ᠬᠤᠷᠢᠨ ᠨᠠᠢᠮᠠᠳᠣᠭᠠᠷ ᠪᠦᠯᠦᠭ | ᠮᠠᠬᠠᠮᠠᠳ᠋ ᠬᠠᠭᠠᠨ ᠳᠤ ᠮᠦᠨ ᠬᠡᠳᠦᠨ ᠬᠦᠪᠡᠭᠦᠳ ᠲᠠᠢ①᠂ ᠰᠢᠷ · ᠮᠠᠬᠠᠮᠠᠳ᠋ · ᠬᠠᠭᠠᠨ ᠪᠣᠯᠣᠨ ᠰᠢᠷ · ᠠᠯᠢ · | ᠣᠾᠯᠠᠨ ᠪᠣᠯ ᠲᠡᠭᠦᠨ ᠤ ᠲᠣᠲᠣᠷᠠᠬᠢ ᠬᠤᠶᠠᠷ ᠬᠦᠪᠡᠭᠦᠳ ᠨᠢ ᠪᠣᠯᠣᠨ᠎ᠠ᠃ ᠰᠢᠷ · ᠮᠠᠬᠠᠮᠠᠳ᠋ · ᠬᠠᠭᠠᠨ ᠡᠴᠢᠬᠡ ᠶᠢᠨ | ᠢᠶᠠᠨ ᠬᠠᠭᠠᠨ ᠰᠠᠭᠤᠷᠢᠨ ᠢ ᠵᠠᠯᠭᠠᠮᠵᠢᠯᠠᠵᠠᠢ᠃ ᠲᠡᠭᠦᠨ ᠤ ᠨᠣᠶᠠᠷᠬᠠᠯ ᠤᠨ ᠬᠤᠭᠤᠴᠠᠭᠠᠨ ᠳᠤ ᠠᠷᠠᠳ ᠢᠷᠭᠡᠳ ᠨᠢ | ᠡᠩᠬᠡ ᠲᠠᠶᠢᠪᠣᠩ ᠵᠣᠯ ᠵᠢᠷᠭᠠᠯ ᠲᠠᠢ ᠠᠮᠢᠳᠣᠷᠠᠵᠣ ᠪᠠᠶᠢᠪᠠ᠃ ᠲᠡᠭᠦᠨ ᠤ ᠲᠡᠭᠦᠥ ᠰᠢᠷ · ᠠᠯᠢ · ᠣᠾᠯᠠᠨ ᠲᠡᠭᠦᠨ ᠤ | ᠨᠣᠶᠠᠷᠬᠠᠯ ᠤᠨ ᠬᠤᠭᠤᠴᠠᠭᠠᠨ ᠳᠤ ᠦᠬᠦᠵᠡᠢ᠃ ᠦᠬᠦᠬᠦ ᠦᠶ᠎ᠡ ᠳᠤ ᠰᠠᠶ᠋ᠢ ᠠᠷᠪᠠᠨ ᠨᠠᠢᠮᠠᠬᠠᠨ ᠨᠠᠰᠣᠳᠠᠢ ᠪᠠᠶᠢᠵᠣ᠂ | ᠬᠠᠭᠠᠨ ᠰᠠᠭᠤᠬᠤ ᠵᠠᠪᠰᠢᠶᠠᠨ ᠪᠠᠶᠢᠭᠰᠠᠨ ᠦᠭᠡᠢ᠃ ᠭᠡᠪᠡᠴᠦ ᠲᠡᠭᠦᠨ ᠠᠴᠠ ᠨᠢᠭᠡ ᠬᠦᠪᠡᠭᠦᠨ ᠦᠯᠡᠳᠡᠵᠦ ᠨᠡᠷ᠎ᠡ ᠨᠢ | ᠸᠠᠶᠢᠰ ᠭᠡᠳᠡᠭ ᠶᠣᠮ᠃ ᠬᠤᠵᠢᠮ ᠸᠠᠶᠢᠰ ᠪᠣᠯᠣᠨ ᠰᠢᠷ · ᠮᠠᠬᠠᠮᠠᠳ᠋ · ᠬᠠᠭᠠᠨ ᠤ ᠬᠤᠭᠤᠷᠣᠨᠳᠣ ᠶᠡᠭᠡ ᠵᠦᠷᠢᠴᠡᠯ | ᠡᠭᠦᠰᠴᠦ ᠮᠠᠷᠭᠤᠭᠠᠨ ᠪᠣᠯᠪᠠ᠃ ᠡᠭᠦᠨ ᠢ ᠲᠣᠣᠷ᠎ᠠ ᠶᠠᠷᠢᠬᠤ ᠪᠣᠯᠣᠨ᠎ᠠ᠃ ᠰᠢᠷ · ᠮᠠᠬᠠᠮᠠᠳ᠋ · ᠬᠠᠭᠠᠨ ᠪᠣᠯ ᠮᠢᠷᠽᠠ · | ᠱᠠᠬᠠᠷᠤᠭ ᠲᠠᠢ ᠨᠢᠭᠡᠨ ᠴᠠᠭ ᠦᠶ᠎ᠡ ᠶᠢᠨ ᠬᠦᠮᠦᠨ ᠪᠣᠯᠬᠤ ᠶᠣᠮ᠃ ᠲᠡᠭᠦᠨ ᠤ ᠨᠣᠶᠠᠷᠬᠠᠯ ᠤᠨ ᠬᠤᠭᠤᠴᠠᠭ᠎ᠠ | ᠮᠠᠬᠠᠮᠠᠳ᠋ ᠬᠠᠭᠠᠨ ᠠᠴᠠ ᠨᠡᠩ ᠣᠷᠳᠣ ᠪᠠᠶᠢᠵᠠᠢ᠃ | ᠲᠣᠰ ᠪᠦᠯᠦᠭ ᠤᠨ ᠲᠠᠶᠢᠯᠪᠣᠷᠢ | ① ᠮᠢᠩ ᠣᠯᠣᠰ ᠤᠨ ᠲᠡᠣᠬᠡ ᠶᠢ ᠦᠨᠳᠦᠰᠦᠯᠡᠪᠡᠯ ᠮᠠᠬᠠᠮᠠᠳ᠋ ᠲᠤ ᠬᠦᠪᠡᠭᠦᠨ ᠦᠭᠡᠢ ᠭᠡᠵᠡᠢ᠃ ᠵᠢᠱᠢᠶᠡᠯᠡᠪᠡᠯ ᠶᠦᠩ | ᠯᠧ ᠶᠢᠨ ᠠᠷᠪᠠᠨ ᠲᠦᠷᠪᠡᠨ ᠣᠨ ᠤ ᠵᠣᠷᠪᠣᠰ ᠲᠤ ᠬᠡᠯᠡᠭᠰᠡᠨ ᠨᠢ᠄ ︽ᠭᠤᠷᠪᠠᠨ ᠰᠠᠷ᠎ᠠ ᠶᠢᠨ ᠬᠠᠷ᠎ᠠ ᠪᠠᠷᠰ ᠡᠳᠦᠷ | ᠪᠧᠱᠪᠠᠯᠢᠭ ᠶᠢᠨ ᠸᠠᠩ ᠮᠠᠬᠠᠮᠠᠳ᠋ ᠶᠢᠨ ᠠᠴᠢ ᠬᠦᠪᠡᠭᠦᠨ ᠨᠠᠾᠱ ᠵᠢᠬᠠᠨ ᠡᠯᠴᠢ ᠬᠠᠵᠢ ᠶᠢ ᠢᠷᠡᠬᠦᠯᠵᠦ ᠠᠭᠳᠠ ᠮᠣᠷᠢ | ᠪᠠ ᠨᠣᠳᠤᠭ ᠤᠨ ᠭᠠᠷᠣᠯᠳᠠ ᠪᠠᠷ ᠠᠯᠪᠠ ᠪᠠᠷᠢᠬᠤ ᠶᠢᠨ ᠬᠠᠮᠳᠣ ᠮᠡᠳᠡᠬᠦᠯᠦᠭᠰᠡᠨ ᠨᠢ᠂ ᠮᠠᠬᠠᠮᠠᠳ᠋ ᠦᠬᠦᠵᠦ ᠲᠡᠭᠦᠨ | ᠳᠤ ᠬᠦᠪᠡᠭᠦᠨ ᠦᠭᠡᠢ ᠬᠡᠮᠡᠵᠦᠬᠦᠢ᠃ ᠲᠣᠲᠣᠭᠠᠳᠣ ᠣᠷᠳᠣᠨ ᠤ ᠳᠦᠰᠢᠮᠡᠯ ᠯᠢ ᠵᠢᠶᠠ ᠪᠣᠯᠣᠨ ᠵᠢᠢ ᠱᠢ ᠵᠦᠩ | ᠳᠦᠰᠢᠮᠡᠯ ᠹᠦ᠋ ᠠᠨ ᠵᠡᠷᠭᠡ ᠶᠢ ᠲᠣᠮᠢᠯᠠᠵᠣ ᠲᠡᠭᠦᠨ ᠳᠤ ᠲᠠᠬᠢᠯ ᠡᠷᠭᠦᠷᠡ ᠢᠯᠡᠭᠡᠪᠡ᠃ ᠡᠭᠦᠨ ᠤ ᠬᠠᠮᠳᠣ ᠬᠠᠭᠠᠨ | ᠲᠠᠮᠠᠭᠠᠳᠣ ᠪᠢᠴᠢᠭ ᠦᠭᠴᠦ ᠠᠾᠱ ᠵᠢᠬᠠᠨ ᠢᠶᠠᠷ ᠸᠠᠩ ᠤᠨ ᠰᠠᠭᠤᠷᠢ ᠶᠢ ᠵᠠᠯᠭᠠᠮᠵᠢᠯᠠᠭᠤᠯᠣᠨ᠂ ᠠᠯᠳᠠ ᠮᠦᠩᠭᠦ | ᠠᠷᠳᠠᠢ ᠬᠡᠮᠡᠷᠯᠢᠭ᠂ ᠬᠤᠶᠠᠭ ᠲᠣᠭᠤᠯᠭ᠎ᠠ᠂ ᠨᠣᠮᠣ ᠰᠣᠮᠣ᠂ ᠢᠯᠳᠦ ᠵᠢᠳᠠ ᠱᠠᠩᠨᠠᠪᠠ᠂ ᠲᠡᠭᠦᠨ ᠤ ᠡᠬᠡ ᠳᠤ ᠴᠦ | ᠱᠠᠩᠨᠠᠯ ᠣᠯᠭᠤᠪᠠ ᠬᠡᠮᠡᠵᠦ ᠪᠠᠶᠢᠨ᠎ᠠ᠃ ᠪᠠᠷᠲ᠋ᠣᠯᠢᠲ ᠶᠢᠨ ᠬᠡᠯᠡᠬᠦ ᠪᠠᠷ᠂ ᠲᠣᠰ ᠵᠢᠯ ︵1416 ᠣᠨ︶ ᠨᠠᠾᠱ ᠵᠢᠬᠠᠨ | ᠰᠢᠨᠡᠬᠡᠨ ᠬᠠᠭᠠᠨ ᠰᠠᠭᠤᠷᠢᠨ ᠳᠤ ᠰᠠᠭᠤᠵᠣ᠂ ᠡᠭᠦᠨ ᠤ ᠬᠠᠮᠳᠣ ᠱᠠᠬᠠᠷᠤᠭ ᠪᠠ ᠲᠣᠮᠳᠠᠳᠣ ᠣᠯᠣᠰ ᠲᠤ ᠪᠦᠷ ᠡᠯᠴᠢᠨ | ᠢᠯᠡᠭᠡᠪᠡ ᠭᠡᠵᠡᠢ᠃ ᠠᠪᠳᠠᠷ · ᠷᠠᠵᠠᠺ ᠤᠨ ᠬᠡᠯᠡᠬᠦ ᠪᠠᠷ ᠮᠠᠬᠠᠮᠠᠳ᠋ ᠪᠣᠯ ᠨᠡᠶᠢᠳᠡ ᠶᠢᠨ ᠣᠨ ᠲᠣᠭᠠᠯᠠᠯ ᠤᠨ1415 | ᠣᠨ ᠳᠤ ᠦᠬᠦᠵᠡᠢ ᠭᠡᠪᠡ᠃ ᠲᠡᠭᠡᠷᠡᠬᠢ ᠬᠤᠶᠠᠷ ᠲᠠᠯ᠎ᠠ ᠶᠢᠨ ᠲᠡᠣᠬᠡᠨ ᠲᠡᠮᠳᠡᠭᠯᠡᠯ ᠶᠡᠬᠡᠳᠡ ᠨᠡᠶᠢᠴᠡᠵᠦ ᠪᠠᠶᠢᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |