ᠬᠤᠷᠢᠨ ᠲᠣᠯᠣᠳᠣᠭᠠᠷ ᠪᠦᠯᠦᠭ① | ᠮᠠᠬᠠᠮᠠᠳ᠋ ᠬᠠᠭᠠᠨ ᠪᠣᠯ ᠾᠢᠳᠢᠷ ᠬᠤᠵᠠ ᠬᠠᠭᠠᠨ ᠤ ᠬᠦᠪᠡᠭᠦᠨ ᠮᠦᠨ᠃ ᠮᠠᠬᠠᠮᠠᠳ᠋ ᠬᠠᠭᠠᠨ ᠠᠴᠠ ᠭᠠᠳᠠᠨ᠎ᠠ | ᠾᠢᠳᠢᠷ ᠬᠤᠵᠠ ᠬᠠᠭᠠᠨ ᠳᠤ ᠪᠠᠰᠠ ᠪᠣᠰᠣᠳ ᠬᠡᠳᠦᠨ ᠬᠦᠪᠡᠭᠦᠳ ᠲᠠᠢ᠂ ᠱᠠᠮᠢᠴᠠᠭᠠᠨ ᠬᠠᠭᠠᠨ᠂ ᠨᠠᠾᠢᠱ ᠵᠢᠬᠠᠨ | ᠬᠠᠭᠠᠨ②ᠵᠡᠷᠭᠡ ᠪᠠᠶᠢᠳᠠᠭ᠃ ᠡᠰᠡᠨ ᠪᠣᠬ᠎ᠠ ᠬᠠᠭᠠᠨ ᠠᠴᠠ ᠰᠡᠬᠦᠯᠡᠷ ᠲᠣᠬᠤᠯᠭ᠎ᠠ ᠲᠡᠮᠦᠷ ᠬᠠᠭᠠᠨ ᠢ ᠭᠠᠷᠭᠠᠪᠠᠯ᠂ | ᠮᠣᠩᠭᠤᠯᠰᠲ᠋ᠠᠨ ᠳᠤ ᠲᠠᠬᠢᠵᠣ ᠡᠶᠢᠮᠦ ᠮᠡᠷᠭᠡᠨ ᠪᠠᠭᠠᠳᠣᠷ ᠬᠤᠣᠰᠯᠠᠭᠰᠠᠨ ᠡᠵᠡᠨ ᠬᠠᠭᠠᠨ ᠢᠯᠡᠷᠡᠭᠰᠡᠨ ᠦᠭᠡᠢ ᠶᠣᠮ᠃ | ᠡᠨᠡᠬᠦ ᠦᠨᠡᠨ ᠬᠡᠷᠡᠭ ᠢ ᠪᠢ ᠠᠯᠢ ᠡᠷᠳᠡ ᠬᠡᠯᠡᠵᠦ ᠦᠩᠭᠡᠷᠡᠪᠡ᠃ ᠲᠣᠬᠤᠯᠭ᠎ᠠ ᠲᠡᠮᠦᠷ ᠬᠠᠭᠠᠨ ᠦᠬᠦᠭᠰᠡᠨ ᠤ | ᠲᠠᠷᠠᠭ᠎ᠠ ᠲᠡᠭᠦᠨ ᠤ ᠣᠯᠠᠨ ᠬᠦᠪᠡᠭᠦᠳ ᠢ ᠬᠠᠮᠠᠷ ᠠᠳ᠋ᠳᠢᠨ ᠬᠢᠳᠣᠨ ᠠᠯᠠᠵᠣ᠂ ᠵᠦᠪᠬᠡᠨ ᠾᠢᠳᠢᠷ ᠬᠤᠵᠠ ᠬᠠᠭᠠᠨ | ᠭᠠᠭᠴᠠ ᠬᠦᠮᠦᠨ ᠦᠯᠡᠳᠡᠭᠰᠡᠨ ᠶᠣᠮ ︵ᠡᠭᠦᠨ ᠢ ᠪᠦᠷ ᠬᠡᠯᠡᠵᠦ ᠦᠩᠭᠡᠷᠡᠪᠡ︶᠃ ᠾᠢᠳᠢᠷ ᠬᠤᠵᠠ ᠬᠠᠭᠠᠨ ᠮᠠᠰᠢ | ᠣᠯᠠᠨ ᠬᠦᠪᠡᠭᠦᠳ ᠠᠴᠢᠨᠠᠷ ᠦᠯᠡᠳᠡᠭᠡᠪᠡ᠃ ᠭᠡᠪᠡᠴᠦ ᠲᠡᠳᠡᠨᠡᠷ ᠤᠨ ᠨᠠᠷᠢᠨ ᠲᠣᠲᠣᠷᠬᠠᠢ ᠲᠡᠣᠬᠡ ᠶᠢ ᠮᠡᠳᠡᠳᠡᠭ | ᠮᠣᠩᠭᠤᠯ ᠬᠦᠮᠦᠨ ᠨᠢᠭᠡᠴᠦ ᠦᠭᠡᠢ ᠪᠣᠯᠪᠠ᠃ ᠬᠠᠮᠤᠭ ᠰᠡᠬᠦᠯ ᠳᠤ ᠪᠢ ᠡᠳᠡᠭᠡᠷ ᠬᠠᠭᠠᠳ ᠤᠨ ᠲᠡᠭᠡᠳᠦᠰ ᠤᠨ | ᠲᠡᠣᠬᠡᠨ ᠠᠴᠠ ᠢᠳᠡᠭᠡᠮᠵᠢ ᠲᠠᠢ ᠬᠡᠰᠡᠭ ᠢ ᠲᠠᠬᠢᠨ ᠨᠢᠭᠡ ᠣᠳᠠᠭ᠎ᠠ ᠶᠠᠷᠢᠶ᠎ᠠ᠃ ᠭᠡᠪᠡᠴᠦ᠂ ᠪᠢ ᠲᠡᠳᠡᠨᠡᠷ ᠤᠨ ᠠᠬ᠎ᠠ | ᠲᠡᠭᠦᠥ ᠠᠪᠠᠭ᠎ᠠ ᠠᠴᠢ ᠶᠢᠨ ᠲᠣᠬᠠᠢ ᠨᠠᠷᠢᠨ ᠪᠠᠶᠢᠳᠠᠯ ᠢ ᠨᠢᠭᠡᠴᠦ ᠣᠶᠢᠯᠭᠠᠬᠤ ᠦᠭᠡᠢ ᠶᠣᠮ᠃ ᠡᠶᠢᠮᠦ ᠠᠴᠠ ᠪᠢ | ᠵᠦᠪᠬᠡᠨ ᠾᠢᠳᠢᠷ ᠬᠤᠵᠠ ᠬᠠᠭᠠᠨ ᠤ ᠬᠦᠪᠡᠭᠦᠨ ᠢ ᠶᠠᠷᠢᠶ᠎ᠠ᠃ ᠵᠢᠱᠢᠶᠡᠯᠡᠪᠡᠯ ᠮᠠᠬᠠᠮᠠᠳ᠋ ᠬᠠᠭᠠᠨ ᠪᠣᠯ ᠲᠡᠭᠦᠨ ᠤ | ᠲᠣᠲᠣᠷᠠᠬᠢ ᠨᠢᠭᠡ ᠨᠢ ᠶᠣᠮ᠃ ᠲᠡᠭᠡᠭᠡᠳ ᠮᠣᠩᠭᠤᠯ ᠬᠠᠭᠠᠳ ᠤᠨ ᠦᠶ᠎ᠡ ᠵᠠᠯᠭᠠᠮᠵᠢ ᠲᠡᠭᠦᠨ ᠤ ᠪᠡᠶ᠎ᠡ ᠲᠡᠭᠡᠷ᠎ᠡ | ᠢᠷᠡᠭᠡᠳ ᠲᠡᠭᠦᠰᠦᠪᠡ③᠃ | ᠮᠠᠬᠠᠮᠠᠳ᠋ ᠬᠠᠭᠠᠨ ᠪᠣᠯ ᠨᠢᠭᠡᠨ ᠪᠠᠶᠠᠨ ᠲᠠᠩᠰᠤᠭ ᠬᠠᠭᠠᠨ ᠮᠦᠷᠳᠡᠭᠡᠨ ᠦᠨᠡᠨᠴᠢ ᠮᠦᠰᠯᠢᠮ ᠶᠣᠮ᠃ ᠲᠡᠷᠡ | ᠬᠡᠵᠢᠶᠡᠳᠡ ᠲᠦᠪ ᠭᠤᠣᠯᠴᠢ ᠪᠠ ᠴᠢᠭᠡᠴᠢ ᠵᠢᠷᠣᠮ ᠢᠶᠠᠷ ᠪᠡᠶ᠎ᠡ ᠪᠠᠨ ᠱᠠᠭᠠᠷᠳᠠᠳᠠᠭ ᠬᠦᠮᠦᠨ ᠠᠵᠠᠢ᠃ ᠲᠡᠷᠡ | ᠬᠡᠵᠢᠶᠡᠳᠡ ᠪᠣᠰᠣᠳ ᠢ ᠰᠣᠷᠭᠠᠬᠤ ᠲᠠᠭᠠᠨ ᠬᠠᠯᠠᠰᠢᠷᠠᠬᠤ ᠦᠭᠡᠢ ᠪᠠᠶᠢᠳᠠᠭ᠃ ᠡᠶᠢᠮᠦ ᠠᠴᠠ ᠲᠡᠭᠦᠨ ᠤ ᠰᠠᠭᠤᠷᠢᠨ ᠳᠤ | ᠪᠠᠶᠢᠭᠰᠠᠨ ᠦᠯᠵᠡᠢ ᠪᠡᠯᠭᠡ ᠲᠠᠢ ᠴᠠᠭ ᠦᠶ᠎ᠡ ᠳᠤ ᠶᠡᠬᠡᠩᠬᠢ ᠮᠣᠩᠭᠤᠯ ᠠᠶᠢᠮᠠᠭ ᠪᠦᠷ ᠢᠰᠯᠠᠮ ᠱᠠᠰᠢᠨ ᠢ ᠰᠢᠳᠦᠵᠡᠢ᠃ | | ᠣᠯᠠᠨ ᠤ ᠮᠡᠳᠡᠵᠦ ᠪᠠᠶᠢᠭ᠎ᠠ ᠪᠠᠷ ᠮᠠᠬᠠᠮᠠᠳ᠋ ᠬᠠᠭᠠᠨ ᠮᠣᠩᠭᠤᠯᠴᠣᠳ ᠢ ᠬᠦᠴᠦ ᠪᠠᠷ ᠢᠰᠯᠠᠮ ᠰᠢᠳᠦᠬᠦᠯᠬᠦ ᠦᠶ᠎ᠡ | ᠳᠤ ᠮᠠᠰᠢ ᠬᠡᠷᠴᠡᠭᠡᠢ ᠠᠷᠭ᠎ᠠ ᠠᠪᠴᠠᠢ᠃ ᠵᠢᠱᠢᠶᠡᠯᠡᠪᠡᠯ ᠮᠣᠩᠭᠤᠯ ᠬᠦᠮᠦᠨ ᠬᠡᠷᠪᠡ ᠲᠣᠯᠣᠭᠠᠢ ᠶᠢᠨ ᠣᠷᠢᠶᠠᠯᠳᠠ | ᠣᠷᠢᠶᠠᠬᠤ ᠦᠭᠡᠢ ᠪᠣᠯ ᠲᠡᠭᠦᠨ ᠤ ᠲᠡᠷᠢᠬᠦᠨ ᠳᠤ ᠮᠣᠷᠢᠨ ᠲᠠᠬ᠎ᠠ ᠶᠢᠨ ᠬᠠᠳᠠᠭᠠᠰᠣ ᠶᠢ ᠬᠠᠳᠠᠳᠠᠭ᠂ ᠡᠶᠢᠮᠦᠷᠬᠦ | ᠬᠠᠷᠬᠢᠰ ᠠᠷᠭ᠎ᠠ ᠠᠪᠴᠢᠯ ᠨᠢ ᠪᠦᠷ ᠶᠡᠷᠦᠳᠡ ᠶᠢᠨ ᠬᠡᠷᠡᠭ ᠪᠠᠶᠢᠵᠠᠢ ︵ᠠᠯᠯᠠᠾ ᠲᠡᠭᠦᠨ ᠳᠤ ᠰᠠᠶᠢᠨ ᠤ ᠠᠪᠣᠷᠠᠯ | ᠬᠠᠶᠢᠷᠠᠯᠠᠬᠤ ᠪᠣᠯᠳᠣᠭᠠᠢ︶᠃ | ᠮᠣᠩᠭᠤᠯ ᠬᠦᠮᠦᠨ ᠤ ᠲᠡᠮᠳᠡᠭᠯᠡᠯ ᠢ ᠦᠨᠳᠦᠰᠦᠯᠡᠪᠡᠯ᠂ ᠡᠮᠢᠷ ᠬᠤᠳᠠᠶᠢᠳᠠ ᠨᠢᠭᠡᠨ ᠨᠠᠰᠣᠨ ᠳᠠᠭᠠᠨ ᠵᠢᠷᠭᠤᠭᠠᠨ | ᠬᠠᠭᠠᠨ ᠢ ᠬᠦᠷᠢᠶᠡᠯᠡᠨ ᠬᠠᠭᠠᠨ ᠰᠠᠭᠤᠷᠢᠨ ᠳᠤ ᠰᠠᠭᠤᠯᠭᠠᠵᠣ ᠪᠠᠶᠢᠭᠰᠠᠨ ᠭᠡᠳᠡᠭ ᠶᠣᠮ᠃ ᠮᠠᠬᠠᠮᠠᠳ᠋ ᠬᠠᠭᠠᠨ ᠪᠣᠯ | ᠲᠠᠷᠣᠢ ᠲᠡᠭᠦᠨ ᠤ ᠲᠣᠲᠣᠷᠠᠬᠢ ᠨᠢᠭᠡ ᠨᠢ ᠪᠣᠯᠣᠨ᠎ᠠ᠃ | ᠮᠠᠬᠠᠮᠠᠳ᠋ ᠬᠠᠭᠠᠨ ᠴᠠᠳᠢᠷ ᠨᠠᠭᠤᠷ④ ᠤᠨ ᠭᠦᠨ ᠬᠠᠪᠴᠢᠯ ᠤᠨ ᠠᠷᠣ ᠲᠠᠯ᠎ᠠ ᠳᠤ ᠨᠢᠭᠡᠨ ᠮᠠᠰᠢ ᠭᠤᠶᠣ | ᠰᠠᠶᠢᠬᠠᠨ ᠷᠠᠪᠠᠲ ︵ᠴᠠᠶᠢᠵᠠ ᠪᠣᠶᠣ ᠠᠷᠠᠯᠵᠢᠶᠠᠴᠢᠳ ᠤᠨ ᠪᠠᠭᠤᠳᠠᠯ︶ ᠪᠠᠶᠢᠭᠤᠯᠵᠠᠢ᠃ ᠡᠨᠡᠬᠦ ᠪᠠᠷᠢᠯᠭ᠎ᠠ ᠶᠢ | ᠪᠠᠶᠢᠭᠤᠯᠬᠤ ᠳᠠᠭᠠᠨ ᠪᠦᠷ ᠣᠨᠴᠠ ᠲᠣᠮᠣ ᠴᠢᠯᠠᠭᠤ ᠶᠢ ᠬᠡᠷᠡᠭᠯᠡᠭᠰᠡᠨ ᠶᠣᠮ᠃ ᠭᠠᠭᠴᠠᠬᠠᠨ ᠺᠠᠱᠮᠢᠷ ᠤᠨ ᠰᠦᠮ᠎ᠡ | ᠬᠡᠶᠢᠳ ᠢᠶᠠᠷ ᠰᠠᠶ᠋ᠢ ᠡᠶᠢᠮᠦ ᠲᠣᠮᠣ ᠴᠢᠯᠠᠭᠤ ᠶᠢ ᠪᠠᠷᠢᠯᠭ᠎ᠠ ᠳᠤ ᠭᠡᠷᠡᠭᠯᠡᠵᠦ ᠪᠠᠶᠢᠭ᠎ᠠ ᠶᠢ ᠣᠯᠵᠣ ᠦᠵᠡᠬᠦ ᠶᠣᠮ᠃ | ᠡᠨᠡᠬᠦ ᠪᠠᠷᠢᠯᠭ᠎ᠠ ᠶᠢᠨ ᠡᠬᠦᠳᠡᠨ ᠲᠠᠩᠬᠢᠮ ᠨᠢ ᠬᠤᠷᠢᠨ ᠭᠠᠽ⑤ ᠦᠨᠳᠦᠷ ᠪᠠᠶᠢᠵᠣ᠂ ᠭᠤᠣᠯ ᠡᠭᠦᠳᠡ ᠪᠠᠷ | ᠲᠣᠲᠣᠭᠰᠢ ᠣᠷᠣᠬᠤ ᠲᠠᠭᠠᠨ ᠵᠠᠪᠠᠯ ᠨᠢᠭᠡ ᠭᠤᠴᠢᠨ ᠭᠠᠽ ᠣᠷᠳᠣ ᠬᠤᠩᠬᠢᠯ ᠢᠶᠠᠷ ᠦᠩᠭᠡᠷᠡᠨ᠎ᠡ᠃ ᠲᠡᠭᠡᠭᠡᠳ ᠰᠠᠶ᠋ᠢ | ᠨᠢᠭᠡ ᠬᠤᠷᠢᠨ ᠭᠠᠽ ᠠᠭᠤᠳᠠᠮ ᠲᠦᠭᠦᠷᠢᠭ ᠲᠠᠩᠬᠢᠮ ᠳᠤ ᠣᠷᠣᠳᠠᠭ᠃ ᠡᠨᠡ ᠲᠠᠩᠬᠢᠮ ᠢ ᠪᠠᠶᠢᠭᠤᠯᠣᠭᠰᠠᠨ ᠨᠢ | ᠣᠨᠴᠠ ᠲᠡᠭᠰᠢ ᠬᠡᠮ ᠲᠠᠢ᠂ ᠭᠠᠳᠠᠭᠤᠷ ᠨᠢ ᠪᠠᠰᠠ ᠨᠢᠭᠡ ᠭᠤᠯᠳᠣᠩ ᠬᠦᠷᠢᠶᠡᠯᠡᠵᠦ ᠪᠠᠶᠢᠳᠠᠭ᠃ ᠭᠤᠯᠳᠣᠩ | ᠲᠠᠭᠠᠭᠠᠳ ᠨᠢᠭᠡ ᠨᠢᠭᠡ ᠮᠠᠰᠢ ᠭᠤᠶᠣ ᠭᠡᠭᠡᠨᠴᠢᠷ ᠣᠯᠠᠨ ᠵᠢᠵᠢᠭ ᠦᠷᠦᠬᠡ ᠨᠦᠭᠦᠳ ᠲᠠᠢ ᠶᠣᠮ᠃ ᠲᠦᠭᠦᠷᠢᠭ | ᠲᠠᠩᠬᠢᠮ ᠤᠨ ᠪᠠᠷᠠᠭᠤᠨ ᠲᠠᠯ᠎ᠠ ᠳᠤ ᠪᠠᠰᠠ ᠨᠢᠭᠡ ᠠᠷᠪᠠᠨ ᠲᠠᠪᠣᠨ ᠭᠠᠽ ᠦᠨᠳᠦᠷ ᠮᠦᠷᠬᠦᠯ ᠤᠨ ᠲᠠᠩᠬᠢᠮ ᠲᠠᠢ | ᠲᠠᠩᠬᠢᠮ ᠲᠣᠲᠣᠷ᠎ᠠ ᠬᠤᠷᠢᠨ ᠬᠡᠳᠦᠨ ᠡᠭᠦᠳᠡ ᠲᠠᠭᠠᠷᠠᠭᠤᠯᠵᠠᠢ᠃ ᠪᠦᠬᠦ ᠪᠠᠷᠢᠯᠭ᠎ᠠ ᠶᠢ ᠪᠦᠷ ᠴᠢᠯᠠᠭᠤ ᠪᠠᠷ | ᠪᠠᠶᠢᠭᠤᠯᠵᠣ ᠡᠭᠦᠳᠡ ᠶᠢᠨ ᠲᠡᠭᠡᠭᠦᠷ ᠲᠣᠮᠣ ᠴᠢᠯᠠᠭᠤᠨ ᠲᠠᠮ ᠨᠢᠷᠣᠭᠤ ᠲᠠᠢ᠃ ᠪᠢ ᠺᠠᠱᠮᠢᠷ ᠤᠨ ᠰᠦᠮ᠎ᠡ ᠬᠡᠶᠢᠳ ᠢ | ᠣᠯᠵᠣ ᠦᠵᠡᠭᠡᠳᠦᠢ ᠪᠠᠶᠢᠭᠰᠠᠨ ᠦᠶ᠎ᠡ ᠳᠤ ᠡᠨᠡᠬᠦ ᠲᠠᠩᠬᠢᠮ ᠢ ᠦᠨᠡᠬᠡᠷ ᠬᠢᠵᠠᠭᠠᠯᠠᠰᠢ ᠦᠭᠡᠢ ᠭᠠᠶᠢᠬᠠᠮᠰᠢᠭᠳᠣ | ᠪᠠᠷᠢᠯᠭ᠎ᠠ⑥ ᠭᠡᠵᠦ ᠪᠣᠳᠣᠵᠣ ᠪᠠᠶᠢᠪᠠ᠃ | ᠮᠠᠬᠠᠮᠠᠳ᠋ ᠬᠠᠭᠠᠨ ᠰᠠᠭᠤᠷᠢᠨ ᠳᠤ ᠪᠠᠶᠢᠭ᠎ᠠ ᠦᠶ᠎ᠡ ᠪᠣᠯ ᠲᠠᠯᠠᠢ ᠮᠡᠳᠡᠯᠭᠡ ᠲᠠᠢ ᠮᠢᠷᠽᠠ · ᠦᠯᠦᠭᠪᠡᠢ ᠲᠡᠭᠦᠨ ᠤ | ᠡᠴᠢᠬᠡ ᠬᠠᠭᠠᠨ ᠮᠢᠷᠽᠠ · ᠱᠠᠬᠠᠷᠤᠭ ᠤᠨ ᠡᠷᠭᠦᠮᠵᠢᠯᠡᠯ ᠢᠶᠠᠷ ᠮᠠᠸᠧᠢᠷᠠᠨᠨᠠᠷ ᠤᠨ ᠵᠠᠬᠢᠷᠣᠭᠴᠢ ᠪᠠᠶᠢᠭᠰᠠᠨ ᠴᠠᠭ ᠦᠶ᠎ᠡ | ᠪᠢᠯᠡ᠃ ᠦᠯᠦᠭᠪᠡᠢ ᠨᠢᠭᠡ ᠠᠯᠳᠠᠷ ᠮᠠᠨᠳᠣᠭᠰᠠᠨ ᠪᠠᠷᠢᠯᠭ᠎ᠠ — ᠣᠳᠣᠨ ᠣᠷᠣᠨ ᠰᠢᠨᠵᠢᠬᠦ ᠲᠠᠪᠴᠠᠩ ᠪᠠᠶᠢᠭᠤᠯᠵᠣ᠂ | ᠣᠳᠣᠨ ᠣᠷᠣᠨ ᠤ ᠴᠠᠭ ᠣᠯᠠᠷᠢᠯ ᠤᠨ ᠬᠦᠰᠦᠨᠦᠭᠳᠦ ᠶᠢ ᠨᠠᠶᠢᠷᠠᠭᠤᠯᠣᠨ ᠵᠣᠬᠢᠶᠠᠭᠰᠠᠨ ᠶᠣᠮ᠃ ᠲᠡᠭᠦᠨ ᠤ ᠨᠡᠷ᠎ᠡ ᠨᠢ | ᠽᠢᠵ · ᠺᠦᠷᠭᠠᠨ ︵zij kurkan︶ ᠭᠡᠳᠡᠭ ᠶᠣᠮ᠃ ᠮᠢᠷᠽᠠ · ᠱᠠᠬᠠᠷᠤᠭ ᠪᠣᠯ ᠬᠤᠷᠣᠽᠠᠨ ᠪᠣᠯᠣᠨ ᠢᠷᠠᠺ ᠤᠨ | ᠬᠠᠭᠠᠨ ᠪᠠᠶᠢᠵᠠᠢ᠃ ᠦᠯᠦᠭᠪᠡᠢ ᠶᠢᠨ ᠲᠦᠷᠦᠵᠦ ᠨᠦᠭᠴᠢᠭᠰᠡᠨ ᠣᠨ ᠰᠠᠷ᠎ᠠ ᠡᠳᠦᠷ ᠢ ᠨᠢᠭᠡᠨᠳᠡ ᠮᠡᠳᠡᠬᠦ ᠦᠭᠡᠢ | ᠪᠣᠯᠵᠠᠢ᠃ ᠭᠡᠪᠡᠴᠦ ᠪᠢᠳᠡ ᠬᠡᠷᠪᠡ ᠪᠣᠰᠣᠳ ︵ᠲᠡᠣᠬᠡᠨ ᠬᠡᠷᠡᠭ ᠤᠨ︶ ᠣᠨ ᠵᠢᠯ ᠲᠠᠢ ᠯᠠᠪᠯᠠᠨ ᠬᠠᠷᠢᠭᠤᠯᠪᠠᠯ | ᠮᠡᠳᠡᠵᠦ ᠪᠣᠯᠬᠤ ᠨᠢ ᠲᠡᠷᠡ ᠾᠢᠵᠢᠷ ᠲᠣᠭᠠᠯᠠᠯ ᠤᠨ860 ᠣᠨ ᠠᠴᠠ ᠡᠮᠦᠨ᠎ᠡ ᠨᠠᠰᠣ ᠪᠠᠷᠠᠵᠠᠢ ︵ᠵᠦᠪᠬᠡᠨ ᠠᠯᠯᠠᠾ | ᠬᠠᠮᠤᠭ ᠲᠣᠲᠣᠷᠬᠠᠢ ᠮᠡᠳᠡᠬᠦ ᠪᠢᠵᠡ︶⑦᠃ | ᠲᠣᠰ ᠪᠦᠯᠦᠭ ᠤᠨ ᠲᠠᠶᠢᠯᠪᠣᠷᠢ | ① ᠬᠢᠳᠠᠳᠴᠢᠯᠠᠭᠴᠢ ᠶᠢᠨ ᠬᠠᠷᠭᠤᠯᠣᠭᠰᠠᠨ ᠢᠶᠠᠷ᠂ ︽ᠮᠢᠩ ᠣᠯᠣᠰ ᠤᠨ ᠮᠠᠭᠠᠳ ᠲᠡᠮᠳᠡᠭᠯᠡᠯ︾ ᠳᠤ ᠲᠡᠮᠳᠡᠭᠯᠡᠭᠰᠡᠨ | ᠢᠶᠠᠷ ᠮᠠᠬᠠᠮᠠᠳ᠋ ᠤᠨ ᠬᠠᠭᠠᠨ ᠰᠠᠭᠤᠷᠢᠨ ᠵᠠᠯᠭᠠᠮᠵᠢᠯᠠᠭᠰᠠᠨ ᠣᠨ ᠨᠢ ᠶᠦᠩ ᠯᠧ ᠶᠢᠨ ᠵᠢᠷᠭᠤᠳᠣᠭᠠᠷ ᠣᠨ ᠭᠡᠵᠡᠢ᠃ | ᠶᠦᠩ ᠯᠧ ᠵᠢᠷᠭᠤᠳᠣᠭᠠᠷ ᠣᠨ ᠭᠡᠪᠡᠯ ᠨᠡᠶᠢᠳᠡ ᠶᠢᠨ ᠣᠨ ᠲᠣᠭᠠᠯᠠᠯ ᠤᠨ1408 ᠣᠨ ᠪᠣᠯᠣᠨ᠎ᠠ᠃ ︽ᠶᠦᠩ ᠯᠧ | ᠶᠢᠨ ᠮᠠᠭᠠᠳ ᠲᠡᠮᠳᠡᠭᠯᠡᠯ︾ ᠤᠨ ᠲᠠᠪᠢᠨ ᠲᠠᠪᠣᠳᠣᠭᠠᠷ ᠪᠣᠳᠢ ᠳᠤ ᠬᠡᠯᠡᠭᠰᠡᠨ ᠢᠶᠠᠷ ᠶᠦᠩ ᠯᠧ ᠶᠢᠨ ᠵᠢᠷᠭᠤᠳᠣᠭᠠᠷ | ᠣᠨ ᠤ ᠬᠤᠶᠠᠳᠣᠭᠠᠷ ᠰᠠᠷ᠎ᠠ᠂ ᠬᠦᠬᠡ ᠮᠣᠷᠢᠨ ᠡᠳᠦᠷ ᠤᠨ ᠵᠣᠷᠪᠣᠰ ᠲᠤ᠄ ︽ᠡᠯᠴᠢ ᠲᠣᠮᠢᠯᠠᠨ ᠪᠢᠱᠪᠠᠯᠢᠭ ᠤᠨ | ᠱᠠᠮᠢᠴᠠᠭᠠᠨ ᠳᠤ ᠲᠠᠬᠢᠯ ᠡᠷᠭᠦᠪᠡᠢ᠃ ᠲᠣᠮᠳᠠᠳᠣ ᠣᠷᠳᠣᠨ ᠤ ᠳᠦᠰᠢᠮᠡᠯ ᠪᠠᠲ᠋ᠠᠢ᠂ ᠾᠦᠩ ᠯᠦ᠋ ᠴᠧᠩ ᠳᠦᠰᠢᠮᠡᠯ | ᠯᠢᠦ ᠲᠡᠮᠦᠷ ᠪᠣᠬ᠎ᠠ ᠵᠡᠷᠬᠡ ᠶᠢ ᠪᠢᠱᠪᠠᠯᠢᠭ ᠲᠤ ᠢᠯᠠᠭᠡᠵᠦ᠂ ᠳᠡᠳᠡ ᠪᠣᠴᠠᠵᠣ ᠢᠷᠡᠭᠡᠳ ᠬᠡᠯᠡᠭᠰᠡᠨ ᠨᠢ ᠱᠠᠮᠢᠴᠠᠭᠠᠨ | ᠦᠬᠦᠵᠦ᠂ ᠲᠡᠭᠦᠥ ᠮᠠᠬᠠᠮᠠᠳ᠋ ᠵᠠᠯᠭᠠᠮᠵᠢᠯᠠᠪᠠᠢ ᠬᠡᠮᠡᠮᠦ᠃ ᠲᠡᠭᠡᠳᠦ ᠡᠵᠡᠨ ᠱᠠᠮᠢᠴᠠᠭᠠᠨ ᠤ ᠬᠠᠭᠠᠨ ᠲᠦᠷᠦ ᠳᠤ | ᠡᠶᠡᠯᠳᠦᠨ ᠲᠠᠭᠠᠭᠰᠠᠨ ᠢ ᠰᠠᠨᠠᠵᠣ᠂ ᠲᠠᠬᠢᠨ ᠪᠠᠲᠠᠢ ᠵᠡᠷᠭᠡ ᠶᠢ ᠲᠣᠮᠢᠯᠠᠨ ᠲᠡᠭᠦᠨ ᠳᠤ ᠲᠠᠬᠢᠯ ᠲᠠᠪᠢᠯᠭ᠎ᠠ ᠤᠨ ᠡᠳ᠋ | ᠡᠷᠭᠦᠨ᠂ ᠲᠠᠮᠠᠭᠠᠳᠣ ᠪᠢᠴᠢᠭ ᠬᠦᠷᠭᠡᠪᠡᠢ᠃ ᠮᠠᠬᠠᠮᠠᠳ᠋ ᠲᠤ ᠠᠷ ᠲᠤ ᠲᠣᠷᠭᠠᠨ ᠲᠡᠪᠡᠯ ᠬᠤᠶᠠᠷ ᠵᠠᠬ᠎ᠠ᠂ ᠠᠷ ᠲᠤ | ᠲᠣᠷᠭᠠᠨ ᠬᠤᠪᠴᠠᠰᠣᠨ ᠡᠳ᠋ ᠲᠣᠲᠣᠷ ᠭᠠᠳᠠᠷ ᠲᠠᠢ ᠲᠣᠰᠪᠣᠷᠢ ᠠᠷᠪᠠ ᠬᠦᠷᠭᠡᠪᠡᠢ ᠭᠡᠵᠦ ᠪᠢᠴᠢᠵᠦ ᠠᠮᠣᠢ᠃ ᠡᠭᠦᠨ | ᠠᠴᠠ ᠦᠵᠡᠬᠦᠯ᠎ᠡ ᠱᠠᠮᠢᠴᠠᠭᠠᠨ ᠤ ᠦᠬᠦᠭᠰᠡᠨ ᠨᠢ ᠪᠠᠷᠤᠭ1407 ᠣᠨ ᠪᠣᠯᠣᠯᠳᠠᠢ ᠭᠡᠵᠡᠢ᠃ | ② ᠣᠯᠠᠨ ᠵᠣᠬᠢᠶᠠᠯᠴᠢᠳ ᠾᠢᠳᠢᠷ ᠬᠤᠵᠠ ᠬᠠᠭᠠᠨ ᠤ ᠣᠯᠠᠨ ᠬᠦᠪᠡᠭᠦᠳ ᠤᠨ ᠬᠠᠭᠠᠨ ᠰᠠᠭᠤᠷᠢ ᠵᠠᠯᠭᠠᠮᠵᠢᠯᠠᠭᠰᠠᠨ | ᠬᠡᠷᠡᠭ ᠢ ᠪᠦᠷ ᠲᠣᠷᠠᠳᠣᠵᠣ ᠦᠩᠭᠡᠷᠡᠪᠡ᠃ ᠭᠡᠪᠡᠴᠦ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠳᠤ | ᠬᠠᠷᠢᠨ ᠨᠠᠾᠢᠱ ᠵᠢᠬᠠᠨ ᠬᠠᠭᠠᠨ ᠤ ᠲᠣᠬᠠᠢ ᠲᠣᠷᠠᠳᠣᠭᠰᠠᠨ ᠦᠭᠡᠢ᠃ ᠪᠠᠷᠲ᠋ᠣᠯᠢᠲ ᠶᠢᠨ ᠵᠣᠬᠢᠶᠠᠭᠰᠠᠨ ︽ᠲᠣᠯᠣᠭᠠᠨ | ᠭᠤᠣᠯ ᠤᠨ ᠲᠡᠣᠬᠡᠨ ᠬᠤᠷᠢᠶᠠᠩᠭᠤᠢ︾ ᠭᠡᠳᠡᠭ ᠨᠣᠮ ᠳᠤ ᠬᠡᠯᠡᠭᠰᠡᠨ ᠢᠶᠠᠷ ᠨᠠᠾᠢᠱ ᠵᠢᠬᠠᠨ ᠬᠠᠭᠠᠨ ᠪᠣᠯ ᠱᠠᠮᠢᠴᠠᠭᠠᠨ | ᠤ ᠬᠦᠪᠡᠭᠦᠨ ᠮᠦᠨ ᠭᠡᠵᠡᠢ᠃ ︽ᠮᠢᠩ ᠤᠨ ᠮᠠᠭᠠᠳ ᠲᠡᠮᠳᠡᠭᠯᠡᠯ︾ ᠳᠤ ᠨᠠᠾᠢᠱ ᠵᠢᠬᠠᠨ ᠬᠠᠭᠠᠨ ᠪᠣᠯ ᠮᠠᠬᠠᠮᠠᠳ᠋ ᠶᠢᠨ | ᠠᠬ᠎ᠠ ᠶᠢᠨ ᠬᠦᠪᠡᠭᠦᠨ ᠭᠡᠵᠡᠢ᠃ ᠡᠭᠦᠨ ᠠᠴᠠ ᠦᠵᠡᠬᠦᠯ᠎ᠡ ᠪᠠᠷᠲ᠋ᠣᠯᠢᠲ ᠶᠢᠨ ᠬᠡᠯᠡᠭᠰᠡᠨ ᠪᠠᠷᠤᠭ ᠦᠨᠡᠨ ᠲᠠᠢ | ᠨᠡᠶᠢᠴᠡᠵᠦ ᠠᠮᠣᠢ᠃ | ③ ᠣᠣᠯ ᠨᠣᠮ ᠲᠤᠨᠢ ᠶᠠᠭᠠᠬᠢᠵᠣ ᠪᠢᠴᠢᠵᠦ ᠪᠠᠶᠢᠭ᠎ᠠ ᠶᠢ ᠮᠡᠳᠡᠭᠰᠡᠨ ᠦᠭᠡᠢ᠂ ᠠᠩᠭ᠍ᠯᠢ ᠣᠷᠴᠢᠭᠤᠯᠭ᠎ᠠ ᠨᠢ | ᠲᠠᠷᠣᠢfor in him the race of moghul khskans came to an end. ᠭᠡᠵᠦ | ᠪᠢᠴᠢᠵᠦ ᠪᠠᠶᠢᠭ᠎ᠠ ᠠᠴᠠ ᠦᠵᠡᠪᠡᠯ᠂ ᠲᠡᠭᠡᠷᠡᠬᠢ ᠮᠡᠳᠦ ᠣᠷᠴᠢᠭᠤᠯᠣᠭᠰᠠᠨ ᠨᠢ ᠪᠣᠷᠣᠭᠤ ᠦᠭᠡᠢ᠂ ᠭᠡᠪᠡᠴᠦ | ᠦᠨᠡᠨᠳᠡᠭᠡᠨ ᠴᠠᠭᠠᠳᠠᠢ ᠣᠯᠣᠰ ᠤᠨ ᠮᠣᠩᠭᠤᠯ ᠬᠠᠭᠠᠳ ᠤᠨ ᠣᠳᠣᠮ ᠮᠠᠬᠠᠮᠠᠳ᠋ ᠬᠠᠭᠠᠨ ᠤ ᠪᠡᠶ᠎ᠡ ᠲᠡᠭᠡᠷ᠎ᠡ ᠢᠷᠡᠭᠡᠳ | ᠲᠠᠰᠣᠷᠠᠭᠰᠠᠨ ᠪᠢᠰᠢ ᠭᠡᠳᠡᠭ ᠨᠢ ᠬᠠᠷᠢᠨ ᠦᠨᠡᠨᠳᠡᠢ ᠶᠣᠮ᠃ | ④ ᠣᠳᠣᠬᠢ ᠭᠠᠵᠠᠷ ᠤᠨ ᠵᠢᠷᠤᠭ ᠲᠡᠭᠡᠷ᠎ᠡ ᠴᠠᠷᠳᠢᠷ ᠨᠠᠭᠤᠷ ︵ᠺᠦᠯ︶ ᠭᠡᠵᠦ ᠪᠢᠴᠢᠵᠦ ᠪᠠᠶᠢᠨ᠎ᠠ᠂ ᠲᠡᠭᠦᠨ ᠤ | ᠪᠣᠳᠠᠳᠣ ᠪᠠᠶᠢᠷᠢᠰᠢᠯ ᠨᠢ ᠣᠳᠣᠬᠢ ᠰᠢᠨᠵᠢᠶᠠᠩ ᠤᠨ ᠡᠣ ᠴᠢᠶᠠ ᠰᠢᠶᠠᠨ ᠤ ᠠᠷᠣ ᠳᠤ᠂ ᠬᠢᠷᠬᠢᠰᠲ᠋ᠠᠨ ᠣᠯᠣᠰ ᠤᠨ | ᠬᠢᠯᠢ ᠲᠣᠲᠣᠷ᠎ᠠ ᠪᠠᠶᠢᠨ᠎ᠠ᠃ ᠲᠡᠭᠦᠨ ᠤ ᠵᠡᠬᠦᠨ ᠡᠮᠦᠨ᠎ᠡ ᠲᠠᠯ᠎ᠠ ᠳᠤ ᠺᠠᠱᠭᠠᠷ ᠲᠤ ᠨᠡᠪᠳᠡᠷᠡᠬᠦ ᠲᠣᠯᠣᠭᠠᠷᠲ ᠠᠭᠤᠯᠠᠨ | ᠠᠮᠠ ᠪᠠᠶᠢᠳᠠᠭ ᠶᠣᠮ᠃ | ⑤ ᠨᠢᠭᠡ ᠭᠠᠽ ᠨᠢ ᠪᠠᠷᠤᠭ ᠭᠤᠴᠢᠨ ᠢᠨᠴ ᠲᠠᠢ ᠲᠡᠩᠴᠡᠨ᠎ᠡ᠃ | ⑥ ᠡᠨᠡᠬᠦ ᠷᠠᠪᠠᠲ ᠭᠡᠬᠦ ᠪᠣᠶᠣ ᠠᠷᠠᠯᠵᠢᠶᠠᠴᠢᠳ ᠤᠨ ᠪᠠᠭᠤᠳᠠᠯ᠂ ᠴᠠᠳᠢᠷ ᠨᠠᠭᠤᠷ ᠤᠨ ᠠᠷᠣ ᠲᠠᠯ᠎ᠠ ᠳᠤ ᠬᠤᠯᠠ | ᠦᠭᠡᠢ ᠭᠠᠵᠠᠷ ᠲᠤ ᠪᠠᠶᠢᠨ᠎ᠠ᠃ ᠶᠠᠭ ᠰᠠᠶᠢᠬᠠᠨ ᠠᠯᠠᠮᠣᠲᠣ ᠠᠴᠠ ᠺᠠᠱᠭᠠᠷ ᠣᠷᠣᠬᠤ ᠵᠠᠮ ᠲᠡᠭᠡᠷ᠎ᠡ ᠪᠠᠶᠢᠭ᠎ᠠ ᠶᠣᠮ᠃ | ᠬᠡᠳᠦᠨ ᠧᠦ᠋ᠷᠣᠫᠠ ᠶᠢᠨ ᠵᠢᠭᠤᠯᠴᠢᠳ ᠠᠳᠡ ᠢᠷᠡᠵᠦ ᠦᠩᠭᠡᠷᠡᠪᠡ᠃ ᠲᠡᠭᠦᠨ ᠤ ᠲᠣᠲᠣᠷᠠᠬᠢ ᠨᠢᠭᠡ ᠨᠢ ᠲᠠᠷᠣᠢ N | · ᠰᠢᠯᠠᠨ ᠳ᠋ᠣᠺᠲ᠋ᠣᠷ ᠪᠣᠯᠣᠨ᠎ᠠ᠃ ᠲᠡᠭᠦᠨ ᠤ ᠬᠡᠯᠡᠭᠰᠡᠨ ᠨᠢ᠄ ᠵᠢᠭᠤᠯᠴᠢᠯᠠᠭᠴᠢᠳ ᠡᠨᠡᠬᠦ ᠴᠢᠯᠠᠭᠤᠨ ᠪᠠᠷᠢᠯᠭ᠎ᠠ ᠶᠢ | ᠦᠵᠡᠭᠡᠳ ᠲᠣᠩ ᠰᠣᠴᠢᠨ ᠭᠠᠶᠢᠬᠠᠵᠠᠢ᠃ ᠬᠡᠳᠦᠶᠢᠪᠡᠷ ᠵᠢᠯ ᠣᠨ ᠤ ᠡᠯᠡᠭᠳᠡᠯ ᠢ ᠲᠠᠭᠠᠨ ᠦᠩᠬᠡ ᠨᠢ ᠵᠡᠪᠬᠡᠶᠢᠨ | ᠴᠠᠶᠢᠷᠠᠭᠰᠠᠨ ᠪᠣᠯᠪᠠᠴᠣ᠂ ᠰᠦᠷ ᠭᠡᠷᠡᠯ ᠨᠢ ᠪᠠᠶᠢᠭᠰᠠᠭᠠᠷ ᠠᠵᠠᠢ᠃ ᠲᠡᠭᠦᠨ ᠤ ᠣᠷᠳᠣ ᠨᠢ ᠪᠠᠷᠤᠭ ᠲᠦᠴᠢᠨ ᠨᠠᠢᠮᠠᠨ | ᠠᠯᠬᠤᠮ ᠪᠠᠶᠢᠵᠣ᠂ ᠦᠷᠭᠡᠨ ᠢᠶᠠᠷ ᠭᠤᠴᠢᠨ ᠵᠢᠷᠭᠤᠭᠠᠨ ᠠᠯᠬᠤᠮ ᠪᠣᠢ᠃ ᠲᠡᠭᠰᠢ ᠣᠷᠣᠢ ᠲᠠᠢ᠂ ᠭᠤᠣᠯ ᠲᠣᠮᠳᠠ | ᠨᠢ ᠲᠡᠭᠡᠭᠰᠢ ᠬᠤᠷᠢᠨ ᠲᠠᠪᠣᠨ ᠹᠦᠲ ᠭᠦᠲᠦᠶᠢᠨ ᠭᠠᠷᠣᠭᠰᠠᠨ ᠪᠦᠮᠪᠦᠭᠡᠷ ᠣᠷᠣᠢ ᠲᠠᠢ ᠭᠡᠪᠡᠴᠦ ᠬᠠᠭᠠᠰ ᠨᠢ ᠨᠢᠭᠡᠨᠳᠡ | ᠨᠣᠷᠠᠴᠢᠬᠠᠵᠠᠢ᠃ ᠶᠡᠭᠡ ᠡᠭᠦᠳᠡ ᠨᠢ ᠮᠠᠰᠢ ᠦᠨᠳᠦᠷ᠂ ᠲᠤᠲᠤᠭᠰᠢ ᠪᠠᠨ ᠨᠢᠭᠡ ᠴᠣᠩᠬᠤ ᠦᠭᠡᠢ ᠲᠣᠲᠣᠭᠠᠳᠣ | ᠦᠷᠦᠬᠡ ᠳᠤ ᠨᠡᠪᠳᠡᠷᠡᠨ᠎ᠡ᠃ ᠪᠦᠮᠪᠦᠭᠡᠷ ᠣᠷᠣᠢ ᠶᠢᠨ ᠲᠣᠣᠷ᠎ᠠ ᠨᠢᠭᠡ ᠠᠭᠤᠳᠠᠮ ᠲᠠᠩᠬᠢᠮ ᠪᠠᠶᠢᠵᠣ᠂ ᠪᠠᠰᠠ ᠨᠢᠭᠡ | ᠶᠢᠰᠦᠨ ᠹᠦᠲ ᠦᠨᠳᠦᠷ ᠪᠦᠮᠪᠦᠭᠡᠷ ᠣᠷᠣᠢ ᠲᠠᠢ ᠬᠠᠵᠠᠭᠤ ᠦᠷᠦᠬᠡ ᠪᠣᠢ᠂ ᠬᠠᠨ᠎ᠠ ᠲᠤᠨᠢ ᠭᠤᠴᠢ ᠠᠴᠠ ᠭᠤᠴᠢᠨ | ᠵᠢᠷᠭᠤᠭᠠᠨ ᠢᠨᠴ ᠶᠢᠨ ᠣᠯᠠᠨ ᠴᠣᠩᠬᠤ ᠭᠠᠷᠭᠠᠵᠠᠢ᠃ ᠭᠤᠯᠳᠣᠩ ᠢᠶᠠᠷ ᠨᠢ ᠶᠠᠪᠣᠪᠠᠯ ᠣᠯᠠᠨ ᠵᠢᠵᠢᠭ ᠦᠷᠦᠬᠡ ᠳᠤ | ᠨᠡᠪᠳᠡᠷᠡᠨ᠎ᠡ᠃ ᠵᠢᠵᠢᠭ ᠦᠷᠦᠬᠡ ᠨᠦᠭᠦᠳ ᠨᠢ ᠲᠦᠷᠪᠡᠯᠵᠢᠨ ᠱᠠᠯᠠ ᠪᠦᠮᠪᠦᠭᠡᠷ ᠣᠷᠣᠢ ᠲᠠᠢ᠂ ᠪᠦᠷ ᠮᠠᠰᠢ | ᠬᠠᠷᠠᠩᠭᠤᠢ ᠵᠦᠪᠬᠡᠨ ᠣᠷᠣᠢ ᠨᠢ ᠨᠣᠷᠠᠭᠰᠠᠨ ᠭᠠᠵᠠᠷ ᠢᠶᠠᠷ ᠨᠢ ᠬᠡᠷᠡᠯ ᠨᠡᠪᠳᠡᠷᠡᠵᠦ ᠪᠠᠶᠢᠳᠠᠭ᠃ ᠲᠡᠭᠡᠭᠡᠳ ᠡᠭᠦᠳᠡ ᠨᠢ | ᠪᠦᠷ ᠮᠠᠰᠢ ᠴᠢᠬᠤᠯ ᠬᠠᠶᠠ ᠵᠠᠷᠢᠮ ᠨᠢ ᠮᠦᠯᠬᠦᠵᠦ ᠣᠷᠣᠳᠠᠭ᠃ ᠦᠷᠦᠭᠡ ᠨᠦᠭᠦᠳ ᠲᠣᠲᠣᠷ᠎ᠠ ᠬᠤᠯᠠᠩ ᠪᠣᠶᠣ | ᠵᠣᠤᠬ᠎ᠠ ᠶᠢᠨ ᠣᠷᠣᠮ ᠦᠭᠡᠢ᠃ ᠰᠠᠭᠤᠵᠣ ᠬᠡᠪᠳᠡᠬᠦ ᠣᠷᠣ ᠭᠡᠵᠦ ᠦᠭᠡᠢ᠃ ᠪᠦᠬᠦᠶᠢᠯᠡ ᠪᠠᠷᠢᠯᠭ᠎ᠠ ᠲᠣᠲᠣᠷ᠎ᠠ | ᠬᠤᠭᠤᠯᠠᠨ ᠲᠠᠩᠬᠢᠮ ᠲᠣᠬᠢᠷᠠᠭᠤᠯᠣᠭᠰᠠᠨ ᠦᠭᠡᠢ᠃ ᠴᠢᠨᠠᠭᠰᠢᠯᠠᠪᠠᠯ ᠲᠣᠭᠤᠭᠠᠨ ᠭᠡᠷ᠂ ᠵᠣᠤᠬ᠎ᠠ ᠵᠡᠷᠬᠡ ᠶᠢᠨ ᠣᠷᠣᠮ | ᠴᠦ ᠪᠠᠶᠢᠭ᠎ᠠ ᠦᠭᠡᠢ᠃ ᠪᠠᠷᠢᠯᠭ᠎ᠠ ᠶᠢ ᠲᠣᠬᠠᠢ ᠶᠢᠨ ᠭᠠᠵᠠᠷ ᠤᠨ ᠣᠯᠠᠭᠠᠨ ᠬᠦᠬᠡ ᠦᠩᠭᠡ ᠶᠢᠨ ᠴᠢᠯᠠᠭᠤᠨ ᠬᠡᠮᠬᠡᠳᠡᠭ | ᠢᠶᠠᠷ ᠡᠭᠡᠳᠡᠩ ᠬᠢᠵᠦ ᠴᠢᠯᠠᠭᠤ ᠪᠠᠨ ᠵᠡᠷᠭᠡᠯᠡᠨ ᠪᠣᠰᠬᠠᠵᠠᠢ᠃ ᠭᠤᠣᠯ ᠲᠠᠩᠬᠢᠮ ᠲᠤᠨᠢ ᠪᠠᠰᠠ ᠴᠦᠬᠡᠨ ᠽᠧᠮᠧᠨᠲ ᠶᠢᠨ | ᠣᠷᠣᠮ ᠬᠠᠷᠠᠭᠳᠠᠵᠣ ᠪᠠᠶᠢᠨ᠎ᠠ᠃ ᠬᠠᠨ᠎ᠠ ᠶᠢᠨ ᠵᠢᠷᠤᠭ ᠨᠢ ᠨᠢᠭᠡᠨᠳᠡ ᠣᠷᠣ ᠮᠦᠷ ᠦᠭᠡᠢ ᠪᠠᠯᠠᠷᠠᠵᠠᠢ ᠭᠡᠪᠡ᠃ | ᠪᠣᠰᠣᠳ ᠲᠠᠶᠢᠯᠪᠣᠷᠢ ᠠᠭᠤᠯᠭ᠎ᠠ ᠶᠢ ᠨᠢ ᠪᠦᠷ ᠲᠣᠪᠴᠢᠯᠠᠨ ᠬᠠᠰᠣᠪᠠ — ᠮᠣᠩᠭᠤᠯᠴᠢᠯᠠᠭᠴᠢ ᠠᠴᠠ᠃ | ⑦ ᠦᠯᠦᠭᠪᠡᠢ ᠮᠡᠳᠦ ᠶᠢᠨ ᠠᠯᠳᠠᠷᠲᠣ ᠬᠦᠮᠦᠨ ᠤ ᠲᠦᠷᠦᠵᠦ ᠨᠦᠭᠴᠢᠭᠰᠡᠨ ᠣᠨ ᠰᠠᠷ᠎ᠠ ᠡᠳᠦᠷ ᠢ ᠮᠢᠷᠽᠠ · | ᠬᠠᠶᠢᠳᠠᠷ ᠮᠡᠳᠡᠬᠦ ᠦᠭᠡᠢ ᠭᠡᠳᠡᠭ ᠴᠢᠨᠢ ᠮᠦᠨ ᠰᠣᠨᠢᠷᠬᠠᠯ ᠲᠠᠢ ᠪᠠᠶᠢᠨ᠎ᠠ᠃ ᠭᠡᠪᠡᠴᠦ ᠡᠨᠡ ᠦᠭᠡ ᠪᠣᠯ ᠦᠨᠡᠨ ᠶᠣᠮ | ᠭᠡᠵᠦ ᠠᠩᠭ᠍ᠯᠢ ᠣᠷᠴᠢᠭᠤᠯᠣᠭᠴᠢ ᠠᠴᠠ ᠶᠠᠷᠢᠵᠠᠢ᠃ ᠵᠠᠯᠭᠠᠭᠠᠳ ᠲᠠᠶᠢᠯᠪᠣᠷᠢᠯᠠᠭᠰᠠᠨ ᠣᠨ ᠵᠢᠯ ᠨᠢ ᠮᠦᠨ ᠲᠣᠩ | ᠪᠠᠯᠠᠷᠬᠠᠢ ᠪᠣᠯᠣᠭᠰᠠᠨ ᠪᠣᠯᠬᠤᠷ᠂ ᠲᠣᠷᠣᠭᠰᠢ ᠮᠣᠩᠭᠤᠯᠴᠢᠯᠠᠭᠴᠢ ᠠᠴᠠ ᠣᠳᠣ ᠦᠶ᠎ᠡ ᠶᠢᠨ ᠡᠷᠳᠡᠮ ᠰᠢᠨᠵᠢᠯᠡᠭᠡ ᠶᠢᠨ | ᠠᠭᠤᠯᠭ᠎ᠠ ᠶᠢ ᠦᠨᠳᠦᠰᠦᠯᠡᠵᠦ ᠲᠣᠲᠣᠷᠬᠠᠶᠢᠯᠠᠶ᠎ᠠ᠃ ᠱᠠᠬᠠᠷᠤᠭ ᠪᠣᠯ ᠡᠮᠢᠷ ᠲᠡᠮᠦᠷ ᠤᠨ ᠲᠦᠷᠪᠡᠳᠦᠭᠡᠷ ᠬᠦᠪᠡᠭᠦᠨ | ᠪᠣᠯᠣᠨ᠎ᠠ᠃ ᠲᠡᠷᠡ ᠨᠡᠶᠢᠳᠡ ᠶᠢᠨ ᠣᠨ ᠲᠣᠭᠯᠠᠯ ᠤᠨ 1377 ᠣᠨ ᠤ 8 ᠰᠠᠷ᠎ᠠ ᠶᠢᠨ30 ᠤ ᠡᠳᠦᠷ ᠲᠦᠷᠦᠵᠦ᠂ | 1447 ᠣᠨ ᠤ 3 ᠰᠠᠷ᠎ᠠ ᠶᠢᠨ12 ᠤᠨ ᠡᠳᠦᠷ ᠨᠠᠰᠣ ᠪᠠᠷᠠᠵᠠᠢ᠃ ᠱᠠᠬᠠᠷᠤᠭ ᠪᠣᠯ ᠲᠡᠮᠦᠷ ᠬᠠᠭᠠᠨᠳᠣ ᠣᠯᠣᠰ ᠤᠨ | ᠭᠤᠷᠪᠠᠳᠣᠭᠠᠷ ᠦᠶ᠎ᠡ ᠶᠢᠨ ᠬᠠᠭᠠᠨ ᠮᠦᠨ᠃ ᠲᠠᠷᠣᠢ ᠲᠡᠮᠦᠷ ᠪᠠ ᠲᠡᠮᠦᠷ ᠤᠨ ᠠᠴᠢ ︵ᠣᠮᠪᠣᠯ︶ ᠬᠦᠪᠡᠭᠦᠨ ᠬᠠᠯᠢᠯ | ᠤᠨ ᠲᠠᠷᠠᠭ᠎ᠠ ᠪᠠᠷ ᠬᠠᠭᠠᠨ ᠰᠠᠭᠤᠵᠠᠢ᠃ ᠮᠦᠨᠴᠦ ᠲᠡᠮᠦᠷ ᠤᠨ ᠬᠠᠭᠠᠨᠳᠣ ᠲᠦᠷᠦ ᠶᠢᠨ ᠨᠢᠭᠡᠨ ᠴᠢᠳᠠᠮᠠᠭᠠᠢ ᠬᠠᠭᠠᠨ | ᠶᠣᠮ᠃ ᠲᠡᠭᠦᠨ ᠤ ᠬᠠᠭᠠᠨ ᠰᠠᠭᠤᠷᠢᠨ ᠳᠤ ᠪᠠᠶᠢᠭᠰᠠᠨ ᠣᠨ ᠵᠢᠯ ᠨᠢ 1409 ᠣᠨ ᠠᠴᠠ 1447 ᠣᠨ ᠪᠣᠯᠣᠨ᠎ᠠ | ᠃ ᠲᠡᠭᠦᠨ ᠤ ᠬᠠᠭᠠᠨ ᠰᠠᠭᠤᠷᠢᠨ ᠢ ᠨᠢ ᠬᠦᠪᠡᠭᠦᠨ ᠦᠯᠦᠭᠪᠡᠢ ᠵᠠᠯᠭᠠᠮᠵᠢᠯᠠᠪᠠ᠃ ᠦᠯᠦᠭᠪᠡᠢ ᠶᠢᠨ ᠲᠦᠷᠦᠵᠦ | ᠨᠦᠭᠴᠢᠭᠰᠡᠨ ᠣᠨ ᠵᠢᠯ ᠨᠢ᠄ 1394 ᠣᠨ ᠤ 3 ᠰᠠᠷ᠎ᠠ ᠶᠢᠨ 22 ᠡᠳᠦᠷ ᠠᠴᠠ 1449 ᠣᠨ ᠤ 10 ᠰᠠᠷ᠎ᠠ | ᠶᠢᠨ 27 ᠤ ᠡᠳᠦᠷ ᠪᠣᠯᠣᠨ᠎ᠠ᠃ ᠬᠠᠭᠠᠨ ᠰᠠᠭᠤᠷᠢᠨ ᠳᠤ ᠪᠠᠶᠢᠭᠰᠠᠨ ᠣᠨ ᠵᠢᠯ ᠨᠢ ᠲᠣᠣᠷᠠᠬᠢ ᠮᠡᠳᠦ᠄ 1447 | ᠣᠨ ᠠᠴᠠ 1449 ᠣᠨ ᠪᠣᠯᠣᠨ᠎ᠠ᠃ ᠲᠡᠷᠡ1449 ᠣᠨ ᠤ 10 ᠰᠠᠷ᠎ᠠ ᠶᠢᠨ 27 ᠤ ᠡᠳᠦᠷ ᠦᠪᠡᠷ ᠤᠨ | ᠬᠦᠪᠡᠭᠦᠨ ᠠᠪᠳᠣᠷ · ᠯᠠᠲᠢᠹ ᠲᠤ ᠠᠯᠠᠭᠳᠠᠵᠠᠢ᠃ ᠬᠤᠵᠢᠮ ᠤᠨ ᠬᠦᠮᠦᠰ ᠤᠨ ᠦᠯᠦᠭᠪᠡᠢ ᠶᠢᠨ ᠲᠣᠬᠠᠢ | ᠣᠨᠣᠪᠴᠢᠳᠠᠢ ᠦᠨᠡᠯᠡᠯᠳᠡ ᠭᠡᠪᠡᠯ᠄ ᠲᠡᠷᠡ ᠪᠣᠯ ᠲᠡᠯᠡᠬᠡᠢ ᠲᠠᠬᠢᠨ ᠳᠤ ᠣᠷᠣᠶᠢᠯᠠᠭᠰᠠᠨ ᠣᠳᠣᠨ ᠣᠷᠣᠨ ᠤ ᠡᠷᠳᠡᠮᠳᠡᠨ | ᠬᠦᠮᠦᠨ᠂ ᠭᠡᠪᠡᠴᠦ ᠣᠯᠣᠰ ᠭᠦᠷᠦᠨ ᠢᠶᠠᠨ ᠲᠣᠲᠣᠮᠳᠠᠨ ᠵᠠᠬᠢᠷᠬᠤ ᠲᠠᠯ᠎ᠠ ᠪᠠᠷ ᠦᠭᠡᠨᠴᠡ ᠬᠠᠭᠠᠨ ᠭᠡᠵᠡᠢ᠃ ᠡᠭᠦᠨ | ᠠᠴᠠ ᠦᠵᠡᠪᠡᠯ ᠮᠢᠷᠽᠠ · ᠬᠠᠶᠢᠳᠠᠷ ᠤᠨ ᠦᠯᠦᠭᠪᠡᠢ ᠶᠢᠨ ᠨᠠᠰᠣ ᠨᠦᠭᠴᠢᠭᠰᠡᠨ ᠣᠨ ᠵᠢᠯ ᠤᠨ ᠲᠣᠬᠠᠢ ᠬᠡᠯᠡᠯᠭᠡ | ᠦᠨᠡᠨ ᠠᠴᠠ ᠨᠡᠯᠢᠶᠡᠳ ᠣᠶᠢᠷᠠᠳᠣᠵᠣ ᠪᠠᠶᠢᠨ᠎ᠠ᠃ ᠦᠯᠦᠭᠪᠡᠢ ᠶᠢᠨ ᠣᠳᠣᠨ ᠣᠷᠣᠨ ᠤ ᠲᠣᠬᠠᠢ ᠰᠢᠨᠵᠢᠯᠭᠡ ᠮᠡᠳᠡᠯᠭᠡ | ᠶᠢ ᠣᠳᠣ ᠦᠶ᠎ᠡ ᠶᠢᠨ ᠬᠦᠮᠦᠰ ᠰᠣᠳᠣᠯᠣᠨ ᠰᠢᠨᠵᠢᠯᠡᠵᠦ ᠦᠢ ᠣᠯᠠᠨ ᠡᠷᠳᠡᠮᠳᠡᠳ ᠪᠣᠢ ᠪᠣᠯᠣᠭᠰᠠᠨ ᠶᠣᠮ᠃ ᠲᠡᠭᠦᠨ | ᠤ ᠵᠣᠬᠢᠶᠠᠯ ᠪᠦᠳᠦᠭᠡᠯ ᠳᠤ ᠨᠠᠷᠢᠯᠢᠭ ᠰᠠᠶᠢᠬᠠᠨ ᠲᠠᠶᠢᠯᠪᠣᠷᠢ ᠨᠦᠬᠦᠪᠦᠷᠢᠯᠡᠯ ᠬᠢᠵᠦ᠂ ᠣᠳᠣ ᠦᠶ᠎ᠡ ᠶᠢᠨ ᠣᠳᠣᠨ | ᠣᠷᠣᠨ ᠤ ᠴᠠᠭ ᠣᠯᠠᠷᠢᠯ ᠤᠨ ᠪᠢᠴᠢᠭ ᠪᠣᠢ ᠪᠣᠯᠣᠭᠰᠠᠨ ᠶᠣᠮ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |