ᠡᠮᠢᠷ ᠲᠡᠮᠦᠷ ᠳ᠋ᠢᠯᠱᠠ · ᠠᠬ᠎ᠠ · ᠪᠧᠺᠢᠮ ᠢ ᠪᠣᠭᠳᠣᠯᠠᠨ ᠠᠪᠣᠭᠰᠠᠨ ᠨᠢ
ᠨᠡᠶᠢᠲᠡᠯᠡᠭᠰᠡᠨ ᠴᠠᠭ᠄
2020/3/19
ᠠᠷᠪᠠ ᠶᠢᠰᠦᠳᠦᠭᠡᠷ ᠪᠦᠯᠦᠭ      ᠡᠮᠢᠷ ᠲᠡᠮᠦᠷ ᠳ᠋ᠢᠯᠱᠠ · ᠠᠬ᠎ᠠ ᠶᠢ ᠬᠠᠶᠢᠷᠠᠯᠠᠵᠣ ᠰᠠᠨᠠᠬᠤ ᠶᠢᠨ ᠡᠷᠭᠡᠨ ᠳᠤ ︽ᠺᠣᠷᠠᠨ ᠰᠣᠳᠣᠷ︾ ᠲᠣᠲᠣᠷᠠᠬᠢ ︽ᠲᠠ ᠨᠡᠷ ᠦᠪᠡᠷ ᠤᠨ ᠬᠠᠶᠢᠷᠠᠯᠠᠵᠣ ᠰᠠᠨᠠᠭᠰᠠᠨ ᠬᠡᠣᠬᠡᠨᠴᠣᠳ ᠢ ᠪᠣᠭᠳᠣᠯᠠᠨ ᠠᠪᠴᠣ ᠁ ᠨᠡᠶᠢᠳᠡ ᠲᠦᠷᠪᠡᠨ ᠡᠬᠡᠨᠡᠷ ᠠᠪᠴᠣ ᠪᠣᠯᠣᠨ᠎ᠠ︾ ᠭᠡᠳᠡᠭ ᠵᠢᠭᠠᠪᠣᠷᠢ ᠶᠣᠰᠣ ᠶᠢ ᠵᠢᠷᠣᠮᠯᠠᠵᠣ᠂ ᠳ᠋ᠢᠯᠱᠠ · ᠠᠬ᠎ᠠ ᠶᠢ ᠪᠣᠭᠳᠣᠯᠠᠨ ᠠᠪᠴᠠᠢ᠃ ᠲᠣᠲᠣᠭᠠᠳᠣ ᠣᠷᠳᠣᠨ ᠤ ᠨᠣᠶᠠᠳ ᠲᠠᠷᠣᠭᠠᠰ ᠤᠨ ᠲᠣᠬᠢᠷᠠᠭᠤᠯᠭ᠎ᠠ ᠲᠣᠣᠷ᠎ᠠ ᠬᠤᠷᠢᠮ ᠤᠨ ᠶᠣᠰᠣᠯᠠᠯ ᠦᠪᠡᠳᠡᠭᠰᠢ ᠶᠡᠬᠡᠪᠡᠷ ᠶᠠᠪᠣᠭᠳᠠᠪᠠ᠃ ᠠᠮᠳᠠᠳᠣ ᠠᠷᠢᠬᠢ᠂ ᠠᠶᠠᠯᠭᠤᠳᠣ ᠬᠦᠭᠵᠢᠮ ᠠᠯᠢ ᠠᠯᠢ ᠨᠢ ᠴᠦ ᠡᠯᠪᠡᠭ ᠲᠡᠯᠪᠡᠭ ᠪᠣᠯᠵᠣ᠂ ᠲᠦᠷᠢᠮ ᠶᠣᠰᠣᠯᠠᠯ ᠤᠨ ᠦᠪᠡᠳᠡᠭᠰᠢ ᠡᠷᠬᠢᠮᠰᠦᠭ ᠲᠦᠢᠯ ᠳᠤ ᠲᠣᠯᠵᠠᠢ᠃ ᠬᠤᠷᠢᠮ ᠶᠣᠰᠣᠯᠠᠯ ᠲᠡᠭᠦᠰᠦᠭᠡᠳ ᠡᠮᠢᠷ ᠲᠡᠮᠦᠷ ᠴᠡᠷᠢᠭ ᠬᠦᠳᠡᠯᠦᠨ ᠭᠠᠷᠴᠣ᠂ ᠶᠠᠴᠢ ᠶᠢᠨ ᠲᠠᠪᠠᠭ᠎ᠠ ᠪᠠᠷ ᠦᠩᠭᠡᠷᠡᠨ᠂ ᠦᠽᠺᠠᠨᠳ᠋ ᠲᠤ ᠬᠦᠷᠴᠦ ᠲᠡᠨᠳᠡ ᠶᠠᠪᠣᠭᠤᠯ ᠣᠷᠳᠣᠨ ᠢᠶᠠᠨ ᠪᠣᠰᠬᠠᠪᠠ᠃ ᠡᠨᠡ ᠦᠶ᠎ᠡ ᠪᠠᠷ ᠲᠡᠭᠦᠨ ᠤ ᠡᠭᠡᠴᠢ ᠬᠤᠲ᠋ᠣᠯᠤᠭ · ᠲᠣᠷᠬᠠᠨ · ᠠᠬ᠎ᠠ ᠣᠯᠠᠨ ᠸᠠᠩ ᠭᠥᠩ ᠢᠵᠠᠭᠤᠷᠳᠠᠨ ᠨᠡᠷ ᠤᠨ ᠪᠠᠷ᠎ᠠ ᠪᠣᠯᠣᠯᠤᠭ᠎ᠠ ᠲᠠᠢ ᠪᠠᠷ ᠰᠠᠮᠠᠷᠺᠠᠨᠳ᠋ ᠠᠴᠠ ᠠᠳᠡ ᠣᠭᠳᠣᠨ ᠢᠷᠡᠵᠠᠢ᠃ ᠲᠡᠷᠡ ᠦᠩᠭᠡ ᠭᠡᠷᠡᠯ ᠲᠠᠢ ᠪᠠᠷ ᠡᠮᠢᠷ ᠲᠡᠮᠦᠷ ᠤᠨ ᠦᠯᠮᠡᠢ ᠶᠢ ᠦᠨᠦᠰᠦᠪᠡ᠃ ᠣᠷᠳᠣᠨ ᠳᠣᠳᠣᠷ᠎ᠠ ᠲᠠᠬᠢᠨ ᠯᠠᠪᠠᠷᠢ ᠡᠯᠭᠦᠨ ᠵᠣᠯᠠ ᠭᠡᠷᠡᠯᠳᠦᠬᠦᠯᠵᠦ ᠬᠤᠷᠢᠮ ᠲᠠᠯᠪᠢᠨ ᠲᠡᠳᠡᠨᠡᠷ ᠤᠨ ᠲᠣᠭᠤᠰᠣ ᠶᠢ ᠨᠢ ᠭᠦᠪᠢᠵᠦ ᠦᠭᠴᠡᠢ᠃ ᠲᠠᠷᠠᠭ᠎ᠠ  ᠨᠢ ᠰᠠᠶ᠋ᠢ ᠦᠽᠺᠠᠨᠳ᠋ ᠠᠴᠠ ᠬᠦᠳᠡᠯᠣᠨ ᠭᠠᠷᠴᠣ ᠬᠤᠵᠠᠨᠲ ᠢ ᠵᠣᠷᠢᠪᠠ᠃ ᠡᠨᠡ ᠦᠶ᠎ᠡ ᠪᠠᠷ ᠳ᠋ᠢᠯᠱᠠ · ᠠᠬ᠎ᠠ ᠡᠮᠢᠷ ᠲᠡᠮᠦᠷ ᠤᠨ ᠰᠠᠨᠠᠭ᠎ᠠ ᠶᠢ ᠲᠠᠭᠠᠬᠤ ᠪᠠᠨ ᠢᠯᠡᠳᠭᠡᠬᠦ ᠦᠭᠡᠢ ᠪᠠᠶᠢᠬᠤ ᠶᠢᠨ ᠠᠷᠭ᠎ᠠ ᠦᠭᠡᠢ ᠪᠣᠯᠵᠣ᠂ ᠲᠠᠭᠠᠬᠤ ᠪᠠᠨ ᠢᠯᠡᠳᠭᠡᠭᠰᠡᠨ‌ᠬᠤᠷᠢᠮ ᠨᠠᠶᠢᠷ ᠡᠭᠦᠰᠭᠡᠨ᠂ ᠡᠮᠢᠷ ᠲᠡᠮᠦᠷ ᠢ ᠵᠠᠯᠠᠵᠣ᠂ ᠦᠯᠡᠮᠵᠢ ᠲᠣᠭᠠᠨ ᠤ ᠠᠭᠳᠠ ᠮᠷᠢᠳ ᠬᠦᠷᠭᠡᠪᠡ ᠃ ᠲᠡᠷᠡ ᠡᠭᠦᠨ ᠢᠶᠠᠷ ᠢᠶᠠᠨ ᠡᠮᠢᠷ ᠲᠡᠮᠦᠷ ᠤᠨ ᠮᠠᠭᠳᠠᠭᠠᠯ ᠢ ᠣᠯᠬᠤ ᠭᠡᠰᠡᠨ ᠠᠵᠠᠢ᠃ ᠭᠡᠪᠡᠴᠦ ᠲᠡᠭᠦᠨ ᠤ ᠲᠣᠲᠣᠷ᠎ᠠ ᠨᠢᠭᠡᠨᠳᠡ ᠪᠣᠳᠣᠵᠣ ᠲᠣᠭᠳᠠᠭᠰᠠᠨ ᠪᠣᠯᠢᠬᠠᠢ ᠣᠬᠠᠭᠠᠨ ᠨᠢᠭᠤᠭᠳᠠᠵᠣ ᠪᠠᠶᠢᠵᠠᠢ᠃ ᠣᠴᠢᠷ ᠨᠢ ᠲᠡᠷᠡ ᠨᠢᠭᠡᠨᠳᠡ ᠲᠣᠬᠢᠷᠠᠭᠤᠯᠵᠣ ᠪᠠᠷᠠᠭᠰᠠᠨ ᠬᠤᠷᠢᠮ ᠤᠨ ᠲᠣᠮᠳᠠ ᠬᠦᠮᠦᠨ ᠪᠦᠭᠬᠦᠬᠦᠯᠦᠨ ᠭᠡᠨᠡᠳᠳᠡ ᠪᠠᠷ ᠭᠠᠷ ᠬᠦᠳᠡᠯᠣᠨ ᠡᠮᠢᠷ ᠲᠡᠮᠦᠷ ᠢ ᠪᠠᠷᠢᠵᠣ ᠠᠪᠬᠤ ᠪᠠᠷ ᠪᠡᠯᠡᠳᠭᠡᠵᠦ ᠪᠠᠶᠢᠭᠰᠠᠨ ᠠᠵᠠᠢ᠃ ᠭᠡᠶ᠎ᠡ ᠡᠮᠢᠷ ᠲᠡᠮᠦᠷ ᠢ ᠠᠯᠯᠠᠾ ᠠᠪᠣᠷᠠᠵᠣ ᠪᠠᠶᠢᠭ᠎ᠠ ᠲᠣᠯᠠ ᠲᠡᠷᠡ ᠵᠠᠪᠰᠢᠶᠠᠨ ᠢᠶᠠᠷ ᠡᠨᠡᠬᠦ ᠣᠪ ᠮᠡᠭᠡ ᠶᠢ ᠰᠡᠷᠡᠵᠦ ᠮᠡᠳᠡᠭᠡᠳ᠂ ᠣᠨᠴᠠᠭᠠᠶᠢᠯᠠᠨ ᠡᠳᠡᠭᠡᠷ ᠬᠦᠮᠦᠰ ᠤᠨ ᠬᠦᠳᠡᠯᠦᠯ ᠠᠴᠠ ᠨᠢᠭᠤᠴᠠ ᠶᠢ ᠨᠢ ᠪᠠᠷᠣᠭᠯᠠᠵᠣ᠂ ᠰᠠᠭᠤᠳᠠᠯ ᠠᠴᠠ ᠪᠣᠰᠴᠣ ᠭᠠᠳᠠᠨ᠎ᠠ ᠭᠠᠷᠴᠣ ᠦᠪᠡᠷ ᠤᠨ ᠮᠣᠷᠢᠨ  ᠲᠠᠭᠠᠨ ᠮᠣᠷᠳᠠᠨ ᠦᠪᠡᠷ ᠤᠨ ᠴᠡᠷᠢᠭ ᠤᠨ ᠬᠦᠷᠢᠶ᠎ᠡ ᠳᠡᠭᠡᠨ ᠪᠣᠴᠠᠪᠠ᠃    ᠡᠮᠢᠷ ᠲᠡᠮᠦᠷ ᠬᠠᠮᠠᠷ ᠠᠳ᠋ᠳᠢᠨ ᠢ ᠲᠣᠪᠳᠣᠯᠬᠤ ᠪᠠᠷ ᠢᠷᠡᠬᠦ ᠦᠶ᠎ᠡ ᠳᠤ ᠱᠠᠾ · ᠮᠠᠬᠠᠮᠠᠳ᠋ · ᠪᠠᠶᠠᠨ · ᠰᠦᠯᠳᠦᠰ᠂ ᠠᠳᠢᠯᠱᠠᠾ · ᠵᠠᠯᠠᠶᠢᠷ ᠪᠣᠯᠣᠨ ᠲᠣᠷᠬᠠᠨ · ᠠᠷᠣᠯᠠᠳ ᠵᠡᠷᠭᠡ ᠶᠢᠨ ᠬᠦᠮᠦᠰ ᠨᠢᠭᠤᠴᠠ ᠪᠠᠷ ᠵᠦᠪᠯᠡᠨ ᠲᠣᠭᠳᠠᠵᠣ᠂ ᠲᠣᠬᠢᠷᠠᠮᠵᠢᠳᠡᠢ ᠴᠠᠭ ᠪᠣᠯᠣᠭᠰᠠᠭᠠᠷ ᠡᠮᠢᠷ ᠲᠡᠮᠦᠷ ᠢ ᠪᠠᠷᠢᠵᠣ ᠠᠪᠬᠤ ᠪᠠᠷ ᠪᠡᠯᠡᠳᠭᠡᠵᠡᠢ᠃ ᠭᠡᠪᠡᠴᠦ ᠲᠡᠳᠡᠨᠡᠷ ᠤᠨ ᠣᠪ ᠮᠡᠭᠡ ᠠᠯᠯᠠᠾ ᠲᠡᠭᠷᠢ ᠶᠢᠨ ᠦᠨᠢᠳᠡ ᠶᠢᠨ ᠠᠪᠣᠷᠠᠯ ᠢ ᠬᠦᠷᠳᠡᠵᠦ ᠪᠠᠶᠢᠭ᠎ᠠ ᠬᠦᠮᠦᠨ ᠢ ᠶᠠᠭᠠᠬᠢᠵᠣ ᠴᠦ ᠴᠢᠳᠠᠬᠤ ᠦᠭᠡᠢ ᠶᠣᠮ᠃ ᠡᠶᠢᠮᠦ ᠠᠴᠠ᠂ ᠡᠮᠢᠷ ᠲᠡᠮᠦᠷ ᠶᠠᠮᠠᠷᠴᠣ ᠠᠶᠣᠯ ᠦᠭᠡᠢ ᠪᠠᠷ ᠠᠮᠣᠷ ᠲᠦᠪᠰᠢᠨ ᠢᠶᠠᠷ ᠦᠪᠡᠷ ᠤᠨ ᠨᠡᠶᠢᠰᠯᠡᠯ ᠲᠡᠭᠡᠨ ᠬᠠᠷᠢᠵᠠᠢ᠃ ᠲᠡᠭᠡᠭᠡᠳ ᠲᠡᠷᠡ ᠵᠠᠷᠯᠢᠭ ᠲᠠᠷᠬᠠᠭᠠᠨ ᠴᠡᠷᠢᠭ ᠮᠣᠷᠢ ᠪᠠᠨ ᠲᠠᠷᠬᠠᠭᠠᠵᠣ᠂ ᠦᠪᠡᠷ ᠤᠨ ᠪᠡᠶ᠎ᠡ ᠨᠢ ᠵᠠᠨᠵᠢᠷ · ᠰᠠᠷᠠᠢ ᠳᠤ ᠡᠪᠦᠯᠵᠢᠬᠦ ᠪᠠᠷ ᠶᠠᠪᠣᠪᠠ᠃ ᠵᠠᠨᠵᠢᠷ · ᠰᠠᠷᠠᠢ ᠪᠣᠯ ᠬᠠᠷᠰᠢ ᠬᠤᠳᠠ ᠶᠢᠨ ᠪᠠᠷᠠᠭᠤᠨ ᠳᠤ ᠬᠤᠶᠠᠷ ᠡᠳᠦᠷ ᠤᠨ ᠵᠠᠮ ᠵᠠᠶᠢᠳᠠᠢ ᠭᠠᠵᠠᠷ ᠲᠤ ᠪᠠᠶᠢᠨ᠎ᠠ᠃ ᠡᠪᠦᠯ ᠤᠨ ᠣᠯᠠᠷᠢᠯ ᠳᠤ ᠠᠳᠢᠯᠱᠠᠾ ᠠᠳᠡ ᠢᠷᠡᠵᠦ᠂ ᠲᠡᠮᠦᠷ ᠤᠨ ᠶᠠᠪᠣᠭᠤᠯ ᠣᠷᠳᠣᠨ ᠳᠤ ᠣᠷᠣᠵᠣ ᠲᠡᠮᠦᠷ ᠲᠤ ᠪᠠᠷᠠᠭᠠᠳᠠᠭᠰᠠᠨ ᠤ ᠰᠡᠬᠦᠯᠡᠷ᠂ ᠦᠪᠡᠷ ᠤᠨ ᠭᠠᠷ ᠲᠣᠣᠷᠠᠬᠢ ᠬᠦᠮᠦᠰ ᠲᠠᠢ ᠨᠢᠭᠤᠴᠠ ᠪᠠᠷ ᠵᠦᠪᠯᠡᠯᠳᠦᠭᠰᠡᠨ ᠶᠠᠯᠠᠳᠣ ᠠᠵᠢᠯᠯᠠᠭ᠎ᠠ ᠪᠠᠨ ᠨᠢᠭᠡᠳ ᠨᠢᠭᠡ ᠪᠠᠷ ᠦᠴᠢᠭᠯᠡᠨ ᠮᠡᠳᠡᠷᠡᠵᠡᠢ᠃ ᠡᠮᠢᠷ ᠲᠡᠮᠦᠷ ᠮᠠᠰᠢ ᠬᠤᠷᠴᠠ ᠣᠬᠠᠭᠠᠨ ᠲᠠᠢ ᠲᠣᠯᠠ ᠶᠠᠮᠠᠷᠴᠣ ᠶᠠᠭᠤᠮ᠎ᠠ ᠪᠣᠯᠤᠭ᠎ᠠ ᠦᠭᠡᠢ ᠶᠣᠮ ᠰᠢᠭ  ᠢᠶᠠᠷ ᠲᠡᠭᠦᠨ ᠢ ᠰᠠᠶᠢᠳᠣᠷ ᠵᠣᠴᠢᠯᠠᠨ ᠨᠠᠶᠢᠷᠠᠯᠠᠵᠣ᠂ ᠬᠦᠨᠳᠦ ᠪᠡᠯᠡᠭ ᠬᠦᠷᠭᠡᠵᠡᠢ᠃ ᠡᠪᠦᠯ ᠦᠩᠬᠡᠷᠡᠭᠡᠳ ᠲᠡᠷᠡ ᠲᠠᠬᠢᠨ ᠵᠠᠷᠯᠢᠭ ᠨᠡᠶᠢᠳᠡᠯᠡᠨ ᠶᠡᠭᠡ ᠴᠡᠷᠢᠭ ᠢᠶᠠᠨ ᠴᠣᠭᠯᠠᠭᠤᠯᠪᠠ᠃ ᠲᠡᠭᠦᠨ ᠤ ᠬᠠᠷᠠᠯᠳᠠ ᠪᠣᠯ ᠬᠤᠷᠣᠽᠧᠮ ᠵᠦᠭ ᠲᠣᠪᠳᠣᠯᠣᠨ ᠣᠷᠣᠬᠤ ᠪᠣᠯᠣᠨ᠎ᠠ᠃ ᠪᠦᠬᠦ ᠵᠠᠩᠵᠣᠨ ᠪᠠᠭᠠᠳᠣᠷᠴᠣᠳ ᠪᠠ ᠸᠠᠩ ᠭᠥᠩ ᠪᠦᠷ ᠦᠪᠡᠷ ᠤᠨ ᠬᠠᠷᠢᠶᠠᠳᠣ ᠴᠡᠷᠢᠭ ᠮᠣᠷᠢ ᠪᠠᠨ ᠲᠠᠭᠠᠭᠤᠯᠣᠨ ᠢᠷᠡᠵᠦ᠂ ᠡᠮᠢᠷ ᠲᠡᠮᠦᠷ ᠤᠨ ᠶᠠᠪᠣᠭᠤᠯ ᠣᠷᠳᠣᠨ ᠣᠷᠴᠢᠮ ᠬᠤᠷᠠᠨ ᠴᠣᠭᠯᠠᠷᠠᠪᠠ᠃ ᠡᠨᠡ ᠦᠶ᠎ᠡ ᠪᠠᠷ ᠡᠮᠢᠷ ᠲᠡᠮᠦᠷ ᠵᠠᠷᠯᠢᠭ ᠭᠠᠷᠭᠠᠨ ᠱᠠᠾ · ᠮᠠᠬᠠᠮᠠᠳ᠋ · ᠪᠠᠶᠠᠨ · ᠰᠦᠯᠳᠦᠰ ᠢ ᠪᠠᠷᠢᠪᠴᠢᠯᠠᠨ ᠠᠪᠴᠣ ᠰᠢᠬᠦᠭᠰᠡᠨ᠎ᠡ᠂ ᠲᠡᠷᠡ ᠦᠨᠡᠨ ᠢᠶᠠᠨ ᠬᠡᠯᠡᠵᠦ ᠦᠪᠡᠷ ᠤᠨ ᠶᠠᠯ᠎ᠠ ᠪᠠᠨ ᠮᠡᠳᠡᠷᠡᠪᠡ᠃ ᠶᠠᠯ᠎ᠠ ᠨᠢ ᠲᠣᠲᠣᠷᠬᠠᠢ ᠪᠣᠯᠣᠭᠰᠠᠨ  ᠤ ᠲᠠᠷᠠᠭ᠎ᠠ ᠲᠡᠭᠦᠨ ᠢ ᠲᠡᠭᠦᠨ ᠤ ᠰᠠᠳᠣᠨ ᠲᠦᠷᠦᠯ ᠪᠣᠯᠬᠤ ᠬᠠᠯᠢᠮᠦᠯᠧᠺ · ᠰᠦᠯᠳᠦᠰ ᠤᠨ ᠠᠬ᠎ᠠ ᠲᠡᠭᠦᠥ ᠨᠡᠷ ᠲᠤ ᠲᠣᠰᠢᠶᠠᠨ ᠦᠭᠭᠦᠪᠡ᠃ ᠬᠠᠯᠢᠮᠦᠯᠧᠺ · ᠰᠦᠯᠳᠦᠰ ᠪᠣᠯ ᠪᠠᠶᠠᠨ ᠰᠦᠯᠳᠦᠰ ᠲᠤ ᠬᠢᠯᠢᠰ ᠢᠶᠠᠷ ᠠᠯᠠᠭᠳᠠᠭᠰᠠᠨ ᠶᠣᠮ᠃ ᠡᠶᠢᠮᠦ ᠠᠴᠠ ᠲᠡᠭᠦᠨ ᠤ ᠠᠬ᠎ᠠ ᠲᠡᠭᠦᠥ ᠨᠡᠷ ᠨᠢ ᠴᠦ ᠪᠠᠶᠠᠨ ᠰᠦᠯᠳᠦᠰ ᠢ ᠴᠦ ᠠᠯᠠᠵᠣ ᠣᠷᠬᠢᠨ ᠬᠠᠯᠢᠮᠦᠯᠧᠺ · ᠰᠦᠯᠳᠦᠰ ᠲᠤ ᠦᠰᠢᠶ᠎ᠡ ᠠᠪᠴᠣ ᠦᠭᠴᠡᠢ᠃ ᠪᠠᠶᠠᠵᠢᠳ᠋ · ᠵᠠᠯᠠᠶᠢᠷ ᠤᠨ ᠬᠦᠪᠡᠭᠦᠨ ᠠᠯᠢ · ᠳ᠋ᠧᠷᠸᠢᠱ ᠶᠠᠯ᠎ᠠ ᠲᠠᠢ  ᠪᠠᠨ ᠢᠯᠠᠴᠢᠯᠡᠭᠳᠡᠵᠦ ᠠᠯᠠᠭᠳᠠᠪᠠ᠃ ᠰᠦᠯᠳᠦᠰ ᠤᠨ ᠲᠦᠮᠡᠨ ᠤ ᠨᠣᠶᠠᠨ ᠤ ᠣᠷᠳᠣᠨ ᠪᠠ ᠵᠢᠴᠢ ᠲᠡᠭᠦᠨ ᠤ ᠬᠠᠣᠯᠢ ᠴᠠᠭᠠᠵᠠ ᠪᠣᠯᠣᠨ ᠴᠠᠭᠳᠠᠭᠠᠨ ᠡᠷᠬᠡ ᠶᠢ ᠨᠢ ᠪᠦᠷ ᠬᠤᠷᠢᠶᠠᠮᠵᠢᠯᠠᠨ ᠠᠪᠴᠣ᠂ ᠡᠷᠡᠯᠬᠡᠭ ᠪᠠᠭᠠᠳᠣᠷ ᠠᠩᠺ · ᠲᠡᠮᠦᠷ · ᠪᠠᠭᠠᠳᠣᠷ ᠲᠤ ᠱᠠᠩᠨᠠᠵᠠᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号