ᠵᠠᠯᠭᠠᠮᠵᠢᠯᠠᠭᠴᠢ ᠡᠵᠡᠨ ᠵᠢᠬᠠᠨᠬᠢᠷ ᠨᠠᠰᠣ ᠪᠠᠷᠠᠭᠰᠠᠨ ᠨᠢ
ᠨᠡᠶᠢᠲᠡᠯᠡᠭᠰᠡᠨ ᠴᠠᠭ᠄
2020/3/19
ᠬᠤᠷᠢᠨ ᠬᠤᠶᠠᠳᠤᠭᠠᠷ ᠪᠦᠯᠦᠭ      ᠡᠮᠢᠷ ᠲᠡᠮᠦᠷ ᠠᠲ᠋ᠠ ᠺᠦᠮ ᠠᠴᠠ ᠰᠠᠯᠵᠣ ᠵᠧᠬᠤᠨ ᠭᠤᠣᠯ ᠢ ᠭᠠᠳᠣᠯᠣᠨ ᠦᠪᠡᠷ ᠤᠨ ᠨᠡᠶᠢᠰᠯᠡᠯ ᠰᠠᠮᠠᠷᠺᠠᠨᠳ᠋ ᠵᠦᠭ ᠲᠤ ᠪᠣᠴᠠᠵᠠᠢ᠃ ᠲᠡᠷᠡ ᠲᠡᠨᠳᠡ ᠣᠯᠵᠣ ᠦᠵᠡᠭᠰᠡᠨ ᠨᠢ᠄ᠲᠦᠰᠢᠮᠡᠳ ᠢᠷᠭᠡᠳ ᠪᠡᠯᠪᠡᠰᠦᠷᠡᠯ ᠳᠤ ᠵᠢᠪᠪᠦᠨ᠂ᠲᠦᠮᠡᠨ ᠣᠪᠣᠭᠳᠠᠨ ᠭᠠᠰᠠᠯᠠᠩ ᠳᠤ ᠬᠦᠪᠪᠦᠵᠡᠢ᠃ᠦᠰᠦ ᠭᠡᠵᠢᠭᠡ ᠨᠢ ᠦᠷᠪᠦᠶᠢᠨ ᠰᠡᠭᠰᠡᠶᠢᠵᠡᠭᠡᠨ᠂ᠡᠩᠬᠡᠷ ᠡᠪᠴᠢᠭᠦᠥ ᠪᠠᠨ ᠲᠡᠯᠡᠳᠦᠨ ᠭᠠᠰᠠᠯᠠᠯᠴᠠᠮᠣᠢ᠃ᠬᠠᠭᠠᠨ ᠡᠵᠡᠨ ᠢᠶᠠᠨ ᠶᠠᠭᠠᠷᠠᠨ ᠣᠭᠳᠣᠬᠤᠶ᠎ᠠ᠂ᠬᠠᠷ᠎ᠠ ᠲᠡᠷᠢᠬᠦᠨ᠎ᠡ ᠪᠡᠯᠪᠡᠰᠦᠷᠡᠯ ᠤᠨ ᠠᠯᠴᠢᠭᠤᠷ ᠲᠠᠢ᠃ᠣᠯᠣᠰ ᠲᠠᠶᠠᠭᠠᠷ ᠪᠡᠯᠪᠡᠰᠦᠷᠡᠨ ᠣᠬᠢᠯᠠᠵᠣ᠂ᠣᠶᠠᠷᠠᠯ ᠤᠨ ᠲᠠᠭᠤᠨ ᠲᠠᠰᠣᠷᠠᠰᠢ ᠦᠭᠡᠢ᠃ᠭᠠᠰᠢᠭᠤᠳᠠᠯ ᠲᠠᠢ ᠪᠣᠯᠠᠢ ᠵᠢᠬᠠᠨᠬᠢᠷ · ᠮᠢᠷᠽᠠᠭᠤᠣᠯᠴᠢ ᠲᠦᠪ ᠦᠷᠦᠰᠢᠶᠡᠯᠳᠦ ᠬᠦᠮᠦᠨ ᠪᠦᠯᠦᠭᠡ᠃ᠲᠣᠷᠭᠤᠨ ᠵᠠᠶᠠᠭᠠᠨ᠎ᠠ ᠬᠡᠨ ᠬᠦᠮᠦᠨ ᠴᠦ ᠠᠷᠭ᠎ᠠ ᠦᠭᠡᠢ᠂ᠲᠣᠭᠰᠢᠨ ᠰᠠᠯᠬᠢᠨ᠎ᠠ ᠲᠠᠭᠠᠷᠢᠭᠳᠠᠭᠰᠠᠨ ᠴᠡᠴᠡᠭ ᠮᠡᠳᠦ ᠶᠢ ᠬᠡᠷᠬᠢᠨᠡᠮ᠃ᠡᠮᠢᠷ ᠲᠡᠮᠦᠷ ᠡᠨᠡᠬᠦ ᠣᠶᠠᠷᠠᠯ ᠭᠠᠰᠢᠭᠤᠳᠠᠯ ᠲᠦᠭᠦᠷᠡᠭᠰᠡᠨ ᠪᠡᠯᠪᠡᠰᠦᠷᠡᠯ ᠤᠨ ᠲᠠᠭᠤᠨ ᠢ ᠰᠣᠨᠣᠰᠣᠭᠠᠳ᠂ ᠦᠪᠡᠷ ᠤᠨ ᠠᠩᠬᠠᠨ ᠤ ᠵᠦᠩ ᠰᠣᠪᠢᠩ ᠢ ᠰᠡᠵᠢᠭᠯᠡᠬᠦ ᠦᠭᠡᠢ ᠪᠣᠯᠪᠠ᠃ ᠡᠳᠦᠬᠡ ᠲᠡᠷᠡ ᠦᠪᠡᠷ ᠤᠨ ᠬᠦᠪᠡᠭᠦᠨ ᠤ ᠪᠠᠨ ᠨᠢᠭᠡᠨᠳᠡ ᠬᠠᠯᠢᠨ ᠣᠳᠣᠭᠰᠠᠨ ᠢ ᠦᠵᠡᠭᠡᠳ᠂ ᠪᠦᠬᠦ ᠲᠡᠯᠡᠬᠡᠢ ᠲᠡᠬᠦᠨ ᠤ ᠰᠡᠳᠬᠢᠯ ᠲᠣᠲᠣᠷ᠎ᠠ ᠪᠣᠳᠣᠩᠭᠤᠶᠢᠷᠠᠨ ᠵᠠᠪᠬᠠᠵᠠᠢ᠃ ᠲᠡᠷᠡ ᠨᠢᠯᠪᠦᠰᠦ ᠲᠠᠰᠣᠷᠠᠯ ᠦᠭᠡᠢ ᠡᠮᠭᠡᠨᠢᠵᠦ᠂ ᠵᠢᠷᠦᠬᠡ ᠰᠡᠳᠬᠢᠯ ᠢᠶᠠᠷ ᠣᠨᠠᠬᠤ ᠳᠤ ᠬᠦᠷᠴᠡᠢ᠃ ᠡᠨᠡᠬᠦ ᠰᠦᠷ ᠭᠡᠷᠡᠯ ᠪᠠᠳᠠᠷᠠᠭᠰᠠᠨ ᠡᠵᠡᠨ ᠬᠠᠭᠠᠨ ᠢ ᠪᠣᠴᠠᠵᠣ ᠢᠷᠡᠬᠦ ᠦᠶ᠎ᠡ ᠳᠤ᠂ ᠣᠯᠣᠰ ᠲᠠᠶᠠᠭᠠᠷ ᠬᠦᠭᠵᠢᠯᠳᠦᠨ ᠪᠠᠶᠠᠷᠯᠠᠯᠳᠣᠬᠤ ᠪᠠᠶᠢᠭᠰᠠᠨ ᠶᠣᠮ᠃ ᠭᠡᠳᠡᠯ᠎ᠡ ᠡᠳᠦᠬᠡ ᠬᠠᠷᠢᠨ ᠲᠡᠯᠡᠬᠡᠢ ᠲᠦᠭᠦᠷᠡᠩ ᠡᠮᠭᠡᠨᠢᠯ ᠤᠨ ᠲᠠᠭᠤᠨ ᠴᠣᠣᠷᠢᠶᠠᠳᠣᠵᠣ᠂ ᠭᠠᠵᠠᠷ ᠰᠠᠢ ᠦᠭᠡᠢ ᠪᠡᠯᠪᠡᠰᠦᠷᠡᠯ ᠤᠨ ᠬᠤᠪᠴᠠᠰᠣ ᠲᠦᠭᠦᠷᠡᠯ᠎ᠡ᠃ ᠶᠡᠭᠡ ᠴᠡᠷᠢᠭ ᠴᠦ ᠬᠠᠷ᠎ᠠ ᠣᠨᠵᠢᠯᠭ᠎ᠠ ᠡᠯᠭᠦᠨ ᠪᠡᠯᠪᠡᠰᠦᠷᠡᠵᠦ᠂ ᠪᠦᠬᠦ ᠵᠠᠩᠵᠣᠨ ᠪᠠᠭᠠᠳᠣᠷᠴᠣᠳ ᠬᠤᠭ ᠲᠣᠭᠤᠰᠣ ᠨᠢᠭᠤᠷ ᠲᠦᠭᠦᠷᠡᠩ ᠪᠢᠯᠳᠠᠵᠣ᠂ ᠬᠤᠶᠠᠷ ᠨᠢᠳᠦᠨ  ᠠᠴᠠ ᠭᠠᠰᠢᠭᠤᠳᠠᠯ ᠤᠨ ᠴᠢᠰᠣᠨ ᠠᠰᠬᠠᠷᠠᠪᠠᠢ᠃    ᠡᠨᠡᠬᠦ ᠦᠷᠯᠦᠭ ᠶᠡᠭᠡ ᠬᠠᠭᠠᠨ ᠬᠡᠳᠦᠶᠢᠪᠡᠷ ᠬᠠᠶᠢᠷᠠᠳᠣ ᠬᠦᠪᠡᠭᠦᠨ ᠢᠶᠠᠨ ᠠᠯᠳᠠᠨ ᠬᠠᠷᠠᠮᠰᠠᠯ ᠤᠨ ᠭᠦᠨ ᠳᠤ ᠭᠠᠰᠢᠭᠤᠳᠠᠵᠣ ᠪᠠᠶᠢᠭ᠎ᠠ ᠪᠣᠯᠪᠠᠴᠣ᠂ ᠲᠡᠭᠦᠨ ᠤ ᠮᠡᠷᠭᠡᠨ ᠭᠡᠭᠡᠨ ᠴᠡᠭᠡᠵᠢᠨ ᠳᠤ ᠬᠦᠮᠦᠨ ᠤ ᠨᠢᠭᠡ ᠨᠠᠰᠣ ᠪᠣᠯ ᠵᠦᠪᠬᠡᠨ ᠨᠢᠭᠡ ᠦᠩᠭᠡᠷᠡᠭᠴᠢ ᠵᠣᠴᠢᠨ ᠭᠡᠳᠡᠭ ᠢ ᠣᠬᠠᠮᠵᠢᠯᠠᠵᠣ᠂ ᠲᠦᠮᠡᠨ ᠪᠣᠳᠠᠰ ᠲᠤ ᠪᠦᠷ ᠲᠡᠭᠦᠰᠭᠡᠯ ᠠᠮᠣᠢ ᠭᠡᠳᠡᠭ ᠢ ᠨᠡᠪᠳᠡᠷᠡᠳᠡᠯ᠎ᠡ ᠣᠬᠠᠵᠣ ᠪᠠᠶᠢᠭ᠎ᠠ ᠶᠣᠮ᠃ ᠲᠡᠶᠢᠮᠦ ︽ᠪᠢᠳᠡ ᠪᠦᠬᠦᠨ ᠬᠦᠮᠦᠨ ᠲᠦᠷᠦᠯᠬᠢᠳᠡᠨ ᠦᠨᠡᠬᠡᠷ ᠪᠦᠷ ᠠᠯᠯᠠᠾ ᠲᠡᠭᠷᠢ ᠶᠢᠨ ᠲᠡᠨᠳᠡ ᠬᠦᠷᠬᠦ ᠶᠣᠰᠣᠳᠠᠢ︾᠃ ᠡᠳᠡᠭᠡᠷ ᠢ ᠪᠣᠳᠣᠵᠣ ᠲᠡᠷᠡ ᠵᠣᠪᠠᠨᠢᠬᠤ ᠰᠡᠳᠬᠢᠯ ᠵᠢᠭᠠᠬᠠᠨ ᠲᠠᠶᠢᠪᠣᠰᠢᠷᠠᠵᠣ᠂ ᠮᠠᠰᠢ ᠣᠯᠠᠨ ᠦᠭᠯᠢᠭᠡ ᠪᠣᠶᠠᠨ ᠤ ᠬᠡᠷᠡᠭ ᠡᠷᠭᠢᠯᠡᠵᠡᠢ᠃ ᠲᠡᠷᠡ ᠵᠠᠷᠯᠢᠭ ᠲᠠᠷᠬᠠᠭᠠᠨ ᠦᠭᠡᠭᠦᠥ ᠶᠠᠳᠠᠭᠤ ᠬᠦᠮᠦᠰ ᠲᠤ ᠦᠯ ᠬᠤᠭᠤᠯᠠ ᠵᠠᠯᠭᠠᠬᠤ ᠢᠳᠡᠭᠡᠨ ᠣᠮᠳᠠᠭᠠᠨ ᠲᠦᠭᠡᠭᠡᠨ ᠦᠭᠴᠦ᠂ ᠦᠪᠡᠷ ᠤᠨ ᠬᠦᠪᠡᠭᠦᠨ  ᠤ ᠪᠠᠨ ᠱᠠᠷᠢᠯ ᠢ ᠦᠪᠡᠷ ᠤᠨ ᠨᠣᠳᠤᠭ ᠺᠧᠱ ᠲᠤ ᠠᠪᠠᠴᠢᠨ ᠣᠩᠭᠤᠯᠠᠵᠣ᠂ ᠣᠩᠭᠤᠨ ᠤ ᠲᠡᠭᠡᠷ᠎ᠡ ᠨᠢ ᠮᠠᠰᠢ ᠡᠷᠬᠢᠮᠰᠦᠭ ᠭᠤᠶᠣ ᠪᠠᠷᠢᠯᠭ᠎ᠠ① ᠪᠠᠶᠢᠭᠤᠯᠵᠠᠢ᠃ ᠡᠨᠡᠬᠦ ᠵᠠᠯᠭᠠᠮᠵᠢᠯᠠᠭᠴᠢ ᠡᠵᠡᠨ ᠨᠠᠰᠣ ᠪᠠᠷᠠᠬᠤ ᠦᠶ᠎ᠡ ᠳᠤ ᠰᠠᠶ᠋ᠢ ᠬᠤᠷᠢᠬᠠᠨ ᠨᠠᠰᠣᠳᠠᠢ ᠪᠠᠶᠢᠯᠤᠭ᠎ᠠ᠃ ᠲᠡᠭᠦᠨ ᠠᠴᠠ ᠦᠷ᠎ᠡ ᠬᠦᠪᠡᠭᠦᠨ ᠬᠤᠶᠠᠷ ᠬᠦᠮᠦᠨ ᠦᠯᠡᠳᠡᠵᠡᠢ᠃ ᠨᠢᠭᠡ ᠨᠢ ᠮᠢᠷᠽᠠ · ᠮᠠᠬᠠᠮᠠᠳ᠋ · ᠰᠣᠯᠲᠠᠨ ᠭᠡᠳᠡᠭ᠂ ᠬᠠᠨᠵᠠᠳᠠ ᠠᠴᠠ ᠲᠦᠷᠦᠵᠡᠢ᠃ ᠨᠦᠬᠦᠭᠡ ᠨᠢ ᠡᠴᠢᠬᠡ ᠪᠠᠨ ᠨᠠᠰᠣ ᠪᠠᠷᠠᠭᠰᠠᠨ ᠤ ᠲᠠᠷᠠᠭ᠎ᠠ ᠲᠦᠴᠢᠨ ᠡᠳᠦᠷ ᠲᠤ ᠲᠦᠷᠦᠭᠰᠡᠨ ᠶᠣᠮ ᠨᠡᠷ᠎ᠡ ᠨᠢ ᠮᠢᠷᠽᠠ · ᠫᠢᠷ · ᠮᠠᠬᠠᠮᠠᠳ᠋ ᠭᠡᠵᠦ᠂ ᠢᠯᠢᠶᠠᠰ ᠶᠠᠰᠣᠷᠢ ᠶᠢᠨ ᠬᠡᠣᠬᠡᠨ ᠪᠠᠾᠳᠢ · ᠮᠦᠯᠺ · ᠠᠬ᠎ᠠ ᠠᠴᠠ ᠲᠦᠷᠦᠵᠡᠢ᠃ ᠵᠢᠬᠠᠨᠬᠢᠷ ᠤᠨ ᠨᠠᠰᠣ ᠪᠠᠷᠠᠭᠰᠠᠨ ᠴᠠᠭ ᠨᠢ ᠾᠢᠵᠢᠷ ᠲᠣᠭᠠᠯᠠᠯ ᠤᠨ777 ᠣᠨ ︵ᠨᠡᠶᠢᠳᠡ ᠶᠢᠨ ᠣᠨ ᠲᠣᠭᠠᠯᠠᠯ ᠤᠨ 1375 —1376 ᠣᠨ︶ ᠶᠣᠮ᠂ ᠲᠠᠷᠣᠢ ᠲᠠᠲ᠋ᠠᠷ ᠲᠣᠭᠠᠯᠠᠯ ᠤᠨ ᠯᠣᠣ ᠵᠢᠯ② ᠤᠨ ᠬᠡᠷᠡᠭ ᠪᠣᠯᠣᠨ᠎ᠠ᠃ᠲᠦᠷᠦᠯ ᠤᠨ ᠸᠠᠩ ᠰᠠᠶᠢᠹᠳᠢᠨ③ ᠡᠨᠡᠬᠦ ᠡᠮᠭᠡᠨᠢᠯᠳᠣ ᠴᠢᠮᠡᠭᠡ ᠶᠢ ᠰᠣᠨᠣᠰᠣᠨ᠂ ᠬᠦᠮᠦᠨ ᠤ ᠶᠢᠷᠲᠢᠨᠴᠦ ᠳᠤ ᠲᠣᠷ᠎ᠠ ᠠᠯᠳᠠᠷᠠᠨ ᠡᠮᠢᠷ ᠲᠡᠮᠦᠷ ᠠᠴᠠ ᠬᠠᠨᠵ ᠳᠤ ᠮᠦᠷᠭᠦᠯ ᠬᠢᠬᠦ ᠪᠠᠷ ᠣᠴᠢᠨ᠎ᠠ ᠭᠡᠵᠦ ᠭᠤᠶᠣᠴᠢᠯᠠᠪᠠ᠃ᠲᠣᠰ ᠪᠦᠯᠦᠭ ᠤᠨ ᠲᠠᠶᠢᠯᠪᠣᠷᠢ① ᠣᠩᠭᠤᠨ ᠤ ᠲᠡᠭᠡᠷ᠎ᠡ ᠮᠠᠰᠢ ᠭᠤᠶᠣ ᠪᠠᠷᠢᠯᠭ᠎ᠠ ᠪᠠᠶᠢᠭᠤᠯᠪᠠ ᠭᠡᠳᠡᠭ ᠨᠢ ᠪᠠᠷᠤᠭ ᠣᠩᠭᠤᠨ ᠳᠤ ᠪᠠᠷᠠᠭᠠᠯᠠᠬᠤ᠂ ᠮᠦᠷᠬᠦᠬᠦ ᠳᠤ ᠪᠡᠯᠡᠳᠭᠡᠭᠰᠡᠨ ᠲᠠᠩᠬᠢᠮ ᠪᠣᠯᠣᠯᠳᠠᠢ ᠭᠡᠵᠦ ᠠᠩᠭ᠍ᠯᠢᠴᠢᠯᠠᠭᠴᠢ ᠠᠴᠠ ᠲᠠᠶᠢᠯᠪᠣᠷᠢᠯᠠᠵᠠᠢ᠃② ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠨᠣᠮ ᠳᠤ ᠶᠡᠷᠦ ᠨᠢ ᠪᠦᠷ ᠾᠢᠵᠢᠷ ᠲᠣᠭᠠᠯᠠᠯ ᠪᠣᠯᠣᠨ ᠲᠠᠲ᠋ᠠᠷ ᠲᠣᠭᠠᠯᠠᠯ ᠤᠨ ᠵᠡᠷᠭᠡᠴᠡᠭᠡᠭᠦᠯᠦᠨ ᠬᠡᠷᠡᠭᠯᠡᠳᠡᠭ ᠵᠠᠩᠰᠢᠯ ᠲᠠᠢ ᠪᠠᠶᠢᠭᠰᠠᠨ ᠠᠴᠠ ᠦᠵᠡᠬᠦ ᠳᠤ ᠮᠣᠩᠭᠤᠯ ᠰᠣᠶᠣᠯ  ᠤᠨ ᠣᠯᠠ ᠮᠦᠷ ᠲᠡᠷᠡ ᠦᠶ᠎ᠡ ᠳᠤ ᠬᠠᠷᠬᠠᠨ ᠣᠰᠠᠳᠴᠣ ᠮᠦᠬᠦᠭᠡᠳᠦᠢ ᠪᠠᠶᠢᠭᠰᠠᠨ ᠠᠵᠠᠢ᠃ ᠭᠡᠪᠡᠴᠦ ᠯᠣᠣ ᠵᠢᠯ ᠭᠡᠪᠡᠯ ᠪᠦᠷ Lui ᠵᠢᠯ ᠭᠡᠵᠦ ᠪᠢᠴᠢᠳᠡᠭ ᠪᠠᠶᠢᠵᠠᠢ᠃ ᠡᠨᠡ ᠨᠢ ᠪᠠᠷᠤᠭ ᠲᠦᠷᠺ ᠫᠧᠷᠰ ᠬᠡᠯᠡᠨ ᠳᠤ ᠮᠠᠲᠠᠷ ᠭᠡᠳᠡᠭ ᠣᠳᠬ᠎ᠠ ᠲᠠᠢ ᠦᠭᠡ ᠪᠠᠶᠢᠭᠰᠠᠨ ᠪᠣᠯᠣᠯᠳᠠᠢ᠂ ᠶᠠᠭ ᠡᠶᠢᠮᠦ ᠠᠴᠠ ᠡᠭᠦᠨ ᠢ ᠬᠢᠳᠠᠳᠴᠢᠯᠠᠭᠴᠢ ᠠᠴᠠ ᠪᠦᠷ ᠰᠢᠭᠤᠳ ᠮᠠᠲᠠᠷ ᠵᠢᠯ ︵鳄鱼年︶ ᠭᠡᠵᠦ ᠣᠷᠴᠢᠭᠤᠯᠣᠭᠰᠠᠨ ᠪᠠᠶᠢᠨ᠎ᠠ᠃ ᠭᠡᠪᠡᠴᠦ ᠠᠳᠡ ᠬᠡᠯᠡᠬᠦ ᠠᠴᠠ ᠷᠠᠰᠢᠳ᠋ ᠪᠣᠯ ᠬᠠᠷᠢᠨ ᠵᠢᠯ ᠭᠡᠳᠡᠭ ᠦᠭᠡ ᠶᠢ ᠬᠦᠷᠳᠡᠯ᠎ᠡ ᠪᠦᠷ ᠰᠢᠭᠤᠳ ᠵᠢᠯ ᠭᠡᠬᠦ ᠪᠣᠶᠣ ᠲᠦᠷᠺ ᠠᠪᠢᠶᠠᠯᠯᠠᠭ᠎ᠠ ᠳᠤ ᠣᠶᠢᠷᠠᠳᠣᠭᠤᠯᠣᠨ ᠢᠯ ᠭᠡᠵᠦ ᠠᠪᠢᠶᠠᠴᠢᠯᠠᠨ ᠪᠢᠴᠢᠵᠦ ᠬᠡᠷᠡᠭᠯᠡᠳᠡᠭ ᠵᠣᠷᠰᠢᠯ ᠲᠠᠢ ᠪᠠᠶᠢᠭᠰᠠᠨ ᠶᠣᠮ᠃③ ᠰᠠᠶᠢᠹᠳᠢᠨ ᠪᠣᠯ ᠲᠡᠮᠦᠷ ᠤᠨ ᠲᠡᠭᠦᠥ ᠨᠢ ᠪᠣᠯᠣᠨ᠎ᠠ᠃ ᠡᠶᠢᠮᠦ ᠠᠴᠠ ᠠᠳᠡ ᠲᠡᠭᠦᠨ ᠢ ᠲᠦᠷᠦᠯ ᠤᠨ ᠸᠠᠩ ᠭᠡᠵᠡᠢ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号