ᠲᠡᠭᠡᠳᠣ ᠮᠤᠩᠭᠤᠯ ᠤᠨ ᠨᠡᠭᠦᠳᠡᠯ ᠮᠠᠯᠵᠢᠯ ᠠᠮᠢᠳᠣᠷᠠᠯ ᠤᠨ ᠪᠠᠭᠤᠷᠢ ᠪᠠᠭᠤᠴᠠ
ᠨᠡᠶᠢᠲᠡᠯᠡᠭᠰᠡᠨ ᠴᠠᠭ᠄
2020/3/13
ᠮᠠᠨ ᠤ ᠲᠡᠭᠡᠳᠣ ᠮᠤᠩᠭᠤᠯᠴᠤᠳ ᠡᠷᠲᠡ ᠦᠶ᠎ᠡ ᠠᠴᠠ ᠪᠠᠨ ᠨᠡᠭᠦᠳᠡᠯ ᠮᠠᠯᠵᠢᠯ ᠠᠮᠢᠳᠣᠷᠠᠯ ᠡᠳᠡᠯᠡᠵᠤ ᠢᠷᠡᠭᠰᠡᠨ︔ ᠲᠡᠭᠡᠭᠦ ᠳᠡᠭᠡᠨ ᠪᠠᠶᠢᠭᠠᠯᠢ ᠶᠢᠨ ᠪᠠᠶᠢᠳᠠᠯ᠂ ᠭᠠᠵᠠᠷ ᠤᠷᠤᠨ ᠤ ᠪᠠᠶᠢᠴᠠ᠂ ᠴᠠᠭ ᠠᠭᠤᠷ᠂ ᠡᠪᠡᠰᠤ ᠤᠰᠤᠨ ᠤ ᠤᠷᠭᠤᠴᠠ ᠤᠨᠳᠤᠷᠤᠯ ᠤᠨ ᠰᠢᠨᠵᠢ ᠶᠢ ᠨᠠᠷᠢᠯᠢᠭ ᠰᠣᠳᠣᠯᠵᠤ᠂ ᠡᠭᠡ ᠪᠠᠶᠢᠭᠠᠯᠢ ᠶᠢᠨ ᠠᠮᠢ ᠠᠬᠤᠢ ᠶᠢᠨ ᠲᠡᠩᠴᠡᠭᠦᠷᠢ  ᠶᠢ ᠵᠤᠭᠢᠴᠠᠭᠤᠯᠤᠨ᠂ ᠭᠦᠮᠦᠨ ᠪᠠ ᠪᠠᠶᠢᠭᠠᠯᠢ ᠶᠡᠷᠳᠢᠨᠴᠤ ᠶᠢᠨ ᠤᠶᠠᠯᠳᠤᠯ ᠢ ᠲᠤᠭᠢᠲᠠᠢ ᠠᠰᠢᠭᠯᠠᠭᠰᠠᠨ ᠰᠢᠨᠵᠢᠯᠡᠭᠦ ᠤᠬᠠᠭᠠᠨᠴᠢ ᠦᠨᠳᠤᠰᠤᠲᠡᠨ ᠮᠦᠨ᠃ ᠡᠷᠲᠡ ᠲᠡᠭᠡᠳᠣ ᠦᠶ᠎ᠡ ᠠᠴᠠ ᠮᠠᠨ ᠤ ᠲᠡᠭᠡᠳᠤ ᠮᠤᠩᠭᠤᠯ ᠨᠤᠲᠤᠭ — — ᠠᠭᠤᠯᠠ ᠭᠢᠷ᠎ᠠ ᠪᠠᠷ ᠨᠢ ᠭᠦᠷᠦᠭᠡᠰᠦᠨ ᠰᠦᠷᠦᠭ ᠭᠦᠪᠴᠢᠯᠡᠭᠰᠡᠨ᠂ ᠠᠷᠤ ᠬᠠᠩᠭᠠᠢ ᠪᠠᠷ ᠨᠢ ᠡᠪᠡᠰᠤ ᠤᠷᠭᠤᠮᠠᠯ᠂ ᠤᠢ ᠰᠢᠭᠤᠢ ᠳᠤ ᠨᠢ ᠮᠤᠩᠭᠤᠯ ᠭᠡᠷ ᠤᠳ ᠲᠠᠯᠳᠠᠷᠠᠭᠰᠠᠨ᠂ ᠮᠤᠷᠢᠨ ᠤ ᠦᠦᠷᠰᠡᠯᠲᠡ ᠪᠠᠷ ᠢᠶᠠᠨ ᠤᠶᠠᠭᠠᠨ ᠲᠡᠭᠡᠷ᠎ᠡ  ᠨᠢ ᠭᠦᠷᠳᠡᠭ ᠰᠠᠬᠤᠯᠢᠭ ᠤᠷᠤᠨ ᠲᠤᠯᠠ ᠭᠡᠭᠡᠷ᠎ᠡ ᠰᠢᠪᠠᠭᠤᠳ ᠭᠦᠷᠲᠡᠯ᠎ᠡ ᠲᠠᠭᠤ ᠲᠠᠭᠤ ᠪᠠᠨ ᠨᠡᠶᠢᠯᠡᠭᠦᠯᠦᠨ ᠡᠩᠭᠡ ᠲᠠᠶᠢᠪᠤᠩ ᠢᠶᠠᠷ ᠲᠤᠩᠭᠤᠳᠤᠭᠰᠠᠨ᠂ ᠭᠤᠤᠯ ᠭᠤᠷᠤᠬ᠎ᠠ ᠨᠢ ᠭᠦᠷᠲᠡᠯ᠎ᠡ ᠴᠡᠪᠡᠷ ᠲᠤᠩᠭᠠᠯᠠᠭ ᠢᠶᠠᠷ ᠨᠠᠮ ᠵᠢᠮ ᠢ ᠡᠪᠲᠡᠨ ᠬᠤᠷᠴᠢᠭᠢᠨᠠᠭᠰᠠᠨ ᠨᠡᠮᠡᠭᠦᠨ ᠨᠤᠲᠤᠭ᠃ ᠡᠶᠢᠮᠤ ᠶᠢᠨ ᠲᠤᠯᠠ ᠠᠳᠡᠭᠢ ᠶᠢᠨ ᠮᠠᠯ ᠰᠦᠷᠦᠭ ᠲᠠᠷᠭᠤ ᠭᠦᠴᠤ ᠲᠠᠢ᠂ ᠠᠳᠠᠯ ᠦᠢᠯᠡᠰ ᠦᠭᠡᠲᠡ ᠡᠰᠡᠷᠡᠭ᠂ ᠠᠶᠢᠯ ᠭᠡᠷ ᠢᠶᠠᠷ ᠢᠶᠠᠨ ᠪᠠᠶᠠᠨ ᠴᠢᠨᠠᠭᠡᠯᠢᠭ ᠠᠮᠢᠳᠣᠷᠠᠯ ᠡᠳᠡᠯᠡᠳᠡᠭ᠃ ᠨᠡᠨ ᠪᠦᠭᠦᠨ ᠨᠢ ᠪᠦᠷ ᠮᠠᠨ ᠤ ᠮᠠᠯᠴᠢᠨ ᠠᠷᠠᠳ ᠮᠢᠨᠢ ᠰᠢᠷᠭᠠᠭᠤ ᠭᠦᠳᠡᠯᠮᠦᠷᠢ᠂ ᠰᠢᠨᠵᠢᠯᠡᠭᠦ ᠤᠬᠠᠭᠠᠨᠴᠢ ᠨᠡᠭᠦᠳᠡᠯ ᠠᠮᠢᠳᠣᠷᠠᠯ ᠠᠴᠠ ᠰᠠᠯᠬᠤ ᠦᠭᠡᠢ᠃ ᠡᠷᠲᠡᠨ ᠳᠡᠭᠡᠨ᠂ ᠨᠠᠰᠤᠲᠠᠶᠢᠴᠤᠳ ᠭᠠᠵᠠᠷ ᠤᠨ ᠪᠠᠶᠢᠴᠠ᠂ ᠮᠠᠯ ᠤᠨ ᠪᠠᠶᠢᠳᠠᠯ  ᠢᠶᠠᠷ ᠪᠡᠯᠴᠢᠭᠡᠷ ᠢᠶᠠᠨ ᠵᠤᠰᠠᠯᠠᠩ᠂ ᠨᠠᠮᠤᠷᠵᠠᠩ᠂ ᠡᠪᠦᠯᠵᠡᠩ᠂ ᠬᠠᠪᠤᠷᠵᠠᠩ ᠭᠡᠵᠤ ᠬᠤᠪᠢᠶᠠᠷᠯᠠᠨ ᠨᠡᠭᠦᠳᠡᠯᠡᠨ ᠮᠠᠯᠵᠢᠳᠠᠭ ᠪᠠᠶᠢᠵᠡᠢ᠃ ᠦᠨᠦ ᠴᠦ ᠮᠦᠨ ᠡᠨᠡ ᠠᠮᠢᠳᠤᠷᠠᠯ ᠢᠶᠠᠨ ᠤᠯᠠᠮᠵᠢᠯᠠᠭᠰᠠᠭᠠᠷ ᠪᠤᠢ᠃ ᠮᠠᠨ ᠤ ᠭᠦᠭᠡᠨᠠᠭᠤᠷ ᠤᠨ ᠦᠨᠳᠦᠷᠯᠢᠭ ᠪᠤᠯ ᠮᠦᠩᠭᠡ ᠴᠠᠰᠤᠳᠤ ᠠᠭᠤᠯᠠ ᠬᠠᠶᠢᠷᠬᠠᠨ ᠢᠶᠠᠷ ᠭᠦᠷᠢᠶᠡᠯᠡᠭᠳᠡᠭᠰᠡᠨ ᠲᠤᠯᠠ ᠪᠠᠶᠢᠷᠢᠰᠢᠯ ᠨᠢ ᠲᠡᠯᠡᠭᠡᠢ ᠪᠦᠮᠪᠦᠷᠴᠡᠭ ᠤᠨ ᠵᠡᠭᠦᠨ ᠤᠷᠲᠤᠷᠢᠭ ᠤᠨ 90。006、│99。042、᠂ ᠤᠮᠠᠷᠠᠲᠤ ᠤᠷᠲᠤᠷᠢᠭ ᠤᠨ 35。001、 │ 39。 020、 ᠶᠢᠨ ᠬᠤᠭᠤᠷᠤᠨᠳᠤ ᠤᠷᠤᠰᠢᠵᠤ᠂ ᠭᠦᠭᠡ ᠨᠠᠭᠤᠷ ᠤᠨ ᠪᠠᠷᠠᠭᠤᠨ ᠪᠡᠶ᠎ᠡ  ᠳᠤ ᠪᠠᠶᠢᠷᠢᠯᠠᠵᠤ ᠪᠤᠢ᠃ ᠴᠠᠶᠢᠲᠠᠮ ᠤᠨ ᠬᠤᠲᠤᠭᠤᠷ ᠨᠢ ᠲᠠᠯᠠᠢ ᠶᠢᠨ ᠲᠦᠪᠰᠢᠨ ᠤ ᠲᠤᠮᠳᠠᠴᠢ ᠡᠷᠭᠦᠭᠳᠡᠴᠡ ᠪᠠᠷᠤᠭ 3000 m ᠪᠠᠶᠢᠵᠤ᠂ ᠭᠦᠭᠡᠨᠠᠭᠤᠷ ᠤᠨ ᠦᠨᠳᠦᠷᠯᠢᠭ ᠲᠤ ᠬᠠᠷᠢᠶᠠᠯᠠᠭᠳᠠᠬᠤ ᠬᠠᠶᠢᠰᠢ ᠶᠢᠨ ᠶᠠᠷᠣᠩᠬᠡᠢ ᠲᠠᠯᠡᠪᠡᠢ ᠨᠢ 30.09 ᠲᠦᠮᠡᠨ ᠲᠡᠭᠰᠢ ᠳᠦᠷᠪᠡᠯᠵᠢᠨ ᠺᠢᠯᠤᠮᠧᠲᠷ ᠪᠠᠶᠢᠵᠤ᠂ ᠲᠦᠷᠪᠡᠨ ᠲᠠᠯ᠎ᠠ ᠪᠠᠷ ᠢᠶᠠᠨ ᠪᠠᠷᠠᠭᠤᠨ ᠲᠦᠪᠡᠳ᠂ ᠭᠠᠨᠰᠣ ᠮᠣᠵᠢ᠂ ᠰᠢᠨᠵᠢᠶᠠᠩ ᠪᠣᠯᠣᠨ ᠲᠣᠰ ᠮᠣᠵᠢ ᠶᠢᠨ ᠬᠠᠶᠢᠪᠸᠢ᠂ ᠬᠠᠶᠢᠨᠠᠨ ᠤ ᠲᠦᠪᠡᠳ ᠦᠨᠳᠦᠰᠦᠲᠡᠨ ᠤ ᠦᠪᠡᠷᠳᠡᠭᠡᠨ ᠵᠠᠰᠠᠬᠤ ᠵᠧᠣ ᠲᠠᠢ ᠬᠢᠯᠢ ᠨᠡᠶᠢᠯᠠᠨ᠎ᠠ᠃ ᠡᠷᠳᠡᠨ ᠳᠡᠭᠡᠨ ᠪᠠᠷᠠᠭᠤᠨ ᠣᠷᠣᠨ ᠤ ︽ᠲᠣᠷᠭᠠᠨ ᠵᠠᠮ︾ ᠤᠨ ᠠᠭᠤᠯᠵᠠᠭᠤᠷ ᠪᠠᠶᠢᠵᠣ᠂ ᠦᠨᠦᠳᠣᠷ ᠬᠦᠬᠡᠨᠠᠭᠤᠷ᠂ ᠭᠠᠨᠰᠣ᠂ ᠰᠢᠨᠵᠢᠶᠠᠩ᠂ ᠲᠦᠪᠡᠳ ᠲᠦᠷᠪᠡᠨ ᠣᠷᠣᠨ ᠤ ᠠᠭᠤᠯᠵᠠᠭᠤᠷ ᠤᠨ ᠭᠤᠣᠯ ᠱᠣᠭᠤᠮ ᠪᠣᠯᠣᠭᠰᠠᠨ ᠪᠠᠶᠢᠳᠠᠭ᠃ ᠭᠦᠭᠡᠨᠠᠭᠤᠷ ᠤᠨ ᠦᠨᠳᠦᠷᠯᠢᠭ ᠤᠨ ᠵᠢᠯ ᠤᠨ ᠲᠦᠷᠪᠡᠨ ᠤᠯᠠᠷᠢᠯ ᠪᠠᠷᠤᠭ ᠢᠯᠡᠷᠭᠡᠢ ᠢᠯᠭᠠᠪᠤᠷᠢ ᠦᠭᠡᠢ ᠲᠡᠭᠰᠢᠷᠭᠡᠭ ᠠᠭᠤᠷ ᠠᠮᠢᠰᠬᠤᠯ ᠲᠠᠢ᠂ ᠨᠠᠷᠠᠨ ᠤ ᠲᠤᠰᠬᠠᠯᠲᠠ ᠶᠢᠨ ᠴᠠᠭ ᠤᠷᠲᠤ᠂ ᠨᠠᠷᠠᠨ ᠤ ᠰᠠᠴᠤᠷᠠᠯ ᠴᠢᠩᠭ᠎ᠠ᠂ ᠡᠳᠣᠷ ᠰᠦᠨᠢ ᠬᠠᠯᠠᠭᠤᠨ ᠭᠦᠢᠲᠡᠨ ᠤ ᠵᠦᠷᠢᠶ᠎ᠡ ᠶᠡᠭᠡ᠂ ᠶᠡᠭᠡ ᠲᠦᠯᠦᠪ ᠡᠪᠦᠯ ᠳᠡᠭᠡᠨ ᠭᠦᠢᠲᠡᠨ᠂ ᠵᠤᠨ ᠳᠠᠭᠠᠨ ᠰᠡᠷᠢᠭᠦᠭᠡᠨ ᠰᠢᠭ᠂ ᠬᠠᠪᠤᠷ ᠲᠠᠭᠠᠨ ᠰᠠᠯᠭᠢ ᠶᠡᠭᠡᠲᠡᠢ᠂ ᠨᠠᠮᠤᠷ  ᠲᠠᠭᠠᠨ ᠭᠢᠷᠠᠭᠤ ᠶᠠᠭᠡᠲᠡᠢ ᠰᠡᠷᠢᠭᠦᠨ᠃ ᠬᠠᠶᠢᠰᠢ ᠤᠷᠤᠨ ᠪᠣᠯ ᠨᠠᠶᠢᠳᠡᠯᠢᠭ ᠡᠭᠡ ᠭᠠᠵᠠᠷ ᠤᠨ ᠴᠢᠨᠠᠷᠳᠤ ᠠᠭᠤᠷ ᠠᠮᠢᠰᠬᠤᠯ ᠲᠠᠢ ᠪᠤᠯᠬᠤᠷ᠂ ᠭᠠᠩ ᠬᠠᠭᠤᠷᠠᠢ᠂ ᠪᠣᠷᠤᠭ᠎ᠠ ᠴᠦᠭᠡᠬᠡᠨ᠂ ᠰᠠᠯᠬᠢ ᠠᠷᠪᠢᠨ᠂ ᠭᠦᠴᠢᠯᠳᠦ᠋ᠷᠣᠭ᠍ᠴᠢ ᠲᠣᠳᠠᠬᠤ᠂ ᠬᠠᠬᠢᠷ ᠬᠦᠢᠲᠡᠨ ᠲᠤᠯᠠ᠂ ᠤᠷᠤᠨ ᠤ ᠬᠤᠭᠤᠷᠤᠨᠳᠤᠭᠢ ᠵᠦᠷᠢᠶ᠎ᠡ ᠶᠡᠭᠡ᠂ ᠬᠤᠪᠢᠷᠠᠯᠲᠠ ᠢᠯᠡᠷᠬᠡᠢ ᠪᠠᠶᠢᠳᠠᠭ᠃ ᠡᠶᠢᠮᠤ ᠠᠭᠤᠷ ᠠᠮᠢᠰᠬᠤᠯ ᠳᠤ ᠲᠠᠭᠠᠷᠠᠭᠤᠯᠤᠨ ᠮᠠᠯ ᠠᠬᠤᠢ ᠪᠠᠨ ᠲᠡᠭᠡᠳᠤᠯᠡᠨ ᠭᠦᠭᠵᠢᠭᠦᠯᠵᠤ ᠢᠷᠡᠪᠡ᠃ ᠮᠠᠯ ᠠᠵᠤ ᠠᠬᠤᠢ ᠪᠠᠨ ᠭᠦᠭᠵᠢᠭᠦᠯᠭᠦ ᠳᠤ ᠪᠠᠰᠠ ᠰᠢᠨᠵᠢᠯᠡᠭᠦ ᠤᠬᠠᠭᠠᠨᠴᠢ ᠠᠷᠭ᠎ᠠ ᠠᠪᠴᠠᠯ ᠪᠠᠶᠢᠬᠤ ᠭᠡᠷᠡᠭᠲᠠᠢ᠃ ᠲᠡᠭᠡᠭᠡᠳ ᠪᠡᠯᠴᠢᠭᠡᠷ ᠢᠶᠠᠨ ᠬᠤᠪᠢᠶᠠᠵᠤ ᠮᠠᠯᠯᠠᠬᠤ᠂ ᠪᠠᠭᠤᠷᠢ ᠬᠤᠪᠢᠶᠠᠵᠤ ᠪᠠᠭᠤᠳᠠᠯᠯᠠᠬᠤ ᠪᠤᠯᠤᠭᠰᠠᠨ ᠶᠤᠮ᠃ ︵1︶ ᠮᠠᠯ ᠠᠳᠣᠭᠤᠰᠣᠨ ᠤ ᠪᠠᠨ ᠢᠳᠡᠰᠢᠨ ᠳᠤ ᠲᠠᠭᠠᠷᠠᠭᠤᠯᠵᠤ ᠪᠠᠭᠤᠷᠢ ᠬᠤᠪᠢᠶᠠᠬᠤ ᠴᠠᠶᠢᠳᠠᠮ ᠤᠨ ᠮᠤᠩᠭᠤᠯᠴᠤᠳ ᠭᠤᠤᠯᠳᠠᠭᠤ ᠲᠠᠪᠤᠨ ᠬᠤᠱᠢᠭᠤ ᠮᠠᠯ ᠮᠠᠯᠯᠠᠵᠤ ᠪᠠᠶᠢᠳᠠᠭ᠂ ᠪᠣᠳᠠ ᠮᠠᠯ ᠤᠨ ᠦᠭᠡᠷ ᠢ ᠰᠠᠷᠯᠤᠭ ᠦᠭᠡᠷ ᠪᠠ ᠪᠠᠯᠢᠮ᠎ᠠ ᠦᠭᠡᠷ ᠭᠡᠵᠤ ᠬᠤᠶᠠᠷ ᠬᠤᠪᠢᠶᠠᠳᠠᠭ᠃ ᠤᠴᠢᠷ ᠨᠢ ᠰᠠᠷᠯᠤᠭ ᠦᠭᠡᠷ ᠪᠠ ᠪᠠᠯᠢᠮ᠎ᠠ ᠦᠭᠡᠷ ᠢ ᠨᠠᠶᠢᠯᠠᠭᠦᠯᠵᠤ ᠮᠠᠯᠯᠠᠬᠤ ᠠᠷᠭ᠎ᠠ ᠦᠭᠡᠢ᠂ ᠰᠠᠷᠯᠤᠭ ᠦᠭᠡᠷ ᠨᠢ ᠠᠭᠤᠯᠠ ᠬᠠᠶᠢᠷᠬᠠᠨ ᠲᠠᠢ ᠦᠨᠳᠦᠷᠯᠢᠭ ᠭᠠᠵᠠᠷ᠂ ᠡᠯᠳᠡᠪ ᠦᠩᠭᠡ ᠶᠢᠨ ᠴᠡᠴᠡᠭ ᠨᠠᠪᠴᠢ ᠪᠤᠶᠤ ᠰᠢᠷᠢᠭ ᠡᠪᠡᠰᠤ ᠪᠠᠷ ᠶᠡᠭᠡ ᠲᠦᠯᠦᠪ ᠢᠳᠡᠰᠢ ᠪᠠᠨ ᠪᠤᠯᠭᠠᠳᠠᠭ᠂ ᠲᠡᠷᠡ ᠪᠠᠰᠠ ᠭᠦᠢᠲᠡᠨ ᠪᠤᠶᠤ ᠰᠡᠷᠢᠭᠦᠨ ᠠᠭᠤᠷ ᠠᠮᠢᠰᠬᠤᠯ ᠲᠠᠢ ᠭᠠᠵᠠᠷ ᠰᠠᠭᠤᠬᠤ ᠲᠣᠷ᠎ᠠ ᠲᠠᠢ᠂ ᠪᠠᠯᠢᠮ᠎ᠠ ᠦᠭᠡᠷ ᠨᠢ ᠴᠠᠶᠢᠳᠠᠮ ᠭᠦᠳᠡᠭᠡ ᠭᠠᠵᠠᠷ ᠠᠮᠢᠳᠣᠷᠬᠤ ᠲᠤᠷ᠎ᠠ ᠲᠠᠢ ᠪᠦᠭᠡᠳ ᠱᠠᠭᠰᠢᠭ ᠮᠡᠳᠣ ᠭᠦᠳᠡᠭᠡ ᠭᠠᠵᠠᠷ ᠤᠷᠭᠤᠳᠠᠭ ᠡᠪᠡᠰᠤ ᠢᠳᠡᠳᠡᠭ ᠪᠦᠭᠡᠳ ᠦᠨᠳᠦᠷᠯᠢᠭ ᠭᠠᠵᠠᠷ ᠠᠮᠢᠳᠤᠷᠠᠬᠤ ᠴᠢᠳᠠᠪᠤᠷᠢ ᠪᠠᠷ ᠲᠤᠲᠠᠮᠠᠭ ᠪᠠᠶᠢᠳᠠᠭ᠃ ᠪᠤᠭ ᠮᠠᠯ ᠨᠢ ᠶᠠᠮᠠᠷ ᠴᠤ ᠡᠪᠡᠰᠤ ᠪᠦᠷ ᠢᠳᠠᠵᠤ᠂ ᠵᠤᠨ ᠳᠠᠭᠠᠨ ᠠᠭᠤᠯᠠᠷᠬᠠᠭ ᠤᠷᠤᠨ ᠳᠤ ᠭᠠᠷᠴᠤ ᠡᠪᠦᠯ ᠳᠡᠭᠡᠨ ᠭᠦᠳᠡᠭᠡ ᠭᠠᠵᠠᠷ ᠢᠷᠡᠵᠤ ᠠᠮᠢᠳᠣᠷᠠᠳᠠᠭ᠂ ᠡᠳᠡᠭᠡᠷ ᠪᠠᠶᠢᠳᠠᠯ ᠢ ᠦᠨᠳᠣᠰᠣᠯᠡᠨ ᠵᠤᠨ ᠪᠤᠯᠬᠤ ᠳᠤ ᠠᠭᠤᠯᠠᠷᠬᠠᠭ ᠤᠷᠤᠨ ᠳᠤ ᠦᠨᠳᠦᠷᠯᠢᠭ ᠭᠠᠵᠠᠷ ᠢᠶᠠᠷ ᠮᠠᠯᠵᠢᠬᠤ ᠳᠤ᠂ ᠬᠤᠳᠤᠭᠤᠷ ᠴᠠᠶᠢᠳᠠᠮ ᠭᠠᠵᠠᠷ ᠲᠤ ᠪᠤᠲᠠ ᠰᠤᠬᠠᠢ ᠪᠤᠷᠭᠠᠰᠤ ᠤᠯᠢᠶᠠᠰᠤ ᠴᠦᠭᠡᠭᠡᠨ ᠭᠠᠵᠠᠷ᠂ ᠭᠦᠳᠡᠭᠡ ᠭᠠᠵᠠᠷ ᠢᠶᠠᠷ ᠵᠤᠰᠠᠯᠠᠩ ᠢᠶᠠᠨ ᠪᠤᠯᠭᠠᠭᠰᠠᠨ ᠪᠠᠶᠢᠳᠠᠭ᠃ ᠠᠭᠤᠯᠠᠷᠬᠠᠭ ᠤᠷᠤᠨ ᠤ ᠬᠢᠨ ᠠᠭᠤᠯᠠᠷᠬᠠᠭ ᠤᠷᠤᠨ ᠤ ᠬᠤᠷᠮᠦᠢ ᠪᠠᠷ ᠪᠠᠭᠤᠳᠠᠯᠯᠠᠵᠤ ᠭᠢᠷᠠᠭᠤ ᠴᠠᠰᠤᠨ ᠳᠤ ᠡᠪᠡᠰᠤ ᠲᠤᠳᠠᠭᠳᠠᠬᠤ ᠦᠭᠡᠢ ᠲᠡᠭᠡᠭᠰᠢ  ᠪᠠᠨ ᠰᠢᠷᠢᠭ ᠡᠪᠡᠰᠤ᠂ ᠰᠢᠷᠢᠭ ᠡᠪᠡᠰᠤ ᠲᠠᠢ ᠲᠤᠷᠤᠭᠰᠢ ᠪᠠᠨ ᠪᠤᠲᠠᠷᠭᠠᠨ᠎ᠠ᠂ ᠲᠡᠷᠡᠰᠤ ᠲᠠᠢ ᠭᠠᠵᠠᠷ ᠨᠠᠮᠤᠷ ᠲᠤ ᠨᠠᠮᠤᠷᠵᠠᠳᠠᠭ᠃ ᠭᠡᠷᠪᠡ ᠡᠪᠤᠯ ᠡᠶᠢᠮᠤ ᠭᠠᠵᠠᠷ ᠮᠠᠯᠵᠢᠪᠠᠯ ᠴᠠᠰᠣ ᠲᠠᠷᠤᠬᠤ ᠳᠤ ᠭᠠᠮᠰᠢᠭ ᠪᠤᠯᠬᠤ ᠠᠶᠤᠯ ᠠᠴᠠ ᠰᠡᠷᠭᠡᠶᠢᠯᠡᠵᠤ ᠡᠪᠤᠯ ᠳᠡᠭᠡᠨ᠂ ᠠᠭᠤᠯᠠᠷᠬᠠᠭ ᠤᠷᠤᠨ ᠤ ᠬᠢᠨ ᠠᠭᠤᠯᠠ ᠳᠠᠬᠢ ᠤᠷᠭᠤᠮᠠᠯ ᠢ ᠠᠰᠢᠭᠯᠠᠨ ᠲᠡᠷᠡᠰᠤ᠂ ᠬᠠᠮᠠᠭᠤᠯ᠂ ᠪᠤᠳᠠᠷᠭᠠᠨ᠎ᠠ ᠶᠠᠭᠡᠲᠡᠢ ᠤᠷᠤᠨ ᠢᠶᠠᠷ ᠪᠠᠭᠤᠳᠠᠯᠯᠠᠵᠤ ᠮᠠᠯ ᠮᠠᠯᠵᠢᠳᠠᠭ ᠭᠦᠢᠲᠡᠨ ᠰᠢᠭᠤᠷᠭ᠎ᠠ ᠶᠢ ᠲᠠᠭᠠᠭᠠᠵᠤ ᠴᠢᠳᠠᠬᠤ ᠠᠭᠤᠯᠠ ᠲᠠᠪᠠ ᠶᠢᠨ ᠠᠮᠠᠨ ᠳᠤ ᠡᠪᠦᠯᠵᠡᠳᠡᠭ᠃ ᠴᠠᠶᠢᠳᠠᠮ ᠤᠨ ᠬᠢᠨ ᠨᠢ ᠪᠦᠢᠲᠡ ᠪᠦᠭᠯᠡᠭᠦᠦ ᠪᠤᠲᠠ ᠪᠤᠷᠤᠯᠵᠢ᠂ ᠤᠯᠢᠶᠠᠰᠤ ᠵᠠᠭ ᠢᠭᠴᠤ ᠤᠷᠭᠤᠭᠰᠠᠨ ᠪᠠᠭᠤᠷᠢ ᠪᠠᠷ ᠢᠶᠠᠨ ᠡᠪᠤᠯᠵᠡᠩ ᠪᠤᠯᠭᠠᠳᠠᠭ᠃ ︵2︶ ᠭᠠᠵᠠᠷ ᠤᠨ ᠪᠠᠶᠢᠴᠠ ᠳᠤ ᠨᠢ ᠲᠠᠭᠠᠷᠠᠭᠤᠯᠵᠤ ᠪᠠᠭᠤᠷᠢ ᠬᠤᠪᠢᠶᠠᠬᠤ ᠴᠠᠶᠢᠳᠠᠮ ᠤᠨ ᠮᠤᠩᠭᠤᠯᠴᠤᠳ ᠭᠠᠵᠠᠷ  ᠤᠨ ᠪᠠᠶᠢᠴᠠ ᠢ ᠰᠢᠨᠵᠢᠭᠦ ᠲᠠᠯ᠎ᠠ ᠪᠠᠷ ᠶᠡᠭᠡ ᠰᠠᠶᠢᠨ᠃ ᠮᠠᠨ ᠤ ᠲᠡᠭᠡᠳᠤᠰ ᠶᠡᠷᠤ ᠨᠢ ᠮᠠᠯ ᠮᠠᠯᠯᠠᠬᠤ ᠳᠤ ᠨᠡᠭᠦᠳᠡᠯᠯᠡᠵᠤ ᠪᠠᠭᠤᠳᠠᠯᠯᠠᠬᠤ ᠪᠠᠭᠤᠷᠢ ᠰᠤᠩᠭᠤᠬᠤ ᠪᠤᠶᠤ ᠪᠤᠷᠤᠭ᠎ᠠ ᠪᠤᠷᠤᠭᠠᠯᠠᠬᠤ᠂ ᠰᠠᠯᠭᠢ ᠰᠠᠯᠭᠢᠯᠠᠬᠤ ᠠᠴᠠ ᠰᠡᠷᠭᠡᠶᠢᠯᠡᠨ ᠭᠠᠵᠠᠷ  ᠤᠨ ᠪᠠᠶᠢᠴᠠ ᠦᠵᠡᠵᠤ ᠤᠯᠠᠷᠢᠯ ᠤᠨ ᠪᠠᠭᠤᠴᠠ ᠪᠠᠨ ᠰᠤᠩᠭᠤᠳᠠᠭ᠂ ᠭᠡᠭᠦᠷ ᠤᠷᠤᠰᠢᠭᠤᠯᠭ᠎ᠠ ᠭᠡᠭᠦ ᠳᠤ ᠴᠦ ᠪᠦᠷ ᠭᠠᠵᠠᠷ ᠤᠨ ᠪᠠᠶᠢᠴᠠ ᠢ ᠰᠢᠨᠵᠢᠵᠤ ᠲᠤᠭᠳᠠᠭᠠᠳᠠᠭ᠃ ᠡᠶᠢᠮᠤ ᠤᠴᠢᠷ ᠠᠴᠠ ᠮᠠᠯ ᠰᠦᠷᠦᠭ ᠤᠨ ᠲᠦᠯ ᠲᠦᠯᠯᠡᠭᠦ ᠪᠠᠭᠤᠷᠢ ᠪᠠᠨ ᠡᠪᠤᠯᠵᠡᠩ ᠭᠡᠳᠡᠭ᠃ ᠠᠳᠡᠭᠢ ᠭᠠᠵᠠᠷ ᠤᠨ ᠪᠠᠶᠢᠴᠠ᠂ ᠭᠦᠷᠦᠰᠦ ᠰᠢᠷᠤᠢ ᠶᠢ ᠰᠠᠶᠢᠨ ᠠᠵᠢᠭᠰᠠᠨ ᠰᠠᠭᠤᠷᠢᠨ ᠲᠡᠭᠡᠷ᠎ᠡ᠂ ᠬᠠᠭᠢᠷ ᠭᠦᠢᠲᠡᠨ ᠳᠤ ᠮᠠᠯ ᠤᠨᠤᠭ᠎ᠠ᠂ ᠲᠦᠯ ᠮᠠᠯ ᠳᠤ ᠡᠭᠡᠪᠤᠷ ᠲᠠᠢ᠂ ᠴᠠᠰᠣ ᠮᠦᠰᠦᠳᠣ ᠤᠯᠠᠷᠢᠯ ᠢᠶᠠᠨ ᠠᠮᠤᠷ ᠲᠠᠶᠢᠪᠤᠩ ᠦᠩᠭᠡᠷᠡᠭᠡᠵᠤ ᠴᠢᠳᠠᠬᠤ ᠡᠪᠡᠰᠤ ᠤᠷᠭᠤᠮᠠᠯ ᠢᠭᠴᠤ ᠰᠠᠬᠤᠯᠢᠭ ᠤᠷᠭᠤᠭᠰᠠᠨ᠂ ᠭᠠᠵᠠᠷ ᠤᠨ ᠡᠷᠭᠦᠭᠳᠡᠴᠡ ᠲᠤᠤᠷ᠎ᠠ ᠰᠢᠭ᠋ ᠪᠠᠶᠢᠳᠠᠭ᠃ ᠭᠡᠭᠦ ᠳᠡᠭᠡᠨ ᠠᠭᠤᠯᠠᠷᠬᠠᠭ ᠤᠷᠤᠨ ᠤ ᠬᠢᠨ ᠪᠠ ᠴᠠᠶᠢᠳᠠᠮ ᠭᠦᠳᠡᠭᠡ ᠭᠠᠵᠠᠷ ᠤᠨ ᠬᠢᠨ ᠪᠠᠰᠠ ᠢᠯᠭᠠᠭ᠎ᠠ ᠲᠠᠢ ᠶᠤᠮ᠃ ᠴᠠᠶᠢᠳᠠᠮ ᠭᠦᠳᠡᠭᠡ ᠭᠠᠵᠠᠷ ᠤᠨ ᠬᠢᠨ ᠳᠤ ᠪᠤᠯ ᠪᠤᠳᠠ ᠰᠣᠬᠠᠢ ᠤᠯᠢᠶᠠᠰᠣ ᠵᠠᠭ ᠡᠯᠪᠡᠭ᠂ ᠭᠦᠢᠲᠡᠨ ᠰᠢᠭᠤᠷᠭ᠎ᠠ ᠳᠤ ᠮᠠᠯ ᠤᠨᠤᠭ᠎ᠠ᠂ ᠭᠦᠭᠰᠢᠨ ᠡᠴᠡᠩᠭᠡᠢ ᠲᠤᠷᠠᠩᠬᠠᠢ ᠮᠠᠯ᠂ ᠲᠦᠯ ᠮᠠᠯ ᠶᠢᠰᠤᠨ ᠶᠢᠰᠤᠨ ᠤ ᠭᠦᠢᠲᠡᠨ ᠠᠶᠤᠯ ᠢᠶᠠᠷ ᠮᠡᠨᠳᠣ ᠭᠠᠷᠴᠤ ᠴᠢᠳᠠᠬᠤ ᠲᠤᠯᠠᠭᠠᠨ ᠰᠢᠭ ᠭᠠᠵᠠᠷ ᠢᠶᠠᠷ ᠡᠪᠤᠯᠵᠡᠩ ᠭᠡᠳᠡᠭ᠃ ᠠᠭᠤᠯᠠᠷᠬᠠᠭ ᠤᠷᠤᠨ ᠤ ᠬᠢᠨ ᠠᠭᠤᠯᠠ ᠶᠢᠨ ᠡᠭᠡᠪᠦᠷ ᠡᠩᠭᠡᠷ ᠪᠠ ᠠᠭᠤᠯᠠ ᠶᠢᠨ ᠬᠤᠷᠮᠤᠢ᠂ ᠲᠡᠭᠡᠭᠰᠢ ᠪᠠᠨ ᠰᠢᠷᠢᠭ ᠡᠪᠡᠰᠤ ᠲᠠᠢ᠂ ᠪᠡᠯ ᠤᠷᠤᠭᠤ ᠪᠠᠨ ᠳᠡᠷᠡᠰᠤ ᠬᠠᠮᠠᠭᠤᠤᠯ ᠲᠠᠢ ᠭᠠᠵᠠᠷ ᠲᠤ ᠡᠪᠦᠯᠵᠡᠭᠰᠡᠨ ᠪᠠᠶᠢᠳᠠᠭ᠃ ᠭᠠᠵᠠᠷ ᠤᠨ ᠪᠠᠶᠢᠴᠠ ᠪᠠᠷ ᠦᠵᠡᠪᠡᠯ ᠬᠠᠪᠤᠷᠵᠠᠩ ᠤᠨ ᠪᠠᠭᠤᠷᠢ ᠨᠢ᠂ ᠠᠭᠤᠯᠠᠷᠬᠠᠭ ᠤᠷᠤᠨ ᠤ ᠬᠢᠨ ᠮᠦᠨ ᠬᠠᠪᠤᠷ ᠤᠨ ᠬᠠᠷ᠎ᠠ ᠰᠠᠯᠭᠢ ᠠᠴᠠ ᠬᠠᠯᠬᠠᠯᠠᠵᠤ ᠴᠢᠳᠠᠬᠤᠶᠢᠴᠠ᠂ ᠬᠠᠪᠤᠷ ᠤᠨ ᠤᠯᠠᠭᠠᠨ ᠵᠤᠳ ᠠᠴᠠ ᠰᠡᠷᠭᠡᠶᠢᠯᠡᠵᠤ ᠴᠢᠳᠠᠬᠤᠶᠢᠴᠠ ᠡᠭᠡᠪᠤᠷ ᠡᠪᠤᠯᠵᠡᠪᠡᠯ ᠴᠠᠶᠢᠳᠠᠮ ᠭᠦᠳᠡᠭᠡ ᠭᠠᠵᠠᠷ ᠤᠨ ᠬᠢᠨ ᠡᠪᠡᠰᠤ ᠪᠤᠲᠠ ᠰᠠᠬᠤᠯᠢᠭ ᠬᠤᠶᠢᠲᠤ ᠵᠦᠭ ᠤᠨ ᠰᠠᠯᠭᠢ ᠰᠢᠭᠤᠷᠭ᠎ᠠ ᠠᠴᠠ ᠮᠠᠯ ᠪᠠ ᠭᠡᠷ ᠢᠶᠠᠨ ᠬᠠᠮᠠᠭᠠᠯᠠᠵᠤ ᠴᠢᠳᠠᠬᠤ ᠭᠠᠵᠠᠷ ᠢᠶᠠᠷ ᠬᠠᠪᠤᠷᠵᠠᠩ  ᠢᠶᠠᠨ ᠭᠢᠳᠡᠭ᠃ ᠵᠤᠰᠠᠯᠠᠩ ᠤᠨ ᠪᠠᠭᠤᠷᠢ ᠨᠢ ᠠᠭᠤᠯᠠᠷᠬᠠᠭ ᠤᠷᠤᠨ ᠤ ᠬᠢᠨ ᠦᠨᠳᠦᠷᠯᠢᠭ ᠭᠠᠵᠠᠷ᠂ ᠭᠦ᠋ ᠭᠦᠪᠴᠢ  ᠶᠢᠨ ᠡᠭᠢᠨ ᠴᠡᠴᠡᠭ ᠨᠠᠪᠴᠢ ᠦᠩᠭᠡ ᠪᠤᠯᠢᠶᠠᠯᠳᠣᠨ ᠲᠡᠯᠭᠡᠷᠡᠭᠰᠡᠨ ᠰᠢᠷᠢᠭ ᠲᠠᠢ ᠤᠰᠤ ᠡᠪᠠᠰᠤ ᠲᠡᠭᠰᠢ ᠭᠠᠵᠠᠷ ᠲᠤ ᠪᠠᠭᠤᠳᠠᠯᠯᠠᠵᠤ ᠵᠤᠰᠠᠳᠠᠭ ᠪᠠᠶᠢᠬᠤ ᠳᠤ ᠴᠠᠶᠢᠳᠠᠮ ᠭᠦᠳᠡᠭᠡ ᠭᠠᠵᠠᠷ ᠤᠨ ᠬᠢᠨ ᠮᠦᠨ ᠡᠪᠡᠰᠤ ᠤᠰᠤᠲᠠᠢ ᠰᠢᠷᠢᠭ ᠲᠠᠢ ᠭᠦᠳᠡᠭᠡ ᠭᠠᠵᠠᠷ ᠪᠠᠭᠤᠳᠠᠯᠯᠠᠵᠤ ᠵᠤᠰᠠᠳᠠᠭ᠃ ᠨᠠᠮᠤᠷ ᠪᠤᠯᠤᠭᠰᠠᠭᠠᠷ ᠲᠤᠷᠤᠭᠰᠢ ᠨᠡᠭᠦᠳᠡᠯᠯᠵᠤ᠂ ᠠᠭᠤᠯᠠᠷᠬᠠᠭ ᠤᠷᠤᠨ  ᠤ ᠬᠢᠨ ᠨᠢ ᠵᠤᠰᠠᠯᠠᠩ ᠤᠨ ᠪᠠᠭᠤᠷᠢ ᠠᠴᠠ ᠪᠠᠨ ᠪᠠᠭ᠎ᠠ ᠭᠠᠵᠠᠷ ᠤᠨ ᠪᠠᠶᠢᠴᠠ ᠲᠤᠤᠷ᠎ᠠ᠂ ᠴᠠᠰᠤ ᠪᠠᠭᠤᠭᠰᠠᠨ ᠦᠶ᠎ᠡ ᠪᠠ ᠬᠤᠷ᠎ᠠ ᠲᠠᠢ ᠴᠠᠭ ᠢ ᠪᠦᠷ ᠠᠮᠤᠷ ᠦᠩᠭᠡᠷᠡᠭᠡᠵᠤ ᠴᠢᠳᠠᠬᠤ ᠠᠭᠤᠯᠠ ᠲᠠᠪᠠ ᠳᠤ ᠨᠠᠮᠤᠷᠵᠠᠳᠠᠭ ᠪᠤᠯ ᠴᠠᠶᠢᠳᠠᠮ ᠭᠦᠳᠡᠭᠡ ᠭᠠᠵᠠᠷ ᠤᠨ ᠬᠢᠨ ᠲᠡᠭᠡᠭᠰᠢ ᠨᠡᠭᠦᠳᠡᠯᠯᠡᠨ ᠠᠭᠤᠯᠠ ᠶᠢᠨ ᠪᠡᠯᠡ ᠬᠤᠷᠮᠤᠢ ᠪᠠᠷ ᠮᠠᠯ ᠤᠰᠤᠯᠠᠬᠤ ᠠᠵᠢᠯ ᠳᠤ ᠶᠠᠭᠠᠷᠠᠵᠤ᠂ ᠪᠠᠰᠠ ᠵᠠᠷᠢᠮ ᠨᠢ ᠲᠠᠷᠢᠶᠠᠯᠠᠩ ᠤᠨ ᠠᠭᠢᠰ ᠲᠤ ᠦᠢᠷ᠎ᠡ ᠰᠢᠭ ᠭᠠᠵᠠᠷ ᠤᠨ ᠪᠠᠶᠢᠴᠠ ᠰᠡᠶᠢᠷᠢᠭ ᠰᠡᠷᠢᠭᠦᠨ ᠰᠢᠭ ᠪᠤᠳᠠ ᠪᠤᠷᠭᠠᠰᠤ ᠪᠠᠭ᠎ᠠ ᠲᠠᠢ ᠭᠠᠵᠠᠷ ᠢᠶᠠᠷ ᠵᠤᠰᠠᠯᠠᠩ ᠢᠶᠠᠨ ᠪᠤᠯᠭᠠᠭᠰᠠᠨ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号