ᠡᠮᠢᠷ ᠲᠡᠮᠦᠷ ᠴᠡᠷᠢᠭ ᠲᠣᠮᠢᠯᠠᠨ ᠬᠠᠮᠠᠷ ᠠᠳ᠋ᠳᠢᠨ ᠢ ᠲᠣᠪᠳᠣᠯᠣᠭᠰᠠᠨ ᠨᠢ
ᠨᠡᠶᠢᠲᠡᠯᠡᠭᠰᠡᠨ ᠴᠠᠭ᠄
2020/3/19
ᠬᠤᠷᠢᠨ ᠭᠤᠷᠪᠠᠳᠣᠭᠠᠷ ᠪᠦᠯᠦᠭ  ①ᠡᠮᠢᠷ ᠲᠡᠮᠦᠷ ᠬᠦᠪᠡᠭᠦᠨ ᠢᠶᠠᠨ ᠠᠯᠳᠠᠭᠠᠳ ᠲᠣᠩ ᠡᠮᠭᠡᠨᠢᠨ᠂ ᠣᠯᠣᠰ ᠤᠨ ᠬᠡᠷᠡᠭ ᠢᠶᠠᠨ ᠬᠦᠷᠳᠡᠯ᠎ᠡ ᠣᠭᠤᠷᠬᠤ ᠳᠤ ᠬᠦᠷᠪᠡ᠃ᠳ᠋ᠧᠪᠡᠵᠠᠨ ᠲᠠᠢ ᠠᠳᠠᠯᠢᠳᠬᠠᠪᠠᠯ ᠬᠦᠮᠦᠨ ᠤ ᠶᠢᠷᠲᠢᠨᠴᠦ ᠶᠠᠭᠤ ᠯᠠ ᠪᠠᠶᠢᠬᠤᠪ᠂ᠡᠪᠬᠡᠷᠡᠬᠦ ᠰᠡᠳᠭᠢᠯ ᠮᠢᠨᠢ ᠨᠢᠭᠡᠨᠳᠡ ᠨᠦᠬᠦᠭᠡ ᠶᠢᠷᠲᠢᠨᠴᠦ ᠶᠢ ᠵᠣᠷᠢᠪᠠᠢ᠃ᠡᠭᠡᠨᠡᠭᠳᠡ ᠮᠡᠬᠦᠰ ᠪᠢ ᠡᠨᠡ ᠲᠡᠯᠡᠬᠡᠢ ᠪᠠᠷ ᠶᠠᠭᠤ ᠬᠢᠬᠦᠪ︖ᠦᠪᠡᠷ ᠤᠨ ᠰᠦᠨᠡᠰᠦ ᠪᠠᠨ ᠭᠢᠨᠵᠢᠯᠡᠨ ᠬᠤᠷᠢᠬᠤ ᠣᠳᠬ᠎ᠠ ᠶᠠᠭᠤᠨ︖ᠬᠤᠷᠣᠮᠬᠠᠨ ᠵᠠᠭᠤᠷ᠎ᠠ ᠬᠤᠷᠣᠭᠤ ᠢᠨᠴᠢᠳᠬᠦ ᠶᠢᠨ ᠲᠡᠳᠦᠢ ᠨᠢᠭᠡᠨ ᠨᠠᠰᠣ ᠪᠠᠷᠬᠠᠮᠤᠭ ᠣᠯᠣᠰ ᠢ ᠬᠤᠷᠢᠶᠠᠰᠣ ᠬᠡᠮᠡᠬᠦ ᠬᠡᠨ ᠤ ᠲᠦᠯᠦᠭᠡ ᠪᠣᠢ︖ᠭᠡᠪᠡᠴᠦ ᠡᠷᠬᠢᠮ ᠢᠵᠠᠭᠤᠷᠳᠠᠨ ᠸᠠᠩ ᠭᠦᠩ ᠵᠡᠷᠭᠡ ᠴᠢᠬᠤᠯᠠ ᠬᠦᠮᠦᠰ ᠪᠦᠷ ᠣᠷᠳᠣᠨ ᠳᠤ ᠴᠣᠭᠯᠠᠷᠠᠨ᠂ ᠬᠠᠷᠰᠢ ᠳᠤ ᠠᠪᠠᠷᠢᠨ ᠬᠠᠭᠠᠨ ᠡᠵᠡᠨ ᠢᠶᠠᠨ ᠢᠳᠬᠠᠨ ᠦᠬᠦᠯᠡᠷᠦᠨ᠄ ︽ᠲᠦᠮᠡᠨ ᠪᠣᠳᠠᠰ ᠢ ᠲᠦᠯᠵᠢᠭᠦᠯᠦᠨ᠂ ᠲᠢᠪ ᠲᠡᠯᠡᠬᠡᠢ ᠶᠢᠨ ᠬᠠᠮᠤᠭ ᠢ ᠮᠡᠳᠡᠭᠴᠢ ᠬᠠᠮᠤᠭ ᠢ ᠴᠢᠳᠠᠭᠴᠢ ᠠᠯᠯᠠᠾ ᠲᠡᠭᠷᠢ ᠡᠵᠡᠨ ᠬᠠᠭᠠᠨ ᠲᠠᠨ ᠢ ᠡᠭᠡᠯ ᠲᠡᠯᠡᠬᠡᠢ ᠶᠢᠨ ᠠᠷᠠᠳ ᠢᠷᠭᠡᠳ ᠢ ᠡᠨᠡᠷᠢᠨ ᠠᠰᠠᠷᠠᠳᠣᠭᠠᠢ ᠬᠡᠮᠡᠨ ᠶᠠᠪᠣᠭᠤᠯᠭᠰᠠᠨ ᠢ ᠰᠡᠳᠬᠢᠵᠦ᠂ ᠲᠦᠷᠦ ᠶᠢᠨ ᠬᠡᠷᠡᠭ ᠢᠶᠠᠨ ᠲᠡᠭᠰᠢᠳᠡ ᠵᠠᠰᠠᠮᠣ︾ ᠬᠡᠮᠡᠨ ᠭᠤᠶᠣᠵᠠᠭᠠᠪᠠ᠃ ᠰᠢᠯᠦᠭ ᠲᠤ ᠦᠭᠦᠯᠡᠭᠰᠡᠨ ᠠᠨᠣ᠄ᠬᠠᠭᠠᠳ ᠬᠡᠷᠪᠡ ᠠᠮᠳᠠᠰᠢᠨ ᠨᠣᠶᠢᠷᠰᠣᠪᠠᠰᠣᠬᠠᠮᠤᠭ ᠣᠯᠣᠰ ᠰᠠᠷᠨᠢᠨ ᠪᠣᠳᠠᠷᠠᠮᠣᠢ᠃ᠡᠵᠡᠨ ᠤ ᠢᠯᠳᠦ ᠵᠢᠪᠡᠷᠡᠨ ᠣᠳᠣᠪᠠᠰᠣᠡᠷᠬᠡᠳᠦ ᠣᠯᠣᠰ ᠦᠩᠭᠡ ᠠᠯᠳᠠᠮᠣᠢᠡᠵᠡᠨ ᠬᠡᠮᠡᠭᠴᠢ ᠠᠯᠯᠠᠾ ᠶᠢᠨ ᠲᠦᠯᠦᠭᠡᠯᠡᠭᠴᠢᠡᠨᠡ ᠶᠢᠷᠲᠢᠨᠴᠦ ᠶᠢᠨ ᠭᠡᠷᠡᠯ ᠪᠣᠯᠣᠨ ᠢᠯᠴᠢ ᠪᠢᠰᠢᠥ ᠬᠡᠮᠡᠵᠦᠬᠦᠢ᠃ᠬᠡᠷᠪᠡ ᠪᠣᠭᠳᠠ ᠮᠡᠷᠭᠡᠳ ᠡᠵᠡᠳ ᠬᠠᠭᠠᠳ ᠠᠯᠯᠠᠾ ᠲᠡᠭᠷᠢ ᠶᠢ ᠪᠠᠶᠠᠰᠬᠠᠶ᠎ᠠ ᠭᠡᠪᠡᠯ᠂ ᠲᠦᠪ ᠭᠤᠣᠯᠴᠢ ᠪᠠᠷ ᠵᠠᠰᠠᠭ ᠶᠠᠪᠣᠭᠤᠯᠵᠣ᠂ ᠲᠦᠰᠢᠮᠡᠳ ᠢᠷᠭᠡᠳ ᠢᠶᠠᠨ ᠬᠠᠮᠠᠭᠠᠯᠠᠵᠣ ᠪᠠᠶᠢᠪᠠᠯ ᠲᠠᠷᠣᠢ ︽ᠬᠦᠮᠦᠨ ᠲᠦᠷᠦᠯᠬᠢᠳᠡᠨ ᠤ ᠬᠠᠮᠠᠭᠠᠯᠠᠭᠴᠢ ᠪᠣᠯᠣᠭᠰᠠᠨ ᠬᠡᠷᠡᠭ ᠶᠣᠮ︾ ᠭᠡᠵᠦ ᠬᠠᠮᠤᠭ ᠰᠠᠶᠢᠨ ᠮᠠᠭᠳᠠᠭᠠᠯ ᠰᠠᠶᠢᠰᠢᠶᠠᠯ ᠢ ᠣᠯᠬᠤ ᠪᠣᠯᠣᠨ᠎ᠠ᠃ ᠰᠢᠯᠳᠠᠭᠠᠨ ᠨᠢ ᠬᠠᠮᠤᠭ ᠪᠦᠷᠢᠨ ᠪᠦᠳᠦᠨ ᠪᠣᠭᠳᠠ ᠬᠦᠮᠦᠨ ᠮᠦᠬᠠᠮᠦᠳ᠋ ︵ᠬᠠᠮᠤᠭ ᠰᠠᠶᠢᠨ ᠮᠠᠭᠳᠠᠭᠠᠯ ᠲᠠᠭᠠᠳᠬᠠᠯ ᠪᠦᠷ ᠲᠡᠭᠦᠨ ᠤ ᠬᠢ︶ ᠬᠡᠯᠡᠭᠰᠡᠨ ᠢᠶᠠᠷ ᠲᠡᠷᠡ ᠨᠢᠭᠡᠨ ᠨᠠᠰᠣᠨ ᠳᠠᠭᠠᠨ ᠲᠣᠷᠠᠲᠠᠶᠢᠶ᠎ᠠ ᠨᠢᠭᠡᠨ ᠴᠠᠭ ᠲᠦᠪ ᠭᠤᠣᠯᠴᠢ ᠲᠦᠷᠦ ᠵᠠᠰᠠᠬᠤ ᠠᠴᠠ ᠪᠢᠰᠢ ᠵᠢᠷᠠ ᠲᠠᠯᠠᠨ ᠵᠢᠯ ᠢᠶᠠᠷ ᠲᠠᠭᠠᠳᠬᠠᠯ ᠨᠠᠮᠠᠨᠴᠢᠯᠠᠯ ᠣᠩᠰᠢᠬᠤ ᠲᠣᠷ᠎ᠠ ᠦᠭᠡᠢ ᠭᠡᠵᠡᠢ᠃ᠡᠮᠢᠷ ᠲᠡᠮᠦᠷ ᠲᠦᠰᠢᠮᠡᠳ ᠰᠠᠶᠢᠳ ᠤᠨ ᠢᠶᠠᠨ ᠦᠨᠡᠨᠴᠢ ᠰᠠᠨᠠᠯ ᠢ ᠮᠠᠭᠳᠠᠨ ᠰᠣᠨᠣᠰᠴᠣ᠂ ᠲᠡᠳᠡᠨᠡᠷ ᠤᠨ ᠦᠭᠡ ᠪᠣᠯ ᠦᠨᠡᠬᠡᠷ ᠣᠯᠣᠰ ᠭᠡᠷ ᠢᠶᠠᠨ ᠬᠠᠶᠢᠷᠠᠯᠠᠬᠤ᠂ ᠡᠵᠡᠳ ᠬᠠᠭᠠᠳ ᠲᠠᠭᠠᠨ ᠦᠨᠡᠨᠴᠢ ᠪᠠᠷ ᠵᠢᠳᠬᠦᠭᠦ ᠰᠠᠨᠠᠭᠠᠨ ᠠᠴᠠ ᠭᠠᠷᠣᠭᠰᠠᠨ ᠦᠭᠡ ᠬᠡᠮᠡᠨ ᠰᠠᠶᠢᠰᠢᠶᠠᠵᠣ᠂ ᠣᠯᠣᠰ ᠲᠦᠷᠦ ᠶᠢᠨ ᠶᠡᠭᠡ ᠬᠡᠷᠡᠭ ᠢᠶᠠᠨ ᠰᠢᠢᠳᠭᠡᠵᠦ ᠡᠬᠢᠯᠡᠪᠡ᠃ ᠲᠡᠷᠡ ᠲᠠᠬᠢᠨ ᠴᠡᠷᠢᠭ ᠮᠣᠷᠢ ᠪᠠᠨ ᠴᠣᠭᠯᠠᠭᠤᠯᠣᠨ ᠠᠯᠣᠰ ᠲᠠᠶᠢᠯᠠᠬᠤ ᠪᠡᠯᠡᠳᠭᠡᠯ ᠬᠢᠪᠡ᠃ᠡᠨᠡ ᠦᠶ᠎ᠡ ᠪᠠᠷ ᠴᠢᠮᠡᠭᠡ ᠢᠷᠡᠵᠦ᠂ ᠠᠳᠢᠯᠱᠠᠾ · ᠵᠠᠯᠠᠶᠢᠷ ᠪᠣᠯᠣᠨ ᠲᠡᠭᠦᠨ ᠤ ᠬᠡᠳᠦᠨ ᠨᠦᠬᠦᠳ ᠬᠠᠷᠠᠵᠢᠺ ᠤᠨ ᠠᠭᠤᠯᠠᠨ ᠣᠷᠣᠨ ᠢᠶᠠᠷ ᠰᠢᠷᠭᠤᠨ ᠲᠡᠨᠦᠭᠦᠴᠢᠯᠡᠵᠦ ᠪᠠᠶᠢᠨ᠎ᠠ ᠭᠡᠪᠡ᠃ ᠡᠮᠢᠷ ᠲᠡᠮᠦᠷ ᠪᠠᠷᠠᠲ · ᠬᠤᠵᠠ · ᠬᠦᠬᠡᠯᠲᠠᠱ② ᠪᠣᠯᠣᠨ ᠢᠯᠴᠢ · ᠪᠣᠬ᠎ᠠ ᠬᠤᠶᠠᠭᠤᠯᠠ ᠳᠤ ᠠᠷᠪᠠᠨ ᠲᠠᠪᠣᠨ ᠰᠢᠯᠢᠳᠡᠭ ᠮᠣᠷᠢᠳᠣ ᠲᠠᠶᠢᠴᠢᠳ ᠦᠭᠴᠦ᠂ ᠠᠳᠢᠯᠱᠠᠾ ᠪᠠ ᠲᠡᠭᠦᠨ ᠤ ᠨᠠᠮᠳᠠᠨ ᠢ ᠨᠡᠬᠡᠮᠵᠢᠯᠡᠨ ᠡᠷᠢᠬᠦᠯᠬᠦ ᠪᠠᠷ ᠶᠠᠪᠣᠭᠤᠯᠪᠠ᠃ ᠲᠡᠳᠡ ᠰᠦᠨᠢ ᠲᠦᠯᠢᠭᠦᠯᠦᠨ ᠰᠠᠮᠠᠷᠺᠠᠨᠳ᠋ ᠠᠴᠠ ᠮᠣᠷᠳᠠᠨ ᠭᠠᠷᠴᠣ᠂ ᠣᠲᠷᠠᠷ ᠬᠦᠷᠦᠭᠡᠳ ᠬᠡᠳᠦᠨ ᠭᠠᠷᠮᠠᠭᠠᠢ ᠬᠦᠮᠦᠨ ᠢᠶᠠᠨ ᠰᠣᠩᠭᠤᠨ ᠭᠠᠷᠭᠠᠵᠣ ᠠᠭᠤᠯᠠᠨ ᠳᠤ ᠣᠷᠣᠭᠤᠯᠵᠣ ᠠᠳᠢᠯᠱᠠᠾ ᠢ ᠰᠣᠷᠠᠭᠯᠠᠨ ᠡᠷᠢᠭᠦᠯᠪᠡ᠃ ᠡᠴᠦᠰ ᠲᠡᠭᠡᠨ ᠲᠡᠳᠡ ᠠᠺᠰᠣᠮ ᠭᠡᠳᠡᠭ ᠭᠠᠵᠠᠷ ᠲᠡᠳᠡᠨᠡᠷ ᠢ ᠣᠯᠵᠣ ᠠᠪᠣᠭᠠᠳ ᠪᠠᠷᠢᠪᠴᠢᠯᠠᠭᠰᠠᠨ ᠤ ᠰᠡᠭᠦᠯᠡᠷ ᠲᠡᠷᠡ ᠲᠣᠣᠷ᠎ᠠ ᠪᠠᠨ ᠵᠠᠰᠠᠭ ᠶᠣᠰᠣᠭᠠᠷ ᠠᠯᠠᠨ ᠰᠢᠢᠳᠭᠡᠪᠡ᠃ ᠠᠺᠰᠣᠮ ᠪᠣᠯ ᠬᠠᠷ᠎ᠠ ᠵᠢᠺ ᠠᠭᠤᠯᠠᠨ ᠤ ᠣᠷᠣᠢ ᠳᠤ ᠪᠠᠶᠢᠭᠤᠯᠣᠭᠰᠠᠨ ᠨᠢᠭᠡ ᠪᠦᠭᠡᠷᠡᠩᠬᠡᠢ ᠪᠠᠭᠠᠨ ᠬᠡᠯᠪᠡᠷᠢ ᠲᠠᠢ ᠪᠠᠷᠢᠯᠭ᠎ᠠ ᠶᠣᠮ᠃ ᠡᠭᠦᠨ ᠢ ᠶᠡᠷᠦ ᠨᠢ ᠬᠠᠷᠠᠭᠤᠯ ᠤᠨ ᠭᠠᠵᠠᠷ ᠪᠣᠯᠭᠠᠨ ᠬᠡᠷᠡᠭᠯᠡᠵᠦ ᠬᠢᠪᠴᠠᠭ ᠤᠨ ᠲᠠᠯ᠎ᠠ ᠨᠣᠳᠤᠭ ᠢ ᠬᠠᠷᠠᠭᠤᠯᠳᠠᠵᠣ ᠪᠠᠶᠢᠳᠠᠭ③᠃ᠲᠡᠭᠡᠭᠡᠳ ᠰᠠᠷ · ᠪᠣᠬ᠎ᠠ ᠪᠣᠯ ᠠᠳᠡᠭᠦᠷᠡᠵᠦ ᠲᠡᠳᠡᠨᠡᠷ ᠲᠠᠢ ᠬᠠᠮᠳᠣ ᠵᠦᠪᠯᠡᠯ ᠨᠡᠶᠢᠯᠡᠨ ᠣᠷᠪᠠᠭᠰᠠᠨ ᠪᠦᠭᠡᠳ ᠢᠯᠠᠭᠳᠠᠭᠰᠠᠨ ᠤ ᠲᠠᠷᠠᠭ᠎ᠠ ᠲᠣᠳᠠᠭᠠᠨ ᠪᠣᠷᠣᠭᠤᠯᠠᠭᠰᠠᠨ ᠶᠣᠮ ᠪᠢᠯᠡ᠃ ᠡᠳᠦᠬᠡ ᠲᠡᠷᠡ ᠮᠦᠷ ᠰᠣᠷᠠᠭ ᠦᠭᠡᠢ ᠲᠣᠳᠠᠭᠠᠨ ᠶᠠᠪᠣᠭᠠᠳ ᠬᠤᠶᠠᠷ ᠵᠢᠯ ᠪᠣᠯᠣᠭᠰᠠᠨ ᠤ ᠲᠠᠷᠠᠭ᠎ᠠ ᠪᠠᠷ ᠠᠯᠳᠠᠭ᠎ᠠ ᠪᠣᠷᠣᠭᠤ ᠪᠠᠨ ᠣᠬᠠᠭᠠᠷᠠᠨ ᠮᠡᠳᠡᠵᠦ᠂ ᠬᠠᠭᠠᠨ ᠣᠷᠳᠣᠨ ᠳᠤ ᠪᠣᠴᠠᠵᠣ ᠢᠷᠡᠪᠡ᠃ ᠲᠡᠷᠡ ᠦᠷᠭᠡᠨ ᠦᠷᠦᠰᠢᠶᠡᠯ ᠦᠯᠡᠮᠵᠢ ᠡᠨᠡᠷᠢᠯ ᠲᠠᠢ ᠡᠵᠡᠨ ᠬᠠᠭᠠᠨ ᠤ  ᠪᠠᠨ ᠠᠭᠤᠴᠢᠯᠠᠯ ᠢ ᠬᠦᠷᠳᠡᠵᠦ᠂ ᠣᠣᠯ ᠤᠨ ᠨᠣᠳᠤᠭ ᠣᠰᠣ ᠶᠢ ᠨᠢ ᠲᠡᠭᠦᠨ ᠳᠤ ᠪᠣᠴᠠᠭᠠᠨ ᠦᠭᠴᠦ᠂ ᠣᠣᠯ ᠤᠨ ᠠᠷᠠᠳ ᠢᠷᠭᠡᠳ ᠢᠶᠠᠨ ᠵᠠᠬᠢᠷᠠᠳᠣᠭᠠᠢ ᠬᠡᠮᠡᠨ ᠵᠠᠷᠯᠢᠭᠳᠠᠪᠠ᠃ᠡᠭᠦᠨ ᠤ ᠲᠠᠷᠠᠭ᠎ᠠ ᠪᠠᠷ ᠣᠳᠠᠯ ᠦᠭᠡᠢ᠂ ᠡᠮᠢᠷ ᠲᠡᠮᠦᠷ ᠨᠢᠭᠡᠨᠳᠡ ᠴᠠᠭ ᠪᠣᠯᠣᠭᠰᠠᠨ ᠭᠡᠵᠦ ᠦᠵᠡᠭᠡᠳ ᠦᠪᠡᠷ ᠤᠨ ᠬᠦᠪᠡᠭᠦᠨ ᠣᠮᠠᠷ︕ ᠱᠠᠾ ᠢᠶᠠᠨ ᠲᠣᠮᠢᠯᠠᠨ ᠬᠠᠮᠠᠷ ᠠᠳ᠋ᠳᠢᠨ ᠢ ᠲᠠᠶᠢᠯᠠᠭᠤᠯᠬᠤ ᠪᠠᠷ ᠶᠠᠪᠣᠭᠤᠯᠵᠠᠢ᠃ ᠲᠡᠭᠦᠨ ᠳᠤ ᠡᠮᠢᠷ ᠠᠯᠢ · ᠪᠣᠬ᠎ᠠ᠂ ᠬᠢᠳᠠᠨ · ᠪᠠᠭᠠᠳᠣᠷ ᠪᠣᠯᠣᠨ ᠪᠣᠰᠣᠳ ᠬᠡᠳᠦᠨ ᠡᠮᠢᠷ ᠨᠡᠷ ᠢ ᠲᠠᠭᠠᠭᠤᠯᠣᠨ ᠢᠯᠡᠭᠡᠪᠡ᠃ ᠲᠡᠭᠡᠭᠡᠳ ᠲᠡᠳᠡ ᠨᠡᠷ ᠢ ᠵᠠᠪᠠᠯ ᠲᠠᠶᠢᠰᠣᠨ ᠢᠶᠠᠨ ᠲᠣᠶᠢᠯᠪᠣᠷᠢᠳᠡᠢ ᠣᠰᠠᠳᠬᠠᠬᠤ ᠬᠡᠷᠡᠭᠳᠡᠢ ᠭᠡᠵᠦ ᠵᠢᠭᠠᠪᠣᠷᠢ ᠦᠭᠴᠡᠢ᠃ ᠲᠡᠳᠡ ᠪᠦᠷ ᠬᠦᠴᠦᠨ ᠵᠢᠳᠭᠦᠬᠦ ᠪᠠᠷ ᠬᠦᠰᠡᠨ ᠬᠦᠯᠢᠶᠡᠵᠦ ᠪᠠᠶᠢᠭᠰᠠᠨ ᠪᠣᠯᠬᠤᠷ ᠵᠠᠷᠯᠢᠭ ᠣᠯᠣᠮᠠᠭᠴᠠ ᠪᠠᠨ ᠭᠠᠯ ᠮᠡᠳᠦ ᠲᠦᠷᠭᠡᠨ ᠢᠶᠠᠷ ᠮᠣᠷᠳᠠᠨ ᠭᠠᠷᠴᠠᠭᠠᠵᠠᠢ᠃ ᠲᠡᠳᠡ ᠬᠦᠷᠢᠶᠡᠳᠦ ᠭᠡᠳᠡᠭ ᠡᠯᠡᠰᠦᠨ ᠳᠤ ᠣᠷᠣᠭᠠᠳ ᠬᠠᠮᠠᠷ ᠠᠳ᠋ᠳᠢᠨ ᠲᠠᠢ ᠬᠠᠷᠭᠤᠨ᠂ ᠠᠯᠯᠠᠾ ᠶᠢᠨ ᠠᠪᠣᠷᠠᠯ ᠢᠶᠠᠷ ᠲᠠᠶᠢᠰᠣᠨ ᠢᠶᠠᠨ ᠲᠠᠷᠣᠵᠣ ᠢᠯᠳᠢ ᠵᠢᠳᠠ ᠪᠠᠨ ᠲᠠᠶᠢᠰᠣᠨ ᠤ ᠴᠢᠰᠣᠨ ᠢᠶᠠᠷ ᠮᠢᠯᠢᠶᠠᠪᠠᠢ᠃ ᠬᠦᠭᠡ ᠡᠷᠳᠡᠨᠢ ᠶᠢᠨ ᠴᠢᠯᠠᠭᠤᠳ ᠮᠡᠳᠦ ᠬᠢᠯᠪᠠᠭ᠎ᠠ ᠲᠠᠲᠠᠭᠰᠠᠨ ᠢᠯᠳᠦ ᠰᠡᠯᠡᠮ᠎ᠡ ᠡᠳᠦᠬᠡ ᠪᠦᠷ ᠪᠠᠳᠮᠠᠷᠠᠭ ᠦᠩᠭᠡ ᠪᠠᠷ ᠬᠢᠯᠠᠯᠵᠠᠭᠰᠠᠨ ᠪᠣᠯᠬᠤᠷ ᠲᠠᠶᠢᠰᠣᠨ ᠨᠤᠭᠤᠳ ᠮᠠᠨ ᠤ ᠴᠡᠷᠢᠭ ᠠᠴᠠ ᠠᠶᠣᠵᠣ ᠴᠢᠷᠠᠢ  ᠶᠢᠨ ᠦᠩᠭᠡ ᠨᠢ ᠦᠨᠡᠰᠦᠨ ᠵᠡᠪᠬᠡᠢ ᠪᠣᠯᠵᠣ᠂ ᠪᠢᠳᠡᠨ ᠲᠠᠢ ᠡᠰᠡᠷᠭᠦᠴᠡᠨ ᠲᠣᠯᠵᠣ ᠴᠢᠳᠠᠭᠰᠠᠨ ᠦᠭᠡᠢ ᠵᠦᠭ ᠪᠣᠯᠭᠠᠨ  ᠳᠤ ᠪᠣᠷᠣᠭᠤᠯᠠᠨ ᠲᠣᠳᠠᠭᠠᠯᠳᠣᠪᠠ᠃ ᠬᠠᠮᠠᠷ ᠠᠳ᠋ᠳᠢᠨ ᠲᠣᠳᠠᠭᠠᠨ ᠶᠠᠪᠣᠭᠰᠠᠨ ᠤ ᠲᠠᠷᠠᠭ᠎ᠠ ᠮᠠᠨ ᠤ ᠴᠡᠷᠢᠭ ᠲᠠᠶᠢᠰᠣᠨ  ᠤ ᠪᠦᠬᠦ ᠨᠣᠳᠤᠭ ᠢ ᠪᠣᠯᠢᠶᠠᠨ ᠲᠠᠯᠠᠭᠳᠠᠵᠣ᠂ ᠠᠭᠤᠯᠠ ᠮᠡᠳᠦ ᠣᠯᠵᠠ ᠲᠠᠢ ᠪᠣᠴᠠᠨ ᠢᠷᠡᠵᠡᠭᠡᠪᠡ᠃ᠲᠣᠰ ᠪᠦᠯᠦᠭ ᠤᠨ ᠲᠠᠶᠢᠯᠪᠣᠷᠢ① ᠲᠡᠮᠦᠷ ᠤᠨ ᠡᠨᠡ ᠣᠳᠠᠭᠠᠨ ᠤ ᠮᠣᠩᠭᠤᠯᠰᠲ᠋ᠠᠨ ᠵᠦᠭ ᠲᠤ ᠬᠢᠭᠰᠡᠨ ᠠᠯᠣᠰ ᠲᠠᠶᠢᠯᠠᠯᠳᠠ ᠶᠢ ᠮᠢᠷᠽᠠ · ᠬᠠᠶᠢᠳᠠᠷ  ᠤᠨ ᠦᠬᠦᠯᠡᠵᠦ ᠪᠠᠶᠢᠭ᠎ᠠ ᠪᠠᠶᠢᠳᠠᠯ ᠠᠴᠠ ᠦᠵᠡᠪᠡᠯ᠂ ᠲᠡᠭᠦᠨ ᠤ ᠬᠡᠯᠡᠳᠡᠭ ᠲᠠᠪᠣᠨ ᠣᠳᠠᠭᠠᠨ ᠤ ᠠᠯᠣᠰ ᠲᠠᠶᠢᠯᠠᠯᠳᠠ  ᠶᠢᠨ ᠲᠣᠭᠠᠨ ᠳᠤ ᠣᠷᠣᠭᠤᠯᠵᠣ ᠦᠭᠡᠢ ᠪᠠᠶᠢᠭ᠎ᠠ ᠠᠵᠠᠢ᠃ ᠭᠡᠪᠡᠴᠦ ᠬᠤᠵᠢᠮ ᠤᠨ ᠲᠡᠣᠬᠡᠴᠢᠳ ᠪᠦᠷ ᠡᠮᠢᠷ ᠲᠡᠮᠦᠷ ᠢ ᠮᠣᠩᠭᠤᠯᠰᠲ᠋ᠠᠨ ᠵᠦᠭ ᠲᠤ ᠵᠢᠷᠭᠤᠭᠠᠨ ᠣᠳᠠᠭᠠᠨ ᠤ ᠠᠯᠣᠰ ᠲᠠᠶᠢᠯᠠᠯᠳᠠ ᠬᠢᠭᠰᠡᠨ ᠭᠡᠵᠦ ᠬᠡᠯᠡᠳᠡᠭ ᠶᠣᠮ᠃② ᠡᠨᠡᠬᠦ ᠪᠠᠷᠠᠲ ᠭᠡᠳᠡᠭ ᠣᠪᠣᠭ ᠪᠠᠷᠤᠭ ᠪᠠᠷᠣᠯᠠᠰ ᠪᠣᠶᠣ ᠪᠠᠷᠣᠯᠠᠳ ᠤᠨ ᠠᠳᠡᠭᠦᠥ ᠪᠢᠴᠢᠯᠭᠡ ᠪᠣᠯᠪᠠᠥ ᠭᠡᠵᠦ ᠰᠡᠵᠢᠭᠯᠡᠵᠦ ᠪᠠᠶᠢᠨ᠎ᠠ — ᠮᠣᠩᠭᠤᠯᠴᠢᠯᠠᠭᠴᠢ ᠠᠴᠠ᠃③ ᠡᠨᠡᠬᠦ ᠬᠠᠷᠠᠭᠤᠯ ᠤᠨ ᠭᠠᠵᠠᠷ ᠬᠡᠬᠦ ᠪᠣᠶᠣ ᠬᠠᠷᠠᠭᠤᠯ ᠤᠨ ᠦᠷᠳᠡᠭᠡ ᠶᠢ ᠪᠧᠯᠶᠦᠲ ᠪᠣᠯ ︽ᠠᠺᠰᠣᠮᠪᠧ ᠶᠢᠨ ᠪᠠᠭᠤᠷᠢ︾ ᠭᠡᠳᠡᠭ᠂ ᠡᠨᠡ ᠭᠠᠵᠠᠷ ᠺᠠᠷ᠎ᠠ ᠲᠠᠭ ᠠᠭᠤᠯᠠᠨ ᠤ ᠨᠢᠭᠡᠨ ᠰᠠᠯᠪᠣᠷᠢ ᠨᠢᠷᠣᠭᠤᠨ ᠳᠤ ᠪᠠᠶᠢᠭ᠎ᠠ ᠬᠢᠪᠴᠠᠭ ᠤᠨ ᠲᠠᠯ᠎ᠠ ᠨᠣᠳᠤᠭ ᠢ ᠬᠠᠷᠠᠭᠤᠯᠳᠠᠵᠣ ᠪᠠᠶᠢᠭ᠎ᠠ ᠬᠠᠷᠠᠭᠤᠯ ᠤᠨ ᠭᠠᠵᠠᠷ ᠮᠦᠨ᠃ ᠡᠨᠡᠬᠦ ᠬᠠᠷᠠᠭᠤᠯ ᠤᠨ ᠭᠠᠵᠠᠷ ᠪᠣᠯ ᠬᠠᠷ᠎ᠠ ᠴᠠᠺ ᠲᠣᠪᠣᠷᠬᠠᠭ ᠭᠠᠵᠠᠷ ᠲᠤ ᠪᠠᠶᠢᠭ᠎ᠠ᠂ ᠨᠢᠭᠡᠨ ᠣᠯᠠᠭᠠᠨ ᠦᠩᠭᠡ ᠲᠠᠢ ᠪᠠᠭᠠᠨ᠎ᠠ ᠬᠡᠯᠪᠡᠷᠢ ᠶᠢᠨ ᠲᠣᠭᠤᠰᠬᠠᠨ ᠪᠠᠷᠢᠯᠭ᠎ᠠ ᠶᠣᠮ ᠭᠡᠵᠡᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号