ᠬᠤᠷᠢᠨ ᠶᠢᠰᠦᠳᠦᠭᠡᠷ ᠪᠦᠯᠦᠭ | ᠰᠣᠯᠲ᠋ᠠᠨ ᠸᠠᠶᠢᠰ ᠬᠠᠭᠠᠨ ᠪᠣᠯ ᠰᠢᠷ · ᠠᠯᠢ① ᠬᠠᠭᠠᠨ ᠤ ᠬᠦᠪᠡᠭᠦᠨ ᠪᠣᠯᠣᠨ᠎ᠠ᠃ ᠲᠡᠭᠦᠨ ᠤ ᠡᠴᠢᠭᠡ | ᠦᠬᠦᠭᠰᠡᠨ ᠤ ᠰᠡᠬᠦᠯᠡᠷ ᠲᠡᠷᠡ ᠦᠪᠡᠷ ᠤᠨ ᠶᠡᠭᠡ ᠠᠪᠠᠭ᠎ᠠ ᠰᠢᠷ · ᠮᠠᠬᠠᠮᠠᠳ᠋ · ᠬᠠᠭᠠᠨ ᠤ ᠲᠣᠣᠷ᠎ᠠ ᠠᠵᠢᠯᠯᠠᠵᠣ | ᠪᠠᠶᠢᠵᠠᠢ᠃ ᠨᠢᠭᠡ ᠬᠤᠭᠤᠴᠠᠭ᠎ᠠ ᠦᠩᠭᠡᠷᠡᠭᠡᠳ ᠲᠡᠷᠡ ᠡᠶᠢᠮᠦ ᠪᠠᠶᠢᠳᠠᠯ ᠳᠤ ᠣᠶᠢᠳᠴᠣ᠂ ᠬᠠᠭᠠᠨ ᠣᠷᠳᠣᠨ ᠠᠴᠠ | ᠲᠣᠳᠠᠭᠠᠨ ᠭᠠᠷᠴᠣ᠂ ᠲᠣᠰᠬᠠᠶᠢᠯᠠᠨ ᠪᠣᠯᠢᠶᠠᠵᠣ ᠲᠡᠭᠡᠷᠡᠮᠳᠡᠬᠦ ᠦᠢᠯᠡ ᠶᠢ ᠡᠷᠬᠢᠯᠡᠵᠡᠢ᠃ ᠮᠠᠰᠢ ᠣᠯᠠᠨ ᠰᠢᠯᠢᠳᠡᠭ | ᠵᠠᠯᠠᠭᠤᠴᠣᠳ ᠪᠦᠷ ᠦᠪᠡᠷ ᠤᠨ ᠰᠠᠶᠢᠨ ᠲᠣᠷ᠎ᠠ ᠠᠴᠠ ᠪᠠᠨ ᠲᠡᠭᠦᠨ ᠳᠤ ᠲᠠᠭᠠᠬᠤ ᠪᠣᠯᠪᠠ᠃ ᠮᠢᠨᠦ ᠡᠪᠦᠭᠡ ᠡᠮᠢᠷ · | ᠰᠠᠶ᠋ᠢᠳ᠋ · ᠠᠯᠢ② ᠪᠣᠯ ᠡᠳᠡᠭᠡᠷ ᠵᠠᠯᠠᠭᠤᠴᠣᠳ ᠤᠨ ᠲᠣᠲᠣᠷᠠᠬᠢ ᠨᠢᠭᠡ ᠨᠢ ᠶᠣᠮ᠃ ᠡᠬᠡ ᠶᠢᠨ ᠣᠳᠣᠮ ᠠᠴᠠ | ᠦᠬᠦᠯᠡᠪᠡᠯ ᠪᠢ ᠪᠣᠯ ᠸᠠᠶᠢᠰ ᠬᠠᠭᠠᠨ ᠤ ᠵᠢᠭᠡ ᠣᠮᠪᠣᠯ ᠬᠦᠪᠡᠭᠦᠨ③ ᠪᠣᠯᠬᠤ ᠶᠣᠮ᠃ ᠡᠮᠢᠷ · ᠰᠠᠶ᠋ᠢᠳ᠋ · ᠠᠯᠢ ᠪᠣᠯ | ᠮᠢᠨᠦ ᠡᠴᠢᠭᠡ ᠶᠢᠨ ᠡᠪᠦᠭᠡ ᠨᠢ ᠪᠣᠯᠬᠤ ᠶᠣᠮ᠃ ᠡᠮᠢᠷ · ᠰᠠᠶ᠋ᠢᠳ᠋ · ᠠᠯᠢ ᠪᠣᠯ ᠰᠠᠶ᠋ᠢᠳ᠋ · ᠮᠠᠬᠠᠮᠠᠳ᠋ · ᠮᠢᠷᠽᠠ ᠶᠢᠨ | ᠬᠦᠪᠡᠭᠦᠨ᠂ ᠬᠤᠳᠠᠶᠢᠳᠠ ᠶᠢᠨ ᠣᠮᠪᠣᠯ ᠬᠦᠪᠡᠭᠦᠨ ᠪᠣᠯᠣᠨ᠎ᠠ᠃ ᠮᠢᠨᠦ ᠦᠵᠡᠬᠦ ᠪᠠᠷ ᠠᠳᠡ ᠡᠮᠢᠷ · ᠰᠠᠶ᠋ᠢᠳ᠋ · ᠠᠯᠢ | ᠶᠢᠨ ᠲᠡᠣᠬᠡᠨ ᠬᠡᠷᠡᠭ ᠣᠴᠢᠷ ᠢ ᠲᠣᠷᠠᠳᠬᠤ ᠬᠡᠷᠡᠭᠳᠡᠢ ᠪᠠᠶᠢᠨ᠎ᠠ᠃ | ᠲᠣᠰ ᠪᠦᠯᠦᠭ ᠤᠨ ᠲᠠᠶᠢᠯᠪᠣᠷᠢ | ① ᠰᠢᠷ · ᠠᠯᠢ ᠬᠠᠭᠠᠨ ᠰᠠᠭᠤᠭᠰᠠᠨ ᠦᠭᠡᠢ ᠲᠦᠯᠦᠪᠳᠡᠢ᠃ ᠲᠡᠭᠦᠨ ᠢ ᠬᠠᠭᠠᠨ ᠭᠡᠵᠦ ᠪᠠᠶᠢᠭ᠎ᠠ ᠨᠢ ᠲᠡᠭᠦᠨ ᠤ | ᠬᠦᠪᠡᠭᠦᠨ ᠬᠠᠭᠠᠨ ᠰᠠᠭᠤᠭᠰᠠᠨ ᠠᠴᠠ ᠪᠣᠯᠣᠭᠰᠠᠨ ᠬᠡᠯᠡᠯᠭᠡ ᠪᠣᠯᠣᠨ᠎ᠠ᠃ | ② ᠦᠨᠡᠨᠳᠡᠭᠡᠨ ᠡᠯᠦᠨᠴᠡ ᠡᠪᠦᠭᠡ ᠨᠢ ᠮᠦᠨ᠃ ᠡᠮᠢᠷ · ᠰᠠᠶ᠋ᠢᠳ᠋ · ᠠᠯᠢ ᠪᠣᠯ ᠮᠢᠷᠽᠠ · ᠬᠠᠶᠢᠳᠠᠷ ᠤᠨ ᠡᠴᠢᠭᠡ ᠶᠢᠨ | ᠬᠢᠨᠢ ᠡᠪᠦᠭᠡ ᠨᠢ ᠪᠣᠯᠣᠨ᠎ᠠ᠃ | ③ ᠦᠨᠡᠨᠳᠡᠭᠡᠨ ᠮᠢᠷᠽᠠ · ᠬᠠᠶᠢᠳᠠᠷ ᠪᠣᠯ ᠸᠠᠶᠢᠰ ᠬᠠᠭᠠᠨ ᠤ ᠵᠢᠭᠡ ᠲᠣᠮᠪᠣᠯ ᠬᠦᠪᠡᠭᠦᠨ ᠪᠣᠯᠣᠨ᠎ᠠ᠃ ᠣᠴᠢᠷ ᠨᠢ | ᠸᠠᠶᠢᠰ ᠬᠠᠭᠠᠨ ᠤ ᠬᠦᠪᠡᠭᠦᠨ ᠶᠦᠨᠦᠰ ᠪᠣᠯ ᠰᠠᠶ᠋ᠢ ᠮᠢᠷᠽᠠ · ᠬᠠᠶᠢᠳᠠᠷ ᠤᠨ ᠲᠦᠷᠦᠭᠰᠡᠨ ᠨᠠᠭ᠎ᠠ ᠡᠪᠦᠭᠡ ᠨᠢ ᠮᠦᠨ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |