ᠬᠠᠮᠠᠷ ᠠᠳ᠋ᠳᠢᠨ ᠤ ᠨᠢᠭᠡ ᠨᠠᠰᠣ
ᠨᠡᠶᠢᠲᠡᠯᠡᠭᠰᠡᠨ ᠴᠠᠭ᠄
2020/3/18
ᠠᠷᠪᠠᠨ ᠲᠣᠯᠣᠳᠣᠭᠠᠷ ᠪᠦᠯᠦᠭ    ᠪᠢᠳᠡ ᠲᠡᠭᠡᠷ᠎ᠡ ᠬᠡᠯᠡᠵᠦ ᠦᠩᠭᠡᠷᠡᠭᠰᠡᠨ ᠢᠶᠠᠷ ᠬᠠᠮᠠᠷ ᠠᠳ᠋ᠳᠢᠨ ᠬᠠᠮᠤᠭ ᠲᠡᠭᠡᠳᠦ ᠡᠷᠬᠡ ᠶᠢ ᠪᠣᠯᠢᠶᠠᠨ ᠠᠪᠬᠤ ᠪᠠᠷ ᠣᠷᠣᠯᠳᠣᠭᠰᠠᠨ ᠪᠣᠯᠪᠠᠴᠣ᠂ ᠣᠯᠠᠨ ᠡᠮᠢᠷ ᠤᠨ ᠡᠷᠡᠰ ᠡᠰᠡᠷᠭᠦᠴᠡᠯ ᠳᠤ ᠣᠴᠠᠷᠠᠪᠠ᠃ ᠡᠶᠢᠮᠦ ᠪᠠᠶᠢᠳᠠᠯ ᠲᠣᠣᠷ᠎ᠠ ᠬᠤᠮᠵᠠ ᠪᠣᠯᠣᠨ ᠦᠽᠪᠧᠭ · ᠲᠡᠮᠦᠷ ︵ᠲᠡᠷᠡ ᠪᠣᠯ ᠬᠡᠷᠡᠶᠢᠳ ᠠᠶᠢᠮᠠᠭ ᠤᠨ ᠬᠦᠮᠦᠨ ᠶᠣᠮ︶ ᠬᠤᠶᠠᠭᠤᠯᠠ ᠬᠠᠮᠳᠣ  ᠪᠠᠷ ᠡᠮᠢᠷ ᠲᠡᠮᠦᠷ ᠢ ᠲᠦᠰᠢᠬᠦ ᠪᠠᠷ ᠶᠠᠪᠣᠪᠠ᠃ ᠵᠠᠯᠭᠠᠭᠠᠳ ᠡᠮᠢᠷ ᠲᠡᠮᠦᠷ ᠴᠡᠷᠢᠭ ᠡᠭᠦᠰᠭᠡᠨ ᠬᠠᠮᠠᠷ ᠠᠳ᠋ᠳᠢᠨ ᠲᠠᠢ ᠪᠠᠶᠢᠯᠳᠣᠷ᠎ᠠ ᠢᠷᠡᠪᠡ᠃ ᠲᠡᠷᠡ ᠦᠪᠡᠷ ᠢᠶᠠᠨ ᠣᠣᠯ ᠨᠣᠳᠤᠭ ᠳᠠᠭᠠᠨ ᠰᠠᠭᠤᠵᠣ ᠬᠦᠳᠡᠯᠦᠭᠰᠡᠨ ᠦᠭᠡᠢ᠂ ᠵᠦᠪᠬᠡᠨ ᠪᠠᠾᠷᠠᠮ · ᠵᠠᠯᠠᠶᠢᠷ · ᠬᠢᠳᠠᠨ · ᠪᠠᠭᠠᠳᠣᠷ ᠪᠣᠯᠣᠨ ᠱᠠᠾ · ᠠᠯᠢ · ᠪᠠᠭᠠᠳᠣᠷ ᠢ ᠲᠣᠮᠢᠯᠠᠨ ᠠᠯᠠᠮᠳᠣ ① ᠶᠢᠨ ᠬᠢᠵᠠᠭᠠᠷ  ᠲᠤ ᠴᠡᠷᠢᠭ ᠣᠷᠣᠭᠤᠯᠪᠠ᠃ ᠲᠡᠳᠡ ᠠᠶᠢᠱᠠ ᠬᠠᠳᠣᠨ ᠤ ᠭᠤᠣᠯ ᠤᠨ ᠬᠦᠪᠡᠭᠡᠨ ᠳᠤ ᠬᠦᠷᠦᠭᠡᠳ᠂ ᠬᠡᠷᠡᠶᠢᠳ ② ᠬᠦᠮᠦᠨ ᠢ ᠲᠠᠭᠠᠷᠢᠨ ᠲᠣᠪᠳᠣᠯᠪᠠ᠃ ᠲᠠᠶᠢᠨ ᠵᠣᠭᠰᠣᠭᠠᠳ ᠲᠡᠳᠡ ᠡᠪᠰᠡᠨ ᠪᠣᠴᠠᠪᠠ᠃ ᠭᠡᠪᠡᠴᠦ ᠡᠮᠢᠷ ᠲᠡᠮᠦᠷ ᠡᠨᠡᠬᠦ ᠡᠪᠰᠡᠯ ᠢ ᠬᠦᠯᠢᠶᠡᠨ ᠵᠦᠪᠰᠢᠶᠡᠷᠬᠦ ᠲᠣᠷ᠎ᠠ ᠦᠭᠡᠢ ᠪᠣᠯᠬᠤᠷ ᠦᠪᠡᠷ ᠤᠨ ᠪᠡᠶ᠎ᠡ ᠪᠠᠷ ᠢᠶᠠᠨ ᠲᠠᠬᠢᠨ ᠴᠡᠷᠢᠭ ᠲᠠᠶᠢᠴᠢᠯᠠᠨ ᠢᠷᠡᠵᠦ ᠡᠨᠡᠬᠦ ᠣᠯᠣᠰ ᠲᠤ ᠲᠦᠷᠢᠮᠡᠬᠡᠶᠢᠯᠡᠨ ᠣᠷᠣᠪᠠ᠃ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠨᠣᠮ ᠳᠤ ᠬᠡᠯᠡᠭᠰᠡᠨ ᠨᠢ ᠲᠣᠣᠷᠠᠬᠢ ᠮᠡᠳᠦ᠄     ᠰᠠᠨᠠᠭᠰᠠᠨ ᠬᠡᠷᠡᠭ ᠢᠶᠠᠨ ᠵᠠᠪᠠᠯ ᠪᠡᠶᠡᠯᠡᠭᠦᠯᠳᠡᠭ ᠡᠮᠢᠷ ᠲᠡᠮᠦᠷ ᠬᠡᠷᠪᠡ ᠨᠢᠭᠡᠨᠳᠡ ᠭᠠᠷ ᠬᠦᠳᠡᠯᠦᠨ ᠨᠢᠭᠡᠨ ᠶᠠᠭᠤᠮ᠎ᠠ  ᠶᠢ ᠬᠢᠬᠦ ᠪᠠᠷ ᠣᠷᠣᠯᠳᠣᠳᠠᠭ ᠪᠣᠯ ᠬᠠᠷᠠᠯᠳᠠ ᠲᠠᠭᠠᠨ ᠬᠦᠷᠬᠦ ᠦᠭᠡᠢ ᠪᠣᠯ ᠲᠠᠯᠪᠢᠬᠤ ᠦᠭᠡᠢ ᠵᠠᠩ ᠲᠠᠢ ᠬᠦᠮᠦᠨ ᠶᠣᠮ ᠃ ᠲᠡᠷᠡ ᠦᠪᠡᠷ ᠤᠨ ᠵᠠᠩᠵᠣᠨ ᠨᠡᠷ ᠲᠠᠭᠠᠨ ᠮᠠᠰᠢ ᠲᠣᠷ᠎ᠠ ᠦᠭᠡᠶᠢᠴᠡᠨ᠂ ᠡᠶᠢᠮᠦ ᠠᠮᠠᠷᠬᠠᠨ ᠢᠶᠠᠷ ᠡᠯᠬᠡ ᠲᠠᠶᠢᠪᠤ ᠤᠨ ᠬᠤᠷ᠎ᠠ ᠪᠠᠷ ᠲᠠᠶᠢᠯᠠᠨ ᠲᠠᠭᠠᠭᠤᠯᠬᠤ ᠦᠢᠯᠡ ᠶᠢ ᠣᠷᠣᠯᠠᠪᠠ ᠬᠡᠮᠡᠨ ᠣᠨᠳᠣᠭᠤᠴᠠᠵᠣ᠂ ᠡᠯ᠎ᠡ ᠵᠦᠭ ᠲᠤ ᠵᠠᠷ ᠲᠠᠷᠬᠠᠭᠠᠨ ᠴᠡᠷᠢᠭ ᠮᠣᠷᠢ ᠪᠠᠨ ᠶᠡᠬᠡᠪᠡᠷ ᠴᠣᠭᠯᠠᠭᠤᠯᠵᠣ ᠡᠬᠢᠯᠡᠪᠡ᠃ ᠢᠩᠬᠢᠭᠡᠳ ᠨᠢᠭᠡᠨ ᠣᠷᠳᠣ ᠬᠤᠭᠤᠴᠠᠭ᠎ᠠ ᠪᠠᠷ ᠲᠠᠶᠢᠨ ᠲᠠᠵᠢᠨ ᠳᠤ ᠲᠠᠪᠳᠠᠭᠳᠠᠨ ᠪᠣᠯᠪᠠᠰᠣᠷᠠᠭᠰᠠᠨ ᠯᠣᠳᠣ ᠲᠣᠮᠣ ᠴᠡᠷᠢᠭ ᠠᠩᠬᠢ ᠪᠦᠷᠢᠯᠳᠦᠵᠦ᠂ ᠲᠡᠭᠦᠨ ᠤ ᠬᠠᠭᠠᠨ ᠣᠷᠳᠣᠨ ᠤ ᠡᠮᠦᠨ᠎ᠡ ᠬᠤᠷᠠᠨ ᠴᠣᠭᠯᠠᠷᠠᠪᠠ᠃ ᠲᠡᠭᠦᠨ ᠤ ᠴᠡᠷᠢᠭ ᠤᠨ ᠲᠤᠭ᠎ᠠ ᠶᠢᠨ ᠣᠯᠠᠨ ᠨᠢ ᠲᠠᠯ᠎ᠠ ᠶᠢᠨ ᠡᠯᠡᠰᠦ ᠮᠡᠳᠦ ᠪᠠᠶᠢᠵᠣ ᠮᠣᠷᠳᠠᠨ ᠭᠠᠷᠣᠯ᠎ᠠ᠃ ᠲᠡᠷᠡ ᠢᠯᠠᠯᠳᠠ ᠶᠢᠨ ᠪᠡᠯᠭᠡᠳᠡᠯ ᠪᠣᠯᠣᠭᠰᠠᠨ ᠲᠠᠶᠢᠨ ᠤ ᠲᠤᠭ ᠢᠶᠠᠨ ᠦᠨᠳᠦᠷ ᠮᠠᠨᠳᠣᠭᠤᠯᠵᠣ ᠠᠮᠣᠷ ᠲᠦᠪᠰᠢᠨ ᠢᠶᠠᠷ ᠰᠠᠶᠢᠷᠠᠮ ᠪᠣᠯᠣᠨ ᠶᠠᠩᠭᠢ ③ ︵Yangi︶ ᠬᠦᠷᠬᠦ ᠳᠤ ᠲᠠᠶᠢᠰᠣᠨ ᠡᠳᠡᠭᠡᠳ ᠰᠠᠯᠬᠢᠨ ᠤ ᠠᠶ᠎ᠠ ᠪᠠᠷ ᠪᠣᠷᠣᠭᠤᠯᠠᠨ ᠲᠣᠳᠠᠭᠠᠪᠠ᠃ ᠵᠠᠯᠭᠠᠭᠠᠳ ᠲᠡᠳᠡ ᠰᠠᠩᠭᠠᠷᠬᠠᠵ ︵Sangarghaj ︶ ᠬᠦᠷᠬᠦ ᠦᠶ᠎ᠡ ᠳᠤ ᠲᠡᠭᠦᠨ ᠤ ᠴᠡᠷᠢᠭ ᠤᠨ ᠣᠯᠵᠠᠯᠠᠭᠰᠠᠨ ᠲᠠᠶᠢᠨ ᠤ ᠣᠯᠵᠠ ᠨᠢᠭᠡᠨᠳᠡ ᠮᠠᠰᠢ ᠣᠯᠠᠨ ᠪᠣᠯᠪᠠ᠃    ᠠᠳᠣᠨ · ᠬᠤᠷᠢ ︵ᠠᠳᠣᠭᠤᠨ ᠬᠤᠷᠢᠭ︖︶ ᠬᠦᠷᠬᠦ ᠦᠶ᠎ᠡ ᠳᠤ ᠡᠮᠢᠷ ᠮᠦᠰᠠ ᠪᠣᠯᠣᠨ ᠵᠠᠨᠳᠠ · ᠬᠠᠱᠧᠨ ᠬᠡᠳᠦᠶᠢᠪᠡᠷ ᠡᠮᠢᠷ ᠲᠡᠮᠦᠷ ᠤᠨ ᠦᠷᠦᠰᠢᠶᠡᠯ ᠬᠡᠰᠢᠭ ᠲᠤ ᠬᠦᠷᠳᠡᠵᠦ ᠦᠩᠭᠡᠷᠡᠭᠰᠡᠨ ᠪᠣᠯᠪᠠᠴᠣ᠂ ᠡᠨᠡ ᠦᠶ᠎ᠡ ᠪᠠᠷ ᠬᠠᠷᠢᠨ ᠣᠷᠪᠠᠭ᠋ᠣ ᠪᠠᠷ ᠬᠤᠣᠪᠢᠯᠳᠣᠵᠣ᠂ ᠲᠡᠳᠡ ᠪᠠᠰᠠ ᠾᠢᠳᠢᠷ · ᠶᠠᠰᠷᠢ ᠶᠢᠨ ᠬᠦᠪᠡᠭᠦᠨ ᠠᠪᠣᠯ · ᠢᠱᠠᠾ ᠲᠠᠢ ᠬᠠᠮᠳᠣ ᠵᠦᠪᠯᠡᠯᠳᠦᠨ ᠲᠡᠭᠦᠨ ᠳᠤ ᠬᠠᠮᠤᠭ ᠨᠢᠭᠤᠴᠠ ᠪᠠᠨ ᠪᠦᠷ ᠮᠡᠳᠡᠭᠳᠡᠵᠡᠢ᠃ ᠲᠡᠳᠡᠨᠡᠷ ᠮᠠᠰᠢ ᠦᠨᠡᠨᠴᠢ ᠪᠠᠷ ᠲᠠᠩᠭᠠᠷᠭᠯᠠᠵᠣ ᠬᠡᠯᠡᠭᠰᠡᠨ ᠨᠢ᠄ ︽ᠬᠠᠷ᠎ᠠ ᠰᠠᠮᠠᠨ ᠳᠤ ᠬᠦᠷᠦᠭᠰᠡᠨ ᠤ ᠬᠤᠶᠢᠨ᠎ᠠ ᠯᠠᠪᠳᠠᠢ ᠠᠪᠠ ᠬᠢᠵᠦ ᠬᠤᠮᠣᠷᠭᠠᠯᠠᠵᠣ ᠪᠠᠶᠢᠭ᠎ᠠ ᠦᠶ᠎ᠡ ᠳᠤ ᠠᠷᠭ᠎ᠠ ᠭᠠᠷᠭᠠᠨ ᠡᠮᠢᠷ ᠲᠡᠮᠦᠷ ᠢ ᠪᠠᠷᠢᠪᠴᠢᠯᠠᠨ ᠠᠪᠣᠨ᠎ᠠ ᠭᠡᠵᠡᠢ᠃ ᠲᠡᠳᠡ ᠡᠨᠡᠬᠦ ᠲᠦᠯᠦᠪᠯᠡᠭᠡ  ᠪᠠᠨ ᠪᠣᠳᠣᠬᠤ ᠲᠣᠰᠣᠮ ᠪᠠᠶᠠᠷᠯᠠᠨ ᠬᠦᠭᠡᠷᠦᠵᠦ ᠬᠦᠭᠰᠡᠵᠡᠭᠡᠳᠡᠭ ᠪᠣᠯᠵᠠᠢ᠃ ᠡᠮᠢᠷ ᠲᠡᠮᠦᠷ ᠣᠣᠯ ᠲᠠᠭᠠᠨ ᠲᠠᠷᠣᠢ ᠬᠤᠶᠠᠷ ᠬᠦᠮᠦᠨ ᠲᠠᠢ ᠮᠠᠭᠤᠳᠠᠯᠴᠠᠭᠠᠳ ᠵᠠᠪᠰᠠᠷ ᠲᠠᠢ ᠪᠠᠶᠢᠵᠠᠢ᠃ ᠡᠨᠡ ᠬᠤᠶᠠᠷ ᠬᠦᠮᠦᠨ ᠤ ᠨᠢᠭᠡ ᠨᠢ ᠪᠣᠯ ᠲᠠᠷᠣᠢ ᠬᠠᠨᠵᠠᠳᠠ · ᠠᠪᠣᠯ · ᠮᠠᠶᠢᠶᠠᠷᠢ · ᠲᠣᠷᠮᠠᠳ᠋ ᠭᠡᠵᠦ᠂ ᠨᠦᠬᠦᠭᠡ ᠨᠢᠭᠡ ᠨᠢ ᠰᠠᠮᠠᠷᠺᠠᠨᠳ᠋ ᠶᠢᠨ ᠱᠠᠾ · ᠷᠠᠶᠢᠰ ᠭᠡᠳᠡᠭ ᠬᠦᠮᠦᠨ ᠪᠠᠶᠢᠪᠠ᠃ ᠡᠨᠡ ᠬᠤᠶᠠᠷ ᠬᠦᠮᠦᠨ ᠡᠨᠡ ᠦᠶ᠎ᠡ ᠪᠠᠷ ᠮᠦᠨ ᠡᠨᠡ ᠬᠤᠣᠪᠢᠯᠳᠣᠯᠭᠠᠨ ᠳᠤ ᠣᠷᠣᠯᠴᠠᠵᠣ ᠣᠷᠪᠠᠭ᠋ᠣ ᠪᠠᠷ ᠪᠣᠯᠵᠣᠵᠠᠢ᠃    ᠭᠡᠪᠡᠴᠦ ᠵᠠᠷᠢᠮ ᠬᠦᠮᠦᠨ ᠡᠨᠡᠬᠦ ᠴᠢᠮᠡᠭᠡ ᠶᠢ ᠣᠯᠵᠣ ᠮᠡᠳᠡᠭᠡᠳ ᠡᠮᠢᠷ ᠲᠡᠮᠦᠷ ᠲᠤ ᠮᠡᠳᠡᠭᠦᠯᠪᠡ᠃ ᠲᠡᠭᠡᠭᠡᠳ ᠡᠮᠢᠷ ᠲᠡᠮᠦᠷ ᠡᠨᠡ ᠬᠡᠳᠦᠭᠦᠯᠡ ᠶᠢ ᠲᠠᠭᠤᠳᠠᠨ ᠠᠪᠴᠢᠷᠠᠵᠣ᠂ ᠰᠦᠭᠦᠳᠭᠡᠵᠦ ᠪᠠᠶᠢᠭᠠᠳ ᠰᠢᠭᠦᠨ ᠠᠰᠠᠭᠤᠭᠰᠠᠨ᠎ᠠ ᠲᠡᠳᠡᠨ ᠤ ᠦᠨᠡᠨ ᠬᠡᠷᠡᠭ ᠨᠢ ᠢᠯᠡᠷᠡᠵᠦ ᠣᠷᠪᠠᠭ᠋ᠣ ᠶᠠᠯ᠎ᠠ ᠨᠢ ᠲᠣᠲᠣᠷᠠᠪᠠ᠃    ᠭᠡᠪᠡᠴᠦ ᠰᠠᠷᠠᠢ · ᠮᠦᠯᠧᠺ · ᠬᠠᠨᠢᠮ ④ ᠪᠣᠯ ᠮᠦᠰᠠ ᠶᠢᠨ ᠠᠬ᠎ᠠ ᠶᠢᠨ ᠬᠡᠣᠬᠡᠨ ᠪᠠᠶᠢᠭᠰᠠᠨ ᠪᠦᠭᠡᠳ ᠡᠭᠦᠨ ᠤ ᠬᠠᠮᠳᠣ ᠠᠷᠢᠭᠤᠨ ᠲᠠᠬᠢᠮᠳᠠᠭᠤ ᠠᠭ᠎ᠠ · ᠪᠠᠬᠢ ᠭᠦᠩᠵᠦ ᠶᠢ ᠲᠡᠭᠦᠨ ᠳᠤ ᠡᠬᠡᠨᠡᠷ ᠪᠣᠯᠭᠠᠨ ᠬᠤᠯᠪᠣᠭᠰᠠᠨ ᠲᠣᠯᠠᠳᠠ ᠡᠮᠢᠷ ᠲᠡᠮᠦᠷ ᠲᠡᠭᠦᠨ ᠳᠤ ᠦᠬᠦᠯᠡᠷᠦᠨ᠄ ︽ᠬᠡᠳᠦᠶᠢᠪᠡᠷ ᠴᠢᠨᠦ ᠶᠠᠯ᠎ᠠ ᠮᠠᠰᠢ ᠬᠦᠨᠳᠦ ᠪᠣᠯᠪᠠᠴᠣ᠂ ᠪᠢᠳᠡ ᠬᠤᠶᠠᠭᠤᠯᠠ ᠰᠠᠳᠣᠨ ᠪᠣᠯᠬᠤ ᠶᠢᠨ ᠲᠣᠯᠠᠳᠠ ᠪᠢ ᠴᠢᠮᠠᠢ ᠠᠯᠠᠬᠤ ᠦᠭᠡᠢ ᠲᠠᠯᠪᠢᠶ᠎ᠠ᠃ ᠴᠢ ᠪᠢᠳᠡᠨ ᠣᠷᠤᠭ ᠰᠠᠳᠣᠨ ᠤ ᠬᠠᠷᠢᠴᠠᠭ᠎ᠠ ᠲᠠᠢ ᠪᠠ ᠴᠢᠨᠦ ᠴᠠᠭᠠᠨ ᠪᠣᠭᠤᠷᠣᠯ ᠲᠣᠯᠣᠭᠠᠢ ᠶᠢ ᠴᠢᠨᠢ ᠪᠣᠳᠣᠵᠣ ᠡᠨᠡ ᠣᠳᠠᠭ᠎ᠠ ᠠᠭᠤᠴᠢᠯᠠᠶ᠎ᠠ᠃ ᠡᠰᠡᠪᠦᠭᠡᠰᠦ ᠴᠢᠮ᠎ᠠ ᠶᠢ ᠠᠯᠠᠬᠤ ᠪᠠᠷ ᠰᠢᠢᠳᠭᠡᠨ ᠲᠣᠯᠣᠭᠠᠢ ᠶᠢ ᠴᠢᠨᠢ ᠴᠠᠪᠴᠢᠨ ᠣᠨᠠᠭᠠᠬᠤ ᠨᠢ ᠵᠦᠢ ᠶᠣᠰᠣᠨ ᠤ ᠬᠡᠷᠡᠭ ᠶᠣᠮ︾ ᠭᠡᠪᠡ᠃ ᠡᠮᠢᠷ ᠲᠡᠮᠦᠷ ᠬᠠᠨᠵᠠᠳᠠ ᠳᠤ ᠬᠡᠯᠡᠭᠰᠡᠨ ᠨᠢ᠄ ︽ᠴᠢᠮ᠎ᠠ ᠶᠢ ᠮᠦᠬᠠᠮᠦᠳ᠋ ᠪᠣᠭᠳᠠ ᠶᠢᠨ ᠬᠤᠶᠢᠴᠢᠰ ᠲᠠᠢ ᠰᠠᠳᠣᠨ ᠲᠦᠷᠦᠯ ᠪᠣᠯᠬᠤ ᠶᠢ ᠪᠣᠳᠣᠵᠣ ᠪᠢ ᠪᠣᠰᠣᠳ ᠢᠶᠠᠷ ᠴᠢᠮ᠎ᠠ ᠶᠢ ᠲᠣᠷᠣᠮᠵᠢᠯᠠᠭᠤᠯᠬᠤ ᠦᠭᠡᠢ᠂ ᠭᠡᠪᠡᠴᠦ ᠴᠢ ᠵᠠᠪᠠᠯ ᠡᠨᠡ ᠣᠯᠣᠰ ᠠᠴᠠ ᠠᠩᠬᠢᠵᠢᠷᠠᠬᠤ ᠬᠡᠷᠡᠭᠳᠡᠢ︾ ᠭᠡᠵᠦ ᠬᠡᠯᠡᠭᠡᠳ ᠲᠡᠬᠦᠨ ᠢ ᠬᠠᠨᠵ ᠳᠤ ᠮᠦᠷᠬᠦᠯ ᠬᠢᠯᠭᠡᠬᠦ ᠪᠠᠷ ᠶᠠᠪᠣᠭᠤᠯᠪᠠ᠃ ᠾᠢᠳᠢᠷ · ᠶᠠᠰᠠᠷᠢ ᠶᠢᠨ ᠬᠦᠪᠡᠭᠦᠨ ᠨᠢ ᠡᠮᠢᠷ ᠰᠠᠶᠢᠹᠳᠢᠨ ᠤ ᠬᠠᠳᠠᠮ ᠠᠬ᠎ᠠ ᠪᠣᠯᠣᠭᠰᠠᠨ ᠢᠶᠠᠷ ᠢᠶᠠᠨ ᠶᠠᠯ᠎ᠠ ᠪᠠᠨ ᠮᠡᠳᠡᠷᠡᠵᠦ᠂ ᠠᠭᠤᠴᠢᠯᠠᠬᠤ ᠭᠤᠶᠣᠴᠢᠯᠠᠯ ᠬᠦᠰᠡᠭᠰᠡᠨ ᠢᠶᠠᠷ ᠠᠭᠤᠴᠢᠯᠠᠭᠳᠠᠵᠣ᠂ ᠡᠨᠡᠬᠦ ᠵᠣᠪᠠᠯᠠᠩ ᠠᠴᠠ ᠭᠡᠳᠦᠯᠵᠦ ᠴᠢᠳᠠᠵᠠᠢ᠃ ᠢᠩᠬᠢᠭᠡᠳ ᠡᠵᠡᠳ ᠬᠠᠭᠠᠳ ᠤᠨ ᠡᠨᠡᠷᠢᠯ ᠬᠡᠰᠢᠭ ᠢᠶᠠᠷ ᠡᠳᠡᠭᠡᠷ ᠬᠦᠮᠦᠰ ᠤᠨ ᠶᠠᠯ᠎ᠠ ᠨᠢᠭᠦᠯᠳᠦ ᠰᠡᠳᠬᠢᠯ ᠢ ᠠᠷᠢᠭᠤᠰᠬᠠᠨ ᠴᠡᠪᠡᠷᠯᠡᠪᠡ᠃ ᠡᠮᠢᠷ ᠲᠡᠮᠦᠷ ᠨᠢᠭᠡᠨ ᠵᠠᠷᠯᠢᠭ ᠨᠡᠶᠢᠳᠡᠯᠡᠨ᠂ ᠵᠠᠨᠳᠠ · ᠬᠠᠱᠧᠨ ᠢ ᠰᠠᠮᠠᠷᠺᠠᠨᠳ᠋ ᠲᠤ ᠬᠦᠷᠭᠡᠨ ᠴᠢᠩᠭᠠᠳᠠ ᠬᠠᠷᠠᠵᠣ ᠰᠠᠬᠢᠭᠤᠯᠪᠠ᠃ ᠡᠮᠢᠷ ᠲᠡᠮᠦᠷ ᠦᠪᠡᠷ ᠤᠨ ᠨᠡᠶᠢᠰᠯᠡᠯ ᠰᠠᠮᠠᠷᠺᠠᠨᠳ᠋ ᠳᠠᠭᠠᠨ ᠬᠠᠷᠢᠭᠰᠠᠨ ᠤ ᠲᠠᠷᠠᠭ᠎ᠠ ᠵᠠᠷᠯᠢᠭ ᠭᠠᠷᠭᠠᠨ ᠠᠬ᠎ᠠ · ᠪᠣᠬ᠎ᠠ ᠶᠢᠨ ᠬᠦᠪᠡᠭᠦᠨ ᠪᠠᠶᠠᠨ · ᠲᠡᠮᠦᠷ ᠢ ᠰᠢᠪᠠᠷᠭᠠᠨ ᠤ ᠵᠠᠬᠢᠷᠣᠭᠴᠢ ᠪᠠᠷ ᠲᠣᠮᠢᠯᠠᠪᠠ᠃ ᠣᠣᠯ ᠨᠢ ᠵᠠᠨᠳᠠ · ᠬᠠᠱᠧᠨ ᠰᠢᠪᠠᠷᠭᠠᠨ ᠤ ᠵᠠᠬᠢᠷᠣᠭᠴᠢ ᠪᠠᠶᠢᠭᠰᠠᠨ ᠶᠣᠮ᠃ ᠲᠣᠰ ᠪᠦᠯᠦᠭ ᠤᠨ ᠲᠠᠶᠢᠯᠪᠣᠷᠢ ① ᠠᠯᠠᠮᠳᠣ ᠭᠡᠳᠡᠭ ᠨᠢ ᠣᠳᠣᠬᠢ ᠬᠠᠰᠠᠭᠰᠲ᠋ᠠᠨ ᠤ ᠠᠯᠠᠮᠳᠣ ᠪᠣᠯᠣᠨ᠎ᠠ᠂ ᠭᠡᠪᠡᠴᠦ ᠠᠯᠠᠮᠳᠣ ᠳᠤ ᠬᠦᠷᠦᠯ᠎ᠡ ᠭᠡᠰᠡᠨ ᠦᠭᠡ ᠪᠢᠰᠢ᠂ ᠵᠦᠪᠬᠡᠨ ᠲᠡᠭᠦᠨ ᠤ ᠬᠢᠵᠠᠭᠠᠷ ᠲᠤ ᠣᠷᠣᠪᠠ ᠭᠡᠰᠡᠨ ᠦᠭᠡ ᠶᠣᠮ᠃ ② ᠠᠩᠭ᠍ᠯᠢᠴᠢᠯᠠᠭᠴᠢ ᠬᠡᠷᠡᠢ ᠪᠣᠶᠣ ᠬᠡᠷᠡᠶᠢᠳ ᠭᠡᠳᠡᠭ ᠦᠭᠡᠨ ᠳᠤ ᠲᠣᠲᠣᠷᠬᠠᠢ ᠲᠠᠨᠢᠯᠳᠠ ᠦᠭᠡᠢ ᠪᠣᠯᠣᠯᠳᠠᠢ᠂ ᠡᠶᠢᠮᠦ ᠠᠴᠠ ᠲᠡᠷᠡ ᠬᠡᠷᠡᠢ ᠪᠣᠯ ᠪᠠᠷᠤᠭ ᠨᠢᠭᠡ ᠠᠶᠢᠮᠠᠭ ᠤᠨ ᠨᠡᠷ᠎ᠡ ᠪᠣᠯᠣᠨ᠎ᠠ ᠭᠡᠵᠦ ᠲᠠᠶᠢᠯᠪᠣᠷᠢᠯᠠᠭᠠᠳ᠂ kerei kereit gerei gereit kherei khereit ᠵᠡᠷᠭᠡ ᠶᠢ ᠪᠦᠷ ᠵᠢᠬᠰᠠᠭᠠᠨ ᠪᠢᠴᠢᠭᠡᠳ ᠨᠢᠭᠡ ᠨᠡᠷ᠎ᠡ ᠶᠢᠨ ᠣᠯᠠᠨ ᠵᠦᠢᠯ ᠤᠨ ᠪᠢᠴᠢᠯᠭᠡ ᠭᠡᠵᠦ ᠲᠣᠲᠣᠯᠠᠨ ᠲᠠᠶᠢᠯᠪᠣᠷᠢᠯᠠᠭᠠᠳ᠂ ᠬᠤᠶᠢᠨᠠᠬᠢ t ᠨᠢ ᠮᠣᠩᠭᠤᠯ ᠬᠡᠯᠡᠨ ᠤ ᠣᠯᠠᠨ ᠲᠤᠭ᠎ᠠ ᠶᠢ ᠢᠯᠡᠳᠭᠡᠨ᠎ᠡ ᠭᠡᠵᠦ ᠵᠦᠪ ᠲᠠᠶᠢᠯᠪᠣᠷᠢᠯᠠᠵᠠᠢ᠃ ᠭᠡᠪᠡᠴᠦ ᠲᠡᠷᠡ ᠬᠡᠷᠡᠶᠢᠳ ᠭᠡᠳᠡᠭ ᠠᠶᠢᠮᠠᠭ ᠲᠤ ᠲᠣᠲᠣᠷᠠᠬᠠᠢ ᠲᠠᠨᠢᠯᠳᠠ ᠦᠭᠡᠢ ᠪᠣᠯᠬᠤᠷ ᠬᠡᠷᠡᠶᠢᠳ ᠲᠠᠢ ᠬᠠᠮᠢᠶ᠎ᠠ ᠦᠭᠡᠢ Kazait ᠭᠡᠳᠡᠭ ᠦᠭᠡ ᠲᠠᠢ ᠬᠤᠳᠬᠤᠨ ᠂ ᠡᠯ᠎ᠡ ᠵᠦᠢᠯ ᠤᠨ ᠨᠣᠮ ᠪᠢᠴᠢᠭ ᠠᠴᠠ ᠡᠰᠢ ᠲᠠᠲᠠᠨ ᠲᠠᠶᠢᠯᠪᠣᠷᠢᠯᠠᠬᠤ ᠪᠠᠷ ᠣᠷᠣᠯᠳᠣᠭᠰᠠᠨ ᠪᠠᠶᠢᠨ᠎ᠠ᠃ ③ ᠶᠠᠩᠭᠢ ᠶᠢ ᠪᠠᠰᠠ ᠲᠠᠩᠬᠢ ᠭᠡᠬᠦ ᠪᠣᠶᠣ ᠫᠠᠩᠬᠢ ᠭᠡᠳᠡᠭ᠂ ᠬᠡᠯᠡᠯᠬᠡᠨ ᠦᠭᠡᠢ ᠡᠨᠡ ᠭᠠᠵᠠᠷ ᠪᠣᠯ ᠣᠳᠣᠬᠢ ᠳᠠᠯᠠᠰ ᠮᠦᠨ᠃ ᠲᠡᠭᠦᠨ ᠢ ᠶᠠᠩᠭᠢ ᠭᠡᠵᠦ ᠪᠠᠶᠢᠬᠤ ᠨᠢ ᠰᠢᠨ᠎ᠡ ᠬᠤᠳᠠ ᠭᠡᠳᠡᠭ ᠣᠳᠬ᠎ᠠ ᠲᠠᠢ ᠦᠭᠡ ᠶᠠᠩᠭᠢᠺᠠᠨᠳ᠋ ᠶᠢᠨ ᠲᠣᠪᠴᠢᠯᠠᠯ ᠨᠡᠷ᠎ᠡ ᠪᠣᠯᠣᠨ᠎ᠠ᠃ ᠡᠨᠡ ᠭᠠᠵᠠᠷ ᠰᠠᠶᠢᠷᠠᠮ ᠠᠴᠠ ᠵᠡᠬᠦᠨ ᠬᠤᠶᠢᠰᠢ ᠭᠤᠷᠪᠠᠨ ᠵᠠᠭᠤ ᠵᠢᠷᠠᠨ ᠭᠠᠵᠠᠷ ᠣᠷᠴᠢᠮ ᠳᠤ ᠪᠠᠶᠢᠳᠠᠭ᠃ ④ ᠰᠠᠷᠠᠢ · ᠮᠦᠯᠧᠺ · ᠬᠠᠨᠢᠮ ᠪᠣᠯ ᠲᠡᠮᠦᠷ ᠤᠨ ᠨᠢᠭᠡ ᠬᠠᠳᠣᠨ ᠨᠢ ᠪᠣᠯᠣᠨ᠎ᠠ᠃ ᠲᠡᠭᠦᠨ ᠤ ᠲᠦᠷᠦᠭᠰᠡᠨ ᠬᠦᠪᠡᠭᠦᠨ ᠪᠣᠯ ᠲᠡᠮᠦᠷ ᠤᠨ ᠬᠦᠪᠡᠭᠦᠨ ᠱᠠᠬᠠᠷᠤᠭ ᠶᠣᠮ᠂ ᠱᠠᠬᠠᠷᠤᠭ ᠬᠤᠵᠢᠮ ᠲᠡᠮᠦᠷ ᠬᠠᠭᠠᠨᠳᠣ ᠣᠯᠣᠰ ᠲᠤ ᠬᠠᠭᠠᠨ ᠰᠠᠭᠤᠵᠣ ᠦᠩᠭᠡᠷᠡᠵᠡᠢ᠃ ᠲᠠᠷᠠᠭ᠎ᠠ ᠦᠬᠦᠯᠡᠭᠳᠡᠬᠦ ᠠᠬ᠎ᠠ · ᠪᠠᠬᠢ ᠭᠦᠩᠵᠦ ᠭᠡᠳᠡᠭ ᠨᠢ ᠲᠡᠮᠦᠷ ᠤᠨ ᠣᠳᠣᠮ  ᠤᠨ ᠬᠡᠣᠬᠡᠨ ᠪᠣᠯᠣᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号