ᠪᠦᠷᠢᠶᠡᠳ ᠮᠤᠩᠭᠤᠯ ᠤᠨ ᠲᠤᠬᠠᠢ
ᠨᠡᠶᠢᠲᠡᠯᠡᠭᠰᠡᠨ ᠴᠠᠭ᠄
2020/3/13
   ᠪᠦᠷᠢᠶᠠᠳ ᠬᠡᠮᠡᠬᠦ ᠮᠤᠩᠭᠤᠯᠴᠤᠳ ᠰᠢᠨ᠎ᠡ ᠴᠢᠯᠠᠭᠤᠨ ᠵᠡᠪᠰᠡᠭ ᠤᠨ ᠴᠠᠭ ᠦᠶ᠎ᠡ ᠳᠤ ᠪᠠᠶᠢᠭᠠᠯ ᠨᠠᠭᠤᠷ ᠤᠨ ᠤᠷᠢᠳᠤ ᠲᠠᠯ᠎ᠠ ᠪᠠᠷ ᠳᠠᠷᠬᠠᠨ ᠰᠠᠭᠤᠷᠢᠰᠢᠵᠦ ᠪᠠᠶᠢᠭᠰᠠᠨ ᠠᠴᠠ ᠪᠠᠨ᠂ ᠪᠦᠷᠳᠠ ᠴᠢᠨ᠋ᠸ᠎ᠠ ᠶᠢᠨ ᠢᠵᠠᠭᠤᠷᠳᠠᠨ᠂ ᠳᠠᠷᠤᠢ ᠮᠤᠩᠭᠤᠯ ᠲᠤᠭᠤᠷᠠᠭᠠᠲᠠᠨ ᠲᠠᠢ ᠨᠠᠶᠢᠯᠠᠵᠦ ᠪᠠᠷᠠᠭᠤᠨ ᠲᠠᠶᠢᠰᠢ ᠨᠡᠭᠦᠵᠦ ᠲᠠᠷᠬᠠᠭᠰᠠᠨ ᠬᠡᠬᠦ ᠶᠢ ᠪᠢᠳᠠᠨ ᠲᠡᠤᠬᠡᠨ ᠠᠴᠠ ᠤᠯᠵᠦ ᠬᠠᠷᠠᠬᠤ ᠪᠢᠯᠠ᠃ 20 ᠳ᠋ᠤᠭᠠᠷ ᠵᠠᠭᠤᠨ ᠤ ᠬᠤᠷᠢᠭᠠᠳ ᠤᠨ ᠳᠤ ᠡᠬᠢᠯᠡᠵᠦ ᠨᠡᠭᠦᠳᠡᠯ ᠠᠮᠢᠳᠣᠷᠠᠯ ᠠᠴᠠ ᠪᠠᠨ ᠰᠠᠭᠤᠷᠢᠰᠢᠵᠦ ᠡᠬᠢᠯᠡᠭᠰᠡᠨ ᠶᠤᠮ᠃ ᠪᠠᠷᠭᠤᠵᠢᠨ ᠬᠡᠬᠦ ᠨᠤᠲᠤᠭ ᠲᠤ ᠪᠠᠷᠭᠤ ᠪᠠᠭᠠᠲᠤᠷ ᠤᠨ ᠪᠦᠷᠢᠶᠠᠳ᠂ ᠬᠤᠷᠢᠲᠠᠢ ᠬᠡᠳᠡᠭ ᠬᠤᠶᠠᠷ ᠬᠦᠦ ᠲᠠᠢ ᠪᠠᠶᠢᠭᠰᠠᠨ ᠬᠡᠬᠦ ᠶᠤᠮ᠃ ᠪᠦᠷᠢᠶᠠᠳ ᠨᠢ ᠪᠠᠶᠢᠭᠠᠯ ᠨᠠᠭᠤᠷ ᠤᠨ ᠬᠤᠶᠠᠷ ᠡᠰᠡᠷᠬᠦ ᠲᠠᠯ᠎ᠠ  ᠳᠤ ᠵᠦᠯᠭᠡ ᠭᠤᠤᠯ ᠢᠶᠠᠷ ᠨᠤᠲᠤᠭᠯᠠᠵᠦ᠂ ᠵᠢᠭᠠᠰᠤ ᠠᠩᠨᠠᠭᠤᠷ ᠢᠶᠠᠷ ᠠᠮᠢᠳᠤᠷᠠᠨ ᠰᠠᠭᠤᠵᠦ ᠪᠠᠶᠢᠪᠠ᠃ ᠡᠨ᠋ᠨ ᠬᠤᠶᠠᠷ ᠬᠦᠦ ᠠᠴᠠ ᠭᠠᠷᠤᠭᠰᠠᠨ ᠨᠢ ᠤᠪᠤᠭᠠᠴᠤᠢ᠂ ᠦᠯᠤᠴᠦᠩ᠂ ᠴᠢᠨ᠋ᠸ᠎ᠠ ᠬᠡᠬᠦ ᠮᠡᠲᠤ ᠡᠬᠢᠷᠢᠤᠨ ᠤᠨ 8 ᠡᠴᠡᠭᠡ᠄ ᠠᠯᠠᠭᠤᠢ᠂ ᠬᠤᠷᠤᠮᠱᠠ᠂ ᠠᠱᠠᠪᠠᠭᠠᠳ ᠬᠡᠬᠦ ᠮᠡᠲᠤ ᠪᠤᠯᠠᠭᠠᠳᠠᠢ 9 ᠡᠴᠡᠭᠡ ᠶᠢᠨ ᠵᠤᠨ ᠪᠤᠯᠵᠠᠢ ᠭᠡᠵᠠᠢ ①᠃ ᠡᠶᠢᠨᠬᠦ ᠪᠠᠶᠢᠭᠠᠯ ᠨᠠᠭᠤᠷ ᠤᠨ ᠦᠪᠤᠷ ᠢᠶᠠᠷ ᠨᠤᠲᠤᠭᠯᠠᠵᠦ ᠪᠦᠷᠢᠶᠠᠳ ᠤᠳ ᠤᠨ ᠡᠪᠦᠭᠡ ᠳᠡᠭᠡᠳᠤᠰ ᠡᠷᠲᠡᠨ ᠤ ᠠᠩᠴᠢᠨ ᠬᠦᠷᠤᠭᠡᠴᠢᠨ ᠤᠢ ᠶᠢᠨ ᠢᠷᠭᠡᠳ ᠤᠨ ᠨᠢᠭᠡᠨ ᠪᠤᠯᠬᠤ ᠪᠦᠭᠡᠳ 13 ᠳ᠋ᠤᠭᠠᠷ ᠵᠠᠭᠤᠨ ᠠᠴᠠ ᠡᠮᠤᠨᠡᠬᠢ ᠦᠶ᠎ᠠ ᠳᠤ ᠪᠠᠶᠢᠭᠠᠯ ᠠᠴᠠ ᠬᠤᠶᠢᠰᠢ ᠬᠢᠯᠤᠭᠤ᠂ ᠵᠦᠯᠭᠡ ᠮᠦᠷᠠᠨ ᠤ ᠰᠠᠪᠠ᠂ ᠰᠡᠯᠡᠩᠭᠡ ᠶᠢᠨ ᠠᠳᠠᠭ ᠢᠶᠠᠷ ᠰᠠᠭᠤᠵᠦ ᠪᠠᠶᠢᠭᠰᠠᠨ ᠪᠤᠯᠠᠭᠠᠴᠢᠨ᠂ ᠬᠡᠷᠡᠮᠤᠴᠢᠨ ᠬᠢᠬᠡᠳ ᠶᠧᠨᠢᠰᠸᠢ ᠮᠦᠷᠠᠨ ᠤ ᠡᠬᠢᠨ᠂ ᠪᠠᠶᠢᠭᠠᠯ ᠤᠷᠴᠢᠮ ᠳᠤ ᠠᠮᠢᠳᠤᠷᠵᠦ ᠪᠠᠶᠢᠭᠰᠠᠨ ᠬᠤᠷᠢ ᠲᠦᠮᠠᠳ᠂ ᠪᠠᠷᠭᠤᠵᠢᠨ ︵ᠪᠠᠷᠭᠤᠵᠢᠨ ᠪᠦᠷᠢᠶᠠᠳ ᠤᠳ ᠦᠪᠡᠷᠰᠠᠳ ᠢ ᠪᠠᠨ ᠡᠷᠲᠡᠨ ᠤ ᠵᠦᠡᠭᠭᠠᠷ ᠮᠤᠩᠭᠤᠯ ᠤᠨ ᠦᠭᠡᠯᠡᠳ ᠤᠪᠤᠭᠲᠠᠨ ᠬᠡᠵᠦ ᠦᠵᠡᠳᠡᠭ᠃ ᠵᠦᠡᠭᠭᠠᠷ ᠮᠤᠩᠭᠤᠯ ᠠᠴᠠ ᠭᠠᠷᠴᠦ ᠢᠷᠡᠭᠰᠡᠨ 6 – 7 ᠬᠦᠮᠤᠨ ᠪᠠᠷᠭᠤᠵᠢᠨ ᠪᠦᠷᠢᠶᠠᠳ ᠤᠳ ᠲᠠᠢ ᠬᠠᠮᠲᠤᠷᠠᠵᠦ ᠨᠢᠭᠡᠳᠤᠨ ᠰᠠᠭᠤᠭᠰᠠᠨ ᠬᠡᠯᠴᠡᠳᠡᠭ ᠶᠤᠮ᠃︶ ᠪᠠᠷᠭᠤᠳ ᠵᠡᠷᠭᠡ ᠮᠤᠩᠭᠤᠯ ᠤᠭᠰᠠᠭᠠᠲᠠᠨ ᠤ ᠠᠶᠢᠮᠠᠭ ᠤᠳ ᠪᠠᠶᠢᠭᠰᠠᠨ ᠬᠡᠬᠦ ᠶᠢ ᠪᠢᠳᠠᠨ ᠠᠯᠢ ᠨᠢᠭᠡᠨ ᠲᠡᠤᠬᠡᠨ ᠮᠠᠲ᠋ᠠᠷᠢᠶᠠᠯ ᠠᠴᠠ ᠤᠯᠵᠦ ᠮᠡᠳᠡᠭᠦ ᠠᠵᠠᠢ᠃ 13 ᠳ᠋ᠤᠭᠠᠷ ᠵᠠᠭᠤᠨ ᠤ ᠡᠬᠢ ᠪᠠᠷ ᠮᠤᠩᠭᠤᠯ ᠤᠭᠰᠠᠭᠠᠨ ᠤ ᠤᠯᠠᠨ ᠠᠶᠢᠮᠠᠭ ᠢ ᠨᠢᠭᠡᠳᠬᠦ  ᠳᠤ 1207 ᠤᠨ ᠳᠤ ᠵᠦᠴᠢ ᠶᠢᠨ ᠳᠠᠶᠢᠴᠢᠯᠠᠭᠰᠠᠨ ︽ᠤᠢ ᠶᠢᠨ ᠢᠷᠭᠡᠳ︾ ᠢ ᠨᠢᠭᠡᠳᠬᠡᠬᠦ ᠳᠠᠶᠢᠨ ᠤ ᠶᠠᠪᠤᠴᠠ  ᠳᠤ ᠮᠤᠩᠭᠤᠯ ᠬᠠᠭᠠᠲᠤ ᠡᠵᠡᠨᠲᠤ ᠤᠯᠤᠰ ᠤᠨ ᠬᠠᠷᠢᠶᠠᠨ ᠳᠤ ᠪᠦᠷᠢᠶᠠᠳ ᠤᠷᠤᠭᠰᠠᠨ ᠶᠤᠮ᠃ ᠲᠡᠳᠡᠨ ᠴᠢᠩᠭᠡᠰ ᠤᠨ ᠬᠠᠷᠢᠶᠠᠨ ᠳᠤ ᠲᠡᠮᠡᠭᠡ᠂ ᠦᠭᠡᠷ᠂ ᠬᠤᠨᠢ᠂ ᠢᠮᠠᠭ᠎ᠠ ᠵᠡᠷᠭᠡ ᠲᠠᠪᠤᠨ ᠬᠤᠰᠢᠭᠤᠨ ᠮᠠᠯ ᠢᠶᠠᠨ ᠡᠷᠬᠢᠯᠡᠨ ᠦᠰᠬᠡᠵᠦ ᠪᠠᠶᠢᠵᠠᠢ᠃ ᠮᠠᠯ ᠤᠨ ᠪᠡᠯᠴᠢᠭᠡᠷ ᠢᠶᠠᠨ ᠰᠤᠩᠭᠤᠵᠦ᠂ ᠵᠢᠯ ᠤᠨ ᠳᠦᠷᠪᠠᠨ ᠤᠯᠠᠷᠢᠯ ᠳᠤ ᠰᠠᠶᠢᠨ ᠤᠷᠭᠤᠴᠠ ᠲᠠᠢ ᠭᠠᠵᠠᠷ ᠨᠤᠲᠤᠭ ᠢᠶᠠᠷ ᠨᠡᠭᠦᠳᠡᠯᠯᠠᠵᠦ᠂ ᠮᠠᠯ ᠢᠶᠠᠨ ᠰᠠᠭᠠᠨ ᠰᠦ ᠪᠠᠷ ᠨᠢ ᠪᠦᠬᠦᠯᠢ ᠵᠢᠯ ᠳᠡᠭᠡᠨ ᠢᠳᠡᠬᠦ ᠦᠷᠤᠮ᠎ᠠ᠂ ᠲᠤᠰᠤ᠂ ᠠᠭᠠᠷᠤᠤᠯ ᠬᠢᠵᠦ᠂ ᠠᠷᠢᠬᠢ ᠨᠡᠷᠠᠵᠦ᠂ ᠬᠦᠳᠡᠭᠡ ᠲᠠᠯ᠎ᠠ ᠶᠢᠨ ᠵᠡᠷᠯᠢᠭ ᠮᠠᠩᠭᠢᠷ᠂ ᠲᠦᠮᠤᠰᠤ ᠲᠡᠷᠢᠬᠦᠲᠠᠨ ᠢ ᠬᠤᠷᠢᠶᠠᠨ ᠬᠠᠲᠠᠭᠠᠵᠦ᠂ ᠳᠡᠳᠡᠭᠡᠷ ᠢ ᠮᠠᠯ ᠤᠨ ᠲᠠᠷᠭᠤᠨ ᠦᠬᠡᠬᠦ ᠲᠠᠢ ᠮᠢᠬ᠎ᠠ ᠲᠠᠢ ᠬᠤᠯᠢᠵᠦ ᠢᠳᠡᠳᠡᠭ ᠪᠠᠶᠢᠯ᠎ᠠ᠃   ᠤᠳᠤ ᠶᠢᠨ ᠪᠦᠷᠢᠶᠠᠳᠴᠤᠳ ᠭᠤᠤᠯᠳᠠᠭᠤ ᠤᠷᠤᠰ᠂ ᠮᠤᠩᠭᠤᠯ᠂ ᠳᠤᠮᠳᠠᠳᠤ ᠤᠯᠤᠰ ᠵᠡᠷᠭᠡ ᠭᠤᠷᠪᠠᠨ ᠤᠯᠤᠰ ᠢ ᠰᠤᠨᠳᠠᠯᠠᠨ ᠰᠠᠭᠤᠵᠦ ᠪᠠᠶᠢᠳᠠᠭ᠃ ᠤᠷᠤᠰ ᠤᠨ ᠠᠷᠪᠠᠨ ᠰᠠᠷ᠎ᠠ ᠶᠢᠨ ᠬᠤᠪᠢᠰᠬᠠᠯ ᠤᠨ ᠳᠠᠷᠠᠭ᠎ᠠ ᠤᠷᠤᠰ ᠤᠨ ᠬᠢᠯᠢ ᠳᠤᠲᠤᠷᠠᠬᠢ ᠬᠡᠰᠡᠭ ᠪᠦᠷᠢᠶᠠᠳᠴᠤᠳ ᠠᠭᠠᠵᠢᠮ ᠢᠶᠠᠷ ᠳᠤᠮᠳᠠᠳᠤ ᠤᠯᠤᠰ ᠤᠨ ᠬᠦᠯᠤᠨ ᠪᠦᠢᠷ ᠤᠨ ᠲᠠᠯ᠎ᠠ ᠨᠤᠲᠤᠭ᠂ ᠮᠤᠩᠭᠤᠯ ᠤᠯᠤᠰ ᠤᠨ ᠬᠢᠯᠢ ᠳᠤᠲᠤᠷ᠎ᠠ ᠤᠳᠠᠭ᠎ᠠ ᠳᠠᠷᠠᠭᠠᠯᠠᠨ ᠨᠡᠬᠦᠨ ᠰᠢᠯᠵᠢᠭᠰᠡᠨ ᠶᠤᠮ᠃ ᠳᠡᠳᠡᠨ ᠡᠨᠡᠬᠦ ᠨᠡᠬᠦᠳᠠᠯᠠᠯ ᠤᠨ ᠳᠤᠮᠳᠠ ᠪᠠᠶᠢᠭᠠᠯ ᠨᠠᠭᠤᠷ ᠤᠷᠴᠢᠮ᠂ ᠤᠷᠤᠰ ᠤᠨ ᠠᠵᠤ ᠠᠬᠤᠢ ᠨᠡᠶᠢᠬᠡᠮ ᠤᠨ ᠲᠤᠬᠠᠢ ᠶᠢᠨ ᠦᠶ᠎ᠠ ᠶᠢᠨ ᠨᠦᠬᠦᠴᠠᠯ ᠳᠤᠤᠷᠠᠬᠢ ᠬᠠᠷᠢᠴᠠᠩᠭᠤᠢ ᠪᠠᠷ ᠲᠡᠷᠢᠬᠦᠨ ᠤ ᠦᠢᠯᠠᠳᠪᠤᠷᠢᠯᠠᠯ ᠪᠤᠯᠤᠨ ᠠᠮᠢᠳᠤᠷᠠᠯ ᠤᠨ ᠠᠷᠭ᠎ᠠ ᠬᠡᠯᠪᠡᠷᠢ ᠢ ᠠᠪᠴᠤ ᠢᠷᠡᠭᠰᠡᠨ ᠶᠤᠮ᠃ ᠡᠨ᠋ᠨ ᠨᠢ ᠳᠡᠳᠡᠨ ᠤ ᠲᠠᠯ᠎ᠠ ᠨᠤᠲᠤᠭ ᠤᠨ ᠰᠠᠭᠤᠷᠰᠢᠯ ᠢᠷᠭᠡᠳ ᠲᠤ ᠴᠢᠬᠤᠯᠠ ᠨᠦᠯᠤᠭᠡ ᠦᠵᠡᠭᠦᠯᠦᠭᠰᠡᠨ ᠶᠤᠮ᠃ ᠳᠠᠷᠤᠢ ᠮᠠᠯᠵᠢᠯ ᠤᠨ ᠬᠡᠯᠪᠡᠷᠢ ᠪᠠᠶᠢᠭᠤᠯᠤᠮᠵᠢ ᠶᠢᠨ ᠦᠭᠡᠷᠴᠢᠯᠠᠯᠲᠠ ᠪᠠᠷ ᠳᠠᠮᠵᠢᠨ ᠪᠦᠷᠢᠶᠠᠳ ᠮᠤᠩᠭᠤᠯᠴᠤᠳ ᠤᠨ ᠦᠢᠯᠠᠳᠪᠤᠷᠢᠯᠠᠯ ᠤᠨ ᠠᠷᠭ᠎ᠠ ᠬᠡᠯᠪᠡᠷᠢ ᠳᠤ ᠲᠠᠰᠤᠷᠠᠯᠳᠠ ᠦᠭᠡᠢ ᠬᠤᠷᠴᠠ ᠰᠢᠷᠤᠭᠦᠨ ᠬᠤᠪᠢᠰᠤᠯᠲᠠ ᠭᠠᠷᠭᠠᠵᠠᠢ᠃ ᠭᠡᠬᠦ ᠳᠡᠭᠡᠨ᠂ ᠦᠢᠯᠠᠳᠪᠤᠷᠢᠯᠠᠯ ᠤᠨ ᠠᠷᠭ᠎ᠠ ᠮᠠᠶ᠋ᠢᠭ ᠨᠢ ᠠᠮᠢᠳᠤᠷᠠᠯ ᠤᠨ ᠠᠷᠭ᠎ᠠ ᠬᠡᠯᠪᠡᠷᠢ ᠶᠢ ᠠᠷᠭ᠎ᠠ ᠦᠭᠡᠢ ᠨᠦᠯᠤᠭᠡᠯᠡᠵᠦ ᠪᠠᠶᠢᠳᠠᠭ ᠪᠢᠯᠠ᠃ ᠳᠤᠮᠳᠠᠳᠤ ᠤᠯᠤᠰ ᠤᠨ ᠬᠠᠷᠢᠶᠠᠨ ᠳᠤ ᠪᠠᠶᠢᠭ᠎ᠠ ᠪᠦᠷᠢᠶᠠᠳᠴᠤᠳ ᠤᠨ ᠡᠨᠡᠬᠦ ᠮᠠᠯ ᠠᠵᠤ ᠠᠬᠤᠢ ᠶᠢᠨ ᠬᠤᠪᠢᠷᠠᠯᠲᠠ ᠨᠢ ᠳᠤᠮᠳᠠᠳᠤ ᠤᠯᠤᠰ ᠤᠨ ᠮᠠᠯᠵᠢᠬᠤ ᠦᠢᠯᠠᠰ ᠤᠨ ᠢᠷᠡᠭᠡᠳᠦᠢ ᠶᠢᠨ᠂ ᠤᠳᠤᠬᠢᠴᠢᠯᠠᠯᠳᠠ ᠶᠢᠨ ᠬᠦᠭᠵᠢᠯᠲᠠ ᠶᠢᠨ ᠬᠠᠨᠳᠤᠰᠢ ᠶᠢ ᠲᠤᠰᠬᠠᠵᠦ ᠴᠢᠳᠠᠬᠤ ᠶᠤᠮ᠃ ᠮᠠᠯ ᠠᠵᠤ ᠠᠬᠤᠢ ᠪᠠᠷ ᠭᠤᠤᠯ ᠪᠤᠯᠭᠠᠨ ᠤᠯᠠᠨ ᠵᠦᠢᠯ ᠤᠨ ᠦᠢᠯᠠᠰ ᠡᠷᠬᠡᠯᠡᠵᠦ᠂ ᠪᠦᠬᠦ ᠲᠠᠯ᠎ᠠ ᠪᠠᠷ ᠬᠦᠭᠵᠢᠬᠦ ᠨᠢ ᠪᠤᠳᠠᠳᠤ ᠨᠦᠬᠦᠴᠠᠯ ᠳᠤ ᠨᠡᠶᠢᠴᠠᠬᠦ ᠬᠦᠭᠵᠢᠯᠲᠠ ᠶᠢᠨ ᠵᠠᠮ ᠮᠦᠨ ᠬᠡᠬᠦ ᠨᠠᠷ᠎ᠠ ᠶᠢ ᠡᠯᠭᠦᠵᠦ ᠦᠬᠡᠶᠢᠰᠬᠡᠭᠳᠡᠵᠦ ᠪᠠᠶᠢᠭ᠎ᠠ ᠮᠠᠯᠵᠢᠯ ᠤᠨ ᠦᠢᠯᠠᠰ ᠢ ᠦᠵᠡᠵᠦ ᠪᠠᠶᠢᠭ᠎ᠠ ᠬᠦᠮᠤᠰ ᠬᠡᠨ ᠦᠭᠡᠢ ᠬᠡᠬᠦ ᠪᠢᠯᠠ᠃ ᠪᠦᠷᠢᠶᠠᠳ ᠬᠡᠮᠡᠬᠦ ᠮᠤᠩᠭᠤᠯᠴᠤᠳ ᠰᠢᠨ᠎ᠡ ᠴᠢᠯᠠᠭᠤᠨ ᠵᠡᠪᠰᠡᠭ ᠤᠨ ᠴᠠᠭ ᠦᠶ᠎ᠡ ᠳᠤ ᠪᠠᠶᠢᠭᠠᠯ ᠨᠠᠭᠤᠷ ᠤᠨ ᠤᠷᠢᠳᠤ ᠲᠠᠯ᠎ᠠ ᠪᠠᠷ ᠳᠠᠷᠬᠠᠨ ᠰᠠᠭᠤᠷᠢᠰᠢᠵᠦ ᠪᠠᠶᠢᠭᠰᠠᠨ ᠠᠴᠠ ᠪᠠᠨ᠂ ᠪᠦᠷᠳᠠ ᠴᠢᠨ᠋ᠸ᠎ᠠ ᠶᠢᠨ ᠢᠵᠠᠭᠤᠷᠳᠠᠨ᠂ ᠳᠠᠷᠤᠢ ᠮᠤᠩᠭᠤᠯ ᠲᠤᠭᠤᠷᠠᠭᠠᠲᠠᠨ ᠲᠠᠢ ᠨᠠᠶᠢᠯᠠᠵᠦ ᠪᠠᠷᠠᠭᠤᠨ ᠲᠠᠶᠢᠰᠢ ᠨᠡᠭᠦᠵᠦ ᠲᠠᠷᠬᠠᠭᠰᠠᠨ ᠬᠡᠬᠦ ᠶᠢ ᠪᠢᠳᠠᠨ ᠲᠡᠤᠬᠡᠨ ᠠᠴᠠ ᠤᠯᠵᠦ ᠬᠠᠷᠠᠬᠤ ᠪᠢᠯᠠ᠃ 20 ᠳ᠋ᠤᠭᠠᠷ ᠵᠠᠭᠤᠨ ᠤ ᠬᠤᠷᠢᠭᠠᠳ ᠤᠨ ᠳᠤ ᠡᠬᠢᠯᠡᠵᠦ ᠨᠡᠭᠦᠳᠡᠯ ᠠᠮᠢᠳᠣᠷᠠᠯ ᠠᠴᠠ ᠪᠠᠨ ᠰᠠᠭᠤᠷᠢᠰᠢᠵᠦ ᠡᠬᠢᠯᠡᠭᠰᠡᠨ ᠶᠤᠮ᠃ ᠪᠠᠷᠭᠤᠵᠢᠨ ᠬᠡᠬᠦ ᠨᠤᠲᠤᠭ ᠲᠤ ᠪᠠᠷᠭᠤ ᠪᠠᠭᠠᠲᠤᠷ ᠤᠨ ᠪᠦᠷᠢᠶᠠᠳ᠂ ᠬᠤᠷᠢᠲᠠᠢ ᠬᠡᠳᠡᠭ ᠬᠤᠶᠠᠷ ᠬᠦᠦ ᠲᠠᠢ ᠪᠠᠶᠢᠭᠰᠠᠨ ᠬᠡᠬᠦ ᠶᠤᠮ᠃ ᠪᠦᠷᠢᠶᠠᠳ ᠨᠢ ᠪᠠᠶᠢᠭᠠᠯ ᠨᠠᠭᠤᠷ ᠤᠨ ᠬᠤᠶᠠᠷ ᠡᠰᠡᠷᠬᠦ ᠲᠠᠯ᠎ᠠ ᠳᠤ ᠵᠦᠯᠭᠡ ᠭᠤᠤᠯ ᠢᠶᠠᠷ ᠨᠤᠲᠤᠭᠯᠠᠵᠦ᠂ ᠵᠢᠭᠠᠰᠤ ᠠᠩᠨᠠᠭᠤᠷ ᠢᠶᠠᠷ ᠠᠮᠢᠳᠤᠷᠠᠨ ᠰᠠᠭᠤᠵᠦ ᠪᠠᠶᠢᠪᠠ᠃ ᠡᠨ᠋ᠨ ᠬᠤᠶᠠᠷ ᠬᠦᠦ ᠠᠴᠠ ᠭᠠᠷᠤᠭᠰᠠᠨ ᠨᠢ ᠤᠪᠤᠭᠠᠴᠤᠢ᠂ ᠦᠯᠤᠴᠦᠩ᠂ ᠴᠢᠨ᠋ᠸ᠎ᠠ ᠬᠡᠬᠦ ᠮᠡᠲᠤ ᠡᠬᠢᠷᠢᠤᠨ ᠤᠨ 8 ᠡᠴᠡᠭᠡ᠄ ᠠᠯᠠᠭᠤᠢ᠂ ᠬᠤᠷᠤᠮᠱᠠ᠂ ᠠᠱᠠᠪᠠᠭᠠᠳ ᠬᠡᠬᠦ ᠮᠡᠲᠤ ᠪᠤᠯᠠᠭᠠᠳᠠᠢ 9 ᠡᠴᠡᠭᠡ ᠶᠢᠨ ᠵᠤᠨ ᠪᠤᠯᠵᠠᠢ ᠭᠡᠵᠠᠢ  ᠃ ᠡᠶᠢᠨᠬᠦ ᠪᠠᠶᠢᠭᠠᠯ ᠨᠠᠭᠤᠷ ᠤᠨ ᠦᠪᠤᠷ ᠢᠶᠠᠷ ᠨᠤᠲᠤᠭᠯᠠᠵᠦ ᠪᠦᠷᠢᠶᠠᠳ ᠤᠳ ᠤᠨ ᠡᠪᠦᠭᠡ ᠳᠡᠭᠡᠳᠤᠰ ᠡᠷᠲᠡᠨ ᠤ ᠠᠩᠴᠢᠨ ᠬᠦᠷᠤᠭᠡᠴᠢᠨ ᠤᠢ ᠶᠢᠨ ᠢᠷᠭᠡᠳ ᠤᠨ ᠨᠢᠭᠡᠨ ᠪᠤᠯᠬᠤ ᠪᠦᠭᠡᠳ 13 ᠳ᠋ᠤᠭᠠᠷ ᠵᠠᠭᠤᠨ ᠠᠴᠠ ᠡᠮᠤᠨᠡᠬᠢ ᠦᠶ᠎ᠠ ᠳᠤ ᠪᠠᠶᠢᠭᠠᠯ ᠠᠴᠠ ᠬᠤᠶᠢᠰᠢ ᠬᠢᠯᠤᠭᠤ᠂ ᠵᠦᠯᠭᠡ ᠮᠦᠷᠠᠨ ᠤ ᠰᠠᠪᠠ᠂ ᠰᠡᠯᠡᠩᠭᠡ ᠶᠢᠨ ᠠᠳᠠᠭ ᠢᠶᠠᠷ ᠰᠠᠭᠤᠵᠦ ᠪᠠᠶᠢᠭᠰᠠᠨ ᠪᠤᠯᠠᠭᠠᠴᠢᠨ᠂ ᠬᠡᠷᠡᠮᠤᠴᠢᠨ ᠬᠢᠬᠡᠳ ᠶᠧᠨᠢᠰᠸᠢ ᠮᠦᠷᠠᠨ ᠤ ᠡᠬᠢᠨ᠂ ᠪᠠᠶᠢᠭᠠᠯ ᠤᠷᠴᠢᠮ ᠳᠤ ᠠᠮᠢᠳᠤᠷᠵᠦ ᠪᠠᠶᠢᠭᠰᠠᠨ ᠬᠤᠷᠢ ᠲᠦᠮᠠᠳ᠂ ᠪᠠᠷᠭᠤᠵᠢᠨ ︵ᠪᠠᠷᠭᠤᠵᠢᠨ ᠪᠦᠷᠢᠶᠠᠳ ᠤᠳ ᠦᠪᠡᠷᠰᠠᠳ ᠢ ᠪᠠᠨ ᠡᠷᠲᠡᠨ ᠤ ᠵᠦᠡᠭᠭᠠᠷ ᠮᠤᠩᠭᠤᠯ ᠤᠨ ᠦᠭᠡᠯᠡᠳ ᠤᠪᠤᠭᠲᠠᠨ ᠬᠡᠵᠦ ᠦᠵᠡᠳᠡᠭ᠃ ᠵᠦᠡᠭᠭᠠᠷ ᠮᠤᠩᠭᠤᠯ ᠠᠴᠠ ᠭᠠᠷᠴᠦ ᠢᠷᠡᠭᠰᠡᠨ 6 – 7 ᠬᠦᠮᠤᠨ ᠪᠠᠷᠭᠤᠵᠢᠨ ᠪᠦᠷᠢᠶᠠᠳ ᠤᠳ ᠲᠠᠢ ᠬᠠᠮᠲᠤᠷᠠᠵᠦ ᠨᠢᠭᠡᠳᠤᠨ ᠰᠠᠭᠤᠭᠰᠠᠨ ᠬᠡᠯᠴᠡᠳᠡᠭ ᠶᠤᠮ᠃︶ ᠪᠠᠷᠭᠤᠳ ᠵᠡᠷᠭᠡ ᠮᠤᠩᠭᠤᠯ ᠤᠭᠰᠠᠭᠠᠲᠠᠨ ᠤ ᠠᠶᠢᠮᠠᠭ ᠤᠳ ᠪᠠᠶᠢᠭᠰᠠᠨ ᠬᠡᠬᠦ ᠶᠢ ᠪᠢᠳᠠᠨ ᠠᠯᠢ ᠨᠢᠭᠡᠨ ᠲᠡᠤᠬᠡᠨ ᠮᠠᠲ᠋ᠠᠷᠢᠶᠠᠯ ᠠᠴᠠ ᠤᠯᠵᠦ ᠮᠡᠳᠡᠭᠦ ᠠᠵᠠᠢ᠃    13 ᠳ᠋ᠤᠭᠠᠷ ᠵᠠᠭᠤᠨ ᠤ ᠡᠬᠢ ᠪᠠᠷ ᠮᠤᠩᠭᠤᠯ ᠤᠭᠰᠠᠭᠠᠨ ᠤ ᠤᠯᠠᠨ ᠠᠶᠢᠮᠠᠭ ᠢ ᠨᠢᠭᠡᠳᠬᠦ ᠳᠤ 1207 ᠤᠨ  ᠳᠤ ᠵᠦᠴᠢ ᠶᠢᠨ ᠳᠠᠶᠢᠴᠢᠯᠠᠭᠰᠠᠨ ︽ᠤᠢ ᠶᠢᠨ ᠢᠷᠭᠡᠳ︾ ᠢ ᠨᠢᠭᠡᠳᠬᠡᠬᠦ ᠳᠠᠶᠢᠨ ᠤ ᠶᠠᠪᠤᠴᠠ ᠳᠤ ᠮᠤᠩᠭᠤᠯ ᠬᠠᠭᠠᠲᠤ ᠡᠵᠡᠨᠲᠤ ᠤᠯᠤᠰ ᠤᠨ ᠬᠠᠷᠢᠶᠠᠨ ᠳᠤ ᠪᠦᠷᠢᠶᠠᠳ ᠤᠷᠤᠭᠰᠠᠨ ᠶᠤᠮ᠃ ᠲᠡᠳᠡᠨ ᠴᠢᠩᠭᠡᠰ ᠤᠨ ᠬᠠᠷᠢᠶᠠᠨ ᠳᠤ ᠲᠡᠮᠡᠭᠡ᠂ ᠦᠭᠡᠷ᠂ ᠬᠤᠨᠢ᠂ ᠢᠮᠠᠭ᠎ᠠ ᠵᠡᠷᠭᠡ ᠲᠠᠪᠤᠨ ᠬᠤᠰᠢᠭᠤᠨ ᠮᠠᠯ ᠢᠶᠠᠨ ᠡᠷᠬᠢᠯᠡᠨ ᠦᠰᠬᠡᠵᠦ ᠪᠠᠶᠢᠵᠠᠢ᠃ ᠮᠠᠯ ᠤᠨ ᠪᠡᠯᠴᠢᠭᠡᠷ ᠢᠶᠠᠨ ᠰᠤᠩᠭᠤᠵᠦ᠂ ᠵᠢᠯ ᠤᠨ ᠳᠦᠷᠪᠠᠨ ᠤᠯᠠᠷᠢᠯ ᠳᠤ ᠰᠠᠶᠢᠨ ᠤᠷᠭᠤᠴᠠ ᠲᠠᠢ ᠭᠠᠵᠠᠷ ᠨᠤᠲᠤᠭ ᠢᠶᠠᠷ ᠨᠡᠭᠦᠳᠡᠯᠯᠠᠵᠦ᠂ ᠮᠠᠯ ᠢᠶᠠᠨ ᠰᠠᠭᠠᠨ ᠰᠦ ᠪᠠᠷ ᠨᠢ ᠪᠦᠬᠦᠯᠢ ᠵᠢᠯ ᠳᠡᠭᠡᠨ ᠢᠳᠡᠬᠦ ᠦᠷᠤᠮ᠎ᠠ᠂ ᠲᠤᠰᠤ᠂ ᠠᠭᠠᠷᠤᠤᠯ ᠬᠢᠵᠦ᠂ ᠠᠷᠢᠬᠢ ᠨᠡᠷᠠᠵᠦ᠂ ᠬᠦᠳᠡᠭᠡ ᠲᠠᠯ᠎ᠠ ᠶᠢᠨ ᠵᠡᠷᠯᠢᠭ ᠮᠠᠩᠭᠢᠷ᠂ ᠲᠦᠮᠤᠰᠤ ᠲᠡᠷᠢᠬᠦᠲᠠᠨ ᠢ ᠬᠤᠷᠢᠶᠠᠨ ᠬᠠᠲᠠᠭᠠᠵᠦ᠂ ᠳᠡᠳᠡᠭᠡᠷ ᠢ ᠮᠠᠯ ᠤᠨ ᠲᠠᠷᠭᠤᠨ ᠦᠬᠡᠬᠦ ᠲᠠᠢ ᠮᠢᠬ᠎ᠠ ᠲᠠᠢ ᠬᠤᠯᠢᠵᠦ ᠢᠳᠡᠳᠡᠭ ᠪᠠᠶᠢᠯ᠎ᠠ᠃    15 ᠳ᠋ᠤᠭᠠᠷ ᠵᠠᠭᠤᠨ ᠤ ᠦᠶ᠎ᠠ ᠳᠤ ᠦᠢᠷᠠᠳ ᠤᠳ ᠦᠷᠤᠨ᠎ᠠ ᠵᠦᠭ ᠨᠡᠬᠦᠳᠠᠯᠠᠯᠬᠦ ᠳᠤ ᠪᠠᠷᠭᠤ᠂ ᠪᠦᠷᠢᠶᠠᠳ ᠠᠶᠢᠮᠠᠭ ᠤᠳ ᠮᠤᠩᠭᠤᠯ ᠤᠨ ᠮᠡᠳᠡᠯ ᠳᠤ ᠦᠯᠠᠳᠠᠨ᠂ ᠪᠠᠲᠤᠮᠦᠩᠭᠡ ᠳᠠᠶᠠᠨ ᠬᠠᠭᠠᠨ ᠤ ᠬᠠᠷᠢᠶᠠᠲᠤ ᠵᠢᠷᠭᠤᠭᠠᠨ ᠲᠦᠮᠠᠨ ᠮᠤᠩᠭᠤᠯ ᠤᠨ ᠵᠡᠭᠦᠨ ᠭᠤᠷᠪᠠᠨ ᠲᠦᠮᠠᠨ ᠤ ᠨᠢᠭᠡ ᠤᠷᠢᠶᠠᠩᠬᠠᠢ ᠲᠦᠮᠠᠨ ᠳᠤ ᠬᠤᠪᠢᠶᠠᠭᠳᠠᠭᠰᠠᠨ ᠢᠶᠠᠷ ᠪᠠᠷᠭᠤ᠂ ᠪᠦᠷᠢᠶᠠᠳ ᠨᠢ ᠬᠠᠯᠠᠬ᠎ᠠ ᠲᠦᠮᠠᠨ ᠬᠠᠷᠢᠶᠠᠯᠠᠯ ᠳᠤ ᠪᠠᠭᠲᠠᠨ ᠪᠦᠷᠢᠶᠠᠳ ᠤᠨ ᠤᠭ ᠨᠤᠲᠤᠭ ᠬᠠᠯᠠᠬ᠎ᠠ ᠶᠢᠨ ᠲᠦᠰᠢᠶᠠᠲᠤ ᠬᠠᠨ᠂ ᠵᠠᠰᠠᠭᠲᠤ ᠬᠠᠨ ᠤ ᠵᠠᠬᠢᠷᠭᠠᠨ ᠳᠤ ᠬᠠᠮᠢᠶᠠᠷᠬᠤ ᠪᠤᠯᠵᠠᠢ᠃  17 ᠳ᠋ᠤᠭᠠᠷ ᠵᠠᠭᠤᠨ ᠪᠤᠯᠬᠤ ᠳᠤ ᠬᠠᠯᠠᠬ᠎ᠠ ᠮᠤᠩᠭᠤᠯ ᠳᠤ ᠭᠤᠷᠪᠠᠨ ᠲᠤᠮᠤ ᠠᠶᠢᠮᠠᠭ᠄ ᠲᠦᠰᠢᠶᠠᠲᠤ ᠬᠠᠨ᠂ ᠵᠠᠰᠠᠭᠲᠤ ᠬᠠᠨ᠂ ᠰᠠᠴᠡᠨ ᠬᠠᠨ ᠬᠢᠵᠦ ᠭᠠᠷᠴᠦ ᠢᠷᠡᠭᠰᠡᠨ ᠶᠤᠮ᠃ ᠡᠬᠢᠨ ᠤ ᠬᠤᠶᠠᠷ ᠨᠢ ᠬᠦᠴᠤᠷᠬᠡᠭ ᠭᠠᠵᠠᠷ ᠨᠤᠲᠤᠭ ᠢᠶᠠᠷ ᠢᠶᠠᠨ ᠪᠠᠶᠢᠭᠠᠯ ᠤᠨ ᠴᠢᠨᠠᠲᠤ ᠶᠢᠨ ᠪᠦᠷᠢᠶᠠᠳ ᠤᠳ ᠤᠨ ᠭᠠᠵᠠᠷ ᠲᠠᠢ ᠰᠢᠭᠤᠳ ᠬᠢᠯᠢᠯᠠᠳᠡᠭ ᠪᠠᠶᠢᠪᠠ᠃ ᠮᠤᠩᠭᠤᠯ ᠤᠨ ᠡᠳᠡᠭᠡᠷ ᠬᠠᠨᠲᠤ ᠠᠶᠢᠮᠠᠭ ᠤᠳ ᠵᠡᠷᠭᠡᠯᠡᠳᠡᠭᠡ ᠭᠠᠵᠠᠷ ᠨᠤᠲᠤᠭ ᠲᠡᠬᠦᠨ ᠤ ᠳᠤᠲᠤᠷ᠎ᠠ ᠪᠦᠷᠢᠶᠠᠳ ᠤᠪᠤᠭ ᠤᠳ ᠢ ᠦᠪᠡᠷ ᠤᠨ ᠢᠶᠠᠨ ᠡᠷᠭᠡ ᠴᠢᠯᠤᠭᠡᠨ ᠳᠤ ᠪᠠᠶᠢᠯᠭᠠᠭᠰᠠᠭᠠᠷ ᠢᠷᠡᠵᠠᠢ᠃ ᠤᠷᠤᠰ ᠤᠳ ᠢ ᠪᠠᠶᠢᠭᠠᠯ ᠨᠠᠭᠤᠷ ᠤᠷᠴᠢᠮ ᠤᠨ ᠭᠠᠵᠠᠷ ᠲᠤ ᠢᠷᠡᠬᠦ  ᠠᠴᠠ ᠡᠮᠤᠨ᠎ᠠ ᠪᠠᠶᠢᠭᠠᠯ ᠬᠠᠪᠢ ᠶᠢᠨ ᠪᠦᠷᠢᠶᠠᠳ ᠤᠳ ᠮᠤᠩᠭᠤᠯ ᠨᠤᠶᠠᠳ ᠲᠤ ᠲᠤᠭᠲᠠᠮᠠᠯ ᠪᠤᠰᠤ ᠠᠯᠪᠠ ᠪᠠᠷᠢᠵᠦ ᠪᠠᠶᠢᠭᠰᠠᠨ ᠪᠤᠯ ᠦᠪᠤᠷ ᠪᠠᠶᠢᠭᠠᠯ ᠤᠨ ᠪᠦᠷᠢᠶᠠᠳ ᠮᠤᠩᠭᠤᠯ ᠤᠨ ᠬᠠᠨ ᠤ ᠠᠯᠪᠠᠲᠤ ᠨᠤᠭᠤᠳ ᠪᠠᠶᠢᠪᠠ᠃ ᠦᠭᠡᠷ᠎ᠠ  ᠪᠠᠷ ᠬᠡᠯᠡᠪᠠᠯ᠂ ᠤᠷᠤᠰ ᠤᠳ ᠪᠠᠶᠢᠭᠠᠯ ᠨᠠᠭᠤᠷ ᠤᠷᠴᠢᠮ ᠳᠤ ᠢᠷᠡᠬᠦ ᠠᠴᠠ ᠡᠮᠤᠨ᠎ᠠ ᠪᠦᠷᠢᠶᠠᠳ ᠤᠨ ᠭᠠᠵᠠᠷ ᠨᠤᠲᠤᠭ  ᠨᠢ ᠮᠤᠩᠭᠤᠯ ᠤᠨ ᠲᠦᠰᠢᠶᠠᠳᠤ ᠬᠠᠨ ᠤ ᠪᠦᠷᠢᠨ ᠮᠡᠳᠡᠯ ᠳᠤ ᠪᠠᠶᠢᠵᠠᠢ᠃   17ᠳ᠋ᠤᠭᠠᠷ ᠵᠠᠭᠤᠨ ᠳᠤ ᠬᠢᠶᠠᠭᠲᠤ ᠶᠢᠨ ᠤᠷᠴᠢᠮ ᠪᠤᠤᠷ᠎ᠠ ᠶᠢᠨ ᠲᠤᠰᠬᠤᠨ ᠳᠤ ᠬᠡᠷ᠎ᠠ ᠪᠠᠶᠢᠭᠤᠯᠵᠦ᠂ ᠠᠯᠪᠠᠨ ᠶᠤᠰᠤ ᠪᠠᠷ ᠬᠠᠯᠠᠬ᠎ᠠ᠂ ᠤᠷᠤᠰ ᠤᠨ ᠬᠢᠯᠢ ᠬᠢᠵᠠᠭᠠᠷ ᠢ ᠲᠤᠭᠲᠠᠭᠠᠵᠦ᠂ ᠤᠭ ᠬᠡᠯᠡᠯᠴᠡᠭᠡ ᠪᠠᠷ ᠪᠦᠷᠢᠶᠠᠳ ᠨᠤᠲᠤᠭ ᠪᠦᠬᠦᠯᠢ ᠳᠡᠭᠡᠨ ᠬᠠᠭᠠᠨᠲᠤ ᠤᠷᠤᠰ ᠤᠨ ᠬᠠᠷᠢᠶᠠᠨ ᠳᠤ ᠪᠠᠭᠲᠠᠭᠰᠠᠨ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号