ᠢᠵᠢᠯ ᠤᠨ ᠲᠤᠷᠭᠤᠳ ᠡᠵᠡᠨ᠎ᠡ ᠳᠤ ᠢᠷᠡᠵᠦ ᠨᠤᠲᠤᠭᠯᠠᠭᠰᠠᠨ ᠨᠢ
ᠨᠡᠶᠢᠲᠡᠯᠡᠭᠰᠡᠨ ᠴᠠᠭ᠄
2020/3/13
ᠡᠵᠡᠨ᠎ᠡ ᠶᠢᠨ ᠬᠠᠭᠤᠴᠢᠨ ᠲᠤᠷᠭᠤᠳᠴᠤᠳ ᠢ ᠦᠬᠦᠯᠡᠬᠦ ᠳᠤ᠂ ᠲᠠᠳᠠᠨᠠᠷ ᠤᠨ ᠠᠬᠠᠯᠠᠭᠴᠢ ᠪᠤᠯᠬᠤ ᠠᠷᠠᠪᠵᠤᠤᠷ ᠢ ᠡᠷᠭᠡᠪᠰᠢ ᠡ᠊ᠩ ᠲᠡᠷᠢᠬᠦᠨ ᠳᠤ ᠲᠤᠷᠠᠳᠬᠤ ᠶᠤᠰᠤᠲᠠᠢ ᠪᠢᠯᠡ᠃ ᠲᠡᠷᠡ ᠪᠤᠯ ᠢᠵᠢᠯ ᠤᠨ ᠲᠤᠷᠭᠤᠳᠴᠤᠳ ᠤᠨ ᠱᠦᠬᠦᠷ ᠲᠡᠶᠢᠴᠢᠨ ᠤ ᠦᠶ᠎ᠡ ᠳᠤ ᠪᠠᠶᠢᠭᠤᠯᠤᠭᠰᠠᠨ ᠲᠤᠷᠭᠤᠳ ᠬᠠᠭᠠᠨᠲᠤ ᠤᠯᠤᠰ ᠢ ᠬᠦᠭᠵᠢᠯ ᠪᠠᠳᠠᠷᠠᠯ ᠤᠨ ᠳᠡᠭᠡᠲᠤ ᠤᠷᠬᠢᠯ ᠳᠤ ᠬᠦᠷᠭᠡᠭᠰᠡᠨ ᠨᠢᠭᠡᠨ ᠦᠶ᠎ᠡ ᠶᠢᠨ ᠡᠷᠳᠡᠮ ᠴᠢᠳᠠᠯ ᠬᠤᠤᠰᠯᠠᠭᠰᠠᠨ ᠨᠡᠷᠡᠲᠤ ᠬᠠᠭᠠᠨ ᠪᠤᠯᠬᠤ ᠠᠶᠤᠰᠢ ᠨᠤᠶᠠᠨ ᠤ ᠦᠶᠡᠯᠢᠳ ᠠᠬ᠎ᠠ ᠨᠠᠽᠡᠷᠮᠡᠮᠤᠨ ᠤ ᠭᠤᠷᠪᠠᠳᠤᠭᠠᠷ ᠬᠦᠤ ᠪᠤᠯᠡᠢ᠃ ᠴᠢᠩ ᠤᠯᠤᠰ ᠤᠨ ᠡ᠊ᠩᠭᠡ ᠠᠮᠤᠭᠤᠯᠠᠩ ᠤᠨ 37 ᠤᠨ ︵1698 ᠤᠠ︶ ᠳᠤ᠂ ᠢᠵᠢᠯ ᠤᠨ ᠲᠤᠷᠭᠤᠳ ᠤᠨ ᠶᠡᠭᠡ ᠬᠠᠭᠠᠨ ᠠᠶᠤᠰᠢ ᠠᠴᠠ ᠦᠪᠡᠷ ᠤᠨ ᠠᠴᠢ ᠬᠦᠤ ᠪᠤᠯᠬᠤ ᠠᠷᠠᠪᠵᠤᠤᠷ ᠢ ᠲᠠᠯᠠᠢ ᠯᠠᠮ᠎ᠠ ᠳᠤ ᠪᠠᠷᠠᠭᠠᠳᠠᠨ᠂ ᠮᠦᠷᠬᠦᠯ ᠡᠷᠬᠦᠴᠡ ᠬᠢᠵᠦ ᠯᠠᠮ᠎ᠠ ᠱᠠᠰᠢᠨ ᠵᠠᠯᠠᠵᠤ ᠢᠷᠡᠬᠦᠯᠬᠦ ᠶᠢ ᠲᠤᠰᠢᠶᠠᠨ ᠲᠤᠮᠢᠯᠠᠭᠰᠠᠨ ᠳᠤ᠂ ᠲᠡᠷᠡ ᠦᠪᠡᠷ ᠤᠨ ᠡᠬᠡ ᠪᠤᠯᠤᠨ ᠦᠬᠢᠨ ᠲᠡᠭᠦᠤ ᠲᠠᠢ  ᠪᠠᠨ ᠴᠤᠭ 500 ᠴᠡᠷᠢᠭ ᠠᠯᠪᠠᠲᠤ ᠲᠠᠭᠠᠭᠤᠯᠤᠨ ᠮᠠᠨᠤ ᠲᠤᠬᠤᠢ ᠠᠴᠠ ᠮᠤᠷᠲᠠᠵᠤ᠂ ᠠᠯᠤᠰ ᠤᠨ ᠠᠶᠠᠨ ᠬᠦᠭᠡᠭᠡᠨ᠂ ᠪᠤᠷᠬᠠᠨ ᠱᠠᠰᠢᠨ ᠤ ᠰᠢᠳᠢᠲᠤ ᠤᠷᠤᠨ ᠪᠤᠯᠬᠤ ᠲᠦᠪᠡᠳ ᠲᠤ ᠬᠦᠷᠴᠦ᠂ 5 ᠵᠢᠯ ᠬᠢᠷᠢᠲᠠᠢ ᠪᠤᠶᠠᠨ ᠨᠤᠮ ᠦᠢᠯᠡᠳᠦᠬᠡᠳ ᠪᠤᠴᠠᠬᠤ ᠵᠠᠮ ᠢᠶᠠᠨ ᠡᠯᠬᠦᠬᠦ ᠭᠡᠰᠡᠨ ᠳᠤ ᠵᠠᠬᠦᠠᠭᠠᠷ ᠲᠤᠷᠭᠤᠳ ᠬᠤᠶᠠᠷ ᠬᠠᠭᠠᠨᠲᠤ ᠤᠯᠤᠰ ᠢ ᠭᠠᠯ ᠤᠰᠤ ᠮᠡᠲᠤ ᠡᠪᠯᠡᠷᠡᠰᠢ ᠦᠭᠡᠢ ᠮᠠᠭᠤᠳᠠᠯᠴᠠᠬᠤ ᠬᠡᠮᠵᠢᠶᠡᠨ ᠳᠤ ᠬᠦᠷᠭᠡᠭᠰᠡᠨ ︽ᠰᠠᠨᠵᠠᠪ ᠤᠨ ᠬᠡᠷᠡᠭ ᠤᠴᠢᠷ︾ ᠡᠬᠦᠰᠴᠦ᠂ ᠲᠡᠳᠡᠨ ᠤ ᠬᠠᠷᠢᠬᠤ ᠵᠠᠮ ᠬᠠᠭᠠᠭᠳᠠᠭᠰᠠᠨ ᠲᠡᠳᠦᠢ ᠦᠭᠡᠢ ᠲᠤᠰ ᠬᠤᠶᠠᠷ ᠠᠶᠢᠮᠠᠭ ᠤᠨ ᠬᠤᠵᠢᠮ ᠬᠤᠶᠢᠰᠢᠳᠠ ᠬᠤᠭᠤᠷᠤᠨᠳᠤ ᠪᠠᠨ ᠲᠠᠶᠢᠰᠤᠩᠨᠠᠬᠤ ᠬᠤᠤᠷ ᠤᠨ ᠦᠨᠳᠦᠰᠦ ᠶᠢ ᠴᠦ ᠲᠠᠷᠢᠭᠰᠠᠨ ᠪᠠᠶᠢᠨ᠎ᠠ᠃ ᠡᠨᠡᠬᠦ ᠬᠡᠷᠡᠭ ᠤᠨ ᠡᠬᠦᠰᠭᠡᠯ ᠲᠡᠬᠦᠰᠭᠡᠯ ᠢ ᠦᠬᠦᠯᠡᠪᠡᠯ᠂ ᠦᠲᠡᠯᠦᠭᠡ ᠨᠠᠰᠤᠨ ᠤ ᠡᠪᠤᠭᠡᠨ ᠬᠠᠭᠠᠨ ᠠᠶᠤᠰᠢ ᠦᠪᠡᠷ ᠤᠨ ᠰᠠᠭᠤᠷᠢᠨ ᠢᠶᠠᠨ ᠬᠤᠶᠠᠳᠤᠭᠠᠷ ᠬᠦᠤ ᠬᠦᠨᠵᠠᠪ ᠲᠤ ᠵᠠᠯᠭᠠᠮᠵᠢᠯᠠᠭᠤᠯᠬᠤ ᠬᠡᠰᠡᠨ ᠳᠤ ᠶᠡᠭᠡ ᠬᠦᠤ ᠴᠠᠭᠳᠠᠷᠵᠠᠪ ᠪᠤᠯᠤᠨ ᠭᠤᠷᠪᠠᠳᠤᠭᠠᠷ ᠬᠦᠤ ᠰᠠᠨᠵᠠᠪ ᠨᠢ ᠬᠤᠯᠪᠤᠭᠠᠯᠠᠨ ᠪᠤᠰᠴᠤ ᠡᠰᠡᠷᠬᠦᠴᠡᠭᠡᠳ᠂ ᠲᠤᠲᠤᠷ᠎ᠠ ᠵᠠᠭᠤᠷ᠎ᠠ ᠪᠠᠨ ᠬᠤᠷᠴᠠ ᠰᠢᠷᠦᠬᠦᠨ ᠵᠦᠷᠢᠴᠡᠯᠳᠤᠭᠡᠨ ᠪᠤᠯᠵᠤ᠂ ᠬᠦᠨᠵᠠᠪ ᠲᠡᠶᠢᠯᠤᠭ᠍ᠳᠡᠵᠦ ᠬᠠᠷᠢᠶᠠᠲᠤ ᠲᠠᠢ ᠪᠠᠨ ᠰᠢᠷ᠎ᠠ ᠲᠤᠤ ᠭᠡᠳᠡᠭ ᠭᠠᠵᠠᠷ  ᠲᠤ ᠵᠢᠭᠤᠳᠠᠨ ᠬᠦᠷᠴᠦ ᠰᠠᠭᠤᠭᠰᠠᠨ ᠳᠤ᠂ ᠴᠠᠭᠳᠠᠷᠵᠠᠪ᠂ ᠰᠠᠨᠵᠠᠪ ᠠᠬ᠎ᠠ ᠲᠡᠬᠦᠤ ᠬᠤᠶᠠᠭᠤᠯᠠ ᠴᠦ ᠦᠪᠡᠷᠰᠡᠳ  ᠤᠨ ᠬᠠᠷᠢᠶᠠᠲᠤ ᠠᠯᠪᠠᠲᠤ ᠪᠠᠨ ᠠᠪᠴᠤ᠂ ᠮᠠᠨᠤ ᠲᠤᠬᠤᠢ ᠠᠴᠠ ᠨᠡᠯᠢᠶᠡᠳ ᠵᠡᠬᠦᠨᠲᠠᠢ ᠵᠠᠢ ᠬᠡᠭᠴᠢ ᠭᠠᠵᠠᠷ ᠲᠤ ᠰᠢᠯᠵᠢᠨ ᠢᠷᠡᠵᠦ ᠰᠠᠭᠤᠵᠡᠢ᠃ ᠲᠡᠮᠡᠢ ᠤᠳᠠᠯ ᠦᠭᠡᠢ ᠡᠨᠡ ᠠᠬ᠎ᠠ ᠲᠡᠬᠦᠤ ᠬᠤᠶᠠᠷ ᠴᠦ ᠲᠤᠮᠳᠠ ᠪᠠᠨ ᠡᠪᠳᠡᠷᠡᠯᠴᠡᠵᠦ ᠲᠠᠭᠠᠷᠠᠯᠴᠠᠬᠤ ᠦᠭᠡᠢ ᠪᠤᠯᠤᠭᠰᠠᠨ ᠠᠴᠠ ᠵᠠᠬᠦᠠᠭᠠᠷ ᠤᠨ ᠬᠠᠭᠠᠨ ᠴᠡᠸᠡᠩᠷᠠᠪᠲᠡᠨ ᠡᠨᠡᠬᠦ ᠲᠤᠬᠢᠶᠠᠯ ᠢᠶᠠᠷ ᠦᠪᠡᠷ ᠤᠨ ᠬᠦᠷᠭᠡᠨ ᠪᠤᠯᠬᠤ ᠰᠠᠨᠵᠠᠪ ᠤᠨ ᠲᠡᠷᠭᠡᠳᠡ ᠡᠯᠴᠢ ᠢᠯᠡᠭᠡᠨ ︽ᠮᠠᠨ ᠤ ᠠᠳᠡ ᠢᠷᠡᠵᠦ ᠨᠤᠲᠤᠭᠯᠠᠬᠤ ᠪᠤᠯᠪᠠ ᠤᠤ︖︾ ᠭᠡᠵᠦ ᠪᠡᠶ᠎ᠡ ᠳᠡᠭᠡᠨ ᠲᠠᠲᠠᠭᠰᠠᠨ ᠳᠤ᠂ 1702 ᠤᠨ ᠳᠤ ᠲᠡᠷᠡ ᠦᠪᠡᠷ ᠤᠨ 15000 ᠡᠷᠦᠭᠡ ᠠᠯᠪᠠᠲᠤ ᠪᠠᠨ ᠠᠪᠴᠤ᠂ ᠵᠠᠢ ᠠᠴᠠ ᠮᠤᠷᠳᠠᠨ ᠬᠠᠰᠠᠭ ᠤᠯᠤᠰ ᠢᠶᠠᠷ ᠦᠩᠭᠡᠷᠡᠵᠦ᠂ ᠵᠠᠬᠦᠠᠭᠠᠷ ᠬᠠᠭᠠᠨᠲᠤ ᠤᠯᠤᠰ ᠤᠨ ᠵᠠᠶᠢᠰᠡᠭ ᠨᠠᠭᠤᠷ ᠤᠨ ᠠᠷᠤ ᠪᠠᠷ ᠦᠷᠲᠡᠭᠡᠯᠡᠨ ᠪᠠᠭᠤᠳᠠᠯᠯᠠᠵᠤ ᠪᠠᠶᠢᠳᠠᠯ᠎ᠠ 1704 ᠤᠨ ᠤ ᠪᠢᠯᠢᠭ ᠤᠨ ᠤᠯᠠᠷᠢᠯ ᠤᠨ ᠴᠠᠭᠠᠨ ᠰᠠᠷ᠎ᠠ ᠶᠢᠨ 11 ᠤ ᠡᠳᠦᠷ᠂ ᠴᠡᠸᠡᠩᠷᠠᠪᠲᠡᠨ ᠤᠬᠠᠭᠠᠨ ᠪᠠᠰᠢᠷ ᠵᠠᠷᠤᠵᠤ᠂ ᠲᠡᠬᠦᠨ ᠢ ᠪᠠᠷᠢᠪᠴᠢᠯᠠᠭᠠᠳ ᠬᠠᠷᠢᠶᠠᠲᠤ ᠠᠯᠪᠠᠲᠤ ᠶᠢ ᠨᠢ ᠵᠠᠬᠦᠠᠭᠠᠷ ᠤᠨ ᠡᠯ᠎ᠡ ᠠᠶᠢᠮᠠᠭ ᠲᠤ ᠬᠤᠪᠢᠶᠠᠨ ᠦᠭᠴᠦ᠂ ᠰᠠᠨᠵᠠᠪ ᠢ ᠭᠠᠭᠴᠠ ᠪᠡᠶ᠎ᠡ ᠪᠠᠷ ᠨᠢ ᠨᠤᠲᠤᠭ ᠲᠤᠨᠢ ᠪᠤᠴᠠᠭᠠᠨ ᠲᠠᠯᠪᠢᠵᠦ ᠶᠠᠪᠤᠭᠤᠯᠤᠭᠰᠠᠨ ᠪᠠᠶᠢᠵᠡᠢ᠃ ᠳᠡᠭᠡᠷᠡᠬᠢ ᠬᠡᠷᠡᠭ ᠠᠴᠠ ᠪᠤᠯᠵᠤ ᠠᠷᠠᠪᠵᠤᠤᠷ ᠨᠤᠶᠠᠨ ᠠᠷᠭ᠎ᠠ ᠪᠤᠰᠤ ᠪᠤᠭᠤᠮᠲᠠ ᠶᠢᠨ ᠭᠠᠳᠠᠨ᠎ᠠ ᠬᠤᠴᠤᠷᠴᠤ᠂ ᠪᠡᠭᠡᠵᠢᠩ ᠳᠤ ᠡᠯᠴᠢ ᠵᠠᠷᠤᠨ ᠤᠴᠢᠷ ᠶᠠᠪᠤᠳᠠᠯ ᠢᠶᠠᠨ ᠠᠶᠢᠯᠠᠳᠬᠠᠵᠤ ᠲᠤᠰᠠᠯᠠᠮᠵᠢ ᠭᠤᠶᠤᠭᠰᠠᠨ ᠳᠤ᠂ ᠲᠠᠶᠢᠴᠢᠩ ᠬᠦᠷᠦᠨ ᠲᠡᠷᠡ ᠦᠶ᠎ᠡ ᠳᠤ ᠶᠠᠭ ᠰᠠᠶᠢᠬᠠᠨ ᠡᠳᠦᠷ ᠠᠴᠠ ᠡᠳᠦᠷ ᠬᠦᠴᠦᠷᠭᠡᠭᠵᠢᠨ ᠪᠤᠰᠴᠤ ᠪᠠᠶᠢᠭᠰᠠᠨ ᠵᠠᠬᠦᠠᠭᠠᠷ ᠬᠠᠭᠠᠨᠲᠤ ᠤᠯᠤᠰ ᠢ ᠡᠷᠬᠡᠰᠢᠶᠡᠯ ᠳᠡᠭᠡᠨ ᠤᠷᠤᠭᠤᠯᠵᠤ ᠠᠪᠬᠤ ᠠᠷᠭ᠎ᠠ ᠤᠬᠠᠭᠠᠨ ᠰᠦᠪᠡᠭᠴᠢᠯᠡᠨ᠂ ᠬᠤᠯᠪᠤᠭᠠᠯᠠᠬᠤ ᠡᠲᠡᠭᠡᠳ ᠡᠷᠢᠵᠦ ᠪᠠᠶᠢᠭᠰᠠᠨ ᠲᠤᠯᠠ᠂ ᠠᠷᠠᠪᠵᠤᠤᠷ ᠤᠨ ᠠᠯᠪᠠᠲᠤ ᠲᠠᠢ ᠪᠠᠨ ᠢᠷᠡᠭᠰᠡᠨ ᠨᠢ ᠴᠢᠪ ᠬᠡᠮᠡᠨ ᠲᠤᠷᠭᠤᠳ ᠬᠠᠭᠠᠨᠲᠤ ᠤᠯᠤᠰ ᠲᠠᠢ ᠬᠠᠷᠢᠴᠠᠵᠤ᠂ ᠠᠯᠭᠤᠷ ᠢᠶᠠᠷ ᠲᠡᠳᠡᠨ ᠠᠪᠴᠤ ᠠᠰᠢᠭᠯᠠᠬᠤ ᠳᠤ ᠠᠵᠠᠲᠡᠢ ᠲᠤᠬᠢᠶᠠᠯ ᠤᠯᠭᠤᠭᠰᠠᠨ ᠠᠴᠠ ᠲᠡᠬᠦᠨ ᠤ ᠡᠷᠬᠦᠳᠡᠯ ᠢ ᠲᠦᠢᠯ ᠢᠶᠠᠷ ᠬᠦᠨᠳᠤᠳᠭᠡᠨ ᠦᠵᠡᠵᠦ᠂ ᠲᠡᠷᠡ ᠲᠠᠷᠤᠢ ᠳᠤᠨᠢ ᠠᠷᠠᠪᠵᠤᠤᠷ ᠲᠤ ᠬᠤᠱᠦᠢ ᠪᠠᠶᠢᠰᠠ ᠱᠠᠩᠨᠠᠭᠰᠠᠨ ᠲᠡᠳᠦᠢ ᠦᠭᠡᠢ ᠪᠠᠰᠠ ᠪᠤᠭᠤᠮᠲᠠ ᠶᠢᠨ ᠭᠠᠳᠠᠨᠠᠬᠢ ᠳ᠋ᠠᠩ ᠤᠨ ᠭᠤᠤᠯ᠂ ᠰᠡᠷᠳᠡᠩ ᠵᠡᠷᠭᠡ ᠭᠠᠵᠠᠷ ᠲᠤ ᠨᠤᠲᠤᠭ ᠵᠢᠭᠠᠵᠤ ᠦᠭᠬᠦᠨ ᠲᠤᠬᠤᠨᠢᠭᠤᠯᠤᠨ ᠰᠠᠭᠤᠯᠭᠠᠵᠤ ᠦᠪᠡᠷ ᠤᠨ ᠭᠠᠳᠠᠭᠠᠲᠤ ᠬᠠᠷᠢᠯᠴᠠᠭᠠᠨ ᠤ ᠪᠠᠨ ᠪᠠᠭᠠᠵᠢ ᠪᠤᠯᠭᠠᠭᠰᠠᠨ ᠪᠠᠶᠢᠨ᠎ᠠ᠃ ᠡᠩᠬᠡ ᠠᠮᠤᠭᠤᠯᠠᠩ ᠤᠨ ᠲᠠᠪᠢᠨ ᠲᠦᠷᠪᠡᠳᠤᠭᠡᠷ ᠤᠨ ︵1715 ᠤᠠ︶ ᠳᠤ᠂ ᠵᠠᠬᠦᠠᠭᠠᠷ ᠤᠨ ᠴᠡᠸᠡᠩᠷᠠᠪᠲᠡᠨ ᠬᠠᠮᠢ ᠶᠢ ᠲᠤᠪᠲᠤᠯᠤᠨ ᠴᠤᠬᠢᠭᠰᠠᠨ ᠳᠤ᠂ ᠴᠢᠩ ᠤᠨ ᠲᠦᠷᠦ ᠠᠴᠠ ᠠᠷᠠᠪᠵᠤᠤᠷ ᠬᠤᠱᠦᠢ ᠪᠠᠶᠢᠰᠠ ᠳᠤ ︽ᠴᠡᠷᠢᠭ ᠪᠡᠯᠡᠳᠬᠡᠵᠦ ᠲᠠᠶᠢᠴᠢᠯᠠᠨ ᠲᠠᠭᠠᠭᠤᠯᠬᠤ ᠶᠢ ᠬᠦᠯᠢᠶᠡᠳᠤᠭᠡᠢ︾ ᠭᠡᠵᠦ ᠵᠠᠷᠯᠢᠭ ᠪᠠᠭᠤᠯᠭᠠᠭᠰᠠᠨ ᠪᠤᠯᠪᠠᠴᠤ᠂ ᠵᠠᠬᠦᠠᠭᠠᠷ  ᠤᠨ ᠬᠢᠨ ᠤᠳᠠᠯ ᠦᠭᠡᠢ ᠴᠡᠷᠢᠭ ᠮᠤᠷᠢ ᠪᠠᠨ ᠲᠠᠲᠠᠵᠤ ᠪᠤᠴᠠᠭᠰᠠᠨ ᠠᠴᠠ ᠡᠩᠬᠡ ᠠᠮᠤᠭᠤᠯᠠᠩ ᠬᠠᠭᠠᠨ ᠴᠦ ᠴᠡᠷᠢᠭᠯᠡᠬᠦ  ᠪᠠᠨ ᠵᠤᠭᠰᠤᠵᠡᠢ᠃ ᠡᠨᠡᠬᠦ ᠬᠡᠷᠡᠭ ᠤᠨ ᠡᠬᠢ ᠡᠬᠦᠰᠦᠯ ᠢ ᠡ᠊ᠨᠳᠡ ᠲᠡᠯᠭᠡᠪᠡᠯ᠂ ᠲᠠᠶᠢᠴᠢᠩ ᠬᠦᠷᠦᠨ 1712 ᠤᠨ ᠳᠤ ᠲᠦᠯᠢᠱᠧᠨ ᠢ ᠡᠯᠴᠢ ᠪᠤᠯᠭᠠᠨ ᠢᠵᠢᠯ ᠤᠨ ᠮᠠᠨᠤ ᠲᠤᠬᠤᠢ ᠳᠤ ᠢᠯᠡᠬᠡᠵᠦ᠂ ᠠᠷᠠᠪᠵᠤᠤᠷ ᠨᠠᠷ ᠤᠨ ᠪᠤᠴᠠᠬᠤ ᠵᠠᠮ ᠬᠠᠭᠠᠭᠳᠠᠭᠰᠠᠨ ᠶᠠᠪᠤᠳᠠᠯ ᠢᠶᠠᠷ ᠰᠢᠯᠲᠠᠭ ᠪᠠᠷᠢᠨ᠂ ᠠᠶᠤᠰᠢ ᠬᠠᠭᠠᠨ ᠢ ᠦᠳᠦᠭᠡᠵᠦ᠂ ᠴᠡᠸᠡᠩᠷᠠᠪᠲᠡᠨ ᠲᠠᠢ ᠲᠠᠶᠢᠯᠠᠯᠳᠤᠭᠤᠯᠬᠤ ᠮᠠᠭᠤ ᠤᠬᠠᠭᠠᠨ ᠵᠠᠷᠤᠭᠰᠠᠨ ᠳᠤ᠂ ᠠᠶᠤᠰᠢ ᠠᠴᠠ ᠦᠪᠡᠷ ᠤᠨ ᠤᠶᠢᠷ᠎ᠠ ᠤᠷᠤᠭ ᠲᠠᠢ ᠪᠠᠨ ᠲᠠᠶᠢᠰᠤᠩᠨᠠᠵᠤ ᠲᠤᠲᠤᠭᠠᠲᠤ ᠵᠠᠭᠤᠷ᠎ᠠ ᠪᠠᠨ ᠲᠡᠮᠡᠴᠡᠯᠳᠤᠬᠦ ᠶᠢ ᠦᠯᠦ ᠬᠦᠰᠡᠨᠡᠮ ᠭᠡᠵᠦ ᠵᠦᠪᠰᠢᠶᠡᠷᠡᠭᠰᠡᠨ ᠦᠭᠡᠢ ᠠᠴᠠ ᠲᠡᠳᠡᠨ ᠤ ᠢᠷᠡᠭᠰᠡᠨ ᠵᠤᠷᠢᠯᠭ᠎ᠠ ᠨᠢ ᠪᠡᠶᠡᠯᠡᠭᠳᠡᠵᠦ ᠡᠰᠡ ᠴᠢᠳᠠᠵᠡᠢ᠃ ᠰᠡᠬᠦᠯᠡᠷ ᠨᠢ ᠲᠤᠰ ᠬᠡᠷᠡᠭ ᠢ ᠵᠠᠬᠦᠠᠭᠠᠷ ᠤᠨ ᠴᠡᠸᠡᠩᠷᠠᠪᠲᠡᠨ ᠤᠯᠵᠤ ᠮᠡᠳᠡᠭᠡᠳ᠂ ᠦᠰ ᠵᠠᠩᠬᠢᠳᠴᠤ ᠡᠩᠬᠡ ᠠᠮᠤᠭᠤᠯᠠᠩ ᠬᠠᠭᠠᠨ ᠳᠤ ᠡᠮᠡᠰ ᠦᠬᠢᠳ ᠰᠢᠭ ᠨᠤᠮᠤᠢ ᠲᠤᠷᠤᠢ ᠪᠢᠰᠢ ᠭᠡᠳᠡᠭ ᠢᠶᠠᠨ ᠴᠢᠮᠠᠳᠤ ᠨᠢᠭᠡ ᠦᠵᠡᠬᠦᠯᠦᠶ᠎ᠡ ᠬᠡᠮᠡᠨ 1715 ᠤᠨ ᠳᠤ ᠴᠡᠷᠢᠭ ᠮᠤᠷᠢ ᠬᠦᠳᠡᠯᠭᠡᠨ᠂ ᠭᠠᠯᠳᠠᠨ ᠪᠤᠱᠤᠭᠲᠤ ᠬᠠᠭᠠᠨ ᠤ ᠦᠶ᠎ᠡ ᠳᠤ ᠴᠢᠩ ᠤᠨ ᠴᠡᠷᠢᠭ ᠲᠤ ᠠᠯᠳᠠᠭᠳᠠᠭᠰᠠᠨ ᠬᠠᠮᠢ ᠤᠷᠤᠨ ᠢ ᠵᠤᠷᠢᠭᠤᠳᠠ ᠲᠤᠪᠳᠤᠯᠤᠨ ᠲᠠᠭᠠᠷᠢᠵᠤ᠂ ᠬᠡᠰᠡᠭ ᠴᠤᠬᠢᠭᠠᠳ ᠪᠤᠴᠠᠭᠰᠠᠨ ᠶᠠᠪᠤᠳᠠᠯ ᠪᠤᠯᠡᠢ᠃ ᠡᠩᠬᠡ ᠠᠮᠤᠭᠤᠯᠠᠩ ᠤᠨ ᠲᠠᠪᠢᠨ ᠳᠠᠪᠤᠳᠤᠭᠠᠷ ᠤᠨ ︵1716 ᠤᠠ︶ ᠳᠤ ᠠᠷᠠᠪᠵᠤᠤᠷ ᠬᠤᠱᠦᠢ ᠪᠠᠶᠢᠰᠠ ᠲᠡᠭᠡᠭᠰᠢ ᠮᠡᠳᠡᠬᠦᠯᠦᠯᠲᠠ ᠪᠢᠴᠢᠵᠦ᠂ ︽ᠶᠡᠭᠡ ᠴᠡᠷᠢᠭ ᠢ ᠲᠠᠭᠠᠨ ᠨᠢᠭᠡᠨ ᠮᠦᠷᠦᠨ ᠤ ᠬᠦᠴᠦᠨ ᠡᠷᠬᠦᠰᠦᠭᠡᠢ︾ ᠬᠡᠵᠦ ᠡᠷᠬᠦᠳᠡᠯ ᠭᠠᠷᠭᠠᠭᠰᠠᠨ ᠳᠤ᠂ ︽500 ᠴᠡᠷᠢᠭ ᠲᠠᠶᠢᠴᠢᠯᠠᠨ ᠭᠠᠰ ᠭᠡᠬᠦ ᠭᠠᠵᠠᠷ ᠲᠤ ᠬᠦᠷᠴᠦ᠂ ᠵᠠᠬᠦᠠᠭᠠᠷ ᠤᠨ ᠲᠤᠪᠲᠤᠯᠤᠯᠲᠠ ᠶᠢ ᠰᠡᠷᠭᠡᠶᠢᠯᠡ︾ ᠬᠡᠮᠡᠬᠦ ᠵᠠᠷᠯᠢᠭ ᠤᠴᠢᠭᠰᠠᠨ ᠪᠤᠯᠪᠠᠴᠤ ᠲᠡᠮᠡᠢ ᠤᠳᠠᠯ ᠦᠭᠡᠢ ᠡᠪᠡᠳᠴᠢᠨ ᠡᠮᠬᠡᠭ ᠢᠶᠠᠷ ᠤᠷᠴᠢᠯᠠᠩ ᠤᠨ ᠮᠦᠩᠭᠡ ᠪᠤᠰᠤ ᠶᠢ ᠦᠵᠡᠵᠡᠢ᠃ ᠠᠷᠠᠪᠵᠤᠤᠷ ᠤᠨ ᠵᠡᠷᠭᠡ ᠬᠡᠮ ᠢ ᠠᠬᠠᠮᠠᠳ ᠬᠦᠪᠡᠬᠦᠨ ᠳ᠋ᠠᠨᠵᠦ᠋ᠩ ᠨᠢ ᠵᠠᠯᠭᠠᠮᠵᠢᠯᠠᠨ ᠬᠤᠱᠤᠢ ᠪᠠᠶᠢᠰᠠ ᠪᠤᠯᠵᠤ᠂ ᠨᠠᠶᠢᠷᠠᠯᠲᠤ ᠲᠦᠪ ᠤᠨ ᠲᠤᠯᠤᠳᠤᠭᠠᠷ ᠤᠨ ︵1729 ᠤᠠ︶ ᠳᠤ ᠲᠡᠷᠡ ᠪᠡᠭᠡᠵᠢᠩ ᠳᠤ ᠬᠦᠷᠴᠦ ᠱᠢᠽᠦ᠋ᠩ ᠬᠠᠭᠠᠨ ᠳᠤ ᠪᠠᠷᠠᠭᠠᠯᠠᠭᠰᠠᠨ ᠳᠤ ᠲᠡᠬᠦᠨ ᠢ ᠲᠦᠷᠦ ᠶᠢᠨ ᠪᠠᠶᠢᠯᠡ ᠪᠠᠷ ᠡᠷᠬᠦᠮᠵᠢᠯᠡᠨ ᠲᠡᠪᠰᠢᠬᠦᠯᠵᠦ᠂ ᠡᠨᠡᠬᠦ ᠵᠡᠷᠭᠡ ᠭᠡᠷᠬᠡᠮ ᠢ ᠨᠢ ᠡᠵᠡᠨ᠎ᠡ ᠬᠠᠭᠤᠴᠢᠨ ᠲᠤᠷᠭᠤᠳ ᠬᠤᠰᠢᠭᠤᠨ  ᠤ ᠳ᠋ᠠᠰᠢ ᠨᠤᠶᠠᠨ ᠬᠦᠷᠲᠡᠯᠡᠬᠢ 8 ᠸᠠᠩ ᠨᠤᠶᠠᠨ ᠦᠶ᠎ᠡ ᠤᠯᠠᠷᠢᠨ ᠵᠠᠯᠭᠠᠮᠵᠢᠯᠠᠵᠤ ᠦᠯᠡᠮᠵᠢ ᠪᠤᠶᠠᠨ ᠢ ᠨᠢ ᠬᠦᠷᠲᠡᠵᠡᠢ᠃ ᠨᠠᠶᠢᠷᠠᠯᠲᠤ ᠲᠦᠪ ᠤᠨ ᠶᠢᠰᠤᠳᠤᠭᠡᠷ ᠤᠨ ︵1731 ᠤᠠ︶ ᠳᠤ ᠵᠠᠬᠦᠠᠭᠠᠷ ᠤᠨ ᠰᠢᠨ᠎ᠠ ᠡᠵᠡᠨ ᠭᠠᠯᠲᠠᠢ ᠴᠡᠷᠢᠭ ᠲᠠᠩᠨᠠᠭᠤᠯ ᠲᠤᠷᠰᠢᠭᠤᠯᠴᠢᠨ ᠢᠯᠡᠬᠡᠵᠦ ᠬᠠᠯᠬ᠎ᠠ ᠬᠢᠭᠡᠳ ᠲᠤᠲᠤᠷ᠎ᠠ ᠭᠠᠵᠠᠷ ᠲᠠᠭᠠᠯᠳᠤᠷ᠎ᠠ ᠢᠷᠡᠭᠰᠡᠨ ᠤᠶᠢᠷᠠᠳ ᠤᠨ ᠢᠷᠭᠡᠳ ᠢ ᠬᠤᠷᠢᠶᠠᠨ ᠲᠠᠲᠠᠵᠤ ᠠᠪᠬᠤ ᠬᠤᠤᠪᠢᠯᠳᠤᠯᠭ᠎ᠠ ᠦᠳᠦᠭᠡᠯᠭᠡ ᠶᠢᠨ ᠠᠵᠢᠯᠯᠠᠭ᠎ᠠ ᠦᠷᠨᠢᠬᠦᠯᠦᠭᠰᠡᠨ ᠠᠴᠠ ᠳ᠋ᠠᠨᠵᠦ᠋ᠩ ᠤᠨ ᠬᠠᠷᠢᠶᠠᠲᠤ ᠠᠯᠪᠠᠲᠤ ᠠᠴᠠ ᠮᠡᠷᠭᠡᠨ ᠴᠤᠷᠵᠢ ᠭᠡᠭᠴᠢ ᠬᠦᠮᠦᠨ ᠵᠠᠬᠦᠠᠭᠠᠷ ᠲᠤ ᠤᠷᠪᠠᠭᠰᠠᠨ ᠬᠡᠷᠡᠭ ᠭᠠᠷᠴᠤ ᠲᠡᠬᠦᠨ ᠢ ᠪᠠᠯᠠᠭ ᠠᠯᠳᠠᠭᠤᠯᠤᠭᠰᠠᠨ ᠠᠴᠠ ᠲᠡᠷᠡ ᠵᠠᠬᠦᠠᠭᠠᠷ ᠲᠤ ᠲᠤᠪᠲᠤᠯᠤᠭᠳᠠᠬᠤ ᠠᠴᠠ ᠪᠠᠨ ᠠᠶᠤᠨ ᠡᠮᠢᠶᠡᠵᠦ ᠴᠢᠩ ᠤᠨ ᠲᠦᠷᠦ ᠳᠤ ᠪᠢᠴᠢᠭ ᠡᠷᠬᠦᠨ ᠲᠤᠳᠤᠭᠰᠢ ᠨᠡᠬᠦᠬᠦ ᠡᠷᠬᠦᠳᠡᠯ ᠭᠠᠷᠭᠠᠭᠰᠠᠨ ᠳᠤ᠂ ᠱᠠᠨ ᠭᠠᠨ ᠤ ᠪᠦᠬᠦᠳᠡ ᠶᠢ ᠵᠠᠬᠢᠷᠤᠭᠴᠢ ᠰᠠᠶᠢᠳ ᠴᠠᠯᠠᠩᠬ᠎ᠠ ᠳ᠋ᠠᠨᠵᠦ᠋ᠩ ᠨᠠᠷ ᠢ ᠠᠯᠠᠭ ᠠᠭᠤᠯᠠ ᠠᠯᠲᠠᠨ ᠲᠡᠪᠰᠢ ᠳᠤ ᠭᠠᠵᠠᠷ ᠵᠢᠭᠠᠨ ᠦᠭᠴᠦ ᠨᠤᠲᠤᠭᠯᠠᠭᠤᠯᠵᠡᠢ᠃ ᠲᠡᠮᠡᠢ ᠤᠳᠠᠭᠰᠠᠨ ᠦᠭᠡᠢ ᠵᠠᠬᠦᠠᠭᠠᠷ ᠤᠨ ᠬᠢᠨ ᠴᠢᠩ ᠤᠨ ᠴᠡᠷᠢᠭ ᠲᠤ ᠲᠡᠶᠢᠯᠤᠭ᠍ᠳᠡᠵᠦ ᠤᠬᠤᠷᠢᠭᠰᠠᠨ ᠪᠤᠯᠪᠠᠴᠤ᠂ ᠳ᠋ᠠᠨᠵᠦ᠋ᠩ ᠮᠦᠨ ᠬᠦ ᠬᠢᠴᠢᠶᠡᠨ ᠪᠤᠯᠭᠤᠮᠵᠢᠯᠠᠵᠤ᠂ ᠡᠳᠦᠭᠡ ᠶᠢᠨ ᠠᠯᠠᠱᠠ ᠪᠠᠷᠠᠭᠤᠨ ᠬᠤᠰᠢᠭᠤᠨ ᠤ ᠡᠷᠪᠡᠬᠡᠢ ᠳᠤ ᠨᠡᠬᠦᠨ ᠤᠴᠢᠵᠤ᠂ ᠬᠡᠰᠡᠭ ᠬᠤᠭᠤᠴᠠᠭ᠎ᠠ ᠰᠠᠭᠤᠵᠤ ᠪᠠᠶᠢᠭᠠᠳ ᠨᠠᠶᠢᠷᠠᠯᠲᠤ ᠲᠦᠪ ᠤᠨ ᠠᠷᠪᠠᠨ ᠨᠢᠭᠡᠳᠤᠭᠡᠷ ᠤᠨ ︵1733 ᠤᠠ︶ ᠳᠤ ︽ᠮᠠᠨ ᠤ ᠤᠳᠤ ᠶᠢᠨ ᠰᠠᠭᠤᠵᠤ ᠪᠠᠶᠢᠬᠤ ᠡᠷᠪᠡᠬᠡᠢ ᠬᠡᠮᠡᠭᠴᠢ ᠭᠠᠵᠠᠷ ᠤᠰᠤ ᠬᠤᠪᠤᠷ᠂ ᠬᠠᠪᠤᠷ ᠴᠠᠰᠤ ᠬᠠᠶᠢᠯᠤᠭᠰᠠᠨ ᠤ ᠳᠠᠷᠠᠭ᠎ᠠ ᠰᠠᠭᠤᠬᠤ ᠳᠤ ᠪᠡᠷᠭᠡ ᠁︾ ᠬᠡᠬᠦ ᠮᠡᠲᠤ  ᠪᠠᠷ ᠳᠡᠭᠡᠭᠰᠢ ᠮᠡᠳᠡᠬᠦᠯᠵᠦ᠂ ᠭᠠᠨ ᠵᠧᠦ ᠶᠢᠨ ᠬᠠᠷᠢᠶᠠᠨ ᠳᠠᠬᠢ ᠪᠡᠶᠡᠨ ᠬᠠᠷ᠎ᠠ ᠠᠭᠤᠯᠠ ᠬᠢᠭᠡᠳ ᠬᠠᠷᠰᠢ ᠪᠤᠷᠠᠭᠲᠤ ᠳᠤ ᠲᠦᠷ ᠨᠤᠲᠤᠭᠯᠠᠬᠤ ᠪᠠᠷ ᠭᠤᠶᠤᠴᠢᠯᠠᠭᠰᠠᠠ ᠳᠤ ᠵᠦᠪᠰᠢᠶᠡᠷᠡᠯ ᠤᠯᠵᠤ᠂ ᠲᠡᠷᠡ ᠬᠠᠷᠢᠶᠠᠲᠤ ᠠᠯᠪᠠᠲᠤ ᠲᠠᠢ ᠪᠠᠨ ᠡᠪᠤᠯ ᠳᠡᠭᠡᠨ ᠠᠯᠠᠭ ᠠᠭᠤᠯᠠ ᠠᠯᠲᠠᠨ ᠲᠡᠪᠰᠢ᠂ ᠡᠷᠪᠡᠬᠡᠢ ᠵᠡᠷᠭᠡ ᠭᠠᠵᠠᠷ ᠢᠶᠠᠷ ᠰᠠᠭᠤᠷᠢᠰᠢᠨ ᠮᠠᠯᠵᠢᠵᠤ᠂ ᠵᠤᠨ  ᠳᠠᠭᠠᠨ ᠰᠢᠶᠠ ᠺᠧᠦ ᠬᠠᠭᠠᠯᠭ᠎ᠠ ᠶᠢᠨ ᠲᠤᠲᠤᠨ᠎ᠠ ᠤᠷᠤᠵᠤ᠂ ᠪᠠᠶᠠᠨ ᠬᠠᠷ᠎ᠠ ᠠᠭᠤᠯᠠ᠂ ᠬᠠᠷᠰᠢ ᠪᠤᠷᠠᠭᠲᠤ ᠪᠠᠷ ᠤᠲᠤᠷᠯᠠᠨ ᠮᠠᠯᠵᠢᠵᠤ ᠪᠠᠶᠢᠵᠡᠢ᠃ ᠨᠠᠶᠢᠷᠠᠯᠲᠤ ᠲᠦᠪ ᠤᠨ ᠠᠷᠪᠠᠨ ᠭᠤᠷᠪᠠᠳᠤᠭᠠᠷ ᠤᠨ ︵1735 ᠤᠠ︶ ᠳᠤ ᠠᠯᠠᠱᠠ ᠸᠠᠩ ᠠᠪᠤᠤ ᠶᠢᠨ ᠬᠡᠰᠡᠭ ᠬᠠᠷᠢᠶᠠᠲᠤ ᠢᠷᠭᠡᠳ ᠴᠦ ᠠᠯᠠᠭ ᠠᠭᠤᠯᠠ ᠠᠯᠲᠠᠨ ᠲᠡᠪᠰᠢ ᠪᠠ ᠡᠷᠪᠡᠬᠡᠢ ᠪᠠᠷ ᠨᠡᠬᠦᠳᠡᠯᠯᠡᠨ ᠢᠷᠡᠵᠦ ᠮᠠᠯᠵᠢᠬᠤ ᠪᠤᠯᠤᠭᠰᠠᠨ ᠠᠴᠠ ᠪᠡᠯᠴᠢᠭᠡᠷ ᠤᠨ ᠵᠢᠭᠤᠷᠠᠯᠳᠤᠭᠠᠨ ᠡᠬᠦᠰᠴᠦ᠂ ᠬᠡᠷᠡᠭ ᠵᠠᠷᠭᠤ ᠲᠠᠰᠤᠷᠠᠬᠤ ᠦᠭᠡᠢ ᠪᠤᠯᠬᠤᠷ ᠳ᠋ᠠᠨᠵᠦ᠋ᠩ ᠪᠠᠶᠢᠯᠡ ᠲᠦᠪᠡᠭᠰᠢᠶᠡᠵᠦ᠂ ᠬᠠᠷᠢᠶᠠᠲᠤ ᠠᠯᠪᠠᠲᠤ ᠲᠠᠢ ᠪᠠᠨ ᠬᠠᠷ᠎ᠠ ᠭᠤᠤᠯ  ᠤᠨ ᠤᠷᠤᠰᠬᠠᠯ ᠢ ᠤᠷᠤᠭᠤᠳᠠᠨ ᠲᠠᠭᠠᠵᠤ ᠤᠪᠤᠨ ᠴᠤᠪᠤᠨ ᠨᠡᠬᠦᠳᠡᠯᠯᠡᠨ ᠶᠠᠪᠤᠭᠰᠠᠭᠠᠷ ᠡᠵᠡᠨ᠎ᠡ ᠳᠤ ᠲᠠᠬᠢᠨᠲᠠ ᠡᠷᠬᠢᠨ ᠢᠷᠡᠵᠦ ᠡ᠊ᠨᠳᠡᠬᠢ ᠶᠢᠨ ᠭᠠᠵᠠᠷ ᠨᠤᠲᠤᠭ ᠢᠶᠠᠷ ᠡᠴᠤᠰ ᠤᠨ ᠦᠷᠲᠡᠭᠡ ᠪᠠᠨ ᠪᠤᠯᠭᠠᠭᠰᠠᠨ ᠠᠵᠤᠭᠤ᠃ ᠲᠡᠭᠷᠢ ᠲᠡᠳᠬᠦᠭᠴᠢ ᠶᠢᠨ ᠲᠠᠪᠤᠳᠤᠭᠠᠷ ᠤᠨ ︵1740 ᠤᠠ︶ ᠳᠤ ᠳ᠋ᠠᠨᠵᠦ᠋ᠩ ᠲᠠᠭᠠᠯᠠᠯ ᠲᠡᠬᠦᠰᠴᠦ᠂ ᠲᠡᠭᠦᠨ ᠤ ᠶᠡᠭᠡ ᠬᠦᠤ ᠯᠤᠪᠰᠠᠩᠳᠠᠷᠵᠠ ᠨᠢ ᠵᠡᠷᠭᠡ ᠬᠡᠷᠬᠡᠮ ᠢ ᠨᠢ ᠵᠠᠯᠭᠠᠮᠵᠢᠯᠠᠨ ᠲᠦᠷᠦ ᠶᠢᠨ ᠪᠠᠶᠢᠯᠡ ᠰᠠᠭᠤᠭᠰᠠᠨ ᠪᠤᠯᠪᠠᠴᠤ ᠨᠠᠰᠤ ᠪᠠᠭ᠎ᠠ ᠪᠡᠶ᠎ᠡ ᠪᠠᠯᠴᠢᠷ ᠠᠴᠠ ᠪᠤᠯᠵᠤ᠂ ᠴᠢᠩ ᠤᠯᠤᠰ ᠤᠨ ᠭᠠᠳᠠᠭᠠᠲᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠠᠴᠠ ᠲᠤᠰᠬᠠᠢ ᠲᠦᠰᠢᠮᠡᠯ ᠲᠤᠮᠢᠯᠠᠨ ᠠᠶᠢᠮᠠᠭ ᠤᠭᠰᠠᠭᠠᠨ ᠤ ᠬᠢᠨᠢ ᠲᠤᠲᠤᠭᠠᠲᠤ ᠬᠡᠷᠡᠭ ᠤᠴᠢᠷ ᠢ ᠤᠷᠤᠯᠠᠨ ᠬᠦᠢᠴᠡᠳᠬᠡᠵᠦ ᠪᠠᠶᠢᠵᠡᠢ᠃ ᠲᠡᠭᠷᠢ ᠲᠡᠳᠬᠦᠭᠴᠢ ᠶᠢᠨ 17 ᠳ᠋ᠤᠭᠠᠷ ᠤᠨ ᠳᠤ ᠡᠨᠡᠬᠦ ᠲᠦᠰᠢᠮᠡᠯ ᠢᠶᠠᠨ ᠭᠡᠳᠡᠷᠬᠦ ᠲᠠᠲᠠᠵᠤ᠂ ᠲᠠᠷᠠᠭ᠎ᠠ ᠵᠢᠯ ︵1753 ᠤᠠ︶ ᠨᠢ ᠯᠤᠪᠰᠠᠩᠳᠠᠷᠵᠠ ᠳᠤ ᠬᠤᠰᠢᠭᠤᠨ ᠤ ᠵᠠᠰᠠᠭ ᠤᠨ ᠡᠷᠭᠡ ᠤᠯᠭᠤᠨ᠂ ᠮᠠᠨᠵᠤ ᠮᠤᠩᠭᠤᠯ ᠦᠰᠦᠭ ᠬᠠᠪᠰᠤᠷᠭᠠᠭᠰᠠᠨ ︽ᠬᠠᠭᠤᠴᠢᠨ ᠲᠤᠷᠭᠤᠳ ᠬᠤᠰᠢᠭᠤ ᠶᠢ ᠵᠠᠬᠢᠷᠬᠤ ᠵᠠᠰᠠᠭ ᠤᠨ ᠲᠠᠮᠠᠭ᠎ᠠ︾ ᠬᠡᠮᠡᠬᠦ ᠮᠦᠩᠬᠦᠨ ᠲᠠᠮᠠᠭ᠎ᠠ ᠪᠠᠭᠤᠯᠭᠠᠨ ᠦᠭᠬᠦᠭᠡᠳ᠂ ᠡᠵᠡᠨ᠎ᠡ ᠶᠢ ᠵᠢᠩᠬᠢᠨᠢ ᠬᠤᠰᠢᠭᠤᠨ ᠤ ᠪᠠᠶᠢᠭᠤᠯᠤᠮᠵᠢ ᠪᠤᠯᠭᠠᠵᠤ᠂ ︽ᠡᠵᠡᠨ᠎ᠡ ᠬᠠᠭᠤᠴᠢᠨ ᠲᠤᠷᠭᠤᠳ ᠤᠨᠴᠠᠭᠠᠢ ᠬᠤᠰᠢᠭᠤ︾ ᠬᠡᠮᠡᠨ ᠨᠡᠷᠡᠶᠢᠳᠤᠨ᠂ ᠠᠷᠤ ᠲᠠᠪᠢᠨ ᠲᠤᠯᠤᠭ᠎ᠠ᠂ ᠦᠪᠦᠷ ᠲᠦᠴᠢᠨ ᠶᠢᠰᠦᠨ ᠬᠤᠰᠢᠭᠤᠨ ᠳᠤ ᠪᠠᠭᠲᠠᠬᠤ ᠦᠭᠡᠢ ᠳᠡᠭᠡᠷ᠎ᠡ  ᠪᠠᠨ ᠰᠢᠨᠵᠢᠶᠠᠩ ᠤᠨ ᠦᠨᠡᠨ ᠰᠦᠰᠦᠭᠲᠤ ᠶᠢᠨ ᠴᠢᠭᠤᠯᠭᠠᠨ ᠳᠤ ᠴᠦ ᠬᠠᠷᠢᠶᠠᠯᠠᠭᠳᠠᠬᠤ ᠦᠭᠡᠢ᠂ ᠲᠠᠶᠢᠴᠢᠩ ᠬᠦᠷᠦᠨ  ᠤ ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠳᠤ ᠯᠠ ᠬᠠᠮᠢᠶᠠᠷᠤᠭᠳᠠᠬᠤ ︽ᠲᠦᠪ ᠤᠨ ᠰᠢᠭᠤᠳ ᠬᠠᠷᠢᠶᠠᠲᠤ ᠪᠠᠶᠢᠭᠤᠯᠤᠯᠭ᠎ᠠ︾ ᠪᠤᠯᠵᠡᠢ᠃ ᠢᠩᠬᠢᠭᠰᠡᠨ ᠢᠶᠠᠷ᠂ ᠡᠬᠡ ᠨᠤᠲᠤᠭ ᠲᠠᠭᠠᠨ ᠡᠷᠬᠢᠵᠦ ᠬᠠᠷᠢᠵᠤ ᠴᠢᠳᠠᠯ ᠦᠭᠡᠢ ᠪᠤᠰᠤᠳ ᠤᠨ ᠦᠷᠦᠰᠢᠶᠡᠯ ᠬᠠᠶᠢᠷ᠎ᠠ ᠪᠠᠷ ᠪᠠᠭᠤᠳᠠᠯ ᠦᠷᠲᠡᠭᠡ ᠰᠤᠯᠢᠨ᠂ ᠲᠠᠪᠢᠭᠠᠳ ᠵᠢᠯ ᠴᠠᠭᠠᠴᠢᠯᠠᠭᠰᠠᠨ ᠲᠤᠷᠭᠤᠳ ᠤᠨ ᠡᠨᠡᠬᠦ ᠦᠨᠦᠴᠢᠨ ᠰᠠᠯᠠᠭ᠎ᠠ ᠬᠦᠮᠦᠰ ᠡᠴᠤᠰ ᠲᠡᠭᠡᠨ ᠦᠪᠡᠷ ᠤᠨ ᠭᠡᠵᠦ ᠤᠷᠤᠩᠨᠠᠬᠤ ᠬᠤᠰᠢᠭᠤ ᠨᠤᠲᠤᠭ ᠲᠠᠢ ᠤᠷᠤᠰᠢᠨ ᠲᠤᠭᠲᠠᠨᠢᠵᠤ ᠰᠠᠭᠤᠷᠢᠰᠢᠬᠤ ᠪᠤᠯᠤᠭᠠᠳ ᠡᠨᠡ ᠵᠢᠯ ︵2013 ᠤᠠ︶ ᠲᠠᠢ ᠶᠠᠭ ᠪᠦᠬᠦᠯᠢ 260 ᠵᠢᠯ ᠤᠨ ᠨᠢᠭᠤᠷ ᠦᠵᠡᠭᠡ ᠰᠠᠨᠵᠡᠢ᠃ ᠡᠬᠦᠨ ᠠᠴᠠ ᠭᠠᠳᠠᠨ᠎ᠠ᠂ ᠡᠵᠡᠨ᠎ᠡ ᠬᠤᠰᠢᠭᠤᠨ ᠤ ᠤᠷᠤᠨ ᠨᠤᠲᠤᠭ ᠤᠨ ᠰᠤᠶᠤᠯ ᠲᠡᠤᠬᠡ ᠶᠢᠨ ᠰᠤᠳᠤᠯᠤᠭᠴᠢ ᠠᠯᠲᠠᠨᠴᠡᠴᠡᠭ ᠨᠦᠬᠦᠷ ᠤᠨ ᠡᠳᠡᠭᠡᠷ ᠵᠢᠯ ᠤᠨ ᠮᠦᠷᠳᠡᠨ ᠰᠤᠳᠤᠯᠵᠤ ᠲᠤᠲᠤᠯᠤᠭᠰᠠᠨ ᠢᠶᠠᠷ᠂ ᠢᠵᠢᠯ ᠤᠨ ᠲᠤᠷᠭᠤᠳᠴᠤᠳ ᠡᠷᠡᠯᠬᠡᠭ ᠪᠠᠭᠠᠲᠤᠷᠯᠢᠭ ᠤᠪᠠᠰᠢ ᠬᠠᠭᠠᠨ ᠤ ᠲᠠᠶᠢᠴᠢᠯᠠᠯᠲᠠ ᠪᠠᠷ ︽ᠦᠷᠡᠭᠳᠡᠯ ᠰᠦᠢᠳᠦᠯ ᠠᠴᠠ ᠠᠶᠤᠬᠤ ᠦᠭᠡᠢ ᠲᠦᠮᠡᠨ ᠪᠡᠷᠬᠡᠰᠢᠶᠡᠯ ᠢ ᠢᠯᠠᠨ ᠲᠠᠪᠠᠵᠤ︾ ᠲᠡᠭᠷᠢ ᠲᠡᠳᠬᠦᠭᠴᠢ ᠶᠢᠨ 36 ᠤᠨ ︵1771 ᠤᠠ︶ ᠳᠤ ᠡᠪᠦᠭᠡ ᠳᠡᠭᠡᠳᠤᠰ ᠤᠨ ᠨᠤᠲᠤᠭ — ᠰᠢᠨᠵᠢᠶᠠᠩ ᠳᠠᠭᠠᠨ ᠬᠠᠷᠢᠵᠤ ᠢᠷᠡᠭᠰᠡᠨ ᠤ ᠳᠠᠷᠠᠭ᠎ᠠ᠂ ᠲᠡᠳᠡᠨᠡᠷ ᠤᠨ ᠲᠤᠮᠳᠠ ᠠᠴᠠ ᠪᠠᠰᠠ ᠬᠡᠰᠡᠭ ᠲᠤᠭᠠᠨ ᠤ ᠬᠦᠮᠦᠰ 1821 — 1947 ᠤᠨ ᠪᠤᠯᠲᠠᠯᠠᠬᠢ 126 ᠵᠢᠯ ᠤᠨ ᠬᠤᠭᠤᠷᠤᠨᠳᠤ ᠲᠠᠶᠢᠨ ᠲᠠᠵᠢᠨ ᠤ ᠬᠦᠯ ᠦᠢᠮᠡᠭᠡᠨ ᠠᠴᠠ ᠵᠠᠶᠢᠳᠠᠬᠤ ᠪᠠ ᠠᠬ᠎ᠠ ᠲᠡᠬᠦᠤ ᠲᠦᠷᠦᠯ ᠰᠠᠳᠤᠨ ᠢᠶᠠᠨ ᠪᠠᠷᠠᠳᠠᠨ ᠲᠦᠰᠢᠭᠯᠡᠬᠦ ᠵᠡᠷᠭᠡ ᠰᠢᠯᠲᠠᠭᠠᠨ ᠢᠶᠠᠷ ᠡᠵᠡᠨ᠎ᠡ ᠳᠤ ᠤᠷᠢᠳ ᠬᠤᠵᠢᠳ ᠴᠠᠭᠠᠴᠢᠯᠠᠨ ᠢᠷᠡᠵᠦ ᠨᠤᠲᠤᠭᠰᠢᠭᠠᠳ ᠲᠤᠰ ᠭᠠᠵᠠᠷ ᠤᠷᠤᠨ ᠤ ︽ᠰᠢᠨ᠎ᠡ ᠲᠤᠷᠭᠤᠳ︾ ᠤᠨ ᠡᠬᠦᠰᠦᠯ ᠪᠦᠷᠢᠯᠳᠦᠯ ᠢ ᠪᠤᠢ ᠪᠤᠯᠭᠠᠵᠤ ᠦᠭᠴᠡᠢ᠃ ᠡ᠊ᠨᠳᠡ ᠲᠦᠬᠦᠮ ᠵᠢᠭᠰᠠᠭᠠᠨ ᠲᠤᠷᠠᠳᠪᠠᠯ᠂ ᠡᠮᠤᠨᠡᠲᠤ ᠵᠠᠮ ᠤᠨ ᠲᠤᠷᠭᠤᠳ ᠤᠨ ᠬᠠᠷᠠᠰᠢᠷ᠎ᠠ ᠠᠴᠠ 4 ᠡᠷᠦᠭᠡ ᠶᠢᠨ 10 ᠬᠦᠮᠦᠨ᠂ ᠤᠮᠠᠷᠠᠲᠤ ᠵᠠᠮ ᠤᠨ ᠲᠤᠷᠭᠤᠳ ᠤᠨ ᠬᠤᠪᠤᠭᠰᠠᠶᠢᠷ ᠠᠴᠠ 19 ᠡᠷᠦᠭᠡ ᠶᠢᠨ 73 ᠬᠦᠮᠦᠨ᠂ ᠲᠤᠷᠤᠨᠠᠲᠤ ᠵᠠᠮ ᠤᠨ ᠲᠤᠷᠭᠤᠳ ᠤᠨ ᠡᠷᠢᠶᠡᠨ ᠬᠠᠪᠢᠷᠭ᠎ᠠ ᠠᠴᠠ 6 ᠡᠷᠦᠭᠡ ᠶᠢᠨ 16 ᠬᠦᠮᠦᠨ ᠠᠴᠠ ᠭᠠᠳᠠᠨ᠎ᠠ ᠪᠠᠰᠠ ᠰᠡᠷᠡᠩ᠂ ᠰᠢᠷ᠎ᠠ ᠬᠡᠤᠬᠡᠨ ᠬᠤᠶᠠᠷ ᠤᠨ ᠢᠵᠢᠯ ᠠᠴᠠ ᠳᠠᠭᠠᠭᠤᠯᠵᠤ ᠢᠷᠡᠭᠰᠡᠨ ᠰᠢᠨᠵᠢᠶᠠᠩ ᠤᠨ ᠰᠢᠨ᠎ᠡ ᠲᠤᠷᠭᠤᠳ ᠤᠨ 4 ᠡᠷᠦᠭᠡ ᠠᠶᠢᠯ ᠤᠨ 12 ᠬᠦᠮᠦᠨ ᠪᠠᠶᠢᠵᠤ᠂ ᠨᠡᠶᠢᠲᠠ 33 ᠡᠷᠦᠭᠡ ᠠᠶᠢᠯ ᠤᠨ 111 ᠬᠦᠮᠦᠨ ᠠᠮᠠ ᠡᠵᠡᠨ᠎ᠡ ᠲᠤᠷᠭᠤᠳᠴᠤᠳ ᠤᠨ ᠶᠡᠭᠡ ᠬᠡᠷ ᠪᠦᠯᠢ ᠶᠢᠨ ᠰᠢᠨ᠎ᠡ ᠪᠦᠷᠢᠯᠳᠤᠬᠦᠨ ᠪᠤᠯᠵᠤ᠂ ᠡᠯᠳᠡᠪ ᠵᠦᠢᠯ ᠤᠨ ᠰᠢᠯᠲᠠᠭᠠᠨ ᠠᠴᠠ ᠶᠡᠬᠡᠳᠡ ᠪᠠᠭᠤᠷᠠᠯᠲᠠ ᠲᠠᠢ ᠪᠤᠯᠵᠤ ᠪᠠᠶᠢᠭᠰᠠᠨ ᠡ᠊ᠨᠳᠡᠬᠢ ᠶᠢᠨ ᠲᠤᠷᠭᠤᠳ ᠶᠠᠰᠤᠲᠠᠨ ᠤ ᠬᠦᠮᠦᠨ ᠠᠮᠠ ᠶᠢᠨ ᠨᠡᠮᠡᠭᠳᠡᠯ  ᠳᠤ ᠢᠯᠡᠳᠳᠡ ᠬᠤᠪᠢ ᠨᠡᠮᠡᠷᠢ ᠦᠵᠡᠬᠦᠯᠦᠭᠰᠡᠨ ᠢ ᠡᠳᠦᠭᠡ ᠴᠦ ᠦᠨᠡᠯᠡᠨ ᠲᠤᠷᠠᠳᠴᠤ ᠤᠨᠴᠠᠯᠠᠨ ᠲᠡᠮᠳᠡᠭᠯᠡᠬᠦᠰᠢᠲᠠᠢ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号