ᠳᠡᠭᠡᠳᠦ ᠮᠣᠩᠭᠤᠯ ᠤᠨ ᠣᠪᠣᠭ ᠤᠨ ᠴᠢᠭᠤᠯᠠᠭᠠᠨ ᠨᠢᠭᠡ᠄ ᠠᠪᠠᠭᠠᠰ ᠶᠠᠰᠤᠲᠠᠨ
ᠨᠡᠶᠢᠲᠡᠯᠡᠭᠰᠡᠨ ᠴᠠᠭ᠄
2020/3/13
⒈ᠠᠪᠠᠭᠠᠰ ᠶᠠᠰᠤᠲᠠᠨ ᠤ ᠲᠤᠬᠠᠢ ᠳᠣᠮᠤᠭ ᠤᠳ ᠮᠠᠨ ᠤ ᠵᠦᠡᠭᠭᠠᠷ ᠶᠡᠭᠡ ᠣᠢ ᠮᠣᠳᠣᠲᠠᠢ ᠭᠠᠵᠠᠷ ᠨᠤᠲᠤᠭᠯᠠᠳᠠᠭ ᠪᠠᠶᠢᠵᠠᠢ᠃ ᠲᠡᠷᠡ ᠦᠶ᠎ᠡ  ᠳᠤ ᠳ᠋ᠠᠨᠽᠠᠨ ᠭᠡᠳᠡᠭ ᠨᠡᠷ᠎ᠡ ᠲᠠᠢ ᠮᠠᠰᠢ ᠰᠠᠶᠢᠬᠠᠨ ᠳᠠᠭᠤᠯᠠᠳᠠᠭ ᠨᠢᠭᠡ ᠬᠦᠮᠦᠨ ᠪᠠᠶᠢᠵᠠᠢ᠃ ᠲᠡᠷᠡ ᠬᠦᠮᠦᠨ ᠨᠢᠭᠡ ᠡᠳᠤᠷ ᠣᠢ ᠳᠣᠲᠣᠷ᠎ᠠ ᠮᠠᠯ  ᠢᠶᠠᠨ ᠬᠠᠲᠢᠭᠤᠯᠤᠭᠠᠳ᠂ ᠳᠠᠭᠤᠯᠠᠭᠠᠳ ᠶᠠᠪᠤᠵᠤ ᠪᠠᠶᠢᠲᠠᠯ᠎ᠠ ᠨᠢᠭᠡ ᠵᠠᠯᠠᠭᠤ ᠡᠮᠡᠭᠲᠠᠢ ᠢᠷᠡᠭᠡᠳ ᠲᠡᠭᠦᠨ ᠢ ᠳᠠᠭᠠᠵᠤ ᠶᠠᠪᠤᠭᠰᠠᠭᠠᠷ ᠪᠠᠶᠢᠵᠠᠢ᠃ ᠳ᠋ᠠᠨᠽᠠᠨ ᠲᠡᠷᠡ ᠡᠮᠡᠭᠲᠠᠢ ᠲᠠᠢ ᠨᠥᠬᠦᠴᠡᠵᠦ᠂ ᠲᠡᠷᠡ ᠡᠮᠡᠭᠲᠠᠢ ᠣᠢ ᠳᠣᠲᠣᠷ᠎ᠠ ᠪᠣᠢ ᠭᠡᠷ ᠲᠡᠭᠡᠨ ᠳᠠᠭᠠᠭᠤᠯᠤᠨ ᠢᠷᠡᠵᠦ ᠡᠨᠡ ᠬᠤᠶᠠᠷ ᠰᠠᠭᠤᠬᠤ ᠪᠣᠯᠵᠣ ᠪᠠᠶᠢᠲᠠᠯ᠎ᠠ ᠳ᠋ᠠᠨᠽᠠᠨ  ᠤ ᠡᠬᠡᠨᠡᠷ ᠨᠢ ᠬᠠᠷᠠᠳᠠᠵᠤ ᠲᠡᠷᠡ ᠡᠮᠡᠭᠲᠠᠢ  ᠶᠢᠨ ᠭᠡᠷ ᠲᠤ ᠣᠷᠣᠬᠤ ᠭᠡᠲᠡᠯ᠎ᠡ ᠲᠡᠭᠷᠢ ᠳᠤᠤᠭᠠᠷᠴᠤ᠂ ᠴᠠᠬᠢᠯᠭᠠᠨ ᠴᠠᠬᠢᠯᠤᠭᠠᠳ ᠳ᠋ᠠᠨᠽᠠᠨ  ᠤ ᠡᠬᠡᠨᠡᠷ  ᠢ ᠭᠡᠷ  ᠤᠨ ᠬᠢᠨᠢ ᠭᠠᠳᠠᠨ᠎ᠠ ᠬᠦᠷᠭᠡᠭᠰᠡᠨ ᠪᠠᠶᠢᠵᠠᠢ᠃ ᠢᠡᠭᠬᠢᠭᠡᠳ ᠳ᠋ᠠᠨᠽᠠᠨ ᠬᠠᠭᠤᠴᠢᠨ ᠡᠬᠡᠨᠡᠷ ᠠᠴᠠ  ᠪᠠᠨ ᠰᠠᠯᠵᠤ ᠲᠡᠷᠡ ᠡᠮᠡᠭᠲᠠᠢ ᠲᠠᠢ ᠭᠡᠷ ᠪᠦᠯᠢ ᠪᠣᠯᠵᠠᠢ᠃ ᠳ᠋ᠠᠨᠽᠠᠨ ᠤ ᠡᠨᠡ ᠰᠡᠭᠦᠯᠴᠢ  ᠶᠢᠨ ᠡᠬᠡᠨᠡᠷ  ᠠᠴᠠ ᠨᠢᠭᠡ ᠦᠷ᠎ᠡ ᠰᠠᠳᠤ ᠭᠠᠷᠴᠠᠢ᠃ ᠦᠭᠡᠷ᠎ᠡ ᠬᠡᠤᠬᠡᠳ ᠭᠠᠷᠤᠭᠰᠠᠨ ᠦᠭᠡᠢ ᠭᠡᠨ᠎ᠡ᠃ ᠲᠡᠷᠡ ᠦᠬᠢᠨ  ᠠᠴᠠ ᠭᠠᠷᠤᠭᠰᠠᠨ ᠦᠷ᠎ᠡ ᠰᠠᠳᠤ ᠨᠢ ᠠᠪᠠᠭᠠᠰ ᠶᠠᠰᠤᠲᠠᠨ ᠪᠣᠯᠵᠠᠢ᠃ ᠡᠶᠢᠮᠤ ᠤᠴᠢᠷ ᠠᠴᠠ ︽ᠠᠪᠠᠭᠠᠰ ᠡᠯᠢᠬᠢᠨ ᠦᠭᠡᠢ᠂ ᠠᠪᠠᠨᠠᠭ ᠲᠤ ᠠᠮᠲᠠ ᠦᠭᠡᠢ︾ ᠭᠡᠳᠡᠭ᠃ ︵︽ᠮᠣᠩᠭᠤᠯ ᠳᠣᠮᠤᠭ  ᠤᠨ ᠴᠣᠮᠣᠷᠯᠢᠭ︾  ᠠᠴᠠ︶ ⒉ ᠠᠪᠠᠭᠠᠰ ᠶᠠᠰᠤᠲᠠᠨ ᠢᠵᠠᠭᠤᠷ ᠮᠣᠩᠭᠤᠯ ᠣᠪᠣᠭ᠂ ᠡᠨᠡ ᠣᠪᠣᠭ ᠢ ᠪᠣᠷᠵᠢᠬᠢᠨ ᠶᠠᠰᠤᠲᠠᠨ ᠠᠴᠠ ᠰᠠᠯᠪᠤᠷᠢᠯᠠᠨ ᠡᠭᠦᠰᠦᠭᠰᠡᠨ ᠭᠡᠳᠡᠭ ᠨᠢ ᠪᠤᠷᠤᠭᠤ ᠶᠤᠮ᠃ ᠦᠨᠡᠨ ᠳ᠋ᠡᠭᠡᠨ‌‍ᠴᠢᠩᠬᠢᠰ ᠬᠠᠭᠠᠨ ᠤ ᠳᠡᠭᠦᠦ ᠨᠠᠷ ᠤᠨ ᠠᠯᠪᠠᠲᠤ ᠨᠠᠷ ᠤᠨ ᠨᠡᠷᠡᠶᠢᠳᠦᠯ ᠠᠴᠠ ᠡᠭᠦᠰᠦᠭᠰᠡᠨ ᠥᠭᠡᠷ᠎ᠡ ᠣᠪᠣᠭᠲᠠᠨ ᠪᠣᠯᠬᠤ ᠶᠣᠰᠣᠲᠠᠢ᠃ ᠤᠩᠨᠢᠭᠤᠳ ᠣᠪᠣᠭᠲᠠᠨ ᠴᠤ ᠪᠠᠰᠠ ᠡᠶᠢᠮᠦ ᠪᠠᠶᠢᠬᠤ ᠶᠣᠰᠣᠲᠠᠢ᠃ ᠠᠪᠠᠭᠠᠰ ᠣᠪᠣᠭᠲᠠᠨ ᠪᠣᠯ ᠡᠴᠢᠭᠡ ᠶᠢᠨ ᠠᠬ᠎ᠠ ᠳᠡᠭᠦᠦ ᠶᠢᠨ ᠳᠠᠭᠤᠳᠠᠯᠭ᠎ᠠ ︽ᠠᠪᠠᠭ᠎ᠠ︾ ᠭᠡᠬᠦ ᠨᠡᠷ᠎ᠡ ᠦᠭᠡ ᠳᠤ ︽‍ᠰ︾ ᠳᠠᠭᠠᠪᠤᠷᠢ ᠵᠠᠯᠭᠠᠵᠤ᠂ ᠬᠦᠮᠦᠰ ᠤᠨ ᠣᠯᠠᠨ ᠲᠤᠭ᠎ᠠ ᠶᠢ ᠢᠯᠡᠳᠭᠡᠭᠰᠡᠨ ᠤᠳᠬ᠎ᠠ ᠲᠠᠢ ᠨᠡᠷᠡᠶᠢᠳᠦᠯ ᠡᠭᠦᠰᠴᠡᠢ᠃ ᠡᠭᠦᠨ  ᠳᠤ ᠠᠪᠠᠭ᠎ᠠ᠂ ᠠᠪᠠᠭᠠᠰ᠂ ᠠᠪᠠᠭᠠᠳ᠂ ᠠᠪᠠᠭᠠᠨᠠᠷ᠂ ᠠᠪᠠᠭᠠᠴᠤᠤᠯ ᠠᠪᠠᠭ᠋ᠠᠨᠠᠷ᠂ ᠠᠪᠠᠭ᠋ᠠᠰ ᠭᠡᠬᠦ ᠵᠡᠷᠭᠡ ᠠᠳᠠᠯᠢ ᠪᠤᠰᠤ ᠳᠠᠭᠤᠳᠠᠯᠭ᠎ᠠ ᠲᠠᠢ ᠰᠠᠯᠪᠤᠷᠢ ᠣᠪᠣᠭ ᠤᠳ ᠪᠠᠶᠢᠳᠠᠭ᠃ ᠦᠨᠡᠨ ᠳᠡᠭᠡᠨ ︽ᠠᠪᠠᠭ᠎ᠠ ᠨᠠᠷ︾ ᠭᠡᠬᠦ ᠦᠭᠡ ᠶᠢᠨ ᠨᠤᠲᠤᠭ ᠨᠤᠲᠤᠭ ᠣᠷᠣᠨ ᠪᠠᠶᠢᠷᠢᠰᠢᠯ ᠠᠴᠠ ᠪᠣᠯᠵᠣ ᠠᠳᠠᠯᠢ ᠪᠤᠰᠤ ᠳᠠᠭᠤᠳᠠᠯᠭ᠎ᠠ ᠲᠠᠢ ᠰᠠᠯᠪᠤᠷᠢ ᠣᠪᠣᠭ  ᠤᠳ ᠪᠣᠢ ᠪᠣᠯᠵᠠᠢ᠃ ᠠᠪᠠᠭᠠᠰ ᠣᠪᠣᠭᠲᠠᠨ ᠪᠣᠯ ᠪᠡᠯᠭᠦᠳᠡᠢ ᠶᠢᠨ ᠬᠤᠶᠢᠴᠢᠰ ᠠᠴᠠ ᠢᠷᠡᠯᠲᠡᠢ ᠭᠡᠳᠡᠭ᠃ ᠴᠢᠩᠬᠢᠰ ᠬᠠᠭᠠᠨ ᠤ ᠡᠴᠢᠭᠡ ᠨᠢᠭᠡ ᠲᠠᠢ ᠡᠬᠡ ᠥᠭᠡᠷ᠎ᠡ ᠳᠡᠭᠦᠦ ᠨᠢ ᠪᠡᠯᠭᠦᠳᠡᠢ ᠪᠣᠯ ᠤᠯᠤᠰ ᠤᠨ ᠠᠪᠠᠭ᠎ᠠ ᠪᠣᠯᠬᠤ ᠲᠤᠯᠠ ᠲᠡᠭᠦᠨ ᠤ ᠠᠯᠪᠠᠲᠤ ᠠᠶᠢᠮᠠᠭ ᠢ ᠠᠪᠠᠭ᠎ᠠ ᠨᠠᠷ ᠭᠡᠰᠡᠨ ᠠᠴᠠ ᠠᠪᠠᠭᠠᠰ ᠣᠪᠣᠭᠲᠠᠨ ᠪᠣᠢ ᠪᠣᠯᠪᠠ ᠭᠡᠳᠡᠭ ᠶᠤᠮ᠃ ᠣᠮᠠᠷᠠᠲᠣ ᠶᠤᠸᠠᠨ ᠤᠯᠤᠰ ᠤᠨ ᠳᠤᠮᠳᠠᠴᠢ ᠪᠣᠯᠲᠠᠯ᠎ᠠ ᠴᠢᠩᠬᠢᠰ ᠬᠠᠭᠠᠨ ᠤ ᠳᠡᠭᠦᠦ ᠨᠠᠷ ᠬᠠᠪᠤᠲᠤ ᠬᠠᠰᠠᠷ᠂ ᠪᠥᠬᠡ ᠪᠡᠯᠭᠦᠳᠡᠢ᠂ ᠲᠡᠮᠦᠭᠡ ᠣᠳᠴᠢᠬᠢᠨ᠂ ᠬᠠᠴᠢᠭᠤᠨ ᠤ ᠦᠷᠡᠰ ᠲᠤᠰ ᠲᠤᠰ ᠤᠨ ᠸᠠᠩ ︵ᠤᠩ︶ ᠤᠨ ᠴᠣᠯᠠ ᠪᠠᠨ ᠵᠡᠭᠦᠵᠦ ᠬᠠᠷᠢᠶᠠᠲᠤ ᠠᠶᠢᠮᠠᠭ ᠢᠶᠠᠨ ᠨᠣᠶᠠᠯᠠᠭᠰᠠᠭᠠᠷ ᠪᠠᠶᠢᠭᠰᠠᠨ ᠠᠴᠠ ᠮᠣᠩᠭᠤᠯ ᠤᠨ ᠲᠤᠯᠭᠤᠷ ᠪᠢᠴᠢᠭ ᠤᠳ ᠲᠤ ᠲᠡᠳᠡᠨ ᠤ ᠠᠶᠢᠮᠠᠭ ᠢ ︽ᠬᠤᠷᠴᠢᠨ ᠲᠡᠷᠢᠭᠦᠨ ᠭᠤᠷᠪᠠᠨ ᠤᠩᠨᠢᠭᠤᠳ ︵ᠸᠠᠩ ᠨᠤᠭᠤᠳ︶︾ ᠭᠡᠳᠡᠭ ᠪᠠᠶᠢᠵᠠᠢ᠃ ᠮᠥᠨ ᠴᠤ ᠴᠢᠩᠬᠢᠰ ᠬᠠᠭᠠᠨ ᠤ ᠳᠡᠭᠦᠦ ᠨᠠᠷ ᠤᠨ ᠤᠳᠤᠮ ᠤᠭᠰᠠᠭ᠎ᠠ ᠨᠢ ᠴᠢᠩᠬᠢᠰ ᠬᠠᠭᠠᠨ ᠤ ᠬᠦᠪᠡᠭᠦᠳ ᠤᠨ ᠤᠳᠤᠮ ᠤᠭᠰᠠᠭ᠎ᠠ ᠳᠤ ︽ᠠᠪᠠᠭ᠎ᠠ︾ ᠶᠢᠨ ᠬᠠᠷᠢᠴᠠᠭ᠎ᠠ ᠲᠠᠢ ᠪᠣᠯᠬᠤᠷ︽ᠬᠤᠷᠴᠢᠨ ᠲᠡᠷᠢᠭᠦᠨ ᠭᠤᠷᠪᠠᠨ ᠤᠩᠨᠢᠭᠤᠳ ︵ᠸᠠᠩ ᠨᠤᠭᠤᠳ︶︾ ᠢ ᠪᠠᠰᠠ ︽ᠪᠠᠷᠠᠭᠤᠨ ᠭᠤᠷᠪᠠᠨ ᠠᠪᠠᠭ᠎ᠠ︾ ᠴᠤ ᠭᠡᠳᠡᠭ ᠪᠠᠶᠢᠪᠠ᠃ ᠠᠪᠠᠭ᠎ᠠ ᠪᠣᠯ ᠴᠢᠩᠬᠢᠰ ᠬᠠᠭᠠᠨ  ᠤ ᠳᠡᠭᠦᠦ ᠨᠡᠷ ᠪᠣᠯᠣᠨ ᠤᠷᠤᠭ ᠰᠠᠳᠤᠨ ᠤ ᠠᠯᠪᠠᠲᠤ ᠨᠠᠷ ᠠᠴᠠ ᠡᠭᠦᠰᠦᠭᠰᠡᠨ ᠣᠪᠣᠭ ᠪᠣᠯᠣᠨ᠎ᠠ᠃ ᠴᠢᠩᠬᠢᠰ ᠬᠠᠭᠠᠨ  ᠤ ᠪᠠᠶᠢᠭᠤᠯᠤᠭᠰᠠᠨ ᠮᠣᠩᠭᠤᠯ ᠬᠠᠭᠠᠨᠲᠤ ᠤᠯᠤᠰ  ᠤᠨ ᠦᠶ᠎ᠡ  ᠳᠤ᠂ ᠴᠢᠩᠬᠢᠰ ᠤᠨ ᠬᠦᠪᠡᠭᠦᠳ ᠠᠴᠢᠨᠠᠷ ᠲᠤ᠂ ᠴᠢᠩᠬᠢᠰ  ᠤᠨ ᠳᠡᠭᠦᠦ ᠨᠠᠷ ︵ᠲᠡᠮᠦᠭᠡ ᠣᠳᠴᠢᠬᠢᠨ᠂ ᠪᠦᠬᠡ ᠪᠡᠯᠭᠦᠳᠡᠢ︶ ᠠᠪᠠᠭ᠎ᠠ ᠪᠣᠯᠳᠠᠭ ᠤᠴᠢᠷ᠂ ᠠᠪᠠᠭ᠎ᠠ ᠭᠡᠮᠡᠨ ᠳᠠᠭᠤᠳᠠᠭᠰᠠᠭᠠᠷ ᠪᠠᠶᠢᠭᠠᠳ ᠠᠶᠢᠮᠠᠭ ᠠᠯᠪᠠᠲᠤ  ᠶᠢᠨ ᠨᠡᠷᠡᠶᠢᠳᠤᠯ ᠪᠣᠯᠵᠣ ᠬᠤᠪᠢᠷᠠᠨ᠂ ᠲᠡᠤᠬᠡ  ᠶᠢᠨ ᠤᠷᠲᠤ ᠤᠳᠠᠭᠠᠨ ᠬᠦᠭᠵᠢᠯᠲᠡ ᠳᠤ ᠨᠢᠭᠡ ᠠᠶᠢᠮᠠᠭ ᠪᠦᠯᠦᠭ ᠬᠦᠮᠦᠰ ᠤᠨ ᠣᠪᠣᠭ ᠪᠣᠯᠣᠨ ᠬᠠᠳᠠᠩᠰᠢᠵᠤ᠂ ᠬᠤᠵᠢᠮ ᠨᠢ ᠳᠠᠶᠢᠨ ᠪᠠᠶᠢᠯᠳᠤᠭᠠᠨ ᠤ ᠦᠮᠦᠭᠡᠨ᠂ ᠵᠠᠰᠠᠭ ᠵᠠᠬᠢᠷᠭᠠᠨ ᠤ ᠪᠠᠶᠢᠭᠤᠯᠤᠮᠵᠢ ᠶᠢᠨ ᠬᠤᠪᠢᠷᠠᠯ᠂ ᠣᠷᠣᠨ ᠨᠤᠲᠤᠭ  ᠤᠨ ᠰᠢᠯᠵᠢᠯ ᠪᠠᠶᠢᠷᠢᠰᠢᠯ᠂ ᠨᠡᠭᠦᠳᠡᠯ ᠰᠠᠭᠤᠷᠢᠰᠢᠯ  ᠠᠴᠠ ᠰᠢᠯᠲᠠᠭᠠᠯᠠᠵᠤ᠂ ᠠᠪᠠᠭ᠎ᠠ᠂ ᠠᠪᠠᠭᠠᠰ᠂ ᠠᠪᠠᠭᠠᠳ᠂ ᠠᠪᠠᠭᠠᠨᠠᠷ᠂ ᠠᠪᠠᠭᠠᠴᠤᠤᠯ ᠠᠪᠠᠭ᠋ᠠᠨᠠᠷ᠂ ᠠᠪᠠᠭ᠋ᠠᠰ ᠭᠡᠬᠦᠴᠢᠯᠡᠨ ᠨᠢᠭᠡ ᠣᠪᠣᠭ ᠤᠨ ᠣᠯᠠᠨ ᠰᠠᠯᠪᠤᠷᠢ ᠪᠣᠯᠵᠣ ᠬᠦᠭᠵᠢᠭᠰᠡᠨ ᠪᠠᠶᠢᠨ᠎ᠠ᠃ ᠬᠠᠷ᠎ᠠ ᠨᠣᠬᠤᠨ᠂ ᠬᠠ᠊᠂ ᠨ᠊᠂ ᠪᠠᠭᠠᠲᠤᠷᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号