ᠬᠠᠮᠠᠷ ᠠᠳ᠋ᠳᠢᠨ ᠤ ᠲᠡᠭᠦᠰᠭᠡᠯ
ᠨᠡᠶᠢᠲᠡᠯᠡᠭᠰᠡᠨ ᠴᠠᠭ᠄
2020/3/20
ᠬᠤᠷᠢᠨ ᠲᠠᠪᠣᠳᠣᠭᠠᠷ ᠪᠦᠯᠦᠭ      ᠮᠢᠨᠦ ᠣᠯᠵᠣ ᠰᠣᠨᠣᠰᠣᠭᠰᠠᠨ ᠨᠢ᠂ ᠵᠠᠷᠢᠮ ᠮᠣᠩᠭᠤᠯ ᠬᠦᠮᠦᠨ ᠤ ᠬᠡᠯᠡᠬᠦ ᠪᠠᠷ ᠬᠠᠮᠠᠷ ᠠᠳ᠋ᠳᠢᠨ ᠦᠬᠦᠬᠦ ᠦᠶ᠎ᠡ  ᠲᠡᠭᠡᠨ ᠬᠠᠪᠣᠩ ᠡᠪᠡᠳᠴᠢᠨ① ᠳᠤ ᠨᠡᠷᠪᠡᠭᠳᠡᠵᠡᠢ᠃ ᠲᠡᠷᠡ ᠡᠪᠡᠳᠴᠢᠯᠡᠭᠡᠳ ᠪᠠᠶᠢᠳᠠᠯ᠎ᠠ ᠨᠢᠭᠡᠨ ᠡᠳᠦᠷ ᠴᠢᠮᠡᠭᠡ ᠣᠯᠵᠣ ᠡᠮᠢᠷ ᠲᠡᠮᠦᠷ ᠲᠣᠪᠳᠣᠯᠣᠷ᠎ᠠ ᠢᠷᠡᠭᠰᠡᠨ ᠢ ᠮᠡᠳᠡᠪᠡ᠃ ᠭᠡᠪᠡᠴᠦ ᠲᠡᠷᠡ ᠨᠢᠭᠡᠨᠳᠡ ᠮᠠᠭᠤᠵᠢᠷᠠᠨ ᠲᠠᠮᠢᠷᠳᠠᠵᠣ ᠮᠣᠷᠢᠨ ᠳᠤ ᠮᠣᠷᠳᠠᠬᠤ ᠲᠡᠩᠬᠡᠬᠡ ᠦᠭᠡᠢ ᠪᠣᠯᠵᠠᠢ᠃ ᠡᠶᠢᠮᠦ ᠠᠴᠠ ᠲᠣᠣᠷᠠᠬᠢ ᠬᠦᠮᠦᠰ ᠨᠢ ᠲᠡᠭᠦᠨ ᠢ ᠰᠢᠭᠤᠢ ᠶᠢᠨ ᠭᠦᠨ ᠳᠤ ᠣᠷᠣᠭᠤᠯᠣᠨ ᠨᠢᠭᠤᠵᠣ᠂ ᠬᠤᠶᠠᠷ ᠲᠠᠲᠠᠪᠣᠷᠢ ᠡᠬᠡᠨᠡᠷ ᠢ ᠨᠢ ᠬᠠᠵᠠᠭᠤ ᠲᠤᠨᠢ ᠦᠯᠡᠳᠡᠭᠡᠨ ᠠᠰᠠᠷᠠᠭᠤᠯᠵᠣ᠂ ᠬᠡᠳᠦᠨ ᠡᠳᠦᠷ ᠤᠨ ᠢᠳᠡᠭᠡᠨ ᠬᠤᠭᠤᠯᠠ ᠦᠯᠡᠳᠡᠭᠡᠨ ᠦᠭᠭᠦᠭᠡᠳ ᠲᠣᠣᠷᠠᠬᠢ ᠬᠦᠮᠦᠰ ᠨᠢ ᠪᠦᠷ ᠵᠠᠪᠬᠠᠨ ᠪᠣᠷᠣᠭᠤᠯᠠᠪᠠ᠃ ᠲᠦᠷᠢᠮᠡᠬᠡᠶᠢᠯᠡᠷ᠎ᠡ ᠢᠷᠡᠭᠰᠡᠨ ᠴᠡᠷᠢᠭ ᠪᠣᠴᠠᠭᠠᠳ᠂ ᠪᠣᠳᠠᠷᠠᠵᠣ ᠵᠢᠭᠤᠳᠠᠭᠰᠠᠨ ᠠᠷᠠᠳ ᠢᠷᠭᠡᠳ ᠪᠦᠷ ᠪᠣᠴᠠᠵᠣ ᠢᠷᠡᠭᠰᠡᠨ ᠤ ᠲᠠᠷᠠᠭ᠎ᠠ ᠲᠡᠳᠡᠭᠡᠷ ᠲᠣᠣᠷᠠᠬᠢ ᠬᠦᠮᠦᠰ ᠨᠢ ᠰᠢᠭᠤᠢ ᠳᠤ ᠣᠷᠣᠵᠣ ᠲᠡᠭᠦᠨ ᠢ ᠡᠷᠢᠵᠡᠢ᠃ ᠭᠡᠪᠡᠴᠦ ᠠᠮᠢᠳᠣ ᠬᠦᠮᠦᠨ ᠪᠠᠶᠢᠳᠣᠭᠠᠢ ᠦᠬᠦᠭᠰᠡᠨ ᠬᠡᠬᠦᠷ ᠢ ᠨᠢ ᠴᠦ ᠡᠷᠢᠵᠣ ᠣᠯᠣᠭᠰᠠᠨ ᠦᠭᠡᠢ᠃ ᠢᠩᠭᠢᠭᠡᠳ ᠲᠣᠬᠠᠢ ᠶᠢᠨ ᠭᠠᠵᠠᠷ ᠤᠨ ᠠᠷᠠᠳ ᠢᠷᠭᠡᠳ ᠲᠡᠭᠦᠨ ᠤ ᠲᠠᠷᠣᠯᠠᠯ② ᠠᠴᠠ ᠠᠩᠬᠢᠵᠢᠷᠠᠪᠠ᠃ ᠬᠠᠮᠠᠷ ᠠᠳ᠋ᠳᠢᠨ ᠵᠠᠪᠬᠠᠭᠰᠠᠨ ᠳᠤ ᠡᠮᠢᠷ ᠲᠡᠮᠦᠷ ᠰᠠᠨᠠᠭ᠎ᠠ ᠠᠮᠠᠷᠴᠣ᠂ ᠲᠠᠬᠢᠵᠣ ᠵᠢᠷᠭᠤᠳᠣᠭᠠᠷ ᠣᠳᠠᠭ᠎ᠠ ᠮᠣᠩᠭᠤᠯᠰᠲ᠋ᠠᠨ ᠢ ᠲᠣᠪᠳᠣᠯᠣᠭᠰᠠᠨ ᠦᠭᠡᠢ᠃ ᠮᠣᠩᠭᠤᠯᠴᠣᠳ ᠡᠴᠦᠰ ᠲᠡᠭᠡᠨ ᠡᠩᠬᠡ ᠲᠦᠪᠰᠢᠨ ᠠᠮᠢᠳᠣᠷᠠᠯ ᠢ ᠡᠳ᠋ᠯᠡᠬᠦ ᠪᠣᠯᠣᠭᠰᠠᠨ ᠶᠣᠮ᠃ᠲᠣᠰ ᠪᠦᠯᠦᠭ ᠤᠨ ᠲᠠᠶᠢᠯᠪᠣᠷᠢ① ᠠᠳᠡ ᠬᠠᠮᠠᠷ ᠠᠳ᠋ᠳᠢᠨ ᠬᠠᠪᠣᠩ ᠡᠪᠡᠳᠴᠢᠨ ᠳᠤ ᠨᠡᠷᠪᠡᠭᠳᠡᠨ᠂ ᠡᠨᠡᠬᠦ ᠡᠪᠡᠳᠴᠢᠨ ᠤ ᠬᠠᠮᠤᠭ ᠮᠠᠭᠤ ᠮᠠᠭᠤᠬᠠᠢ ᠰᠢᠨᠵᠢ ᠲᠡᠮᠳᠡᠭ ᠢ ᠨᠢᠭᠡ ᠣᠯᠠᠨ ᠵᠢᠬᠰᠠᠭᠠᠨ ᠪᠢᠴᠢᠵᠡᠢ᠃ ᠭᠡᠪᠡᠴᠦ ᠲᠡᠭᠦᠨ ᠢ ᠪᠦᠷ ᠬᠠᠰᠣᠵᠣ ᠣᠷᠴᠢᠭᠤᠯᠣᠭᠰᠠᠨ ᠦᠭᠡᠢ ᠭᠡᠵᠦ ᠠᠩᠭ᠍ᠯᠢᠴᠢᠯᠠᠭᠴᠢ ᠠᠴᠠ ᠲᠣᠲᠣᠷᠬᠠᠶᠢᠯᠠᠪᠠ᠃② ᠬᠠᠮᠠᠷ ᠠᠳ᠋ᠳᠢᠨ ᠮᠣᠩᠭᠤᠯᠰᠲ᠋ᠠᠨ ᠢ ᠨᠣᠶᠠᠷᠬᠠᠵᠣ ᠪᠠᠶᠢᠭᠰᠠᠨ ᠦᠶ᠎ᠡ ᠳᠤ ᠲᠡᠳᠡ ᠨᠡᠶᠢᠳᠡ ᠠᠬ᠎ᠠ ᠲᠠᠭᠦᠥ ᠲᠠᠪᠣᠭᠤᠯᠠ ᠪᠠᠶᠢᠵᠠᠢ᠃ ᠲᠡᠳᠡᠨᠡᠷ ᠤᠨ ᠣᠣᠯ ᠳᠣᠰᠢᠶᠠᠯ ᠨᠢ ᠴᠠᠭᠠᠳᠠᠢ ᠬᠠᠭᠠᠨᠳᠣ ᠣᠯᠣᠰ ᠤᠨ ᠬᠠᠭᠠᠨ ᠤ ᠡᠷᠭᠦᠮᠵᠢᠯᠡᠭᠰᠡᠨ ᠣᠯᠣᠰ ᠪᠠᠬᠢ ᠭᠡᠳᠡᠭ ᠵᠡᠷᠭᠡ ᠬᠡᠷᠬᠢᠮ ᠲᠠᠢ ᠲᠣᠰᠢᠶᠠᠯ ᠳᠤ ᠪᠠᠶᠢᠵᠠᠢ᠃ ᠡᠨᠡ ᠠᠬ᠎ᠠ ᠲᠡᠭᠦᠥ ᠲᠠᠪᠣᠭᠤᠯᠠ ᠪᠣᠯ ᠺᠠᠱᠭᠠᠷ ᠤᠨ ᠲᠣᠯᠭ᠎ᠠ᠂ ᠠᠺᠰᠣ ᠶᠢᠨ ᠪᠣᠷᠣᠯᠵᠢ᠂ ᠠᠳ᠋ᠪᠠᠱ ᠤᠨ ᠬᠠᠮᠠᠷ ᠠᠳ᠋ᠳᠢᠨ᠂ ᠪᠠᠰᠠ ᠨᠠᠮᠤᠭ  ᠲᠤ ᠭᠠᠵᠠᠷ ᠤᠨ ᠲᠠᠶᠢᠨ ᠳᠤ ᠣᠷᠣᠯᠴᠠᠵᠣ ᠪᠠᠶᠢᠭᠰᠠᠨ ᠵᠠᠮᠰ ᠠᠳ᠋ᠳᠢᠨ ᠪᠣᠯᠣᠨ ᠨᠦᠬᠦᠭᠡ ᠨᠢᠭᠡ ᠱᠠᠾ · ᠳ᠋ᠠᠣᠯᠠ ᠭᠡᠳᠡᠭ ᠲᠠᠪᠣᠭᠤᠯᠠ ᠶᠣᠮ᠃ ᠭᠡᠪᠡᠴᠦ ᠡᠴᠦᠰ ᠤᠨ ᠨᠢᠭᠡ ᠨᠢ ᠨᠡᠷ᠎ᠡ ᠠᠴᠠ ᠪᠣᠰᠣᠳ ᠶᠠᠮᠠᠷᠴᠣ ᠲᠡᠣᠬᠡᠨ ᠠᠭᠤᠯᠭ᠎ᠠ ᠦᠯᠡᠳᠡᠭᠡᠭᠰᠡᠨ ᠦᠭᠡᠢ ᠪᠣᠯᠣᠯᠳᠠᠢ᠃ ᠲᠡᠭᠦᠨ ᠤ ᠲᠣᠲᠣᠷ᠎ᠠ ᠠᠬᠠᠮᠠᠳ ᠨᠢ ᠲᠣᠯᠭ᠎ᠠ ᠪᠣᠯᠣᠨ᠎ᠠ᠃ ᠲᠡᠭᠦᠨ ᠤ ᠣᠯᠣᠰ ᠪᠠᠬᠢ ᠵᠡᠷᠭᠡ‌‍ᠬᠡᠷᠬᠢᠮ ᠢ ᠲᠡᠭᠦᠥ ᠨᠢ ᠪᠣᠷᠣᠯᠵᠢ ᠵᠠᠯᠭᠠᠮᠵᠢᠯᠠᠪᠠ᠃ ᠪᠣᠷᠣᠯᠵᠢ ᠶᠢ ᠬᠦᠪᠡᠭᠦᠨ ᠬᠤᠲᠠᠶᠢᠳᠠ ᠨᠢ ᠵᠠᠯᠭᠠᠮᠵᠢᠯᠠᠪᠠ᠃ ᠲᠣᠬᠠᠢ ᠶᠢᠨ ᠦᠶ᠎ᠡ ᠳᠤ ᠬᠤᠳᠠᠶᠢᠳᠠ ᠵᠦᠳᠡᠵᠦ ᠰᠠᠶ᠋ᠢ ᠲᠣᠯᠣᠭᠠᠬᠠᠨ ᠨᠠᠰᠣᠳᠠᠢ ᠪᠠᠶᠢᠭᠰᠠᠨ ᠭᠡᠳᠡᠭ ᠶᠣᠮ᠃ ᠡᠶᠢᠮᠦ ᠠᠴᠠ ᠬᠠᠮᠠᠷ ᠠᠳ᠋ᠳᠢᠨ ᠣᠯᠣᠰ ᠪᠠᠬᠢ ᠶᠢᠨ ᠵᠡᠷᠬᠡ ᠬᠡᠷᠬᠢᠮ ᠢ ᠵᠠᠯᠭᠠᠮᠵᠢᠯᠠᠵᠣ ᠲᠡᠶᠢᠯᠦᠭᠰᠡᠨ ᠦᠭᠡᠢ ᠪᠣᠯᠬᠤᠷ ᠬᠤᠷᠣᠰᠴᠣ ᠲᠣᠬᠤᠯᠭ᠎ᠠ ᠲᠡᠮᠦᠷ ᠬᠠᠭᠠᠨ ᠤ ᠠᠷᠪᠠᠨ ᠨᠠᠢᠮᠠᠨ ᠬᠦᠪᠡᠭᠦᠳ ᠢ ᠨᠢᠭᠡᠯ᠎ᠡ ᠡᠳᠦᠷ ᠪᠦᠬᠦᠨ ᠢ ᠬᠤᠷᠣᠭᠠᠨ ᠦᠪᠡᠷ ᠢᠶᠠᠨ ᠬᠠᠭᠠᠨ ᠪᠣᠯᠣᠭᠰᠠᠨ ᠭᠡᠳᠡᠭ ᠶᠣᠮ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠣᠳᠬᠠᠨ ᠬᠠᠭᠲᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号