| | ᠠᠯᠠᠱᠠ ᠬᠤᠱᠤᠳ ᠮᠥᠰᠯᠢᠮᠴᠤᠳ ᠤᠨ ᠢᠷᠡᠯ ᠭᠠᠷᠤᠯ ᠤᠨ ᠲᠤᠬᠠᠢ ᠤᠢᠢᠷ᠎ᠠ ᠶᠢᠨ ᠵᠢᠯ ᠤᠨ ᠬᠡᠪᠯᠡᠯ ᠳᠤ ᠤᠯᠠᠨ | ᠶᠠᠩᠵᠤ ᠪᠠᠷ ᠲᠡᠮᠳᠡᠭᠯᠡᠪᠡ᠃ ᠡᠳᠡᠬᠡᠷ ᠢ ᠪᠠᠭᠴᠠᠯᠠᠪᠠᠯ ᠲᠠᠷᠤᠢ ᠲᠥᠷᠺ ᠭᠠᠷᠤᠯ ᠤᠨ ᠲᠠᠶᠢᠨ ᠤ ᠤᠯᠵᠠᠯᠠᠭᠳᠠᠭᠰᠠᠳ | ᠪᠤᠯᠤᠨ ᠠᠯᠠᠱᠠ ᠳᠤ ᠴᠠᠭᠠᠵᠢᠯᠠᠵᠤ ᠶᠠᠪᠤᠭ᠎ᠠ ᠮᠥᠰᠯᠢᠮᠴᠤᠳ ᠮᠤᠩᠭᠤᠯ ᠳᠤ ᠪᠠᠭᠳᠠᠵᠤ ᠢᠰᠯᠠᠮ ᠤᠨ ᠰᠢᠳᠤᠯᠬᠡᠳᠠᠢ | ᠮᠤᠩᠭᠤᠯ ᠬᠥᠮᠥᠨ ᠪᠤᠯᠵᠤ ᠪᠥᠷᠢᠯᠳᠦᠭᠰᠡᠨ ᠬᠡᠳᠡᠭ᠃ ᠬᠡᠭᠦ ᠳᠤ ᠬᠠᠷᠢᠨ ᠠᠯᠠᠱᠠ ᠬᠤᠱᠤᠳ ᠮᠤᠩᠭᠤᠯ | ᠮᠥᠰᠯᠢᠮᠴᠤᠳ ᠤᠨ ᠤᠯᠠᠩᠬᠢ ᠨᠢ ᠤᠤᠯ ᠠᠴᠠ ᠢᠰᠯᠠᠮ ᠤᠨ ᠱᠠᠰᠢᠨ ᠢ ᠰᠢᠳᠤᠳᠡᠭ ᠮᠤᠩᠭᠤᠯᠴᠤᠳ ᠠᠴᠠ ᠢᠷᠡᠯᠳᠠᠢ | ᠬᠡᠪᠡᠯ ᠨᠡᠩ ᠤᠨᠤᠪᠴᠢᠳᠠᠢ ᠮᠡᠳᠤ ᠰᠠᠨᠠᠭᠳᠠᠨ᠎ᠠ᠃ | ᠲᠡᠦᠬᠡ ᠰᠤᠷᠪᠤᠯᠵᠢ ᠠᠴᠠ ᠥᠵᠡᠪᠡᠯ ᠮᠤᠩᠭᠤᠯ ᠬᠥᠮᠥᠨ ᠢᠰᠯᠠᠮ ᠤᠨ ᠱᠠᠰᠢᠨ ᠢ ᠰᠢᠳᠥᠭᠰᠡᠨ ᠨᠢ ᠶᠤᠸᠠᠨ | ᠤᠯᠤᠰ ᠤᠨ ᠥᠶ᠎ᠡ ᠠᠴᠠ ᠡᠬᠢᠯᠡᠭᠰᠡᠨ ᠪᠠᠶᠢᠨ᠎ᠠ᠃ ᠲᠡᠷᠡ ᠥᠶ᠎ᠡ ᠳᠤ ᠬᠤᠪᠢᠯᠠᠢ ᠰᠡᠴᠡᠠ ᠬᠠᠭᠠᠨ ᠤ ᠠᠴᠢ ᠠᠨᠠᠨᠳᠠ | ᠬᠡᠭᠴᠢ ᠨᠤᠶᠠᠨ ᠢᠰᠯᠠᠮ ᠤᠨ ᠰᠥᠰᠥᠭᠳᠡᠨ ᠪᠠᠶᠢᠯ᠎ᠠ᠃ ᠲᠡᠷᠡ ᠪᠠᠷ ᠬᠠᠷᠠᠬᠠᠨ ᠪᠠᠭ᠎ᠠ ᠠᠴᠠ ᠢᠰᠯᠠᠮ ᠤᠨ | ᠰᠢᠳᠥᠯᠬᠡᠳᠡᠨ ᠤ ᠭᠠᠷ ᠲᠤ ᠥᠰᠥᠭᠰᠡᠨ ᠪᠤᠯᠬᠤᠷ ︽ᠺᠥᠷᠠᠨ ᠰᠤᠳᠤᠷ︾᠂ ᠨᠠᠮᠠᠨᠴᠢᠯᠠᠯ ᠪᠠ ᠮᠥᠷᠭᠦᠯ ᠳᠤ ᠮᠠᠰᠢ | ᠶᠡᠭᠡ ᠲᠤᠷ᠎ᠠ ᠰᠤᠨᠢᠷᠬᠠᠯ ᠲᠠᠢ ᠪᠠᠶᠢᠭᠰᠠᠨ ᠠᠴᠠ ᡁᠢ ᠶᠤᠸᠠᠨ ᠤ ᠠᠷᠪᠠᠨ ᠲᠤᠯᠤᠳᠤᠭᠠᠷ ᠤᠨ ︵1280︶ ᠳᠤ | ᠠᠨᠠᠨᠳᠠ ᠥᠷᠥᠨ᠎ᠡ ᠶᠢ ᠲᠥᠪᠰᠢᠳᠬᠡᠭᠴᠢ ᠸᠠᠩ ᠤᠨ ᠵᠡᠷᠬᠡ ᠶᠢ ᠵᠠᠯᠭᠠᠮᠵᠢᠯᠠᠭᠰᠠᠨ ᠤ ᠳᠠᠷᠠᠭ᠎ᠠ ᠲᠡᠭᠦᠨ ᠤ ᠬᠠᠷᠢᠶ᠎ᠠ 15 | ᠲᠥᠮᠡᠨ ᠮᠤᠩᠭᠤᠯ ᠴᠡᠷᠢᠭ ᠤᠨ ᠤᠯᠠᠩᠬᠢ ᠨᠢ ᠢᠰᠯᠠᠮ ᠤᠨ ᠱᠠᠰᠢᠨ ᠢ ᠰᠢᠳᠥᠭᠦ ᠪᠤᠯᠤᠭᠰᠠᠨ ᠬᠡᠳᠡᠭ ①᠃ | ᠮᠥᠨ 1929 ᠤᠨ ᠳᠤ ᠤᠤᠯ ᠤᠨ ᠵᠥᠪᠯᠡᠯᠳᠤ ᠬᠤᠯᠪᠤᠭᠠᠳᠤ ᠤᠯᠤᠰ ᠤᠨ ᠠᠷᠭᠸᠥᠯᠤᠬᠢᠴᠢ ᠺᠤᠽᠯᠤᠸ᠋ ︵ | Коцлов︶ ᠨᠠᠷ ᠤᠳᠤ ᠶᠢᠨ ᠠᠯᠠᠱᠠ ᠠᠶᠢᠮᠠᠭ ᠤᠨ ᠡᠵᠡᠨ᠎ᠡ ᠬᠤᠰᠢᠭᠤᠨ ᠤ ᠬᠠᠷ᠎ᠠ ᠬᠤᠳᠠ ᠶᠢᠨ | ᠪᠠᠭᠤᠷᠢ ᠶᠢᠨ ᠡᠷᠳᠡᠨ ᠤ ᠡᠵᠡᠨᠡᠢ ᠶᠢᠨ ᠴᠥᠯᠬᠡ ᠶᠢᠨ ᠲᠥᠪ ᠠᠴᠠ ᠤᠯᠤᠭᠰᠠᠨ ᠠᠷᠪᠠᠨ ᠲᠥᠷᠪᠡᠳᠤᠬᠡᠷ ᠵᠠᠭᠤᠨ ᠤ | ᠢᠰᠯᠠᠮ ᠤᠨ ᠥᠡᠭᠬᠡ ᠪᠤᠳᠤᠭ ᠪᠥᠭᠦᠢ ᠮᠥᠷᠭᠦᠯ ᠤᠨ ᠰᠥᠮ᠎ᠡ ᠶᠢᠨ ᠪᠠᠭᠤᠷᠢ ᠪᠠ ᠫᠧᠷᠰ ᠥᠰᠥᠭ ᠤᠨ ᠬᠡᠮᠬᠡᠷᠬᠡᠢ | ᠬᠥᠰᠢᠶ᠎ᠡ ② ᠵᠡᠷᠬᠡ ᠠᠴᠠ ᠮᠤᠩᠭᠤᠯ ᠮᠥᠰᠯᠢᠮᠴᠤᠳ ᠲᠤᠬᠠᠢ ᠶᠢᠨ ᠥᠶ᠎ᠡ ᠳᠤ ᠰᠥᠮ᠎ᠡ ᠪᠠᠷᠢᠬᠤ ᠠᠵᠢᠯᠯᠠᠭ᠎ᠠ ᠪᠠᠨ | ᠶᠡᠷᠥ ᠵᠤᠭᠰᠤᠭᠠᠭᠰᠠᠨ ᠥᠬᠡᠢ ᠪᠠᠶᠢᠭᠰᠠᠨ ᠢ ᠬᠡᠷᠡᠴᠢᠯᠡᠪᠡ᠃ | ᠠᠷᠪᠠᠠ ᠳᠤᠯᠤᠳᠤᠭᠠᠷ ᠵᠠᠭᠤᠨ ᠤ ᠦᠶ᠎ᠠ ᠪᠠᠷ ᠳᠦᠷᠪᠠᠠ ᠤᠢᠢᠷᠠᠳ ᠵᠠᠳᠠᠷᠠᠬᠤ ᠠᠴᠠ ᠡᠮᠤᠨ᠎ᠠ ᠬᠤᠱᠤᠳ ᠠᠶᠢᠮᠠᠭ ᠢ | ᠪᠠᠭᠳᠠᠭᠠᠭᠰᠠᠠ ᠤᠢᠢᠷᠠᠳ ᠤᠨ ᠪᠤᠰᠤᠳ ᠠᠶᠢᠮᠠᠭ ᠤᠳ ᠨᠢ ᠤᠬ ᠤᠨ ᠴᠠᠭᠠᠳᠠᠢ ᠬᠠᠭᠠᠠᠳᠤ ᠤᠯᠤᠰ ᠤᠨ ᠬᠠᠷᠢᠶ᠎ᠠ | ᠪᠤᠯᠬᠤ ᠤᠢᠢᠭᠤᠷ᠂ ᠪᠤᠷᠤᠳ ︵ᠬᠢᠷᠬᠢᠰ︶᠂ ᠬᠠᠰᠠᠭ᠂ ᠦᠽᠪᠧᠺ ᠵᠡᠷᠭᠡ ᠳᠦᠷᠺ ᠬᠡᠯᠡᠳᠠᠠ ᠯᠦᠭᠡ ᠨᠢᠬᠳᠠ | ᠬᠠᠷᠢᠴᠠᠭ᠎ᠠ ᠲᠠᠢ ᠪᠠᠶᠢᠬᠰᠠᠠ ᠪᠤᠯᠬᠤᠷ ᠳᠠᠷᠠ ᠦᠶ᠎ᠠ ᠳᠤ ᠢᠰᠯᠠᠮ ᠤᠨ ᠱᠠᠰᠢᠠ ᠭᠡᠰᠡᠭ ᠮᠤᠩᠭᠤᠯᠴᠤᠳ ᠤᠨ ᠳᠤᠮᠳᠠ | ᠨᠠᠪᠴᠢᠵᠤ ᠤᠷᠤᠬᠤ ᠪᠤᠯᠤᠯᠴᠠᠭ᠎ᠠ ᠦᠬᠡᠢ ᠭᠡᠵᠤ ᠭᠡᠯᠡᠬᠦ ᠶᠢᠨ ᠠᠷᠭ᠎ᠠ ᠦᠬᠡᠢ ᠪᠢᠯᠠ᠃ | ᠠᠩᠬ᠎ᠠ ᠪᠠᠭᠠᠳᠤᠷ ᠡᠷᠭᠡ ᠵᠢᠨᠤᠩ ᠬᠤᠷᠤᠯᠠᠢ᠂ ᠳᠡᠭᠷᠢ ᠠᠭᠤᠯᠠ ᠶᠢᠨ ᠠᠷᠤ ᠠᠴᠠ ᠠᠯᠠᠱᠠ ᠳᠤ ᠨᠡᠭᠦᠳᠠᠯᠯᠠᠠ ᠢᠷᠡᠬᠦ | ᠶᠢᠨ ᠦᠶ᠎ᠠ ᠳᠤ ᠰᠢᠷ᠎ᠠ ᠶᠢᠨ ᠱᠠᠰᠢᠠ ᠤ ᠳᠦᠷᠦᠬᠦᠦ ᠷᠠᠪᠵᠠᠮᠪᠠ ᠨᠠᠮᠺᠠᠪᠠᠯ ᠵᠢᠴᠢ ᠳᠠᠬᠢᠯᠴᠢ ᠱᠠᠪᠷᠤᠩ ᠵᠡᠷᠭᠡ ᠯᠠᠮᠠ | ᠨᠠᠷ ᠤᠨ ᠬᠠᠮᠳᠤ ᠨᠤᠭᠤᠭᠠᠠ ᠤ ᠱᠠᠰᠢᠠ ᠭᠡᠮᠡᠭᠳᠡᠭᠰᠡᠠ ᠢᠰᠯᠠᠮ ᠤᠨ ᠱᠠᠰᠢᠨᠳᠠᠠ᠂ ᠬᠠᠷᠠᠭᠤᠳ ᠭᠡᠭᠴᠢ ᠢᠮᠠᠮ ᠢᠶᠠᠷ | ᠳᠦᠷᠦᠬᠦᠯᠡᠭᠦᠯᠦᠭᠰᠡᠠ ᠰᠠᠶᠢᠷᠠᠠ᠂ ᠠᠨᠳᠠᠵᠠ᠂ ᠪᠠᠷᠭᠤᠳ᠂ ᠵᠦᠡᠭᠭᠠᠷ᠂ ᠤᠢᠢᠭᠤᠷ ᠵᠡᠷᠭᠡ ᠲᠠᠪᠤᠨ ᠤᠪᠤᠭ ᠤᠨ | ᠮᠤᠩᠭᠤᠯ ᠮᠥᠰᠯᠢᠮᠴᠤᠳ ᠳᠠᠭᠠᠯᠴᠠᠵᠤ ᠪᠠᠶᠢᠬᠰᠡᠨ ③ ᠮᠡᠳᠡᠭᠡ ᠪᠤᠢ᠃ ᠮᠥᠨ ᠡᠨᠡᠭᠦ ᠶᠡᠷᠥ ᠪᠤᠰᠤ ᠶᠢᠨ | ᠨᠡᠭᠦᠳᠡᠯᠴᠢᠳ ᠤᠨ ᠡᠩᠨᠡᠬᠡᠨ ᠳᠤ ᠥᠢᠭᠤᠷ᠂ ᠬᠠᠰᠠᠭ᠂ ᠬᠢᠷᠬᠢᠰ᠂ ᠤᠢᠰᠽᠧᠺ ᠵᠡᠷᠬᠡ ᠢᠰᠯᠠᠮ ᠤᠨ ᠰᠢᠳᠤᠯᠬᠡᠳᠠᠢ | ᠥᠨᠳᠤᠰᠥᠳᠡᠨ ᠶᠠᠰᠤᠳᠠᠨ ᠳᠠᠭᠠᠯᠴᠠᠭᠰᠠᠨ ᠶᠠᠭᠤᠨ ᠮᠠᠭᠠᠳ᠃ | ᠬᠤᠷᠤᠯᠠᠢ ᠥᠪᠡᠷ ᠤᠨ ᠳᠠᠭᠠᠯᠳᠠ ᠶᠢᠨ ᠬᠠᠮᠳᠤ ᠠᠯᠠᠱᠠ ᠳᠤ ᠨᠡᠭᠦᠳᠡᠯᠯᠡᠵᠤ ᠢᠷᠡᠭᠰᠡᠨ ᠤ ᠳᠠᠷᠠᠭ᠎ᠠ ᠡᠨᠡ ᠪᠦᠯᠥᠭ | ᠮᠤᠩᠭᠤᠯ ᠮᠥᠰᠯᠢᠮᠴᠤᠳ ᠢ ᠬᠤᠰᠢᠭᠤᠨ ᠤ ᠵᠡᠭᠦᠨ ᠬᠤᠶᠢᠳᠤ ᠬᠢᠵᠠᠭᠠᠷ ᠤᠨ ᠬᠥᠢᠪᠥᠷᠢ᠂ ᠬᠠᠷᠤᠤᠨ᠎ᠠ ᠵᠡᠷᠬᠡ ᠬᠠᠳᠤᠨ | ᠭᠤᠤᠯ ᠤᠨ ᠬᠥᠪᠡᠭᠡ ᠳᠠᠭᠠᠤ ᠪᠠᠭ ᠢᠶᠠᠷ ᠨᠤᠳᠤᠭᠰᠢᠭᠤᠯᠤᠭᠰᠠᠨ ᠪᠠᠶᠢᠵᠡᠢ᠃ | ᠬᠤᠵᠢᠮ ᠬᠤᠷᠤᠯᠠᠢ ᠨᠤᠶᠤᠨ ᠤ ᠬᠥᠥ ᠠᠪᠤᠤ ᠨᠤᠶᠠᠨ᠂ ᠵᠢᠴᠢ ᠠᠪᠤᠤ ᠨᠤᠶᠠᠨ ᠤ ᠬᠥᠪᠡᠬᠦᠨ ᠯᠤᠪᠰᠠᠩᠳᠤᠷᠵᠢ | ᠨᠤᠶᠠᠨ ᠤ ᠥᠶ᠎ᠡ ᠶᠢᠨ ᠬᠡᠳᠤᠨ ᠤᠳᠠᠭᠠᠨ ᠤ ᠵᠥᠡᠭᠭᠠᠷ ᠬᠠᠭᠠᠨᠳᠤ ᠤᠯᠤᠰ ᠢ ᠲᠤᠪᠳᠤᠯᠤᠠ ᠡᠵᠡᠯᠡᠨ ᠶᠠᠪᠤᠵᠤ ᠪᠠᠶᠢᠬᠤ | ᠳᠠᠭᠠᠨ ᠬᠠᠷᠢ ᠶᠠᠰᠤᠳᠠᠨ ᠤ ᠬᠡᠰᠡᠭ ᠮᠥᠰᠯᠢᠮᠴᠤᠳ ᠳᠠᠭᠠᠵᠤ ᠢᠷᠡᠭᠰᠡᠨ ᠮᠡᠳᠡᠭᠡ ᠪᠠᠶᠢᠳᠠᠭ᠃ ᠲᠡᠮᠳᠡᠭᠯᠡᠯ ᠢ | ᠥᠨᠳᠥᠰᠥᠯᠡᠪᠡᠯ᠂ ᠡᠳᠡᠬᠡᠷ ᠮᠥᠰᠯᠢᠮᠴᠤᠳ ᠨᠢ ᠲᠠᠶᠢᠴᠢᠩ ᠬᠥᠷᠥᠨ ᠤ ᠨᠠᠶᠢᠷᠠᠯᠳᠤ ᠲᠥᠪ ᠪᠤᠯᠤᠨ ᠲᠡᠭᠷᠢ ᠲᠡᠳᠬᠦᠭᠴᠢ | ᠶᠢᠨ ᠤᠨ ᠤᠳ ᠢᠶᠠᠷ ᠬᠠᠮᠢᠯ ᠸᠠᠩ ᠡᠪᠠᠶᠢᠳᠤᠯᠠ ᠲᠠᠷᠬᠠᠨ ᠪᠡᠭ ᠵᠢᠴᠢ ᠲᠡᠭᠦᠨ ᠤ ᠠᠴᠢ ᠬᠥᠪᠡᠬᠦᠨ ᠲᠥᠷᠥ ᠶᠢᠨ | ᠪᠠᠶᠢᠯ᠎ᠡ ᠶᠥᠰᠥᠹ ᠬᠡᠭᠴᠢ ᠸᠠᠩ ᠤᠨ ᠬᠠᠷᠢᠶ᠎ᠠ ᠠᠯᠪᠠᠳᠤ ᠪᠤᠯᠬᠤ ᠤᠢᠢᠭᠤᠳ᠂ ᠠᠨᠳᠢᠿᠡᠨ ᠬᠡᠭᠦ ᠤᠪᠤᠭ ᠤᠨ ᠴᠦᠬᠡᠨ | ᠲᠤᠭᠠᠨ ᠤ ᠤᠢᠢᠭᠤᠷᠴᠤᠳ ᠪᠠᠶᠢᠵᠠᠢ᠃ ᠡᠳᠡᠬᠡᠷ ᠬᠥᠮᠥᠰ ᠤᠨ ᠤᠳᠠᠭᠠᠨ ᠳᠠᠭᠠᠨ ᠮᠤᠩᠭᠤᠯ ᠳᠤ ᠪᠠᠭᠳᠠᠭᠳᠠᠵᠤ | ᠤᠳᠤ ᠶᠢᠨ ᠮᠤᠩᠭᠤᠯ ᠮᠥᠰᠯᠢᠮᠴᠤᠳ ᠤᠨ ᠡᠩᠨᠡᠬᠡᠨ ᠳᠤ ᠤᠷᠤᠵᠡᠢ᠃ | ᠮᠥᠨ ᠥᠶ᠎ᠡ ᠪᠠᠷ ᠤᠳᠤ ᠶᠢᠨ ᠥᠽᠪᠧᠺᠰᠲ᠋ᠠᠨ ᠤᠯᠤᠰ ᠤᠨ ᠠᠨᠳᠢᠿᠡᠨ ︵Андижан︶ ᠠᠴᠠ ︽ | ᠲᠠᠪᠤᠨ ᠤᠪᠤᠭ ᠤᠨ ᠲᠤᠯᠤᠭᠠᠨ ᠬᠥᠮᠥᠨ︾ ᠠᠯᠠᠱᠠ ᠳᠤ ᠥᠵᠥᠮ ᠤᠨ ᠮᠠᠶᠢᠮᠠᠢ ᠬᠢᠵᠤ ᠪᠠᠶᠢᠭᠠᠳ ᠠᠯᠠᠱᠠ ᠸᠠᠩ ᠤᠨ | ᠬᠠᠷᠢᠶ᠎ᠠ ᠠᠯᠪᠠᠳᠤ ᠪᠤᠯᠤᠨ ᠥᠯᠡᠳᠡᠵᠤ ᠤᠨ ᠤᠳᠠᠭᠠᠨ ᠳᠠᠭᠠᠨ ᠮᠤᠩᠭᠤᠯ ᠮᠦᠰᠯᠢᠮ ᠪᠤᠯᠵᠡᠢ ④᠃ ᠡᠨᠡ ᠲᠠᠪᠤᠨ | ᠤᠪᠤᠭ ᠨᠢ ᠠᠨᠳᠢᠿᠡᠨ᠂ ᠪᠠᠷᠭᠤᠳ᠂ ᠬᠠᠯᠬᠠᠰ᠂ ᠰᠠᠯᠢᠮᠤ᠂ ᠬᠢᠷᠭᠠᠰ ᠪᠠᠶᠢᠵᠤ ᠬᠤᠵᠢᠮ ᠲᠤᠰ ᠲᠤᠰ ᠠᠨ ︵安︶ | ᠂ ᠬᠤᠤ ︵郝︶᠂ ᠬᠡ ︵何︶᠂ ᠰᠢᠶ᠋ᠧ ︵谢︶᠂ ᠳ᠋ᠤᠸᠠᠨ ︵段︶ ᠬᠡᠭᠦ ᠲᠠᠪᠤᠨ ᠬᠢᠳᠠᠳ ᠤᠪᠤᠭ | ᠢᠶᠠᠷ ᠤᠷᠤᠯᠠᠭᠤᠯᠬᠤ ᠪᠤᠯᠤᠭᠰᠠᠨ ᠬᠡᠳᠡᠭ᠃ | ᠠᠯᠠᠱᠠ ᠬᠤᠱᠤᠳ ᠤᠨ ᠮᠤᠩᠭᠤᠯ ᠮᠦᠰᠯᠢᠮᠴᠤᠳ ᠤᠨ ᠲᠤᠮᠳᠠ ᠪᠠᠰᠠ ᠬᠢᠷᠬᠢᠰ ᠥᠨᠳᠥᠰᠥᠳᠡᠨ ᠤ ᠪᠥᠷᠢᠯᠳᠥᠬᠦᠨ | ᠪᠠᠶᠢᠵᠤ ᠤᠨ ᠤᠳᠠᠭᠠᠨ ᠳᠠᠭᠠᠨ ᠮᠤᠩᠭᠤᠯ ᠳᠤ ᠰᠢᠩᠭᠡᠭᠰᠡᠠ ᠬᠡᠳᠡᠭ᠃ ᠡᠳᠡᠬᠡᠷ ᠬᠢᠷᠬᠢᠰᠴᠤᠳ ᠤᠨ ᠢᠷᠡᠯᠳᠡ ᠶᠢᠨ | ᠳᠤᠬᠠᠢ ᠨᠢᠭᠡ ᠰᠤᠨᠢᠷᠬᠠᠯᠳᠠᠢ ᠳᠤᠮᠤᠬ ᠪᠠᠶᠢᠳᠠᠬ᠃ ᠡᠷᠳᠠ ᠯᠤᠪᠰᠠᠩᠳᠤᠷᠵᠢ ᠨᠤᠶᠠᠠ ᠤ ᠦᠶ᠎ᠠ ᠳᠤ ᠳᠡᠭᠷᠢ ᠠᠭᠤᠯᠠ | ᠶᠢᠨ ᠪᠠᠷᠠᠭᠤᠠ ᠡᠮᠤᠨ᠎ᠠ ᠦᠯᠭᠡᠠ ᠳᠤ ᠨᠤᠳᠤᠭᠰᠢᠵᠤ ᠪᠠᠶᠢᠬᠰᠠᠠ ᠨᠢᠬᠡᠠ ᠬᠢᠷᠬᠢᠰ ᠠᠶᠢᠯ ᠤᠨ ᠬᠤᠶᠠᠷ ᠭᠦᠪᠡᠭᠦᠠ ᠨᠢᠬᠡ | ᠦᠬᠢᠠ ᠨᠢ ᠶᠠᠮᠠᠷ ᠰᠢᠯᠳᠠᠭᠠᠠ ᠠᠴᠠ ᠪᠤᠯᠤᠬᠰᠠᠠ ᠢ ᠪᠤᠤ ᠮᠠᠳᠠ᠂ ᠭᠤᠷᠪᠠᠭᠤᠯᠠ ᠭᠡᠷ ᠠᠴᠠ ᠪᠠᠨ ᠤᠷᠭᠤᠠ ᠭᠠᠷᠴᠤ | ᠭᠡᠨ᠎ᠠ᠃ ᠳᠡᠭᠡᠭᠡᠳ ᠶᠠᠪᠤᠭᠰᠠᠭᠠᠷ ᠪᠠᠶᠢᠭᠠᠳ ᠨᠢᠬᠡᠠ ᠡᠳᠤᠷ ᠮᠤᠩᠭᠤᠯ ᠨᠤᠳᠤᠭ ᠬᠦᠷᠴᠤ᠂ ᠦᠬᠢᠠ ᠳᠡᠬᠦᠦ ᠨᠢ | ᠬᠠᠯᠬ᠎ᠠ ᠶᠢᠨ ᠨᠢᠬᠡᠠ ᠨᠤᠶᠠᠠ ᠠᠶᠢᠯ ᠤᠨ ᠪᠠᠷᠢ ᠪᠤᠯᠵᠤ ᠵᠢᠷᠭᠠᠭᠰᠠᠠ ᠪᠤᠯᠪᠠᠴᠤ ᠬᠤᠶᠠᠷ ᠠᠬ᠎ᠠ ᠨᠢ ᠬᠠᠷᠢᠠ ᠡᠨᠠ | ᠠᠶᠢᠯ ᠤᠨ ᠵᠠᠷᠤᠳᠠᠰᠤ ᠪᠤᠯᠵᠤ ᠬᠠᠯᠠ ᠠᠮᠰᠠᠬᠤ ᠪᠤᠯᠵᠠᠢ᠃ ᠠᠬ᠎ᠠ ᠳᠡᠭᠦᠦ ᠬᠤᠶᠠᠷ ᠡᠨᠠ ᠬᠠᠯᠠ ᠶᠢ ᠦᠯᠦ | ᠳᠠᠭᠠᠭᠠᠬᠤ ᠳᠠᠭᠠᠨ ᠮᠦᠠ ᠡᠨᠠ ᠠᠶᠢᠯ ᠤᠨ ᠳᠦᠷᠪᠡᠠ ᠠᠭᠳᠠ᠂ ᠬᠤᠶᠠᠷ ᠰᠢᠪᠠᠭᠤᠠ ᠫᠤᠤ ᠶᠢ ᠨᠢ ᠬᠤᠯᠠᠭᠠᠢᠢᠯᠠᠠ | ᠠᠪᠤᠭᠠᠳ ᠰᠦᠨᠢ ᠶᠢᠨ ᠬᠠᠷᠠᠩᠭᠤᠢ ᠶᠢ ᠵᠠᠪᠳᠤᠠ ᠤᠷᠭᠤᠠ ᠳᠤᠳᠠᠭᠠᠵᠤ ᠭᠡᠨ᠎ᠠ᠃ ᠳᠡᠭᠡᠭᠡᠳ ᠤᠷᠠᠳ ᠭᠤᠷᠪᠠᠠ | ᠭᠦᠡᠭ ᠤᠨ ᠨᠤᠳᠤᠭ ᠢᠶᠠᠷ ᠳᠠᠭᠠᠷᠢᠭᠠᠳ ᠠᠯᠠᠱᠠ ᠴᠢᠩ ᠸᠠᠩ ᠤᠨ ᠬᠤᠰᠢᠭᠤᠠ ᠤ ᠬᠠᠷᠤᠤᠨ᠎ᠠ ᠪᠠᠬ ᠤᠨ ᠴᠢᠷᠭ᠎ᠠ ᠬᠡᠬᠦ | ᠭᠠᠵᠠᠷ ᠲᠤ ᠨᠤᠳᠤᠭᠯᠠᠵᠤ᠂ ᠠᠯᠠᠱᠠ ᠶᠢᠨ ᠰᠢᠷ᠎ᠠ ᠳᠠᠩᠰᠠ ᠳᠤ ᠤᠷᠤᠵᠤ ᠠᠯᠠᠱᠠ ᠵᠠᠰᠠᠭ ᠨᠤᠶᠠᠠ ᠤ ᠠᠯᠪᠠᠳᠤ ᠪᠤᠯᠵᠠᠢ | ᠃ ᠡᠨᠠ ᠠᠬ᠎ᠠ ᠳᠡᠬᠦᠦ ᠬᠤᠶᠠᠷ ᠤᠨ ᠤᠷᠭᠤᠠ ᠳᠤᠳᠠᠭᠠᠭᠰᠠᠠ ᠢ ᠮᠡᠳᠡᠭᠰᠡᠠ ᠦᠬᠢᠠ ᠳᠡᠬᠦᠦ ᠨᠢ ᠡᠷ᠎ᠠ ᠨᠦᠬᠦᠷ ᠤᠨ | ᠬᠠᠮᠳᠤ ᠭᠡᠳᠤᠠ ᠠᠷᠪᠠᠠ ᠴᠡᠷᠢᠭ ᠳᠠᠭᠠᠭᠤᠯᠤᠠ ᠨᠡᠭᠡᠮᠵᠢᠯᠡᠭᠰᠡᠠ ᠪᠤᠯᠪᠠᠴᠤ ᠬᠦᠢᠴᠠᠵᠤ ᠡᠰᠡ ᠳᠡᠶᠢᠯᠬᠦ ᠳᠡᠭᠡᠨ | ᠱᠠᠭᠠᠵᠠᠩᠳᠤ ᠭᠡᠬᠦ ᠠᠭᠤᠯᠠ ᠠᠴᠠ ᠭᠡᠳᠡᠷᠬᠦ ᠪᠤᠴᠠᠵᠤ ᠭᠡᠨ᠎ᠠ᠃ ᠡᠨᠠ ᠳᠤᠮᠤᠬ ᠢᠶᠠᠷ ᠰᠦᠪᠡᠭᠴᠢ ᠪᠤᠯᠤᠬᠰᠠᠠ ᠳᠠᠭᠤᠤ | ᠨᠢ ᠤᠳᠤ ᠪᠤᠯᠳᠠᠯ᠎ᠠ ᠤᠯᠠᠮᠵᠢᠯᠠᠬᠳᠠᠠ ᠳᠠᠭᠤᠯᠠᠭᠳᠠᠭᠰᠠᠭᠠᠷ ᠪᠠᠶᠢᠭ᠎ᠠ᠃ ᠳᠤᠰ ᠳᠠᠭᠤᠠ ᠳᠤ᠄ | ᠰᠠᠶᠢᠬᠠᠠ ᠰᠡᠬᠦᠯ ᠲᠠᠢ ᠱᠤᠮᠳᠠᠢ ᠪᠦᠷᠭᠦᠳ ᠢᠶᠠᠨ ᠤᠨᠤᠵᠤ | ᠱᠠᠭᠠᠵᠠᠩᠳᠤ ᠶᠢᠨ ᠠᠭᠤᠯᠠ ᠪᠠᠷ ᠠᠩᠨᠠᠭᠰᠠᠭᠠᠷ ᠢᠷᠡᠯ᠎ᠡ | ᠰᠠᠶᠢᠨ ᠰᠠᠨᠠᠭ᠎ᠠ ᠪᠠᠨ ᠪᠤᠳᠤᠵᠤ ᠶᠠᠪᠤᠪᠠᠯ | ᠮᠠᠨ ᠤ ᠬᠡᠷᠡᠭ ᠥᠪᠡᠷ ᠢᠶᠠᠨ ᠪᠦᠳᠦᠨ᠎ᠠ | ᠬᠠᠶᠢᠴᠢᠨ ᠲᠠᠮᠠᠭᠠᠳᠤ ᠪᠠᠨ ᠤᠨᠤᠵᠤ | ᠬᠠᠯᠬ᠎ᠠ ᠶᠢᠨ ᠵᠠᠮ ᠢᠶᠠᠷ ᠭᠠᠨᠭ᠍ᠬᠤᠯᠵᠠᠭᠤᠯᠤᠭᠰᠠᠭᠠᠷ ᠢᠷᠡᠯ᠎ᠡ | ᠬᠠᠶᠢᠷᠠᠳᠤ ᠰᠠᠨᠠᠭ᠎ᠠ ᠪᠠᠨ ᠪᠤᠳᠤᠭᠰᠠᠭᠠᠷ ᠶᠠᠪᠤᠪᠠᠯ | ᠮᠠᠨ ᠤ ᠬᠡᠷᠡᠭ ᠥᠪᠡᠷ ᠢᠶᠠᠨ ᠪᠥᠳᠥᠨ᠎ᠡ | ᠬᠠᠷᠠᠩᠭᠤᠢ ᠰᠥᠨᠢ ᠶᠢᠨ ᠬᠡᠨᠠᠡ ᠢᠶᠠᠷ ᠪᠤᠯᠪᠠ ᠤᠤ | ᠬᠠᠷ᠎ᠠ ᠰᠠᠨᠠᠭᠠᠳᠠᠨ ᠤ ᠬᠠᠳᠬᠤᠯᠭ᠎ᠠ ᠪᠠᠷ ᠪᠤᠯᠪᠠ ᠤᠤ ᠬᠡᠵᠤ ᠳᠠᠭᠤᠯᠠᠳᠠᠭ ᠶᠤᠮ᠃ | ᠠᠯᠠᠱᠠ ᠬᠤᠱᠤᠳ ᠤᠨ ᠮᠤᠩᠭᠤᠯ ᠮᠦᠰᠯᠢᠮᠴᠤᠳ ᠤᠨ ᠪᠥᠷᠢᠯᠳᠥᠬᠦᠨ ᠤ ᠲᠤᠬᠠᠢ ᠪᠠᠰᠠ ᠨᠢᠬᠡ ᠬᠡᠯᠡᠯᠬᠡ ᠪᠠᠶᠢᠳᠠᠭ᠃ | ᠲᠠᠶᠢᠴᠢᠩ ᠬᠥᠷᠥᠨ ᠤ ᠲᠡᠭᠷᠢ ᠲᠡᠳᠬᠦᠭᠴᠢ ᠶᠢᠨ ᠤᠨ ᠤᠳ ᠢᠶᠠᠷ ᠬᠤᠱᠤᠢ ᠴᠢᠩ ᠸᠠᠩ ᠯᠤᠪᠰᠠᠩᠳᠤᠷᠵᠢ ᠵᠢᠴᠢ | ᠲᠡᠭᠦᠨ ᠤ ᠬᠥᠪᠡᠭᠦᠨ ᠸᠠᠩᠴᠢᠡᠪᠠᠯᠪᠠᠷ ᠨᠤᠶᠠᠨ ᠮᠠᠨᠵᠤ ᠶᠢᠨ ᠶᠡᠭᠡ ᠴᠡᠷᠢᠭ ᠢ ᠳᠠᠭᠠᠯᠴᠠᠵᠤ ᠭᠠᠨᠰᠤ ᠮᠤᠵᠢ ᠶᠢᠨ ᠰᠠᠯᠠᠷ | ᠪᠤᠯᠤᠨ ᠬᠤᠳᠤᠩᠴᠤᠳ ᠤᠨ ᠪᠤᠰᠤᠯᠭ᠎ᠠ ᠶᠢ ᠳᠠᠷᠤᠩᠭᠤᠢᠢᠯᠠᠭᠠᠳ ᠪᠤᠴᠠᠬᠤ ᠶᠢᠨ ᠥᠶ᠎ᠡ ᠳᠡᠭᠡᠨ ᠴᠦᠬᠡᠨ ᠲᠤᠭᠠᠨ ᠤ | ᠰᠠᠯᠠᠷ ᠪᠤᠯᠤᠨ ᠳ᠋ᠥᠡᠭᠰᠢᠶᠠᠩ ᠵᠡᠷᠬᠡ ᠮᠤᠩᠭᠤᠯ ᠬᠡᠯᠡᠳᠤ ᠮᠥᠰᠯᠢᠮᠴᠤᠳ ᠢ ᠳᠠᠭᠠᠭᠤᠯᠵᠤ ᠠᠯᠪᠠᠳᠤ ᠪᠠᠨ ᠪᠤᠯᠭᠠᠭᠰᠠᠨ | ᠤᠴᠢᠷ ᠪᠤᠢ ᠬᠡᠳᠡᠭ᠃ ᠮᠥᠨ ᠥᠶ᠎ᠡ ᠪᠠᠷ ᠬᠠᠯᠵᠠᠨ ᠲᠤᠯᠢ ᠶᠢᠨ ᠲᠠᠪᠤᠰᠤᠨ ᠤ ᠭᠠᠵᠠᠷ ᠤᠨ ᠠᠵᠢᠯ ᠡᠷᠬᠢᠯᠡᠵᠤ | ᠪᠠᠶᠢᠭᠰᠠᠨ ᠮᠠᠮᠦ᠋ᠨ ᠬᠡᠮᠡᠭᠴᠢ ᠬᠤᠳᠤᠩ ᠬᠥᠮᠥᠨ ᠪᠠᠰᠠ ᠬᠤᠰᠢᠭᠤᠨ ᠤ ᠠᠯᠪᠠᠳᠤ ᠪᠤᠯᠵᠤ ᠲᠡᠭᠦᠨ ᠤ ᠬᠤᠶᠢᠴᠢᠰ ᠨᠢ | ᠮᠤᠩᠭᠤᠯ ᠳᠤ ᠰᠢᠩᠬᠡᠵᠤ᠂ ᠠᠯᠠᠱᠠ ᠬᠤᠰᠢᠭᠤᠨ ᠤ ᠮᠤᠩᠭᠤᠯ ᠮᠥᠰᠯᠢᠮᠴᠤᠳ ᠤᠨ ᠡᠩᠨᠡᠬᠡᠨ ᠳᠤ ᠪᠠᠭᠳᠠᠯᠴᠠᠭᠰᠠᠨ ᠬᠡᠭᠦ | ᠶᠠᠷᠢᠶ᠎ᠠ ᠪᠠᠰᠠ ᠪᠠᠶᠢᠳᠠᠭ᠃ | | |