ᠲᠤᠸᠠ ᠦᠨᠳᠦᠰᠦᠳᠡᠨ
ᠨᠡᠶᠢᠲᠡᠯᠡᠭᠰᠡᠨ ᠴᠠᠭ᠄
2020/3/13
ᠲᠤᠸᠠ ︵Tuvas︶ ᠡᠰᠡᠬᠦᠯ᠎ᠡ ᠲᠦᠸᠠ ᠪᠠᠰᠠ ᠦᠪᠡᠷᠰᠡᠳ ᠢ ᠢᠶᠠᠨ ︽ᠲᠧ ᠸᠠ︾ ︵Tyiva︶ ᠴᠦ ᠭᠡᠳᠡᠭ ᠲᠣᠸᠠᠴᠣᠳ ᠠᠭᠠᠵᠢᠮ ᠢᠶᠠᠷ ᠮᠠᠷᠳᠠᠭᠳᠠᠵᠤ ᠪᠠᠶᠢᠬᠤ ᠦᠨᠳᠦᠰᠦᠳᠡᠨ ᠶᠤᠮ᠃ ᠲᠤᠮᠳᠠᠳᠦ ᠶᠢᠨ ᠳᠡᠦᠬᠡᠨ ᠳᠤ ᠲᠡᠳᠡᠨ ᠢ ︽ᠳ᠋ᠦ᠋ ᠪᠦᠸᠧ︾᠂ ︽ᠰᠦᠢᠨ ᠤᠷᠢᠶᠠᠩᠬᠠᠨ︾᠂ ︽ᠲᠠᠩᠨᠤ ᠤᠷᠢᠶᠠᠩᠬᠠᠨ︾ ᠭᠡᠬᠦ ᠮᠡᠳᠦ ᠪᠠᠷ ᠨᠡᠷᠡᠶᠢᠳᠳᠡᠭ᠃ ᠭᠠᠳᠠᠭᠠᠳᠤ ᠶᠢᠨ ᠬᠢᠨ ︵ᠭᠤᠣᠯ ᠨᠢ ᠤᠷᠤᠰ︶ ︽ᠰᠦᠢᠳᠡᠨ︾᠂ ︽ᠲᠠᠩᠨᠤ ᠲᠤᠸᠠ︾ ᠭᠡᠳᠡᠭ᠃ ᠳᠡᠳᠠ ᠪᠣᠯ ᠮᠤᠩᠭᠤᠯ ᠤᠨ ᠨᠢᠬᠡ ᠣᠭᠰᠠᠭᠠᠳᠠᠨ ᠪᠣᠯᠬᠤ ᠪᠦᠬᠡᠳ ᠶᠡᠷᠦ ᠳᠡᠭᠡᠨ ᠮᠤᠩᠭᠤᠯ ᠬᠦᠮᠦᠨ ᠬᠡᠵᠦ ᠶᠠᠪᠣᠳᠠᠭ᠃ ᠲᠤᠸᠠ ︵Tuva︶ ᠪᠣᠯ ᠠᠽᠢᠶ᠎ᠠ ᠶᠢᠨ ᠲᠣᠲᠣᠷ ᠭᠠᠵᠠᠷ ᠤᠨ ᠡᠷᠲᠡᠨ ᠤ ᠭᠠᠵᠠᠷ ᠤᠨ ᠨᠡᠷ᠎ᠡ ᠶᠤᠮ᠂ ᠲᠡᠷᠡ ᠨᠢ ᠪᠠᠷᠤᠭ ᠰᠢᠪᠧᠷᠢᠶ᠎ᠠ ᠶᠢᠨ ᠡᠮᠦᠨᠡᠬᠢ ᠶᠧᠨᠢᠰᠠᠢ ᠭᠤᠣᠯ ᠤᠨ ᠳᠡᠭᠡᠳᠦ ᠤᠷᠤᠰᠬᠠᠯ ᠳᠠᠭᠠᠤ 20 ᠲᠦᠮᠡᠨ ᠳᠡᠭᠰᠢ ᠲᠦᠷᠪᠡᠯᠵᠢᠨ ᠺᠢᠯᠤᠮᠧᠲᠷ ᠲᠠᠯᠠᠪᠠᠢ ᠲᠠᠢ ᠭᠠᠵᠠᠷ ᠶᠤᠮ᠃ ᠲᠤᠸᠠ ᠶᠢᠨ ᠲᠡᠦᠬᠡ ᠶᠢ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 3 — 6 ᠳ᠋ᠤᠭᠠᠷ ᠵᠠᠭᠤᠨ ᠠᠴᠠ ᠡᠬᠢᠯᠡᠭᠰᠡᠨ ᠭᠡᠵᠦ ᠪᠤᠯᠤᠨ᠎ᠠ᠃ ᠮᠠᠨ ᠤ ᠤᠯᠤᠰ ᠤᠨ ᠠᠯᠳᠠᠢ ᠣᠷᠤᠨ ᠤ ᠪᠤᠷᠵᠢᠨ ᠰᠢᠶᠠᠨ ᠤ ᠾᠧ ᠮᠦ ᠰᠢᠶᠠᠩ ᠤᠨ ᠬᠠᠨᠠᠰ᠂ ᠾᠧ ᠮᠦ ᠲᠤᠰᠬᠤᠨ ᠲᠢᠸ᠋ᠯᠢᠶᠠᠺ ᠰᠢᠶᠠᠩ ᠤᠨ ᠪᠠᠶᠢᠬᠠᠪᠠ ᠲᠤᠰᠬᠤᠨ ᠢᠶᠠᠷ ᠣᠷᠲᠣ ᠣᠳᠠᠭᠠᠨ ᠲᠡᠦᠬᠡ ᠲᠠᠢ ᠲᠤᠸᠠᠴᠤᠤᠯ ᠠᠮᠢᠳᠤᠷᠠᠵᠤ ᠪᠤᠢ᠃ 3000 ᠭᠠᠷᠤᠢ ᠬᠦᠮᠦᠨ ᠠᠮᠠ ᠲᠠᠢ᠂ ᠵᠠᠷᠢᠮ ᠬᠦᠮᠦᠨ ᠲᠡᠳᠠᠡ ᠢ ᠬᠠᠰᠠᠭ ᠤᠨ ᠨᠢᠭᠡ ᠰᠠᠯᠪᠤᠷᠢ ᠬᠡᠵᠦ ᠪᠠᠶᠢᠪᠠᠴᠣ ᠲᠠᠲᠠ ᠪᠣᠯ ᠮᠤᠩᠭᠤᠯ ᠬᠡᠯᠡᠲᠡᠨ ᠶᠤᠮ᠃ ᠣᠶᠢᠯᠠᠭᠠᠭᠰᠠᠨ ᠢᠶᠠᠷ ᠲᠤᠸᠠᠴᠤᠤᠯ ᠴᠢᠩᠬᠢᠰ ᠤᠨ ᠦᠶ᠎ᠡ ᠶᠢᠨ ᠤᠮᠠᠷᠠᠳᠤ ᠶᠢᠨ ᠠᠶᠢᠮᠠᠭ ᠪᠣᠯᠬᠤ ︽ᠤᠢ ᠶᠢᠨ ᠢᠷᠭᠡᠳ︾ ᠤᠨ ᠬᠤᠶᠢᠴᠢᠰ ᠪᠣᠯᠬᠤ ᠶᠤᠮ᠃ ᠤᠳᠣ ᠲᠤᠸᠠᠴᠤᠤᠯ ᠮᠠᠯᠵᠢᠬᠤ ᠠᠮᠢᠳᠣᠷᠠᠯ ᠬᠢᠵᠦ ᠠᠳᠤᠭᠤ ᠭᠤᠤᠯᠳᠠᠩᠭᠤᠢ ᠮᠠᠯᠵᠢᠳᠠᠭ ᠶᠤᠮ ᠪᠠᠶᠢᠨ᠎ᠠ᠃ ᠵᠠᠷᠢᠮ ᠡᠷᠳᠡᠮᠳᠡᠳ ᠤᠨ ᠦᠵᠡᠬᠦ ᠪᠠᠷ ᠲᠤᠸᠠᠴᠤᠤᠯ ᠪᠣᠯ ᠴᠢᠩᠬᠢᠰ ᠬᠠᠭᠠᠨ ᠪᠠᠷᠠᠭᠤᠨᠰᠢ ᠳᠠᠶᠢᠯᠠᠬᠤ ᠳᠠᠭᠠᠨ ᠦᠯᠡᠳᠡᠭᠡᠭᠰᠡᠨ ᠨᠠᠰᠤᠳᠠᠢ ᠪᠣᠶᠣ ᠪᠠᠭᠤᠷᠠᠢ ᠵᠡᠮᠳᠡᠭ ᠴᠡᠷᠢᠭ ᠤᠳ ᠤᠨ ᠬᠤᠶᠢᠴᠢ ᠭᠡᠨ᠎ᠡ᠃ ᠬᠠᠷᠢᠨ ᠬᠠᠨᠠᠰ ᠲᠤᠰᠬᠤᠨ ᠤ ᠨᠠᠰᠦᠲᠠᠶᠢᠴᠤᠳ ᠤᠨ ᠬᠡᠯᠡᠬᠦ ᠪᠠᠷ ᠲᠡᠳᠡᠨ ᠤ ᠡᠪᠦᠭᠡ ᠳᠡᠭᠡᠳᠦᠰ ᠨᠢ 500 ᠵᠢᠯ ᠤᠨ ᠡᠮᠦᠨ᠎ᠡ ᠰᠢᠪᠧᠷᠢᠶ᠎ᠠ ᠠᠴᠠ ᠨᠡᠭᠦᠵᠦ ᠢᠷᠡᠵᠦ᠂ ᠣᠳᠣ ᠶᠢᠨ ᠣᠷᠣᠰ ᠤᠨ ᠬᠠᠷᠢᠶᠠᠨ ᠤ ᠲᠤᠸᠠ ᠪᠦᠭᠦᠳᠡ ᠨᠠᠶᠢᠷᠠᠮᠳᠠᠬᠤ ᠤᠯᠤᠰ ᠤᠨ ᠲᠤᠸᠠᠴᠤᠤᠯ ᠲᠠᠢ ᠨᠢᠬᠡ ᠯᠡ ᠭᠠᠷᠣᠯ ᠲᠠᠢ ᠭᠡᠨ᠎ᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号