠᠭᠤᠯᠤᠨ᠎ᠠ ᠡᠵᠢ ᠶᠢ ᠪᠠᠨ ᠭᠡᠵᠦ ᠪᠤᠳᠤᠬᠤ ᠳᠤ ᠡᠷᠪᠡᠭᠡᠷ ᠨᠢᠳᠤ ᠮᠢᠨᠢ ᠮᠡᠯᠮᠡᠷᠡᠨ᠎ᠠ︾ ᠭᠡᠵᠦ ᠤᠤᠭᠠᠯ ᠨᠤᠳᠤᠭ ᠢᠶᠠᠨ ᠰᠠᠨᠠᠭᠠᠯᠵᠠᠨ ᠳᠠᠭᠤᠯᠠᠵᠦ ᠪᠠᠶᠢᠳᠠᠭ ᠢᠶᠠᠷ ᠪᠠᠷᠠᠬᠤ ᠦᠭᠡᠢ ︽ᠰᠢᠯᠢ ᠳᠡᠭᠡᠭᠦᠷ ᠪᠤᠳᠠᠩ ᠲᠠᠢ ᠰᠡᠷᠢᠭᠦᠨ ᠬᠠᠩᠭᠠᠢ ᠨᠤᠳᠤᠭ ᠮᠢᠨᠢ ᠴᠡᠩᠭᠡᠷ ᠭᠦᠭᠡ ᠬᠠᠷᠠᠭᠳᠠᠭᠠᠳ ᠪᠠᠶᠢᠳᠠᠭ ᠴᠡᠪᠡᠷᠭᠡᠨ ᠳᠤᠩᠭᠠᠯᠠᠭ ᠢᠮᠢᠨ ᠭᠤᠤᠯ ᠁︾ ᠭᠡᠭᠦᠴᠢᠯᠡᠨ ᠨᠤᠳᠤᠭᠰᠢᠨ ᠰᠠᠭᠤᠭ᠎ᠠ ᠤᠷᠤᠨ ᠢᠶᠠᠨ ᠴᠤ ᠮᠠᠭᠳᠠᠨ ᠳᠠᠭᠤᠯᠠᠳᠠᠭ᠂ ᠤᠳᠬ᠎ᠠ ᠰᠤᠶᠤᠯ ᠢᠶᠠᠨ ᠬᠠᠮᠠᠭᠠᠯᠠᠳᠠᠭ᠂ ᠦᠨᠳᠦᠰᠦᠳᠡᠨ ᠤᠭᠰᠠᠭ᠎ᠠ ᠳᠠᠭᠠᠨ ᠬᠠᠶᠢᠷᠠᠳᠠᠢ ᠭᠦᠮᠦᠰ ᠪᠤᠯᠤᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号