ᠭᠠᠯᠳᠠᠨ ᠪᠤᠱᠤᠬᠳᠤ ᠬᠠᠨ ᠬᠦᠬᠡᠨᠡᠭᠤᠷ ᠢ ᠲᠠᠶᠢᠯᠠᠬᠤ ᠪᠠᠨ ᠪᠤᠯᠢᠬᠰᠠᠨ
ᠨᠡᠶᠢᠲᠡᠯᠡᠭᠰᠡᠨ ᠴᠠᠭ᠄
2020/3/13
ᠨᠢᠭᠡ︔ ︵ᠬᠦᠬᠡᠨᠠᠭᠤᠷ ᠬᠤᠱᠤᠳ ᠤᠨ ᠲᠤᠬᠠᠢ︶︔1637 ᠤᠨ ᠳᠤ ᠲᠦᠷᠤᠪᠠᠶᠢᠬᠤ ᠬᠦᠤᠰᠢ ᠬᠠᠨ ᠬᠦᠬᠡᠨᠠᠭᠤᠷ  ᠢ ᠡᠵᠡᠯᠡᠨ ᠠᠪᠤᠬᠰᠠᠨ ᠤ ᠲᠠᠷᠠᠭ᠎ᠠ᠂ ᠴᠢᠨᠠᠬᠰᠢ ᠲᠦᠪᠡᠳ ᠪᠠ ᠬᠠᠮ ᠤᠷᠤᠨ ᠳᠤ ᠴᠡᠷᠢᠭ ᠤᠷᠤᠭᠤᠯᠬᠤ ᠶᠢ ᠦᠯᠦ ᠶᠠᠭᠠᠷᠠᠪᠠ︔ ᠭᠦᠤᠰᠢ ᠬᠠᠨ᠂ ᠲᠠᠯᠠᠢ ᠯᠠᠮᠠ᠂ ᠪᠠᠨᠴᠢᠨ ᠡᠷᠳᠡᠨᠢ᠂ ᠵᠠᠰᠠᠭ ᠪᠠᠷᠢᠬᠴᠢ ᠳ᠋ᠢᠪᠠ ᠶᠢᠨ ᠲᠠᠯᠳᠠ ᠵᠢᠭᠠᠪᠤᠷᠢ ᠪᠠᠶᠢᠬᠤ ᠶᠤᠰᠤᠳᠠᠢ︔ ᠲᠡᠷᠡ ᠦᠶ᠎ᠡ ᠳᠤ ᠲᠦᠪᠡᠳ ᠨᠢ ᠤᠯᠠᠭᠠᠨ ᠤ ᠱᠠᠱᠢᠨ ᠢ ᠲᠡᠮᠵᠢᠭᠴᠢ ᠼᠠᠩ ᠪᠠ ᠬᠠᠨ ᠤ ᠭᠠᠷ  ᠲᠤ ᠪᠠᠶᠢᠪᠠ︔1639 ᠤᠨ ᠳᠤ ᠬᠠᠮ ᠤᠷᠤᠨ ᠤ ᠲᠤᠩᠶᠤᠳ ᠬᠠᠨ ᠨᠢ ᠽᠠᠩᠪᠠ ᠬᠠᠨ ᠲᠠᠢ ᠬᠤᠯᠪᠤᠭᠠᠯᠠᠵᠤ ᠭᠦᠤᠰᠢ ᠬᠠᠨ ᠢ ᠴᠤᠬᠢᠶ᠎ᠠ ᠭᠡᠰᠡᠨ ᠢ ᠱᠢᠷ᠎ᠠ ᠶᠢᠨ ᠱᠠᠰᠢᠨ ᠤ ᠬᠢᠨᠢ ᠤᠯᠵᠤ ᠠᠪᠴᠠᠢ︔ ᠲᠡᠭᠦᠨ ᠢ ᠭᠦᠤᠰᠢ ᠬᠠᠨ ᠳᠤ ᠦᠭᠴᠤ᠂ ᠴᠡᠷᠢᠭ ᠬᠦᠳᠡᠯᠭᠡᠭᠳᠦᠨ ᠭᠡᠵᠠᠢ︔1640 ᠤᠨ ᠳᠤ ᠬᠦᠦᠰᠢ ᠬᠠᠨ ᠬᠦᠬᠡᠨᠡᠭᠤᠷ ᠠᠴᠠ ᠡᠮᠦᠨᠡᠰᠢ ᠲᠤᠪᠳᠤᠯᠤᠨ ᠤᠷᠤᠭᠠᠳ ᠲᠤᠩᠶᠤᠳ ᠬᠠᠨ ᠢ ᠠᠯᠠᠵᠤ ᠬᠠᠮ ᠤᠷᠤᠨ ᠢ ᠪᠦᠬᠦᠨ ᠢᠶᠠᠷ ᠨᠢ ᠡᠵᠡᠯᠡᠨ‌ᠠᠪᠴᠠᠢ︔ ᠭᠡᠳᠡᠯ᠎ᠡ ᠲᠠᠯᠠᠢ ᠯᠠᠮᠠ ᠶᠢᠨ ᠲᠤᠤᠷᠠᠬᠢ ᠳ᠋ᠢᠪᠠ ᠵᠡᠷᠭᠡ ᠬᠦᠮᠦᠰ ᠵᠦᠪᠬᠡᠨ ᠬᠦᠦᠰᠢ ᠬᠠᠨ ᠤ ᠬᠦᠴᠦ ᠪᠠᠷ ᠡᠰᠡᠷᠬᠦ ᠪᠦᠯᠦᠭᠳᠡᠨ ᠢᠶᠠᠨ ᠰᠦᠨᠦᠭᠡᠵᠤ ᠦᠪᠡᠷᠳᠡᠭᠡᠨ ᠨᠤᠶᠠᠷᠬᠠᠬᠤ ᠶᠢ ᠬᠦᠰᠡᠵᠤ ᠪᠠᠶᠢᠪᠠ︔ ᠬᠦᠦᠰᠢ ᠬᠠᠨ ᠴᠡᠷᠢᠭ ᠢᠶᠠᠨ ᠲᠠᠶᠢᠴᠢᠯᠠᠵᠤ ᠬᠦᠬᠡᠨᠡᠭᠤᠷ ᠵᠦᠭ ᠪᠤᠴᠠᠵᠠᠢ︔ ᠱᠢᠷ᠎ᠠ ᠶᠢᠨ ᠱᠠᠰᠢᠨ ᠪᠤᠯᠤᠨ ᠽᠠᠩᠪᠠ ᠬᠠᠨ ᠤ ᠲᠡᠮᠡᠴᠡᠯ ᠬᠤᠷᠴᠠᠳᠤᠵᠠᠢ︔ ᠰᠤᠨᠤᠮᠴᠤᠶᠢᠮᠫᠢᠯ ᠵᠡᠷᠭᠡ ᠬᠦᠮᠦᠰ ᠠᠷᠭ᠎ᠠ ᠪᠤᠰᠤ ᠬᠦᠦᠰᠢ ᠬᠠᠨ ᠢ ᠴᠡᠷᠢᠭ ᠤᠷᠤᠭᠤᠯᠤᠬᠳᠤᠨ ᠬᠡᠵᠠᠢ︔1642 ᠤᠨ ᠳᠤ ᠽᠠᠩᠪᠠ ᠬᠠᠨ ᠢ ᠪᠤᠳᠠᠨᠢᠷᠭᠡᠵᠤ᠂ ᠲᠦᠪᠠᠳ ᠢ ᠡᠵᠡᠯᠡᠨ ᠠᠪᠴᠠᠢ︔ ᠲᠡᠭᠦᠨᠴᠡ ᠲᠦᠪᠡᠳ ᠵᠠᠰᠠᠭ ᠪᠠᠷᠢᠬᠴᠢ ᠳ᠋ᠢᠪᠠ ᠪᠤᠯᠤᠨ ᠭᠠᠵᠠᠷ ᠤᠷᠤᠨ ᠤ ᠲᠤᠰᠢᠶᠠᠯᠳᠠᠨ ᠢ ᠬᠦᠷᠳᠡᠯ᠎ᠡ ᠬᠦᠦᠰᠢ ᠬᠠᠨ ᠲᠤᠮᠢᠯᠠᠳᠠᠭ ᠪᠤᠯᠵᠠᠢ︔ᠬᠦᠦᠰᠢ ᠬᠠᠨ ᠳᠤ ᠭᠤᠷᠪᠠᠨ ᠬᠠᠳᠦᠨ ᠪᠠᠶᠢᠬᠰᠠᠨ︔ ᠶᠡᠭᠡ ᠬᠠᠳᠦᠨ ᠠᠴᠠ ᠲᠠᠶᠠᠨ ᠲᠠᠶᠢᠵᠢ᠃ ᠠᠰᠠᠷ ᠬᠤᠩ ᠲᠠᠶᠢᠵᠢ᠂ ᠪᠠᠶᠠᠨ ᠠᠪᠤᠭᠠᠢ ᠠᠶᠤᠰᠢ᠂ ᠲᠠᠯᠠᠨᠳᠠᠢ ᠵᠡᠷᠭᠡ ᠲᠦᠷᠪᠡᠨ ᠬᠦᠪᠡᠭᠦᠨ ᠲᠠᠢ︔ ᠬᠤᠶᠠᠳᠤᠭᠠᠷ ᠬᠠᠳᠦᠨ ᠠᠴᠠ ᠰᠡᠷᠡᠩ ᠢᠯᠳᠦᠴᠢ᠂ ᠲᠤᠷᠵᠢ ᠲᠠᠯᠠᠢ ᠬᠤᠩ ᠲᠠᠶᠢᠵᠢ᠂ ᠬᠦᠷᠦᠮᠴᠢ ᠡᠷᠳᠡᠨᠢ ᠲᠠᠶᠢᠴᠢᠩ᠂ ᠰᠠᠩᠬᠠᠷᠵᠠ᠂ ᠭᠤᠮᠪᠤᠰᠡᠸᠠᠩ ᠲᠠᠪᠤᠨ ᠬᠦᠪᠡᠬᠦᠨ ᠲᠠᠢ︔ ᠪᠠᠭ᠎ᠠ ᠬᠠᠳᠦᠨ ᠠᠴᠠ ᠲᠠᠰᠢᠪᠠᠭᠠᠳᠤᠷ ᠭᠡᠳᠡᠭ ᠨᠢᠭᠡᠨ ᠬᠦᠪᠡᠭᠦᠨ ᠲᠠᠢ︔ ᠬᠦᠦᠰᠢ ᠬᠠᠨ ᠲᠡᠭᠦᠨ ᠤ ᠠᠷᠪᠠᠨ ᠬᠦᠪᠡᠭᠦᠨ ᠢᠶᠠᠨ ᠵᠡᠭᠦᠨ ᠪᠠᠷᠠᠭᠤᠨ ᠭᠠᠷ ᠪᠤᠯᠭᠠᠨᠬᠦᠬᠡᠨᠠᠭᠤᠷ ᠲᠤ ᠨᠤᠳᠤᠭ ᠬᠤᠪᠢᠶᠠᠷᠢᠯᠠᠨ ᠰᠠᠭᠤᠯᠭᠠᠪᠠ︔ ᠵᠡᠭᠦᠨ ᠭᠠᠷ ᠲᠤᠨᠢ ᠠᠬᠠᠮᠠᠳ ᠬᠦᠪᠡᠭᠦᠨ ᠲᠠᠶᠠᠨ᠂ ᠬᠤᠶᠠᠳᠤᠭᠠᠷ ᠬᠦᠪᠡᠭᠦᠨ ᠠᠰᠠᠷ ᠰᠡᠴᠡᠨ ᠬᠤᠩ ᠲᠠᠶᠢᠵᠢ᠂ ᠭᠤᠳᠠᠭᠠᠷ ᠬᠦᠪᠡᠭᠦᠨ ᠲᠠᠯᠠᠨᠳᠠᠢ᠂ ᠲᠦᠳᠦᠭᠡᠷ ᠬᠦᠪᠡᠭᠦᠨ ᠪᠠᠶᠠᠨ ᠠᠪᠤᠭᠠᠢ ᠲᠦᠷᠪᠡᠭᠦᠯᠡ  ᠶᠢ ᠲᠤᠬᠢᠷᠠᠭᠤᠯᠵᠠᠢ︔ ᠲᠠᠶᠠᠨ ᠵᠡᠭᠦᠨ ᠢ ᠲᠠᠷᠤᠭᠠᠯᠠᠬᠤᠶᠢᠬᠠᠮᠳᠦ ᠬᠦᠦᠰᠢ ᠬᠠᠨ ᠳᠤ ᠬᠠᠪᠰᠤᠷᠤᠨ ᠲᠦᠪᠡᠳ ᠤᠨ ᠬᠡᠷᠡᠭ ᠢ ᠡᠷᠬᠢᠯᠡᠵᠡᠢ︔ ᠪᠠᠷᠠᠭᠤᠨ ᠭᠠᠷ ᠲᠤᠨᠢ ᠵᠢᠷᠭᠤᠳᠤᠭᠠᠷ ᠬᠦᠪᠡᠭᠦᠨ ᠲᠤᠷᠵᠢ ᠲᠠᠯᠠᠢ ᠬᠤᠩ ᠲᠠᠶᠢᠵᠢ ᠪᠠᠷ ᠲᠠᠷᠤᠭ᠎ᠠ ᠪᠤᠯᠭᠠᠪᠠ︔ ᠠᠬᠠᠮᠠᠳ ᠬᠦᠪᠡᠭᠦᠨ ᠲᠠᠶᠠᠨ ᠲᠦᠪᠡᠳ ᠤᠨ ᠬᠡᠷᠡᠭ ᠢ ᠡᠷᠬᠢᠯᠡᠨ ᠶᠢᠰᠤᠳᠦᠭᠡᠷ ᠬᠦᠪᠡᠭᠦᠨ ᠭᠤᠮᠪᠤᠰᠡᠷᠡᠩ ᠳᠤ ᠦᠷ᠎ᠡ ᠦᠭᠡᠢ ᠲᠤᠯᠠ᠂ ᠬᠦᠬᠡᠨᠡᠭᠤᠷ ᠲᠤ ᠰᠠᠭᠤᠬᠰᠠᠨ ᠲᠡᠳᠡᠭᠡᠷ ᠬᠡᠦᠬᠡᠳ ᠢ ᠨᠢ ᠬᠤᠱᠤᠳ ᠤᠨ ︿ᠨᠠᠶᠢᠮᠠᠨ ᠲᠠᠶᠢᠵᠢ﹀ᠭᠡᠵᠤ ᠲᠠᠭᠤᠳᠠᠳᠠᠭ︔1654 ᠤᠨ ᠳᠤ ᠬᠦᠦᠰᠢ ᠬᠠᠨ ᠨᠠᠰᠤ ᠪᠠᠷᠠᠬᠰᠠᠨ᠎ᠠ ᠠᠬᠠᠮᠠᠳ ᠬᠦᠨᠡᠭᠦᠨ ᠲᠠᠶᠠᠨ ᠵᠠᠯᠭᠠᠵᠤ1668 ᠤᠨ ᠳᠤ ᠲᠡᠭᠦᠨ ᠤ ᠬᠦᠪᠡᠭᠦᠨ ᠫᠤᠩᠰᠤᠭ ᠵᠠᠯᠭᠠᠮᠵᠢᠯᠠᠵᠤ︔ ᠫᠤᠩᠰᠤᠭ ᠲᠠᠯᠠᠢ ᠬᠠᠨ ᠪᠤᠯᠤᠬᠰᠠᠨ ᠤ ᠲᠠᠷᠠᠭ᠎ᠠ᠂ ᠰᠢᠷ᠎ᠠ ᠶᠢᠨ ᠱᠠᠰᠢᠨ ᠤ ᠬᠢᠨ ᠲᠠᠢ ᠢᠯᠡ ᠲᠠᠯᠳᠠ ᠲᠠᠮᠡᠴᠡᠯ ᠡᠭᠦᠰᠴᠡᠢ︔ᠬᠤᠶᠠᠷ︔ ︵ᠪᠤᠱᠤᠭᠳᠦ ᠬᠠᠨ ᠬᠦᠬᠡᠨᠡᠭᠤᠷ ᠢ ᠲᠠᠶᠢᠯᠠᠬᠤ ᠪᠠᠨ ᠪᠤᠯᠢᠬᠰᠠᠨ﹈1678 ᠤᠨ ᠳᠤ ᠬᠦᠬᠡᠨᠡᠭᠤᠷ ᠤᠨ ᠬᠤᠱᠤᠳ ᠠᠶᠢᠮᠠᠭ ᠢ ᠪᠠᠶᠢᠯᠳᠤᠨ ᠠᠪᠤᠬᠳᠦᠨ ᠭᠡᠵᠤ ᠳ᠋ᠢᠪᠡ ᠰᠠᠩᠵᠠᠢ ᠠᠴᠠ ᠪᠤᠱᠤᠬᠳᠦ ᠬᠠᠨ ᠳᠤ ᠵᠢᠭᠠᠪᠤᠷᠢᠯᠠᠵᠤ︔ ᠪᠤᠱᠤᠬᠳᠦ ᠬᠠᠨ ᠬᠤᠶᠢᠳ ᠤᠨ ᠠᠯᠳᠠᠷ ᠬᠤᠰᠢᠭᠤᠴᠢ ᠪᠠᠷ ᠭᠤᠷᠪᠠᠨ ᠲᠦᠮᠡᠨ ᠴᠡᠷᠢᠭ ᠲᠠᠶᠢᠴᠢᠯᠠᠭᠤᠯᠤᠨ᠂ ᠪᠠᠷᠠᠰ ᠬᠦᠯ ᠢ ᠲᠠᠪᠠᠵᠤ ᠪᠤᠯᠠᠩᠬᠢᠷ ᠤᠨ ᠭᠤᠤᠯ ᠬᠦᠷᠳᠡᠯ᠎ᠡ ᠤᠷᠤᠬᠰᠢᠯᠠᠵᠠᠢ︔ ᠳ᠋ᠢᠪᠠ ᠰᠠᠩᠵᠠᠢ ᠠᠴᠠ ᠪᠠᠰᠠ ᠬᠦᠬᠡᠨᠠᠭᠤᠷ ᠢ ᠲᠠᠶᠢᠯᠠᠬᠤ ᠪᠠᠨ ᠪᠤᠯᠢᠬᠳᠤᠨ ᠭᠡᠪᠡ︔ ᠪᠤᠱᠤᠬᠳᠦ ᠬᠠᠨ ᠭᠤᠷᠪᠠᠨ ᠰᠠᠷ᠎ᠠ  ᠶᠢᠨ ᠲᠤᠲᠤᠷ᠎ᠠ ᠬᠦᠬᠡᠨᠠᠭᠤᠷ ᠢ ᠲᠤᠪᠳᠤᠯᠤᠨ ᠠᠪᠤᠮᠤᠢ ᠬᠡᠬᠦ ᠴᠢᠮᠡᠭᠡ ᠬᠦᠬᠡᠨᠠᠭᠤᠷ᠂ ᠭᠠᠨᠵᠤ ᠰᠦᠵᠸᠤ ᠳᠤ ᠲᠠᠷᠬᠠᠵᠠᠢ ︔ ᠪᠠᠭᠠᠳᠦᠷ ᠡᠷᠬᠡ ᠵᠢᠨᠦᠩ ᠬᠤᠷᠤᠯᠢ ᠬᠠᠷᠢᠶᠠᠳᠦ ᠪᠠᠨ ᠲᠠᠭᠠᠭᠤᠯᠤᠨ ᠰᠢᠷ᠎ᠠ ᠲᠠᠯ᠎ᠠ ᠵᠦᠭ ᠲᠤᠲᠠᠭᠠᠪᠠ︔ ᠭᠠᠨᠵᠸᠤ᠂ ᠯᠢᠶᠠᠩᠵᠸᠤ ᠳᠤ ᠪᠠᠶᠢᠬᠰᠠᠨ ᠰᠠᠴᠠᠭᠤ ᠮᠡᠷᠭᠡᠨ ᠲᠠᠶᠢᠵᠢ ᠰᠢᠷ᠎ᠠ ᠲᠠᠯ᠎ᠠ ᠳᠤ ᠵᠠᠶᠢᠯᠠᠪᠠ︔ ᠲᠠᠶᠢᠴᠢᠩ ᠤᠨ ᠵᠠᠩᠵᠤᠨ ᠵᠠᠩ ᠶᠦᠩ ᠬᠦᠬᠡᠨᠠᠭᠤᠷ ᠬᠤᠱᠤᠳ ᠤᠨ ᠪᠠᠷᠠᠭᠤᠨ ᠭᠠᠷᠤᠨ ᠲᠠᠷᠤᠭ᠎ᠠ ᠲᠠᠢ ᠬᠠᠷᠢᠯᠴᠠᠵᠤ᠂ ᠬᠠᠮᠳᠦ ᠪᠠᠷ ᠪᠤᠱᠤᠭᠳᠦ ᠬᠠᠨ ᠢ ᠰᠡᠷᠬᠡᠶᠢᠯᠡᠬᠦ ᠬᠡᠮᠡᠨ ᠮᠡᠳᠡᠭᠳᠡᠵᠤ ᠪᠠᠶᠢᠵᠠᠢ︔ ᠬᠡᠷᠪᠡ ᠪᠤᠱᠤᠭᠳᠦ ᠬᠠᠨ ᠬᠦᠬᠡᠨᠠᠭᠤᠷ ᠢ ᠲᠤᠪᠳᠤᠯᠪᠠᠰᠤ ᠬᠤᠱᠤᠳ ᠲᠠᠶᠢᠵᠢ ᠨᠠᠷ ᠲᠠᠶᠢᠴᠢᠩ ᠤᠯᠤᠰ ᠠᠴᠠ ᠴᠡᠷᠢᠭ ᠤᠨ ᠲᠤᠰᠠᠯᠠᠮᠵᠢ ᠮᠡᠳᠡᠨ᠎ᠡ︔ ᠲᠡᠭᠡᠭᠡᠳ ᠬᠦᠬᠡᠨᠠᠭᠤᠷ ᠤᠨ ᠲᠠᠶᠢᠵᠢ ᠨᠠᠷ ᠢ ᠪᠤᠱᠤᠭᠳᠦ ᠬᠠᠨ ᠲᠠᠢ ᠡᠶᠡᠳᠡᠬᠦᠯᠦᠨ ᠬᠦᠬᠡᠨᠠᠭᠤᠷ ᠲᠤ ᠪᠠᠶᠢᠬᠤ ᠱᠠᠮᠪᠤᠷᠢᠩ ᠬᠠᠮᠪᠤ ᠯᠠᠮᠠ ᠳᠤ ᠴᠢᠬᠤᠯᠠ ᠵᠢᠭᠠᠪᠤᠷᠢ ᠦᠭᠴᠠᠢ︔ ᠬᠠᠮᠪᠤ ᠯᠠᠮᠠ ᠠᠴᠠ ᠳ᠋ᠢᠪᠠ ᠰᠠᠩᠵᠠᠢ ᠶᠢᠨ ᠵᠢᠭᠠᠪᠤᠷᠢ ᠪᠠᠷ ᠬᠦᠬᠡᠨᠠᠭᠤᠷ ᠤᠨ ᠪᠤᠱᠤᠬᠳᠦ ᠵᠢᠨᠦᠩ ᠤᠨ ᠬᠦᠪᠡᠭᠦᠨ ᠭᠡᠨᠳᠡᠷ ᠲᠤ ᠪᠤᠱᠤᠭᠳᠦ ᠬᠠᠨ ᠤ ᠦᠬᠢᠨ ᠪᠦᠮᠦ ᠶᠢ ᠭᠤᠶᠤᠵᠤ ᠭᠡᠷᠭᠡᠶᠢᠪᠤᠯᠭᠠᠬᠤ  ᠪᠠᠷ ᠲᠤᠬᠳᠠᠵᠠᠢ︔ ᠬᠦᠬᠡᠨᠠᠭᠤᠷ ᠤᠨ ᠪᠤᠱᠤᠬᠳᠦ ᠵᠢᠨᠦᠩ ᠪᠤᠯᠤᠨ ᠪᠤᠱᠤᠬᠳᠦ ᠬᠠᠨ ᠤ ᠲᠤᠮᠳᠠ ᠨᠢᠬᠳᠠ ᠬᠠᠷᠢᠴᠠᠭ᠎ᠠ  ᠲᠠᠢ ᠪᠤᠯᠵᠠᠢ︔ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号