ᠡᠮᠢᠷ ᠲᠡᠮᠦᠷ ᠮᠣᠩᠭᠤᠯᠰᠲ᠋ᠠᠨ ᠢ ᠲᠠᠪᠤᠨᠳᠠ ᠲᠠᠶᠢᠯᠠᠭᠰᠠᠨ ᠨᠢ
ᠨᠡᠶᠢᠲᠡᠯᠡᠭᠰᠡᠨ ᠴᠠᠭ᠄
2020/3/20
ᠬᠤᠷᠢᠨ ᠲᠦᠷᠪᠡᠳᠦᠭᠡᠷ ᠪᠦᠯᠦᠭ      ᠡᠨᠡ ᠰᠠᠯᠠᠭ᠎ᠠ ᠢᠯᠠᠯᠳᠠ ᠪᠠᠶᠢᠭᠤᠯᠣᠭᠰᠠᠨ ᠴᠡᠷᠢᠭ ᠠᠩᠬᠢ ᠮᠣᠩᠭᠤᠯᠰᠲ᠋ᠠᠨ ᠠᠴᠠ ᠬᠠᠯᠳᠣ ᠪᠣᠴᠠᠵᠣ ᠢᠷᠡᠳᠡᠯ᠎ᠡ᠂ ᠡᠮᠢᠷ ᠲᠡᠮᠦᠷ ᠵᠠᠷᠯᠢᠭ ᠨᠡᠶᠢᠳᠡᠯᠡᠨ᠂ ᠲᠣᠰ ᠵᠢᠯ ᠳᠤ ᠲᠠᠬᠢᠨᠳᠠ ᠮᠣᠩᠭᠤᠯᠰᠲ᠋ᠠᠨ ᠢ ᠲᠣᠪᠳᠣᠯᠬᠤ ᠪᠠᠷ ᠪᠣᠯᠪᠠ᠃ ᠲᠡᠷᠡ ᠮᠦᠰᠠ ︵ᠡᠨᠡ ᠬᠦᠮᠦᠨ ᠣᠷᠤᠭ ᠰᠠᠳᠣ ᠶᠢᠨ ᠬᠠᠷᠢᠴᠠᠭ᠎ᠠ ᠪᠠᠷ ᠡᠮᠢᠷ ᠲᠡᠮᠦᠷ ᠲᠤ ᠮᠠᠰᠢᠳᠠ ᠲᠠᠭᠠᠯᠠᠭᠳᠠᠨ ᠲᠡᠭᠦᠨ ᠤ ᠢᠳᠡᠭᠡᠯ ᠢ ᠣᠯᠣᠭᠰᠠᠨ ᠬᠦᠮᠦᠨ ᠶᠣᠮ︶ ᠶᠢᠨ ᠬᠦᠪᠡᠭᠦᠨ ᠮᠠᠬᠠᠮᠠᠳ᠋ · ᠪᠠᠬᠢ᠂ ᠡᠮᠢᠷ ᠠᠪᠠᠰ ᠪᠠ ᠠᠩᠺ · ᠲᠡᠮᠦᠷ ᠨᠡᠷ  ᠢ ᠬᠤᠰᠢᠭᠤᠴᠢ ᠪᠣᠯᠭᠠᠨ ᠣᠷᠢᠳᠠᠪᠡᠷ ᠮᠣᠷᠳᠠᠭᠤᠯᠪᠠ᠃ ᠲᠡᠳᠡ ᠵᠠᠷᠯᠢᠭ ᠣᠯᠣᠮᠠᠭᠴᠠ ᠪᠠᠨ ᠡᠳᠦᠷ ᠰᠦᠨᠢ ᠪᠠᠷ ᠲᠦᠷᠭᠡᠯᠡᠨ ᠲᠠᠪᠬᠢᠵᠣ᠂ ᠢᠰᠠᠶᠢᠺ ᠨᠠᠭᠤᠷ ᠤᠨ ᠪᠣᠬᠠᠮ① ᠭᠡᠳᠡᠭ ᠭᠠᠵᠠᠷ ᠲᠤ ᠬᠠᠮᠠᠷ ᠠᠳᠳᠢᠨ ᠲᠠᠢ ᠬᠠᠷᠭᠤᠪᠠ᠃ ᠲᠡᠭᠡᠭᠡᠳ ᠨᠢᠭᠡᠨ ᠣᠳᠠᠭᠠᠨ ᠤ ᠰᠢᠷᠦᠭᠦᠨ ᠪᠠᠶᠢᠯᠳᠣᠭᠠᠨ ᠢᠶᠠᠷ ᠲᠠᠮᠵᠢᠨ ᠬᠠᠮᠠᠷ ᠠᠳ᠋ᠳᠢᠨ ᠶᠡᠬᠡᠪᠡᠷ ᠲᠠᠶᠢᠯᠦᠭᠳᠡᠨ ᠪᠣᠷᠣᠭᠤᠯᠠᠪᠠ᠃ ᠲᠠᠷᠠᠭ᠎ᠠ ᠨᠢ ᠮᠦᠨ ᠲᠣᠰ ᠨᠣᠳᠤᠭ ᠢ ᠪᠣᠯᠢᠶᠠᠨ ᠲᠡᠭᠡᠷᠡᠮᠳᠡᠵᠦ᠂ ᠠᠷᠠᠳ ᠢᠷᠭᠡᠳ ᠢ ᠨᠢ ᠣᠯᠵᠠᠯᠠᠨ ᠠᠳᠣᠭᠤ ᠮᠠᠯ ᠢ ᠬᠦᠭᠡᠭᠡᠵᠦ ᠢᠷᠡᠪᠡ᠃ ᠡᠮᠢᠷ ᠲᠡᠮᠦᠷ ᠦᠪᠡᠷ ᠤᠨ ᠪᠡᠶ᠎ᠡ ᠪᠠᠷ ᠬᠠᠮᠠᠷ ᠠᠳ᠋ᠳᠢᠨ ᠢ ᠨᠡᠬᠡᠮᠵᠢᠯᠡᠨ ᠺᠦᠴᠺᠠᠷ② ᠬᠦᠷᠪᠡ᠃  ᠠᠳᠡ ᠢᠷᠡᠭᠡᠳ ᠡᠮᠢᠷ ᠲᠡᠮᠦᠷ ᠴᠢᠮᠡᠭᠡ ᠣᠯᠵᠣ᠂ ᠲᠣᠭᠳᠠᠮᠢᠱ · ᠣᠾᠯᠠᠨ③ ᠣᠯᠣᠰ ᠬᠠᠭᠠᠨ ᠠᠴᠠ ᠲᠣᠩ ᠡᠮᠢᠶᠡᠵᠦ᠂ ᠡᠮᠢᠷ ᠲᠡᠮᠦᠷ ᠢ ᠲᠦᠰᠢᠨ ᠲᠡᠭᠦᠨ ᠳᠤ ᠬᠦᠴᠦᠨ ᠵᠢᠳᠭᠦᠬᠦ ᠰᠠᠨᠠᠭ᠎ᠠ ᠲᠠᠢ ᠭᠡᠳᠡᠭ ᠢ ᠮᠡᠳᠡᠵᠦ ᠲᠣᠩ ᠪᠠᠶᠠᠷᠯᠠᠨ᠂ ᠲᠡᠷᠡ ᠲᠣᠣᠷ᠎ᠠ ᠪᠠᠨ ᠡᠮᠢᠷ · ᠲᠦᠮᠡᠨ ᠪᠠ ᠲᠡᠮᠦᠷ · ᠦᠯᠵᠡᠶᠢᠪᠠᠬᠢ ᠶᠢ ᠲᠣᠮᠢᠯᠠᠨ ᠮᠠᠰᠢ ᠬᠦᠨᠳᠦᠳᠭᠡᠯ ᠲᠠᠢ ᠪᠠᠷ ᠲᠡᠭᠦᠨ ᠢ ᠣᠭᠳᠣᠨ ᠠᠪᠴᠢᠷᠠᠪᠠ᠃ ᠡᠮᠢᠷ ᠲᠡᠮᠦᠷ ᠢᠨᠠᠬᠤ④ ᠠᠴᠠ ᠢᠷᠡᠵᠦ ᠣᠽᠢᠺᠠᠨᠳ᠋  ᠲᠤ ᠵᠢᠭᠠᠬᠠᠨ ᠠᠮᠠᠷᠠᠭᠠᠳ ᠰᠠᠶ᠋ᠢ ᠨᠡᠶᠢᠰᠯᠡᠯ ᠰᠠᠮᠠᠷᠺᠠᠨᠳ᠋ ᠲᠠᠭᠠᠨ ᠪᠣᠴᠠᠵᠣ ᠢᠷᠡᠪᠡ᠃    ᠲᠡᠭᠦᠨ ᠢ ᠰᠠᠮᠠᠷᠺᠠᠨᠳ᠋ ᠲᠤ ᠪᠣᠴᠠᠵᠣ ᠢᠷᠡᠭᠰᠡᠨ ᠤ ᠲᠠᠷᠠᠭ᠎ᠠ ᠲᠡᠮᠦᠷ · ᠦᠯᠵᠡᠶᠢᠪᠠᠬᠢ ᠨᠡᠷ ᠲᠣᠭᠳᠠᠮᠢᠱ ᠢ ᠲᠠᠭᠠᠭᠤᠯᠣᠨ ᠢᠷᠡᠵᠦ ᠲᠡᠭᠦᠨ ᠳᠤ ᠠᠭᠤᠯᠵᠠᠭᠤᠯᠪᠠ᠃ ᠡᠮᠢᠷ ᠲᠡᠮᠦᠷ ᠲᠡᠭᠦᠨ ᠢ ᠸᠠᠩ ᠭᠦᠩ ᠤᠨ ᠵᠡᠷᠭᠡ ᠲᠡᠰ ᠢᠶᠠᠷ ᠦᠪᠡᠳᠡᠭᠰᠢ ᠶᠡᠬᠡᠪᠡᠷ ᠬᠤᠷᠢᠮᠯᠠᠨ ᠣᠭᠳᠣᠵᠠᠢ᠃ ᠲᠡᠷᠡ ᠡᠯ᠎ᠡ ᠵᠦᠢᠯ ᠤᠨ ᠲᠣᠭᠳᠠᠭᠰᠠᠨ ᠲᠦᠷᠢᠮ ᠶᠣᠰᠣ ᠶᠢ ᠨᠢᠭᠡᠴᠦ ᠠᠯᠳᠠᠯ ᠦᠭᠡᠢ ᠮᠦᠷᠳᠡᠨ ᠵᠢᠷᠣᠮᠯᠡᠭᠰᠡᠨ ᠶᠣᠮ᠃ ᠡᠮᠢᠷ ᠲᠡᠮᠦᠷ ᠪᠠᠰᠠ ᠲᠡᠭᠦᠨ ᠳᠤ ᠪᠠ ᠲᠡᠭᠦᠨ ᠤ ᠲᠠᠭᠠᠭᠰᠠᠳ ᠲᠤ ᠦᠨᠡᠳᠦ ᠪᠡᠯᠡᠭ᠂ ᠠᠯᠳᠠ ᠮᠦᠩᠭᠦ ᠡᠳ᠋ ᠡᠷᠳᠡᠨᠢᠰ᠂ ᠲᠡᠪᠡᠯ ᠬᠤᠪᠴᠠᠰᠣ᠂ ᠵᠡᠷ ᠵᠡᠪᠰᠡᠭ᠂ ᠬᠤᠶᠠᠭ ᠲᠣᠭᠤᠯᠭ᠎ᠠ᠂ ᠮᠣᠷᠢ ᠣᠨᠤᠭ᠎ᠠ᠂ ᠲᠡᠮᠡᠭᠡ᠂ ᠢᠰᠡᠭᠡᠢ ᠭᠡᠷ ᠴᠠᠩ ᠬᠡᠩᠬᠡᠷᠭᠡ ᠲᠠᠶᠢᠨ ᠤ ᠠᠭᠳᠠ᠂ ᠪᠣᠭᠤᠯ ᠵᠠᠷᠣᠳᠠᠰᠣᠨ᠂ ᠲᠤᠭ ᠬᠢᠬᠢᠷᠢ ᠲᠡᠷᠢᠭᠦᠳᠡᠨ ᠢ ᠬᠦᠷᠭᠡᠵᠦ ᠦᠭᠭᠦᠪᠡ᠃ ᠦᠪᠡᠷ ᠤᠨ ᠰᠡᠳᠬᠢᠯ ᠤᠨ ᠭᠦᠨ ᠲᠠᠬᠢ ᠬᠠᠶᠢᠷ᠎ᠠ ᠪᠠᠨ ᠢᠯᠡᠳᠭᠡᠬᠦ  ᠶᠢᠨ ᠲᠣᠰᠠᠳᠠ ᠡᠨᠡᠬᠦ ᠶᠡᠭᠡ ᠬᠠᠭᠠᠨ ᠪᠠᠰᠠ ᠲᠣᠭᠳᠠᠮᠢᠱ ᠢ ᠬᠦᠪᠡᠭᠦᠨ ᠮᠢᠨᠢ ᠭᠡᠵᠦ ᠲᠠᠭᠤᠳᠠᠵᠣ᠂ ᠬᠠᠶᠢᠷᠠᠯᠠᠵᠣ ᠰᠠᠨᠠᠵᠣ ᠪᠠᠶᠢᠭ᠎ᠠ ᠪᠠᠨ ᠢᠯᠡᠳᠭᠡᠪᠡ᠃︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠠᠴᠠ ᠡᠰᠢᠯᠡᠭᠰᠡᠨ ᠠᠭᠤᠯᠭ᠎ᠠ ᠠᠳᠡ ᠬᠦᠷᠦᠭᠡᠳ ᠲᠡᠭᠦᠰᠴᠡᠢ᠃ᠲᠣᠰ ᠪᠦᠯᠦᠭ ᠤᠨ ᠲᠠᠶᠢᠯᠪᠣᠷᠢ① ᠬᠢᠳᠠᠳᠴᠢᠯᠠᠭᠴᠢ ᠶᠢᠨ ᠲᠠᠶᠢᠯᠪᠣᠷᠢ ᠳᠤ ᠬᠡᠯᠡᠭᠰᠡᠨ ᠢᠶᠠᠷ ᠪᠣᠬᠠᠮ ᠪᠣᠯ ᠨᠢᠭᠡᠨ ᠬᠠᠪᠴᠢᠯ ᠬᠦᠨᠳᠡᠢ ᠪᠣᠯᠣᠨ᠎ᠠ ᠬᠡᠵᠡᠢ ᠃ ᠲᠡᠷᠡ ᠰᠢᠮᠣᠨᠣᠸ᠋ ᠶᠢᠨ ︽ᠲᠡᠭᠷᠢ ᠠᠭᠤᠯᠠ ᠪᠠᠷ ᠵᠣᠭᠠᠴᠠᠭᠰᠠᠨ ᠲᠡᠮᠳᠡᠭᠯᠡᠯ︾ ᠠᠴᠠ ᠡᠰᠢ ᠲᠠᠲᠠᠵᠣ ᠬᠡᠯᠡᠭᠰᠡᠨ ᠨᠢ᠄ ︽ᠲᠠᠩ ᠰᠢᠥᠸᠠᠨ ᠽᠠᠩ ᠪᠣᠯ ᠢᠰᠠᠶᠢᠺ ᠨᠠᠭᠤᠷ ᠤᠨ ᠡᠮᠦᠨ᠎ᠡ ᠬᠦᠪᠡᠭᠡ ᠪᠠᠷ ᠪᠠᠯᠠᠰᠭᠤᠨ ᠭᠤᠣᠯ ᠢ ᠭᠠᠳᠣᠯᠵᠣ ᠲᠠᠬᠢᠨ ᠪᠣᠬᠠᠮ ᠬᠦᠨᠳᠡᠢ ᠪᠠᠷ ᠨᠠᠭᠤᠷ ᠤᠨ ᠪᠠᠷᠠᠭᠤᠨ ᠳᠤ ᠭᠠᠷᠴᠣ᠂ ᠲᠠᠯᠠᠰ ᠭᠤᠣᠯ ᠤᠨ ᠲᠡᠭᠡᠳᠦ ᠡᠬᠢ ᠪᠠᠷ ᠬᠦᠷᠴᠦ᠂ ᠮᠢᠩᠭᠠᠨ ᠪᠣᠯᠠᠭ ᠲᠤ ᠬᠦᠷᠪᠡ︾ ᠭᠡᠪᠡ᠃ ︽ᠲᠡᠭᠷᠢ ᠠᠭᠤᠯᠠ ᠪᠠᠷ ᠵᠣᠭᠠᠴᠠᠭᠰᠠᠨ ᠲᠡᠮᠳᠡᠭᠯᠡᠯ︾ ᠤᠨ ᠣᠷᠣᠰ ᠬᠡᠪᠯᠡᠯ  ᠤᠨ257 ᠳ᠋ᠣᠭᠠᠷ ᠨᠢᠭᠤᠷ᠃② ᠺᠦᠴᠺᠠᠷ ᠢ ᠪᠠᠰᠠ ᠺᠦᠱᠺᠠᠷ᠂ ᠺᠧᠱᠺᠠᠷ ᠭᠡᠳᠡᠭ᠂ ᠴᠣᠢ ᠮᠦᠷᠡᠨ ᠤ ᠨᠢᠭᠡᠨ ᠡᠬᠢ ᠪᠣᠯᠣᠨ᠎ᠠ᠃ ᠢᠰᠠᠶᠢᠺ ᠨᠠᠭᠤᠷ  ᠤᠨ ᠪᠠᠷᠠᠭᠤᠨ ᠡᠮᠦᠨ᠎ᠡ ᠳᠤ ᠪᠠᠶᠢᠭ᠎ᠠ ᠶᠣᠮ᠃ ᠦᠩᠭᠡᠷᠡᠭᠰᠡᠨ ᠳᠤ ᠵᠠᠷᠢᠮ ᠬᠦᠮᠦᠰ ᠢᠰᠠᠶᠢᠺ ᠨᠠᠭᠤᠷ ᠢ ᠺᠦᠴᠺᠠᠷ ᠢᠶᠠᠷ ᠲᠠᠮᠵᠢᠨ ᠴᠣᠢ ᠮᠦᠷᠡᠨ ᠵᠦᠭ ᠣᠷᠣᠰᠴᠣ ᠪᠠᠶᠢᠯ᠎ᠠ ᠭᠡᠵᠦ ᠨᠣᠳᠠᠯᠠᠵᠠᠢ᠃ ᠭᠡᠪᠡᠴᠦ ᠣᠳᠣᠬᠢ ᠪᠠᠶᠢᠳᠠᠯ ᠢᠶᠠᠷ ᠦᠵᠡᠪᠡᠯ ᠢᠰᠠᠶᠢᠺ ᠨᠠᠭᠤᠷ ᠪᠣᠯ ᠨᠢᠭᠡᠨ ᠭᠠᠳᠠᠭᠰᠢ ᠣᠷᠣᠰᠬᠠᠯ ᠦᠭᠡᠢ ᠲᠣᠲᠣᠭᠠᠳᠣ ᠨᠠᠭᠤᠷ ᠶᠣᠮ᠃  ③ ᠲᠣᠭᠳᠠᠮᠢᠱ ᠪᠣᠯ ᠴᠠᠭᠠᠳᠠᠢ ᠬᠠᠭᠠᠨᠳᠣ ᠣᠯᠣᠰ ᠤᠨ ᠣᠯᠣᠰ ᠬᠠᠭᠠᠨ ᠤ ᠠᠬ᠎ᠠ ᠶᠢᠨ ᠬᠦᠪᠡᠭᠦᠨ ᠪᠣᠯᠣᠨ᠎ᠠ᠃ ᠲᠡᠷᠡ ᠬᠤᠵᠢᠮ ᠵᠦᠴᠢ  ᠶᠢᠨ ᠣᠯᠣᠰ ᠤᠨ ᠴᠠᠭᠠᠨ ᠣᠷᠳᠣᠳᠣ ᠶᠢᠨ ᠬᠠᠭᠠᠨ ᠪᠣᠯᠵᠣ ᠡᠴᠦᠰ ᠲᠡᠭᠡᠨ ᠪᠦᠬᠦᠶᠢᠯᠡ ᠵᠦᠴᠢ ᠶᠢᠨ ᠣᠯᠣᠰ ᠢ ᠡᠵᠡᠮᠰᠢᠨ ᠠᠪᠣᠭᠰᠠᠨ ᠮᠣᠨᠳᠠᠭ ᠬᠦᠮᠦᠨ ᠶᠣᠮ᠃④ ᠪᠧᠯᠶᠦᠲ ᠠᠴᠠ ᠬᠡᠯᠡᠭᠰᠡᠨ ᠨᠢ᠂ ᠡᠨᠡᠬᠦ ᠢᠨᠠᠬᠤ ︵Inaghu︶ ᠭᠡᠳᠡᠭ ᠭᠠᠵᠠᠷ ᠤᠨ ᠨᠡᠷ᠎ᠡ ᠶᠢ ᠪᠠᠰᠠ ᠵᠣᠮᠬᠤᠯ᠂ ᠵᠣᠮᠭᠠᠯ ᠪᠣᠶᠣ ᠵᠣᠮᠭᠠᠨ ︵Jomgal Jomgan︶ ᠭᠡᠳᠡᠭ ᠶᠣᠮ᠃ ᠣᠴᠢᠷ ᠨᠢ ᠠᠳᠡ ᠴᠣᠢ ᠮᠦᠷᠡᠨ ᠤ ᠨᠢᠭᠡᠨ ᠡᠬᠢ ᠪᠣᠯᠣᠭᠰᠠᠨ ᠵᠣᠮᠬᠠᠯ ᠭᠤᠣᠯ ᠪᠠᠶᠢᠳᠠᠭ ᠶᠣᠮ᠃Jomgan ᠢ ᠪᠠᠰᠠ Yamgan ᠭᠡᠵᠦ ᠪᠢᠴᠢᠬᠦ ᠪᠣᠯᠣᠯᠳᠠᠢ᠂ ᠡᠶᠢᠮᠦ ᠠᠴᠠ ︽ᠶᠡᠭᠡ ᠲᠠᠩ ᠤᠨ ᠪᠠᠷᠠᠭᠤᠨ ᠬᠢᠵᠠᠭᠠᠷ ᠤᠨ ᠲᠡᠮᠳᠡᠭᠯᠡᠯ︾ ᠳᠤ ᠡᠨᠡ ᠭᠠᠵᠠᠷ ᠢ ᠶᠢᠨ ᠪᠦ᠋ ᠵᠢᠶᠠᠨ ︵淫簿健︶ ᠭᠡᠵᠦ ᠪᠢᠴᠢᠵᠦ ᠪᠣᠢ ᠭᠡᠵᠡᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠣᠳᠬᠠᠨ ᠬᠠᠭᠲᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号