ᠬᠤᠷᠢᠨ ᠵᠢᠷᠭᠤᠳᠣᠭᠠᠷ ᠪᠦᠯᠦᠭ | ᠲᠡᠭᠡᠷ᠎ᠡ ᠨᠢᠭᠡᠨᠳᠡ ᠦᠬᠦᠯᠡᠵᠦ ᠦᠩᠭᠡᠷᠡᠭᠰᠡᠨ ᠢᠶᠠᠷ ᠲᠣᠬᠤᠯᠭ᠎ᠠ ᠲᠡᠮᠦᠷ ᠬᠠᠭᠠᠨ ᠤ ᠬᠠᠮᠤᠭ ᠪᠠᠭ᠎ᠠ ᠬᠦᠪᠡᠭᠦᠨ | ᠾᠢᠳᠢᠷ ᠬᠤᠵᠠ ᠬᠠᠭᠠᠨ ᠢ ᠦᠯᠦᠭᠡᠢ ᠲᠠᠢ ᠪᠠᠶᠢᠬᠤ ᠳᠤ ᠡᠮᠢᠷ ᠬᠤᠳᠠᠶᠢᠳᠠ ᠪᠣᠯᠣᠨ ᠲᠡᠭᠦᠨ ᠤ ᠡᠬᠡ ᠺᠢᠷ · ᠠᠬ᠎ᠠ᠂ | ᠬᠠᠮᠠᠷ ᠠᠳ᠋ᠳᠢᠨ ᠤ ᠬᠢᠳᠣᠯᠭ᠎ᠠ ᠠᠴᠠ ᠠᠪᠣᠷᠠᠨ ᠨᠢᠭᠤᠵᠣ ᠭᠠᠷᠭᠠᠭᠰᠠᠨ ᠶᠣᠮ᠃ ᠾᠢᠳᠢᠷ ᠬᠤᠵᠠ ᠬᠠᠭ᠋ᠠᠨ ᠠᠷᠪᠠᠨ | ᠬᠤᠶᠠᠷ ᠨᠠᠰᠣᠯᠠᠭᠰᠠᠨ ᠤ ᠰᠡᠬᠦᠯᠡᠷ ᠲᠡᠭᠦᠨ ᠤ ᠲᠠᠭᠠᠭᠰᠠᠳ ᠮᠦᠨ ᠯᠠ ᠬᠠᠮᠠᠷ ᠠᠳ᠋ᠳᠢᠨᠨ ᠤ ᠬᠤᠣᠷᠯᠠᠯ ᠠᠴᠠ | ᠡᠮᠢᠶᠡᠵᠦ ᠪᠠᠶᠢᠯ᠎ᠠ᠃ ᠡᠶᠢᠮᠦ ᠠᠴᠠ ᠺᠠᠱᠭᠠᠷ ᠠᠴᠠ ᠭᠠᠳᠠᠭᠰᠢ ᠨᠢᠭᠤᠨ ᠵᠠᠶᠢᠯᠠᠭᠤᠯᠣᠨ ᠭᠠᠷᠭᠠᠬᠤ ᠪᠠᠷ ᠲᠦᠯᠦᠪᠯᠡᠵᠦ | ᠪᠠᠶᠢᠪᠠ᠃ ᠡᠮᠢᠷ ᠬᠤᠳᠠᠶᠢᠳᠠ ᠶᠢᠨ ᠰᠠᠨᠠᠭ᠎ᠠ ᠪᠠᠷ ᠪᠣᠯ ᠦᠪᠡᠷ ᠤᠨ ᠦᠨᠡᠨᠴᠢ ᠵᠢᠷᠣᠮ ᠲᠠᠢ᠂ ᠢᠳᠡᠭᠡᠯᠳᠡᠢ ᠬᠡᠳᠦᠨ | ᠲᠠᠭᠠᠭᠰᠠᠳ ᠢᠶᠠᠨ ᠲᠣᠮᠢᠯᠠᠵᠣ ᠲᠡᠭᠦᠨ ᠢ ᠲᠠᠭᠠᠯᠳᠣᠨ ᠶᠠᠪᠣᠭᠤᠯᠬᠤ ᠪᠠᠷ ᠪᠣᠳᠣᠯᠬᠢᠯᠠᠵᠠᠢ᠃ ᠭᠡᠳᠡᠯ᠎ᠡ ᠲᠡᠭᠦᠨ ᠤ ᠡᠬᠡ | ᠨᠢ᠄ ︽ᠶᠠᠭᠠᠬᠢᠭᠰᠠᠨ ᠴᠦ ᠴᠢᠨᠦ ᠲᠣᠣᠷᠠᠬᠢ ᠬᠦᠮᠦᠨ ᠢᠶᠠᠨ ᠶᠠᠪᠣᠭᠤᠯᠵᠣ ᠪᠣᠯᠬᠤ ᠦᠭᠡᠢ᠂ ᠣᠴᠢᠷ ᠨᠢ ᠬᠡᠵᠢᠶ᠎ᠡ | ᠨᠢᠭᠡᠨ ᠴᠠᠭ ᠲᠤ ᠡᠨᠡ ᠬᠡᠣᠬᠡᠳ ᠬᠠᠭᠠᠨ ᠰᠠᠭᠤᠷᠢᠨ ᠲᠠᠭᠠᠨ ᠭᠠᠷᠣᠭᠰᠠᠭᠠᠷ᠂ ᠲᠡᠳᠡᠭᠡᠷ ᠮᠡᠳᠦ ᠲᠣᠣᠷᠠᠳᠣ ᠭᠠᠷᠣᠯ | ᠲᠠᠢ ᠬᠦᠮᠦᠰ ᠭᠡᠨᠡᠳᠳᠡ ᠨᠢᠭᠡᠨ ᠴᠠᠭ ᠢᠶᠠᠷ ᠡᠷᠬᠡ ᠮᠡᠳᠡᠯ ᠲᠠᠢ ᠪᠣᠯᠪᠠᠯ᠂ ᠴᠢᠮ᠎ᠠ ᠪᠠ ᠴᠢᠨᠦ ᠬᠦᠪᠡᠭᠦᠳ ᠠᠴᠢ ᠨᠡᠷ | ᠲᠤ ᠲᠠᠶᠢᠰᠣᠨ ᠪᠣᠯᠬᠤ ᠶᠣᠮ᠃ ᠰᠢᠯᠳᠠᠭᠠᠨ ᠭᠡᠪᠡᠯ ᠲᠡᠳᠡ ᠪᠣᠰᠣᠳ ᠬᠦᠮᠦᠰ ᠲᠡᠳᠡᠨᠡᠷ ᠲᠤ ᠬᠦᠨᠳᠦᠳᠭᠡᠯ ᠭᠦᠢᠴᠡᠳ | ᠦᠭᠡᠢ ᠰᠠᠨᠠᠭᠳᠠᠵᠣ᠂ ᠬᠤᠭᠤᠷᠣ ᠵᠠᠭᠤᠷ᠎ᠠ ᠪᠠᠨ ᠦᠬᠦᠯᠡᠯᠳᠦᠵᠦ᠂ ᠡᠳᠡᠭᠡᠷ ᠬᠦᠮᠦᠰ ᠪᠦᠷ ᠣᠣᠯ ᠨᠢ ᠪᠣᠭᠤᠯ ᠲᠡᠳᠦᠢ | ᠯᠠ ᠪᠠᠶᠢᠭᠰᠠᠨ ᠶᠣᠮ ᠭᠡᠵᠡᠭᠡᠬᠦ ᠶᠣᠮ᠃ ᠡᠶᠢᠮᠦ ᠠᠴᠠ ᠲᠠᠨᠢᠬᠤ ᠦᠭᠡᠢ ᠬᠦᠮᠦᠨ ᠢ ᠲᠣᠮᠢᠯᠠᠪᠠᠴᠣ ᠲᠣᠣᠷᠠᠬᠢ | ᠲᠠᠭᠠᠭᠰᠠᠳ ᠢᠶᠠᠨ ᠲᠣᠮᠢᠯᠠᠵᠣ ᠪᠣᠯᠬᠤ ᠦᠭᠡᠢ ᠬᠡᠵᠡᠢ᠃ ᠲᠡᠭᠡᠭᠡᠳ ᠬᠤᠳᠠᠶᠢᠳᠠ ᠠᠷᠪᠠᠨ ᠬᠤᠶᠠᠷ ᠬᠦᠮᠦᠨ | ᠰᠣᠩᠭᠤᠵᠣ ᠲᠡᠭᠦᠨ ᠢ ᠬᠠᠮᠠᠯᠠᠭᠤᠯᠣᠨ ᠬᠦᠷᠭᠡᠪᠡ᠃ ᠬᠤᠵᠢᠮ ᠡᠨᠡ ᠠᠷᠪᠠᠨ ᠬᠤᠶᠠᠷ ᠬᠦᠮᠦᠨ ᠪᠦᠷ ᠡᠮᠢᠷ | ᠪᠣᠯᠵᠠᠭᠠᠵᠠᠢ᠃ ᠲᠡᠳᠡᠨᠡᠷ ᠤᠨ ᠣᠯᠠᠩᠬᠢ ᠬᠤᠶᠢᠴᠢᠰ ᠨᠢ ᠡᠳᠦᠬᠡ ᠪᠣᠯᠳᠠᠯ᠎ᠠ ᠪᠦᠷ ᠠᠮᠢᠳᠣᠷᠠᠭᠰᠠᠭᠠᠷ ᠪᠠᠶᠢᠨ᠎ᠠ᠃ | ᠡᠳᠡᠭᠡᠷ ᠬᠦᠮᠦᠨ ᠤ ᠲᠣᠲᠣᠷ᠎ᠠ ᠨᠢᠭᠡᠨ ᠠᠷᠵᠢᠷᠠᠺ ᠭᠡᠭᠴᠢ ᠪᠣᠯ ᠲᠠᠷᠣᠢ ᠢᠲ᠋ᠠᠷᠵᠢ ᠶᠢᠨ ᠣᠯᠠᠨ ᠡᠮᠢᠷ ᠤᠨ ᠲᠡᠭᠡᠳᠦᠰ | ᠶᠣᠮ᠃ ᠪᠠᠰᠠ ᠬᠤᠷᠣᠽᠧᠮ ᠤᠨ ᠲᠠᠵᠢᠷ ᠭᠡᠭᠴᠢ ᠶᠢᠨ ᠬᠤᠶᠢᠴᠢᠰ ᠪᠣᠯ ᠬᠤᠩᠵᠠ ᠶᠢᠨ ᠣᠯᠠᠨ ᠡᠮᠢᠷ ᠤᠨ ᠲᠡᠭᠡᠳᠦᠰ | ᠶᠣᠮ᠃ ᠪᠠᠰᠠ ᠨᠦᠬᠦᠭᠡ ᠨᠢᠭᠡ ᠨᠢ ᠴᠠᠯᠢᠱ ᠠᠶᠢᠮᠠᠭ ᠤᠨ ᠰᠠᠶ᠋ᠢᠳᠢ᠂ ᠲᠡᠭᠦᠨ ᠤ ᠬᠤᠶᠢᠴᠢᠰ ᠪᠦᠷ ᠡᠮᠢᠷ ᠪᠣᠯᠵᠠᠭᠠᠵᠣ | ᠂ ᠯᠠᠺᠠᠪ ᠪᠣᠶᠣ ᠺᠦᠱᠵᠢ ᠭᠡᠳᠡᠭ ᠴᠣᠯᠠ ᠲᠠᠢ ᠪᠠᠶᠢᠵᠣ᠂ ᠬᠤᠵᠢᠮ ᠪᠦᠷ ᠬᠦᠬᠡᠯᠳᠠᠱ① ᠭᠡᠳᠡᠭ ᠪᠣᠯᠵᠠᠢ᠃ ᠡᠨᠡ | ᠬᠡᠳᠦᠨ ᠬᠦᠮᠦᠨ ᠪᠦᠷ ᠡᠮᠢᠷ ᠪᠣᠯᠵᠠᠭᠠᠪᠠ᠃ ᠡᠨᠡ ᠠᠷᠪᠠᠨ ᠬᠤᠶᠠᠭᠤᠯᠠ ᠶᠢᠨ ᠪᠣᠰᠣᠳ ᠬᠦᠮᠦᠨ ᠨᠢ ᠴᠦ ᠪᠦᠷ ᠯᠠ | ᠡᠶᠢᠮᠦ ᠪᠠᠶᠢᠭᠰᠠᠨ ᠶᠣᠮ᠃ | ᠶᠡᠷᠦᠩᠬᠡᠶᠢᠯᠡᠭᠡᠳ ᠬᠡᠯᠡᠪᠡᠯ ᠲᠡᠳᠡ ᠾᠢᠳᠢᠷ ᠬᠤᠵᠠ ᠬᠠᠭᠠᠨ ᠢ ᠪᠠᠳᠠᠺᠱᠠᠨ ᠪᠠ ᠺᠠᠱᠭᠠᠷ ᠤᠨ ᠬᠤᠭᠤᠷᠣᠨᠳᠣ | ᠪᠠᠶᠢᠭ᠎ᠠ ᠠᠭᠤᠯᠠᠷᠬᠠᠭ ᠣᠷᠣᠨ ᠳᠤ ᠲᠠᠭᠠᠭᠤᠯᠣᠨ ᠠᠪᠠᠴᠢᠵᠣ ᠨᠢᠭᠤᠨ ᠲᠡᠵᠢᠭᠡᠵᠡᠢ᠃ ᠭᠡᠪᠡᠴᠦ ᠬᠠᠮᠠᠷ ᠠᠳ᠋ᠳᠢᠨ ᠤ | ᠨᠢᠭᠤᠴᠠ ᠲᠠᠩᠨᠠᠭᠤᠯ ᠮᠦᠨ ᠯᠠ ᠲᠡᠳᠡᠨᠡᠷ ᠤᠨ ᠪᠡᠶ᠎ᠡ ᠲᠠᠯᠳᠠᠯᠠᠵᠣ ᠪᠠᠶᠢᠭ᠎ᠠ ᠭᠠᠵᠠᠷ ᠢ ᠡᠷᠢᠨ ᠰᠣᠷᠠᠵᠣ ᠯᠠ ᠪᠠᠶᠢᠪᠠ᠃ | ᠡᠶᠢᠮᠦ ᠠᠴᠠ ᠲᠡᠳᠡ ᠲᠡᠨᠳᠡ ᠠᠴᠠ ᠪᠠᠨ ᠣᠷᠭᠤᠨ ᠭᠠᠷᠴᠣ᠂ ᠢᠥᠢ ᠲᠢᠶᠠᠨ ᠤ ᠠᠭᠤᠯᠠᠨ ᠣᠷᠣᠨ ᠳᠤ ᠰᠢᠷᠭᠤᠪᠠ᠃ | ᠬᠤᠵᠢᠮ ᠬᠦᠮᠦᠰ ᠲᠤ ᠮᠡᠳᠡᠭᠳᠡᠬᠦ ᠠᠴᠠ ᠪᠣᠯᠭᠤᠮᠵᠢᠯᠠᠨ ᠲᠠᠬᠢᠨ ᠰᠢᠷ᠎ᠠ ᠣᠶᠢᠭᠤᠷ② ᠤᠨ ᠨᠣᠳᠤᠭ ᠲᠤ ᠬᠦᠷᠴᠦ᠂ | ᠵᠣᠷᠵᠠᠨ③ ᠪᠣᠯᠣᠨ ᠯᠣᠪ ᠺᠠᠲ᠋ᠠᠺ④ ᠵᠡᠷᠭᠡ ᠪᠠᠷ ᠲᠡᠨᠦᠬᠦᠴᠢᠯᠡᠨ ᠠᠮᠢᠳᠣᠷᠠᠵᠣ ᠠᠷᠪᠠᠨ ᠬᠤᠶᠠᠷ ᠵᠢᠯ ᠪᠣᠯᠣᠭᠰᠠᠨ | ᠶᠣᠮ᠃ ᠬᠠᠮᠠᠷ ᠠᠳ᠋ᠳᠢᠨ ᠦᠬᠦᠭᠰᠡᠨ ᠤ ᠰᠡᠬᠦᠯᠡᠷ ᠬᠦᠮᠦᠰ ᠬᠤᠶᠢᠨ᠎ᠠ ᠬᠤᠶᠢᠨ᠎ᠠ ᠠᠴᠠ ᠪᠠᠨ ᠾᠢᠳᠢᠷ ᠬᠤᠵᠠ ᠬᠠᠭᠠᠨ | ᠢ ᠡᠷᠢᠵᠡᠭᠡᠪᠡ᠃ ᠡᠮᠢᠷ ᠬᠤᠳᠠᠶᠢᠳᠠ ᠮᠠᠰᠢ ᠣᠯᠠᠨ ᠬᠦᠮᠦᠨ ᠲᠣᠮᠢᠯᠠᠨ᠂ ᠲᠠᠯᠳᠠᠯᠠᠵᠣ ᠪᠠᠶᠢᠭ᠎ᠠ ᠭᠠᠵᠠᠷ ᠠᠴᠠ ᠲᠡᠬᠦᠨ | ᠢ ᠡᠷᠢᠨ ᠣᠯᠵᠣ ᠠᠪᠴᠢᠷᠠᠭᠠᠳ ᠣᠯᠠᠨ ᠲᠠᠭᠠᠭᠰᠠᠳ ᠨᠡᠷ ᠢᠶᠠᠨ ᠲᠠᠭᠠᠭᠤᠯᠣᠨ ᠲᠡᠭᠦᠨ ᠢ ᠬᠦᠷᠢᠶᠡᠯᠡᠵᠦ ᠬᠠᠭᠠᠨ | ᠰᠠᠭᠤᠯᠭᠠᠪᠠ⑤᠃ ᠲᠡᠭᠡᠭᠡᠳ ᠡᠨᠡᠬᠦ ᠬᠠᠭᠠᠨ ᠤ ᠬᠡᠷᠡᠯ ᠬᠢᠯᠪᠠᠭ᠎ᠠ ᠮᠣᠩᠭᠤᠯ ᠤᠨ ᠬᠠᠮᠤᠭ ᠡᠷᠬᠢᠮ ᠲᠡᠭᠡᠳᠦ ᠰᠠᠭᠤᠳᠠᠯ | ᠢ ᠭᠡᠷᠡᠯᠳᠦᠭᠦᠯᠵᠦ᠂ ᠮᠣᠩᠭᠤᠯᠰᠲ᠋ᠠᠨ ᠤ ᠲᠦᠷᠦ ᠵᠠᠰᠠᠭ ᠡᠳᠦᠷ ᠢᠷᠡᠬᠦᠶ᠎ᠡ ᠬᠦᠭᠵᠢᠨ ᠮᠠᠨᠳᠣᠵᠠᠢ᠃ | ᠵᠠᠯᠭᠠᠭᠠᠳ ᠡᠨᠡᠬᠦ ᠬᠠᠭᠠᠨ ᠡᠮᠢᠷ ᠲᠡᠮᠦᠷ ᠲᠠᠢ ᠨᠠᠶᠢᠷᠠᠮᠳᠠᠵᠣ᠂ ᠬᠠᠭᠠᠨ ᠤ ᠲᠦᠷᠦᠯ ᠤᠨ ᠬᠡᠣᠬᠡᠨ ᠲᠠᠸᠠᠺᠠᠯ · | ᠬᠠᠨᠢᠮ ︵ᠵᠠᠷᠢᠮ ᠬᠦᠮᠦᠨ ᠤ ᠬᠡᠯᠡᠬᠦ ᠪᠠᠷ ᠲᠡᠭᠦᠨ ᠤ ᠬᠡᠣᠬᠡᠨ ᠭᠡᠳᠡᠭ᠂ ᠭᠡᠪᠡᠴᠦ ᠾᠢᠳᠢᠷ ᠬᠤᠵᠠ ᠳᠤ ᠲᠡᠶᠢᠮᠦ ᠲᠣᠮᠣ | ᠬᠡᠣᠬᠡᠨ ᠲᠠᠢ ᠭᠡᠬᠦ ᠳᠤ ᠵᠢᠭᠠᠬᠠᠨ ᠰᠡᠵᠢᠭᠯᠡᠯ ᠲᠠᠢ ᠪᠠᠶᠢᠨ᠎ᠠ — ᠮᠣᠩᠭᠤᠯᠴᠢᠯᠠᠭᠴᠢ ᠠᠴᠠ︶ ᠢ ᠲᠡᠮᠦᠷ ᠲᠤ | ᠪᠣᠭᠳᠣᠯᠣᠨ ᠦᠭᠭᠦᠪᠡ᠃ ᠾᠢᠳᠢᠷ ᠬᠤᠵᠠ ᠬᠠᠭᠠᠨ ᠰᠠᠭᠤᠷᠢᠨ ᠳᠤ ᠪᠠᠶᠢᠭ᠎ᠠ ᠦᠶ᠎ᠡ ᠳᠡᠭᠡᠨ ᠪᠠᠰᠠ ᠬᠢᠳᠠᠨ ᠵᠦᠭ ᠲᠤ | ᠠᠷᠢᠭᠤᠨ ᠲᠠᠶᠢᠨ ᠵᠠᠷᠯᠠᠵᠣ ᠪᠠᠶᠢᠭᠰᠠᠨ ᠶᠣᠮ᠃ ᠲᠡᠷᠡ ᠦᠪᠡᠷ ᠤᠨ ᠪᠡᠶ᠎ᠡ ᠪᠠᠷ ᠬᠢᠳᠠᠨ ᠤ ᠬᠤᠶᠠᠷ ᠬᠢᠯᠢ ᠶᠢᠨ ᠬᠤᠳᠠ | ᠬᠠᠷ᠎ᠠ ᠬᠤᠵᠣᠣ ᠪᠠ ᠲᠦᠷᠹᠠᠨ ᠢ ᠡᠵᠡᠯᠡᠨ ᠠᠪᠴᠣ᠂ ᠲᠡᠨᠳᠡᠬᠢ ᠠᠷᠠᠳ ᠢᠷᠭᠡᠳ ᠢ ᠠᠯᠪᠠᠳᠠᠵᠣ ᠪᠠᠶᠢᠭᠠᠳ ᠢᠰᠯᠠᠮ | ᠱᠠᠰᠢᠨ ᠰᠢᠳᠦᠭᠦᠯᠦᠭᠰᠡᠨ ᠶᠣᠮ᠃ ᠡᠶᠢᠮᠦ ᠠᠴᠠ ᠡᠨᠡ ᠬᠤᠶᠠᠷ ᠭᠠᠵᠠᠷ ᠢ ᠰᠠᠶ᠋ᠢ ︽ᠳ᠋ᠠᠷ · ᠠᠯ · ᠢᠰᠯᠠᠮ︾ ︵ | Dar al Islam᠂ ᠲᠠᠷᠣᠢ ᠢᠰᠯᠠᠮ ᠨᠣᠳᠤᠭ ᠭᠡᠳᠡᠭ ᠣᠳᠬ᠎ᠠ ᠲᠠᠢ ᠦᠭᠡ ᠪᠣᠯᠣᠨ᠎ᠠ︶ ᠬᠡᠮᠡᠨ ᠨᠡᠷᠡᠶᠢᠳᠦᠬᠦ | ᠪᠣᠯᠪᠠ᠃ ᠮᠣᠩᠭᠤᠯ ᠬᠠᠭᠠᠨ ᠤ ᠰᠠᠭᠤᠳᠠᠭ ᠭᠠᠵᠠᠷ ᠢᠶᠠᠷ ᠠᠪᠴᠣ ᠬᠡᠯᠡᠪᠡᠯ᠂ ᠡᠨᠡ ᠨᠣᠳᠤᠭ ᠤᠨ ᠴᠢᠬᠤᠯᠠ ᠴᠢᠨᠠᠷ | ᠵᠦᠪᠬᠡᠨ ᠺᠠᠱᠭᠠᠷ ᠤᠨ ᠲᠠᠷᠠᠭ᠎ᠠ ᠯᠠ ᠣᠷᠣᠬᠤ ᠶᠣᠮ᠃ ᠡᠭᠦᠨ ᠠᠴᠠ ᠭᠠᠳᠠᠨ᠎ᠠ ᠵᠠᠷᠢᠮ ᠬᠦᠮᠦᠨ ᠤ ᠬᠡᠯᠡᠬᠦ ᠪᠠᠷ ᠡᠨᠡᠬᠦ | ᠨᠣᠳᠤᠭ ᠢ ᠢᠰᠯᠠᠮ ᠱᠠᠰᠢᠨ ᠤ ᠲᠠᠷᠬᠠᠨ ᠰᠣᠷᠭᠠᠯ ᠲᠦᠷᠢᠮ ᠢᠶᠠᠷ ᠬᠤᠪᠢᠶᠠᠨ ᠰᠠᠯᠭᠠᠵᠣ᠂ ᠬᠠᠭᠠᠨ ᠤ ᠭᠠᠷ ᠲᠤ | ᠨᠢᠭᠡᠨ ᠬᠡᠰᠡᠭ ᠬᠡᠮᠡᠷᠯᠢᠭ ᠪᠣᠯᠣᠨ ᠨᠢᠭᠡᠨ ᠲᠣᠯᠣᠭᠠᠢ ᠬᠦᠬᠡ ᠦᠬᠡᠷ⑥ ᠦᠯᠡᠳᠡᠵᠡᠢ᠃ ᠡᠨᠡᠬᠦ ᠬᠠᠭᠠᠨ ᠤ ᠢᠩᠬᠢᠵᠦ | ᠬᠢᠵᠦ ᠪᠠᠶᠢᠭ᠎ᠠ ᠨᠢ ᠢᠰᠯᠠᠮ ᠱᠠᠰᠢᠨ ᠤ ᠣᠯᠣᠰ ᠲᠠᠭᠠᠨ ᠦᠩᠭᠡ ᠭᠡᠷᠡᠯ ᠨᠡᠮᠡᠷᠢᠯᠡᠬᠦ ᠭᠡᠰᠡᠨ ᠰᠠᠨᠠᠭ᠎ᠠ ᠪᠣᠯᠣᠨ᠎ᠠ᠃ | ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠳᠤ ᠬᠡᠯᠡᠭᠰᠡᠨ ᠨᠢ ᠡᠮᠢᠷ ᠲᠡᠮᠦᠷ ᠡᠮᠦᠨ᠎ᠡ ᠣᠮᠠᠷ᠎ᠠ | ᠪᠠᠷᠠᠭᠤᠨ ᠲᠠᠯ᠎ᠠ ᠶᠢᠨ ᠬᠢᠯᠢ ᠬᠢᠵᠠᠭᠠᠷ ᠲᠠᠭᠠᠨ ᠪᠦᠷ ᠰᠠᠨᠠᠭ᠎ᠠ ᠠᠮᠠᠷᠠᠭᠰᠠᠨ ᠤ ᠲᠠᠷᠠᠭ᠎ᠠ᠂ ᠵᠡᠭᠦᠨ ᠵᠦᠭ ᠤᠨ ᠡᠯ᠎ᠡ | ᠣᠯᠣᠰ ᠲᠤ ᠠᠯᠣᠰ ᠤᠨ ᠲᠠᠶᠢᠨ ᠬᠢᠬᠦ ᠪᠠᠷ ᠪᠡᠯᠡᠳᠭᠡᠵᠦ ᠡᠬᠢᠯᠡᠵᠡᠢ᠃ ᠣᠨᠴᠠᠭᠠᠶᠢᠯᠠᠨ ᠵᠡᠭᠦᠨ ᠵᠦᠭ ᠤᠨ ᠬᠠᠮᠤᠭ | ᠲᠣᠮᠣ ᠣᠯᠣᠰ ᠬᠢᠳᠠᠨ ᠢ ᠲᠣᠪᠳᠣᠯᠬᠤ ᠪᠠᠷ ᠪᠣᠯᠪᠠ᠃ ᠲᠣᠰ ᠨᠣᠮ ᠳᠤ ᠡᠨᠡ ᠣᠳᠠᠭᠠᠨ ᠤ ᠠᠯᠣᠰ ᠲᠠᠶᠢᠯᠠᠯᠳᠠ ᠶᠢᠨ | ᠲᠦᠯᠦᠪᠯᠡᠭᠡ ᠶᠢᠨ ᠲᠣᠬᠠᠢ ᠮᠠᠰᠢ ᠣᠷᠳᠣ ᠰᠣᠨᠵᠢᠷᠠᠭᠰᠠᠨ ᠠᠭᠤᠯᠭ᠎ᠠ ᠪᠢᠴᠢᠵᠡᠢ᠃ ᠶᠡᠭᠡ ᠲᠦᠯᠦᠪ ᠦᠬᠦᠯᠡᠭᠰᠡᠨ ᠨᠢ | ᠡᠮᠢᠷ ᠲᠡᠮᠦᠷ ᠡᠨᠡᠬᠦ ᠠᠯᠣᠰ ᠲᠠᠶᠢᠯᠠᠯᠳᠠ ᠲᠠᠭᠠᠨ ᠨᠢᠭᠡ ᠰᠠᠯᠠᠭ᠎ᠠ ᠨᠠᠶᠠᠨ ᠲᠦᠮᠡᠨ ᠬᠦᠮᠦᠨ ᠢᠶᠠᠷ ᠪᠦᠷᠢᠯᠳᠦᠭᠰᠡᠨ | ᠮᠣᠨᠳᠠᠭ ᠲᠣᠮᠣ ᠴᠡᠷᠢᠭ ᠠᠷᠮᠠᠢ ᠴᠤᠭᠯᠠᠭᠤᠯᠵᠠᠢ᠃ ᠲᠡᠭᠡᠭᠡᠳ ᠪᠦᠷ ᠢᠷᠠᠺ ᠪᠠ ᠷᠦᠮ ︵ᠫᠧᠷᠰ ᠲᠦᠷᠺ ᠢ ᠵᠢᠭᠠᠵᠣ | ᠪᠠᠶᠢᠨ᠎ᠠ︶ ᠤᠨ ᠴᠡᠷᠢᠭ ᠤᠨ ᠲᠠᠳᠬᠠᠯ ᠢᠶᠠᠷ ᠬᠦᠮᠦᠨ ᠪᠦᠷᠢ ᠳᠤ ᠭᠦᠢᠴᠡᠳ ᠲᠣᠯᠣᠭᠠᠨ ᠣᠨ ᠤ ᠬᠦᠨᠡᠰᠦ | ᠪᠡᠯᠡᠳᠭᠡᠭᠰᠡᠨ ᠠᠵᠠᠢ᠃ ᠬᠢᠳᠠᠨ ᠪᠣᠯᠣᠨ ᠮᠠᠸᠧᠢᠷᠠᠨᠨᠠᠷ ᠤᠨ ᠬᠤᠭᠤᠷᠣᠨᠳᠣ ᠪᠠᠶᠢᠭ᠎ᠠ ᠨᠣᠳᠤᠭ ᠢᠶᠠᠷ ᠲᠠᠷᠢᠶᠠᠯᠠᠵᠣ | ᠪᠣᠯᠬᠤ ᠭᠠᠵᠠᠷ ᠲᠣᠩ ᠴᠦᠬᠡᠨ ᠪᠦᠭᠡᠳ ᠬᠦᠮᠦᠨ ᠠᠮᠠ ᠣᠨᠴᠠ ᠰᠡᠶᠢᠷᠡᠭ ᠪᠣᠯᠬᠤᠷ ᠲᠡᠷᠡ ᠴᠡᠷᠢᠭ ᠲᠡᠭᠡᠨ ᠵᠠᠷᠯᠠᠵᠣ | ᠬᠦᠮᠦᠨ ᠪᠦᠷᠢ ᠦᠪᠡᠷ ᠤᠨ ᠬᠠᠩᠭᠠᠯᠭ᠎ᠠ ᠠᠴᠠ ᠭᠠᠳᠠᠨ᠎ᠠ ᠪᠠᠰᠠ ᠬᠤᠶᠠᠷ ᠰᠦᠨ ᠤ ᠦᠨᠢᠶ᠎ᠡ᠂ ᠠᠷᠪᠠᠨ ᠰᠦᠨ ᠤ | ᠢᠮᠠᠭ᠎ᠠ ᠠᠪᠴᠣ ᠶᠠᠪᠣᠬᠤ ᠬᠡᠷᠡᠭᠳᠡᠢ᠂ ᠴᠡᠷᠢᠭ ᠤᠨ ᠬᠠᠩᠭᠠᠯᠭ᠎ᠠ ᠲᠠᠭᠤᠰᠣᠭᠰᠠᠨ ᠤ ᠲᠠᠷᠠᠭ᠎ᠠ ᠲᠡᠭᠦᠨ ᠤ ᠰᠦ ᠶᠢ | ᠰᠠᠭᠠᠵᠣ ᠢᠳᠡᠨ ᠰᠦ ᠭᠠᠷᠬᠤ ᠪᠠᠨ ᠪᠣᠯᠢᠪᠠᠯ ᠦᠬᠡᠷ ᠢᠮᠠᠭ᠎ᠠ ᠪᠠᠨ ᠠᠯᠠᠵᠣ᠂ ᠮᠬᠠ ᠶᠢ ᠨᠢ ᠢᠳᠡᠵᠦ ᠶᠠᠪᠣᠭᠠᠷᠠᠢ | ᠭᠡᠵᠡᠢ᠃ ᠡᠳᠡᠭᠡᠷ ᠪᠡᠯᠡᠳᠭᠡᠯ ᠢᠶᠠᠨ ᠬᠢᠵᠦ ᠲᠠᠭᠤᠰᠣᠭᠠᠳ᠂ ᠡᠮᠢᠷ ᠲᠡᠮᠦᠷ ᠰᠠᠮᠠᠷᠺᠠᠨᠳ᠋ ᠠᠴᠠ ᠮᠣᠷᠳᠠᠨ ᠭᠠᠷᠴᠠᠢ᠃ | ᠲᠣᠰ ᠵᠢᠯ ᠤᠨ ᠡᠪᠦᠯ ᠲᠦᠷᠺᠰᠲ᠋ᠠᠨ ᠬᠦᠷᠴᠦ ᠬᠦᠷᠢᠶ᠎ᠡ ᠪᠠᠭᠤᠪᠠ᠃ ᠡᠭᠦᠨ ᠤ ᠬᠠᠮᠳᠣ ᠪᠠᠰᠠ ᠾᠢᠳᠢᠷ ᠬᠤᠵᠠ | ᠬᠠᠭᠠᠨ ᠳᠤ ᠡᠯᠴᠢ ᠢᠯᠡᠭᠡᠨ ᠮᠣᠩᠭᠤᠯᠰᠲ᠋ᠠᠨ ᠳᠤ ᠲᠠᠷᠢᠶᠠᠯᠠᠵᠣ ᠪᠣᠯᠬᠤ ᠡᠰᠡᠬᠦ ᠲᠣᠬᠠᠢ ᠠᠰᠠᠭᠤᠯᠭᠠᠨ᠂ ᠴᠡᠷᠢᠭ | ᠠᠩᠬᠢ ᠳᠠᠭᠠᠨ ᠠᠮᠣ ᠬᠦᠨᠡᠰᠦ ᠬᠠᠩᠭᠠᠬᠤ ᠲᠣᠬᠠᠢ ᠰᠣᠷᠠᠭᠯᠠᠪᠠ᠃ | ᠪᠢ ᠦᠷᠬᠦᠯᠵᠢ ᠮᠢᠨᠦ ᠡᠴᠢᠭᠡ ︵ᠲᠡᠭᠦᠨ ᠢ ᠠᠯᠯᠠᠾ ᠡᠨᠡᠷᠢᠬᠦ ᠪᠣᠯᠳᠣᠭᠠᠢ︶ ᠶᠢᠨ ᠦᠬᠦᠯᠡᠬᠦ ᠶᠢ ᠰᠣᠨᠣᠰᠬᠤᠯ᠎ᠠ᠂ | ᠲᠡᠷᠡ ᠵᠢᠯ ᠤᠨ ᠬᠠᠪᠣᠷ ᠤᠨ ᠡᠬᠢ ᠪᠠᠷ ᠰᠢᠨ᠎ᠡ ᠴᠡᠭᠡ ᠢᠰᠦᠭᠰᠡᠨ ᠲᠡᠷᠡ ᠡᠳᠦᠷ᠂ ᠮᠣᠩᠭᠤᠯ ᠤᠨ ᠡᠷᠳᠡᠨ ᠤ ᠲᠦᠷᠢᠮ | ᠶᠣᠰᠣᠭᠠᠷ ᠦᠪᠡᠳᠡᠭᠰᠢ ᠶᠡᠭᠡ ᠬᠤᠷᠢᠮ ᠪᠣᠯᠵᠣ᠂ ᠬᠤᠷᠢᠮ ᠲᠡᠭᠡᠷ᠎ᠡ ᠡᠮᠢᠷ ᠬᠤᠳᠠᠶᠢᠳᠠ ᠶᠠᠭ ᠰᠠᠶᠢᠬᠠᠨ ᠬᠠᠭᠠᠨ ᠳᠤ | ᠬᠤᠨᠳᠠᠭ᠎ᠠ ᠡᠷᠭᠦᠵᠦ ᠪᠠᠶᠢᠬᠤ ᠳᠤ᠂ ᠭᠡᠨᠡᠳᠳᠡ ᠢᠵᠠᠭᠤᠷᠳᠠᠨ ᠠᠬᠠᠯᠠᠭᠴᠢ ᠠᠴᠠ ᠡᠮᠢᠷ ᠲᠡᠮᠦᠷ ᠤᠨ ᠡᠯᠴᠢ ᠢᠷᠡᠪᠡ | ᠭᠡᠵᠦ ᠮᠡᠳᠡᠭᠦᠯᠦᠨ᠂ ᠡᠯᠴᠢ ᠶᠢᠨ ᠢᠷᠡᠭᠰᠡᠨ ᠵᠣᠷᠢᠯᠭ᠎ᠠ ᠶᠢ ᠬᠠᠭᠠᠨ ᠳᠤ ᠰᠣᠨᠣᠰᠬᠠᠪᠠ᠃ ᠡᠨᠡᠬᠦ ᠢᠵᠠᠭᠤᠷᠳᠠᠨ ᠪᠠᠰᠠ | ᠦᠬᠦᠯᠡᠭᠰᠡᠨ ᠨᠢ᠄ ︽ᠪᠢᠳᠡ ᠲᠡᠳᠡᠨᠡᠷ ᠢ ᠡᠰᠡᠷᠭᠦᠴᠡᠬᠦ ᠬᠦᠴᠦᠨ ᠬᠦᠷᠦᠯᠴᠡᠬᠦ ᠦᠭᠡᠢ᠂ ᠬᠡᠳᠦᠶᠢᠪᠡᠷ ᠲᠣᠩ ᠶᠡᠭᠡ | ᠬᠠᠷᠠᠮᠰᠠᠯ ᠲᠠᠢ ᠬᠡᠷᠡᠭ ᠪᠣᠯᠪᠠᠴᠣ ᠵᠦᠪᠬᠡᠨ ᠠᠯᠪᠠ ᠪᠠᠷᠢᠬᠤ ᠯᠠ ᠬᠡᠷᠡᠭᠳᠡᠢ ᠪᠣᠯᠪᠠ︾ ᠭᠡᠵᠡᠢ᠃ ᠾᠢᠳᠢᠷ ᠬᠤᠵᠠ | ᠬᠠᠭᠠᠨ ᠡᠭᠦᠨ ᠢ ᠰᠣᠨᠣᠰᠣᠭᠠᠳ ᠮᠠᠰᠢᠳᠠ ᠬᠡᠯᠮᠡᠭᠳᠡᠨ ᠴᠡᠭᠡ ᠲᠠᠢ ᠬᠤᠨᠳᠠᠭ᠎ᠠ ᠪᠠᠨ ᠭᠠᠵᠠᠷ ᠠᠯᠳᠠᠴᠢᠬᠠᠪᠠ ᠭᠡᠳᠡᠭ | ᠶᠣᠮ᠃ ᠡᠮᠢᠷ ᠬᠤᠳᠠᠶᠢᠳᠠ ᠲᠡᠭᠦᠨ ᠳᠤ᠄ ︽ᠬᠠᠭᠠᠨᠳᠠᠨ ᠮᠢᠨᠢ᠂ ᠡᠨᠡ ᠬᠤᠨᠳᠠᠭ᠎ᠠ ᠲᠠᠢ ᠲᠠᠶᠢᠪᠣᠰᠢᠷᠠᠯ ᠤᠨ ᠡᠭᠡᠳᠡᠩ | ᠢᠶᠠᠨ ᠬᠦᠨᠳᠦᠷᠴᠦ᠂ ᠦᠨᠦᠳᠦᠷ ᠪᠢᠳᠡᠬᠡᠢ ᠮᠠᠷᠭᠠᠰᠢ ᠶᠢᠨ ᠲᠦᠯᠦᠭᠡ ᠵᠣᠪᠠᠭᠠᠷᠠᠢ᠂ ᠮᠠᠷᠭᠠᠰᠢ ᠪᠣᠯᠣᠭᠠᠳ ᠮᠠᠷᠭᠠᠰᠢ ᠶᠢᠨ | ᠣᠴᠢᠷ ᠢ ᠪᠣᠳᠣᠯᠬᠢᠯᠠᠶᠠ︾ ᠭᠡᠵᠡᠢ᠃ ᠡᠮᠢᠷ ᠬᠤᠳᠠᠶᠢᠳᠠ ᠵᠠᠯᠭᠠᠭᠠᠳ ᠬᠡᠯᠡᠭᠰᠡᠨ ᠨᠢ᠄ ︽ᠬᠦᠮᠦᠰ ᠤᠨ ᠬᠡᠯᠡᠯᠴᠡᠬᠦ ᠪᠠᠷ | ᠨᠢᠭᠡᠨ ᠠᠯᠮᠣᠷᠠᠳ ᠢ ᠲᠡᠭᠷᠢ ᠦᠭᠡᠳᠡ ᠰᠢᠳᠡᠭᠡᠳ ᠠᠯᠮᠣᠷᠠᠳ ᠣᠨᠠᠵᠣ ᠢᠷᠡᠬᠦ ᠬᠤᠭᠤᠷᠣᠨᠳᠣ᠂ ᠠᠯᠯᠠᠾ ᠲᠡᠭᠷᠢ | ᠴᠢᠮ᠎ᠡ ᠳᠤ ᠵᠠᠭᠤᠨ ᠣᠳᠠᠭ᠎ᠠ ᠦᠯᠵᠡᠢ ᠪᠡᠯᠭᠡ ᠬᠦᠷᠳᠡᠭᠡᠵᠦ ᠠᠮᠵᠢᠬᠤ ᠶᠣᠮ ᠭᠡᠳᠡᠭ᠃ ᠲᠡᠭᠡᠪᠡᠯ ᠨᠢᠭᠡ ᠵᠢᠯ ᠤᠨ | ᠬᠤᠭᠤᠴᠠᠭᠠᠨ ᠲᠣᠲᠣᠷ᠎ᠠ ᠮᠢᠩᠭ᠎ᠠ ᠲᠦᠮᠡᠨᠳᠡ ᠠᠪᠣᠷᠠᠯ ᠬᠠᠶᠢᠷᠠᠯᠠᠵᠣ ᠠᠮᠵᠢᠬᠤ ᠪᠢᠰᠢᠥ᠃ ᠵᠠ ᠬᠠᠭᠠᠨᠳᠠᠨ ᠮᠢᠨᠢ | ᠢᠩᠬᠢᠵᠦ ᠪᠣᠳᠣᠪᠠᠯ ᠰᠡᠳᠭᠢᠯ ᠠᠮᠠᠷᠠᠬᠤ ᠪᠢᠵᠡ︾ ᠭᠡᠪᠡ᠃ | ᠲᠡᠭᠦᠨ ᠤ ᠦᠭᠡ ᠬᠠᠯᠳᠣ ᠲᠠᠭᠤᠰᠣᠳᠠᠯᠠ᠂ ᠲᠡᠳᠡ ᠺᠠᠷᠢᠬᠠᠰ ᠨᠠᠭᠤᠷ ᠤᠨ ᠬᠦᠪᠡᠭᠡ ᠪᠠᠷ ᠨᠢᠭᠡ ᠬᠠᠷ᠎ᠠ ᠮᠣᠷᠢ | ᠣᠨᠣᠵᠣ᠂ ᠴᠠᠭᠠᠨ ᠬᠤᠪᠴᠠᠰᠣ ᠡᠮᠦᠰᠦᠭᠰᠡᠨ ᠬᠦᠮᠦᠨ ᠢᠨᠠᠭᠰᠢ ᠴᠢᠨᠡᠭᠡ ᠮᠡᠳᠡᠨ ᠲᠣᠪᠳᠣᠯᠭᠠᠵᠣ ᠪᠠᠶᠢᠭ᠎ᠠ ᠶᠢ ᠣᠯᠵᠣ | ᠬᠠᠷᠠᠵᠠᠢ᠃ ᠲᠡᠷᠡ ᠬᠦᠮᠦᠨ ᠲᠣᠪᠳᠣᠯᠣᠭᠰᠠᠭᠠᠷ ᠶᠠᠷᠭᠠᠴᠢᠳ ᠤᠨ ᠢᠰᠡᠭᠡᠢ ᠮᠠᠶᠢᠬᠠᠨ ᠤ ᠬᠠᠵᠠᠭᠤ ᠪᠠᠷ ᠬᠡᠨᠡᠭ ᠴᠦ | ᠦᠭᠡᠢ ᠲᠣᠪᠳᠣᠯᠣᠨ ᠦᠩᠭᠡᠷᠡᠪᠡ᠃ ᠶᠡᠷᠦ ᠶᠢᠨ ᠬᠦᠮᠦᠰ ᠪᠣᠯ ᠠᠳᠡ ᠢᠷᠡᠭᠰᠡᠭᠡᠷ ᠵᠠᠪᠠᠯ ᠮᠣᠷᠢᠨ ᠠᠴᠠ ᠪᠠᠨ ᠪᠠᠭᠤᠬᠤ | ᠶᠣᠰᠣᠳᠠᠢ ᠶᠣᠮ᠃ ᠭᠡᠳᠡᠯ᠎ᠡ ᠲᠡᠷᠡ ᠬᠦᠮᠦᠨ ᠦᠷᠬᠦᠯᠵᠢᠯᠡᠨ ᠲᠣᠪᠳᠣᠯᠵᠣ ᠬᠠᠭᠠᠨ ᠤ ᠰᠢᠳᠠᠷ ᠬᠠᠮᠠᠭᠠᠯᠠᠭᠴᠢ ᠶᠢᠨ | ᠬᠠᠷᠠᠭᠤᠯ ᠤᠨ ᠭᠠᠵᠠᠷ ᠢᠶᠠᠷ ᠴᠦ ᠠᠵᠢᠭ ᠦᠭᠡᠢ ᠲᠣᠪᠳᠣᠯᠣᠨ ᠦᠩᠭᠡᠷᠡᠵᠡᠢ᠃ ᠲᠦᠷᠪᠡᠨ ᠲᠠᠯ᠎ᠠ ᠪᠠᠷ ᠨᠢ ᠪᠠᠶᠢᠭᠰᠠᠨ | ᠬᠠᠭᠠᠨ ᠤ ᠵᠠᠰᠠᠭᠤᠯ⑦ ᠲᠡᠭᠦᠨ ᠶᠠᠭᠠᠬᠢᠵᠣ ᠬᠤᠷᠢᠭᠯᠠᠭᠰᠠᠨ ᠪᠣᠯᠪᠠᠴᠣ ᠲᠡᠶᠢᠯᠦᠭᠡ ᠦᠭᠡᠢ᠂ ᠲᠡᠷᠡ ᠰᠢᠭᠤᠳ ᠬᠠᠭᠠᠨ | ᠤ ᠡᠮᠦᠨ᠎ᠡ ᠢᠷᠡᠵᠦ ᠦᠨᠳᠦᠷ ᠲᠠᠭᠤ ᠪᠠᠷ ᠬᠠᠰᠬᠢᠷᠣᠨ ᠬᠡᠯᠡᠭᠰᠡᠨ ᠨᠢ᠄ ︽ᠡᠮᠢᠷ ᠲᠡᠮᠦᠷ ᠨᠢᠭᠡᠨᠳᠡ ᠦᠬᠦᠴᠢᠭᠡᠯᠡ᠂ | ᠲᠡᠷᠡ ᠣᠲᠷᠠᠷ ᠲᠤ ᠦᠬᠦᠵᠡᠢ︾ ᠭᠡᠵᠦ ᠬᠡᠯᠡᠵᠦ ᠪᠠᠷᠠᠭᠠᠳ ᠲᠠᠬᠢᠨ ᠴᠢᠨᠠᠭᠰᠢ ᠮᠣᠷᠢ ᠲᠠᠰᠢᠭᠤᠷᠳᠠᠨ ᠲᠣᠪᠳᠣᠯᠭᠠᠨ | ᠶᠠᠪᠣᠪᠠ᠃ ᠵᠠᠯᠭᠠᠭᠠᠳ ᠮᠠᠰᠢ ᠣᠯᠠᠨ ᠮᠣᠷᠢᠳᠠᠨ ᠲᠣᠮᠢᠯᠠᠨ ᠲᠡᠭᠦᠨ ᠤ ᠬᠤᠶᠢᠨ᠎ᠠ ᠠᠴᠠ ᠨᠡᠬᠡᠭᠦᠯᠦᠭᠰᠡᠨ ᠪᠣᠯᠪᠠᠴᠣ᠂ | ᠬᠡᠨ ᠬᠦᠮᠦᠨ ᠴᠦ ᠭᠦᠢᠴᠡᠵᠦ ᠴᠢᠳᠠᠭᠰᠠᠨ ᠦᠭᠡᠢ᠃ ᠶᠠᠮᠠᠷᠴᠣ ᠴᠢᠮᠡᠭᠡ ᠣᠯᠵᠣ ᠴᠢᠳᠠᠭᠰᠠᠨ ᠦᠭᠡᠢ ᠪᠣᠴᠠᠵᠣ ᠢᠷᠡᠪᠡ | ᠭᠡᠳᠡᠭ ᠶᠣᠮ᠃ ᠲᠦᠴᠢᠨ ᠲᠠᠪᠣᠨ ᠡᠳᠦᠷ ᠦᠩᠭᠡᠷᠡᠭᠡᠳ ᠰᠠᠶ᠋ᠢ ᠦᠨᠡᠨ ᠴᠢᠮᠡᠭᠡ ᠣᠯᠵᠣ᠂ ᠡᠮᠢᠷ ᠲᠡᠮᠦᠷ ᠦᠨᠡᠬᠡᠷ | ᠣᠲᠷᠠᠷ ᠲᠤ ᠦᠬᠦᠪᠡ ᠭᠡᠳᠡᠭ ᠢ ᠮᠡᠳᠡᠵᠡᠢ᠃ ᠢᠩᠬᠢᠭᠡᠳ ᠰᠠᠶ᠋ᠢ ᠬᠠᠭᠠᠨ ᠤ ᠰᠡᠳᠬᠢᠯ ᠲᠠᠶᠢᠪᠣᠰᠢᠷᠠᠭᠰᠠᠨ ᠶᠣᠮ᠃ | ᠾᠢᠳᠢᠷ ᠬᠤᠵᠠ ᠬᠠᠭᠠᠨ ᠪᠣᠯ ᠾᠢᠵᠢᠷ ᠲᠣᠭᠠᠯᠠᠯ ᠤᠨ 770 ᠣᠨ ᠠᠴᠠ ᠡᠮᠦᠨ᠎ᠡ ᠮᠡᠨᠳᠦᠯᠡᠵᠦ᠂᠂ ᠲᠡᠭᠡᠷᠡᠬᠢ | ᠬᠡᠷᠡᠭ ᠣᠴᠢᠷ ᠪᠣᠯ ᠾᠢᠵᠢᠷ ᠲᠣᠭᠠᠯᠠᠯ ᠤᠨ807 ᠣᠨ ᠳᠤ ᠡᠭᠦᠰᠦᠭᠰᠡᠨ ᠶᠣᠮ᠃ ᠭᠡᠶ᠎ᠡ ᠮᠡᠨ ᠤ ᠡᠨᠡᠬᠦ ᠬᠠᠭᠠᠨ᠂ | ᠡᠮᠢᠷ ᠲᠡᠮᠦᠷ ᠦᠬᠦᠭᠰᠡᠨ ᠤ ᠰᠡᠬᠦᠯᠡᠷ ᠪᠠᠰᠠ ᠬᠡᠳᠦᠢ ᠣᠷᠳᠣ ᠬᠤᠭᠤᠴᠠᠭ᠎ᠠ ᠠᠮᠢᠳᠣᠷᠠᠵᠣ ᠠᠭᠰᠠᠨ ᠢ ᠬᠡᠨ ᠴᠦ ᠮᠡᠳᠡᠬᠦ | ᠦᠭᠡᠢ ᠪᠣᠯᠵᠠᠢ᠃ ᠡᠨᠡ ᠪᠦᠬᠦᠨ ᠢ ᠵᠦᠪᠬᠡᠨ ᠠᠯᠯᠠᠾ ᠲᠡᠭᠷᠢ ᠯᠠ ᠲᠣᠲᠣᠷᠬᠠᠢ ᠮᠡᠳᠡᠬᠦ ᠪᠣᠶ᠎ᠠ᠃ | ᠡᠨᠡ ᠬᠠᠭᠠᠨ ᠰᠠᠭᠤᠷᠢᠨ ᠳᠤ ᠰᠠᠭᠤᠬᠤ ᠦᠶ᠎ᠡ ᠳᠤ᠂ ᠬᠠᠮᠠᠷ ᠠᠳ᠋ᠳᠢᠨ ᠬᠠᠭᠠᠨ ᠰᠠᠭᠤᠷᠢᠨ ᠢ ᠪᠣᠯᠢᠶᠠᠨ | ᠡᠵᠡᠯᠡᠭᠰᠡᠨ ᠪᠠ ᠡᠮᠢᠷ ᠲᠡᠮᠦᠷ ᠤᠨ ᠲᠦᠷᠢᠮᠡᠬᠡᠶᠢᠯᠡᠯ ᠵᠡᠷᠭᠡ ᠠᠴᠠ ᠪᠣᠯᠵᠣ᠂ ᠣᠯᠣᠰ ᠭᠡᠷ ᠨᠣᠷᠠᠨ ᠰᠦᠢᠷᠡᠬᠦ ᠳᠤ | ᠬᠦᠷᠴᠡᠢ᠃ ᠡᠳᠦᠬᠡ ᠣᠳᠣ ᠲᠠᠬᠢᠨ ᠠᠮᠢᠯᠠᠨ ᠰᠡᠷᠭᠦᠵᠦ ᠬᠦᠭᠵᠢᠨ ᠪᠡᠬᠡᠵᠢᠵᠦ ᠡᠬᠢᠯᠡᠪᠡ᠃ ᠨᠢᠭᠡᠨᠳᠡ ᠬᠠᠶᠠᠭᠳᠠᠨ | ᠣᠷᠬᠢᠭᠳᠠᠭᠰᠠᠨ ᠬᠠᠭᠤᠴᠢᠨ ᠲᠦᠷᠢᠮ ᠪᠦᠬᠦᠨ ᠰᠡᠷᠭᠦᠵᠦ᠂ ᠬᠠᠭᠠᠨᠳᠣ ᠣᠯᠣᠰ ᠤᠨ ᠲᠦᠷᠦ ᠵᠠᠰᠠᠭ ᠢᠵᠠᠭᠤᠷᠳᠠᠨ ᠤ | ᠬᠠᠷᠢᠶᠠᠳᠣ ᠶᠣᠰᠣᠨ ᠲᠠᠬᠢᠨ ᠣᠣᠯ ᠶᠣᠰᠣᠭᠠᠷ ᠬᠡᠷᠡᠭᠵᠢᠭᠳᠡᠪᠡ᠃ ᠡᠭᠦᠨ ᠠᠴᠠ ᠭᠠᠳᠠᠨ᠎ᠠ ᠬᠦᠮᠦᠰ ᠤᠨ ᠠᠩᠬᠠᠷᠣᠯ | ᠳᠤ ᠣᠷᠣᠭᠰᠠᠨ ᠬᠡᠷᠡᠭ ᠭᠡᠪᠡᠯ ᠡᠮᠢᠷ ᠬᠤᠳᠠᠶᠢᠳᠠ ᠦᠪᠡᠷ ᠤᠨ ᠭᠠᠷ ᠲᠤ ᠪᠠᠶᠢᠭᠰᠠᠨ ᠡᠷᠬᠡ ᠮᠡᠳᠡᠯ ᠢᠶᠠᠨ ᠴᠦ ᠣᠣᠯ | ᠶᠣᠰᠣᠭᠠᠷ ᠬᠠᠭᠠᠨ ᠡᠵᠡᠨ ᠳᠤ ᠪᠣᠴᠠᠭᠠᠨ ᠦᠭᠭᠦᠪᠡ᠃ | ᠴᠢᠩᠬᠢᠰ ᠬᠠᠭᠠᠨ ᠤ ᠨᠣᠶᠠᠷᠬᠠᠯ ᠤᠨ ᠦᠶ᠎ᠡ ᠳᠤ ᠡᠮᠢᠷ ᠬᠤᠳᠠᠶᠢᠳᠠ ᠶᠢᠨ ᠲᠡᠭᠡᠳᠦᠰ ᠲᠤ ᠲᠣᠯᠣᠭᠠᠨ ᠵᠦᠢᠯ ᠤᠨ | ᠣᠨᠴᠠᠭᠠᠢ ᠡᠷᠬᠡ ︵ᠲᠦᠷᠺ ᠬᠡᠯᠡᠨ ᠳᠤ ᠮᠠᠨᠰᠠᠪ ᠭᠡᠳᠡᠭ᠃ Mansab︶ ᠣᠯᠭᠤᠵᠣ ᠪᠠᠶᠢᠭᠰᠠᠨ ᠠᠵᠠᠢ᠃ | ᠨᠢᠭᠡ᠄ ᠬᠡᠩᠬᠡᠷᠭᠡ ᠬᠡᠷᠡᠭᠯᠡᠬᠦ ᠡᠷᠬᠡ᠃ | ᠬᠤᠶᠠᠷ᠄ ᠲᠤᠭ ᠬᠡᠷᠡᠭᠯᠡᠬᠦ ᠡᠷᠬᠡ᠂ ᠲᠦᠷᠺ ᠬᠡᠯᠡᠨ ᠳᠤ ᠡᠮᠦᠨᠡᠬᠢ ᠶᠢ ᠨᠢ ᠨᠠᠺᠠᠷᠠ ︵nakara︶ ᠭᠡᠵᠦ᠂ | ᠬᠤᠶᠢᠨᠠᠬᠢ ᠶᠢ ᠨᠢ ᠲᠦᠮᠡᠨ ᠤ ᠲᠤᠭ ︵tumen tugh︶ ᠭᠡᠳᠡᠭ ᠠᠵᠠᠢ᠃ | ᠭᠤᠷᠪᠠ᠄ ᠲᠡᠭᠦᠨ ᠤ ᠬᠤᠶᠠᠷ ᠰᠢᠳᠠᠷ ᠬᠦᠮᠦᠰ ᠪᠠᠰᠠ ᠬᠤᠰᠢᠭᠤᠨ ᠲᠤᠭ ︵kushun-tugh︶ ᠬᠡᠷᠡᠭᠯᠡᠵᠦ | ᠪᠣᠯᠳᠠᠭ ᠡᠷᠬᠡ ᠲᠠᠢ᠂ ᠬᠤᠰᠢᠭᠤᠨ ᠲᠤᠭ ᠨᠢ Chapar tugh ᠲᠠᠢ ᠢᠵᠢᠯ ᠣᠳᠬ᠎ᠠ ᠲᠠᠢ ᠦᠭᠡ ᠠᠵᠠᠢ᠃ | ᠲᠦᠷᠪᠡ᠄ ᠲᠡᠷᠡ ᠦᠪᠡᠷ ᠤᠨ ᠪᠡᠶ᠎ᠡ ᠨᠢ ᠬᠠᠭᠠᠨ ᠤ ᠬᠤᠷᠠᠯᠳᠠᠢ ᠲᠡᠭᠡᠷ᠎ᠡ ᠬᠤᠷ ︵Kur︶ ᠠᠭᠰᠣᠵᠣ⑧ | ᠪᠣᠯᠳᠠᠭ ᠡᠷᠬᠡ ᠲᠠᠢ᠂ ᠬᠡᠳᠦᠶᠢᠪᠡᠷ ᠮᠣᠩᠭᠤᠯ ᠬᠦᠮᠦᠨ ᠤ ᠲᠠᠳᠬᠠᠯ ᠢᠶᠠᠷ ᠶᠠᠮᠠᠷᠪᠠ ᠬᠦᠮᠦᠨ ᠬᠠᠭᠠᠨ ᠤ ᠡᠮᠦᠨ᠎ᠡ ᠬᠤᠷ | ᠠᠭᠰᠣᠵᠣ ᠪᠣᠯᠳᠠᠭ ᠦᠭᠡᠢ ᠲᠦᠷᠢᠮ ᠲᠠᠢ ᠭᠡᠪᠡᠴᠦ ᠬᠠᠭᠠᠨ ᠦᠪᠡᠰᠦᠪᠡᠨ ᠪᠣᠯ ᠬᠤᠷ ᠢᠶᠠᠨ ᠭᠠᠷ ᠲᠠᠭᠠᠨ ᠪᠠᠷᠢᠵᠣ | ᠪᠠᠶᠢᠭ᠎ᠠ ᠦᠶ᠎ᠡ ᠳᠤ ᠡᠷᠬᠡᠳᠡᠨ ᠲᠦᠰᠢᠮᠡᠯ ᠬᠤᠷ ᠠᠭᠰᠣᠵᠣ ᠪᠣᠯᠣᠨ᠎ᠠ᠃ | ᠲᠠᠪᠤ᠄ ᠬᠠᠭᠠᠨ ᠲᠠᠢ ᠬᠠᠮᠳᠣ ᠠᠪᠠ ᠣᠷᠣᠪᠠᠯ ᠪᠠᠰᠠ ᠪᠣᠰᠣᠳ ᠲᠣᠭᠳᠠᠭᠰᠠᠨ ᠣᠨᠴᠠᠭᠠᠢ ᠡᠷᠬᠡ ᠲᠠᠢ᠃ | ᠵᠢᠷᠭᠤᠭ᠎ᠠ᠄ ᠮᠣᠩᠭᠤᠯ ᠤᠨ ᠪᠦᠬᠦ ᠡᠮᠢᠷ ᠨᠡᠷ ᠢ ᠠᠬᠠᠯᠠᠬᠤ ᠡᠷᠬᠡ ᠲᠠᠢ᠂ ᠬᠠᠭᠠᠨ ᠵᠠᠷᠯᠢᠭ ᠲᠣᠲᠣᠷ᠎ᠠ ᠲᠡᠭᠦᠨ ᠤ | ᠨᠡᠷ᠎ᠡ ᠶᠢᠨ ᠡᠮᠦᠨ᠎ᠡ ︽ᠮᠣᠩᠭᠤᠯ ᠣᠯᠣᠰ ᠤᠨ ᠰᠠᠷᠳᠠ⑩︾ ᠭᠡᠳᠡᠭ ᠴᠣᠯᠠ ᠨᠡᠮᠡᠳᠡᠭ᠃ | ᠲᠣᠯᠤᠭ᠎ᠠ᠄ ᠬᠠᠭᠠᠨ ᠤ ᠡᠮᠨᠦᠨᠡ ᠪᠣᠰᠣᠳ ᠡᠮᠢᠷ ᠤᠨ ᠰᠠᠭᠤᠳᠠᠯ ᠲᠡᠬᠦᠨ ᠤ ᠰᠠᠭᠤᠳᠠᠯ ᠠᠴᠠ ᠨᠢᠭᠡ ᠰᠣᠮᠣᠨ ᠤ | ᠬᠢᠷᠢ ᠬᠤᠯᠠ ᠵᠠᠢ ᠳᠤ ᠪᠠᠶᠢᠬᠤ ᠶᠣᠰᠣᠳᠠᠢ᠃ | ᠲᠡᠭᠡᠷᠡᠬᠢ ᠲᠣᠯᠣᠭᠠᠨ ᠵᠦᠢᠯ ᠤᠨ ᠣᠨᠴᠠ ᠡᠷᠬᠡ ᠶᠢ ᠴᠢᠩᠬᠢᠰ ᠬᠠᠭᠠᠨ ᠠᠴᠠ ᠣᠷᠳᠣᠪ ᠳᠤ ᠱᠠᠩᠨᠠᠭᠰᠠᠨ ᠶᠣᠮ᠃ | ᠡᠮᠢᠷ ᠪᠣᠷᠣᠯᠵᠢ ᠬᠢᠪᠴᠠᠭ ᠤᠨ ᠲᠠᠯ᠎ᠠ ᠨᠣᠳᠤᠭ ᠠᠴᠠ ᠲᠣᠬᠤᠯᠭ᠎ᠠ ᠲᠡᠮᠦᠷ ᠬᠠᠭᠠᠨ ᠢ ᠡᠷᠢᠨ ᠠᠪᠴᠢᠷᠠᠵᠣ ᠲᠡᠭᠦᠨ ᠢ | ᠬᠦᠷᠢᠶᠡᠯᠡᠨ ᠬᠠᠭᠠᠨ ᠰᠠᠭᠤᠷᠢᠨ ᠳᠤ ᠭᠠᠷᠭᠠᠭᠰᠠᠨ ᠤ ᠰᠡᠬᠦᠯᠡᠷ᠂ ᠲᠣᠬᠤᠯᠭ᠎ᠠ ᠲᠡᠮᠦᠷ ᠬᠠᠭᠠᠨ ᠲᠡᠭᠦᠨ ᠤ ᠭᠠᠪᠢᠶ᠎ᠠ | ᠵᠢᠳᠭᠦᠯ ᠢ ᠬᠦᠬᠢᠬᠦᠯᠬᠦ ᠶᠢᠨ ᠡᠭᠦᠳᠡᠨ ᠠᠴᠠ ᠡᠨᠡᠬᠦ ᠲᠣᠯᠣᠭᠠᠨ ᠵᠣᠷᠪᠣᠰ ᠣᠨᠴᠠᠭᠠᠢ ᠡᠷᠬᠡ ᠶᠢᠨ ᠲᠡᠭᠡᠷ᠎ᠡ ᠪᠠᠰᠠ | ᠬᠤᠶᠠᠷ ᠵᠦᠢᠯ ᠨᠡᠮᠡᠨ ᠱᠠᠩᠨᠠᠵᠠᠢ᠃ ᠡᠶᠢᠮᠦ ᠠᠴᠠ ᠡᠮᠢᠷ ᠪᠣᠷᠣᠯᠵᠢ ᠳᠤ ᠶᠢᠰᠦᠨ ᠵᠦᠢᠯ ᠤᠨ ᠣᠨᠴᠠᠭᠠᠢ ᠡᠷᠳᠡ ᠲᠠᠢ | ᠪᠣᠯᠪᠠ᠃ ᠰᠢᠨ᠎ᠡ ᠨᠡᠮᠡᠭᠰᠡᠨ ᠬᠤᠶᠠᠷ ᠵᠦᠢᠯ ᠤᠨ ᠣᠨᠴᠠᠭᠠᠢ ᠡᠷᠬᠡ ᠨᠢ ᠨᠢᠭᠡᠳᠦᠭᠡᠷ ᠲᠤ᠂ ᠲᠡᠭᠦᠨ ᠳᠤ ᠬᠠᠭᠠᠨ ᠳᠤ | ᠡᠷᠭᠦᠨ ᠠᠶᠢᠯᠠᠳᠬᠠᠬᠤ ᠦᠭᠡᠢ ᠪᠠᠷ ᠬᠤᠰᠢᠭᠤ ᠡᠮᠢᠷ ᠠᠴᠠ ᠲᠣᠷᠣᠭᠰᠢᠬᠢ ᠨᠣᠶᠠᠳ ︵ᠮᠢᠩᠭᠠᠨ ᠤ ᠨᠣᠶᠠᠳ︶ ᠢ | ᠲᠣᠮᠢᠯᠠᠨ ᠣᠭᠴᠠᠷᠠᠭᠤᠯᠬᠤ ᠡᠷᠬᠡ ᠲᠠᠢ᠂ ᠬᠤᠶᠠᠷ ᠲᠤ᠂ ᠪᠣᠷᠣᠯᠵᠢ ᠪᠠ ᠲᠡᠭᠦᠨ ᠤ ᠬᠤᠶᠢᠴᠢᠰ ᠶᠢᠰᠦᠨᠳᠡ ᠶᠠᠯ᠎ᠠ | ᠣᠯᠣᠭᠰᠠᠨ ᠴᠦ ᠡᠷᠡᠭᠦᠳᠡᠨ ᠰᠢᠭᠦᠵᠦ ᠪᠣᠯᠬᠤ ᠦᠭᠡᠢ ᠵᠢᠷᠣᠮ ᠲᠠᠢ᠃ ᠠᠷᠪᠠᠳᠣᠭᠠᠷ ᠣᠳᠠᠭ᠎ᠠ ᠶᠠᠯ᠎ᠠ ᠬᠬᠢᠭᠰᠡᠨ ᠪᠣᠯ | ᠰᠢᠭᠦᠨ ᠠᠰᠠᠭᠤᠬᠤ ᠲᠠᠭᠠᠨ ᠲᠣᠣᠷᠠᠬᠢ ᠮᠡᠳᠦ ᠵᠢᠷᠣᠮ ᠢᠶᠠᠷ ᠰᠢᠭᠦᠬᠦ ᠪᠣᠯᠣᠨ᠎ᠠ᠃ ᠲᠠᠷᠣᠢ᠂ ᠶᠠᠯᠠᠳᠠᠨ ᠢᠶᠠᠨ ᠬᠤᠶᠠᠷ | ᠨᠠᠰᠣᠳᠡᠢ ︵ᠲᠠᠭ᠎ᠠ︶ ᠴᠠᠭᠠᠨ ᠮᠣᠷᠢᠨ ᠳᠤ ᠣᠨᠣᠭᠤᠯᠵᠣ᠂ ᠮᠣᠷᠢᠨ ᠤ ᠲᠣᠭᠤᠷᠠᠢ ᠲᠣᠣᠷ᠎ᠠ ᠶᠢᠰᠦᠨ ᠲᠠᠪᠬᠤᠷ ᠴᠠᠭᠠᠨ | ᠢᠰᠡᠭᠡᠢ ᠲᠡᠪᠢᠰᠦᠨ᠂ ᠶᠠᠯᠠᠳᠠᠨ ᠲᠠᠭᠠᠨ ᠬᠦᠨᠳᠦᠳᠭᠡᠯ ᠦᠵᠡᠬᠦᠯᠦᠨ᠂ ᠬᠠᠭᠠᠨ ᠨᠢ ᠦᠨᠳᠦᠷ ᠰᠠᠭᠤᠳᠠᠯ ᠠᠴᠠ ᠲᠡᠭᠦᠨ | ᠢ ᠰᠢᠬᠦᠨ ᠠᠰᠠᠭᠤᠨ᠎ᠠ᠃ ᠬᠡᠷᠪᠡ ᠰᠢᠬᠦᠨ ᠠᠰᠠᠭᠤᠵᠣ ᠪᠠᠷᠠᠭᠠᠳ ᠶᠠᠯᠠᠳᠠᠨ ᠦᠨᠡᠬᠡᠷ ᠦᠬᠦᠬᠦ ᠶᠠᠯ᠎ᠠ ᠲᠠᠢ ᠮᠦᠷᠳᠡᠭᠡᠨ | ᠡᠮᠦᠨᠡᠬᠢ ᠶᠢᠰᠦᠨ ᠣᠳᠠᠭᠠᠨ ᠤ ᠠᠯᠳᠠᠯ ᠨᠢ ᠪᠦᠷ ᠭᠡᠷᠡᠴᠢᠯᠡᠭᠳᠡᠭᠰᠡᠨ ᠪᠠᠶᠢᠪᠠᠯ᠂ ᠬᠤᠶᠠᠷ ᠡᠮᠢᠷ ᠲᠣᠮᠢᠯᠠᠨ ᠬᠢᠨᠠᠭᠤᠯᠵᠣ | ᠪᠠᠶᠢᠭᠠᠳ ᠶᠠᠯᠠᠳᠠᠨ ᠤ ᠪᠠᠨ ᠴᠢᠰᠦᠨ ᠰᠣᠳᠠᠰᠣ ᠶᠢ ᠬᠠᠭᠠᠯᠠᠵᠣ᠂ ᠪᠦᠬᠦ ᠪᠡᠶ᠎ᠡ ᠶᠢᠨ ᠴᠢᠰᠦ ᠶᠢ ᠨᠢ ᠣᠷᠣᠰᠬᠠᠨ | ᠭᠠᠷᠭᠠᠵᠣ ᠪᠠᠶᠢᠮᠠᠨ ᠦᠬᠦᠭᠦᠯᠦᠨ᠎ᠡ᠃ ᠶᠠᠯᠠᠳᠠᠨ ᠦᠬᠦᠭᠰᠡᠨ ᠤ ᠰᠡᠭᠦᠯᠡᠷ ᠬᠤᠶᠠᠷ ᠡᠮᠢᠷ ᠨᠢ ᠦᠨᠳᠦᠷ ᠲᠠᠭᠤ ᠪᠠᠷ | ᠣᠬᠢᠯᠠᠬᠤ ᠣᠷᠣᠰᠢᠭᠤᠯᠭ᠎ᠠ ᠶᠢᠨ ᠶᠣᠰᠣᠯᠠᠯ ᠲᠣᠮᠳᠠ ᠲᠡᠭᠦᠨ ᠤ ᠬᠡᠬᠦᠷ ᠢ ᠰᠠᠶ᠋ᠢ ᠰᠢᠯᠵᠢᠬᠦᠯᠦᠨ ᠣᠷᠣᠰᠢᠭᠤᠯᠣᠨᠠ⑾ | ᠃ | ᠡᠨᠡ ᠶᠢᠰᠦᠨ ᠵᠦᠢᠯ ᠤᠨ ᠣᠨᠴᠠᠭᠠᠢ ᠡᠷᠬᠡ ᠶᠢ ᠲᠣᠬᠤᠯᠭ᠎ᠠ ᠲᠡᠮᠦᠷ ᠬᠠᠭᠠᠨ ᠤ ᠬᠠᠰ ᠲᠠᠮᠠᠭ᠎ᠠ ᠶᠢ ᠲᠠᠷᠣᠭᠰᠠᠨ | ᠵᠠᠷᠯᠢᠭ ᠪᠢᠴᠢᠭ ᠲᠤ ᠲᠡᠮᠳᠡᠭᠯᠡᠵᠦ ᠪᠠᠶᠢᠨ᠎ᠠ᠃ ᠪᠢ ᠨᠢᠭᠡ ᠣᠳᠠᠭ᠎ᠠ ᠦᠪᠡᠷ ᠤᠨ ᠨᠢᠳᠣ ᠪᠠᠷ ᠲᠡᠭᠦᠨ ᠢ ᠣᠯᠵᠣ | ᠦᠵᠡᠭᠰᠡᠨ ᠶᠣᠮ᠃ ᠣᠴᠢᠷ ᠨᠢ ᠲᠡᠭᠦᠨ ᠢ ᠮᠢᠨᠦ ᠭᠡᠷ ᠲᠦᠷᠦᠯ ᠲᠣᠲᠣᠷ᠎ᠠ ᠣᠯᠠᠮᠵᠢᠯᠠᠨ ᠬᠠᠳᠠᠭᠠᠯᠣᠵᠣ ᠪᠠᠶᠢᠪᠠ᠃ | ᠡᠴᠦᠰ ᠲᠡᠭᠡᠨ ᠮᠢᠨᠦ ᠡᠴᠢᠭᠡ ︵ᠠᠯᠯᠠᠾ ᠲᠡᠭᠦᠨ ᠳᠤ ᠠᠮᠣᠷ ᠲᠦᠪᠰᠢᠨ ᠬᠠᠶᠢᠷᠠᠯᠠᠬᠤ ᠪᠣᠯᠳᠣᠭᠠᠢ︶ ᠳᠤ | ᠣᠯᠠᠮᠵᠢᠯᠠᠭᠳᠠᠨ ᠢᠷᠡᠭᠰᠡᠨ ᠪᠣᠯᠪᠠᠴᠣ᠂ ᠰᠢᠪᠠᠨᠢ ᠬᠠᠭᠠᠨ ᠤ ᠰᠠᠮᠠᠭᠤᠷᠠᠯ ᠤᠨ ᠦᠶ᠎ᠡ ᠳᠤ ᠡᠪᠳᠡᠭᠰᠡᠨ ᠪᠣᠶᠣ | ᠠᠯᠳᠠᠭᠳᠠᠪᠠ᠃ ᠡᠨᠡᠬᠦ ᠵᠠᠷᠯᠢᠭ ᠪᠢᠴᠢᠭ ᠢ ᠮᠣᠩᠭᠤᠯ ᠦᠰᠦᠭ ᠢᠶᠠᠷ ᠪᠢᠴᠢᠭᠰᠡᠨ ᠪᠦᠭᠡᠳ ᠣᠨ ᠵᠢᠯ ᠢ ᠨᠢ ᠭᠠᠭ᠋ᠠᠢ ᠵᠢᠯ | ᠂ ᠺᠦᠨᠳᠦᠱ ᠲᠤ ᠪᠢᠴᠢᠪᠡᠢ⑿ ᠬᠡᠮᠡᠨ ᠪᠢᠴᠢᠵᠣ ᠠᠮᠣᠢ᠃ ᠡᠨᠡᠬᠦ ᠪᠢᠴᠢᠭ ᠴᠦ ᠲᠣᠬᠤᠯᠭ᠎ᠠ ᠲᠡᠮᠦᠷ ᠬᠠᠭᠠᠨ ᠤ | ᠨᠣᠶᠠᠷᠬᠠᠯ ᠤᠨ ᠲᠣᠲᠣᠷ᠎ᠠ ᠺᠦᠨᠳᠦᠱ ᠴᠦ ᠪᠠᠭᠳᠠᠵᠣ ᠪᠠᠶᠢᠭᠰᠠᠨ ᠢ ᠬᠠᠷᠠᠭᠤᠯᠵᠣ ᠪᠠᠶᠢᠨ᠎ᠠ᠃ ᠬᠠᠷᠠᠮᠰᠠᠯ ᠲᠠᠢ ᠨᠢ | ᠡᠳᠦᠬᠡ ᠠᠮᠢᠳᠣ ᠰᠡᠷᠡᠭᠦᠨ ᠪᠠᠶᠢᠭ᠎ᠠ ᠮᠣᠩᠭᠤᠯᠴᠣᠳ ᠳᠣᠳᠣᠷ᠎ᠠ ᠡᠨᠡᠬᠦ ᠬᠠᠭᠠᠨ ᠤ ᠰᠠᠭᠤᠷᠢᠨ ᠳᠤ ᠪᠠᠶᠢᠭᠰᠠᠨ | ᠲᠣᠲᠣᠷᠠᠬᠠᠢ ᠬᠡᠷᠡᠭ ᠣᠴᠢᠷ ᠢ ᠮᠡᠳᠡᠬᠦ ᠬᠦᠮᠦᠨ ᠴᠦ ᠨᠢᠭᠡᠨᠳᠡ ᠦᠭᠡᠢ ᠪᠣᠯᠵᠠᠢ᠃ ᠡᠶᠢᠮᠦ ᠠᠴᠠ ᠪᠢ ︽ᠲᠡᠮᠦᠷ ᠤᠨ | ᠲᠠᠶᠢᠨ ᠤ ᠭᠠᠪᠢᠶ᠎ᠠ ᠶᠢᠨ ᠲᠡᠮᠳᠡᠭᠯᠡᠯ︾ ᠲᠠᠬᠢ ᠠᠭᠤᠯᠭ᠎ᠠ ᠶᠢ ᠲᠣᠰ ᠨᠣᠮ ᠳᠠᠭᠠᠨ ᠬᠠᠭᠤᠯᠣᠨ ᠣᠷᠣᠭᠤᠯᠵᠣ ᠪᠠᠶᠢᠨ᠎ᠠ᠃ | | ᠾᠢᠳᠢᠷ ᠬᠤᠵᠠ ᠬᠠᠭᠠᠨ ᠡᠮᠢᠷ ᠪᠣᠷᠣᠯᠵᠢ ᠶᠢᠨ ᠬᠦᠪᠡᠭᠦᠨ ᠬᠤᠳᠠᠶᠢᠳᠠ ᠶᠢᠨ ᠬᠠᠪᠰᠣᠷᠣᠯᠭ᠎ᠠ ᠪᠠᠷ ᠬᠠᠮᠠᠷ | ᠠᠳ᠋ᠳᠢᠨ ᠤ ᠪᠠᠷᠰ ᠤᠨ ᠠᠮᠠᠨ ᠠᠴᠠ ᠮᠣᠯᠳᠣᠷᠢᠨ ᠭᠠᠷᠴᠣ᠂ ᠬᠤᠵᠢᠮ ᠬᠠᠭᠠᠨ ᠰᠠᠭᠤᠷᠢᠨ ᠢᠶᠠᠨ ᠡᠵᠡᠯᠡᠭᠰᠡᠨ ᠪᠣᠯᠬᠤᠷ | ᠲᠡᠭᠦᠨ ᠳᠤ ᠲᠠᠬᠢᠨ ᠪᠠᠰᠠ ᠭᠤᠷᠪᠠᠨ ᠵᠦᠢᠯ ᠤᠨ ᠣᠨᠴᠠᠭᠠᠢ ᠡᠷᠬᠡ ᠨᠡᠮᠡᠨ ᠣᠯᠭᠤᠵᠠᠢ᠃ ᠡᠶᠢᠮᠦ ᠠᠴᠠ ᠡᠮᠢᠷ | ᠪᠣᠷᠣᠯᠵᠢ ᠳᠤ ᠨᠡᠶᠢᠳᠡ ᠠᠷᠪᠠᠨ ᠬᠤᠶᠠᠷ ᠵᠦᠢᠯ ᠤᠨ ᠣᠨᠴᠠᠭᠠᠢ ᠡᠷᠬᠡ ᠲᠠᠢ ᠶᠣᠮ ᠲᠡᠭᠦᠨ ᠤ ᠠᠭᠤᠯᠭ᠎ᠠ ᠨᠢ | ᠲᠣᠣᠷᠠᠬᠢ ᠮᠡᠳᠦ᠂ ᠠᠷᠪᠠ᠄ ᠬᠤᠷᠢᠮ ᠨᠠᠶᠢᠷ ᠲᠡᠭᠡᠷ᠎ᠡ ᠬᠠᠭᠠᠨ ᠤ ᠵᠠᠰᠠᠭᠤᠯ ᠵᠢᠱᠢᠶᠡᠯᠡᠵᠦ ᠪᠠᠶᠢᠭ᠎ᠠ ᠦᠶ᠎ᠡ ᠳᠤ ᠡᠮᠢᠷ | ᠬᠤᠳᠠᠶᠢᠳᠠ ᠦᠪᠡᠷ ᠤᠨ ᠬᠤᠶᠠᠷ ᠲᠠᠭᠠᠯᠳᠠ ᠪᠠᠨ ᠲᠣᠮᠢᠯᠠᠨ ᠵᠢᠱᠢᠶᠡᠨ ᠳᠤ ᠣᠷᠣᠯᠴᠠᠭᠤᠯᠵᠣ᠂ ᠨᠢᠭᠡ ᠨᠢ ᠪᠠᠷᠠᠭᠤᠨ | ᠭᠠᠷ ᠲᠠᠯ᠎ᠠ ᠳᠤ ᠵᠣᠭᠰᠣᠨ᠂ ᠬᠠᠭᠠᠨ ᠳᠤ ᠬᠤᠨᠳᠠᠭ᠎ᠠ ᠬᠡᠮᠨᠡᠨ᠎ᠡ᠃ ᠨᠦᠬᠦᠭᠡ ᠨᠢᠭᠡ ᠨᠢ ᠵᠡᠭᠦᠨ ᠭᠠᠷ ᠲᠠᠯ᠎ᠠ ᠳᠤ | ᠵᠣᠭᠰᠣᠨ ᠲᠣᠰᠬᠠᠶᠢᠯᠠᠨ ᠡᠮᠢᠷ ᠬᠤᠳᠠᠶᠢᠳᠠ ᠳᠤ ᠬᠤᠨᠳᠠᠭ᠎ᠠ ᠬᠡᠮᠨᠡᠳᠡᠭ ᠠᠵᠠᠢ᠃ ᠠᠷᠪᠠ ᠨᠢᠭᠡ᠄ ᠠᠯᠢᠪᠠ ᠵᠠᠷᠯᠢᠭ | ᠪᠢᠴᠢᠭ ᠲᠤ ᠪᠦᠷ ᠡᠮᠢᠷ ᠬᠤᠳᠠᠶᠢᠳᠠ ᠶᠢᠨ ᠲᠠᠮᠠᠭ᠎ᠠ ᠶᠢ ᠲᠠᠷᠣᠬᠤ ᠶᠣᠰᠣᠳᠠᠢ᠃ ᠬᠡᠯᠡᠯᠭᠡᠨ ᠦᠭᠡᠢ ᠪᠦᠷ ᠬᠠᠭᠠᠨ | ᠲᠠᠮᠠᠭ᠎ᠠ ᠶᠢᠨ ᠲᠠᠷᠠᠭ᠎ᠠ ᠲᠠᠷᠣᠬᠤ ᠶᠣᠮ᠃ ᠠᠷᠪᠠᠨ ᠬᠤᠶᠠᠳᠣᠭᠠᠷ ᠵᠣᠷᠪᠣᠰ ᠣᠨᠴᠠᠭᠠᠢ ᠡᠷᠬᠡ ᠶᠢᠨ ᠪᠣᠳᠠᠳᠣ ᠠᠭᠤᠯᠭ᠎ᠠ | ᠶᠢ ᠶᠠᠮᠠᠷᠪᠠ ᠪᠢᠴᠢᠭ ᠬᠠᠷ᠎ᠠ ᠳᠤ ᠪᠦᠷ ᠪᠢᠴᠢᠵᠦ ᠲᠡᠮᠳᠡᠭᠯᠡᠭᠰᠡᠨ ᠦᠭᠡᠢ ᠶᠣᠮ᠃ | ᠡᠨᠡ ᠪᠣᠯ ᠲᠠᠷᠣᠢ ᠡᠮᠢᠷ ᠬᠤᠳᠠᠶᠢᠳᠠ ᠳᠤ ᠣᠯᠭᠤᠭᠰᠠᠨ ᠵᠠᠷᠯᠢᠭ ᠪᠢᠴᠢᠭ ᠲᠤ ᠲᠡᠮᠳᠡᠭᠯᠡᠵᠦ ᠪᠠᠶᠢᠭ᠎ᠠ ᠠᠷᠪᠠᠨ | ᠬᠤᠶᠠᠷ ᠵᠦᠢᠯ ᠤᠨ ᠣᠨᠴᠠᠭᠠᠢ ᠡᠷᠬᠡ ᠮᠡᠳᠡᠯ ᠪᠣᠯᠣᠨ᠎ᠠ᠃ ᠡᠮᠢᠷ ᠬᠤᠳᠠᠶᠢᠳᠠ ᠨᠠᠰᠣ ᠪᠠᠷᠠᠭᠰᠠᠨ ᠤ ᠲᠠᠷᠠᠭ᠎ᠠ ᠡᠨᠡᠬᠦ | ᠵᠠᠷᠯᠢᠭ ᠪᠢᠴᠢᠭ ᠢ ᠲᠡᠭᠦᠨ ᠤ ᠬᠦᠪᠡᠭᠦᠨ ᠡᠮᠢᠷ · ᠮᠠᠬᠠᠮᠠᠳ᠋ · ᠱᠠᠾ · ᠬᠦᠷᠭᠡᠨ⒀ ᠳᠤ ᠣᠯᠠᠮᠵᠢᠯᠠᠭᠳᠠᠨ ᠢᠷᠡᠵᠡᠢ᠃ | ᠮᠠᠬᠠᠮᠠᠳ᠋ · ᠱᠠᠾ ᠨᠠᠰᠣ ᠪᠠᠷᠠᠭᠰᠠᠨ ᠳᠤ ᠲᠠᠬᠢᠨ ᠲᠡᠭᠦᠨ ᠤ ᠬᠦᠪᠡᠭᠦᠨ ᠰᠠᠶ᠋ᠢᠳ᠋ · ᠠᠯᠢ · ᠬᠦᠷᠭᠡᠨ ᠳᠤ | ᠣᠯᠠᠮᠵᠢᠯᠠᠭᠳᠠᠨ ᠢᠷᠡᠪᠡ᠃ ᠲᠡᠭᠦᠨ ᠢ ᠨᠠᠰᠣ ᠪᠠᠷᠠᠭᠰᠠᠨ ᠤ ᠲᠠᠷᠠᠭ᠎ᠠ ᠲᠠᠬᠢᠨ ᠲᠡᠭᠦᠨ ᠤ ᠬᠦᠪᠡᠭᠦᠨ ᠮᠠᠬᠠᠮᠠᠳ᠋ · | ᠬᠠᠶᠢᠳᠠᠷ · ᠮᠢᠷᠽᠠ · ᠬᠦᠷᠭᠡᠨ ᠳᠤ ᠣᠯᠠᠮᠵᠢᠯᠠᠭᠳᠠᠨ ᠢᠷᠡᠵᠡᠢ᠃ ᠲᠡᠭᠦᠨ ᠢ ᠨᠠᠰᠣ ᠪᠠᠷᠠᠭᠰᠠᠨ ᠤ ᠲᠠᠷᠠᠭ᠎ᠠ ᠲᠠᠬᠢᠨ | ᠲᠡᠭᠦᠨ ᠤ ᠬᠦᠪᠡᠭᠦᠨ ᠮᠠᠬᠠᠮᠠᠳ᠋ · ᠬᠤᠰᠢᠨ · ᠮᠢᠷᠽᠠ · ᠬᠦᠷᠭᠡᠨ ᠳᠤ ᠣᠯᠠᠮᠵᠢᠯᠠᠭᠳᠠᠨ ᠢᠷᠡᠪᠡ᠃ ᠮᠠᠬᠠᠮᠠᠳ᠋ · | ᠬᠤᠰᠢᠨ · ᠮᠢᠷᠽᠠ · ᠬᠦᠷᠭᠡᠨ ᠪᠣᠯ ᠲᠣᠰ ᠨᠣᠮ ᠤᠨ ᠵᠣᠬᠢᠶᠠᠭᠴᠢ ᠪᠣᠯᠬᠤ ᠮᠢᠷᠽᠠ · ᠬᠠᠶᠢᠳᠠᠷ ᠮᠢᠨᠦ ᠡᠴᠢᠭᠡ ᠶᠣᠮ᠃ | | ᠮᠢᠨᠦ ᠡᠴᠢᠭᠡ ᠳᠤ ᠵᠣᠪᠠᠯᠠᠩ ᠲᠣᠬᠢᠶᠠᠭᠰᠠᠨ ᠤ ᠰᠡᠬᠦᠯᠡᠷ᠂ ᠮᠢᠨᠦ ᠠᠪᠠᠭ᠎ᠠ ᠰᠠᠶ᠋ᠢᠳ᠋ · ᠮᠠᠬᠠᠮᠠᠳ᠋ · ᠮᠢᠷᠽᠠ ᠱᠠᠰᠢᠨ | ᠤ ᠬᠠᠮᠠᠭᠠᠯᠠᠭᠴᠢ ᠡᠵᠡᠨ ᠰᠣᠯᠲ᠋ᠠᠨ · ᠰᠠᠶ᠋ᠢᠳ᠋ ᠬᠠᠭᠠᠨ ᠢ ᠳᠦᠰᠢᠪᠡ᠃ ᠡᠨᠡ ᠱᠠᠰᠢᠨ ᠤ ᠬᠠᠮᠠᠭᠠᠯᠠᠭᠴᠢ ᠬᠠᠭᠠᠨ ᠠᠴᠠ | ᠪᠣᠢ ᠪᠦᠬᠦᠢ ᠡᠳᠡᠭᠡᠷ ᠣᠨᠴᠠᠭᠠᠢ ᠡᠷᠬᠡ ᠶᠢ ᠪᠦᠷ ᠮᠢᠨᠦ ᠠᠪᠠᠭ᠎ᠠ ᠳᠤ ᠰᠢᠯᠵᠢᠬᠦᠯᠦᠨ ᠬᠦᠷᠳᠡᠭᠡᠭᠰᠡᠨ ᠶᠣᠮ᠃ ᠡᠳᠡᠭᠡᠷ | ᠬᠡᠷᠡᠭ ᠤᠨ ᠲᠣᠬᠠᠢ ᠲᠣᠲᠣᠷᠬᠠᠢ ᠠᠭᠤᠯᠭ᠎ᠠ ᠶᠢ ᠲᠣᠰ ᠨᠣᠮ ᠤᠨ ᠬᠤᠶᠠᠳᠣᠭᠠᠷ ᠪᠣᠳᠢ ᠳᠤ ᠨᠢᠭᠡᠨᠳᠡ ᠲᠣᠲᠣᠷᠬᠠᠶᠢᠯᠠᠨ | ᠦᠬᠦᠯᠡᠵᠡᠢ᠃ ᠡᠳᠡᠭᠡᠷ ᠣᠨᠴᠠᠭᠠᠢ ᠡᠷᠬᠡ ︵ᠬᠠᠮᠤᠭ ᠠᠩᠬᠠᠨ ᠤ ᠲᠣᠯᠣᠭᠠᠨ ᠵᠦᠢᠯ ᠤᠨ ᠣᠨᠴᠠᠭᠠᠢ ᠡᠷᠬᠡ ᠶᠢ | ᠵᠢᠭᠠᠵᠣ ᠪᠠᠶᠢᠨ᠎ᠠ︶ ᠾᠢᠵᠢᠷ ᠲᠣᠭᠠᠯᠠᠯ ᠤᠨ 625 ᠣᠨ᠂ ᠲᠠᠷᠣᠢ ᠴᠢᠩᠬᠢᠰ ᠬᠠᠭᠠᠨ ᠴᠠᠭ ᠦᠶ᠎ᠡ ᠠᠴᠠ ᠡᠬᠢᠯᠡᠭᠡᠳ | ᠂ ᠡᠳᠦᠬᠡ ᠶᠢᠨ ᠾᠢᠵᠢᠷ ᠲᠣᠭᠠᠯᠠᠯ ᠤᠨ 940 ᠣᠨ ᠤ ᠮᠦᠾᠷᠠᠮ ᠰᠠᠷ᠎ᠠ ᠶᠢᠨ ᠰᠢᠨ᠎ᠡ ᠶᠢᠨ ᠨᠢᠭᠡᠨ ᠪᠣᠯᠵᠣ᠂ | ᠰᠠᠶ᠋ᠢᠳ᠋ ᠬᠠᠭᠠᠨ ᠨᠠᠰᠣ ᠪᠠᠷᠠᠭᠰᠠᠨ ᠤ ᠲᠠᠷᠠᠭ᠎ᠠ ᠷᠠᠰᠢᠳ᠋ ᠬᠠᠭᠠᠨ ᠬᠠᠭᠠᠨ ᠰᠠᠭᠤᠷᠢᠨ ᠢ ᠵᠠᠯᠭᠠᠮᠵᠢᠯᠠᠨ᠂ ᠮᠢᠨᠦ ᠠᠪᠠᠭ᠎ᠠ | ᠶᠢ ᠠᠯᠠᠬᠤ ᠦᠶ᠎ᠡ ᠪᠣᠯᠳᠠᠯ᠎ᠠ ᠬᠦᠴᠦᠨ ᠲᠠᠢ ᠪᠠᠶᠢᠭᠰᠠᠨ ᠶᠣᠮ᠃ ᠡᠨᠡ ᠶᠡᠭᠡ ᠵᠣᠪᠠᠯᠠᠩ ᠡᠭᠦᠰᠦᠭᠡᠳ᠂ ᠰᠣᠯᠲ᠋ᠠᠨ · | ᠷᠠᠰᠢᠳ᠋ ᠬᠠᠭᠠᠨ᠂ ᠬᠠᠭᠠᠨ ᠰᠠᠭᠤᠷᠢᠨ ᠳᠤ ᠭᠠᠷᠣᠭᠰᠠᠨ ᠠᠴᠠ ᠮᠢᠨᠦ ᠲᠡᠭᠡᠳᠦ ᠶᠢᠨ ᠬᠠᠭᠤᠴᠢᠨ ᠵᠢᠷᠣᠮ ᠲᠣᠭᠳᠠᠭᠠᠯ | ᠪᠦᠷ ᠡᠪᠳᠡᠭᠳᠡᠨ ᠣᠰᠠᠳᠣᠵᠠᠢ᠃ | ᠠᠯᠢᠪᠠ ᠶᠢ ᠡᠭᠦᠳᠦᠭᠴᠢ ᠦᠷᠦᠰᠢᠶᠡᠯᠳᠣ ᠠᠯᠯᠠᠾ ᠳᠤ ᠲᠠᠯᠠᠷᠬᠠᠮᠣ︕ ᠨᠠᠳᠠ ᠶᠢ ᠡᠨᠡ ᠶᠢᠷᠲᠢᠨᠴᠦ ᠳᠤ ᠢᠷᠡᠬᠦ | ᠦᠶᠡᠰ ᠲᠡᠷᠡ ᠨᠠᠳᠠ ᠶᠢ ᠨᠢᠭᠡᠨ ᠮᠣᠩᠭᠤᠯ ᠬᠠᠭᠠᠳ ᠢ ᠳᠦᠰᠢᠬᠦ ᠦᠭᠡᠢ ᠡᠷᠬᠡ ᠴᠢᠯᠦᠭᠡᠳᠦ ᠬᠦᠮᠦᠨ ᠪᠣᠯᠭᠠᠪᠠ᠃ | ᠲᠡᠭᠦᠨ ᠤ ᠨᠠᠳᠠ ᠬᠦᠷᠳᠡᠭᠡᠭᠰᠡᠨ ︽ᠣᠨᠴᠠᠭᠠᠢ ᠡᠷᠬᠡ︾ ᠭᠡᠪᠡᠯ ᠡᠨᠡ ᠨᠠᠰᠣᠨ ᠳᠠᠭᠠᠨ ᠡᠵᠡᠨ ᠤ ᠬᠠᠶᠢᠷ᠎ᠠ ᠳᠤ | ᠬᠦᠷᠳᠡᠨ᠂ ᠡᠷᠬᠢᠬᠦ ᠲᠦᠷᠦᠯ ᠳᠡᠭᠡᠨ ᠦᠷᠦᠰᠢᠶᠡᠯᠳᠦ ᠲᠠᠯᠠᠢ ᠶᠢᠨ ᠨᠢᠭᠡ ᠲᠣᠰᠣᠯ ᠣᠰᠣ ᠪᠣᠯᠭᠠᠪᠠ᠃ ᠠᠯᠯᠠᠾ ᠲᠡᠭᠷᠢ | ᠶᠢ ᠬᠦᠰᠡᠬᠦ ᠨᠢ᠂ ᠮᠢᠨᠦ ᠪᠡᠶ᠎ᠡ ᠴᠣᠭᠴᠠ ᠶᠢ ᠡᠷᠬᠡ ᠴᠢᠯᠦᠭᠡ ᠲᠠᠢ ᠪᠣᠯᠭᠠᠭᠰᠠᠨ ᠠᠳᠠᠯᠢ ᠪᠠᠷ᠂ ᠮᠢᠨᠦ ᠰᠡᠳᠬᠢᠯ | ᠵᠢᠷᠦᠬᠡ ᠶᠢ ᠡᠷᠬᠡ ᠴᠢᠯᠦᠭᠡ ᠲᠠᠢ ᠪᠣᠶᠠᠨ ᠵᠢᠷᠭᠠᠯ ᠡᠳ᠋ᠯᠡᠬᠦ ᠪᠣᠯᠭᠠᠬᠤ ᠠᠵᠢᠶᠠᠮᠣ᠃ | ᠰᠢᠯᠦᠭ ᠲᠤ ᠦᠬᠦᠯᠡᠭᠰᠡᠨ ᠠᠨᠣ | ᠶᠢᠷᠲᠢᠨᠴᠦ ᠶᠢᠨ ᠬᠦᠮᠦᠨ ᠪᠦᠷ ᠭᠤᠮᠣᠳᠠᠯ ᠦᠯᠡᠭᠦᠳᠡᠢ᠂ | ᠶᠠᠲᠠᠷᠠᠭᠰᠠᠨ ᠪᠢ ᠴᠦ ᠣᠯᠠᠨ ᠠᠴᠠ ᠪᠠᠨ ᠦᠨᠦᠴᠢᠷᠡᠵᠡᠢ᠃ | ᠣᠯᠠᠭᠠᠨ ᠲᠣᠭᠤᠰᠣᠨᠠ ᠲᠡᠷᠪᠡᠬᠦ ᠰᠡᠳᠬᠢᠯ ᠠᠷᠢᠯᠣᠭᠠᠳ᠂ | ᠦᠯᠡᠳᠡᠭᠰᠡᠨ ᠴᠠᠭ ᠢᠶᠠᠷ ᠦᠨᠡᠨ ᠰᠡᠳᠬᠢᠯ ᠢ ᠢᠯᠡᠷᠡᠬᠦᠯᠰᠦᠭᠡᠢ᠃ | ᠠᠶ᠎ᠠ ᠬᠤᠬᠤᠢ︕ᠶᠠᠭᠤᠨ ᠢᠯᠡᠭᠦᠴᠡ ᠦᠭᠦᠯᠡᠬᠦ ᠪᠣᠢ᠂ | ᠠᠯᠯᠠᠾ ᠲᠡᠭᠷᠢ ᠯᠠ ᠴᠣᠷᠢ ᠶᠢᠨ ᠭᠠᠭᠴᠠ ᠠᠪᠣᠷᠠᠯ︕ | ᠲᠣᠰ ᠪᠦᠯᠦᠭ ᠤᠨ ᠲᠠᠶᠢᠯᠪᠣᠷᠢ | ① ᠡᠨᠡᠬᠦ ᠬᠦᠬᠡᠯᠳᠠᠱ ᠭᠡᠳᠡᠭ ᠨᠡᠷ᠎ᠡ ᠦᠭᠡ ᠶᠢ ᠫᠧᠷᠰ ᠬᠡᠯᠡᠨ ᠳᠤ Kukiltash ᠭᠡᠬᠦ ᠪᠣᠶᠣ ᠡᠰᠡᠬᠦᠯ᠎ᠡ | ᠪᠠᠰᠠdashGukildash ᠭᠡᠳᠡᠭ ᠪᠠᠶᠢᠨ᠎ᠠ᠃ ᠭᠡᠳᠡᠯ᠎ᠡ ᠲᠦᠷᠺ ᠬᠡᠯᠡᠨ ᠳᠤ ᠬᠠᠷᠢᠨ Bukuldash ᠭᠡᠳᠡᠭ | ᠠᠵᠠᠢ᠃ ᠲᠡᠭᠦᠨ ᠤ ᠣᠳᠬ᠎ᠠ ᠨᠢ ᠠᠬ᠎ᠠ ᠲᠡᠭᠦᠥ ᠶᠢᠨ ᠬᠤᠯᠪᠣᠭ᠎ᠠ ᠭᠡᠬᠦ ᠪᠣᠶᠣ ᠲᠦᠷᠦᠭᠰᠡᠨ ᠠᠬ᠎ᠠ ᠲᠡᠭᠦᠥ ᠨᠡᠷ | ᠭᠡᠳᠡᠭ ᠣᠳᠬ᠎ᠠ ᠲᠠᠢ ᠦᠭᠡ ᠠᠵᠠᠢ᠃ ᠡᠶᠢᠮᠦ ᠠᠴᠠ ᠬᠤᠶᠢᠨᠠᠬᠢ ᠠᠪᠢᠶᠠᠯᠯᠠᠭ᠎ᠠ ᠨᠢ ᠵᠦᠪ ᠪᠠᠶᠢᠨ᠎ᠠ᠃ | ② ᠰᠢᠷ᠎ᠠ ᠣᠶᠢᠭᠤᠷ ᠤᠨ ᠣᠯᠣᠰ᠂ ᠨᠣᠳᠤᠭ ᠨᠢ ᠢᠥᠢ ᠲᠢᠶᠠᠨ ᠪᠠ ᠵᠣᠷᠵᠠᠨ ᠤ ᠬᠤᠭᠤᠷᠣᠨᠳᠣ ᠪᠠᠶᠢᠨ᠎ᠠ᠃ ᠮᠢᠩ | ᠣᠯᠣᠰ ᠤᠨ ᠲᠡᠣᠬᠡᠨ ᠳᠤ ᠲᠡᠮᠳᠡᠭᠯᠡᠭᠰᠡᠨ ᠢᠶᠠᠷ ᠲᠡᠭᠦᠨ ᠤ ᠨᠣᠳᠤᠭ ᠮᠢᠩᠭᠠᠨ ᠭᠠᠵᠠᠷ ᠠᠭᠤᠳᠠᠮ ᠪᠠᠶᠢᠵᠣ᠂ ᠭᠠᠨᠰᠣ | ᠬᠦᠷᠳᠡᠯ᠎ᠡ ᠮᠢᠩᠭ᠎ᠠ ᠲᠠᠪᠣᠨ ᠵᠠᠭᠤᠨ ᠭᠠᠵᠠᠷ ᠠᠮᠣᠢ᠂ ᠵᠡᠭᠦᠨᠰᠢ ᠬᠠᠨ ᠳ᠋ᠦᠩ ᠳᠤ ᠲᠣᠯᠵᠣ᠂ ᠪᠠᠷᠠᠭᠤᠨᠰᠢ ᠲᠡᠭᠷᠢ | ᠠᠭᠤᠯᠠᠨ ᠳᠤ ᠬᠦᠷᠴᠦ᠂ ᠣᠮᠠᠷᠠᠰᠢ ᠱᠠ ᠵᠸᠥ ᠬᠦᠷᠳᠡᠭ᠂ ᠡᠮᠦᠨ᠎ᠡ ᠬᠢᠯᠢ ᠨᠢ ᠲᠦᠪᠡᠳ ᠬᠦᠷᠦᠨ᠎ᠡ᠃ ᠣᠷᠳᠣᠳᠠ | ᠰᠠᠭᠤᠬᠤ ᠭᠡᠷ ᠪᠠᠷᠢᠯᠭ᠎ᠠ ᠦᠭᠡᠢ᠂ ᠢᠰᠡᠬᠡᠢ ᠮᠠᠶᠢᠬᠠᠨ ᠳᠤ ᠰᠠᠭᠤᠵᠣ᠂ ᠦᠷᠬᠦᠯᠵᠢᠳᠡ ᠨᠡᠭᠦᠳᠡᠯᠯᠡᠳᠡᠭ ᠬᠦᠮᠦᠰ ᠠᠵᠠᠢ | ᠭᠡᠵᠡᠢ᠃ | ③ ᠵᠣᠷᠵᠠᠨ ᠪᠣᠯ ᠯᠣᠪ ᠨᠠᠭᠤᠷ ᠪᠠ ᠢᠥᠢ ᠲᠢᠶᠠᠨ ᠤ ᠬᠤᠭᠤᠷᠣᠨᠳᠣ ᠪᠠᠶᠢᠵᠠᠢ᠃ | ④ ᠯᠣᠪ ᠨᠠᠭᠤᠷ ᠺᠠᠲ᠋ᠠᠺ ᠭᠡᠵᠦ ᠡᠮᠦᠨ᠎ᠡ ᠨᠢᠬᠡᠨᠳᠡ ᠲᠠᠶᠢᠯᠪᠣᠷᠢᠯᠠᠵᠣ ᠦᠩᠭᠡᠷᠡᠪᠡ᠃ | ⑤ ᠾᠢᠳᠢᠷ ᠬᠤᠵᠠ ᠬᠠᠭᠠᠨ ᠤ ᠬᠠᠭᠠᠨ ᠰᠠᠭᠤᠷᠢᠨ ᠳᠤ ᠰᠠᠭᠤᠭᠰᠠᠨ ᠲᠣᠬᠠᠢ ᠪᠠᠷᠲ᠋ᠥᠯᠢᠲ ᠤᠨ ᠨᠣᠳᠠᠯᠠᠬᠤ ᠪᠠᠷ | ᠯᠠᠪᠳᠠᠢ1389 ᠣᠨ ᠢᠶᠠᠷ ᠨᠢᠭᠡᠨᠳᠡ ᠬᠠᠭᠠᠨ ᠰᠠᠭᠤᠪᠠ ᠭᠡᠵᠡᠢ᠃ ᠡᠭᠦᠨ ᠢ ᠲᠡᠭᠦᠨ ᠤ ᠵᠣᠬᠢᠶᠠᠭᠰᠠᠨ ︽ᠲᠣᠯᠣᠭᠠᠨ | ᠭᠤᠣᠯ ᠤᠨ ᠲᠡᠣᠬᠡᠨ ᠬᠤᠷᠢᠶᠠᠩᠭᠤᠢ︾ ᠭᠡᠳᠡᠭ ᠨᠣᠮ ᠤᠨ ᠣᠷᠣᠰ ᠬᠡᠪᠯᠡᠯ ᠤᠨ ᠬᠤᠶᠠᠳᠣᠭᠠᠷ ᠪᠣᠳᠢ ᠶᠢᠨ ᠨᠢᠭᠡᠳᠦᠭᠡᠷ | ᠬᠤᠪᠢᠶᠠᠷᠢ ᠲᠡᠪᠳᠡᠷ ᠤᠨ 82 ᠳ᠋ᠣᠭᠠᠷ ᠨᠢᠭᠤᠷ ᠲᠤ ᠦᠵᠡ᠃ ᠮᠢᠷᠽᠠ · ᠬᠠᠶᠢᠳᠠᠷ ᠤᠨ ᠵᠣᠬᠢᠶᠠᠭᠰᠠᠨ ︽ᠷᠠᠰᠢᠳ᠋ | ᠶᠢᠨ ᠲᠡᠣᠬᠡ︾ ︵ᠣᠷᠣᠰ ᠬᠡᠯᠡᠨ ᠤ ᠬᠡᠪᠯᠡᠯ︶ ᠳᠤ ᠾᠢᠳᠢᠷ ᠬᠤᠵᠠ ᠬᠠᠭᠠᠨ ᠢ ᠾᠢᠵᠢᠷ ᠲᠣᠭᠠᠯᠠᠯ ᠤᠨ770 ᠣᠨ | ᠠᠴᠠ ᠡᠮᠦᠨ᠎ᠡ ᠮᠡᠨᠳᠦᠯᠡᠵᠡᠢ ᠭᠡᠵᠦ ᠬᠡᠯᠡᠪᠡ᠃ ᠭᠡᠪᠡᠴᠦ ᠪᠣᠳᠠᠳᠠᠢ ᠠᠯᠢ ᠣᠨ ᠭᠡᠵᠦ ᠬᠡᠯᠡᠭᠰᠡᠨ ᠦᠭᠡᠢ᠃ ᠡᠭᠦᠨ ᠠᠴᠠ | ᠦᠵᠡᠪᠡᠯ ᠪᠠᠷᠲ᠋ᠥᠯᠢᠲ ᠤᠨ ᠡᠰᠢᠯᠡᠭᠰᠡᠨ ᠣᠣᠯ ᠨᠣᠮ ᠨᠢ ᠷᠣᠰ ᠤᠨ ᠠᠩᠭ᠍ᠯᠢᠴᠢᠯᠠᠭᠰᠠᠨ ᠨᠣᠮ ᠲᠠᠢ ᠨᠢᠭᠡ ᠡᠬᠡ ᠪᠢᠰᠢ | ᠪᠣᠯᠣᠯᠳᠠᠢ᠃ | ⑥ ︽ᠨᠢᠭᠡᠨ ᠬᠡᠰᠡᠭ ᠬᠡᠮᠡᠷᠯᠢᠭ ᠪᠠ ᠨᠢᠭᠡᠨ ᠲᠣᠯᠣᠭᠠᠢ ᠬᠦᠬᠡ ᠦᠬᠡᠷ︾ ᠭᠡᠳᠡᠭ ᠦᠭᠡ ᠴᠣᠬᠤᠮ ᠶᠠᠮᠠᠷ ᠣᠳᠬ᠎ᠠ | ᠲᠠᠢ ᠬᠡᠷᠡᠭᠯᠡᠭᠰᠡᠨ ᠢ ᠮᠡᠳᠡᠭᠰᠡᠨ ᠦᠭᠡᠢ᠂ ᠪᠠᠷᠤᠭ ᠡᠷᠬᠡ ᠮᠡᠳᠡᠯ ᠤᠨ ᠪᠡᠯᠭᠡ ᠲᠡᠮᠳᠡᠭ ᠴᠦ ᠶᠣᠮ ᠦᠦ᠃ ᠶᠠᠮᠠᠷ | ᠪᠠᠶᠢᠭᠰᠠᠨ ᠴᠦ ᠣᠣᠯ ᠦᠰᠭ ᠢ ᠨᠢ ᠭᠠᠯᠢᠭᠴᠢᠯᠠᠨ ᠪᠢᠴᠢᠭᠰᠡᠨ ᠨᠢ ᠠᠰᠠᠭᠤᠳᠠᠯ ᠦᠭᠡᠢ᠃ | ⑦ ᠵᠠᠰᠠᠭᠤᠯ ᠭᠡᠵᠦ ᠬᠠᠭᠠᠨ ᠤ ᠰᠢᠳᠠᠷ ᠴᠡᠷᠢᠭ ᠢ ᠵᠢᠠᠭᠵᠣ ᠬᠡᠯᠡᠵᠡᠢ᠃ ᠯᠠᠲ᠋ᠢᠨ ᠦᠰᠦᠭ ᠢᠶᠠᠷ yasavul ᠭᠡᠵᠦ | ᠪᠢᠴᠢᠵᠦ ᠪᠠᠶᠢᠭ᠎ᠠ ᠨᠢ ᠵᠠᠷᠢᠮ ᠲᠦᠷᠺ ᠬᠡᠯᠡᠨ ᠳᠤ ᠮᠣᠩᠭᠤᠯ ᠬᠡᠯᠡᠨ ᠤ ᠵ᠊ ᠶᠢ ᠶ᠊ ᠪᠠᠷ ᠠᠪᠢᠯᠠᠬᠤ ᠠᠴᠠ ᠪᠣᠯᠣᠭᠰᠠᠨ | ᠪᠠᠶᠢᠭ᠎ᠠ ᠶᠣᠮ᠃ ᠲᠣᠬᠠᠢ ᠶᠢᠨ ᠦᠶ᠎ᠡ ᠳᠤ ᠵᠠᠰᠠᠭᠤᠯ ᠭᠡᠳᠡᠭ ᠨᠢ ᠬᠠᠭᠠᠨ ᠤ ᠰᠢᠳᠠᠷ ᠴᠡᠷᠢᠭ᠂ ᠲᠠᠷᠣᠢ ᠴᠢᠩᠬᠢᠰ | ᠬᠠᠭᠠᠨ ᠤ ᠦᠶ᠎ᠡ ᠶᠢᠨ ᠬᠡᠰᠢᠭᠳᠡᠨ ᠲᠣᠷᠬᠠᠭ ᠬᠡᠪᠳᠡᠭᠦᠯ ᠮᠡᠳᠦᠰ ᠰᠢᠲᠠᠷ ᠴᠡᠷᠢᠭ ᠢ ᠵᠢᠭᠠᠵᠣ ᠪᠠᠶᠢᠭ᠎ᠠ ᠠᠵᠠᠢ᠃ ᠠᠳᠡ | ᠬᠢᠳᠠᠳᠴᠢᠯᠠᠭᠴᠢ ᠠᠴᠠ ᠲᠠᠭᠠᠭᠰᠠᠳ ᠭᠡᠬᠦ ᠪᠣᠶᠣ ᠬᠢᠳᠠᠳ ᠡᠷᠳᠡᠨ ᠤ ᠬᠡᠯᠡ ᠪᠠᠷ ᡁᠢ ᠶᠢᠨ ᠡᠣ ︵执金吾︶ | ᠭᠡᠵᠦ ᠣᠷᠴᠢᠭᠤᠯᠵᠠᠢ᠃ ᡁᠢ ᠶᠢᠨ ᠡᠣ ᠭᠡᠪᠡᠯ ᠡᠷᠳᠡᠨ ᠤ ᠬᠢᠳᠠᠳ ᠬᠠᠭᠠᠳ ᠤᠨ ᠰᠢᠳᠠᠷ ᠬᠠᠮᠠᠭᠠᠯᠠᠭᠴᠢ ᠨᠡᠷ ᠨᠢ | ᠠᠯᠳᠠᠨ ᠲᠦᠮᠦᠭᠡ ︵ᠰᠦᠬᠡ︶ ᠭᠡᠳᠡᠭ ᠶᠣᠰᠣᠯᠠᠯ ᠤᠨ ᠪᠡᠯᠭᠡ ᠲᠡᠮᠳᠡᠭ ᠪᠣᠯᠣᠭᠰᠠᠨ ᠵᠡᠪᠰᠡᠭ ᠡᠷᠭᠦᠵᠦ ᠶᠠᠮᠠᠷᠪᠠ | ᠬᠦᠮᠦᠨ ᠵᠦᠪᠰᠢᠶᠡᠷᠡᠯ ᠦᠭᠡᠢ ᠪᠠᠷ ᠲᠡᠭᠦᠨ ᠤ ᠬᠠᠵᠠᠭᠤ ᠪᠠᠷ ᠦᠩᠭᠡᠷᠡᠵᠦ ᠪᠣᠯᠬᠤ ᠦᠭᠡᠢ ᠲᠦᠷᠢᠮ ᠲᠠᠢ ᠬᠦᠮᠦᠰ | ᠶᠣᠮ᠂ ᠡᠶᠢᠮᠦ ᠠᠴᠠ ᠲᠡᠳᠡ ᠪᠣᠯ ᠬᠠᠭᠠᠨ ᠢᠶᠠᠨ ᠬᠠᠮᠠᠭᠠᠯᠠᠬᠤ ᠬᠠᠳᠠᠭᠤ ᠡᠭᠦᠷᠭᠡ ᠳᠣᠰᠢᠶᠠᠯ ᠢ ᠭᠦᠢᠴᠡᠳᠬᠡᠵᠦ | ᠪᠠᠶᠢᠭ᠎ᠠ ᠰᠢᠳᠠᠷ ᠬᠠᠮᠠᠭᠠᠯᠠᠭᠴᠢᠳ ᠢ ᠪᠣᠯᠣᠨ᠎ᠠ᠃ | ⑧ ᠬᠤᠷ ᠠᠭᠰᠣᠬᠤ ᠭᠡᠳᠡᠭ ᠡᠨᠡ ᠣᠨᠴᠠᠭᠠᠢ ᠡᠷᠬᠡ ᠶᠢ ᠠᠩᠭ᠍ᠯᠢᠴᠢᠯᠠᠭᠴᠢ ᠪᠠ ᠬᠢᠳᠠᠳᠴᠢᠯᠠᠭᠴᠢ ᠠᠴᠠ ᠲᠣᠩ | ᠣᠯᠠᠨ ᠲᠠᠶᠢᠯᠪᠣᠷᠢ ᠬᠢᠵᠡᠢ᠃ ᠶᠠᠭᠤᠨᠠᠢ ᠬᠤᠪᠢᠩ ᠮᠡᠳᠦ ᠡᠳ᠋᠂ ᠪᠦᠰᠡᠨ ᠠᠴᠠ ᠪᠠᠨ ᠲᠡᠭᠦᠵᠢᠯᠡᠬᠦ ᠬᠤᠪᠢᠩ ᠪᠣᠯᠣᠯᠳᠠᠢ | ᠭᠡᠬᠦ ᠵᠡᠷᠭᠡ ᠪᠠᠷ ᠲᠠᠶᠢᠯᠪᠣᠷᠢᠯᠠᠬᠤ ᠪᠠᠷ ᠣᠷᠣᠯᠳᠣᠵᠠᠢ᠃ ᠬᠠᠭᠠᠨ ᠤ ᠡᠮᠦᠨ᠎ᠡ ᠬᠤᠷ ᠠᠭᠰᠣᠬᠤ ᠭᠡᠪᠡᠯ ᠨᠢᠭᠡᠨ | ᠣᠨᠴᠠᠭᠠᠢ ᠡᠷᠬᠡ ᠭᠡᠬᠦ ᠪᠣᠶᠣ ᠬᠠᠭᠠᠨ ᠤ ᠲᠣᠲᠣᠨᠣ ᠰᠢᠳᠠᠷ ᠤᠨ ᠪᠡᠯᠭᠡ ᠲᠡᠮᠳᠡᠭ ᠪᠣᠯᠬᠤ ᠶᠣᠮ᠃ ᠭᠡᠪᠡᠴᠦ ᠴᠢᠩᠬᠢᠰ | ᠬᠠᠭᠠᠨ ᠤ ᠦᠶ᠎ᠡ ᠶᠢᠨ ᠣᠯᠠᠨ ᠰᠠᠶᠢᠳ ᠲᠦᠰᠢᠮᠡᠳ᠂ ᠣᠨᠴᠠᠭᠠᠶᠢᠯᠠᠨ ᠰᠢᠳᠠᠷ ᠠᠨᠳᠠ ᠨᠦᠭᠦᠷ ᠲᠡᠭᠡᠨ ᠬᠦᠷᠳᠡᠭᠡᠭᠰᠡᠨ | ᠣᠨᠴᠠᠭᠠᠢ ᠡᠷᠬᠡ ᠶᠢ ︽ᠮᠣᠩᠭᠤᠯ ᠤᠨ ᠨᠢᠭᠤᠴᠠ ᠲᠣᠪᠴᠢᠶᠠᠨ︾ ᠳᠤ ᠵᠣᠷᠪᠦᠰᠴᠢᠯᠠᠨ ᠲᠡᠮᠳᠡᠭᠯᠡᠭᠰᠡᠨ ᠦᠭᠡᠢ᠂ | ᠵᠦᠪᠬᠡᠨ ︽ᠶᠢᠰᠦᠨ ᠠᠯᠳᠠᠯ ᠳᠤ ᠪᠢᠳᠡᠬᠡᠢ ᠠᠯᠳᠠᠳᠣᠭᠠᠢ︾᠂ ᠲᠠᠷᠣᠢ ᠶᠢᠰᠦᠨ ᠣᠳᠠᠭ᠎ᠠ ᠠᠯᠳᠠᠭ᠎ᠠ ᠭᠠᠷᠭᠠᠭᠰᠠᠨ ᠴᠦ | ᠪᠢᠳᠡᠬᠡᠢ ᠶᠠᠯᠠᠳᠠᠭᠳᠠᠬᠤ ᠪᠣᠯᠳᠣᠭᠠᠢ ᠭᠡᠳᠡᠭ ᠣᠳᠬ᠎ᠠ ᠲᠠᠢ ᠦᠬᠡ ᠪᠠᠷ ᠢᠯᠡᠳᠭᠡᠭᠰᠡᠨ ᠲᠡᠳᠦᠢ ᠶᠣᠮ᠃ ᠶᠢᠰᠦᠨ | ᠠᠯᠳᠠᠯ ᠳᠤ ᠶᠠᠮᠠᠷ ᠶᠠᠮᠠᠷ ᠠᠭᠤᠯᠭ᠎ᠠ ᠪᠠᠭᠳᠠᠬᠤ ᠶᠢ ᠲᠣᠲᠣᠷᠬᠠᠢ ᠶᠠᠷᠢᠭᠰᠠᠨ ᠦᠭᠡᠢ᠂ ᠵᠦᠪᠬᠡᠨ ᠠᠩ ᠤᠨ ᠣᠯᠵᠠ | ᠪᠠᠨ ᠦᠪᠡᠰᠦᠪᠡᠨ ᠠᠪᠴᠣ ᠪᠣᠯᠣᠨ᠎ᠠ᠂ ᠲᠠᠶᠢᠨ ᠤ ᠣᠯᠵᠠ ᠪᠠᠨ ᠦᠪᠡᠷ ᠢᠶᠠᠨ ᠠᠪᠴᠣ ᠪᠣᠯᠣᠨ᠎ᠠ ᠵᠡᠷᠭᠡ ᠦᠭᠡ ᠪᠠᠷ | ᠲᠦᠭᠦᠮ ᠢᠯᠡᠳᠭᠡᠭᠡᠳ ᠦᠩᠭᠡᠷᠡᠵᠡᠢ᠃ ᠡᠶᠢᠮᠦ ᠠᠴᠠ ᠮᠢᠷᠽᠠ · ᠬᠠᠶᠢᠳᠠᠷ ᠤᠨ ᠨᠣᠮ ᠢᠳᠡᠭᠡᠮᠵᠢ ᠲᠠᠢ ᠪᠣᠯ ᠡᠨᠡᠬᠦ | ᠲᠡᠮᠳᠡᠭᠯᠡᠯ ᠮᠠᠰᠢ ᠰᠣᠨᠢᠷᠬᠠᠯ ᠲᠠᠢ ᠪᠣᠯᠣᠨ᠎ᠠ — ᠮᠣᠩᠭᠤᠯᠴᠢᠯᠠᠭᠴᠢ ᠠᠴᠠ᠃ | ⑨ ᠡᠭᠦᠨ ᠤ ᠲᠣᠬᠠᠢ ︽ᠮᠣᠩᠭᠤᠯ ᠤᠨ ᠨᠢᠭᠤᠴᠠ ᠲᠣᠪᠴᠢᠶ᠎ᠠ︾ ᠳᠤ ᠲᠣᠲᠣᠷᠬᠠᠢ ᠲᠡᠮᠳᠡᠭᠯᠡᠯ ᠪᠠᠶᠢᠭ᠎ᠠ ᠶᠣᠮ᠃ | ᠲᠠᠷᠣᠢ ᠬᠠᠭᠠᠨ ᠲᠠᠢ ᠬᠠᠮᠳᠣ ᠠᠪᠠ ᠳᠤ ᠣᠷᠣᠪᠠᠯ᠂ ᠠᠯᠠᠭᠰᠠᠨ ᠠᠩ ᠣᠯᠵᠠ ᠪᠠᠨ ᠦᠪᠡᠷ ᠢᠶᠠᠨ ᠦᠯᠡᠳᠡᠭᠡᠨ | ᠠᠪᠴᠣ᠂ ᠡᠰᠡᠬᠦᠯ᠎ᠡ ᠪᠠᠰᠠ ᠲᠠᠶᠢᠨ ᠳᠤ ᠣᠷᠣᠭᠠᠳ ᠣᠯᠵᠠᠯᠠᠭᠰᠠᠨ ᠣᠯᠵᠠ ᠪᠠᠨ ᠦᠪᠡᠷ ᠲᠡᠭᠡᠨ ᠠᠪᠬᠤ ᠵᠡᠷᠭᠡ | ᠣᠨᠴᠠᠭᠠᠢ ᠡᠷᠬᠡ ᠶᠢ ᠵᠢᠭᠠᠵᠣ ᠪᠠᠶᠢᠭ᠎ᠠ ᠪᠣᠯᠣᠯᠳᠠᠢ᠃ ᠡᠶᠢᠮᠦᠷᠬᠦ ᠡᠷᠬᠡ ᠪᠣᠯ ᠭᠤᠣᠯᠳᠠᠭᠤ ᠲᠠᠷᠬᠠᠳ ᠲᠤ ᠣᠯᠭᠤᠭᠰᠠᠨ | ᠣᠨᠴᠠᠭᠠᠢ ᠡᠷᠬᠡ ᠪᠣᠯᠣᠨ᠎ᠠ᠃ ᠬᠠᠷᠢᠨ ᠭᠠᠪᠢᠶᠠᠳᠠᠨ ᠲᠤ ᠣᠯᠭᠤᠬᠤ ᠣᠨᠴᠠᠭᠠᠢ ᠡᠷᠬᠡ ᠮᠦᠨ ᠡᠶᠢᠮᠦ ᠪᠠᠶᠢᠭᠰᠠᠨ | ᠡᠰᠡᠬᠦ ᠶᠢ ᠣᠯᠵᠣ ᠮᠡᠳᠡᠬᠦ ᠳᠤ ᠬᠦᠴᠢᠷ ᠪᠣᠯᠵᠠᠢ᠃ | ⑩ ᠡᠨᠡ ᠰᠠᠷᠳᠠ ︵萨尔达︶ ᠭᠡᠳᠡᠭ ᠨᠢ ᠲᠡᠷᠢᠬᠦᠨ ᠰᠠᠶᠢᠳ᠂ ᠲᠡᠷᠢᠬᠦᠨ ᠡᠮᠢᠷ ᠭᠡᠳᠡᠭ ᠣᠳᠬ᠎ᠠ ᠲᠠᠢ | ᠦᠭᠡ ᠠᠵᠠᠢ᠃ ᠦᠨᠡᠨᠳᠡᠭᠡᠨ ᠡᠨᠡᠬᠦ ᠳᠣᠰᠢᠶᠠᠯ ᠤᠨ ᠲᠣᠬᠠᠢ ᠶᠠᠷᠢᠬᠤ ᠲᠠᠭᠠᠨ ᠲᠣᠬᠠᠢ ᠶᠢᠨ ᠦᠶ᠎ᠡ ᠶᠢᠨ ᠮᠣᠩᠭᠤᠯ | ᠣᠯᠣᠰ ᠲᠤ ᠪᠣᠯ ᠣᠯᠣᠰ ᠪᠠᠬᠢ ᠭᠡᠳᠡᠭ ᠭᠡᠵᠦ ᠮᠢᠷᠽᠠ · ᠬᠠᠶᠢᠳᠠᠷ ᠣᠯᠠᠨᠳᠠ ᠶᠠᠷᠢᠵᠣ ᠦᠩᠭᠡᠷᠡᠪᠡ — | ᠮᠣᠩᠭᠤᠯᠴᠢᠯᠠᠭᠴᠢ ᠠᠴᠠ᠃ | ⑾ᠠᠳᠡ ᠦᠬᠦᠯᠡᠵᠦ ᠪᠠᠶᠢᠭ᠎ᠠ ᠶᠢᠰᠦᠨ ᠵᠦᠢᠯ ᠤᠨ ᠣᠨᠴᠠᠭᠠᠢ ᠡᠷᠬᠡ ᠡᠳ᠋ᠯᠡᠵᠦ ᠪᠠᠶᠢᠭ᠎ᠠ ᠬᠦᠮᠦᠰ ᠢ ᠦᠨᠡᠨᠳᠡᠭᠡᠨ | ᠲᠠᠷᠬᠠᠨ ᠭᠡᠳᠡᠭ᠂ ᠲᠠᠷᠬᠠᠨ ᠭᠡᠳᠡᠭ ᠨᠢ ᠵᠠᠷᠢᠮ ᠦᠶ᠎ᠡ ᠳᠤ ᠪᠠᠰᠠ ᠠᠶᠢᠮᠠᠭ ᠣᠭᠰᠠᠭ᠎ᠠ ᠪᠣᠶᠣ ᠣᠪᠣᠭ ᠣᠳᠣᠮ ᠤᠨ | ᠨᠡᠷ᠎ᠡ ᠪᠠᠷ ᠢᠯᠡᠷᠡᠬᠦ ᠴᠦ ᠪᠣᠢ ᠭᠡᠵᠦ ᠾᠧᠩᠷᠢ ᠶᠦᠯ ᠤᠨ ︽ᠵᠡᠭᠦᠨ ᠬᠢᠵᠠᠭᠠᠷ ᠤᠨ ᠵᠠᠮ ᠤᠨ ᠲᠡᠮᠳᠡᠭᠯᠡᠯ ᠤᠨ | ᠴᠣᠪᠣᠷᠠᠯ︾ ᠭᠡᠳᠡᠭ ᠨᠣᠮ ᠳᠠᠭᠠᠨ ᠦᠬᠦᠯᠡᠵᠡᠢ᠃ ᠲᠡᠷᠡ ᠵᠠᠯᠭᠠᠭᠠᠳ ᠬᠡᠯᠡᠭᠰᠡᠨ ᠨᠢ ᠲᠠᠷᠬᠠᠨ ᠢ ᠠᠽᠢ ᠶᠢᠨ | ᠵᠣᠬᠢᠶᠠᠯᠴᠢᠳ ᠶᠡᠷᠦ ᠨᠢ ᠨᠢᠭᠡ ᠠᠶᠢᠮᠠᠭ ᠤᠨ ᠨᠡᠷ᠎ᠡ ᠪᠠᠷ ᠬᠡᠷᠡᠭᠯᠡᠳᠡᠭ ᠭᠡᠵᠡᠢ᠃ ᠡᠶᠢᠮᠦ ᠠᠴᠠ ᠲᠠᠷᠬᠠᠨ ᠭᠡᠳᠡᠭ ᠨᠢ | ᠠᠶᠢᠮᠠᠭ ᠣᠭᠰᠠᠭ᠎ᠠ᠂ ᠣᠪᠣᠭ ᠣᠳᠣᠮ᠂ ᠬᠡᠷᠬᠢᠮ ᠵᠡᠷᠬᠡ ᠮᠡᠳᠦ ᠪᠠᠷ ᠮᠠᠰᠢ ᠪᠠᠯᠠᠷᠬᠠᠢ ᠣᠳᠬ᠎ᠠ ᠲᠠᠢ ᠬᠡᠷᠡᠭᠯᠡᠵᠦ | ᠪᠠᠶᠢᠪᠠ ᠭᠡᠪᠡ᠃ ᠶᠠᠭ ᠡᠶᠢᠮᠦ ᠠᠴᠠ ᠲᠡᠮᠦᠷ ᠤᠨ ᠴᠠᠭᠠᠵᠠ ᠳᠤ ᠳᠣᠷᠠᠳᠣᠭᠰᠠᠨ ᠲᠠᠶᠢᠯᠠᠨ ᠲᠠᠭᠠᠭᠤᠯᠣᠭᠳᠠᠭᠰᠠᠨ | ᠲᠦᠴᠢᠨ ᠠᠶᠢᠮᠠᠭ ᠢ ᠵᠢᠬᠰᠠᠭᠠᠬᠤ ᠦᠶ᠎ᠡ ᠳᠤ ᠲᠡᠭᠦᠨ ᠤ ᠲᠣᠲᠣᠷ᠎ᠠ ᠲᠣᠣᠷᠠᠬᠢ ᠮᠡᠳᠦ ᠠᠷᠪᠠᠨ ᠬᠤᠶᠠᠷ ᠠᠶᠢᠮᠠᠭ | ᠪᠠᠭᠳᠠᠯᠴᠠᠵᠣ ᠪᠠᠶᠢᠵᠠᠢ᠄ ᠪᠠᠷᠣᠯᠠᠰ᠂ ᠲᠠᠷᠬᠠᠨ᠂ ᠠᠷᠬᠤᠨ᠂ ᠵᠠᠯᠠᠶᠢᠷ᠂ ᠲᠣᠯᠠᠾᠴ᠂ ᠳ᠋ᠦᠯᠳᠧ᠂ ᠮᠣᠩᠭᠤᠯ᠂ | ᠰᠦᠯᠳᠦᠰ᠂ ᠲᠣᠬᠠᠢ᠂ ᠬᠢᠪᠴᠠᠭ᠂ ᠠᠷᠣᠯᠠᠳ᠂ ᠪᠣᠯᠣᠨ ᠲᠠᠲ᠋ᠠᠷ ᠵᠡᠷᠭᠡ ᠪᠠᠶᠢᠭ᠎ᠠ ᠶᠣᠮ᠃ ᠡᠳᠡᠭᠡᠷ ᠨᠠᠷᠠᠰ ᠵᠠᠷᠢᠮ ᠨᠢ | ᠠᠶᠢᠮᠠᠭ ᠣᠭᠰᠠᠭ᠎ᠠ ᠶᠢ ᠲᠦᠯᠦᠭᠡᠵᠦ ᠪᠠᠶᠢᠬᠤ ᠳᠤ ᠵᠠᠷᠢᠮ ᠨᠢ ᠬᠡᠷᠬᠢᠮ ᠵᠡᠷᠭᠡ ᠶᠢ ᠲᠦᠯᠦᠭᠡᠯᠡᠵᠦ ᠪᠠᠶᠢᠨ᠎ᠠ᠃ | ⑿ ᠮᠢᠷᠽᠠ · ᠬᠠᠶᠢᠳᠠᠷ ᠤᠨ ᠡᠨᠡᠬᠦ ᠡᠴᠦᠰ ᠤᠨ ᠦᠬᠦᠯᠡᠮᠵᠢ ᠠᠴᠠ ᠦᠵᠡᠬᠦᠯ᠎ᠡ ᠡᠨᠡᠬᠦ ᠮᠣᠩᠭᠤᠯ ᠢᠶᠠᠷ ᠪᠢᠴᠢᠭᠰᠡᠨ | ᠵᠠᠷᠯᠢᠭ ᠪᠢᠴᠢᠭ ᠪᠠᠷᠤᠭ ᠲᠡᠣᠬᠡᠨ ᠦᠨᠡᠨ ᠲᠠᠢ ᠨᠡᠶᠢᠴᠡᠵᠦ ᠪᠠᠶᠢᠨ᠎ᠠ᠃ ᠮᠣᠩᠭᠤᠯ ᠬᠠᠭᠠᠳ ᠤᠨ ᠪᠢᠴᠢᠭ ᠮᠠᠲ᠋ᠧᠷᠢᠶᠠᠯ | ᠪᠠ ᠵᠠᠷᠯᠢᠭ ᠪᠢᠴᠢᠭ ᠤᠨ ᠡᠴᠦᠰ ᠲᠤ ᠪᠦᠷ ᠵᠠᠷᠯᠢᠭ ᠪᠢᠴᠢᠭ ᠢᠶᠠᠨ ᠪᠢᠴᠢᠭᠰᠡᠨ ᠣᠨ ᠰᠠᠷ᠎ᠠ ᠡᠳᠦᠷ ᠢᠶᠠᠨ | ᠲᠣᠲᠣᠷᠬᠠᠶᠢᠯᠠᠨ ᠪᠢᠴᠢᠭᠰᠡᠨ ᠤ ᠲᠠᠷᠠᠭ᠎ᠠ ᠪᠦᠷ ᠶᠠᠮᠠᠷ ᠭᠠᠵᠠᠷ ᠲᠤ ᠪᠢᠴᠢᠪᠡᠢ ᠭᠡᠳᠡᠭ ᠲᠣᠲᠣᠳᠬᠠᠯ ᠦᠭᠡᠰ ᠲᠠᠢ | ᠪᠠᠶᠢᠵᠠᠢ᠃ ᠵᠢᠱᠢᠶᠡᠯᠡᠪᠡᠯ ︽ᠮᠣᠩᠭᠤᠯ ᠤᠨ ᠨᠢᠭᠤᠴᠠ ᠲᠣᠪᠴᠢᠶᠠᠨ︾ ᠤ ᠡᠴᠦᠰ ᠲᠤ ᠬᠤᠯᠣᠭᠠᠨ᠎ᠠ ᠵᠢᠯ ᠬᠤᠯᠠᠨ | ᠰᠠᠷ᠎ᠠ ᠬᠡᠷᠦᠯᠦᠨ ᠤ ᠬᠦᠳᠡᠭᠡ ᠠᠷᠠᠯ ᠁ ᠪᠢᠴᠢᠵᠦ ᠲᠡᠭᠦᠰᠪᠡ ᠭᠡᠵᠦ ᠪᠠᠶᠢᠬᠤ ᠳᠤ᠂ ᠮᠦᠩᠭᠡ ᠬᠠᠭᠠᠨ ᠤ | ᠲᠠᠪᠣᠳᠣᠭᠠᠷ ᠣᠨ ᠲᠡᠭᠦᠥ ᠬᠤᠪᠢᠯᠠᠢ ᠲᠠᠭᠠᠨ ᠲᠣᠰᠢᠶᠠᠨ ᠦᠭᠭᠦᠭᠰᠡᠨ ᠵᠠᠷᠯᠢᠭ ᠪᠢᠴᠢᠭ ᠲᠤ ᠠᠴᠠ ᠁ ᠡᠳᠡᠭᠡᠷ | ᠶᠠᠭᠤ ᠶᠢ ᠬᠠᠷᠠᠭᠤᠯᠵᠣ ᠪᠠᠶᠢᠬᠤ ᠪᠣᠢ ᠭᠡᠪᠡᠯ ᠲᠠᠷᠣᠢ ᠡᠳᠡᠭᠡᠷ ᠪᠢᠴᠢᠭ ᠮᠠᠲ᠋ᠧᠷᠢᠶᠠᠯ ᠪᠣᠶᠣ ᠵᠠᠷᠯᠢᠭ ᠪᠢᠴᠢᠭ ᠲᠤ ᠡᠨᠡᠬᠦ | ᠲᠣᠲᠣᠳᠬᠠᠯ ᠨᠢ ᠪᠢᠴᠢᠭ ᠮᠠᠲ᠋ᠧᠷᠢᠶᠠᠯ ᠤᠨ ᠳ᠋ᠣᠭᠠᠷ ᠢ ᠬᠠᠷᠠᠭᠤᠯᠵᠣ ᠪᠠᠶᠢᠬᠤ ᠦᠢᠯᠡᠳᠦᠯ ᠠᠴᠠ ᠪᠣᠯᠵᠠᠢ᠃ ᠡᠭᠦᠨ | ᠠᠴᠠ ᠦᠵᠡᠪᠡᠯ ᠮᠢᠷᠽᠠ · ᠬᠠᠶᠢᠳᠠᠷ ᠤᠨ ᠬᠡᠯᠡᠯᠭᠡ ᠨᠢ ᠲᠡᠣᠬᠡᠨ ᠦᠨᠡᠨ ᠤ ᠬᠤᠪᠢ ᠦᠨᠳᠦᠷ ᠪᠠᠶᠢᠨ᠎ᠠ — | ᠮᠣᠩᠭᠤᠯᠴᠢᠯᠠᠭᠴᠢ ᠠᠴᠠ᠃ | ⒀ ᠡᠨᠡ ᠬᠦᠷᠭᠡᠨ ᠭᠡᠳᠡᠭ ᠲᠣᠲᠣᠳᠬᠠᠯ ᠨᠡᠷ᠎ᠡ ᠪᠣᠯ ᠲᠣᠰᠬᠠᠶᠢᠯᠠᠨ ᠬᠠᠭᠠᠨ ᠤ ᠬᠦᠷᠭᠡᠨ ᠭᠡᠳᠡᠭ ᠣᠳᠬ᠎ᠠ ᠪᠠᠷ | ᠬᠡᠷᠡᠭᠯᠡᠭᠳᠡᠨ᠎ᠡ᠂ ᠲᠠᠷᠣᠢ ᠬᠢᠳᠠᠳ ᠲᠡᠣᠬᠡᠨ ᠨᠣᠮ ᠳᠤ ᠦᠬᠦᠯᠡᠭᠳᠡᠬᠦ ᠹᠦ᠋ ᠮᠠ ᠭᠡᠳᠡᠭ ᠦᠭᠡ ᠲᠠᠢ ᠣᠳᠬ᠎ᠠ ᠲᠡᠩᠴᠡᠬᠦ | ᠶᠣᠮ᠃ ᠡᠶᠢᠮᠦ ᠡᠷᠬᠢᠨ ᠴᠣᠯᠠ ᠬᠤᠵᠢᠮ ᠤᠨ ᠴᠠᠭᠠᠳᠠᠢ ᠶᠢᠨ ᠣᠯᠣᠰ ᠲᠤ ᠮᠠᠰᠢ ᠬᠦᠨᠳᠦᠳᠭᠡᠯ ᠲᠠᠢ ᠨᠢᠭᠡᠨ ᠴᠣᠯᠠ | ᠪᠠᠶᠢᠭᠰᠠᠨ ᠠᠵᠠᠢ᠃ ᠡᠶᠢᠮᠦ ᠠᠴᠠ ᠲᠡᠮᠦᠷ ᠬᠦᠷᠳᠡᠯ᠎ᠡ ᠴᠠᠭᠠᠳᠠᠢ ᠬᠠᠭᠠᠳ ᠤᠨ ᠬᠡᠣᠬᠡᠨ ᠢ ᠪᠣᠭᠳᠣᠯᠣᠨ ᠠᠪᠴᠣ | ᠬᠦᠷᠭᠡᠨ ᠴᠣᠯᠠ ᠲᠠᠢ ᠪᠣᠯᠬᠤ ᠶᠢ ᠡᠷᠭᠢᠮ ᠳᠤ ᠲᠣᠭᠠᠴᠠᠵᠣ ᠪᠠᠶᠢᠵᠠᠢ᠃ ᠰᠢᠯᠳᠠᠭᠠᠨ ᠨᠢ ᠴᠢᠩᠬᠢᠰ ᠬᠠᠭᠠᠳ ᠤᠨ | ᠬᠤᠶᠢᠴᠢᠰ ᠤᠨ ᠬᠦᠷᠭᠡᠨ ᠭᠡᠪᠡᠯ ᠴᠢᠩᠬᠢᠰ ᠬᠠᠭᠠᠳ ᠤᠨ ᠬᠤᠶᠢᠴᠢᠰ ᠲᠠᠢ ᠡᠩ ᠲᠡᠩᠴᠡᠵᠦ ᠴᠢᠳᠠᠬᠤ ᠡᠷᠬᠢᠮ | ᠪᠠᠶᠢᠷᠢᠨ ᠳᠤ ᠬᠦᠷᠴᠡᠢ ᠭᠡᠳᠡᠭ ᠣᠳᠬ᠎ᠠ ᠲᠠᠢ ᠪᠣᠯᠬᠤ ᠶᠣᠮ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |