ᠲᠤᠷᠭᠤᠳ ᠤᠨ ᠶᠡᠭᠡ ᠨᠡᠭᠦᠳᠡᠯ
ᠨᠡᠶᠢᠲᠡᠯᠡᠭᠰᠡᠨ ᠴᠠᠭ᠄
2020/3/13
ᠲᠤᠷᠭᠤᠳ ᠨᠢ1630 ᠤᠨ ᠳᠤ ᠲᠠᠷᠪᠠᠭᠠᠳᠠᠢ ᠪᠠ ᠡᠷᠴᠢᠰ ᠭᠤᠤᠯ ᠤᠨ ᠳᠤᠮᠳᠠᠳᠤ ᠤᠷᠤᠰᠬᠠᠯ ᠤᠨ ᠪᠠᠷᠠᠭᠤᠨᠳᠠᠬᠢ ᠪᠡᠯᠴᠢᠭᠡᠷ ᠨᠤᠳᠤᠭ ᠠᠴᠠ ᠪᠠᠨ ᠰᠠᠯᠵᠤ ᠪᠠᠷᠠᠭᠤᠨᠰᠢ ᠪᠠᠨ ᠨᠡᠭᠦᠳᠡᠯᠯᠡᠵᠦ᠂ ᠬᠠᠰᠠᠭ ᠤᠨ ᠲᠠᠯ᠎ᠠ ᠶᠢ ᠦᠩᠭᠡᠷᠡᠵᠦ ᠢᠵᠢᠯ ᠮᠦᠷᠡᠨ ᠤ ᠲᠤᠤᠷᠠᠳᠤ ᠤᠷᠤᠰᠬᠠᠯ ᠬᠠᠪᠢ ᠶᠢᠨ ᠲᠠᠯ᠎ᠠ ᠳᠤ ᠬᠦᠷᠴᠦ ᠤᠴᠢᠨ ᠨᠤᠳᠤᠭᠯᠠᠭᠰᠠᠨ ᠪᠠᠶᠢᠳᠠᠭ᠃ ᠲᠤᠷᠭᠤᠳ ᠨᠢ ᠢᠵᠢᠯ ᠮᠦᠷᠡᠨ ᠳᠤ ᠬᠦᠷᠦᠭᠰᠡᠨ ᠤ ᠲᠠᠷᠠᠭ᠎ᠠ᠂ ᠦᠷᠦᠨᠡᠰᠢ ᠪᠠᠨ ᠳ᠋ᠤᠨ ᠮᠦᠷᠡᠨ᠂ ᠲᠤᠷᠤᠨᠠᠰᠢ ᠪᠠᠨ ᠦᠷᠡᠯ ᠭᠤᠤᠯ᠂ ᠪᠠᠷᠠᠭᠤᠨ ᠬᠤᠶᠢᠰᠢ ᠪᠠᠨ ᠰᠠᠷᠠᠳᠤᠹ᠂ ᠡᠮᠦᠨᠡᠰᠢ ᠪᠠᠨ ᠳᠤᠳᠤᠭᠠᠳᠤ ᠲᠠᠩᠬᠢᠰ ᠬᠦᠷᠬᠦ ᠠᠭᠤᠳᠠᠮ ᠵᠠᠢ  ᠳᠤ ᠮᠠᠯᠵᠢᠨ ᠠᠮᠢᠳᠤᠷᠠᠵᠤ᠂ ᠡᠮᠦᠨ᠎ᠡ᠂ ᠬᠤᠶᠢᠨ᠎ᠠ ᠲᠠᠯ᠎ᠠ ᠳᠤᠨᠢ ᠲᠤᠰᠪᠦᠷᠢ ᠬᠠᠰᠠᠭ ᠪᠠ ᠤᠷᠤᠰ ᠪᠠᠶᠢᠵᠠᠢ᠃ ᠲᠡᠳᠡ ᠨᠠᠷ ᠨᠢ ᠲᠡᠨᠳᠡ ᠪᠠᠶᠢᠬᠤ ᠳᠠᠭᠠᠨ ᠬᠠᠭᠤᠴᠢᠨ ᠵᠠᠩ ᠠᠭᠠᠯᠢ᠂ ᠠᠮᠦᠳᠤᠷᠠᠯ ᠤᠨ ᠬᠡᠪᠰᠢᠯ ᠢᠶᠠᠨ ᠪᠠᠷᠢᠮᠳᠠᠯᠠᠨ᠂ ᠬᠤ ᠦᠷᠯᠦᠭ ᠠᠴᠠ ᠤᠪᠰᠢ ᠬᠦᠷᠳᠡᠯ᠎ᠡ ᠨᠡᠶᠢᠳᠡ ᠨᠠᠢᠮᠠᠨ ᠠᠬᠠᠯᠠᠭᠴᠢ ᠶᠢᠨ ᠤᠳᠤᠷᠢᠳᠤᠯᠭ᠎ᠠ ᠲᠠᠢ ᠪᠠᠶᠢᠭᠰᠠᠨ ᠪᠦᠭᠡᠳ ᠠᠶᠤᠰᠢ ︵1672 —1724︶ ᠶᠢᠨ ᠦᠶ᠎ᠡ ᠠᠴᠠ ᠬᠠᠨ ᠴᠤᠯᠠ ᠲᠠᠢ ᠪᠤᠯᠤᠭᠰᠠᠨ ᠪᠠᠶᠢᠳᠠᠭ᠃ ᠲᠡᠳᠡ ᠪᠠᠰᠠ ᠬᠠᠭᠤᠴᠢᠨ ᠨᠤᠳᠤᠭ ᠲᠤᠨᠢ ᠪᠠᠶᠢᠭᠰᠠᠨ ᠤᠶᠢᠷᠠᠳ ᠤᠨ ᠪᠤᠰᠤᠳ ᠠᠶᠢᠮᠠᠭ ᠲᠠᠢ ᠦᠷᠭᠦᠯᠵᠢ ᠶᠢᠨ ᠬᠠᠷᠢᠴᠠᠭ᠎ᠠ ᠲᠠᠢ ᠪᠦᠭᠡᠳ ᠲᠦᠪᠡᠳ ᠪᠤᠷᠬᠠᠨ ᠱᠠᠰᠢᠨ ᠢ ᠰᠢᠳᠦᠳᠡᠭ ᠲᠤᠯᠠ ᠲᠠᠯᠠᠢ ᠯᠠᠮ᠎ᠠ ᠶᠢ ᠴᠦ ᠮᠠᠰᠢ ᠬᠦᠨᠳᠦᠳᠬᠡᠳᠡᠭ ᠪᠠᠶᠢᠵᠠᠢ᠃ 1741 ᠤᠨ ᠳᠤ ᠲᠤᠨᠳᠤᠪᠷᠠᠰᠢ ᠬᠠᠨ ᠨᠠᠰᠤ ᠨᠦᠭᠴᠢᠵᠦ᠂ 17 ᠨᠠᠰᠤ ᠲᠠᠢ ᠬᠦᠪᠡᠭᠦᠨ ᠤᠪᠰᠢ ᠨᠢ ᠬᠠᠨ ᠪᠤᠯᠬᠤ ᠦᠶᠡᠰ᠂ ᠢᠵᠢᠯ ᠮᠦᠷᠡᠨ ᠬᠠᠪᠢ ᠳᠤ ᠦᠺᠷᠠᠶᠢᠨ᠂ ᠤᠷᠤᠰ᠂ ᠭᠧᠷᠮᠠᠨ ᠬᠦᠮᠦᠨ ᠨᠠᠭᠦᠨ ᠢᠷᠡᠭᠰᠡᠨ ᠠᠴᠠ ᠲᠤᠷᠭᠤᠳ  ᠤᠨ ᠨᠤᠳᠤᠭ ᠨᠢ ᠢᠪᠴᠤᠤᠷᠠᠨ ᠰᠢᠬᠠᠭᠳᠠᠭᠰᠠᠨ ᠪᠠᠶᠢᠳᠠᠯ ᠭᠠᠷᠴᠠᠢ᠃ ᠲᠡᠷᠡ ᠪᠠᠶᠢᠳᠠᠯ ᠢ ᠡᠰᠡ ᠮᠡᠳᠡᠭᠴᠢ ᠤᠷᠤᠰ ᠬᠠᠭᠠᠨ ᠶᠧᠺᠧᠲ᠋ᠧᠷᠢᠨᠠ ᠬᠤᠶᠠᠳᠤᠭᠠᠷ ᠨᠢ ᠲᠤᠷᠭᠤᠳ ᠤᠨ ᠡᠰᠡᠷᠭᠦᠴᠡᠯ ᠢ ᠬᠠᠶᠢᠬᠤᠷᠤᠯ ᠦᠭᠡᠢ ᠮᠦᠨ ᠲᠠᠷᠤᠯᠠᠯ ᠢᠶᠠᠨ ᠦᠷᠬᠦᠯᠵᠢᠯᠡᠭᠦᠯᠵᠦ᠂ ᠨᠡᠩ ᠤᠯᠠᠨ ᠴᠡᠷᠢᠭ ᠲᠤᠮᠢᠯᠠᠨ ᠲᠡᠳᠡᠨ ᠢ ᠤᠰᠮᠠᠨ ᠲᠦᠷᠺ ᠯᠦᠭᠡ ᠶᠢᠨ ᠲᠠᠶᠢᠨ ᠳᠤ ᠮᠤᠷᠳᠠᠭᠤᠯᠬᠤ ᠬᠡᠮᠡᠨ ᠰᠢᠬᠠᠮᠳᠠᠭᠤᠯᠤᠭᠰᠠᠨ ᠪᠠᠶᠢᠨ᠎ᠠ᠃ 1770 ᠤᠨ ᠤ ᠨᠠᠮᠤᠷ᠂ ᠤᠪᠰᠢ ᠨᠢ ᠴᠡᠷᠢᠭ ᠢᠶᠠᠨ ᠲᠠᠭᠠᠭᠤᠯᠤᠨ ᠤᠷᠤᠰ ᠲᠦᠷᠺ ᠤᠨ ᠲᠠᠶᠢᠨ ᠠᠴᠠ ᠪᠤᠴᠠᠭᠰᠠᠨ ᠬᠤᠶᠢᠨ᠎ᠠ᠂ ᠲᠡᠭᠦᠨ ᠤ ᠦᠶᠡᠯᠢᠳ ᠬᠦᠪᠡᠭᠦᠨ ᠴᠡᠪᠡᠭᠳᠤᠷᠵᠢ ᠲᠠᠢ ᠵᠦᠪᠳᠡᠨ ᠤᠷᠤᠰ ᠤᠨ ᠪᠤᠭᠤᠯᠴᠢᠯᠠᠯ ᠠᠴᠠ ᠮᠤᠯᠳᠤᠷᠠᠵᠤ᠂ ᠢᠯᠢ ᠳᠠᠬᠢ ᠬᠠᠭᠤᠴᠢᠨ ᠨᠤᠳᠤᠭ ᠲᠠᠭᠠᠨ ᠪᠤᠴᠠᠬᠤ ᠪᠠᠷ ᠪᠤᠯᠵᠠᠢ᠃ ᠡᠨᠡ ᠦᠶ᠎ᠡ ᠳᠤ ᠴᠢᠩ ᠤᠯᠤᠰ  ᠨᠢ ᠵᠠᠭᠦᠨᠭᠠᠷ ᠢ ᠲᠦᠪᠰᠢᠳᠭᠡᠨ᠂ ᠲᠤᠷᠭᠤᠳ ᠲᠠᠶᠢᠵᠢ ᠰᠡᠷᠡᠩ ᠨᠢ ᠠᠶᠢᠮᠠᠭ ᠤᠯᠠᠨ ᠢᠶᠠᠨ ᠲᠠᠭᠠᠭᠤᠯᠤᠨ ᠢᠵᠢᠯ ᠳᠤ ᠲᠤᠳᠠᠭᠠᠨ ᠢᠷᠡᠭᠰᠡᠨ ᠪᠠᠶᠢᠨ᠎ᠠ᠃ ᠲᠠᠳᠡᠨ ᠠᠴᠠ ᠵᠡᠭᠦᠨᠭᠠᠷ ᠤᠯᠤᠰ ᠤᠨ ᠬᠢᠳᠤᠭᠳᠠᠭᠰᠠᠨ ᠠᠴᠠ ᠪᠤᠯᠵᠤ ᠢᠯᠢ ᠨᠢ ᠡᠵᠡᠭᠦᠢ ᠤᠷᠤᠨ‌‍ᠪᠤᠯᠤᠭᠰᠠᠨ ᠢ ᠰᠤᠨᠤᠰᠤᠭᠠᠳ ᠤᠪᠰᠢ ᠨᠠᠷ ᠨᠢ ᠨᠡᠩ ᠴᠦ ᠲᠤᠷᠤᠨᠠᠰᠢ ᠪᠤᠴᠠᠬᠤ ᠪᠠᠷ ᠰᠢᠭᠤᠳᠤᠭᠰᠠᠨ ᠪᠢᠯᠡ᠃ ᠤᠪᠰᠢ᠂ ᠴᠡᠪᠡᠭᠳᠤᠷᠵᠢ᠂ ᠪᠠᠮᠪᠠᠷ᠂ ᠰᠡᠷᠡᠩ᠂ ᠲᠠᠰᠢᠳᠤᠨᠳᠤᠭ ᠪᠠ ᠯᠠᠮ᠎ᠠ ᠯᠤᠪᠰᠠᠩᠳᠠᠨᠽᠠᠨ ᠨᠠᠷ ᠨᠢ ᠨᠢᠭᠤᠴᠠ ᠵᠦᠪᠯᠡᠯᠭᠡᠨ ᠬᠢᠵᠦ ᠶᠡᠭᠡ ᠨᠡᠭᠦᠳᠡᠯ ᠢ ᠲᠤᠬᠢᠷᠠᠭᠤᠯᠤᠭᠰᠠᠨ ᠪᠠᠶᠢᠳᠠᠭ᠃ 1771 ᠤᠨ ᠤ1 ᠳ᠋ᠤᠭᠡᠷ ᠰᠠᠷ᠎ᠠ ᠶᠢᠨ5 ᠤ ᠡᠳᠦᠷ᠂ ᠤᠪᠰᠢ ᠶᠢᠨ ᠤᠳᠤᠷᠢᠳᠤᠯᠭ᠎ᠠ ᠲᠤᠤᠷ᠎ᠠ ᠢᠵᠢᠯ ᠮᠦᠷᠡᠨ ᠤ ᠵᠡᠭᠦᠨ ᠬᠦᠪᠡᠭᠡᠨ ᠳᠤ ᠪᠠᠶᠢᠭᠰᠠᠨ ᠲᠤᠷᠭᠤᠳ ᠢᠶᠠᠷ ᠭᠤᠤᠯᠯᠠᠭᠰᠠᠨ ᠤᠶᠢᠷᠠᠳ ᠮᠤᠩᠭᠤᠯ ᠤᠨ33000 ᠢᠯᠡᠭᠦᠤ ᠡᠷᠦᠬᠡ᠂ 169000 ᠢᠯᠡᠭᠦᠤ ᠬᠦᠮᠦᠨ ᠨᠢ ᠲᠤᠷᠤᠨᠠᠰᠢ ᠪᠤᠴᠠᠬᠤ ᠵᠠᠮ ᠳᠤ ᠮᠤᠷᠳᠠᠨ ᠭᠠᠷᠴᠠᠢ᠃ ᠶᠡᠭᠡ ᠪᠠᠭ᠎ᠠ᠂ ᠡᠷ᠎ᠡ ᠡᠮ᠎ᠡ᠂ ᠠᠷᠪᠠᠨ ᠬᠡᠳᠦᠨ ᠲᠦᠮᠡᠨ ᠬᠦᠮᠦᠨ ᠮᠠᠯ ᠤᠨᠤᠭ᠎ᠠ᠂ ᠬᠦᠰᠭᠡ ᠲᠡᠷᠭᠡ ᠲᠠᠢ ᠬᠦᠳᠡᠯᠵᠦ᠂ ᠲᠡᠯᠡᠬᠡᠢ ᠶᠢᠨ ᠲᠡᠤᠬᠡᠨ ᠲᠡᠭᠡᠷᠡᠬᠢ ᠬᠠᠮᠤᠭ ᠡᠴᠦᠰ ᠤᠨ ᠶᠡᠭᠡ ᠨᠡᠭᠦᠳᠡᠯ ᠢᠶᠠᠨ ᠡᠬᠢᠯᠡᠭᠦᠯᠦᠭᠰᠡᠨ ᠶᠤᠮ᠃ ᠮᠦᠷᠡᠨ ᠤ ᠪᠠᠷᠠᠭᠤᠨ ᠳᠤ ᠪᠠᠶᠢᠭᠰᠠᠨ 1 ᠲᠦᠮᠡ3᠂ 4 ᠮᠢᠩᠭᠠᠨ ᠤᠶᠢᠷᠠᠳ ᠬᠦᠮᠦᠨ ᠨᠢ ᠲᠡᠳᠡᠨ ᠲᠠᠢ ᠬᠠᠮᠳᠤ ᠲᠤᠷᠤᠨᠠᠰᠢ ᠪᠤᠴᠠᠭᠰᠠᠨ ᠦᠭᠡᠢ ᠲᠡᠨᠳᠡ ᠪᠠᠨ ᠬᠤᠴᠤᠷᠠᠭᠰᠠᠨ ᠶᠤᠮ᠂ ᠲᠡᠳᠡ ᠨᠠᠷ ᠪᠤᠯ ᠤᠳᠤ ᠶᠢᠨ ᠤᠷᠤᠰ ᠤᠨ ᠬᠤᠯᠪᠤᠭᠠᠨ ᠤ ᠪᠦᠭᠦᠳᠡ ᠨᠠᠶᠢᠷᠠᠮᠳᠠᠬᠤ ᠬᠠᠯᠢᠮᠠᠭ ᠤᠯᠤᠰ ᠲᠠᠬᠢ ᠮᠤᠩᠭᠤᠯᠴᠤᠳ ᠤᠨ ᠲᠡᠭᠡᠳᠦᠰ ᠮᠦᠨ ︵ᠤᠶᠢᠷᠠᠳ ᠢ ᠤᠷᠤᠰ ᠤᠳ ᠬᠠᠯᠢᠮᠠᠭ ᠭᠡᠳᠡᠭ᠃ ᠬᠠᠯᠢᠮᠠᠭ ᠭᠡᠰᠡᠨ ᠦᠭᠡ ᠨᠢ ︽ᠦᠯᠡᠳᠡᠭᠰᠡᠨ︾᠂ ︽ᠬᠤᠴᠤᠷᠤᠭᠰᠠᠨ︾ ᠭᠡᠰᠡᠨ ᠤᠳᠬ᠎ᠠ ᠲᠠᠢ ᠲᠦᠷᠬᠦᠳ ᠭᠠᠷᠤᠯ  ᠲᠠᠢ ᠦᠭᠡ ᠭᠡᠨ᠎ᠡ︶᠃ ᠤᠷᠤᠰ ᠨᠢ ᠲᠤᠷᠭᠤᠳᠴᠤᠳ ᠤᠨ ᠲᠤᠷᠤᠨᠠᠰᠢ ᠮᠤᠷᠳᠠᠭᠰᠠᠨ ᠢ ᠰᠤᠨᠤᠰᠤᠮᠠᠭᠴᠠ ᠢᠵᠢᠯ ᠤᠨ ᠪᠠᠷᠠᠭᠤᠨ ᠡᠷᠭᠢ ᠳᠤ ᠪᠠᠶᠢᠭᠰᠠᠨ ᠮᠤᠩᠭᠤᠯᠴᠤᠳ ᠲᠤ ᠴᠢᠩᠭ᠎ᠠ ᠬᠠᠮᠢᠶᠠᠷᠤᠯᠳᠠ ᠶᠠᠪᠤᠭᠤᠯᠤᠭᠰᠠᠨ ᠪᠦᠭᠡᠳ ᠬᠠᠰᠠᠭ ᠴᠡᠷᠢᠭ ᠲᠤᠮᠢᠯᠠᠨ ᠲᠤᠷᠤᠨᠠᠰᠢ ᠪᠤᠴᠠᠭᠰᠠᠨ ᠲᠤᠷᠭᠤᠳ ᠤᠨ ᠬᠤᠶᠢᠨ᠎ᠠ ᠠᠴᠠ ᠨᠢ ᠨᠡᠬᠡᠭᠦᠯᠦᠨ᠂ ᠡᠯᠴᠢ ᠲᠤᠮᠢᠯᠠᠵᠤ ᠬᠠᠰᠠᠭ ᠪᠠ ᠪᠠᠱᠭᠢᠷ ᠵᠡᠷᠭᠡ ᠤᠭᠰᠠᠭ᠎ᠠ ᠶᠠᠰᠤᠳᠠᠨ ᠳᠤ ᠴᠢᠮᠡᠭᠡ ᠦᠭᠴᠦ᠂ ᠲᠤᠷᠭᠤᠳ ᠤᠨ ᠤᠴᠢᠬᠤ ᠵᠠᠮ ᠢ ᠬᠠᠰᠢᠭᠳᠤᠨ ᠭᠡᠵᠦ ᠱᠠᠭᠠᠷᠳᠠᠭᠰᠠᠨ ᠪᠠᠶᠢᠨ᠎ᠠ᠃ ᠲᠤᠷᠭᠤᠳ ᠨᠢ ᠨᠢᠭᠡᠨᠳᠡ ᠬᠦᠯᠳᠡᠭᠰᠡᠨ ᠦᠷᠡᠯ ᠭᠤᠤᠯ ᠲᠡᠭᠡᠭᠦᠷ ᠦᠩᠭᠡᠷᠡᠵᠦ᠂ ᠢᠰᠢᠮᠦ ᠭᠤᠤᠯ ᠬᠠᠪᠢ ᠳᠠᠬᠢ ᠤᠴᠢᠨ ᠨᠡᠷᠡᠳᠦ ᠬᠠᠪᠴᠢᠯ ᠬᠦᠷᠦᠭᠡᠳ ᠬᠠᠰᠠᠭ ᠤᠳ ᠤᠨ ᠲᠠᠭᠠᠷᠢᠯᠳᠠ ᠳᠤ ᠤᠴᠠᠷᠠᠵᠠᠢ᠃ ᠤᠪᠰᠢ ᠨᠢ ᠲᠡᠮᠡᠭᠡᠳᠦ ᠴᠡᠷᠢᠭ ᠢᠶᠠᠷ ᠲᠡᠷᠡ ᠲᠠᠶᠢᠰᠤᠨ ᠢ ᠢᠯᠠᠵᠤ᠂ ᠤᠯᠠᠨ ᠢᠶᠠᠨ ᠲᠠᠭᠠᠭᠤᠯᠤᠨ ᠬᠠᠰᠠᠭ ᠤᠨ ᠲᠠᠯ᠎ᠠ  ᠳᠤ ᠨᠡᠪᠳᠡᠷᠡᠨ ᠤᠷᠤᠵᠠᠢ᠃ ᠬᠠᠪᠤᠷ ᠤᠨ ᠡᠬᠢᠨ ᠤ ᠴᠠᠭ ᠲᠠᠭᠠᠷᠠᠭᠰᠠᠨ ᠲᠤᠯᠠ ᠮᠠᠯ ᠤᠨᠤᠭ᠎ᠠ ᠨᠢ ᠤᠯᠠᠨ ᠬᠤᠷᠤᠭᠳᠠᠭᠰᠠᠨ ᠪᠦᠭᠡᠳ ᠡᠪᠡᠳᠴᠢᠨ ᠬᠢᠵᠢᠭ ᠲᠤ ᠲᠠᠭᠠᠷᠢᠭᠳᠠᠵᠤ᠂ ᠬᠦᠮᠦᠨ ᠪᠦᠯᠢ ᠨᠢ ᠴᠦ ᠶᠡᠬᠡᠬᠡᠨ‌ᠬᠠᠰᠤᠭᠳᠠᠵᠤ ᠪᠠᠶᠢᠯ᠎ᠠ᠃ ᠲᠤᠷᠭᠤᠳ ᠨᠢ ᠲᠤᠯᠤᠭᠠᠢ ᠭᠤᠤᠯ ᠬᠦᠷᠬᠦ ᠳᠤ ᠬᠠᠰᠠᠭ ᠪᠠ ᠪᠠᠱᠭᠢᠷ ᠬᠦᠮᠦᠨ ᠮᠦᠨ ᠬᠤᠶᠢᠨ᠎ᠠ ᠠᠴᠠ ᠨᠢ ᠨᠡᠬᠡᠮᠵᠢᠯᠡᠨ ᠢᠷᠡᠭᠰᠡᠨ ᠲᠤᠯᠠ ᠪᠠᠰᠠ ᠲᠡᠳᠡᠨ ᠲᠠᠢ ᠪᠠᠶᠢᠯᠳᠤᠨ ᠶᠠᠪᠤᠵᠤ ᠪᠠᠶᠢᠪᠠ᠃ ᠤᠪᠰᠢ ᠨᠢ ᠬᠠᠰᠠᠭ ᠤᠨ ᠲᠠᠭᠠᠷᠢᠯᠳᠠ ᠠᠴᠠ ᠵᠠᠶᠢᠯᠠᠰᠬᠢᠬᠦ ᠶᠢᠨ ᠲᠤᠯᠠᠳᠠ ᠪᠠᠯᠬᠠᠱ ᠨᠠᠭᠤᠷ ᠤᠨ ᠡᠮᠦᠨᠡᠭᠦᠷ ᠲᠤᠭᠤᠷᠢᠵᠤ᠂ ᠴᠦᠢ ᠭᠤᠤᠯ᠂ ᠲᠠᠯᠠᠰ ᠭᠤᠤᠯ ᠢ ᠲᠠᠭᠠᠨ ᠦᠨᠤᠳᠦᠷ ᠤᠨ ᠰᠢᠨᠵᠢᠶᠠᠩ ᠤᠨ ᠲᠠᠴᠧᠩ ᠪᠠ ᠶᠢᠤᠢ ᠮᠧᠨ ᠤ ᠬᠤᠭᠤᠷᠤᠨᠳᠡᠬᠢ ᠰᠢᠷᠠᠪᠠᠯ  ᠳᠤ ᠬᠦᠷᠴᠦ᠂ 1771 ᠤᠨ ᠤ 6 ᠰᠠᠷ᠎ᠠ ᠳᠤ ᠢᠯᠢ ᠭᠤᠤᠯ ᠤᠨ ᠬᠦᠪᠡᠭᠡᠨ ᠳᠤ ᠬᠦᠷᠴᠦ ᠢᠷᠡᠪᠡ᠃ ᠤᠪᠰᠢ ᠨᠢ ᠲᠡᠭᠦᠨ ᠠᠴᠠ ᠡᠮᠦᠨ᠎ᠡ ᠨᠢᠭᠡᠨᠳᠡ ᠴᠢᠩ ᠤᠯᠤᠰ ᠲᠤ ᠪᠢᠴᠢᠭ ᠶᠠᠪᠤᠭᠤᠯᠤᠭᠰᠠᠨ ᠲᠤᠯᠠ ᠴᠢᠩ ᠲᠦᠷᠦ ᠨᠢ ᠬᠤᠷᠴᠢᠨ ᠡᠹᠦ᠋ ᠰᠠᠪᠳᠠᠨᠪᠠᠯᠵᠤᠤᠷ ᠢ ᠲᠤᠮᠢᠯᠠᠵᠤ ᠤᠪᠰᠢ ᠨᠠᠷ ᠢ ᠤᠭᠳᠤᠭᠤᠯᠤᠭᠰᠠᠨ ᠪᠠᠶᠢᠨ᠎ᠠ᠃ ᠦᠯᠦᠰᠬᠦᠯᠡᠩ ᠨᠢᠴᠦᠭᠦᠨ ᠪᠤᠯᠤᠭᠰᠠᠨ ᠲᠤᠷᠭᠤᠳ ᠨᠢ ᠴᠦ ᠢᠯᠢ ᠶᠢ ᠲᠠᠭᠠᠷᠢᠨ ᠡᠵᠡᠯᠡᠬᠦ ᠭᠡᠰᠡᠨ ᠤᠤᠯ ᠲᠦᠯᠦᠪᠯᠡᠭᠡ ᠪᠠᠨ ᠤᠷᠬᠢᠵᠤ ᠴᠢᠩ ᠳᠤ ᠲᠠᠭᠠᠬᠤ ᠪᠠᠷ ᠪᠤᠯᠤᠭᠰᠠᠨ ᠪᠢᠯᠠ᠃ ᠲᠤᠷᠭᠤᠳᠴᠤᠳ ᠨᠢ ᠢᠯᠢ ᠳᠤ ᠬᠦᠷᠴᠦ ᠢᠷᠡᠬᠦ ᠳᠤ ᠲᠦᠮᠡ ᠢᠯᠡᠭᠦᠤ ᠡᠷᠦᠬᠡ᠂ 4 ᠲᠦᠮᠡ ᠢᠯᠡᠭᠦᠤ ᠬᠦᠮᠦᠨ ᠪᠦᠯᠢ ᠯᠠ ᠦᠯᠡᠳᠡᠭᠰᠡᠨ ᠭᠡᠳᠡᠭ᠃ ᠲᠡᠷᠡ ᠤᠳᠠᠭᠠᠨ ᠤ ᠲᠡᠯᠡᠬᠡᠢ ᠶᠢᠨ ᠲᠡᠤᠬᠡᠨ ᠲᠡᠭᠡᠷᠡᠬᠢ ᠬᠠᠮᠤᠭ ᠡᠴᠦᠰ ᠤᠨ ᠶᠡᠭᠡ ᠨᠡᠭᠦᠳᠡᠯ ᠨᠢ ᠲᠤᠷᠭᠤᠳᠴᠤᠳ  ᠤᠨ ᠤᠯᠠᠩᠬᠢ ᠬᠦᠮᠦᠨ ᠮᠠᠯ ᠢ ᠰᠤᠶᠢᠳᠦᠭᠦᠯᠦᠭᠰᠡᠨ ᠪᠢᠯᠠ᠃ ︽ᠮᠠᠨᠵᠤ ᠶᠢᠨ ᠨᠤᠶᠠᠯᠠᠯ ᠲᠤᠤᠷᠠᠬᠢ ᠮᠤᠩᠭᠤᠯᠴᠤᠳ︾ ᠭᠡᠬᠦ ᠨᠤᠮ ᠠᠴᠠ ᠬᠡᠰᠡᠭᠯᠡᠨ ᠪᠠᠭᠤᠯᠭᠠᠪᠠᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号