ᠡᠮᠢᠷ ᠲᠡᠮᠦᠷ ᠲᠦᠷᠪᠡᠳᠦᠭᠡᠷ ᠣᠳᠠᠭ᠎ᠠ ᠮᠣᠩᠭᠤᠯᠰᠲ᠋ᠠᠨ ᠢ ᠲᠣᠪᠳᠣᠯᠣᠭᠰᠠᠨ ᠨᠢ
ᠨᠡᠶᠢᠲᠡᠯᠡᠭᠰᠡᠨ ᠴᠠᠭ᠄
2020/3/19
ᠬᠤᠷᠢᠨ ᠨᠢᠭᠡᠳᠦᠭᠡᠷ ᠪᠦᠯᠦᠭ      ᠰᠠᠷ · ᠪᠣᠬ᠎ᠠ ᠪᠣᠯᠣᠨ ᠠᠳᠢᠯᠱᠠᠾ ᠬᠤᠶᠠᠭᠤᠯᠠ ᠬᠠᠮᠠᠷ ᠠᠳ᠋ᠳᠢᠨ ᠤ ᠲᠣᠣᠷ᠎ᠠ ᠰᠢᠷᠭᠤᠭᠰᠠᠨ ᠤ ᠰᠡᠬᠦᠯᠡᠷ᠂ ᠲᠡᠳᠡ ᠠᠷᠭ᠎ᠠ ᠪᠦᠬᠦᠨ ᠢ ᠰᠦᠪᠡᠭᠴᠢᠯᠡᠨ ᠬᠠᠮᠠᠷ ᠠᠳ᠋ᠳᠢᠨ ᠤ ᠰᠡᠳᠭᠢᠯ ᠳᠤ ᠬᠤᠷᠣᠰᠣᠯ ᠵᠠᠨᠣᠯ ᠤᠨ ᠭᠠᠯ ᠢ ᠦᠷᠪᠢᠰᠭᠡᠵᠡᠢ᠃ ᠬᠠᠮᠠᠷ ᠠᠳ᠋ᠳᠢᠨ ᠡᠴᠦᠰ ᠲᠡᠭᠡᠨ ᠲᠡᠳᠡᠨ ᠤ ᠦᠭᠡ ᠪᠠᠷ ᠨᠢᠭᠡ ᠰᠠᠯᠠᠭ᠎ᠠ ᠴᠡᠷᠢᠭ ᠲᠠᠭᠠᠭᠤᠯᠣᠨ ᠭᠠᠷᠴᠣ᠂ ᠠᠨᠳᠠᠺᠠᠨ① ᠣᠷᠣᠨ ᠳᠤ ᠲᠣᠪᠳᠣᠯᠣᠨ ᠣᠷᠣᠪᠠ᠃ ᠲᠡᠨᠳᠡᠬᠢ ᠬᠤᠳᠳᠤᠭ ᠭᠡᠳᠡᠭ ᠭᠠᠵᠠᠷ ᠲᠤ ᠪᠠᠶᠢᠭᠰᠠᠨ ᠬᠠᠵᠠᠷ᠎ᠠ② ᠬᠦᠮᠦᠰ ᠣᠮᠠᠷ · ᠱᠠᠾ · ᠮᠢᠷᠽᠠ ᠠᠴᠠ ᠣᠷᠪᠠᠵᠣ ᠲᠠᠶᠢᠰᠣᠨ ᠤ ᠲᠠᠯ᠎ᠠ ᠳᠤ ᠣᠷᠣᠪᠠ᠃ ᠣᠮᠠᠷ · ᠱᠠᠾ · ᠮᠢᠷᠽᠠ ᠭᠦᠨ ᠠᠭᠤᠯᠠᠨ ᠳᠤ ᠰᠢᠷᠭᠤᠨ ᠨᠢᠭᠡᠨ ᠪᠠᠬᠢᠯᠡᠯᠳᠡ ᠶᠢ ᠡᠵᠡᠯᠡᠨ ᠠᠪᠴᠣ᠂ ᠰᠠᠬᠢᠭᠠᠳ ᠰᠠᠶ᠋ᠢ ᠲᠦᠷᠭᠡᠨ ᠡᠯᠴᠢ ᠲᠣᠪᠳᠣᠯᠭᠠᠨ ᠡᠴᠢᠭᠡ ᠲᠡᠭᠡᠨ ᠲᠠᠶᠢᠰᠣᠨ ᠤ ᠶᠡᠭᠡ ᠴᠡᠷᠢᠭ ᠲᠦᠷᠢᠮᠡᠬᠡᠶᠢᠯᠡᠨ ᠢᠷᠡᠭᠰᠡᠨ ᠮᠡᠳᠡᠭᠡ ᠶᠢ ᠬᠦᠷᠭᠡᠪᠡ᠃ ᠡᠮᠢᠷ ᠲᠡᠮᠦᠷ ᠡᠨᠡ ᠮᠡᠳᠡᠭᠡ ᠶᠢ ᠰᠣᠨᠣᠰᠣᠭᠠᠳ ᠮᠠᠰᠢᠳᠠ ᠬᠢᠯᠢᠩᠯᠡᠨ᠂ ᠭᠠᠯ ᠮᠡᠳᠦ ᠲᠦᠷᠭᠡᠨ  ᠢᠶᠠᠷ ᠴᠡᠷᠢᠭ ᠮᠣᠷᠳᠠᠨ ᠭᠠᠷᠪᠠ᠃ ᠬᠠᠮᠠᠷ ᠠᠳ᠋ᠳᠢᠨ᠂ ᠡᠮᠢᠷ ᠲᠡᠮᠦᠷ ᠤᠨ ᠶᠡᠭᠡ ᠴᠡᠷᠢᠭ ᠲᠠᠶᠢᠴᠢᠯᠠᠨ ᠢᠷᠡᠭᠰᠡᠨ ᠴᠢᠮᠡᠭᠡ  ᠶᠢ ᠣᠯᠣᠭᠠᠳ᠂ ᠦᠪᠡᠷ ᠤᠨ ᠴᠡᠷᠢᠭ ᠤᠨ ᠬᠦᠷᠢᠶ᠎ᠡ ᠪᠠᠨ ᠬᠤᠶᠢᠰᠢ ᠣᠬᠤᠷᠢᠭᠤᠯᠣᠨ᠂ ᠠᠶᠢᠮᠠᠭ ᠣᠯᠠᠨ ᠭᠡᠷ ᠬᠤᠳᠠᠯᠠᠭᠠᠷ ᠢᠶᠠᠨ ᠠᠲᠪᠠᠱ ᠠᠴᠠ ᠣᠮᠠᠷᠠᠰᠢ ᠵᠠᠶᠢᠯᠠᠭᠤᠯᠣᠨ᠂ ᠦᠪᠡᠷ ᠢᠶᠠᠨ ᠲᠦᠷᠪᠡᠨ ᠮᠢᠩᠭᠠᠨ ᠮᠣᠷᠢᠳᠣ ᠴᠡᠷᠢᠭ ᠲᠠᠭᠠᠭᠤᠯᠣᠨ ᠨᠢᠭᠡᠨ ᠭᠠᠵᠠᠷ ᠲᠤ ᠪᠦᠭᠭᠦᠨ ᠡᠮᠢᠷ ᠲᠡᠮᠦᠷ ᠢ ᠬᠦᠯᠢᠶᠡᠵᠡᠢ᠃ ᠡᠮᠢᠷ ᠲᠡᠮᠦᠷ ᠠᠳᠡ ᠢᠷᠡᠭᠡᠳ ᠬᠠᠮᠠᠷ ᠠᠳ᠋ᠳᠢᠨ ᠤ ᠪᠦᠭᠬᠦᠯᠳᠡ ᠶᠢ ᠰᠡᠷᠡᠵᠦ ᠮᠡᠳᠡᠭᠰᠡᠨ ᠦᠭᠡᠢ ᠪᠣᠯᠬᠤᠷ ᠶᠡᠭᠡ ᠴᠡᠷᠢᠭ ᠤᠨ ᠣᠯᠠᠩᠬᠢ ᠬᠦᠮᠦᠰ ᠢ ᠪᠦᠷ ᠭᠠᠳᠠᠭᠰᠢ ᠲᠣᠮᠢᠯᠠᠨ᠂ ᠲᠠᠶᠢᠰᠣᠨ ᠢ ᠨᠡᠬᠡᠭᠦᠯᠬᠦ ᠪᠠᠷ ᠭᠠᠷᠭᠠᠪᠠ᠃    ᠲᠠᠭᠦᠨ ᠤ ᠪᠡᠶ᠎ᠡ ᠶᠢᠨ ᠬᠠᠵᠠᠭᠤ ᠳᠤ ᠦᠯᠡᠳᠡᠭᠰᠡᠨ ᠴᠡᠷᠢᠭ ᠤᠨ ᠲᠤᠭ᠎ᠠ ᠵᠦᠳᠡᠵᠦ ᠲᠠᠪᠣᠨ ᠮᠢᠩᠭᠠᠬᠠᠨ ᠮᠣᠷᠢᠳᠣ ᠴᠡᠷᠢᠭ ᠪᠠ ᠬᠡᠳᠦᠨ ᠪᠠᠭᠠᠳᠣᠷ ᠵᠠᠩᠵᠣᠨ ᠨᠡᠷ ᠨᠢ ᠪᠠᠶᠢᠪᠠ᠃ ᠲᠠᠷᠣᠢ ᠡᠮᠢᠷ · ᠮᠣᠶᠠᠳᠢ᠂ ᠬᠢᠳᠠᠨ · ᠪᠠᠭᠠᠳᠣᠷ᠂ ᠱᠠᠾ · ᠠᠯᠢ · ᠪᠠᠭᠠᠳᠣᠷ ᠪᠣᠯᠣᠨ ᠠᠩᠺ · ᠲᠡᠮᠦᠷ · ᠪᠠᠭᠠᠳᠣᠷ ᠵᠡᠷᠭᠡ ᠪᠠᠶᠢᠯ᠎ᠠ᠃ ᠡᠳᠡᠨᠡᠷ ᠲᠣᠲᠣᠷ᠎ᠠ ᠬᠢᠳᠠᠨ · ᠪᠠᠭᠠᠳᠣᠷ ᠪᠣᠯᠣᠨ ᠱᠠᠾ · ᠠᠯᠢ · ᠪᠠᠭᠠᠳᠣᠷ ᠬᠤᠶᠠᠭᠤᠯᠠ ᠵᠦᠪᠯᠡᠨ ᠲᠣᠭᠳᠠᠵᠣ᠂ ᠬᠠᠮᠤᠭ ᠶᠡᠭᠡ ᠰᠦᠰᠦ ᠵᠣᠷᠢᠭ ᠪᠠᠭᠠᠳᠣᠷ ᠰᠠᠨᠠᠭ᠎ᠠ ᠪᠠᠷ ᠲᠠᠶᠢᠰᠣᠨ ᠢ ᠲᠦᠷᠭᠡᠯᠡᠨ ᠨᠡᠬᠡᠮᠵᠢᠯᠡᠪᠡᠰᠦ ᠪᠠᠷᠤᠭ ᠶᠡᠭᠡ ᠭᠠᠪᠢᠶ᠎ᠠ ᠨᠡᠷ᠎ᠡ ᠶᠢ ᠪᠦᠳᠦᠭᠡᠵᠦ ᠪᠣᠯᠣᠮᠣᠢ ᠬᠡᠮᠡᠨ ᠴᠡᠷᠢᠭ ᠢᠶᠠᠨ ᠲᠠᠭᠠᠣᠯᠵᠣ ᠲᠠᠶᠢᠰᠣᠨ ᠤ ᠬᠤᠶᠢᠨ᠎ᠠ ᠠᠴᠠ ᠨᠡᠬᠡᠮᠵᠢᠯᠡᠨ ᠶᠠᠪᠣᠪᠠ᠃ ᠢᠩᠭᠢᠭᠰᠡᠨ ᠴᠢᠨᠢ ᠡᠮᠢᠷ ᠲᠡᠮᠦᠷ  ᠤᠨ ᠬᠠᠵᠠᠭᠤ ᠳᠤ ᠵᠦᠳᠡᠵᠦ ᠠᠷᠠᠢ ᠬᠤᠶᠠᠷ ᠵᠠᠭᠤᠨ ᠬᠦᠮᠦᠨ ᠬᠦᠷᠬᠦ ᠴᠡᠷᠢᠭ ᠲᠠᠶᠢᠴᠢᠳ ᠯᠠ ᠦᠯᠡᠳᠡᠵᠡᠢ᠃    ᠲᠡᠭᠡᠭᠡᠳ ᠬᠠᠮᠠᠷ ᠠᠳ᠋ᠳᠢᠨ ᠡᠨᠡᠬᠦ ᠲᠣᠬᠢᠶᠠᠯ ᠢ ᠠᠮᠵᠢᠨ ᠲᠦᠷᠪᠡᠨ ᠮᠢᠩᠭᠠᠨ ᠮᠣᠷᠢᠳᠣ ᠴᠡᠷᠢᠭ ᠢᠶᠠᠨ ᠲᠠᠭᠠᠭᠤᠯᠣᠨ ᠂ ᠢᠯᠳᠦ ᠵᠢᠳᠠ ᠪᠠᠨ ᠲᠠᠯᠠᠶᠢᠵᠣ᠂ ᠪᠦᠭᠬᠦᠵᠦ ᠪᠠᠶᠢᠭᠰᠠᠨ ᠭᠠᠵᠠᠷ ᠠᠴᠠ ᠪᠠᠨ ᠭᠠᠷᠴᠣ ᠢᠷᠡᠯ᠎ᠡ᠃ ᠲᠡᠳᠡ ᠨᠢᠭᠡᠯ᠎ᠡ ᠰᠡᠳᠭᠢᠯ ᠢᠶᠠᠷ ᠡᠮᠢᠷ ᠲᠡᠮᠦᠷ ᠢ ᠭᠠᠷ ᠲᠠᠭᠠᠨ ᠣᠷᠣᠭᠤᠯᠵᠣ ᠦᠰᠢᠶ᠎ᠡ ᠪᠠᠨ ᠠᠪᠬᠤ ᠪᠠᠷ ᠢᠷᠡᠭᠰᠡᠨ ᠠᠵᠠᠢ᠃ ᠭᠡᠪᠡᠴᠦ ᠡᠮᠢᠷ ᠲᠡᠮᠦᠷ ᠺᠣᠷᠠᠨ ᠰᠣᠳᠣᠷ ᠲᠤ ᠬᠡᠯᠡᠭᠰᠡᠨᠴᠢᠯᠡᠨ᠄ ︽ᠠᠯᠯᠠᠾ ᠶᠢᠨ ᠬᠠᠪᠰᠣᠷᠣᠯᠭ᠎ᠠ ᠪᠠᠶᠢᠳᠠᠭ ᠯᠠ ᠶᠣᠮ ᠪᠣᠯ ᠬᠡᠴᠢᠨᠡᠨ ᠣᠯᠠᠨ ᠲᠠᠶᠢᠰᠣᠨ ᠲᠠᠢ ᠬᠠᠷᠭᠤᠭᠰᠠᠨ ᠴᠦ ᠶᠡᠭᠡ ᠢᠯᠡᠯᠳᠡ ᠶᠢ ᠣᠯᠬᠤ ᠶᠣᠮ︾ ᠭᠡᠳᠡᠭ ᠦᠭᠡ ᠶᠢ ᠰᠠᠨᠠᠵᠣ ᠣᠯᠣᠭᠠᠳ᠂ ᠲᠡᠷᠡ ᠨᠢᠭᠡᠴᠦ ᠠᠶᠣᠵᠣ ᠲᠡᠪᠳᠦᠯ ᠦᠭᠡᠢ ᠪᠠᠷ᠂ ᠲᠣᠣᠷᠠᠬᠢ ᠬᠦᠮᠦᠰ ᠲᠡᠭᠡᠨ ᠬᠡᠯᠡᠭᠰᠡᠨ ᠨᠢ᠄ ︽ᠢᠯᠠᠯᠳᠠ ᠪᠣᠯ ᠠᠯᠢᠪᠠ ᠶᠢ ᠰᠣᠶᠣᠷᠬᠠᠳᠠᠭ ᠠᠯᠯᠠᠾ ᠶᠢᠨ ᠠᠪᠣᠷᠠᠯ ᠠᠴᠠ ᠯᠠ ᠢᠷᠡᠳᠡᠭ ᠶᠣᠮ᠃ ᠬᠠᠷᠢᠨ ᠲᠠᠶᠢᠰᠣᠨ ᠤ ᠬᠦᠮᠦᠨ ᠮᠣᠷᠢ ᠶᠢᠨ ᠣᠯᠠᠨ ᠴᠦᠬᠡᠨ ᠳᠤ ᠪᠠᠶᠢᠭ᠎ᠠ ᠪᠢᠰᠢ᠃ ᠲᠠ ᠨᠡᠷ ᠬᠡᠷᠪᠡ ᠡᠷ᠎ᠡ ᠬᠦᠮᠦᠨ ᠤ ᠣᠮᠤᠭ ᠵᠣᠷᠢᠭ ᠢᠶᠠᠨ ᠪᠠᠳᠠᠷᠠᠭᠤᠯᠪᠠᠯ᠂ ᠲᠠᠶᠢᠰᠣᠨ ᠲᠠᠷᠣᠢ ᠢᠯᠠᠭᠳᠠᠬᠤ ᠪᠣᠯᠣᠨ᠎ᠠ︾ ᠭᠡᠪᠡ᠃    ᠲᠡᠷᠡ ᠡᠨᠡ ᠦᠭᠡ ᠪᠠᠨ ᠬᠡᠯᠡᠵᠦ ᠪᠠᠷᠠᠭᠠᠳ ᠮᠣᠷᠢᠨ ᠵᠢᠯᠣᠭᠤ ᠡᠷᠭᠢᠭᠦᠯᠦᠨ᠂ ᠠᠯᠯᠠᠾ ᠮᠡᠳᠡᠳᠦᠭᠡᠢ ᠬᠡᠮᠡᠨ ᠲᠠᠶᠢᠰᠣᠨ ᠤ ᠵᠦᠭ ᠲᠤ ᠠᠯᠠᠨ ᠣᠷᠣᠪᠠ᠃    ᠲᠠᠶᠢᠨ ᠲᠠᠭᠤᠰᠣᠨ ᠡᠮᠢᠷ ᠲᠡᠮᠦᠷ ᠬᠡᠯᠡᠭᠰᠡᠨ ᠨᠢ᠄ ︽ᠡᠶᠢᠮᠦ ᠬᠡᠳᠦᠬᠡᠨ ᠬᠦᠮᠦᠨ ᠢᠶᠠᠷ ᠢᠶᠠᠨ ᠲᠠᠶᠢᠰᠣᠨ ᠤ ᠦᠰᠢᠶ᠎ᠡ ᠠᠪᠬᠤ ᠪᠠᠷ ᠰᠢᠭᠤᠳᠣᠭᠰᠠᠨ ᠲᠦᠷᠪᠡᠨ ᠮᠢᠩᠭᠠᠨ ᠮᠣᠷᠢᠳᠣ ᠴᠡᠷᠢᠭ ᠢ ᠨᠢᠴᠣᠭᠠᠨ᠎ᠠ ᠭᠡᠳᠡᠭ ᠴᠢᠨᠢ᠂ ᠵᠦᠪᠬᠡᠨ ᠠᠯᠯᠠᠾ ᠶᠢᠨ ᠠᠪᠣᠷᠠᠯ ᠮᠡᠳᠡᠭᠰᠡᠨ ᠬᠡᠷᠡᠭ ᠶᠣᠮ︾ ᠬᠡᠵᠡᠢ᠃    ᠡᠨᠡᠬᠦ ᠲᠠᠶᠢᠨ ᠤ ᠲᠠᠷᠠᠭ᠎ᠠ ᠨᠢᠭᠡᠨ ᠡᠳᠦᠷ ᠡᠮᠢᠷ ᠲᠡᠮᠦᠷ ᠨᠣᠶᠢᠷᠮᠣᠭᠯᠠᠵᠣ ᠪᠠᠶᠢᠭᠰᠠᠭᠠᠷ ᠵᠡᠭᠦᠳᠦ ᠵᠡᠭᠦᠳᠦᠯᠡᠨ᠂ ᠱᠠᠾ · ᠪᠣᠷᠬᠠᠨ — ᠠᠳ᠋ᠳᠢᠨ · ᠭᠢᠷᠢᠴᠢ ︵ᠠᠯᠯᠠᠾ ᠲᠡᠭᠷᠢ ᠲᠡᠭᠦᠨ ᠢ ᠡᠨᠡᠷᠢᠬᠦ ᠪᠣᠯᠳᠣᠭᠠᠢ︶ ᠲᠠᠢ ᠠᠭᠤᠯᠵᠠᠪᠠ᠃ ᠡᠮᠢᠷ ᠲᠡᠮᠦᠷ ᠮᠠᠰᠢ ᠬᠦᠨᠳᠦᠳᠭᠡᠯ ᠲᠠᠢ ᠪᠠᠷ ᠣᠷᠣᠭᠰᠢ ᠠᠯᠬᠤᠨ ᠣᠴᠢᠵᠣ᠂ ᠰᠠᠮᠠᠷᠺᠠᠨᠳ᠋ ᠲᠤ ᠡᠪᠡᠳᠴᠢᠯᠡᠨ ᠬᠡᠪᠳᠡᠷᠢ  ᠳᠤ ᠣᠷᠣᠭᠠᠳ ᠪᠠᠶᠢᠭ᠎ᠠ ᠬᠦᠪᠡᠭᠦᠨ ᠵᠢᠬᠠᠨᠬᠢᠷ ᠤᠨ ᠢᠶᠠᠨ ᠲᠦᠯᠦᠭᠡ᠂ ᠲᠡᠭᠦᠨ ᠢ ᠮᠢᠨᠢ ᠡᠷᠡᠭᠦᠯᠵᠢᠯᠡᠭᠦᠯᠬᠦ ᠪᠣᠯᠳᠣᠭᠠᠢ ᠬᠡᠮᠡᠨ ᠲᠠᠭᠠᠳᠬᠠᠪᠠ᠃ ᠱᠠᠾ ᠬᠠᠷᠢᠭᠤ ᠦᠬᠦᠯᠡᠭᠰᠡᠨ ᠨᠢ᠄ ︽ᠠᠯᠯᠠᠾ ᠲᠠᠨ ᠢ ᠢᠪᠡᠭᠡᠬᠦ ᠶᠣᠮ︾ ᠭᠡᠵᠦ ᠬᠡᠯᠡᠭᠡᠳ ᠲᠡᠭᠦᠨ ᠤ ᠬᠦᠪᠡᠭᠦᠨ ᠤ ᠲᠣᠬᠠᠢ ᠶᠠᠭᠤ ᠴᠦ ᠬᠡᠯᠡᠭᠰᠡᠨ ᠦᠭᠡᠢ᠃ ᠡᠮᠢᠷ ᠲᠡᠮᠦᠷ ᠵᠡᠭᠦᠳᠦᠨ ᠠᠴᠠ ᠰᠡᠷᠢᠭᠡᠳ ᠦᠪᠡᠷ  ᠤᠨ ᠬᠦᠪᠡᠭᠦᠨ ᠤ ᠲᠣᠬᠠᠢ ᠲᠠᠭᠠᠳᠬᠠᠯ ᠪᠡᠶᠡᠯᠡᠭᠰᠡᠨ ᠦᠭᠡᠢ ᠳᠤ ᠮᠠᠰᠢᠳᠠ ᠭᠦᠨ ᠬᠠᠷᠠᠮᠰᠠᠵᠠᠢ᠃ ᠬᠦᠪᠡᠭᠦᠨ ᠨᠢ ᠡᠪᠡᠳᠦᠭᠰᠡᠨ ᠤ ᠰᠡᠬᠦᠯᠡᠷ᠂ ᠲᠡᠷᠡ ᠡᠨᠡᠬᠦ ᠬᠦᠡᠪᠡᠭᠦᠨ ᠢᠶᠠᠨ ᠠᠯᠳᠠᠭᠤᠵᠠᠢ ᠬᠡᠮᠡᠨ ᠠᠶᠣᠳᠠᠭ ᠪᠣᠯᠬᠤᠷ᠂ ᠦᠪᠡᠷ ᠤᠨ ᠪᠢᠴᠢᠭᠡᠴᠢ ᠪᠦ᠋ · ᠬᠤᠲ᠋ᠣᠯᠤᠭ ᠢ ᠢᠯᠡᠭᠡᠨ ᠨᠢᠭᠡᠨ ᠬᠤᠪᠢ ᠵᠠᠬᠢᠳᠠᠯ ᠬᠦᠷᠭᠡᠯᠭᠡᠨ᠂ ᠬᠦᠪᠡᠭᠦᠨ ᠤ ᠪᠠᠨ ᠡᠪᠡᠳᠴᠢᠨ ᠤ ᠪᠠᠶᠢᠳᠠᠯ ᠢ ᠣᠶᠢᠯᠭᠠᠬᠤ ᠭᠡᠪᠡ᠃ ᠡᠨᠡ ᠪᠢᠴᠢᠭᠡᠴᠢ ᠶᠠᠪᠣᠭᠰᠠᠨ ᠤ ᠲᠠᠷᠠᠭ᠎ᠠ ᠪᠠᠷ ᠲᠡᠷᠡ ᠬᠦᠪᠡᠭᠦᠨ ᠤ ᠪᠠᠨ ᠲᠣᠬᠠᠢ ᠲᠠᠬᠢᠨ ᠨᠢᠭᠡ ᠮᠠᠭᠤ ᠵᠡᠭᠦᠳᠦ ᠵᠡᠭᠦᠳᠦᠯᠡᠪᠡ᠃ ᠲᠡᠭᠡᠭᠡᠳ ᠲᠡᠷᠡ ᠣᠯᠠᠮ ᠵᠣᠪᠠᠵᠣ᠂ ᠲᠣᠣᠷᠠᠬᠢ ᠲᠦᠰᠢᠮᠡᠳ ᠲᠡᠭᠡᠨ ᠦᠬᠦᠯᠡᠷᠦᠨ᠄ ︽ᠪᠢ ᠬᠦᠪᠡᠭᠦᠨ ᠲᠠᠢ ᠪᠠᠨ ᠦᠨᠢᠳᠡ ᠰᠠᠯᠬᠤ ᠠᠴᠠ ᠲᠣᠩ ᠵᠣᠪᠠᠵᠣ ᠪᠠᠶᠢᠨ᠎ᠠ᠃ ᠲᠠ ᠨᠡᠷ ᠦᠨᠡᠨ ᠴᠢᠮᠡᠭᠡ ᠶᠢ ᠨᠠᠳᠠ ᠠᠴᠠ ᠨᠢᠭᠤᠵᠣ ᠪᠣᠯᠬᠤ ᠦᠭᠡᠢ︾ ᠭᠡᠪᠡ᠃ ᠣᠯᠠᠨ ᠲᠦᠰᠢᠮᠡᠳ ᠨᠢ ᠬᠦᠰᠡᠷ ᠰᠦᠳᠦᠳᠴᠡᠭᠡᠨ ᠨᠢᠭᠡᠨ ᠲᠠᠭᠤ ᠪᠠᠷ᠄ ︽ᠪᠣᠭᠤᠯᠴᠣᠳ ᠪᠢᠳᠡ ᠦᠨᠡᠬᠡᠷ ᠡᠨᠡ ᠲᠣᠬᠠᠢ ᠶᠠᠮᠠᠷᠴᠣ ᠴᠢᠮᠡᠭᠡ ᠣᠯᠣᠭᠠᠳᠣᠢ︾ ᠭᠡᠵᠡᠭᠡᠪᠡ᠃    ᠠᠳᠡ ᠠᠴᠠ ᠰᠠᠯᠣᠭᠠᠳ ᠰᠠᠩ ᠽᠢᠬᠠᠵᠢ ᠲᠤ ᠬᠦᠷᠴᠦ ᠬᠠᠮᠠᠷ ᠠᠳ᠋ᠳᠢᠨ ᠤ ᠴᠡᠷᠢᠭ ᠲᠠᠢ ᠲᠠᠬᠢᠨ ᠨᠢᠭᠡ ᠣᠳᠠᠭ᠎ᠠ ᠬᠠᠷᠭᠤᠨ ᠲᠣᠯᠣᠯᠳᠣᠵᠣ᠂ ᠬᠠᠮᠠᠷ ᠠᠳ᠋ᠳᠢᠨ ᠶᠡᠬᠡᠳᠡ ᠢᠯᠠᠭᠳᠠᠨ ᠪᠣᠷᠣᠭᠤᠯᠠᠪᠠ᠃ ᠡᠮᠢᠷ · ᠦᠴᠢ · ᠬᠠᠷ᠎ᠠ ᠲᠠᠯᠪᠢᠯ ᠦᠭᠡᠢ ᠨᠡᠬᠡᠮᠵᠢᠯᠡᠨ᠂ ᠲᠡᠮᠡᠢ ᠬᠤᠯᠠ ᠭᠠᠷᠣᠭᠰᠠᠨ ᠦᠭᠡᠢ ᠬᠠᠮᠠᠷ ᠠᠳ᠋ᠳᠢᠨ ᠤ ᠬᠠᠵᠠᠭᠤ ᠳᠤ ᠵᠦᠪᠬᠡᠨ ᠨᠠᠢᠮᠠᠬᠠᠨ ᠬᠦᠮᠦᠨ ᠦᠯᠡᠳᠡᠵᠦ᠂ ᠪᠢᠳᠡᠨ ᠤ ᠴᠡᠷᠢᠭ ᠲᠤ ᠲᠠᠪᠬᠤᠷ ᠲᠠᠪᠬᠤᠷ ᠪᠦᠰᠡᠯᠡᠭᠳᠡᠪᠡ᠃ ᠶᠠᠭ ᠡᠨᠡ ᠦᠶ᠎ᠡ ᠪᠠᠷ ᠬᠠᠮᠠᠷ ᠠᠳ᠋ᠳᠢᠨ ᠤ ᠣᠨᠣᠭᠰᠠᠨ ᠮᠣᠷᠢᠨ ᠰᠠᠮᠠᠭᠤᠨ ᠵᠡᠪᠡ ᠳᠤ ᠣᠨᠣᠭᠳᠠᠨ ᠣᠨᠠᠭᠰᠠᠨ ᠳᠤ ᠲᠡᠷᠡ ᠶᠠᠪᠠᠭᠠᠨ ᠢᠶᠠᠷ ᠬᠦᠶᠦᠵᠦ ᠭᠠᠭᠴᠠ ᠪᠡᠶ᠎ᠡ ᠪᠠᠷ ᠲᠣᠳᠠᠭᠠᠨ ᠭᠠᠷᠪᠠ᠃ ᠡᠨᠡ ᠣᠳᠠᠭᠠᠨ ᠤ ᠲᠠᠶᠢᠨ ᠳᠤ ᠪᠣᠯᠣᠳ ᠤᠨ ᠭᠠᠷ ᠵᠡᠪᠡ ᠳᠤ ᠣᠨᠣᠭᠳᠠᠨ ᠰᠢᠷᠠᠭᠳᠣᠵᠣ᠂ ᠵᠡᠪᠡ ᠶᠢ ᠭᠠᠷᠭᠠᠵᠣ ᠠᠪᠬᠤ ᠬᠡᠮᠡᠨ ᠪᠠᠶᠢᠳᠠᠯ᠎ᠠ ᠶᠡᠭᠡ ᠭᠠᠯ ᠲᠦᠷᠡᠯᠵᠡᠨ ᠢᠷᠡᠵᠦ᠂ ᠲᠡᠷᠡ ᠭᠠᠯ ᠢ ᠣᠨᠳᠠᠷᠭᠠᠳᠠᠯ᠎ᠠ ᠵᠡᠪᠡ ᠶᠢᠨ ᠰᠢᠷᠬ᠎ᠠ ᠦᠳᠡᠭᠡᠷᠴᠦ ᠲᠡᠷᠡ ᠨᠠᠰᠣ ᠪᠠᠷᠠᠵᠠᠢ᠃ᠲᠣᠰ ᠪᠦᠯᠦᠭ ᠤᠨ ᠲᠠᠶᠢᠯᠪᠣᠷᠢ① ᠡᠨᠡ ᠠᠨᠳᠠᠺᠠᠨ᠂ ᠠᠨᠳᠢᠺᠠᠨ ᠭᠡᠬᠦ ᠪᠣᠶᠣ ᠠᠨᠳᠢᠵᠠᠨ ᠭᠡᠬᠦ ᠡᠰᠡᠬᠦᠯ᠎ᠡ ᠠᠨᠵᠢᠶᠠᠨ ᠭᠡᠬᠦ ᠵᠡᠷᠭᠡ ᠣᠯᠠᠨ ᠨᠡᠷ᠎ᠡ ᠪᠠᠷ ᠨᠡᠷᠡᠯᠡᠳᠡᠭ ᠭᠠᠵᠠᠷ ᠤᠨ ᠨᠡᠷ᠎ᠡ ᠪᠣᠯ ᠪᠦᠷ ᠨᠢᠭᠡᠯ᠎ᠡ ᠭᠠᠵᠠᠷ ᠤᠨ ᠨᠡᠷ᠎ᠡ ᠶᠢᠨ ᠣᠯᠠᠨ ᠶᠠᠩᠵᠣ ᠶᠢᠨ ᠪᠢᠴᠢᠯᠭᠡ ᠪᠣᠯᠣᠨ᠎ᠠ᠃ ᠲᠠᠷᠣᠢ ᠪᠦᠷ ᠹᠢᠷᠭᠠᠨᠠ ᠶᠢᠨ ᠲᠦᠪ ᠪᠣᠯᠣᠭᠰᠠᠨ ᠨᠡᠶᠢᠰᠯᠡᠯ ᠬᠤᠳᠠ ᠠᠨᠳᠢᠵᠠᠨ ᠢ ᠵᠢᠭᠠᠵᠣ ᠪᠠᠶᠢᠨ᠎ᠠ᠃② ᠲᠣᠰ ᠲᠡᠣᠬᠡᠨ ᠨᠣᠮ ᠳᠤ ᠮᠠᠰᠢ ᠣᠯᠠᠨ ᠣᠳᠠᠭ᠎ᠠ ᠬᠠᠵᠠᠷ᠎ᠠ ᠬᠦᠮᠦᠨ ᠤ ᠲᠣᠬᠠᠢ ᠬᠡᠷᠡᠭ ᠣᠴᠢᠷ ᠭᠠᠷᠴᠣ  ᠪᠠᠶᠢᠨ᠎ᠠ᠃ ᠭᠡᠪᠡᠴᠦ ᠵᠣᠬᠢᠶᠠᠭᠴᠢ ᠠᠴᠠ ᠠᠯᠢ ᠠᠯᠢᠨ ᠲᠤᠨᠢ ᠴᠦ ᠲᠠᠶᠢᠯᠪᠣᠷᠢ ᠪᠣᠶᠣ ᠲᠣᠲᠣᠷᠬᠠᠶᠢᠯᠠᠯ ᠬᠢᠭᠰᠡᠨ ᠦᠭᠡᠢ  ᠨᠢ ᠲᠣᠩ ᠬᠠᠷᠠᠮᠰᠠᠯ ᠲᠠᠢ ᠰᠠᠨᠠᠭᠳᠠᠬᠤ ᠶᠣᠮ᠃ ᠡᠭᠦᠨ ᠠᠴᠠ ᠦᠵᠡᠪᠡᠯ ᠬᠠᠵᠠᠷ᠎ᠠ ᠬᠦᠮᠦᠰ ᠵᠦᠪᠬᠡᠨ ᠠᠹᠭᠠᠨᠢᠰᠲ᠋ᠠᠨ ᠫᠠᠺᠢᠰᠲ᠋ᠠᠨ ᠢᠶᠠᠷ ᠯᠠ ᠪᠠᠶᠢᠭᠰᠠᠨ ᠪᠢᠰᠢ᠂ ᠬᠠᠷᠢᠨ ᠨᠡᠩ ᠡᠷᠳᠡ ᠦᠶ᠎ᠡ ᠳᠡᠭᠡᠨ ᠲᠣᠮᠳᠠᠳᠣ ᠠᠽᠢ᠂ ᠹᠢᠷᠭᠠᠨᠠ᠂ ᠠᠹᠭᠠᠨᠢᠰᠲ᠋ᠠᠨ᠂ ᠫᠠᠺᠢᠰᠲ᠋ᠠᠨ᠂ ᠡᠨᠡᠳᠬᠡᠭ ᠵᠡᠷᠭᠡ ᠭᠠᠵᠠᠷ ᠣᠷᠣᠨ ᠢᠶᠠᠷ ᠮᠠᠰᠢ ᠦᠷᠭᠡᠨ ᠢᠶᠠᠷ ᠲᠠᠷᠬᠠᠵᠣ ᠪᠠᠶᠢᠭᠰᠠᠨ ᠲᠦᠯᠦᠪᠳᠡᠢ ᠪᠠᠶᠢᠨ᠎ᠠ᠃ ᠮᠣᠩᠭᠤᠯ ᠬᠡᠯᠡᠳᠡᠨ ᠭᠡᠬᠦ ᠪᠣᠶᠣ ᠮᠣᠩᠭᠤᠯ ᠲᠦᠷᠦᠯ ᠬᠡᠯᠡᠳᠡᠨ ᠨᠦᠭᠦᠳ ᠲᠣᠮᠳᠠᠳᠣ ᠠᠽᠢ ᠳᠤ ᠣᠷᠣᠭᠰᠠᠨ ᠨᠢ ᠪᠠᠷᠤᠭ ᠠᠯᠢ ᠡᠷᠳᠡᠨ ᠠᠴᠠ ᠲᠡᠣᠬᠡᠨ ᠣᠯᠪᠠᠭ᠎ᠠ ᠲᠠᠢ ᠪᠠᠶᠢᠭᠰᠠᠨ ᠨᠢ ᠲᠠᠮᠵᠢᠭ ᠦᠭᠡᠢ ᠦᠨᠡᠨ ᠣᠴᠢᠷ ᠶᠣᠮ᠃ ᠡᠭᠦᠨ ᠤ ᠲᠣᠬᠠᠢ ᠮᠢᠨᠦ ᠨᠢᠭᠡᠨ ᠣᠬᠤᠷ ᠦᠬᠦᠯᠡᠯ — ᠮᠣᠩᠭᠤᠯᠴᠣᠳ ᠪᠠ ᠪᠠᠷᠠᠭᠤᠨ ᠣᠷᠣᠨ ᠭᠡᠳᠡᠭ ᠵᠣᠬᠢᠶᠠᠯ ᠳᠤ ᠲᠣᠷᠠᠳᠴᠣ ᠦᠩᠭᠡᠷᠡᠪᠡ᠃ ᠲᠡᠭᠦᠨ ᠤ ᠭᠤᠣᠯ ᠠᠭᠤᠯᠭ᠎ᠠ ᠶᠢ ᠲᠣᠪᠴᠢᠯᠠᠪᠠᠯ ᠦᠨᠢ ᠡᠷᠳᠡᠨ ᠤ ᠦᠶ᠎ᠡ  ᠠᠴᠠ ᠡᠬᠢᠯᠡᠨ ᠮᠣᠩᠭᠤᠯ ᠤᠨ ᠦᠨᠳᠦᠷᠯᠢᠭ ᠠᠴᠠ ᠭᠠᠳᠠᠭᠰᠢ ᠨᠡᠭᠦᠳᠡᠯᠯᠡᠨ ᠭᠠᠷᠳᠠᠭ ᠮᠣᠩᠭᠤᠯᠴᠣᠳ ᠪᠣᠯ ᠶᠡᠷᠦᠩᠬᠡᠢ ᠳ᠋ᠦᠨᠢ ᠦᠵᠡᠪᠡᠯ ᠬᠤᠶᠠᠷ ᠬᠡᠯᠪᠡᠷᠢ ᠪᠠᠶᠢᠵᠣ᠂ ᠨᠢᠭᠡ ᠨᠢ ᠪᠢᠯᠬᠠᠷᠠᠨ ᠭᠠᠳᠠᠭᠰᠢ ᠨᠡᠭᠦᠳᠡᠯᠯᠡᠬᠦ᠂ ᠲᠠᠷᠣᠢ ᠬᠦᠮᠦᠨ ᠠᠮᠠᠨ ᠲᠤᠭ᠎ᠠ ᠨᠡᠮᠡᠭᠳᠡᠬᠦ ᠶᠢ ᠲᠠᠭᠠᠯᠳᠣᠨ ᠲᠡᠳᠡᠨᠡᠷ ᠭᠠᠳᠠᠭᠰᠢ ᠨᠡᠭᠦᠳᠡᠯᠯᠡᠬᠦ᠂ ᠨᠦᠬᠦᠭᠡ ᠨᠢ ᠲᠠᠶᠢᠵᠢᠨ ᠨᠡᠭᠦᠳᠡᠯᠯᠡᠬᠦ᠂ ᠡᠭᠦᠨ  ᠤ ᠲᠣᠳᠣᠷ᠎ᠠ ᠴᠦ ᠬᠤᠶᠠᠷ ᠬᠡᠯᠪᠡᠷᠢ ᠪᠠᠶᠢᠵᠣ᠂ ᠨᠢᠭᠡ ᠨᠢ ᠲᠠᠶᠢᠨ ᠲᠠᠵᠢᠨ ᠠᠴᠠ ᠵᠠᠶᠢᠯᠠᠨ ᠭᠠᠳᠠᠭᠰᠢ ᠲᠦᠷᠪᠡᠬᠦ᠂ ᠨᠦᠬᠦᠭᠡ ᠨᠢ ᠭᠠᠳᠠᠭᠰᠢ ᠲᠦᠷᠢᠭᠦ ᠲᠠᠶᠢᠨ ᠢᠶᠠᠷ ᠨᠡᠭᠦᠳᠡᠯᠯᠡᠨ ᠶᠠᠪᠣᠬᠤ ᠵᠡᠷᠭᠡ ᠪᠣᠯᠣᠨ᠎ᠠ᠃ ᠲᠠᠶᠢᠨ ᠲᠠᠵᠢᠨ ᠠᠴᠠ ᠲᠦᠷᠪᠡᠵᠦ ᠭᠠᠷᠣᠭᠰᠠᠨ ᠬᠦᠮᠦᠰ ᠶᠡᠷᠦᠩᠬᠡᠢ ᠳᠡᠭᠡᠨ ᠪᠦᠷ ᠲᠣᠮᠳᠠᠳᠣ ᠠᠽᠢ ᠵᠦᠭ ᠲᠤ ᠪᠣᠷᠣᠭᠤᠯᠠᠬᠤ ᠨᠢ ᠲᠣᠩ ᠣᠯᠠᠨ ᠪᠠᠶᠢᠵᠠᠢ᠃ ᠲᠡᠳᠡ ᠪᠣᠯ ᠪᠦᠷ ᠮᠣᠷᠢᠳᠠᠨ ᠦᠨᠳᠦᠰᠦᠳᠡᠨ ᠪᠣᠯᠬᠤᠷ᠂ ᠮᠣᠩᠭᠤᠯ ᠤᠨ ᠦᠨᠳᠦᠷᠯᠢᠭ ᠠᠴᠠ ᠲᠣᠳᠠᠭᠠᠨ ᠭᠠᠷᠪᠠᠯ ᠨᠠᠭᠠᠳᠣ ᠵᠠᠬ᠎ᠠ ᠨᠢ ᠮᠣᠷᠢ ᠲᠠᠢ ᠬᠦᠮᠦᠨ ᠠᠷᠪᠠ ᠬᠤᠷᠢᠨ ᠡᠳᠦᠷ ᠢᠶᠠᠷ ᠠᠶᠠᠯᠠᠬᠤ ᠬᠤᠯᠠ ᠵᠠᠮ ᠤᠨ ᠵᠠᠢ ᠳᠤ ᠲᠣᠳᠠᠭᠠᠨ ᠬᠦᠷᠬᠦ ᠦᠭᠡᠢ ᠪᠣᠯ ᠲᠡᠭᠦᠨ ᠤ ᠠᠮᠣᠷ ᠲᠦᠪᠰᠢᠨ ᠨᠢ ᠪᠠᠳᠣᠯᠭ᠎ᠠ ᠦᠭᠡᠢ ᠪᠠᠶᠢᠭᠰᠠᠨ ᠪᠣᠯᠬᠤᠷ᠂ ᠲᠡᠳᠡ ᠨᠡᠶᠢᠳᠡᠮ ᠲᠡᠭᠡᠨ ᠲᠣᠮᠳᠠᠳᠣ ᠠᠽᠢ ᠨᠠᠭᠠᠳᠣ ᠵᠠᠬ᠎ᠠ ᠨᠢ ᠶᠧᠨᠢᠰᠠᠢ ᠮᠦᠷᠡᠨ ᠤ ᠴᠠᠭᠠᠨ᠎ᠠ᠂ ᠡᠰᠡᠬᠦᠯ᠎ᠡ ᠣᠶᠢᠭᠤᠷ᠂ ᠪᠠᠷᠠᠭᠤᠨ ᠰᠢᠶᠠ ᠮᠡᠳᠦ ᠶᠢᠨ ᠵᠡᠷᠭᠡᠯᠳᠡᠭᠡ ᠣᠯᠣᠰ ᠣᠷᠣᠨ‌ᠵᠡᠷᠭᠡ ᠭᠠᠵᠠᠷ ᠢᠶᠠᠷ ᠬᠦᠷᠴᠦ ᠬᠤᠷᠭᠤᠳᠠᠵᠣ ᠪᠠᠶᠢᠪᠠ᠃ ᠨᠡᠯᠢᠶᠡᠳ ᠣᠶᠢᠷ᠎ᠠ ᠦᠶ᠎ᠡ ᠠᠴᠠ ᠵᠢᠱᠢᠶᠡᠯᠡᠪᠡᠯ᠂ ᠬᠢᠳᠠᠨᠴᠣᠳ ᠤᠨ ᠪᠠᠷᠠᠭᠤᠨ ᠯᠢᠶᠣᠣ ᠣᠯᠣᠰ᠂ ᠮᠡᠷᠭᠢᠳᠴᠣᠳ᠂ ᠨᠠᠢᠮᠠᠨᠴᠣᠳ᠂ ᠬᠡᠷᠡᠶᠢᠳᠴᠣᠳ ᠤᠨ ᠢᠯᠠᠭᠳᠠᠯ ᠠᠴᠠ ᠪᠣᠯᠣᠭᠰᠠᠨ ᠦᠷᠦᠨᠡᠰᠢ ᠨᠡᠭᠦᠳᠡᠯᠯᠡᠭᠰᠡᠨ ᠨᠡᠭᠦᠳᠡᠯ ᠭᠡᠵᠦ ᠠᠯᠢ  ᠶᠢ ᠨᠢ ᠨᠢᠭᠡᠳ ᠨᠨᠢᠭᠡ ᠪᠠᠷ ᠦᠬᠦᠯᠡᠭᠡᠳ ᠪᠠᠷᠠᠬᠤ ᠪᠣᠢ᠃ ᠲᠡᠭᠦᠨ ᠠᠴᠠ ᠨᠡᠩ ᠡᠷᠳᠡᠨ ᠤ ᠬᠢ ᠶᠢ ᠬᠡᠯᠡᠪᠡᠯ ᠾᠦᠩᠨᠦᠴᠦᠳ᠂ ᠷᠸᠣᠷᠠᠨᠴᠣᠳ ᠠᠴᠠ ᠡᠬᠢᠯᠡᠭᠡᠳ ᠪᠦᠷ ᠡᠶᠢᠮᠦᠷᠬᠦ ᠦᠵᠡᠭᠳᠡᠯ ᠲᠡᠣᠬᠡᠨ ᠳᠤ ᠲᠠᠬᠢᠨ ᠲᠠᠪᠳᠠᠨ ᠢᠯᠡᠷᠡᠵᠦ ᠯᠠ ᠪᠠᠶᠢᠭᠰᠠᠨ ᠶᠣᠮ᠃ ᠲᠡᠳᠡᠭᠡᠷ ᠬᠦᠮᠦᠰ ᠤᠨ ᠬᠤᠶᠢᠴᠢᠰ ᠲᠣᠮᠳᠠᠳᠣ ᠠᠽᠢ ᠳᠤ ᠦᠯᠡᠳᠡᠭᠳᠡᠵᠦ ᠢᠷᠡᠬᠦ  ᠨᠢ ᠵᠦᠢ ᠶᠣᠰᠣᠨ ᠤ ᠬᠡᠷᠡᠭ ᠪᠢᠰᠢᠥ᠃ ᠡᠨᠡ ᠪᠣᠯ ᠠᠯᠢ ᠡᠷᠳᠡ ᠠᠴᠠ ᠲᠣᠮᠳᠠᠳᠣ ᠠᠽᠢ ᠳᠤ ᠮᠣᠩᠭᠤᠯᠴᠣᠳ ᠪᠠᠶᠢᠭᠰᠠᠨ ᠤ ᠲᠡᠣᠬᠡᠨ ᠰᠦᠪᠡᠭᠴᠢ ᠪᠠ ᠭᠡᠷᠡᠴᠢ ᠪᠣᠯᠬᠤ ᠶᠣᠮ᠃ ᠣᠳᠣ ᠪᠣᠯ ᠪᠢᠳᠡ ᠬᠠᠵᠠᠷ᠎ᠠ ᠭᠡᠳᠡᠭ ᠮᠣᠩᠭᠤᠯ ᠣᠭᠰᠠᠭᠠᠨ ᠤ ᠬᠦᠮᠦᠰ ᠢ ᠴᠢᠩᠬᠢᠰ ᠤᠨ ᠨᠢᠭᠡᠨ ᠮᠢᠩᠭᠠᠳᠣ ᠤᠨ ᠬᠤᠶᠢᠴᠢᠰ ᠠᠴᠠ ᠪᠦᠷᠢᠯᠳᠦᠭᠰᠡᠨ ᠠᠶᠢᠮᠠᠭ ᠣᠭᠰᠠᠭ᠎ᠠ ᠭᠡᠵᠦ ᠲᠠᠶᠢᠯᠪᠣᠷᠢᠯᠠᠭᠠᠳ ᠰᠡᠳᠬᠢᠯ ᠬᠠᠨᠣᠮᠵᠢᠳᠡᠢ ᠰᠠᠭᠤᠵᠣ ᠪᠠᠶᠢᠨ᠎ᠠ᠃ ᠦᠨᠡᠨᠳᠡᠭᠡᠨ ᠡᠶᠢᠮᠦ ᠯᠡ ᠲᠦᠭᠦᠮᠬᠡᠨ ᠣᠴᠢᠷ ᠪᠢᠰᠢ ᠶᠣᠮ᠃ ᠳ᠋ᠠᠩ ᠭᠠᠭᠴᠠ ᠣᠳᠣᠬᠢ ᠠᠹᠭᠠᠨᠢᠰᠲ᠋ᠠᠨ ᠳᠤ ᠪᠠᠶᠢᠭ᠎ᠠ ᠬᠠᠵᠠᠷ᠎ᠠ ᠬᠦᠮᠦᠨ ᠭᠡᠵᠦ ᠲᠣᠬᠠᠢ ᠶᠢᠨ ᠭᠠᠵᠠᠷ ᠤᠨ ᠵᠠᠰᠠᠭ ᠲᠦᠷᠦ ᠳᠤ ᠮᠡᠳᠡᠷᠡᠭᠳᠡᠵᠦ ᠪᠠᠶᠢᠭ᠎ᠠ ᠬᠠᠵᠠᠷᠠᠴᠣᠳ ᠤᠨ ᠬᠦᠮᠦᠨ ᠠᠮᠠᠨ ᠲᠤᠭ᠎ᠠ ᠨᠢ ᠨᠢᠭᠡᠨᠳᠡ ᠬᠤᠶᠠᠷ ᠵᠠᠭᠤᠨ ᠲᠦᠮᠡᠨ ᠶᠢ ᠲᠠᠪᠠᠵᠣ ᠪᠠᠶᠢᠭ᠎ᠠ ᠶᠣᠮ᠃ ᠬᠡᠷᠪᠡ ᠬᠠᠵᠠᠷ᠎ᠠ ᠬᠦᠮᠦᠨ ᠭᠡᠵᠦ ᠦᠪᠡᠷ ᠢ ᠪᠠᠨ ᠠᠶᠣᠵᠣ ᠨᠡᠷᠡᠯᠡᠵᠣ ᠴᠢᠳᠠᠬᠤ ᠦᠭᠡᠢ ᠪᠣᠯᠣᠭᠰᠠᠨ ᠬᠠᠵᠠᠷᠠᠴᠣᠳ᠂ ᠵᠢᠴᠢ ᠪᠠᠰᠠ ᠪᠣᠰᠣᠳ ᠶᠠᠮᠠᠷ ᠨᠢᠭᠡᠨ ᠦᠨᠳᠦᠰᠦᠳᠡᠨ ᠣᠭᠰᠠᠭᠠᠳᠠᠨ ᠤ ᠨᠡᠷ᠎ᠡ ᠶᠢ ᠦᠭᠴᠦ ᠬᠠᠵᠠᠷ᠎ᠠ ᠨᠡᠷ ᠠᠴᠠ ᠵᠠᠲᠠᠷᠠᠭᠤᠯᠣᠨ ᠰᠠᠯᠭᠠᠭᠠᠳ ᠪᠠᠶᠢᠭ᠎ᠠ ᠬᠠᠵᠠᠷ᠎ᠠ ᠬᠦᠮᠦᠨ ᠵᠡᠷᠭᠡ ᠶᠢ ᠨᠡᠮᠡᠪᠡᠯ ᠨᠠᠭᠠᠳᠣ ᠵᠠᠬ᠎ᠠ ᠨᠢ ᠠᠹᠭᠠᠨᠢᠰᠲ᠋ᠠᠨ ᠳᠤ ᠲᠣᠯᠣᠭᠠᠨ ᠵᠠᠭᠤᠨ ᠲᠦᠮᠡᠨ ᠬᠠᠵᠠᠷ᠎ᠠ ᠬᠦᠮᠦᠰ ᠪᠠᠶᠢᠳᠠᠭ ᠭᠡᠬᠦ ᠶᠢ ᠬᠠᠵᠠᠷ᠎ᠠ ᠰᠡᠳᠦᠪ ᠢ ᠰᠣᠳᠣᠯᠣᠳᠠᠭ ᠵᠠᠷᠢᠮ ᠡᠷᠳᠡᠮᠳᠡᠳ ᠪᠦᠷ ᠢᠳᠡᠭᠡᠵᠡᠭᠡᠵᠦ ᠪᠣᠢ᠃ ᠴᠢᠩᠬᠢᠰ ᠠᠴᠠ ᠬᠤᠵᠢᠮ ᠣᠳᠣ ᠪᠣᠯᠳᠠᠯ᠎ᠠ ᠪᠦᠬᠦ ᠮᠣᠩᠭᠤᠯᠴᠣᠳ ᠠᠷᠠᠢ ᠭᠡᠵᠦ ᠨᠢᠭᠡ ᠮᠢᠩᠭᠠᠨ ᠲᠦᠮᠡ ᠶᠢ ᠲᠠᠪᠠᠵᠣ ᠪᠠᠶᠢᠬᠤ ᠦᠨᠦᠳᠦᠷ᠂ ᠴᠢᠩᠬᠢᠰ ᠤᠨ ᠨᠢᠭᠡᠯ᠎ᠡ ᠮᠢᠩᠭᠠᠨ ᠨᠢ ᠶᠠᠭᠠᠬᠢᠵᠣ ᠦᠷᠡᠵᠢᠭᠡᠳ ᠡᠶᠢᠮᠦ ᠣᠯᠠᠨ ᠬᠦᠮᠦᠨ ᠠᠮᠠ  ᠲᠠᠢ ᠬᠠᠵᠠᠷᠠᠴᠣᠳ ᠪᠣᠯᠴᠢᠬᠠᠭᠰᠠᠨ ᠪᠣᠢ︖ ᠰᠣᠨᠢᠷᠬᠠᠯ ᠲᠠᠢ ᠠᠰᠠᠭᠤᠳᠠᠯ ᠪᠢᠰᠢ ᠭᠡᠵᠦ ᠦᠦ︖ — ᠮᠣᠩᠭᠤᠴᠢᠯᠠᠭᠴᠢ ᠠᠴᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号