ᠡᠮᠢᠷ ᠲᠡᠮᠦᠷ ᠭᠤᠷᠪᠠᠳᠣᠭᠠᠷ ᠣᠳᠠᠭ᠎ᠠ ᠮᠣᠩᠭᠤᠯᠰᠲ᠋ᠠᠨ ᠢ ᠲᠣᠪᠳᠣᠯᠣᠭᠰᠠᠨ ᠨᠢ
ᠨᠡᠶᠢᠲᠡᠯᠡᠭᠰᠡᠨ ᠴᠠᠭ᠄
2020/3/18
ᠠᠷᠪᠠᠨ ᠨᠠᠢᠮᠠᠳᠣᠭᠠᠷ ᠪᠦᠯᠦᠭ    ᠾᠢᠵᠢᠷ ᠲᠣᠭᠠᠯᠠᠯ ᠤᠨ 776 ᠣᠨ ︵1375 ᠣᠨ︶ ᠤ ᠱᠠᠪᠠᠨ ᠰᠠᠷ᠎ᠠ ᠶᠢᠨ ᠰᠢᠨ᠎ᠠ ᠶᠢᠨ ᠨᠢᠭᠡᠨ᠂ ᠭᠠᠷᠠᠭ  ᠤᠨ ᠲᠦᠷᠪᠡᠨ ᠳᠤ ᠡᠮᠢᠷ ᠲᠡᠮᠦᠷ ᠨᠢᠭᠡᠨ ᠰᠠᠯᠠᠭ᠎ᠠ ᠴᠡᠷᠢᠭ ᠮᠣᠷᠢ ᠵᠣᠬᠢᠶᠠᠨ ᠪᠠᠶᠢᠭᠤᠯᠵᠣ᠂ ᠴᠠᠭᠠᠳᠠᠢ ᠶᠢᠨ ᠣᠯᠣᠰ ᠲᠠᠷᠣᠢ ᠮᠣᠩᠭᠤᠯᠰᠲ᠋ᠠᠨ ᠢ ᠲᠣᠪᠳᠣᠯᠬᠤ ᠪᠠᠷ ᠮᠣᠷᠳᠠᠨ ᠭᠠᠷᠪᠠ᠃ ᠵᠠᠮ ᠳᠠᠭᠠᠨ ᠲᠡᠳᠡ ᠷᠠᠪᠠᠲ · ᠺᠠᠳᠠᠨ ᠭᠡᠳᠡᠭ ᠭᠠᠵᠠᠷ ᠲᠤ ᠬᠦᠷᠢᠶ᠎ᠡ ᠪᠠᠭᠤᠵᠠᠢ᠃ ᠲᠣᠬᠠᠢ ᠶᠢᠨ ᠦᠶ᠎ᠡ ᠳᠤ ᠲᠡᠭᠷᠢ ᠭᠡᠨᠡᠳᠳᠡ ᠪᠠᠷ ᠬᠦᠢᠳᠡᠷᠡᠵᠦ ᠡᠭᠦᠯᠡᠳᠦᠨ ᠵᠣᠳᠯᠠᠵᠣ ᠪᠣᠷᠣᠭᠠᠨ ᠴᠠᠰᠣ ᠰᠢᠭᠤᠷᠠᠭᠰᠠᠨ ᠢ ᠬᠡᠯᠡᠬᠦ ᠶᠢᠨ ᠠᠷᠭ᠎ᠠ ᠦᠭᠡᠢ ᠪᠣᠯᠪᠠ᠃ ᠰᠢᠯᠦᠭ ᠲᠤ ᠦᠬᠦᠯᠡᠭᠰᠡᠨ ᠢᠶᠠᠷ ᠄ ᠬᠡᠨ ᠬᠦᠮᠦᠨ ᠡᠶᠢᠮᠦ ᠶᠡᠭᠡ ᠵᠣᠳ ᠰᠢᠭᠤᠷᠭᠠᠨ ᠢ ᠦᠵᠡᠪᠡᠢ︖    ᠬᠦᠮᠦᠨ ᠤ ᠶᠢᠷᠲᠢᠨᠴᠦ ᠶᠢ ᠬᠤᠷᠣᠮᠬᠠᠨ ᠵᠠᠭᠤᠷ᠎ᠠ ᠲᠠᠷᠣᠵᠣ ᠬᠠᠶᠠᠯ᠎ᠠ ᠭᠡᠵᠡᠢ᠃    ᠴᠠᠰᠣ ᠵᠣᠳ ᠲᠤ ᠬᠦᠮᠦᠰ ᠭᠠᠷᠴᠣ ᠶᠠᠪᠣᠪᠠᠯ ᠡᠷᠬᠢᠵᠦ ᠢᠷᠡᠵᠦ ᠴᠢᠳᠠᠬᠤ ᠦᠭᠡᠢ ᠪᠣᠯᠵᠣ᠂ ᠬᠦᠯᠦᠭ ᠮᠣᠷᠢᠳ ᠢ ᠬᠠᠷᠠᠵᠣ ᠠᠩᠬᠠᠷᠬᠤ ᠬᠦᠮᠦᠨ ᠦᠭᠡᠢ ᠪᠣᠯᠣᠭᠠᠳ ᠬᠦᠮᠦᠨ ᠮᠣᠷᠢᠨ ᠤ ᠰᠦᠢᠳᠦᠭᠰᠡᠨ ᠨᠢ ᠲᠣᠭᠠᠯᠠᠰᠢ ᠦᠭᠡᠢ ᠣᠯᠠᠨ ᠪᠣᠯᠪᠠ᠃ ᠡᠮᠢᠷ ᠲᠡᠮᠦᠷ ᠡᠨᠡᠬᠦ ᠬᠠᠷᠠᠰᠠᠯᠳᠣ ᠪᠠᠶᠢᠳᠠᠯ ᠳᠤ ᠦᠷᠦᠪᠴᠢ ᠰᠡᠳᠬᠢᠯ ᠡᠭᠦᠰᠦᠨ ᠵᠠᠷᠯᠢᠭ ᠲᠠᠷᠬᠠᠭᠠᠨ ᠰᠠᠮᠠᠷᠺᠠᠨᠳ᠋ ᠵᠦᠭ ᠢᠶᠠᠨ ᠴᠡᠷᠢᠭ ᠡᠷᠭᠢᠪᠡ᠃ ᠰᠠᠮᠠᠷᠺᠠᠨᠳ᠋ ᠬᠦᠷᠴᠦ ᠬᠤᠶᠠᠷ ᠰᠠᠷ᠎ᠠ ᠠᠮᠠᠷᠠᠨ ᠴᠡᠭᠴᠡᠯᠡᠭᠡᠳ ᠬᠦᠢᠳᠡᠨ ᠤ ᠭᠤᠣᠯ ᠦᠩᠭᠡᠷᠡᠬᠦ ᠶᠢ ᠬᠦᠯᠡᠶᠡᠯ᠎ᠡ᠃ ᠲᠠᠣᠯᠠᠢ ᠵᠢᠯ ᠤᠨ ᠡᠬᠢᠨ ᠤ ᠱᠠᠸᠠᠯ ᠰᠠᠷ᠎ᠠ ᠶᠢᠨ ᠰᠢᠨ᠎ᠡ ᠶᠢᠨ ᠨᠢᠭᠡᠨ᠂ ᠭᠠᠷᠠᠭ  ᠤᠨ ᠨᠢᠭᠡᠨ ᠳᠤ ᠲᠠᠷᠡ ᠲᠠᠬᠢᠨ ᠮᠣᠩᠭᠤᠯᠰᠲ᠋ᠠᠨ ᠵᠦᠭ ᠴᠡᠷᠢᠭᠯᠡᠵᠡᠢ᠃    ᠲᠡᠷᠡ ᠡᠮᠢᠷ ᠵᠠᠳᠠ · ᠵᠢᠬᠠᠨᠬᠢᠷ ᠢ ᠲᠣᠷᠰᠢᠭᠤᠯ ᠳᠤ ᠭᠠᠷᠭᠠᠨ᠂ ᠱᠠᠾ · ᠮᠠᠬᠠᠮᠠᠳ᠋ · ᠪᠠᠶᠠᠨ · ᠰᠦᠯᠳᠦᠰ ᠪᠣᠯᠣᠨ ᠠᠳᠢᠯᠱᠠᠾ ᠲᠠᠢ ᠬᠠᠮᠳᠣ ᠶᠠᠪᠣᠭᠤᠯᠪᠠ᠃ ᠠᠳᠢᠯᠱᠠᠭᠾ ᠪᠣᠯ ᠪᠠᠾᠷᠠᠮ · ᠵᠠᠯᠠᠶᠢᠷ ᠤᠨ ᠬᠦᠪᠡᠭᠦᠨ ᠶᠣᠮ᠃ ᠪᠠᠾᠷᠠᠮ · ᠵᠠᠯᠠᠶᠢᠷ ᠨᠠᠰᠣ ᠪᠠᠷᠠᠭᠠᠳ ᠡᠮᠢᠷ ᠲᠡᠮᠦᠷ ᠲᠡᠭᠦᠨ ᠤ ᠬᠦᠪᠡᠭᠦᠨ ᠢᠶᠠᠷ ᠵᠠᠯᠠᠶᠢᠷ ᠠᠶᠢᠮᠠᠭ ᠤᠨ ᠠᠬᠠᠯᠠᠭᠴᠢ ᠪᠣᠯᠭᠠᠪᠠ᠃ ᠲᠡᠳᠡᠨᠡᠷ ᠰᠠᠶᠢᠷᠠᠮ ᠢ ᠦᠩᠭᠡᠷᠡᠭᠡᠳ ᠨᠢᠭᠡ ᠵᠠᠷᠣᠨ ᠭᠡᠳᠡᠭ ᠭᠠᠵᠠᠷ ᠬᠦᠷᠴᠦ᠂ ᠲᠡᠨᠳᠡ ᠠᠴᠠ ᠨᠢᠭᠡ ᠴᠠᠭᠠᠳᠠᠢ ᠶᠢᠨ ᠴᠡᠷᠢᠭ ᠢ ᠣᠯᠵᠠᠯᠠᠨ ᠪᠠᠷᠢᠪᠴᠢᠯᠠᠪᠠ᠃ ᠲᠡᠭᠡᠭᠡᠳ ᠲᠡᠭᠦᠨ ᠢ , ᠮᠢᠷ ᠲᠡᠮᠦᠷ ᠤᠨ ᠡᠮᠦᠨ᠎ᠡ ᠬᠦᠷᠭᠡᠵᠦ ᠢᠷᠡᠭᠡᠳ᠂ ᠰᠢᠭᠦᠨ ᠠᠰᠠᠭᠤᠵᠣ᠂ ᠲᠣᠬᠤᠷᠠᠭᠤᠳ ᠠᠶᠢᠮᠠᠭ ᠤᠨ ᠬᠠᠮᠠᠷ ᠠᠳ᠋ᠳᠢᠨ ᠤ ᠬᠠᠮᠢᠭ᠎ᠠ ᠪᠠᠶᠢᠭ᠎ᠠ ᠰᠣᠷᠠᠭ ᠢ ᠣᠯᠪᠠ᠃ ᠡᠨᠡ ᠦᠶ᠎ᠡ ᠪᠠᠷ ᠬᠠᠮᠠᠷ ᠠᠳ᠋ᠳᠢᠨ ᠶᠠᠭ ᠰᠠᠶᠢᠬᠠᠨ ᠨᠢᠭᠡ ᠰᠠᠯᠠᠭ᠎ᠠ ᠴᠡᠷᠢᠭ ᠴᠣᠭᠯᠠᠭᠤᠯᠣᠨ᠂ ᠬᠦᠬᠡ ᠲᠡᠪᠡᠭᠡ ① ᠭᠡᠳᠡᠭ ᠭᠠᠵᠠᠷ ᠬᠠᠵᠢ · ᠪᠠᠬᠢ ᠶᠢ ᠬᠦᠯᠢᠶᠡᠵᠦ ᠪᠠᠶᠢᠭ᠎ᠠ ᠠᠵᠠᠢ᠃ ᠲᠡᠷᠡ ᠲᠡᠮᠦᠷ ᠤᠨ ᠢᠷᠡᠭᠰᠡᠨ ᠴᠢᠮᠡᠭᠡ ᠶᠢ ᠬᠠᠷᠬᠠᠨ ᠣᠯᠵᠣ ᠰᠣᠨᠣᠰᠣᠭᠠᠳᠣᠢ ᠪᠠᠶᠢᠪᠠ᠃ ᠲᠡᠭᠡᠭᠡᠳ ᠡᠮᠢᠷ ᠲᠡᠮᠦᠷ ᠬᠤᠰᠢᠭᠤᠴᠢ ᠴᠡᠷᠢᠭ ᠢᠶᠠᠨ ᠲᠦᠷᠭᠡᠨ ᠮᠣᠷᠳᠠᠭᠤᠯᠵᠣ᠂ ᠦᠪᠡᠷᠳᠡᠭᠨ ᠬᠤᠶᠢᠨ᠎ᠠ ᠠᠴᠠ ᠨᠢ ᠱᠠᠯᠠᠪᠳᠠᠨ ᠮᠣᠷᠳᠠᠪᠠ᠃ ᠬᠠᠮᠠᠷ ᠠᠳ᠋ᠳᠢᠨ ᠲᠡᠭᠦᠨ ᠤ ᠴᠢᠮᠡᠭᠡ ᠶᠢ ᠣᠯᠣᠮᠠᠭᠴᠠ ᠪᠠᠨ ᠬᠦᠮᠦᠨ ᠮᠣᠷᠢ ᠪᠠᠨ ᠲᠠᠭᠠᠭᠤᠯᠣᠨ ᠨᠢᠭᠡ ᠰᠠᠬᠢᠬᠤ ᠬᠢᠯᠪᠡᠷ ᠲᠣᠪᠳᠣᠯᠬᠤ ᠳᠤ ᠪᠡᠷᠬᠡ ᠭᠠᠵᠠᠷ ᠣᠯᠵᠣ ᠣᠬᠤᠷᠢᠨ ᠰᠠᠬᠢᠵᠠᠢ᠃ ᠡᠨᠡ ᠭᠠᠵᠠᠷ ᠢ ᠨᠢ ᠪᠢᠷᠬ᠎ᠠ ᠬᠦᠷᠢᠶᠡᠨ ② ᠭᠡᠳᠡᠭ ᠶᠣᠮ᠃ ᠡᠨᠡ ᠭᠠᠵᠠᠷ ᠲᠤ ᠭᠤᠷᠪᠠᠨ ᠶᠡᠭᠡ ᠮᠠᠰᠢ ᠭᠦᠨ ᠠᠭᠤᠯᠠᠨ ᠬᠦᠨᠳᠡᠢ ᠪᠠᠶᠢᠵᠣ᠂ ᠬᠦᠨᠳᠡᠢ ᠪᠦᠷᠢ ᠳᠤᠨᠢ ᠪᠦᠷ ᠨᠢᠭᠡᠨ ᠵᠣᠷᠪᠣᠰ ᠭᠤᠣᠯ ᠲᠠᠢ ᠠᠵᠠᠢ᠃ ᠬᠠᠮᠠᠷ ᠠᠳ᠋ᠳᠢᠨ ᠲᠡᠭᠦᠨ ᠤ ᠬᠤᠶᠠᠷ ᠵᠣᠷᠪᠣᠰ ᠭᠤᠣᠯ ᠢ ᠭᠠᠳᠣᠯᠣᠨ ᠭᠠᠷᠴᠣ ᠭᠤᠷᠪᠠᠳᠠᠬᠢ ᠠᠭᠤᠯᠠᠨ ᠬᠦᠨᠳᠡᠢ ᠳᠤ ᠴᠡᠷᠢᠭ ᠪᠠᠭᠤᠨ ᠰᠢᠪᠡᠭᠡ ᠪᠣᠰᠬᠠᠨ ᠬᠦᠷᠢᠶᠡᠯᠡᠨ ᠰᠠᠬᠢᠵᠠᠢ᠃ ᠬᠦᠨᠳᠡᠢ ᠳᠤ ᠣᠷᠣᠬᠤ ᠵᠠᠮ ᠪᠦᠬᠦᠨ ᠢ ᠪᠦᠷ ᠪᠦᠭᠯᠡᠨ ᠬᠠᠯᠬᠠᠪᠴᠢ ᠪᠡᠯᠡᠳᠭᠡᠨ ᠰᠠᠬᠢᠵᠣ ᠰᠠᠭᠤᠪᠠ᠃    ᠸᠠᠩ ᠬᠦᠪᠡᠭᠦᠨ ᠵᠢᠬᠠᠨᠬᠢᠷ ︵ᠲᠡᠮᠦᠷ ᠤᠨ ᠠᠬᠠᠮᠠᠳ ᠬᠦᠪᠡᠭᠦᠨ︶ ᠲᠡᠬᠦᠨ ᠤ ᠲᠠᠶᠢᠨ ᠳᠤ ᠰᠢᠯᠭᠠᠷᠠᠭᠰᠠᠨ ᠭᠠᠷᠮᠠᠭᠠᠢ ᠲᠠᠶᠢᠴᠢᠳ ᠢᠶᠠᠨ ᠲᠠᠭᠠᠭᠤᠯᠣᠨ ᠭᠡᠩᠭᠡᠷᠬᠡ ᠪᠦᠷᠢᠶ᠎ᠡ ᠶᠢᠨ ᠲᠠᠭᠤᠨ ᠤ ᠲᠣᠮᠳᠠᠭᠤᠷ ᠲᠠᠶᠢᠰᠣᠨ ᠤ ᠵᠦᠭ ᠠᠯᠠᠨ ᠣᠷᠣᠯ᠎ᠠ᠃ ᠬᠤᠮᠣᠷᠬᠠᠨ ᠵᠠᠭᠤᠷ᠎ᠠ ᠮᠠᠨ ᠤ ᠴᠡᠷᠢᠭ ᠤᠨ ᠲᠦᠮᠡᠨ ᠵᠡᠪᠡ ᠵᠡᠷᠭᠡᠪᠡᠷ ᠨᠢᠰᠦᠯᠴᠡᠨ ᠲᠠᠶᠢᠰᠣᠨ ᠤ ᠴᠡᠷᠢᠭ ᠢ ᠶᠡᠬᠡᠪᠡᠷ ᠠᠯᠠᠨ ᠣᠰᠠᠳᠬᠠᠯ᠎ᠠ᠃ ᠲᠣᠯᠣᠯᠳᠣᠨ ᠠᠯᠠᠯᠴᠠᠭᠰᠠᠭᠠᠷ ᠬᠤᠶᠠᠷ ᠲᠠᠯ᠎ᠠ ᠶᠢᠨ ᠴᠡᠷᠢᠭ ᠣᠶᠢᠷᠠᠳᠬᠤ  ᠶᠢᠨ ᠦᠶ᠎ᠡ ᠪᠣᠯᠬᠤ ᠳᠤ ᠨᠢᠭᠡᠨᠳᠡ ᠲᠡᠭᠷᠢ ᠬᠠᠷᠠᠩᠭᠤᠢ ᠪᠣᠯᠵᠠᠢ᠃ ᠰᠦᠨᠢ ᠶᠢᠨ ᠭᠦᠨ ᠪᠣᠯᠣᠭᠠᠳ ᠲᠠᠶᠢᠰᠣᠨ ᠨᠤᠭᠤᠳ ᠦᠪᠡᠷ ᠤᠨ ᠵᠢᠬᠰᠠᠭᠠᠯ ᠤᠨ ᠭᠠᠵᠠᠷ ᠠᠴᠠ ᠪᠠᠨ ᠰᠡᠮᠬᠡᠨ ᠣᠷᠭᠤᠨ ᠭᠠᠷᠴᠣ ᠲᠣᠳᠠᠭᠠᠨ ᠶᠠᠪᠣᠵᠠᠭᠠᠪᠠ᠃ ᠡᠶᠢᠮᠦ ᠠᠴᠠ ᠲᠠᠷᠠᠭ᠎ᠠ ᠡᠷᠳᠡ ᠨᠢ ᠲᠡᠭᠷᠢ ᠭᠡᠭᠡᠷᠡᠬᠦ ᠦᠶ᠎ᠡ ᠳᠤ ᠮᠠᠨ ᠤ ᠴᠡᠷᠢᠭ ᠰᠠᠶ᠋ᠢ ᠴᠠᠭᠠᠳᠠᠢ ᠶᠢᠨ ᠴᠡᠷᠢᠭ — ᠮᠣᠩᠭᠤᠯᠰᠲ᠋ᠠᠨ ᠤ ᠴᠡᠷᠢᠭ ᠤᠨ ᠬᠦᠷᠢᠶ᠎ᠡ ᠳᠤ ᠨᠢᠭᠡᠴᠦ ᠬᠦᠮᠦᠨ ᠦᠭᠡᠢ ᠪᠣᠯᠣᠭᠰᠠᠨ ᠢ ᠦᠵᠡᠭᠡᠳ᠂ ᠮᠠᠨᠠᠶᠢᠬᠢᠳ ᠲᠡᠶᠢᠯᠦᠭᠰᠡᠨ ᠡᠷᠴᠢᠨ ᠲᠡᠭᠡᠷ᠎ᠡ ᠪᠠᠨ ᠲᠠᠶᠢᠰᠣᠨ ᠢ ᠰᠡᠬᠦᠯᠳᠡᠨ ᠨᠡᠬᠡᠵᠦ᠂ ᠭᠠᠵᠢᠭᠤ ᠱᠠᠰᠢᠨᠳᠠᠨ ᠢ ᠮᠠᠰᠢ ᠣᠯᠠᠨ ᠠᠯᠠᠵᠣ ᠣᠰᠠᠳᠬᠠᠯ᠎ᠠ᠃ ᠨᠠᠷᠠᠨ ᠮᠠᠨᠳᠣᠬᠤ ᠦᠶ᠎ᠡ ᠪᠠᠷ ᠡᠮᠢᠷ ᠲᠡᠮᠦᠷ ᠭᠤᠣᠯ ᠴᠡᠷᠢᠭ ᠢᠶᠠᠨ ᠲᠠᠭᠠᠭᠤᠯᠣᠨ ᠢᠷᠡᠵᠦ ᠡᠨᠡᠬᠦ ᠪᠠᠶᠢᠳᠠᠯ ᠢ ᠦᠵᠡᠭᠡᠳ ᠪᠠᠷᠢᠨ ᠲᠣᠣᠷ᠎ᠠ ᠪᠠᠨ ᠡᠮᠢᠷ ᠰᠠᠶ᠋ᠢᠳ᠋ · ᠳᠠᠬᠤᠳ᠋ ᠪᠣᠯᠣᠨ ᠬᠤᠰᠢᠨ ᠪᠠ ᠦᠴᠢᠬᠠᠷ᠎ᠠ · ᠪᠠᠭᠠᠳᠣᠷ ᠢ ᠲᠣᠮᠢᠯᠠᠨ ᠲᠠᠶᠢᠰᠣᠨ ᠢ ᠨᠡᠬᠡᠮᠵᠢᠯᠡᠭᠦᠯᠪᠡ᠃ ᠲᠡᠳᠡ ᠵᠠᠷᠯᠢᠭ ᠶᠣᠰᠣᠭᠠᠷ ᠭᠤᠣᠯ ᠦᠭᠰᠦᠨ ᠨᠡᠬᠡᠮᠵᠢᠯᠡᠨ ᠪᠠᠶᠢᠯᠳᠣᠵᠣ ᠪᠠᠶᠢᠭᠠᠳ᠂ ᠬᠤᠰᠢᠨ ᠭᠤᠣᠯ ᠳᠤ ᠣᠨᠠᠵᠣ ᠴᠠᠴᠠᠨ ᠦᠬᠦᠵᠡᠢ᠃ ᠲᠡᠳᠡ ᠲᠠᠶᠢᠰᠣᠨ ᠤ ᠣᠯᠣᠰ ᠳᠣᠳᠣᠷ᠎ᠠ ᠣᠷᠣᠭᠰᠠᠨ ᠤ ᠲᠠᠷᠠᠭ᠎ᠠ ᠨᠡᠩ ᠶᠡᠬᠡᠪᠡᠷ ᠪᠣᠯᠢᠶᠠᠨ ᠲᠠᠯᠠᠵᠣ᠂ ᠮᠠᠰᠢ ᠣᠯᠠᠨ ᠠᠳᠣᠭᠤ ᠣᠯᠵᠠᠯᠠᠵᠣ ᠢᠷᠡᠪᠡ᠃ ᠭᠡᠪᠡᠴᠦ ᠪᠠᠭᠤᠵᠣ ᠦᠭᠭᠦᠭᠰᠡᠨ ᠬᠠᠵᠠᠷ᠎ᠠ ᠬᠦᠮᠦᠨ ᠢ ᠠᠯᠠᠵᠣ ᠬᠦᠨᠦᠭᠡᠭᠰᠡᠨ ᠦᠭᠡᠢ᠃ ᠵᠦᠪᠬᠡᠨ ᠲᠡᠳᠡᠨᠡᠷ ᠤᠨ ᠵᠡᠪᠰᠡᠭ ᠢ ᠬᠤᠷᠢᠶᠠᠨ ᠠᠪᠣᠭᠠᠳ ᠰᠠᠮᠠᠷᠺᠠᠨᠳ᠋ ᠵᠦᠭ ᠲᠤ ᠬᠦᠷᠭᠡᠪᠡ᠃ ᠡᠮᠢᠷ ᠲᠡᠮᠦᠷ ᠰᠢᠭᠤᠳ ᠨᠡᠬᠡᠮᠵᠢᠯᠡᠭᠰᠡᠭᠡᠷ ᠪᠠᠶᠢᠲ᠋ᠠᠺ ᠲᠤ ᠬᠦᠷᠴᠦ᠂ ᠲᠠᠶᠢᠰᠣᠨ ᠢ ᠠᠮᠠᠳᠠᠨ ᠲᠣᠰᠪᠠ ᠡᠭᠦᠨ ᠤ ᠬᠠᠮᠳᠣ ᠵᠠᠳᠠ · ᠵᠢᠬᠠᠨᠬᠢᠷ ᠢ ᠵᠠᠷᠯᠢᠭᠳᠠᠨ ᠨᠢᠭᠡ ᠬᠤᠰᠢᠭᠤ ᠴᠡᠷᠢᠭ ᠲᠠᠭᠠᠭᠤᠯᠣᠨ ᠬᠠᠮᠠᠷ ᠠᠳ᠋ᠳᠢᠨ ᠢ ᠰᠣᠷᠠᠭᠯᠠᠨ ᠨᠡᠬᠡᠮᠵᠢᠯᠡᠬᠦᠯᠵᠦ᠂ ᠴᠢᠳᠠᠪᠠᠯ ᠲᠡᠭᠦᠨ ᠢ ᠠᠮᠢᠳᠣ ᠪᠠᠷ ᠪᠠᠷᠢᠪᠴᠢᠯᠠᠵᠣ᠂ ᠶᠠᠳᠠᠪᠠᠯ ᠲᠡᠭᠦᠨ ᠤ ᠲᠠᠭᠠᠭᠰᠠᠳ ᠢ ᠪᠣᠳᠠ ᠨᠢᠷᠭᠡᠳᠦᠭᠡᠢ ᠭᠡᠵᠡᠢ᠃ ᠡᠨᠡᠬᠦ ᠲᠦᠷᠦᠯ ᠤᠨ ᠸᠠᠩ ᠵᠠᠷᠯᠢᠭ ᠶᠣᠰᠣᠭᠠᠷ ᠨᠢᠭᠡᠨ ᠰᠠᠯᠠᠭ᠎ᠠ ᠴᠡᠷᠢᠭ  ᠢᠶᠠᠨ ᠲᠠᠭᠠᠭᠤᠯᠣᠨ ᠮᠣᠷᠳᠠᠨ ᠭᠠᠷᠴᠣ᠂ ᠦᠴ ᠪᠠ ᠹᠢᠷᠮᠠᠨ ᠵᠡᠷᠭᠡ ᠶᠢᠨ ᠨᠣᠳᠤᠭ ᠢ ᠲᠠᠯᠠᠭᠳᠣᠨ᠂ ᠭᠦᠨ ᠠᠭᠤᠯᠠᠨ  ᠳᠤ ᠬᠠᠮᠠᠷ ᠠᠳ᠋ᠳᠢᠨ ᠲᠠᠢ ᠵᠣᠯᠭᠠᠨ ᠪᠠᠶᠢᠯᠳᠣᠵᠣ ᠲᠡᠭᠦᠨ ᠢ ᠴᠢᠨᠠᠭᠰᠢ ᠬᠦᠭᠡᠭᠡᠭᠰᠡᠭᠡᠷ ᠲᠡᠭᠦᠨ ᠤ ᠣᠯᠣᠰ ᠤᠨ ᠬᠢᠯᠢ  ᠶᠢᠨ ᠴᠢᠨᠠᠳᠣ ᠭᠠᠷᠳᠠᠯ᠎ᠠ ᠨᠡᠬᠡᠮᠵᠢᠯᠡᠵᠡᠢ᠃ ᠲᠡᠳᠡᠨᠡᠷ ᠤᠨ ᠣᠯᠵᠠᠯᠠᠭᠰᠠᠳ ᠲᠣᠩ ᠣᠯᠠᠨ ᠪᠠᠶᠢᠯ᠎ᠠ᠃ ᠣᠯᠵᠠᠯᠠᠭᠰᠠᠳ  ᠲᠤ ᠬᠠᠮᠠᠷ ᠠᠳ᠋ᠳᠢᠨ ᠤ ᠬᠠᠳᠣᠨ ᠲᠦᠮᠡᠨ · ᠠᠬ᠎ᠠ ᠪᠠ ᠲᠡᠭᠦᠨ ᠤ ᠬᠡᠣᠬᠡᠨ ᠳ᠋ᠢᠯᠱᠠ · ᠠᠬ᠎ᠠ ᠪᠦᠷ ᠪᠠᠶᠢᠵᠠᠢ᠃ ᠡᠨᠡᠬᠦ ᠲᠦᠷᠦᠯ ᠤᠨ ᠸᠠᠩ ᠡᠮᠢᠷ ᠲᠡᠮᠦᠷ ᠲᠤ ᠢᠯᠠᠯᠳᠠ ᠶᠢᠨ ᠴᠢᠮᠡᠭᠡ ᠪᠠᠨ ᠭᠦᠷᠭᠡᠪᠡ᠃ ᠡᠨᠡᠬᠦ ᠲᠠᠪᠢᠨ ᠭᠤᠷᠪᠠᠨ ᠡᠳᠦᠷ ᠲᠣᠲᠣᠷ᠎ᠠ ᠡᠮᠢᠷ ᠲᠡᠮᠦᠷ ᠪᠠᠶᠢᠲ᠋ᠠᠺ ᠠᠴᠠ ᠰᠢᠯᠵᠢᠭᠰᠡᠨ ᠦᠭᠡᠢ᠃ ᠭᠡᠪᠡᠴᠦ ᠲᠡᠷᠡ ᠡᠨᠡᠬᠦ ᠬᠦᠮᠦᠰ ᠤᠨ ᠰᠡᠳᠬᠢᠯ ᠢ ᠬᠦᠳᠡᠯᠭᠡᠮ᠎ᠡ ᠢᠯᠠᠯᠳᠠ ᠶᠢᠨ ᠴᠢᠮᠡᠭᠡ ᠶᠢ ᠰᠣᠨᠣᠰᠣᠭᠠᠳ᠂ ᠪᠠᠷᠢᠨ ᠲᠣᠣᠷ᠎ᠠ ᠪᠠᠨ ᠮᠣᠷᠳᠠᠨ ᠭᠠᠷᠴᠣ ᠬᠠᠷ᠎ᠠ · ᠬᠠᠰᠠᠮᠠᠺ ᠠᠭᠤᠯᠠᠨ ᠳᠤ ᠬᠦᠷᠴᠦ᠂ ᠴᠭᠤᠯᠠᠨ ᠣᠷᠭᠢᠯ ᠳᠤ ᠠᠪᠠᠷᠢᠨ ᠭᠠᠷᠴᠣ ᠬᠦᠪᠡᠭᠦᠨ ᠵᠢᠬᠠᠨᠬᠢᠷ ᠤᠨ ᠢᠶᠠᠨ ᠢᠯᠠᠯᠳᠠ ᠲᠠᠢ  ᠪᠠᠷ ᠪᠣᠴᠠᠵᠣ ᠢᠷᠡᠬᠦ ᠶᠢ ᠣᠭᠳᠣᠨ ᠬᠦᠯᠢᠶᠡᠪᠡ᠃ ᠵᠢᠬᠠᠨᠬᠢᠷ ᠪᠣᠴᠠᠵᠣ ᠢᠷᠡᠭᠡᠳ ᠮᠠᠰᠢᠳᠠ ᠬᠦᠨᠳᠦᠳᠭᠡᠯ ᠲᠠᠢ ᠪᠠᠷ ᠡᠴᠢᠭᠡ ᠶᠢᠨ ᠢᠶᠠᠨ ᠦᠯᠮᠡᠢ ᠶᠢ ᠦᠨᠦᠰᠴᠦ᠂ ᠲᠠᠶᠢᠨ ᠤ ᠣᠯᠵᠠ᠂ ᠠᠭᠳᠠ ᠬᠦᠯᠦᠭ᠂ ᠬᠤᠨᠢ ᠦᠬᠡᠷ ᠪᠠᠨ ᠡᠷᠭᠦᠨ ᠪᠠᠷᠢᠵᠠᠢ᠃ ᠡᠭᠦᠨ ᠤ ᠲᠠᠷᠠᠭ᠎ᠠ ᠪᠠᠷ ᠳ᠋ᠢᠯᠱᠠ · ᠠᠬ᠎ᠠ ᠶᠢ ᠡᠨᠡᠬᠦ ᠶᠡᠭᠡ ᠬᠠᠭᠠᠨ ᠳᠤ ᠬᠦᠷᠭᠡᠨ ᠠᠭᠤᠯᠵᠠᠭᠤᠯᠪᠠ᠃    ᠡᠮᠢᠷ ᠲᠡᠮᠦᠷ ᠠᠳᠡᠬᠢ ᠴᠡᠷᠢᠭ ᠤᠨ ᠬᠦᠷᠢᠶ᠎ᠡ ᠠᠴᠠ ᠪᠠᠨ ᠰᠢᠯᠵᠢᠵᠦ᠂ ᠠᠳ᠋ᠪᠠᠱ ᠲᠤ ᠬᠦᠷᠪᠡ᠃ ᠲᠠᠬᠢᠨ ᠲᠡᠨᠳᠡ  ᠠᠴᠠ ᠭᠠᠷᠣᠭᠠᠳ ᠠᠷᠫᠠ · ᠶᠠᠴᠢ ᠳᠤ ᠬᠦᠷᠴᠡᠢ᠃ ᠲᠡᠭᠡᠭᠡᠳ ᠲᠡᠨᠳᠡ ᠶᠡᠭᠡ ᠬᠤᠷᠢᠮ ᠲᠠᠯᠪᠢᠨ᠂ ᠬᠡᠳᠦᠨ ᠡᠳᠦᠷ  ᠢᠶᠠᠷ ᠨᠠᠶᠢᠷᠠᠯᠠᠪᠠ᠃ ᠡᠮᠢᠷ ᠲᠡᠮᠦᠷ ᠤᠨ ᠬᠠᠭᠤᠴᠢᠨ ᠨᠠᠶᠢᠵᠠ ᠮᠣᠪᠠᠷᠠᠭ ᠱᠠᠾ · ᠮᠧᠯᠢᠺ ︵ᠲᠡᠷᠡ ᠪᠣᠯ ᠶᠢᠰᠦᠨ ᠮᠢᠩᠭᠠᠳᠠᠨ ᠤ ᠶᠡᠭᠡ ᠨᠣᠶᠠᠨ ᠪᠢᠯᠡ︶ ᠴᠦ ᠲᠡᠭᠦᠨ ᠢ ᠶᠡᠭᠡ ᠬᠤᠷᠢᠮ ᠪᠡᠯᠡᠳᠭᠡᠨ ᠵᠣᠴᠢᠯᠠᠪᠠ᠃ ᠡᠮᠢᠷ ᠲᠡᠮᠦᠷ ᠲᠡᠭᠦᠨ  ᠳᠤ ᠡᠨᠡᠷᠢᠯ ᠬᠡᠰᠢᠭ ᠢᠶᠠᠨ ᠶᠡᠬᠡᠳᠡ ᠬᠦᠷᠳᠡᠭᠡᠨ᠂ ᠲᠡᠭᠦᠨ ᠤ ᠬᠦᠪᠡᠭᠦᠨ ᠬᠤᠳᠠᠶᠢᠳᠠ ᠪᠠᠷ ᠡᠨᠡ ᠣᠳᠠᠭᠠᠨ ᠤ ᠲᠠᠶᠢᠨ  ᠳᠤ ᠨᠦᠭᠴᠢᠭᠰᠡᠨ ᠰᠠᠯᠠᠷ · ᠣᠾᠯᠠᠨ ᠪᠣᠯᠣᠨ ᠬᠤᠰᠢᠨ ᠤ ᠦᠩᠭᠡ ᠭᠡᠷᠡᠯ ᠢ ᠵᠠᠯᠭᠠᠮᠵᠢᠯᠠᠭᠤᠯᠪᠠ᠃ ᠲᠣᠰ ᠪᠦᠯᠦᠭ ᠤᠨ ᠲᠠᠶᠢᠯᠪᠣᠷᠢ ① ᠡᠨᠡ ᠨᠡᠷ᠎ᠡ ᠬᠡᠯᠡᠯᠬᠡᠨ ᠦᠭᠡᠢ ᠬᠦᠬᠡ ᠲᠡᠪᠡᠭᠡ ᠭᠡᠳᠡᠭ ᠮᠣᠩᠭᠤᠯ ᠦᠭᠡ ᠪᠣᠯᠣᠨ᠎ᠠ᠃ ᠲᠡᠭᠦᠨ ᠤ ᠯᠠᠲ᠋ᠢᠨ ᠠᠪᠢᠶᠠᠴᠢᠯᠠᠯᠭ᠎ᠠ ᠨᠢ Kuk tipa ᠭᠡᠵᠦ᠂ ᠬᠢᠳᠠᠳ ᠢᠶᠠᠷ ᠪᠠᠰᠠ ᠬᠦᠭᠡ ᠲᠣᠪᠣᠷᠬᠠᠭ ᠭᠡᠵᠦ ᠲᠡᠮᠳᠡᠭᠯᠡᠵᠡᠢ᠃ ᠲᠡᠭᠡᠭᠡᠳ ᠠᠩᠭ᠍ᠯᠢᠴᠢᠯᠠᠭᠴᠢ ᠠᠴᠠ ᠡᠨᠡᠬᠦ ᠭᠠᠵᠠᠷ ᠤᠨ ᠨᠡᠷ᠎ᠡ ᠶᠢ ᠣᠯᠠᠨ ᠭᠠᠵᠠᠷ ᠤᠨ ᠵᠢᠷᠤᠭ ᠠᠴᠠ ᠪᠦᠷ ᠬᠠᠶᠢᠵᠣ ᠣᠯᠣᠭᠰᠠᠨ ᠦᠭᠡᠢ ᠭᠡᠵᠦ ᠲᠡᠮᠳᠡᠭᠯᠡᠪᠡ᠃ ᠦᠨᠡᠨᠳᠡᠭᠡᠨ ᠲᠣᠬᠠᠢ ᠶᠢᠨ ᠦᠶ᠎ᠡ ᠶᠢᠨ ᠮᠣᠩᠭᠤᠯ ᠨᠡᠷ᠎ᠡ ᠨᠢ ᠭᠡᠭᠡᠭᠳᠡᠵᠦ᠂ ᠪᠣᠰᠣᠳ ᠣᠭᠰᠠᠭᠠᠳᠠᠨ ᠤ ᠬᠡᠯᠡ ᠪᠠᠷ ᠰᠣᠯᠢᠭᠳᠠᠭᠰᠠᠨ ᠲᠠᠢ ᠬᠤᠯᠪᠣᠭ᠎ᠠ ᠲᠠᠢ ᠶᠣᠮ᠃ ᠲᠣᠮᠳᠠᠳᠣ ᠠᠽᠢ ᠳᠤ ᠡᠶᠢᠮᠦᠷᠬᠦ ᠪᠠᠶᠢᠳᠠᠯ ᠮᠣᠩ ᠦᠭᠡᠢ ᠲᠣᠬᠢᠶᠠᠯᠳᠣᠨ᠎ᠠ᠃ ᠨᠢᠭᠡ ᠭᠠᠵᠠᠷ ᠤᠨ ᠨᠡᠷ᠎ᠡ ᠶᠢ ᠵᠠᠷᠢᠮ ᠬᠦᠮᠦᠨ ᠲᠡᠭᠦᠨ ᠤ ᠭᠷᠢᠭ ᠨᠡᠷ᠎ᠡ ᠶᠢ ᠭᠡᠷᠡᠭᠯᠡᠵᠦ ᠪᠠᠶᠢᠳᠠᠯ᠎ᠠ᠂ ᠵᠠᠷᠢᠮ ᠨᠢ ᠠᠷᠠᠪ ᠨᠡᠷ᠎ᠡ ᠬᠡᠷᠡᠭᠯᠡᠵᠦ᠂ ᠪᠠᠰᠠ ᠵᠠᠷᠢᠮ ᠨᠢ ᠡᠨᠡᠳᠬᠡᠭ ᠨᠡᠷ᠎ᠡ᠂ ᠲᠦᠷᠺ ᠨᠡᠷ᠎ᠡ᠂ ᠮᠣᠩᠭᠤᠯ ᠨᠡᠷ᠎ᠡ ᠵᠡᠷᠭᠡ ᠶᠢ ᠬᠡᠷᠡᠭᠯᠡᠵᠦ᠂ ᠬᠠᠶ᠎ᠠ ᠵᠠᠷᠢᠮ ᠨᠢ ᠪᠠᠰᠠ ᠬᠠᠷ᠎ᠠ ᠬᠢᠳᠠᠨ ᠨᠡᠷ᠎ᠡ ᠬᠡᠷᠡᠭᠯᠡᠬᠦ ᠦᠵᠡᠭᠳᠡᠯ ᠪᠠᠶᠢᠳᠠᠭ ᠪᠣᠯᠬᠤᠷ ᠮᠠᠰᠢ ᠪᠣᠳᠣᠯᠢᠶᠠᠨ ᠲᠠᠢ ᠪᠣᠯᠳᠠᠭ ᠶᠣᠮ᠃ ᠡᠳᠡᠭᠡᠷ ᠨᠡᠷ᠎ᠡ ᠪᠦᠬᠦᠨ ᠭᠠᠵᠠᠷ ᠤᠨ ᠵᠢᠷᠤᠭ ᠠᠴᠠ ᠣᠯᠳᠠᠳᠠᠭ ᠦᠭᠡᠢ ᠨᠢ ᠵᠦᠢ ᠶᠣᠰᠣᠨ ᠤ ᠦᠵᠡᠭᠳᠡᠯ ᠪᠣᠯᠵᠠᠢ — ᠮᠣᠩᠭᠤᠯᠴᠢᠯᠠᠭᠴᠢ ᠠᠴᠠ᠃ ② ᠡᠨᠡᠬᠦ ᠨᠡᠷ᠎ᠡ ᠦᠭᠡ ᠪᠣᠯ ᠦᠨᠡᠨᠳᠡᠭᠡᠨ ᠪᠡᠷᠬᠡ ᠬᠦᠷᠢᠶᠡᠨ ᠭᠡᠳᠡᠭ ᠭᠠᠵᠠᠷ ᠤᠨ ᠨᠡᠷ᠎ᠡ ᠪᠣᠯᠣᠨ᠎ᠠ᠃ ᠲᠡᠭᠦᠨ ᠤ ᠯᠠᠲ᠋ᠢᠨ ᠭᠠᠯᠢᠭᠴᠢᠯᠠᠭ᠎ᠠ  ᠳᠤ Birkah-i-Ghurian ᠭᠡᠵᠡᠢ᠃ ᠪᠡᠷᠬᠡ ᠬᠦᠷᠢᠶᠡᠨ ᠪᠣᠯ ᠭᠤᠷᠪᠠᠨ ᠵᠣᠷᠪᠣᠰ ᠬᠦᠨᠳᠡᠢ ᠪᠠᠷ ᠪᠦᠷᠢᠯᠳᠦᠨ ᠬᠦᠨᠳᠡᠢ ᠪᠦᠷᠢ ᠳᠤᠨᠢ ᠪᠦᠷ ᠨᠢᠭᠡ ᠶᠡᠭᠡ ᠭᠤᠣᠯ ᠲᠠᠢ ᠠᠵᠠᠢ᠃ ᠡᠶᠢᠮᠦ ᠠᠴᠠ ᠡᠨᠡᠬᠦ ᠭᠠᠵᠠᠷ ᠤᠨ ᠪᠠᠶᠢᠴᠠ ᠮᠠᠰᠢ ᠪᠡᠷᠬᠡ ᠪᠠᠯᠠᠷ ᠲᠠᠢ ᠭᠠᠵᠠᠷ ᠪᠣᠯᠬᠤᠷ ᠴᠡᠷᠢᠭ ᠮᠣᠷᠢ ᠣᠷᠣᠬᠤ ᠳᠤ ᠪᠡᠷᠬᠡᠳᠡᠢ ᠠᠵᠠᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号