ᠣᠶᠢᠷᠠᠳ ᠮᠠᠨᠵᠤ ᠶᠢᠨ ᠤᠯᠠᠭᠠᠨᠪᠤᠳᠤᠩ ᠤᠨ ᠲᠤᠯᠤᠯᠳᠤᠭᠠᠨ
ᠨᠡᠶᠢᠲᠡᠯᠡᠭᠰᠡᠨ ᠴᠠᠭ᠄
2020/3/13
 ᠭᠠᠯᠳᠠᠨ ᠪᠣᠱᠣᠭᠲᠤ ᠬᠠᠯᠬ᠎ᠠ ᠶᠢ ᠡᠵᠡᠯᠡᠵᠦ ᠠᠪᠤᠭᠰᠠᠨ ᠤ ᠳᠠᠷᠠᠭ᠎ᠠ ᠰᠡᠯᠡᠩᠭᠡ ᠮᠥᠷᠡᠨ ᠤ ᠡᠬᠢᠨ ᠳᠤ ᠨᠤᠲᠤᠭᠯᠠᠵᠤ ᠪᠠᠶᠢᠭᠠᠳ 1690 ᠣᠨ ᠤ 5 ᠳ᠋ᠤᠭᠠᠷ ᠰᠠᠷ᠎ᠠ ᠳᠤ ᠵᠡᠭᠦᠨ ᠵᠦᠭ ᠲᠤ ᠬᠥᠳᠡᠯᠦᠨ᠂ ᠬᠠᠯᠬ᠎ᠠ ᠭᠤᠣᠯ ᠬᠦᠷᠴᠦ ᠬᠥᠪᠡᠭᠡᠯᠡᠨ ᠤᠷᠤᠭᠰᠢᠯᠠᠭᠰᠠᠭᠠᠷ ᠮᠠᠨᠵᠤ ᠴᠢᠨ ᠭᠦᠷᠦᠨ ᠤ ᠬᠢᠯᠢ ᠳᠤ ᠴᠥᠮᠥᠷᠡᠨ᠂ ᠥᠪᠥᠷ ᠮᠣᠩᠭᠤᠯ ᠤᠨ ᠦᠵᠦᠮᠦᠴᠢᠨ ᠠᠶᠢᠮᠠᠭ ᠢ ᠳᠣᠪᠲᠣᠯᠤᠨ ᠤᠤᠯᠭᠠᠯᠠᠭᠰᠠᠨ ᠪᠠᠶᠢᠨ᠎ᠠ᠃ ᠡᠨᠡ ᠦᠶ᠎ᠡ ᠳᠤ ᠮᠠᠨᠵᠤ ᠶᠢᠨ ᠬᠢᠵᠠᠭᠠᠷ ᠤᠨ ᠴᠡᠷᠢᠭ ᠤᠨ ᠵᠠᠩᠵᠤᠨ ᠠᠷᠨᠠᠢ ᠬᠢᠯᠢ ᠶᠢᠨ ᠣᠶᠢᠷ᠎ᠠ ᠪᠠᠶᠢᠭᠰᠠᠨ ᠢᠶᠠᠨ ᠠᠰᠢᠭᠯᠠᠨ ᠭᠠᠯᠳᠠᠨ ᠢ ᠪᠤᠲᠠ ᠴᠣᠬᠢᠨ ᠬᠠᠭᠠᠨ ᠳᠤ ᠪᠠᠨ ᠶᠡᠭᠡ ᠭᠠᠪᠢᠶ᠎ᠠ ᠪᠠᠶᠢᠭᠤᠯᠬᠤ ᠶᠢ ᠰᠡᠳᠬᠢᠨ᠂ ᠡᠩᠬᠡ ᠡᠮᠤᠭᠤᠯᠠᠩ ᠬᠠᠭᠠᠨ ᠤ ︽ᠶᠠᠭᠠᠷᠠᠨ ᠪᠠᠶᠢᠯᠳᠤᠵᠤ ᠪᠣᠯᠬᠤ ᠦᠭᠡᠢ᠃ ᠨᠡᠮᠡᠯᠲᠡ ᠴᠡᠷᠢᠭ ᠢᠷᠡᠬᠦ ᠶᠢ ᠬᠦᠯᠢᠶ᠎ᠡ︾ ᠭᠡᠰᠡᠨ ᠵᠠᠷᠯᠢᠭ ᠢ ᠵᠥᠷᠴᠢᠨ᠂ ᠥᠪᠡᠷ ᠤᠨ ᠳᠤᠷ᠎ᠠ ᠪᠠᠷ ᠬᠤᠶᠠᠷ ᠲᠦᠮᠡᠨ ᠴᠡᠷᠢᠭ ᠢ ᠠᠪᠴᠤ᠂ ᠤᠯᠬᠤᠢ ᠭᠤᠣᠯ ᠤᠨ ᠣᠷᠴᠢᠮ ᠭᠠᠵᠠᠷ ᠭᠠᠯᠳᠠᠨ ᠤ ᠲᠦᠷᠦᠭᠦᠯᠡᠵᠦ ᠢᠯᠡᠭᠡᠭᠰᠡᠨ ᠬᠤᠰᠢᠭᠤᠴᠢ ᠴᠡᠷᠢᠭ ᠤᠨ ᠠᠩᠭᠢ ᠲᠠᠢ ᠤᠴᠠᠷᠠᠨ ᠪᠠᠶᠢᠯᠳᠤᠵᠤ ᠪᠠᠶᠢᠲᠠᠯ᠎ᠠ ᠭᠠᠯᠳᠠᠨ ᠶᠡᠭᠡ ᠴᠡᠷᠢᠭ ᠢᠶᠠᠨ ᠠᠪᠴᠤ ᠢᠷᠡᠨ ᠠᠷᠠᠨᠠᠢ ᠶᠢ ᠬᠠᠪᠴᠢᠨ ᠴᠣᠬᠢᠵᠠᠢ᠃ᠡᠨᠡ ᠪᠠᠶᠢᠯᠳᠤᠭᠠᠨ ᠳᠤ ᠭᠠᠯᠳᠠᠨ ᠢ ᠭᠠᠯᠲᠤ ᠵᠡᠪᠰᠡᠭ ᠬᠡᠷᠡᠭᠯᠡᠭᠰᠡᠨ ᠬᠡᠮᠡᠨ ᠡᠩᠬᠡ ᠠᠮᠤᠭᠤᠯᠠᠩ ᠬᠠᠭᠠᠨ ᠤ ᠪᠣᠳᠣᠷᠠᠯ ᠤᠨ ᠪᠢᠴᠢᠭ ᠲᠤ ᠦᠭᠦᠯᠡᠳᠡᠭ ᠪᠠᠶᠢᠨ᠎ᠠ᠃ ᠠᠷᠨᠠᠢ ᠵᠠᠩᠵᠤᠨ ᠡᠶᠢᠨᠬᠦᠦ ᠣᠶᠢᠷᠠᠳ ᠤᠳ ᠲᠤ ᠰᠢᠷᠦᠭᠦᠨ ᠴᠣᠬᠢᠭᠳᠠᠨ ᠪᠤᠷᠤᠭᠤᠯᠠᠭᠰᠠᠨ ᠪᠥᠭᠡᠳ ᠡᠩᠬᠡ ᠠᠮᠤᠭᠤᠯᠠᠩ ᠬᠠᠭᠠᠨ ᠲᠡᠭᠦᠨ ᠢ ︽ᠵᠠᠷᠯᠢᠭ ᠢ ᠵᠥᠷᠴᠢᠨ ᠣᠮᠲᠣᠭᠠᠢ ᠪᠠᠶᠢᠯᠳᠤᠭᠰᠠᠨ︾ ᠬᠡᠮᠡᠨ ᠲᠤᠰᠢᠶᠠᠯ ᠠᠴᠠ ᠪᠠᠭᠤᠷᠠᠭᠤᠯᠤᠨ ᠰᠢᠳᠬᠡᠭᠰᠡᠨ ᠪᠠᠶᠢᠨ᠎ᠠ᠃ ᠡᠭᠦᠨ ᠠᠴᠠ ᠦᠵᠡᠬᠦ ᠳᠤ᠂ ᠭᠠᠯᠳᠠᠨ ᠪᠣᠱᠣᠭᠲᠤ ᠲᠠᠢ ᠬᠢᠬᠦ ᠲᠡᠮᠡᠴᠡᠯ ᠢ ᠡᠩᠬᠡ ᠠᠮᠤᠭᠤᠯᠠᠩ ᠬᠠᠭᠠᠨ ᠶᠡᠬᠡᠳᠡ ᠴᠢᠬᠤᠯᠠᠴᠢᠯᠠᠵᠤ ᠨᠢᠭᠲᠠ ᠨᠢᠮᠪᠠᠢ ᠬᠠᠨᠳᠤᠵᠤ ᠪᠠᠶᠢᠪᠠ᠃ ᠲᠡᠷᠡᠪᠡᠷ ᠭᠠᠯᠳᠠᠨ ᠪᠣᠰᠣᠭᠲᠣ ᠳᠤ ᠡᠯᠴᠢ ᠵᠠᠷᠤᠵᠤ ᠲᠠᠯ᠎ᠠ ᠵᠠᠰᠠᠬᠤ ᠶᠢᠨ ᠵᠡᠷᠭᠡᠴᠡᠭᠡ᠂ ᠴᠠᠭ ᠬᠤᠵᠢᠨ ᠴᠡᠷᠢᠭ ᠤᠨ ᠬᠦᠴᠦ ᠪᠠᠨ ᠲᠠᠲᠠᠨ ᠬᠤᠷᠠᠮᠲᠤᠯᠠᠭᠤᠯᠵᠠᠢ᠃ ᠡᠨᠡ ᠦᠶ᠎ᠡ ᠶᠢ ᠬᠦᠷᠲᠡᠯ᠎ᠡ ᠭᠠᠯᠳᠠᠨ ᠪᠣᠱᠣᠭᠲᠤ ᠳᠡᠶᠢᠯᠦᠭᠳᠡᠵᠦ ᠢᠯᠠᠭᠳᠠᠵᠤ ᠶᠠᠪᠤᠭᠰᠠᠨ ᠦᠭᠡᠢ ᠲᠤᠯᠠ ᠣᠶᠢᠷᠠᠳ ᠨᠤᠲᠤᠭ ᠲᠤ ᠠᠷᠤ ᠬᠤᠳᠠᠷᠭ᠎ᠠ ᠪᠠᠷ ᠨᠢ ᠰᠡᠸᠡᠩᠷᠠᠪᠳᠠᠨ ᠬᠠᠭᠠᠨ ᠰᠢᠷᠡᠭᠡ ᠶᠢ ᠨᠢ ᠭᠤᠳᠦ᠋ᠢᠯᠭᠠᠵᠤ᠂ ᠥᠪᠡᠷ ᠲᠤ ᠨᠢ ᠴᠣᠬᠢᠭᠳᠠᠭᠰᠠᠨ ᠬᠠᠯᠬ᠎ᠠ ᠨᠤᠭᠤᠳ ᠮᠠᠨᠵᠤ ᠳᠤ ᠬᠦᠴᠦ ᠬᠠᠪᠰᠤᠷᠤᠨ ᠳᠠᠶᠢᠰᠤᠩᠨᠠᠨ ᠪᠠᠶᠢᠭᠰᠠᠨ ᠢ ᠦᠯᠦ ᠲᠣᠭᠤᠨ ᠮᠠᠨᠵᠤ ᠶᠢᠨ ᠶᠡᠭᠡ ᠴᠡᠷᠢᠭ ᠢ ᠨᠢᠭᠡᠮᠦᠰᠦᠨ ᠴᠣᠬᠢᠬᠤ ᠪᠠᠷ ᠤᠯᠠᠶᠢᠷᠠᠨ ᠵᠢᠳᠬᠦᠪᠡ᠃ ᠴᠤᠬᠤᠮ ᠳᠠᠭᠠᠨ ᠡᠨᠡ ᠨᠢ ᠴᠢᠩᠭᠢᠰ ᠬᠠᠭᠠᠨ ᠤ ᠦᠢᠯᠡᠰ ᠢ ᠳᠠᠪᠲᠠᠬᠤ ᠪᠠᠷ ᠮᠡᠷᠡᠶᠢᠭᠰᠡᠨ ᠭᠡᠯᠲᠡᠢ᠃ ᠮᠠᠨᠵᠤ ᠴᠢᠩ ᠭᠦᠷᠦᠨ ᠮᠠᠨᠳᠤᠨ ᠪᠠᠳᠠᠷᠠᠬᠤ ᠪᠦᠬᠦ ᠦᠶ᠎ᠡ ᠶᠢᠨ ᠲᠡᠦᠬᠡᠨ ᠳᠤ ᠪᠠᠨ ᠡᠶᠢᠮᠦ ᠠᠶᠤᠮᠰᠢᠭᠲᠠᠢ ᠡᠩ ᠲᠡᠩᠴᠡᠭᠦᠦ ᠬᠦᠴᠦ ᠦᠵᠡᠭᠰᠡᠨ ᠳᠠᠶᠢᠰᠤᠨ ᠲᠠᠢ ᠤᠴᠠᠷᠠᠭᠰᠠᠨ ᠦᠭᠡᠢ ᠲᠤᠯᠠ ᠨᠡᠶᠢᠰᠯᠡᠯ ᠳᠤ ᠨᠢ ᠣᠶᠢᠷᠠᠳ ᠤᠨ ᠶᠡᠭᠡ ᠴᠡᠷᠢᠭ ᠣᠶᠢᠷᠠᠳᠤᠨ ᠢᠷᠡᠬᠦ ᠳᠤ ᠮᠠᠰᠢ ᠶᠡᠭᠡ ᠪᠣᠯᠭᠤᠮᠵᠢᠯᠠᠨ᠂ ᠦᠢᠮᠡᠨ ᠰᠠᠨᠳᠤᠷᠴᠤ ᠪᠠᠶᠢᠭᠰᠠᠨ ᠭᠡᠳᠡᠭ᠃ᠲᠡᠷᠡ ᠦᠶ᠎ᠡ ᠳᠤ ᠴᠢᠩ ᠤᠯᠤᠰ ᠤᠨ ᠬᠢᠵᠠᠭᠠᠷ ᠢ ᠰᠡᠷᠭᠡᠶᠢᠯᠡᠨ ᠰᠠᠭᠤᠯᠭᠠᠭᠰᠠᠨ ᠴᠡᠷᠢᠭ 3 ᠲᠦᠮᠡ ᠪᠠᠶᠢᠭᠰᠠᠨ ᠪᠥᠭᠡᠳ ᠲᠡᠭᠦᠨ ᠳᠡᠭᠡᠷ᠎ᠡ ᠭᠠᠯᠳᠠᠨ ᠪᠣᠱᠣᠭᠲᠤ ᠶᠢᠨ ᠴᠡᠷᠢᠭ ᠢ ᠲᠣᠰᠤᠨ ᠪᠠᠶᠢᠯᠳᠤᠬᠤ ᠪᠠᠷ 10 ᠲᠦᠮᠡᠨ ᠴᠡᠷᠢᠭ ᠢ ᠳᠠᠶᠢᠴᠢᠯᠠᠨ ᠲᠠᠲᠠᠭᠰᠠᠨ ᠪᠠᠶᠢᠴᠠᠢ᠃ ᠲᠡᠷᠡᠪᠡᠷ ᠥᠪᠡᠷ ᠤᠨ ᠠᠬ᠎ᠠ ᠹᠦ᠋ ᠴᠤᠸ᠎ᠠ ᠶᠢᠨ ᠳᠤ ︽ᠬᠤᠯᠠ ᠳᠠᠬᠢᠨ ᠢ ᠳᠠᠭᠠᠭᠤᠯᠤᠭᠴᠢ ᠶᠡᠭᠡ ᠵᠠᠩᠵᠤᠨ︾ ᠴᠣᠯᠠ ᠥᠭᠴᠦ᠂ 5 ᠲᠦᠮᠡᠨ ᠴᠡᠷᠢᠭ ᠪᠦᠬᠦᠢ ᠵᠡᠭᠦᠨ ᠵᠢᠭᠦᠷ ᠢ ᠵᠠᠬᠢᠷᠤᠭᠤᠯᠤᠭᠰᠠᠨ ᠪᠣᠯ᠂ ᠭᠤᠷᠪᠠᠳᠤᠭᠠᠷ ᠠᠬ᠎ᠠ ᠴᠢᠨ ᠸᠠᠩ ᠴᠢᠨ ᠨᠢᠩ ᠳᠤ ︽ᠤᠮᠠᠷ᠎ᠠ ᠳᠠᠬᠢᠨ ᠢ ᠠᠮᠤᠷᠵᠢᠭᠤᠯᠤᠭᠴᠢ ᠶᠡᠭᠡ ᠵᠠᠩᠵᠤᠨ︾ ᠴᠣᠯᠠ ᠣᠯᠭᠤᠨ 5 ᠲᠦᠮᠡᠨ ᠴᠡᠷᠢᠭ ᠥᠭᠴᠦ ᠪᠠᠷᠠᠭᠤᠨ ᠵᠢᠭᠦᠷ ᠪᠣᠯᠭᠠᠨ ᠭᠠᠯᠳᠠᠨ ᠢ ᠳᠣᠰᠣᠭᠤᠯᠬᠤ ᠪᠠᠷ ᠶᠠᠪᠤᠭᠤᠯᠵᠠᠢ᠃ ᠡᠩᠬᠡ ᠠᠮᠤᠭᠤᠯᠠᠩ ᠬᠠᠭᠠᠨ ᠤ ᠭᠠᠵᠠᠷ᠂ ᠭᠠᠵᠠᠷ ᠠᠴᠠ ᠲᠠᠲᠠᠨ ᠴᠤᠭᠯᠠᠭᠤᠯᠤᠭᠰᠠᠨ 10 ᠲᠦᠮᠡᠨ ᠰᠢᠯᠭᠠᠷᠠᠭᠰᠠᠨ ᠴᠡᠷᠢᠭ ᠤᠨ ᠳᠣᠲᠣᠷ᠎ᠠ ᠭᠠᠯᠲᠤ ᠵᠡᠪᠰᠡᠭ ᠲᠠᠢ ᠴᠡᠷᠢᠭ ᠮᠢᠩᠭ᠎ᠠ ᠣᠷᠴᠢᠮ ᠪᠠᠶᠢᠴᠠᠢ᠃ ᠡᠩᠬᠡ ᠠᠮᠤᠭᠤᠯᠠᠩ ᠡᠶᠢᠨ ᠴᠡᠷᠢᠭ ᠲᠣᠮᠢᠯᠠᠨ ᠶᠠᠪᠤᠭᠤᠯᠬᠤᠴᠠ ᠪᠠᠨ ᠭᠠᠯᠳᠠᠨ ᠪᠣᠱᠣᠭᠲᠤ ᠶᠢᠨ ᠶᠡᠭᠡ ᠴᠡᠷᠢᠭ ᠲᠠᠢ ᠪᠠᠶᠢᠯᠳᠤᠨ᠎ᠠ ᠭᠡᠵᠦ ᠠᠯᠳᠠᠷᠰᠢᠭᠤᠯᠤᠭᠰᠠᠨ ᠦᠭᠡᠢ᠂ ᠬᠠᠷᠢᠨ ᠬᠠᠭᠠᠨ ᠤ ᠠᠬ᠎ᠠ᠂ ᠠᠭᠢ ᠨᠠᠷ ᠤᠯᠠᠭᠠᠨᠪᠤᠳᠠᠩ ᠭᠡᠳᠡᠭ ᠭᠠᠵᠠᠷ ᠢᠷᠡᠵᠦ᠂ ᠥᠪᠥᠷ ᠮᠣᠩᠭᠤᠯ ᠤᠨ ᠣᠯᠠᠨ ᠨᠣᠶᠠᠳ ᠤᠨ ᠬᠠᠮᠲᠤ ᠭᠠᠯᠳᠠᠨ ᠲᠠᠢ ᠴᠢᠭᠤᠯᠭᠠᠨ ᠬᠢᠵᠦ᠂ ᠲᠦᠰᠢᠶᠡᠲᠦ ᠬᠠᠨ ᠪᠣᠯᠤᠨ ᠵᠠᠪᠵᠠᠩᠳᠠᠮᠪᠠ ᠬᠤᠲᠤᠭᠲᠤ ᠨᠠᠷ ᠤᠨ ᠪᠤᠷᠤᠭᠤ ᠶᠢ ᠬᠦᠯᠢᠶᠡᠯᠭᠡᠵᠦ᠂ ᠶᠠᠯ᠎ᠠ ᠬᠡᠯᠲᠦᠷᠢᠭᠦᠯᠬᠦ ᠶᠠᠪᠤᠳᠠᠯ ᠶᠢ ᠬᠡᠯᠡᠯᠴᠡᠬᠦ ᠭᠡᠵᠦ ᠪᠠᠶᠢᠨ᠎ᠠ ᠭᠡᠬᠦ ᠵᠡᠷᠭᠡ ᠪᠠᠷ ᠬᠠᠯᠬᠠᠯᠠᠨ᠂ ᠭᠠᠯᠳᠠᠨ ᠳᠤ ᠪᠢᠴᠢᠭ ᠶᠠᠪᠤᠭᠤᠯᠤᠭᠰᠠᠨ ᠪᠠᠶᠢᠨ᠎ᠠ᠃ ᠭᠠᠯᠳᠠᠨ ᠡᠭᠦᠨ ᠢ ᠭᠡᠨᠡᠳᠡᠭᠦᠯᠬᠦ ᠠᠷᠭ᠎ᠠ ᠪᠣᠯᠬᠤ ᠶᠢ ᠮᠡᠳᠡᠵᠦ᠂ ᠮᠥᠨ ᠤᠭ ᠠᠷᠭ᠎ᠠ ᠶᠢ ᠬᠠᠷᠢᠭᠤ ᠬᠡᠷᠡᠭᠯᠡᠨ ᠴᠢᠭᠤᠯᠭᠠᠨ ᠳᠤ ᠣᠴᠢᠨ᠎ᠠ ᠬᠡᠮᠡᠨ ᠠᠯᠳᠠᠷᠰᠢᠭᠤᠯᠤᠨ ᠬᠡᠯᠡᠯᠴᠡᠵᠦ᠂ ᠴᠡᠷᠢᠭ ᠢᠶᠠᠨ ᠠᠪᠤᠨ ᠤᠷᠤᠭᠰᠢᠯᠠᠪᠠ᠃ᠣᠶᠢᠷᠠᠳ ᠤᠨ ᠴᠡᠷᠢᠭ 1690 ᠣᠨ ᠤ 7 ᠳ᠋ᠤᠭᠠᠷ ᠰᠠᠷ᠎ᠠ ᠶᠢᠨ ᠰᠡᠭᠦᠯ ᠢᠶᠠᠷ ᠤᠯᠬᠤᠢ ᠶᠢᠨ ᠭᠤᠣᠯ ᠠᠴᠠ ᠬᠥᠳᠡᠯᠵᠦ᠂ 8 ᠳ᠋ᠤᠭᠠᠷ ᠰᠠᠷ᠎ᠠ ᠶᠢᠨ ᠣᠷᠴᠢᠮ ᠪᠡᠭᠡᠵᠢᠩ ᠠᠴᠠ 400 ᠣᠷᠴᠢᠮ ᠺᠢᠯᠣᠮᠧᠲᠷ ᠵᠠᠶᠢᠲᠠᠢ ᠤᠯᠠᠭᠠᠨᠪᠤᠲᠤᠩ ᠳᠤ ᠢᠷᠡᠵᠡᠢ᠃ ᠤᠯᠠᠭᠠᠨᠪᠤᠲᠤᠩ ᠳᠤ ᠭᠠᠯᠳᠠᠨ ᠪᠣᠱᠣᠭᠲᠤ ᠶᠢᠨ ᠴᠡᠷᠢᠭ ᠢ ᠣᠴᠢᠬᠤ ᠳᠤ ᠮᠠᠨᠵᠤ ᠶᠢᠨ ᠵᠡᠭᠦᠨ ᠵᠠᠮ ᠤᠨ ᠴᠡᠷᠢᠭ ᠲᠦᠷᠦᠭᠦᠯᠡᠵᠦ ᠢᠷᠡᠭᠡᠳ ᠨᠢᠭᠡᠨᠲᠡ ᠠᠰᠢᠭᠲᠠᠢ ᠪᠠᠶᠢᠷᠢᠯᠠᠯ ᠢ ᠡᠵᠡᠯᠡᠭᠰᠡᠨ ᠪᠠᠶᠢᠪᠠ᠃ ᠠᠭᠤᠯᠠ ᠶᠢᠨ ᠪᠡᠯ ᠳᠤ ᠪᠠᠶᠢᠷᠢᠯᠠᠭᠤᠯᠤᠭᠰᠠᠨ ᠮᠠᠨᠵᠤ ᠶᠢᠨ ᠴᠡᠷᠢᠭ ᠶᠡᠭᠡ ᠪᠤᠤ ᠣᠯᠠᠨ ᠲᠠᠢ᠂ ᠲᠡᠷᠡ ᠨᠢ ᠨᠠᠷᠠᠨ ᠳᠤ ᠭᠢᠯᠠᠯᠵᠠᠵᠤ ᠢᠷᠠᠶᠢᠲᠠᠯ᠎ᠠ ᠵᠢᠭᠰᠠᠭᠠᠭᠰᠠᠨ ᠪᠠᠶᠢᠬᠤ ᠨᠢ ᠣᠶᠢᠷᠠᠳ ᠤᠨ ᠡᠰᠡᠷᠡᠭ ᠡᠩᠬᠡ ᠠᠮᠤᠭᠤᠯᠠᠩ ᠬᠠᠭᠠᠨ ᠯᠤᠲᠤ ᠲᠣᠮᠣ ᠬᠦᠴᠦ ᠶᠢ ᠬᠤᠷᠠᠮᠳᠠᠭᠤᠯᠤᠭᠰᠠᠨ ᠢ ᠢᠯᠡᠳᠬᠡᠨ᠎ᠡ᠃ ᠮᠥᠨ ᠬᠠᠯᠬ᠎ᠠ᠂ ᠥᠪᠥᠷᠯᠡᠭᠴᠢ ᠬᠤᠱᠤᠳ ᠤᠨ ᠴᠡᠷᠢᠭ ᠤᠳ ᠠᠴᠠ ᠪᠦᠷᠢᠳᠦᠭᠦᠯᠦᠭᠰᠡᠨ ᠮᠣᠷᠢᠲᠤ ᠴᠡᠷᠢᠭ ᠢ ᠭᠠᠩᠭ᠎ᠠ ᠵᠢᠯᠠᠭᠠᠨ ᠳᠤ ᠪᠥᠭᠡᠭᠡᠨᠡᠭᠦᠯᠦᠭᠰᠡᠨ ᠪᠠᠶᠢᠯ᠎ᠠ᠃ ᠭᠠᠯᠳᠠᠨ ᠤᠨ ᠴᠡᠷᠢᠭ ᠤᠳ ᠶᠡᠭᠡ ᠲᠥᠯᠥᠪ ᠬᠥᠪᠥᠩ ᠲᠠᠢ ᠳᠡᠪᠡᠯᠦᠨ ᠤ ᠭᠠᠳᠠᠭᠤᠷ ᠨᠢᠮᠭᠡᠨ ᠲᠡᠮᠦᠷ ᠴᠠᠭᠠᠷᠢᠭ ᠬᠡᠯᠬᠢᠵᠦ ᠬᠠᠳᠤᠭᠰᠠᠨ ᠬᠤᠶᠠᠭ ᠲᠠᠢ ᠪᠥᠭᠡᠳ ᠵᠠᠷᠢᠮ ᠨᠢ ᠲᠡᠷᠡ ᠬᠤᠶᠠᠭᠠᠨ ᠤ ᠪᠠᠨ ᠭᠠᠳᠠᠭᠤᠷ ᠭᠢᠨᠵᠢᠨ ᠬᠦᠷᠮ᠎ᠡ ᠳᠠᠪᠬᠤᠷᠯᠠᠨ ᠡᠮᠦᠰᠦᠭᠰᠡᠨ ᠪᠠᠶᠢᠯ᠎ᠠ᠃ ᠲᠡᠭᠦᠨᠴᠢᠯᠡᠨ᠂ ᠬᠦᠮᠦᠨ ᠤ ᠬᠥᠵᠦᠭᠦᠦ ᠶᠢ ᠴᠤ ᠲᠠᠰᠤ ᠬᠠᠷᠪᠤᠬᠤ ᠬᠤᠷᠴᠠ ᠢᠷ ᠲᠠᠢ ᠰᠠᠷᠠᠨ ᠵᠡᠪᠡ᠂ ᠬᠢᠲᠤᠭᠠᠨ ᠵᠡᠪᠡ᠂ ᠰᠢᠪᠦᠭᠡᠨ ᠵᠡᠪᠡ ᠪᠦᠬᠦᠢ ᠨᠤᠮᠤ ᠰᠤᠮᠤ ᠲᠠᠢ ᠪᠠᠶᠢᠯ᠎ᠠ᠃ ᠬᠤᠶᠠᠷ ᠶᠡᠭᠡ ᠪᠤᠤ ᠲᠠᠢ ᠪᠠᠶᠢᠭᠰᠠᠨ ᠢᠶᠠᠨ ᠮᠠᠨᠵᠤ ᠶᠢᠨ ᠴᠡᠷᠢᠭ ᠡᠬᠢᠯᠡᠭᠡᠳ ᠳᠣᠪᠲᠣᠯᠤᠨ ᠢᠷᠡᠬᠦ ᠪᠠᠶᠢᠬᠤ ᠭᠡᠵᠦ ᠦᠵᠡᠭᠰᠡᠨ ᠣᠨᠢ ᠭᠠᠵᠠᠷ ᠲᠤ ᠵᠣᠭᠤᠪᠠ᠃ᠮᠠᠨᠵᠤ ᠶᠢᠨ ᠴᠡᠷᠢᠭ ᠨᠡᠮᠡᠭᠳᠡᠨ ᠢᠷᠡᠭᠰᠡᠭᠡᠷ ᠨᠢᠭᠡᠨᠲᠡ ᠳᠠᠪᠠᠭᠤ ᠬᠦᠴᠦᠲᠡᠢ ᠪᠣᠯᠤᠭᠰᠠᠨ ᠲᠤᠯᠠ ᠰᠠᠨᠠᠭᠠᠴᠢᠯᠭ᠎ᠠ ᠶᠢ ᠠᠪᠴᠤ᠂ ᠦᠬᠡᠷ ᠪᠤᠤ ᠪᠠᠷ ᠢᠶᠠᠨ ᠫᠤᠤᠳᠠᠵᠤ ᠰᠦᠷ ᠢ ᠪᠠᠳᠠᠷᠠᠭᠤᠯᠤᠭᠰᠠᠭᠠᠷ ᠠᠭᠤᠯᠠᠨ ᠳᠡᠭᠡᠷ᠎ᠡ ᠳᠠᠪᠰᠢᠨ ᠭᠠᠷᠴᠤ ᠢᠷᠡᠬᠦ ᠳᠤ᠂ ᠣᠶᠢᠷᠠᠳ ᠤᠳ ᠳᠣᠣᠷ᠎ᠠ ᠰᠢᠭᠤᠢ ᠳᠣᠲᠣᠷ᠎ᠠ ᠡᠷᠭᠢ ᠪᠦᠬᠦᠢ ᠭᠤᠣᠯ ᠤᠨ ᠲᠡᠷᠲᠡᠭᠡ ᠲᠡᠮᠡᠭᠡᠨ ᠨᠦᠭᠦᠳ ᠢᠶᠠᠨ ᠬᠡᠪᠲᠡᠭᠦᠯᠦᠨ ᠬᠠᠯᠬ᠎ᠠ ᠪᠣᠰᠬᠠᠵᠤ᠂ ᠮᠠᠨᠵᠤ ᠶᠢᠨ ᠴᠡᠷᠢᠭ ᠢ ᠲᠣᠰᠤᠨ ᠪᠠᠶᠢᠯᠳᠤᠵᠠᠢ᠃ ᠢᠩᠭᠢᠬᠦ ᠳᠤ ᠪᠠᠨ ᠤᠨᠠᠵᠤ ᠠᠴᠢᠵᠤ ᠶᠠᠪᠤᠭ᠎ᠠ 500 ᠣᠷᠴᠢᠮ ᠲᠡᠮᠡᠭᠡ ᠶᠢ ᠬᠥᠨᠳᠡᠯᠡᠨ ᠬᠡᠪᠲᠡᠭᠦᠯᠦᠨ᠂ ᠪᠣᠰᠴᠤ ᠲᠦᠢᠯᠠᠬᠤ ᠦᠭᠡᠢ ᠪᠠᠷ ᠬᠥᠯ ᠢ ᠲᠤᠱᠠᠨ ᠪᠣᠭᠤᠵᠤ᠂ ᠳᠡᠭᠡᠷ᠎ᠡ ᠠᠴᠠ ᠨᠢ ᠪᠠᠩᠵᠠ ᠮᠣᠳᠣ ᠲᠠᠯᠪᠢᠵᠤ᠂ ᠨᠦᠢᠲᠠᠨ ᠢᠰᠡᠭᠡᠢ ᠣᠯᠠᠨ ᠳᠠᠪᠬᠤᠷᠯᠠᠨ ᠪᠦᠲᠦᠭᠡᠭᠰᠡᠨ ᠨᠢ ᠰᠤᠮᠤᠨ ᠤ ᠵᠡᠪᠡ ᠨᠡᠪᠲᠡᠷᠡᠬᠦ ᠪᠠᠷ ᠦᠭᠡᠢ ᠵᠤᠵᠠᠭᠠᠨ ᠬᠠᠭᠠᠯᠲᠠ ᠪᠣᠯᠤᠭᠰᠠᠨ ᠪᠠᠶᠢᠯ᠎ᠠ᠃ 2 ᠰᠠᠭᠠᠬᠠᠯᠲᠠ ᠶᠢᠨ ᠬᠢᠷᠢ ᠭᠠᠵᠠᠷ ᠲᠤ ᠡᠶᠢᠮᠦ ᠬᠠᠭᠠᠯᠲᠠ ᠬᠡᠶᠢᠵᠢᠭᠡ᠃ ᠲᠡᠶᠢᠨᠬᠦ 1690 ᠣᠨ ᠤ 8 ᠳ᠋ᠤᠭᠠᠷ ᠰᠠᠷ᠎ᠠ ᠶᠢᠨ ᠡᠬᠢ ᠪᠠᠷ ᠬᠤᠶᠠᠷ ᠡᠲᠡᠭᠡᠳ ᠤᠨ ᠴᠡᠷᠢᠭ ᠲᠤᠯᠭᠠᠷᠠᠨ ᠪᠠᠶᠢᠯᠳᠤᠵᠠᠢ᠃ ᠮᠠᠨᠵᠤ ᠶᠢᠨ ᠲᠠᠯ᠎ᠠ ᠠᠴᠠ ᠣᠯᠠᠨ ᠶᠡᠭᠡ ᠪᠤᠤ ᠵᠡᠷᠭᠡ ᠭᠠᠯᠯᠠᠨ ᠰᠦᠷ ᠢ ᠪᠠᠳᠠᠷᠠᠭᠤᠯᠬᠤ ᠨᠢ ᠤᠷᠢᠳᠤ ᠡᠮᠦᠨ᠎ᠡ ᠰᠣᠨᠣᠰᠴᠤ ᠪᠠᠶᠢᠭ᠎ᠠ ᠦᠭᠡᠢ ᠴᠢᠮᠡᠭᠡ ᠲᠠᠢ ᠪᠣᠯᠪᠠ᠃ ᠬᠠᠭᠠᠯᠲᠠ ᠡᠪᠳᠡᠷᠡᠨ᠂ ᠲᠡᠮᠡᠭᠡᠨ ᠤ ᠵᠠᠷᠢᠮ ᠨᠢ ᠦᠬᠦᠵᠦ᠂ ᠵᠠᠷᠢᠮ ᠬᠡᠰᠡᠭ ᠨᠢ ᠪᠣᠰᠴᠤ ᠲᠦᠢᠯᠠᠨ ᠵᠢᠭᠤᠲᠠᠭᠠᠯ᠎ᠠ᠃ ᠣᠶᠢᠷᠠᠳ ᠤᠨ ᠴᠡᠷᠢᠭ ᠡᠨᠡ ᠦᠶ᠎ᠡ ᠳᠤ ᠬᠠᠷᠢᠭᠤ ᠳᠠᠭᠠᠷᠢᠯᠲᠠ ᠬᠢᠵᠦ ᠴᠠᠪᠴᠢᠯᠳᠤᠵᠤ ᠭᠠᠷᠪᠠ᠃ ᠶᠡᠭᠡ ᠫᠤᠤ ᠶᠢᠨ ᠨᠦᠷᠭᠢᠭᠡᠨ᠂ ᠴᠡᠷᠢᠭ ᠤᠳ ᠤᠨ ᠬᠠᠰᠬᠢᠷᠤᠯᠲᠠ᠂ ᠲᠡᠮᠡᠭᠡ ᠣᠷᠢᠯᠠᠬᠤ᠂ ᠮᠣᠷᠢᠳ ᠢᠨᠴᠠᠭᠠᠬᠤ ᠳᠠᠭᠤᠨ ᠨᠡᠶᠢᠯᠡᠵᠦ ᠲᠩᠷᠢ ᠳᠤ ᠲᠤᠯᠤᠭᠰᠠᠨ ᠪᠥᠭᠡᠮ ᠬᠠᠷ᠎ᠠ ᠤᠲᠤᠭᠠᠨ ᠳᠤᠮᠳᠠ ᠴᠢᠬᠢ ᠳᠦᠯᠡᠶᠢᠷᠡᠮ᠎ᠡ ᠴᠢᠮᠡᠭᠡ ᠦᠷᠬᠦᠯᠵᠢᠯᠡᠪᠡ᠃ ᠣᠶᠢᠷᠠᠳ ᠤᠨ ᠴᠡᠷᠢᠭ ᠤᠳ ᠳᠠᠪᠠᠭᠤ ᠬᠦᠴᠦᠲᠡᠢ ᠳᠠᠶᠢᠰᠤᠨ ᠲᠠᠢ ᠲᠤᠯᠤᠯᠳᠤᠵᠤ᠂ ᠮᠠᠨᠵᠤ ᠴᠡᠷᠢᠭ ᠤᠨ ᠪᠥᠭᠡᠮ ᠪᠥᠭᠡᠮ ᠳᠠᠭᠠᠷᠢᠯᠲᠠ ᠶᠢ ᠨᠢᠴᠤᠭᠠᠭᠰᠠᠭᠠᠷ ᠪᠠᠶᠢᠯ᠎ᠠ᠃ ᠡᠨᠡᠬᠦ ᠰᠢᠷᠦᠭᠦᠨ ᠲᠤᠯᠤᠯᠳᠤᠭᠠᠨ ᠨᠠᠷᠠ ᠪᠠᠭᠤᠵᠤ ᠠᠭᠤᠯᠠ ᠶᠢᠨ ᠰᠡᠭᠦᠳᠡᠷ ᠭᠠᠷᠲᠠᠯ᠎ᠠ ᠦᠷᠭᠦᠯᠵᠢᠯᠡᠭᠰᠡᠭᠡᠷ ᠪᠠᠶᠢᠯ᠎ᠠ᠃ ᠪᠥᠭᠡᠮ ᠬᠦᠴᠦ ᠬᠠᠪᠢᠷᠤᠯᠳᠤᠨ᠂ ᠲᠤᠯᠤᠭᠠᠨ ᠪᠣᠯᠵᠤ ᠪᠠᠶᠢᠭ᠎ᠠ ᠭᠠᠵᠠᠷ ᠬᠦᠮᠦᠨ ᠤ᠂ ᠥᠪᠡᠷ ᠤᠨ ᠴᠡᠷᠢᠭ ᠶᠠᠭᠠᠬᠢᠵᠤ ᠶᠠᠪᠤᠭ᠎ᠠ ᠶᠢ ᠮᠡᠳᠡᠬᠦ ᠲᠦᠢᠮᠣ ᠠᠯᠳᠠᠭᠳᠠᠪᠠ᠃ ᠭᠠᠯᠳᠠᠨ ᠪᠣᠱᠣᠭᠲᠤ ᠬᠤᠲᠦ᠋ᠢᠨ ᠴᠥᠮᠥᠷᠥᠵᠦ ᠪᠤᠢ ᠬᠦᠷᠢᠶ᠎ᠡ ᠤᠷᠤᠭᠤ ᠨᠥᠭᠡᠴᠡ ᠬᠦᠴᠦᠨ ᠠᠴᠠ ᠪᠠᠨ ᠶᠠᠪᠤᠭᠤᠯᠤᠨ ᠰᠡᠯᠪᠢᠭ ᠥᠭᠴᠦ᠂ ᠮᠠᠨᠵᠤ ᠶᠢᠨ ᠴᠡᠷᠢᠭ ᠤᠨ ᠳᠠᠭᠠᠷᠢᠯᠲᠠ ᠶᠢ ᠲᠣᠷᠭᠤᠭᠠᠨ ᠪᠠᠷᠢᠭᠰᠠᠭᠠᠷ ᠪᠠᠶᠢᠯ᠎ᠠ᠃ᠣᠷᠦ᠋ᠢᠬᠠᠨ ᠣᠶᠢᠷᠠᠳ ᠤᠨ ᠴᠡᠷᠢᠭ ᠤᠨ ᠪᠠᠶᠢᠭ᠎ᠠ ᠠᠭᠤᠯᠠ ᠶᠢᠨ ᠠᠷᠤ ᠠᠴᠠ ᠭᠡᠨᠡᠳᠲᠡ ᠮᠣᠷᠢᠲᠤ ᠳᠠᠶᠢᠰᠤᠨ ᠪᠥᠭᠡᠮ ᠬᠦᠴᠦ ᠪᠠᠷ ᠳᠠᠭᠠᠷᠢᠯᠲᠠ ᠬᠢᠵᠦ ᠤᠯᠠᠭᠠᠨ ᠮᠠᠨᠠᠨ ᠲᠠᠲᠠᠭᠤᠯᠤᠭᠰᠠᠨ ᠬᠡᠳᠦᠨ ᠮᠢᠩᠭᠠᠨ ᠴᠡᠷᠢᠭ ᠬᠤᠶᠢᠯᠠᠷᠠᠭᠤᠯᠤᠨ ᠣᠷᠣᠵᠤ ᠢᠷᠡᠬᠦ ᠳᠤ᠂ ᠭᠠᠯᠳᠠᠨ ᠪᠣᠱᠣᠭᠲᠤ ᠭᠠᠩᠭ᠎ᠠ ᠳᠤ ᠨᠢᠭᠤᠭᠰᠠᠨ ᠨᠥᠭᠡᠴᠡ ᠮᠣᠷᠢᠲᠤ ᠴᠡᠷᠢᠭ ᠢᠶᠠᠨ ᠰᠥᠷᠥᠨ ᠳᠣᠪᠲᠣᠯᠭᠠᠯ᠎ᠠ᠃ ᠠᠭᠤᠯᠠ ᠶᠢᠨ ᠪᠡᠯ ᠳᠤ ᠬᠤᠶᠠᠷ ᠲᠠᠯ᠎ᠠ ᠶᠢᠨ ᠴᠡᠷᠢᠭ ᠨᠢᠭᠤᠷ ᠲᠤᠯᠵᠤ᠂ ᠢᠯᠳᠦ ᠪᠠᠮᠪᠠᠢ ᠨᠠᠴᠢᠭᠢᠨᠠᠨ ᠂ ᠮᠣᠷᠢᠳ ᠢᠨᠴᠠᠭᠠᠵᠤ᠂ ᠮᠠᠨᠵᠤ᠂ ᠮᠣᠩᠭᠤᠯ᠂ ᠬᠢᠲᠠᠳ ᠬᠦᠮᠦᠰ ᠤᠨ ᠳᠠᠭᠤᠨ ᠬᠠᠳᠤᠵᠤ ᠪᠠᠶᠢᠪᠠ᠃ ᠡᠶᠢᠨᠬᠦᠦ ᠮᠣᠷᠢ ᠲᠠᠢ ᠪᠣᠯᠤᠨ ᠶᠠᠪᠠᠭᠠᠨ ᠴᠡᠷᠢᠭ ᠤᠨ ᠲᠤᠯᠤᠭᠠᠨ ᠠᠭᠤᠯᠠ ᠶᠢᠨ ᠬᠢᠷ᠎ᠠ ᠪᠡᠯ᠂ ᠭᠤᠣᠯ ᠤᠨ ᠬᠥᠪᠦᠭᠡ᠂ ᠡᠷᠭᠢ ᠭᠠᠩᠭᠠᠨ ᠳᠤ ᠦᠷᠭᠦᠯᠵᠢᠯᠡᠭᠰᠡᠭᠡᠷ ᠪᠠᠶᠢᠪᠠ᠃ ᠭᠠᠯᠳᠠᠨ ᠪᠣᠱᠣᠭᠲᠤ ᠶᠢᠨ ᠴᠡᠷᠢᠭ ᠨᠡᠩ ᠣᠪᠰᠤᠭ᠎ᠠ ᠵᠣᠷᠢᠭ ᠭᠠᠷᠭᠠᠨ ᠲᠤᠯᠤᠯᠳᠤᠭᠰᠠᠨ ᠤᠴᠢᠷ ᠮᠠᠨᠵᠤ ᠶᠢᠨ ᠮᠣᠷᠢᠨ ᠴᠡᠷᠢᠭ ᠢ ᠥᠪᠡᠷ ᠤᠨ ᠬᠦᠷᠢᠶᠡᠨ ᠳᠤ ᠣᠷᠣᠭᠤᠯᠤᠭᠰᠠᠨ ᠦᠭᠡᠢ ᠭᠡᠳᠡᠷᠭᠦ ᠨᠢ ᠨᠢᠴᠤᠭᠠᠨ ᠵᠠᠶᠢᠯᠠᠭᠤᠯᠵᠠᠢ᠃ ᠬᠤᠶᠠᠷ ᠲᠠᠯ᠎ᠠ ᠶᠢᠨ ᠴᠡᠷᠢᠭ ᠤᠨᠠᠭᠰᠠᠨ ᠳᠡᠭᠡᠷ᠎ᠡ ᠪᠠᠨ ᠳᠠᠪᠠᠨ ᠬᠠᠳᠬᠤᠯᠴᠠᠵᠤ᠂ ᠭᠠᠵᠠᠷ ᠲᠤ ᠤᠷᠤᠰᠤᠭᠰᠠᠨ ᠴᠢᠰᠤ ᠪᠠᠨ ᠭᠠᠲᠤᠯᠤᠨ ᠨᠢᠳᠦᠯᠴᠡᠭᠰᠡᠭᠡᠷ ᠦᠳᠡᠰᠢ ᠪᠣᠯᠭᠠᠪᠠ᠃ᠣᠶᠢᠷᠠᠳ ᠤᠨ ᠴᠡᠷᠢᠭ ᠢ ᠪᠠᠷᠠᠭᠤᠨ ᠵᠢᠭᠦᠷ ᠢᠶᠠᠷ ᠨᠢ ᠣᠷᠢᠶᠠᠨ ᠴᠤᠬᠢᠬᠤ ᠭᠡᠰᠡᠨ ᠮᠠᠨᠵᠤ ᠶᠢᠨ ᠴᠡᠷᠢᠭ ᠤᠨ ᠬᠡᠳᠦᠨ ᠮᠢᠩᠭᠠᠨ ᠮᠣᠷᠢᠲᠠᠨ ᠪᠣᠯᠤᠨ ᠶᠠᠪᠠᠭᠠᠨ ᠴᠡᠷᠢᠭ ᠡᠨᠡ ᠦᠶ᠎ᠡ ᠳᠤ ᠭᠤᠣᠯ ᠤᠨ ᠬᠥᠪᠡᠭᠡᠨ ᠤ ᠵᠤᠵᠠᠭᠠᠨ ᠨᠠᠮᠤᠭ ᠲᠤ ᠣᠷᠣᠵᠤ ᠰᠢᠭᠢᠳᠦᠭᠡᠳ᠂ ᠤᠷᠤᠭᠰᠢ ᠪᠠᠨ ᠠᠬᠢᠬᠤ ᠠᠷᠭ᠎ᠠ ᠦᠭᠡᠢ ᠪᠣᠯᠵᠤ᠂ ᠵᠠᠷᠢᠮ ᠨᠢ ᠵᠣᠭᠤᠭᠳᠠᠨ᠂ ᠦᠯᠡᠮᠵᠢ ᠬᠡᠰᠡᠭ ᠨᠢ ᠤᠬᠤᠷᠢᠵᠠᠢ᠃ ᠡᠨᠡ ᠶᠠᠪᠤᠳᠠᠯ ᠣᠶᠢᠷᠠᠳ ᠤᠨ ᠴᠡᠷᠢᠭ ᠤᠨ ᠠᠮᠢᠳᠤ ᠬᠦᠴᠦᠨ ᠳᠤ ᠶᠡᠭᠡ ᠵᠢᠭᠢᠷᠢᠭ ᠪᠣᠯᠪᠠ ᠃ ᠡᠶᠢᠨᠬᠦᠦ ᠲᠤᠯᠭᠠᠷᠠᠨ ᠪᠠᠶᠢᠯᠳᠤᠭᠰᠠᠭᠠᠷ ᠦᠳᠡᠰᠢ ᠶᠢᠨ ᠪᠦᠷᠦᠢ ᠪᠣᠯᠤᠮᠠᠭᠴᠠ ᠮᠠᠨᠵᠤ ᠶᠢᠨ ᠲᠡᠮᠦᠷ ᠪᠦᠷᠢᠶ᠎ᠡ ᠴᠢᠷᠠᠯᠠᠨ ᠳᠤᠤᠭᠠᠷᠴᠤ᠂ ᠪᠦᠬᠦ ᠱᠤᠭᠤᠮ ᠢᠶᠠᠷ ᠭᠡᠳᠡᠷᠭᠦ ᠪᠤᠴᠠᠯ᠎ᠠ᠃ ᠲᠡᠳᠡ ᠣᠶᠢᠷᠠᠳ ᠤᠨ ᠴᠡᠷᠢᠭ ᠤᠨ ᠬᠦᠷᠢᠶ᠎ᠡ ᠶᠢ ᠰᠡᠲᠡᠯᠦᠨ ᠳᠠᠭᠠᠷᠢᠭᠰᠠᠨ ᠪᠣᠯᠪᠠᠴᠤ ᠡᠨᠡ ᠡᠳᠦᠷ ᠤᠨ ᠬᠤᠪᠢ ᠳᠤ ᠤᠷᠤᠭᠰᠢ ᠠᠬᠢᠨ ᠠᠮᠵᠢᠯᠲᠠ ᠣᠯᠬᠤ ᠦᠭᠡᠢ ᠨᠢ ᠢᠯᠡ ᠪᠣᠯᠤᠭᠰᠠᠨ ᠪᠠᠶᠢᠪᠠ᠃ᠮᠠᠷᠭᠠᠰᠢ ᠨᠢ ᠲᠤᠯᠤᠯᠳᠤᠭᠠᠨ ᠢ ᠦᠷᠭᠦᠯᠵᠢᠯᠡᠭᠦᠯᠬᠦ ᠪᠠᠷ ᠬᠥᠳᠡᠯᠬᠦ ᠳᠤ ᠣᠶᠢᠷᠠᠳ ᠤᠳ ᠭᠠᠵᠠᠷ ᠤᠨ ᠪᠡᠷᠬᠡ ᠶᠢ ᠠᠪᠴᠤ᠂ ᠬᠦᠴᠦᠲᠡᠢ ᠡᠰᠡᠷᠭᠦᠴᠡᠭᠰᠡᠨ ᠲᠤᠯᠠ ᠮᠠᠨᠵᠤ ᠶᠢᠨ ᠴᠡᠷᠢᠭ ᠬᠡᠳᠦᠨ ᠳᠠᠪᠬᠤᠷ ᠪᠥᠰᠡᠯᠡᠨ ᠬᠠᠭᠠᠴᠠᠢ᠃ ᠭᠠᠯᠳᠠᠨ ᠪᠣᠱᠣᠭᠲᠤ ᠡᠨᠡ ᠦᠶ᠎ᠡ ᠳᠤ ᠴᠠᠭ ᠤᠨ ᠪᠠᠶᠢᠳᠠᠯ ᠢ ᠲᠣᠭᠠᠴᠠᠭᠠᠯᠠᠭᠠᠳ ᠬᠦᠴᠦᠲᠡᠢ ᠳᠠᠶᠢᠰᠤᠨ ᠲᠠᠢ ᠲᠤᠯᠭᠠᠷᠠᠭᠰᠠᠨ ᠢᠶᠠᠨ ᠮᠡᠳᠡᠵᠦ᠂ ᠡᠨᠡ ᠲᠤᠯᠤᠯᠳᠤᠭᠠᠨ ᠬᠡᠲᠦ ᠨᠢ ᠣᠶᠢᠷᠠᠳ ᠤᠨ ᠲᠠᠯ᠎ᠠ ᠳᠤ ᠠᠰᠢᠭ ᠦᠭᠡᠢ ᠭᠡᠵᠦ ᠦᠵᠡᠨ᠂ ᠪᠦᠰᠡᠯᠡᠯᠲᠡ ᠠᠴᠠ ᠮᠤᠯᠲᠤᠷᠠᠨ ᠭᠠᠷᠬᠤ ᠵᠣᠷᠢᠯᠭ᠎ᠠ ᠪᠠᠷ ︽ᠲᠥᠷᠥ ᠱᠠᠰᠢᠨ ᠤ ᠲᠤᠯᠠᠳᠠ ᠬᠡᠯᠡᠯᠴᠡᠭᠡᠷ ᠬᠢᠶ᠎ᠡ ︾ ᠬᠡᠮᠡᠨ ᠡᠬᠢᠯᠡᠭᠡᠳ ᠢᠯᠠᠭᠤᠭᠰᠠᠨ ᠬᠤᠲᠤᠭᠲᠤ ᠳᠠᠷᠠᠭ᠎ᠠ ᠨᠢ ᠵᠢᠷᠠᠨ ᠬᠤᠲᠤᠭᠲᠤ ᠪᠠᠷ ᠲᠣᠯᠣᠭᠠᠶᠢᠯᠠᠭᠤᠯᠤᠭᠰᠠᠨ 70 ᠢᠯᠡᠭᠦᠦ ᠬᠦᠮᠦᠨ ᠲᠠᠢ ᠡᠯᠴᠢ ᠶᠢ ᠮᠠᠨᠵᠤ ᠶᠢᠨ ᠴᠡᠷᠢᠭ ᠤᠨ ᠬᠦᠷᠢᠶᠡᠨ ᠳᠤ ᠲᠤᠰ ᠲᠤᠰ ᠢᠯᠡᠭᠡᠵᠦ ᠨᠠᠶᠢᠷᠠᠮᠳᠠᠬᠤ ᠶᠢ ᠭᠤᠶᠤᠪᠠ᠃ ᠮᠠᠨᠵᠤ ᠨᠠᠷ ᠡᠨᠡ ᠦᠶ᠎ᠡ ᠳᠤ ᠲᠤᠯᠤᠯᠳᠤᠭᠠᠨ ᠤ ᠬᠦᠴᠦ ᠨᠢ ᠰᠠᠷᠨᠢᠭᠰᠠᠨ᠂ ᠨᠥᠭᠦᠭᠡᠲᠡᠶᠢᠭᠦᠷ ᠮᠦᠭᠳᠡᠨ᠂ ᠬᠠᠷ᠎ᠠ ᠮᠥᠷᠡᠨ᠂ ᠬᠤᠷᠴᠢᠨ ᠤ ᠲᠤᠰᠠᠯᠠᠬᠤ ᠴᠡᠷᠢᠭ ᠬᠠᠷᠠᠬᠠᠨ ᠬᠦᠷᠦᠯᠴᠡᠨ ᠢᠷᠡᠭᠡ ᠦᠭᠡᠢ ᠲᠤᠯᠠ ᠪᠠᠶᠢᠯᠳᠤᠭᠠᠨ ᠤ ᠠᠵᠢᠯᠯᠠᠭ᠎ᠠ ᠶᠢ ᠵᠣᠭᠰᠣᠭᠠᠵᠤ᠂ ᠴᠠᠭ ᠬᠤᠵᠢᠬᠤ ᠵᠣᠷᠢᠯᠭ᠎ᠠ ᠪᠠᠷ ᠭᠠᠯᠳᠠᠨ ᠪᠣᠱᠣᠭᠲᠤ ᠶᠢᠨ ᠡᠯᠴᠢ ᠶᠢ ᠲᠤᠰᠬᠠᠢ ᠴᠠᠴᠠᠷ ᠪᠠᠷᠢᠵᠤ ᠬᠦᠨᠳᠦᠳᠬᠡᠨ ᠬᠦᠯᠢᠶᠡᠨ ᠠᠪᠴᠠᠢ᠃ ᠮᠠᠨᠵᠤ ᠶᠢᠨ ᠴᠡᠷᠢᠭ ᠤᠨ ᠤᠳᠤᠷᠢᠳᠤᠯᠭ᠎ᠠ ᠭᠠᠯᠳᠠᠨ ᠢ ᠥᠪᠡᠷ ᠤᠨ ᠡᠯᠴᠢ ᠶᠢᠨ ᠨᠢᠭᠤᠷᠠᠨ ᠳᠡᠭᠡᠷ᠎ᠡ ᠪᠦᠬᠦ ᠭᠡᠮ ᠪᠤᠷᠤᠭᠤ ᠶᠢ ᠪᠠᠨ ᠬᠦᠯᠢᠶᠡᠭᠡᠳ᠂ ᠲᠡᠭᠦᠨ ᠤ ᠪᠠᠨ ᠪᠠᠲᠤᠯᠠᠭ᠎ᠠ ᠪᠣᠯᠭᠠᠵᠤ᠂ ᠪᠣᠳᠣᠷᠠᠯ ᠪᠢᠴᠢᠭ ᠭᠠᠷᠭᠠᠵᠤ ᠥᠭᠬᠦ᠂ ᠮᠠᠨᠵᠤ ᠶᠢᠨ ᠬᠠᠷᠢᠶᠠᠨ ᠳᠤ ᠣᠷᠣᠵᠤ ᠳᠠᠭᠠᠬᠤ ᠪᠠᠨ ᠲᠠᠩᠭᠠᠷᠢᠭᠯᠠᠬᠤ᠂ ᠤᠭ ᠪᠠᠶᠢᠭ᠎ᠠ ᠭᠠᠵᠠᠷ ᠠᠴᠠ ᠪᠠᠨ ᠬᠥᠳᠡᠯᠬᠦ ᠦᠭᠡᠢ ᠬᠠᠷᠢᠭᠤ ᠵᠠᠷᠯᠢᠭ ᠬᠦᠯᠢᠶᠡᠬᠦ ᠭᠡᠰᠡᠨ ᠭᠤᠷᠪᠠᠨ ᠵᠦᠢᠯ ᠤᠨ ᠱᠠᠭᠠᠷᠳᠠᠯᠭ᠎ᠠ ᠶᠢ ᠬᠦᠯᠢᠶᠡᠨ ᠠᠪᠴᠤ᠂ ᠪᠤᠷᠬᠠᠨ ᠢᠶᠠᠨ ᠪᠠᠷᠢᠨ ᠲᠠᠩᠭᠠᠷᠢᠭᠯᠠᠪᠠᠰᠤ ᠪᠠᠶᠢᠯᠳᠤᠭᠠᠨ ᠤ ᠠᠵᠢᠯᠯᠠᠭ᠎ᠠ ᠶᠢ ᠲᠦᠷᠢ ᠵᠣᠭᠰᠣᠭᠠᠬᠤ ᠶᠢ ᠵᠥᠪᠰᠢᠶᠡᠷᠡᠨ᠎ᠡ ᠭᠡᠵᠡᠢ᠃ᠭᠠᠯᠳᠠᠨ ᠥᠪᠡᠷ ᠤᠨ ᠬᠦᠷᠢᠶᠡᠨ ᠳᠤ ᠮᠠᠨᠵᠤ ᠶᠢᠨ ᠡᠯᠴᠢ ᠠᠷᠨᠠᠢ ᠨᠠᠷ ᠢ ᠬᠦᠯᠢᠶᠡᠨ ᠠᠪᠴᠤ᠂ ᠪᠤᠷᠬᠠᠨ ᠢᠶᠠᠨ ᠲᠡᠷᠢᠭᠦᠨ ᠳᠡᠭᠡᠷ᠎ᠡ ᠪᠠᠨ ᠲᠠᠯᠪᠢᠭᠠᠳ᠂ ᠲᠡᠷᠡ ᠬᠦ ᠡᠯᠴᠢ ᠶᠢᠨ ᠡᠮᠦᠨ᠎ᠡ ᠮᠠᠨᠵᠤ ᠶᠢᠨ ᠲᠠᠯ᠎ᠠ ᠶᠢᠨ ᠲᠠᠯᠪᠢᠭᠰᠠᠨ ᠱᠠᠭᠠᠷᠳᠠᠯᠭ᠎ᠠ ᠶᠢ ᠬᠦᠯᠢᠶᠡᠨ ᠠᠪᠤᠭᠰᠠᠨ ᠢᠶᠠᠨ ᠮᠡᠳᠡᠭᠳᠡᠵᠡᠢ᠃ ᠭᠡᠬᠦ ᠳᠤ ᠪᠠᠨ ᠬᠤᠭᠤᠰᠣᠨ ᠭᠤᠤ ᠪᠠᠷᠢᠵᠤ ᠲᠠᠩᠭᠠᠷᠢᠭ ᠲᠠᠯᠪᠢᠭᠰᠠᠨ ᠭᠡᠳᠡᠭ᠃ ᠮᠠᠨᠵᠤ ᠶᠢᠨ ᠡᠯᠴᠢ ᠶᠢ ᠪᠤᠴᠠᠭᠠᠬᠤ ᠳᠤ ᠭᠠᠯᠳᠠᠨ ᠪᠣᠱᠣᠭᠲᠤ ︽ᠲᠠ ᠪᠦᠭᠦᠳᠡ ᠶᠢᠨ ᠱᠠᠭᠠᠷᠳᠠᠯᠭ᠎ᠠ ᠶᠢ ᠪᠢᠳᠡ ᠶᠣᠰᠣᠭᠠᠷ ᠭᠦᠢᠴᠡᠳᠭᠡᠭᠰᠡᠨ ᠪᠠ ᠬᠠᠷᠢᠨ ᠣᠳᠣ ᠶᠢᠨ ᠣᠷᠣᠰᠢᠨ ᠪᠤᠢ ᠭᠠᠵᠠᠷ ᠬᠦᠮᠦᠨ ᠮᠠᠯ ᠣᠷᠣᠰᠢᠬᠤ ᠳᠤ ᠨᠡᠩ ᠲᠣᠬᠢᠷᠠᠮᠵᠢ ᠦᠭᠡᠢ ᠲᠤᠯᠠ ᠬᠠᠭᠠᠯᠭᠠᠨ ᠤ ᠭᠠᠳᠠᠨ᠎ᠠ ᠡᠪᠡᠰᠦ ᠤᠰᠤ ᠲᠠᠢ ᠪᠡᠯᠴᠢᠭᠡᠷ ᠲᠤ ᠬᠦᠷᠦᠯᠴᠡᠨ ᠣᠴᠢᠵᠤ ᠂ ᠵᠠᠷᠯᠢᠭ ᠬᠦᠯᠢᠶᠡᠬᠦ ᠶᠢs ᠬᠦᠴᠦ ᠪᠤᠢ》 ᠭᠡᠳᠡᠭ ᠢᠶᠠᠨ ᠬᠠᠭᠠᠨ ᠳᠤ ᠳᠠᠮᠵᠢᠭᠤᠯᠬᠤ ᠶᠢ ᠬᠦᠰᠡᠵᠡᠢ᠃ ᠳᠠᠶᠢᠰᠤᠨ ᠤ ᠴᠡᠷᠢᠭ ᠪᠠᠶᠢᠯᠳᠤᠭᠠᠨ ᠳᠤ ᠪᠡᠯᠡᠨ ᠪᠤᠰᠤ ᠪᠠᠶᠢᠭᠰᠠᠨ ᠤ ᠳᠡᠭᠡᠷ᠎ᠡ ᠨᠠᠶᠢᠷᠠᠮᠳᠠᠯ ᠪᠠᠶᠢᠭᠤᠯᠤᠯ᠎ᠠ ᠬᠡᠮᠡᠨ ᠰᠡᠷᠡᠮᠵᠢ ᠪᠠᠭᠤᠷᠠᠭᠰᠠᠨ ᠢ ᠳᠠᠯᠢᠮᠳᠠᠭᠤᠯᠤᠨ ᠭᠠᠯᠳᠠᠨ ᠪᠣᠱᠣᠭᠲᠤ ᠮᠠᠨᠵᠤ ᠶᠢᠨ ᠡᠯᠴᠢ ᠶᠢ ᠪᠤᠴᠠᠭᠰᠠᠨ ᠰᠥᠨᠢ ᠵᠠᠢ ᠰᠦᠪᠡ ᠶᠢ ᠣᠯᠵᠤ ᠪᠦᠰᠡᠯᠡᠯᠲᠡ ᠠᠴᠠ ᠭᠠᠷᠤᠭᠠᠳ ᠰᠢᠷ᠎ᠠ ᠮᠥᠷᠡᠨ ᠢ ᠭᠠᠲᠤᠯᠤᠨ ᠲᠦᠷᠭᠡᠪᠴᠢᠯᠡᠨ ᠶᠠᠪᠤᠭᠰᠠᠭᠠᠷ ᠵᠠᠮ ᠳᠤ ᠪᠠᠨ ᠬᠡᠰᠢᠭᠲᠡᠨ ᠠᠶᠢᠮᠠᠭ ᠠᠴᠠ ᠬᠦᠨᠡᠰᠦᠨ ᠤ ᠬᠤᠨᠢ ᠦᠬᠡᠷ᠂ ᠤᠨᠤᠯᠭ᠎ᠠ ᠶᠢᠨ ᠠᠭᠲᠠ ᠶᠢ ᠣᠯᠵᠤ᠂ ᠡᠳᠦᠷ ᠰᠦᠨᠢ ᠦᠭᠡᠢ ᠳᠣᠪᠲᠣᠯᠭᠠᠨ ᠶᠠᠪᠤᠭᠰᠠᠭᠠᠷ ᠭᠥᠪ ᠭᠠᠲᠤᠯᠠᠵᠤ᠂ ᠭᠠᠩᠭ᠎ᠠ ᠨᠠᠭᠤᠷ ᠤᠨ ᠬᠥᠪᠡᠭᠡᠨ ᠳᠤ ᠬᠦᠷᠦᠭᠰᠡᠨ ᠪᠠᠶᠢᠨ᠎ᠠ᠃ ᠮᠠᠨᠵᠤ ᠨᠠᠷ ᠭᠠᠯᠳᠠᠨ ᠪᠣᠱᠣᠭᠲᠤ ᠶᠢᠨ ᠪᠤᠷᠤᠭᠤᠯᠠᠭᠰᠠᠨ ᠢ 3 ᠡᠳᠦᠷ ᠤᠨ ᠬᠤᠶᠢᠨ᠎ᠠ ᠮᠡᠳᠡᠵᠦ ᠨᠡᠬᠡᠭᠦᠯᠦᠭᠰᠡᠨ ᠪᠣᠯᠪᠠᠴᠤ ᠨᠢᠭᠡᠨᠲᠡ ᠬᠤᠵᠢᠮᠳᠠᠭᠰᠠᠨ ᠪᠠᠶᠢᠯ᠎ᠠ᠃ ᠡᠩᠬᠡ ᠠᠮᠤᠭᠤᠯᠠᠩ ᠬᠠᠭᠠᠨ ᠡᠨᠡ ᠲᠤᠬᠠᠢ ᠰᠣᠨᠣᠰᠤᠮᠠᠭᠴᠠ ᠭᠤᠣᠯ ᠳᠠᠶᠢᠰᠤᠨ ᠢᠶᠠᠨ ᠨᠢᠭᠡᠮᠦᠰᠦᠨ ᠳᠠᠷᠤᠵᠤ ᠴᠢᠳᠠᠭ᠎ᠠ ᠦᠭᠡᠢ ᠳᠤ ᠪᠠᠨ ᠪᠤᠬᠢᠨᠢᠲᠤᠨ ᠴᠢᠬᠤᠯᠳᠠᠵᠤ᠂ ᠬᠠᠷᠢᠶᠠᠲᠤ ᠴᠡᠷᠢᠭ ᠤᠨ ᠳᠠᠭᠠᠭᠠᠮᠠᠯ ᠢ ᠲᠤᠰᠢᠶᠠᠯ ᠠᠴᠠ ᠣᠭᠴᠣᠷᠠᠭᠤᠯᠬᠤ᠂ ᠫᠦᠩᠯᠦ ᠶᠢ ᠨᠢ ᠬᠠᠰᠤᠬᠤ ᠵᠡᠷᠭᠡ ᠪᠠᠷ ᠬᠠᠲᠠᠭᠤ ᠰᠢᠳᠬᠡᠭᠰᠡᠨ ᠪᠠᠶᠢᠨ᠎ᠠ᠃ ᠪᠠᠰᠠ ᠭᠠᠯᠳᠠᠨc ᠪᠣᠱᠣᠭᠲᠤ ᠳᠤ ᠵᠠᠬᠢᠶ᠎ᠠ ᠪᠠᠷᠢᠭᠤᠯᠤᠨ ᠡᠯᠴᠢ ᠳᠣᠪᠲᠣᠯᠭᠠᠵᠤ ︽ᠴᠢᠮ᠎ᠠ  ᠯᠤᠭ᠎ᠠ ᠪᠠᠶᠢᠯᠳᠤᠬᠤ ᠭᠡᠰᠡᠨ ᠤᠴᠢᠷ ᠦᠭᠡᠢ᠂ ᠭᠠᠭᠴᠠᠬᠦ ᠴᠢᠨᠤ ᠬᠦᠮᠦᠨ ᠤᠷᠢᠳ ᠭᠠᠷ ᠬᠥᠳᠡᠯᠦᠭᠰᠡᠨ ᠤᠴᠢᠷ ᠮᠠᠨ ᠤ ᠴᠡᠷᠢᠭ ᠠᠷᠭ᠎ᠠ ᠦᠭᠡᠢ ᠪᠠᠶᠢᠯᠳᠤᠵᠠᠢ︾ ᠭᠡᠬᠦ ᠮᠡᠲᠦ ᠪᠠᠷ ᠲᠡᠭᠦᠨ ᠳᠤ ᠵᠥᠪ ᠢ ᠥᠭᠴᠦ᠂ ᠬᠤᠯᠠᠳᠠᠭᠤᠯᠬᠤ ᠦᠭᠡᠢ ᠬᠦᠯᠢᠶᠡᠯᠭᠡᠬᠦ ᠶᠢ ᠣᠷᠣᠯᠳᠤᠭᠰᠠᠨ ᠪᠣᠯᠪᠠᠴᠤ ᠣᠶᠢᠷᠠᠳ ᠤᠳ ᠵᠣᠭᠰᠣᠯᠲᠠ ᠦᠭᠡᠢ ᠶᠠᠪᠤᠭᠰᠠᠭᠠᠷ 10 ᠳ᠋ᠤᠭᠠᠷ ᠰᠠᠷ᠎ᠠ ᠳᠤ ᠣᠨᠣᠨ ᠭᠤᠣᠯ ᠤᠨ ᠰᠠᠪᠠ ᠳᠤ ᠪᠤᠴᠠᠵᠤ ᠢᠷᠡᠭᠰᠡᠨ ᠪᠠᠶᠢᠨ᠎ᠠ᠃ ᠭᠠᠯᠳᠠᠨ ᠪᠣᠱᠣᠭᠲᠤ 1690 ᠣᠨ ᠤ 10 ᠳ᠋ᠤᠭᠠᠷ ᠰᠠᠷ᠎ᠠ ᠶᠢᠨ ᠰᠡᠭᠦᠯᠡᠷ ᠣᠨᠣᠨ ᠤᠨ ᠣᠷᠴᠢᠮ ᠢ ᠣᠷᠬᠢᠵᠤ᠂ ᠵᠠᠪᠬᠠᠨ᠂ ᠬᠦᠮᠦᠨ ᠦᠭᠡᠢ ᠭᠤᠣᠯ ᠢᠶᠠᠷ ᠳᠠᠭᠠᠷᠢᠨ ᠬᠤᠪᠣᠲᠣ ᠲᠤ ᠬᠦᠷᠴᠦa ᠰᠠᠭᠤᠷᠢᠰᠵᠠᠢ᠃ ᠭᠠᠯᠳᠠᠨ ᠪᠣᠱᠣᠭᠲᠤ ᠶᠢᠨ ᠴᠡᠷᠢᠭ ᠣᠨᠣᠨ ᠠᠴᠠ ᠬᠤᠪᠣᠲᠣ ᠬᠦᠷᠲᠡᠯ᠎ᠡ ᠤᠷᠲᠤ ᠵᠠᠮ ᠢ ᠲᠤᠭᠤᠯᠤᠭᠰᠠᠨ ᠤ ᠳᠡᠭᠡᠷ᠎ᠡ ᠬᠠᠯᠬ᠎ᠠ ᠶᠢᠨ ᠣᠯᠠᠨ ᠨᠡᠶᠢᠲᠡ ᠲᠡᠭᠦᠨ ᠤ ᠵᠠᠮ ᠤᠨ ᠵᠠᠭᠤᠷ᠎ᠠ ᠳᠠᠶᠢᠰᠤᠩᠨᠠᠭᠰᠠᠨ ᠤᠴᠢᠷ ᠶᠡᠭᠡ ᠬᠤᠬᠢᠷᠠᠯ ᠠᠮᠰᠠᠵᠠᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号