ᠭᠤᠴᠢᠳᠣᠭᠠᠷ ᠪᠦᠯᠦᠭ | ᠪᠢᠳᠡ ᠨᠢᠬᠡᠨᠳᠡ ᠬᠡᠯᠡᠵᠦ ᠦᠩᠭᠡᠷᠡᠭᠰᠡᠨ ᠢᠶᠠᠷ ᠡᠮᠢᠷ ᠬᠤᠳᠠᠶᠢᠳᠠ ᠮᠣᠩᠭᠤᠯᠰᠲ᠋ᠠᠨ ᠳᠤ ᠰᠠᠭᠤᠵᠣ ᠮᠣᠩᠭᠤᠯ ᠤᠨ | ᠣᠯᠠᠨ ᠬᠠᠭᠠᠳ ᠲᠤ ᠦᠢᠯᠡᠴᠢᠯᠡᠪᠡ᠃ ᠭᠡᠪᠡᠴᠦ ᠲᠡᠭᠦᠨ ᠤ ᠣᠭ ᠨᠣᠳᠤᠭ ᠨᠢ ᠴᠢᠩᠬᠢᠰ ᠬᠠᠭᠠᠨ ᠠᠴᠠ ᠲᠡᠭᠦᠨ ᠤ | ᠲᠡᠭᠡᠳᠦᠰ ᠲᠤ ᠰᠣᠶᠣᠷᠬᠠᠨ ᠦᠭᠭᠦᠭᠰᠡᠨ ᠢᠳᠡᠯᠭᠡᠨ ᠤ ᠣᠷᠣᠨ ᠪᠣᠯᠬᠤ ᠺᠠᠱᠭᠠᠷ ᠶᠣᠮ᠃ ᠡᠭᠦᠨ ᠢ ᠪᠢ ᠬᠤᠶᠠᠳᠣᠭᠠᠷ | ᠪᠣᠳᠢ ᠳᠤ ᠺᠠᠱᠭᠠᠷ ᠣᠷᠣᠨ ᠢ ᠦᠬᠦᠯᠡᠬᠦ ᠦᠶ᠎ᠡ ᠳᠤ ᠨᠢᠭᠡᠨᠳᠡ ᠬᠡᠯᠡᠵᠦ ᠦᠩᠭᠡᠷᠡᠭᠰᠡᠨ ᠶᠣᠮ᠃ ᠲᠡᠭᠦᠨ ᠤ | ᠬᠦᠪᠡᠭᠦᠨ ᠡᠮᠢᠷ · ᠰᠠᠶ᠋ᠢᠳ᠋ · ᠠᠬᠠᠮᠠᠳ᠋ ᠪᠣᠯ ᠬᠡᠯᠡᠭᠡᠢ ᠬᠦᠮᠦᠨ ᠶᠣᠮ᠃ ᠵᠦᠪᠬᠡᠨ ᠲᠡᠭᠦᠨ ᠲᠠᠢ ᠣᠳᠠᠭᠠᠨ ᠬᠠᠮᠳᠣ | ᠪᠠᠶᠢᠵᠣ᠂ ᠲᠡᠭᠦᠨ ᠤ ᠦᠭᠡ ᠬᠡᠯᠡᠬᠦ ᠶᠢ ᠰᠣᠨᠣᠰᠴᠣ ᠲᠠᠳᠣᠭᠰᠠᠨ ᠬᠦᠮᠦᠨ ᠪᠣᠯ ᠰᠠᠶ᠋ᠢ ᠲᠡᠭᠦᠨ ᠤ ᠶᠠᠭᠤ ᠬᠡᠯᠡᠵᠦ | ᠪᠠᠶᠢᠭ᠎ᠠ ᠶᠢ ᠣᠶᠢᠯᠭᠠᠬᠤ ᠶᠣᠮ᠃ ᠲᠠᠬᠢᠭᠠᠳ ᠲᠡᠭᠦᠨ ᠤ ᠴᠢᠬᠢ ᠴᠦ ᠬᠠᠳᠠᠭᠤ ᠪᠣᠯᠬᠤᠷ ᠲᠡᠭᠦᠨ ᠲᠠᠢ ᠬᠡᠯᠡᠯᠴᠡᠬᠦ | ᠦᠶ᠎ᠡ ᠳᠤ ᠵᠠᠪᠠᠯ ᠶᠡᠭᠡ ᠲᠠᠭᠤ ᠪᠠᠷ ᠬᠠᠰᠬᠢᠷᠣᠨ ᠦᠬᠦᠯᠡᠪᠡᠯ ᠲᠡᠷᠡ ᠰᠠᠶ᠋ᠢ ᠣᠯᠵᠣ ᠰᠣᠨᠣᠰᠳᠠᠭ ᠠᠵᠠᠢ᠃ ᠲᠡᠭᠦᠨ ᠢ | ᠡᠴᠢᠬᠡ ᠨᠢ ᠺᠠᠱᠭᠠᠷ ᠤᠨ ᠵᠠᠬᠢᠷᠣᠭᠴᠢ ᠪᠠᠷ ᠲᠣᠮᠢᠯᠠᠨ ᠣᠴᠢᠭᠤᠯᠪᠠ᠃ ᠲᠡᠷᠡ ᠡᠨᠡᠬᠦ ᠲᠣᠰᠢᠶᠠᠯ ᠳᠠᠭᠠᠨ ᠮᠠᠰᠢ | ᠣᠳᠠᠭᠠᠨ ᠣᠨ ᠠᠵᠢᠯᠯᠠᠵᠠᠢ᠃ ᠬᠤᠵᠢᠮ ᠺᠠᠱᠭᠠᠷ ᠲᠤ ᠨᠢᠭᠡᠨ ᠢᠵᠠᠭᠤᠷᠳᠠᠨ ᠪᠠᠶᠢᠵᠣ ᠨᠡᠷ᠎ᠡ ᠨᠢ ᠬᠤᠵᠠ · ᠱᠧᠷᠢᠹ | ᠭᠡᠵᠦ᠂ ᠬᠤᠵᠢᠮ ᠲᠡᠭᠦᠨ ᠤ ᠰᠦᠷ ᠬᠦᠴᠦᠨ ᠪᠣᠵᠠᠭᠠᠶᠢᠷᠠᠭᠠᠳ ᠪᠦᠬᠦ ᠬᠢᠵᠠᠭᠠᠷ ᠲᠣᠲᠣᠷᠠᠬᠢ ᠠᠷᠠᠳ ᠢᠷᠭᠡᠳ ᠪᠦᠷ | ᠲᠡᠭᠦᠨ ᠤ ᠣᠣᠬᠠᠢ ᠪᠠᠷ ᠶᠠᠪᠣᠬᠤ ᠪᠣᠯᠪᠠ᠃ ᠬᠤᠵᠠ · ᠱᠧᠷᠢᠹ ᠪᠣᠯ ᠨᠢᠭᠡ ᠬᠦᠮᠦᠨ ᠴᠢᠨᠠᠷ ᠢᠶᠠᠷ ᠡᠷᠭᠢᠮ ᠲᠡᠭᠡᠳᠦ | ᠬᠦᠮᠦᠨ ᠶᠣᠮ᠃ ᠭᠡᠪᠡᠴᠦ ᠲᠡᠷᠡ ᠰᠠᠶ᠋ᠢᠳ᠋ · ᠠᠬᠠᠮᠠᠳ᠋ · ᠮᠢᠷᠽᠠ ᠶᠢ ᠲᠣᠭᠤᠬᠤ ᠦᠭᠡᠢ ᠪᠣᠯᠬᠤᠷ᠂ ᠺᠠᠱᠭᠠᠷ ᠤᠨ | ᠲᠦᠷᠦ ᠶᠢᠨ ᠡᠷᠬᠡ ᠶᠢ ᠮᠢᠷᠽᠠ · ᠦᠯᠦᠭᠪᠡᠢ ᠳᠤ ᠲᠣᠰᠢᠶᠠᠨ ᠦᠭᠭᠦᠪᠡ᠃ ᠢᠩᠬᠢᠭᠡᠳ ᠡᠮᠢᠷ · ᠰᠠᠶ᠋ᠢᠳ᠋ · ᠠᠬᠠᠮᠠᠳ᠋ | ᠺᠠᠱᠭᠠᠷ ᠠᠴᠠ ᠡᠴᠢᠭᠡ ᠶᠢᠨ ᠢᠶᠠᠨ ᠲᠡᠷᠭᠡᠳᠡ ᠲᠣᠳᠠᠭᠠᠨ ᠣᠴᠢᠵᠠᠢ᠃ ᠭᠡᠪᠡᠴᠦ ᠲᠡᠷᠡ ᠲᠡᠮᠡᠢ ᠣᠳᠠᠯ ᠦᠭᠡᠢ ᠨᠠᠰᠣ | ᠪᠠᠷᠠᠪᠠ᠃ | ᠰᠠᠶ᠋ᠢᠳ᠋ · ᠠᠬᠠᠮᠠᠳ᠋ · ᠮᠢᠷᠽᠠ ᠶᠢᠨ ᠬᠦᠪᠡᠭᠦᠨ ᠨᠢ ᠡᠮᠢᠷ · ᠠᠯᠢ ᠭᠡᠵᠦ᠂ ᠶᠡᠷᠦ ᠨᠢ ᠡᠪᠦᠭᠡ ᠡᠮᠢᠷ ᠬᠤᠳᠠᠶᠢᠳᠠ | ᠶᠢᠨ ᠲᠡᠷᠭᠡᠳᠡ ᠰᠠᠭᠤᠳᠠᠭ ᠪᠠᠶᠢᠵᠠᠢ᠃ ᠡᠮᠢᠷ ᠬᠤᠳᠠᠶᠢᠳᠠ ᠡᠨᠡᠬᠦ ᠣᠮᠪᠣᠯ ᠬᠦᠪᠡᠭᠦᠨ ᠢᠶᠠᠨ ᠮᠠᠰᠢ ᠬᠠᠶᠢᠷᠠᠯᠠᠳᠠᠭ᠃ | ᠲᠡᠭᠦᠨ ᠤ ᠪᠡᠶ᠎ᠡ ᠪᠢᠯᠳᠡᠷ᠂ ᠰᠦᠰᠦ ᠵᠣᠷᠢᠭ᠂ ᠴᠢᠳᠠᠪᠣᠷᠢ ᠪᠣᠯᠣᠨ ᠣᠬᠠᠭᠠᠨ ᠪᠣᠳᠣᠯ ᠨᠢ ᠪᠦᠷ ᠲᠡᠭᠦᠨ ᠤ ᠦᠶ᠎ᠡ ᠶᠢᠨ | ᠬᠦᠮᠦᠰ ᠠᠴᠠ ᠪᠠᠨ ᠢᠯᠡᠳᠳᠡ ᠲᠠᠪᠠᠳᠠᠭ ᠪᠠᠶᠢᠯ᠎ᠠ᠃ ᠡᠶᠢᠮᠦ ᠠᠴᠠ ᠲᠡᠷᠡ ᠲᠡᠭᠦᠨ ᠢ ᠬᠡᠵᠢᠶᠡᠳᠡ ᠰᠠᠶ᠋ᠢᠳ᠋ · ᠠᠯᠢ · | ᠠᠯᠢᠹ① ᠭᠡᠵᠦ ᠲᠠᠭᠤᠳᠠᠭ ᠪᠠᠶᠢᠵᠠᠢ᠃ | ᠡᠮᠢᠷ · ᠰᠠᠶ᠋ᠢᠳ᠋ · ᠠᠯᠢ ᠬᠦᠪᠡᠭᠦᠨ ᠮᠠᠬᠠᠮᠠᠳ᠋ · ᠬᠠᠶᠢᠳᠠᠷ · ᠮᠢᠷᠽᠠ ᠳᠠᠭᠠᠨ ᠡᠰᠡᠨ ᠪᠣᠬ᠎ᠠ ᠬᠠᠭᠠᠨ ᠤ ᠬᠡᠣᠬᠡᠨ ︵ | ᠲᠣᠣᠷ᠎ᠠ ᠡᠭᠦᠨ ᠢ ᠪᠠᠰᠠ ᠲᠠᠬᠢᠨ ᠲᠣᠷᠠᠳᠣᠨ᠎ᠠ︶ ᠢ ᠪᠣᠭᠳᠣᠯᠣᠨ ᠠᠪᠬᠤ ᠦᠶ᠎ᠡ ᠳᠤ ᠪᠠᠶᠠᠷᠯᠠᠭᠰᠠᠨ ᠢᠶᠠᠨ ᠢᠯᠡᠳᠭᠡᠬᠦ | ᠶᠢᠨ ᠲᠣᠯᠠᠳᠠ᠂ ᠬᠡᠷᠡᠮ ᠲᠡᠭᠡᠷ᠎ᠡ ᠪᠠᠨ ᠨᠢᠭᠡᠨ ᠬᠠᠳᠠᠭᠠᠰᠣ ᠬᠠᠳᠠᠵᠠᠢ᠃ ᠲᠡᠷᠡᠬᠦ ᠬᠠᠳᠠᠭᠠᠰᠣ ᠶᠢ ᠨᠢ ᠪᠢ ᠨᠢᠳᠦ ᠪᠠᠷ | ᠢᠶᠠᠨ ᠬᠠᠷᠠᠭᠰᠠᠨ ᠶᠣᠮ᠃ ᠨᠢᠭᠡ ᠡᠷ᠎ᠡ ᠠᠰ ᠪᠣᠰᠤᠭ᠎ᠠ ᠪᠠᠷ ᠵᠣᠭᠰᠣᠭᠠᠳ᠂ ᠲᠡᠭᠦᠨ ᠤ ᠮᠦᠷᠦᠨ ᠲᠡᠭᠡᠷ᠎ᠡ ᠲᠠᠬᠢᠨ | ᠨᠢᠭᠡ ᠠᠰ ᠪᠣᠰᠤᠭ᠎ᠠ ᠪᠠᠷ ᠵᠣᠭᠰᠣᠭᠰᠠᠨ ᠬᠦᠮᠦᠨ ᠭᠠᠷ ᠢᠶᠠᠨ ᠡᠷᠭᠦᠬᠦ ᠳᠤ ᠬᠠᠳᠠᠭᠠᠰᠣ ᠬᠦᠷᠳᠡᠯ᠎ᠡ ᠪᠠᠰᠠ ᠨᠢᠭᠡ ᠭᠠᠽ | ᠲᠣᠳᠠᠬᠤ② ᠶᠣᠮ᠃ | ᠶᠠᠭ ᠡᠶᠢᠮᠦ ᠠᠴᠠ③ ᠡᠮᠢᠷ ᠬᠤᠳᠠᠶᠢᠳᠠ᠂ ᠡᠮᠢᠷ · ᠰᠠᠶ᠋ᠢᠳ᠋ · ᠠᠯᠢ ᠶᠢ ᠢᠯᠡᠭᠦᠥ ᠬᠠᠶᠢᠷᠠᠯᠠᠳᠠᠭ ᠪᠠᠶᠢᠵᠠᠢ᠃ | ᠡᠨᠡ ᠦᠶ᠎ᠡ ᠪᠠᠷ ᠲᠡᠮᠦᠷ ᠤᠨ ᠬᠤᠶᠢᠴᠰ ᠪᠣᠯᠬᠤ ᠮᠢᠷᠽᠠ · ᠱᠠᠬᠠᠷᠤᠭ ᠤᠨ ᠭᠡᠷ ᠲᠦᠷᠦᠯ ᠤᠨ ᠲᠣᠲᠣᠷ᠎ᠠ ᠨᠢᠭᠡ | ᠠᠬᠠᠮᠠᠳ᠋ · ᠮᠢᠷᠽᠠ ᠭᠡᠳᠡᠭ ᠬᠦᠮᠦᠨ ᠪᠠᠶᠢᠵᠣ᠂ ᠦᠪᠡᠷ ᠤᠨ ᠲᠣᠲᠣᠷ᠎ᠠ ᠵᠠᠭᠤᠷ᠎ᠠ ᠪᠠᠨ ᠲᠠᠭᠠᠷᠠᠯᠴᠠᠬᠤ ᠦᠭᠡᠢ ᠪᠣᠯᠬᠤᠷ | ᠮᠣᠩᠭᠤᠯᠰᠲ᠋ᠠᠨ ᠳᠤ ᠳᠣᠳᠠᠭᠠᠨ ᠢᠷᠡᠭᠰᠡᠨ ᠶᠣᠮ᠃ ᠲᠡᠭᠦᠨ ᠤ ᠨᠢᠭᠡ ᠬᠡᠣᠬᠡᠨ ᠲᠡᠭᠦᠥ ᠨᠢ ᠲᠡᠭᠦᠨ ᠢ ᠲᠠᠭᠠᠯᠴᠠᠨ | ᠢᠷᠡᠵᠡᠢ᠃ ᠡᠮᠢᠷ · ᠰᠠᠶ᠋ᠢᠳ᠋ · ᠠᠯᠢ ᠲᠡᠭᠦᠨ ᠤ ᠬᠡᠣᠬᠡᠨ ᠲᠡᠭᠦᠥ ᠶᠢ ᠲᠣᠩ ᠬᠠᠶᠢᠷᠠᠯᠠᠨ ᠲᠣᠭᠤᠵᠠᠢ᠃ ᠡᠶᠢᠮᠦ ᠠᠴᠠ | ᠡᠮᠢᠷ ᠬᠤᠳᠠᠶᠢᠳᠠ ᠪᠣᠯᠣᠨ ᠪᠣᠰᠣᠳ ᠬᠦᠮᠦᠰ ᠡᠨᠡᠬᠦ ᠬᠡᠣᠬᠡᠨ ᠢ ᠡᠮᠢᠷ · ᠰᠠᠶ᠋ᠢᠳ᠋ · ᠠᠯᠢ ᠳᠤ ᠡᠬᠡᠨᠡᠷ ᠪᠣᠯᠭᠠᠨ | ᠪᠣᠭᠳᠣᠯᠣᠨ ᠠᠪᠬᠤ ᠭᠡᠰᠡᠨ ᠳᠤ ᠲᠡᠷᠡᠬᠦ ᠬᠡᠣᠬᠡᠨ ᠲᠣᠷ᠎ᠠ ᠦᠭᠡᠢ ᠪᠣᠯᠬᠤᠷ᠄ ︽ᠪᠢ ᠮᠣᠩᠭᠤᠯᠰᠲ᠋ᠠᠨ ᠤ ᠠᠮᠢᠳᠣᠷᠠᠯ | ᠳᠤ ᠴᠢᠨᠢ ᠲᠠᠳᠬᠤ ᠦᠭᠡᠢ᠂ ᠬᠡᠷᠪᠡ ᠲᠡᠷᠡ ᠨᠠᠳᠠ ᠲᠠᠢ ᠬᠠᠮᠳᠣ ᠮᠢᠨᠦ ᠨᠣᠳᠤᠭ ᠲᠤ ᠣᠴᠢᠪᠠᠯ ᠪᠢ ᠰᠠᠶ᠋ᠢ | ᠵᠦᠪᠰᠢᠶᠡᠷᠡᠨ᠎ᠡ︾ ᠭᠡᠪᠡ᠃ ᠲᠡᠭᠡᠭᠡᠳ ᠡᠮᠢᠷ · ᠰᠠᠶ᠋ᠢᠳ᠋ · ᠠᠯᠢ ᠲᠡᠷᠡ ᠲᠣᠣᠷ᠎ᠠ ᠪᠠᠨ ᠲᠡᠭᠦᠨ ᠳᠤ ᠪᠠᠷ᠎ᠠ ᠪᠣᠯᠵᠣ | ᠲᠡᠭᠦᠨ ᠤ ᠨᠣᠳᠤᠭ ᠲᠤ ᠣᠴᠢᠪᠠ᠃ ᠲᠡᠳᠡ ᠵᠦᠳᠡᠵᠦ ᠠᠨᠳᠢᠵᠠᠨ ᠳᠤ ᠬᠦᠷᠳᠡᠯ᠎ᠡ᠂ ᠮᠢᠷᠽᠠ · ᠦᠯᠦᠭᠪᠡᠢ ᠬᠦᠮᠦᠨ | ᠲᠣᠮᠢᠯᠠᠨ ᠠᠬᠠᠮᠠᠳ᠋ · ᠮᠢᠷᠽᠠ ᠶᠢ ᠠᠯᠠᠵᠣ᠂ ᠦᠪᠡᠷ ᠢᠶᠠᠨ ᠡᠨᠡᠬᠦ ᠬᠡᠣᠬᠡᠨ ᠲᠡᠭᠦᠥ ᠪᠠᠨ ᠪᠣᠭᠳᠣᠯᠣᠨ ᠠᠪᠴᠠᠢ᠃ | ᠡᠭᠦᠨ ᠤ ᠬᠠᠮᠳᠣ ᠡᠮᠢᠷ · ᠰᠠᠶ᠋ᠢᠳ᠋ · ᠠᠯᠢ ᠶᠢ ᠰᠠᠮᠠᠷᠺᠠᠨᠳ᠋ ᠶᠢᠨ ᠱᠣᠷᠣᠩ ᠳᠤ ᠨᠢᠭᠡ ᠵᠢᠯ ᠬᠤᠷᠢᠵᠠᠢ᠃ ᠲᠡᠷᠡ ᠠᠳᠡ | ᠬᠤᠷᠢᠭᠳᠠᠨ ᠴᠢᠴᠠᠭ᠎ᠠ ᠠᠯᠳᠠᠬᠤ ᠡᠪᠡᠳᠴᠢᠨ ᠣᠯᠵᠣ᠂ ᠬᠤᠷᠢᠭᠳᠠᠵᠣ ᠪᠠᠶᠢᠭ᠎ᠠ ᠪᠣᠯᠬᠤᠷ ᠡᠪᠡᠳᠴᠢᠨ ᠨᠢ | ᠬᠦᠨᠳᠦᠷᠡᠭᠰᠡᠨ ᠦᠶ᠎ᠡ ᠳᠤ ᠦᠯᠦᠭᠪᠡᠢ ᠰᠠᠶ᠋ᠢ ᠡᠮᠴᠢ ᠵᠠᠯᠠᠨ ᠲᠡᠭᠦᠨ ᠢ ᠡᠮᠴᠢᠯᠡᠭᠦᠯᠵᠡᠢ᠃ ᠭᠡᠪᠡᠴᠦ ᠡᠮ ᠲᠠᠩ | ᠨᠢᠭᠡᠨᠳᠡ ᠶᠠᠪᠣᠭᠤᠷᠢ ᠦᠭᠡᠢ ᠪᠣᠯᠪᠠ᠃ ᠨᠢᠭᠡᠨ ᠡᠳᠦᠷ ᠨᠢᠭᠡ ᠬᠦᠮᠦᠨ ᠴᠡᠭᠡ ᠠᠪᠴᠢᠷᠠᠭᠰᠠᠨ ᠢ ᠦᠵᠡᠵᠦ᠂ ᠡᠮᠢᠷ · | ᠰᠠᠶ᠋ᠢᠳ᠋ · ᠠᠯᠢ ᠡᠮᠴᠢ ᠠᠴᠠ ᠭᠤᠶᠣᠵᠣ ᠦᠭᠦᠯᠡᠷᠦᠨ᠄ ︽ᠡᠮ ᠲᠠᠩ ᠨᠢᠭᠡᠨᠳᠡ ᠶᠠᠪᠣᠭᠤᠷᠢ ᠦᠭᠡᠢ ᠪᠣᠯᠣᠭᠰᠠᠨ ᠶᠣᠮ | ᠴᠢᠨᠢ᠂ ᠪᠢ ᠵᠢᠭᠠᠬᠠᠨ ᠴᠡᠭᠡ ᠣᠣᠭᠤᠮᠠᠷ ᠰᠠᠨᠠᠵᠣ ᠪᠠᠶᠢᠨ᠎ᠠ᠂ ᠲᠣᠷᠰᠢᠵᠣ ᠦᠵᠡᠮᠦ︖ ᠪᠢ ᠴᠡᠭᠡ ᠳᠤ ᠲᠣᠩ | ᠲᠣᠷᠠᠳᠠᠢ ᠶᠣᠮᠰᠠᠨ︾ ᠭᠡᠰᠡᠨ ᠳᠤ ᠲᠡᠳᠡᠭᠡᠷ ᠬᠦᠮᠦᠰ ᠲᠡᠭᠦᠨ ᠤ ᠭᠤᠶᠣᠴᠢᠯᠠᠯ ᠢ ᠵᠦᠪᠰᠢᠶᠡᠷᠡᠨ᠂ ᠭᠤᠷᠢ | ᠲᠠᠰᠣᠷᠠᠭᠰᠠᠨ ᠬᠦᠮᠦᠨ ᠳᠤ ᠡᠴᠦᠰ ᠤᠨ ᠨᠢᠭᠡ ᠲᠣᠷᠰᠢᠯᠳᠠ ᠬᠢᠵᠦ ᠦᠵᠡᠬᠦ ᠰᠠᠨᠠᠭ᠎ᠠ ᠲᠠᠢ ᠪᠠᠷ ᠡᠮᠴᠢ ᠬᠡᠯᠡᠭᠰᠡᠨ ᠨᠢ᠄ | ︽ᠴᠡᠭᠡ ᠪᠠᠷᠤᠭ ᠲᠡᠭᠦᠨ ᠤ ᠪᠡᠶ᠎ᠡ ᠳᠤ ᠵᠢᠭᠠᠬᠠᠨ ᠲᠠᠮᠢᠷ ᠰᠡᠯᠪᠢᠬᠦ ᠮᠠᠭᠠᠳ ᠦᠭᠡᠢ︾ ᠭᠡᠵᠦ ᠬᠡᠯᠡᠭᠡᠳ ᠣᠷᠢᠳᠠᠪᠡᠷ | ᠲᠡᠭᠦᠨ ᠳᠤ ᠵᠢᠭᠠᠬᠠᠨ ᠬᠡᠮᠵᠢᠶ᠎ᠡ ᠪᠠᠷ ᠴᠡᠭᠡ ᠣᠣᠭᠤᠯᠭᠠᠵᠠᠢ᠃ ᠡᠭᠦᠨ ᠠᠴᠠ ᠡᠬᠢᠯᠡᠭᠡᠳ ᠲᠡᠭᠦᠨ ᠤ ᠡᠪᠡᠳᠴᠢᠨ ᠤ | ᠪᠠᠶᠢᠳᠠᠯ ᠡᠳᠦᠷ ᠢᠷᠡᠬᠦᠶ᠎ᠡ ᠰᠠᠶᠢᠵᠢᠷᠠᠵᠣ ᠪᠠᠶᠢᠭ᠎ᠠ ᠲᠦᠯᠦᠪᠳᠡᠢ ᠪᠣᠯᠪᠠ᠃ ᠲᠡᠭᠡᠭᠡᠳ ᠲᠠᠷᠠᠭ᠎ᠠ ᠡᠳᠦᠷ ᠠᠴᠠ ᠨᠢ | ᠲᠡᠷᠡ ᠬᠡᠳᠦᠢ ᠣᠣᠭᠤᠶᠠ ᠭᠡᠪᠡᠯ ᠳᠡᠳᠦᠢ ᠬᠡᠮᠵᠢᠶᠡᠨ ᠤ ᠴᠡᠭᠡ ᠣᠣᠭᠤᠯᠭᠠᠭᠰᠠᠭᠠᠷ ᠪᠠᠶᠢᠵᠣ᠂ ᠲᠡᠭᠦᠨ ᠤ ᠡᠪᠡᠳᠴᠢᠨ | ᠪᠦᠷᠢᠮᠦᠰᠦᠨ ᠢᠯᠠᠷᠢᠰᠢᠵᠠᠢ᠃ ᠡᠨᠡ ᠦᠶ᠎ᠡ ᠪᠠᠷ ᠮᠢᠷᠽᠠ · ᠦᠯᠦᠭᠪᠡᠢ ᠲᠡᠭᠦᠨ ᠤ ᠡᠷᠬᠢᠮ ᠬᠦᠨᠳᠦᠳᠦ ᠡᠴᠢᠭᠡ | ᠮᠢᠷᠽᠠ · ᠱᠠᠬᠠᠷᠤᠭ ᠢ ᠡᠷᠭᠢᠵᠦ ᠦᠵᠡᠬᠦ ᠪᠠᠷ ᠪᠣᠯᠪᠠ᠃ ᠡᠨᠡ ᠦᠶ᠎ᠡ ᠪᠠᠷ ᠡᠮᠢᠷ · ᠰᠠᠶ᠋ᠢᠳ᠋ · ᠠᠯᠢ ᠴᠦ ᠪᠦᠷᠢᠮᠦᠰᠦᠨ | ᠡᠷᠡᠭᠦᠯᠰᠢᠵᠦ᠂ ᠲᠡᠭᠦᠨ ᠳᠤ ᠮᠣᠷᠢ ᠬᠤᠶᠠᠭ ᠲᠣᠭᠤᠯᠭ᠎ᠠ ᠵᠡᠷ ᠵᠡᠪᠰᠡᠭ ᠦᠭᠴᠦ ᠲᠡᠭᠦᠨ ᠢ ᠲᠠᠭᠠᠭᠤᠯᠣᠨ ᠬᠤᠷᠣᠽᠠᠨ | ᠲᠤ ᠠᠪᠠᠴᠢᠬᠤ ᠪᠠᠷ ᠪᠣᠯᠪᠠ᠃ ᠲᠡᠭᠦᠨ ᠤ ᠰᠠᠨᠠᠭ᠎ᠠ ᠪᠣᠯ ᠲᠡᠨᠳᠡᠬᠢ ᠣᠯᠠᠨ ᠬᠦᠮᠦᠨ ᠳᠤ ︵ᠪᠡᠶ᠎ᠡ ᠪᠢᠯᠳᠠᠷ ᠰᠦᠷᠯᠢᠭ | ᠲᠣᠮᠣ︶ ᠡᠮᠢᠷ · ᠰᠠᠶ᠋ᠢᠳ᠋ · ᠠᠯᠢ ᠶᠢ ᠦᠵᠡᠭᠦᠯᠦᠨ᠂ ᠡᠨᠡ ᠪᠣᠯ ᠮᠢᠨᠦ ᠮᠣᠩᠭᠤᠯᠰᠲ᠋ᠠᠨ ᠠᠴᠠ ᠣᠯᠵᠠᠯᠠᠨ | ᠠᠪᠴᠢᠷᠠᠭᠰᠠᠨ ᠣᠯᠵᠠᠯᠠᠭᠰᠠᠳ ᠭᠡᠵᠦ ᠪᠡᠶ᠎ᠡ ᠪᠠᠨ ᠮᠠᠵᠣᠣᠯᠠᠬᠤ ᠶᠢᠨ ᠲᠦᠯᠦᠭᠡ ᠪᠠᠶᠢᠵᠠᠢ᠃ ᠨᠢᠭᠡᠨ ᠰᠦᠨᠢ ᠮᠢᠷᠽᠠ · | ᠦᠯᠦᠭᠪᠡᠢ ᠦᠪᠡᠷ ᠤᠨ ᠮᠠᠶᠢᠬᠠᠨ ᠲᠣᠲᠣᠷ᠎ᠠ ᠠᠴᠠ ᠭᠠᠳᠠᠨᠠᠬᠢ ᠭᠠᠯ ᠪᠠᠮᠪᠠᠷ ᠡᠷᠭᠦᠨ ᠦᠩᠭᠡᠷᠡᠬᠦ ᠬᠦᠮᠦᠰ ᠤᠨ | ᠲᠣᠮᠳᠠ ᠡᠮᠢᠷ · ᠰᠠᠶ᠋ᠢᠳ᠋ · ᠠᠯᠢ ᠪᠠᠶᠢᠭ᠎ᠠ ᠶᠢ ᠦᠵᠡᠵᠦ᠂ ᠲᠡᠭᠦᠨ ᠤ ᠭᠠᠷ ᠲᠤ ᠪᠠᠷᠢᠭᠰᠠᠨ ᠨᠣᠮᠣ ᠨᠢ ᠪᠣᠰᠣᠳ | ᠬᠦᠮᠦᠨ ᠤ ᠬᠢ ᠠᠴᠠ ᠬᠠᠪᠢ ᠦᠭᠡᠢ ᠶᠡᠭᠡ ᠪᠠᠶᠢᠵᠣ᠂ ᠭᠦᠢᠴᠡᠳ ᠠᠷᠪᠠᠨ ᠲᠦᠷᠪᠡᠨ ᠰᠦᠬᠦᠮ ᠣᠷᠳᠣ ᠪᠠᠶᠢᠯ᠎ᠠ᠃ | ᠲᠡᠭᠦᠨ ᠢ ᠦᠵᠡᠭᠡᠳ ᠮᠢᠷᠽᠠ · ᠦᠯᠦᠭᠪᠡᠢ ᠲᠣᠲᠣᠷ᠎ᠠ ᠪᠠᠨ᠄ ︽ᠬᠡᠷᠪᠡ ᠡᠨᠡ ᠬᠦᠮᠦᠨ ᠡᠨᠡ ᠨᠣᠮᠣ ᠪᠠᠷ ᠨᠠᠳᠠ ᠶᠢ | ᠬᠠᠷᠪᠣᠶᠠ ᠭᠡᠵᠦ ᠰᠠᠨᠠᠪᠠᠯ᠂ ᠬᠡᠨ ᠬᠦᠮᠦᠨ ᠲᠡᠭᠦᠨ ᠢ ᠬᠤᠷᠢᠭᠯᠠᠵᠣ ᠲᠡᠶᠢᠯᠦᠬᠦ ᠪᠣᠢ︖︾ ᠭᠡᠵᠦ ᠪᠣᠳᠣᠭᠠᠳ᠂ | ᠪᠣᠳᠣᠬᠤ ᠲᠣᠲᠣᠮ ᠠᠶᠣᠳᠠᠰ ᠲᠦᠷᠦᠵᠦ᠂ ᠲᠡᠷᠡ ᠲᠣᠣᠷ᠎ᠠ ᠪᠠᠨ ᠬᠦᠮᠦᠨ ᠲᠣᠮᠢᠯᠠᠨ ᠡᠮᠢᠷ · ᠰᠠᠶ᠋ᠢᠳ᠋ · ᠠᠯᠢ ᠶᠢ | ᠲᠠᠭᠤᠳᠠᠨ ᠠᠪᠴᠢᠷᠠᠵᠣ᠂ ᠲᠡᠭᠦᠨ ᠳᠤ ᠬᠡᠯᠡᠭᠰᠡᠨ ᠨᠢ᠄ ︽ᠬᠤᠷᠣᠽᠠᠨ ᠬᠦᠷᠬᠦ ᠵᠠᠮ ᠭᠤᠳᠣᠰ ᠵᠦᠳᠡᠭᠦᠷᠢ ᠲᠠᠢ | ᠪᠣᠯᠬᠤᠷ ᠲᠠᠨ ᠳᠤ ᠲᠠᠭᠠᠯᠠᠮᠵᠢ ᠦᠭᠡᠢ ᠮᠠᠭᠠᠳ᠂ ᠲᠠ ᠣᠷᠢᠳᠠᠪᠠᠷ ᠰᠠᠮᠠᠷᠺᠠᠨᠳ᠋ ᠲᠤ ᠬᠦᠷᠴᠦ᠂ ᠮᠢᠨᠦ ᠪᠣᠴᠠᠵᠣ ᠢᠷᠡᠬᠦ | ᠶᠢ ᠬᠦᠯᠢᠶᠡᠵᠦ ᠪᠠᠢ᠂ ᠲᠡᠭᠡᠭᠡᠳ ᠪᠢ ᠪᠣᠴᠠᠵᠣ ᠢᠷᠡᠪᠡᠯ ᠴᠢᠮ᠎ᠠ ᠶᠢ ᠮᠣᠩᠭᠤᠯᠰᠲ᠋ᠠᠨ ᠳᠤ ᠬᠠᠷᠢᠭᠤᠯᠣᠶᠠ᠃ ᠲᠠ | ᠬᠠᠷᠢᠪᠠᠯ ᠰᠢᠷ · ᠮᠠᠬᠠᠮᠠᠳ᠋ ᠬᠠᠭᠠᠨ ᠪᠣᠯᠣᠨ ᠮᠢᠨᠦ ᠬᠤᠭᠤᠷᠣᠨᠳᠣ ᠡᠶᠡᠳᠦᠬᠦᠯᠬᠦ ᠬᠦᠮᠦᠨ ᠪᠣᠯᠣᠭᠠᠷᠠᠢ᠃ ᠲᠡᠭᠡᠪᠡᠯ | ᠠᠯᠢᠪᠠ ᠪᠦᠬᠦᠨ ᠢ ᠪᠦᠷ ᠡᠩᠬᠡ ᠲᠠᠶᠢᠪᠣᠩ ᠢᠶᠠᠷ ᠰᠢᠢᠳᠪᠦᠷᠢᠯᠡᠵᠦ ᠴᠢᠳᠠᠬᠤ ᠪᠣᠯᠣᠨ᠎ᠠ︾ ᠭᠡᠪᠡ᠃ | ᠲᠡᠭᠡᠭᠡᠳ ᠦᠯᠦᠭᠪᠡᠢ ᠲᠡᠭᠦᠨ ᠢ ᠰᠠᠮᠠᠷᠺᠠᠨᠳ᠋ ᠲᠤ ᠶᠠᠪᠣᠭᠤᠯᠭᠰᠠᠨ ᠮᠦᠷᠳᠡᠬᠡᠨ᠂ ᠨᠢᠭᠡ ᠬᠦᠮᠦᠨ ᠲᠣᠮᠢᠯᠠᠨ ᠬᠠᠮᠠᠭᠠᠯᠠᠨ | ᠬᠦᠷᠭᠡᠪᠡ᠃ ᠲᠡᠷᠡ ᠪᠠᠰᠠ ᠰᠠᠮᠠᠷᠺᠠᠨᠳ᠋ ᠶᠢᠨ ᠵᠠᠬᠢᠷᠣᠭᠴᠢ ᠳᠤ ᠨᠢᠭᠡᠨ ᠬᠤᠪᠢ ᠵᠠᠬᠢᠳᠠᠯ ᠪᠢᠴᠢᠨ᠂ ᠡᠮᠢᠷ · ᠰᠠᠶ᠋ᠢᠳ᠋ · | ᠠᠯᠢ ᠶᠢ ᠶᠣᠰᠣᠯᠠᠯ ᠲᠡᠭᠦᠯᠳᠡᠷ ᠵᠣᠴᠢᠯᠠᠵᠣ ᠪᠠᠶᠢᠭᠠᠷᠠᠢ ᠭᠡᠵᠦ ᠵᠠᠷᠯᠢᠭᠳᠠᠪᠠ᠃ ᠭᠡᠪᠡᠴᠦ ᠲᠡᠷᠡ ᠲᠠᠯᠳᠠᠭᠤᠷ ᠨᠢᠭᠡ | ᠨᠢᠭᠤᠴᠠ ᠡᠯᠴᠢ ᠲᠣᠮᠢᠯᠠᠨ ᠰᠠᠮᠠᠷᠺᠠᠨᠳ᠋ ᠶᠢᠨ ᠵᠠᠬᠢᠷᠣᠭᠴᠢ ᠶᠢ ᠡᠮᠢᠷ · ᠰᠠᠶ᠋ᠢᠳ᠋ ᠶᠢ ᠪᠠᠷᠢᠪᠴᠢᠯᠠᠨ ᠬᠤᠷᠢᠳᠣᠭᠠᠢ ᠭᠡᠵᠦ | ᠵᠠᠷᠯᠢᠭᠳᠠᠪᠠ᠃ | ᠡᠮᠢᠷ · ᠰᠠᠶ᠋ᠢᠳ᠋ · ᠠᠯᠢ ᠲᠡᠷᠡᠭᠦ ᠬᠠᠮᠠᠭᠠᠯᠠᠨ ᠬᠦᠷᠭᠡᠭᠴᠢ ᠲᠠᠢ ᠬᠠᠮᠳᠣ ᠰᠠᠮᠠᠷᠺᠠᠨᠳ᠋ ᠲᠤ ᠢᠷᠡᠬᠦ ᠦᠶ᠎ᠡ ᠳᠤ ᠲᠡᠷᠡ | ᠡᠨᠡᠬᠦ ᠬᠦᠮᠦᠨ ᠤ ᠵᠦᠢᠯ ᠵᠦᠢᠯ ᠤᠨ ᠬᠡᠪ ᠤᠨ ᠪᠣᠰᠣ ᠦᠢᠯᠡ ᠬᠦᠳᠡᠯᠦᠯ ᠠᠴᠠ ᠰᠡᠷᠡᠵᠦ ᠮᠡᠳᠡᠭᠰᠡ ᠨᠢ ᠡᠨᠡ | ᠣᠳᠠᠭᠠᠨ ᠤ ᠠᠶᠠᠯᠠᠯ ᠳᠤ ᠵᠣᠯ ᠪᠣᠰᠣ ᠬᠡᠷᠡᠭ ᠯᠠᠪ ᠭᠠᠷᠬᠤ ᠪᠣᠯᠣᠯᠳᠠᠢ ᠬᠡᠮᠡᠨ ᠰᠡᠵᠢᠭᠯᠡᠪᠡ᠃ ᠲᠡᠳᠡ ᠬᠤᠶᠠᠭᠤᠯᠠ | ᠬᠤᠳᠠ ᠣᠷᠣᠭᠰᠠᠨ ᠤ ᠲᠠᠷᠠᠭ᠎ᠠ ᠬᠠᠮᠠᠭᠠᠯᠠᠨ ᠬᠦᠷᠭᠡᠭᠴᠢ ᠲᠡᠭᠦᠨ ᠢ ᠨᠢᠭᠡᠨ ᠵᠣᠴᠢᠳ ᠤᠨ ᠪᠠᠭᠤᠳᠠᠯ ᠤᠨ ᠦᠷᠦᠭᠡ | ᠳᠤ ᠣᠷᠣᠭᠤᠯᠣᠨ᠂ ᠦᠪᠡᠷ ᠢᠶᠠᠨ ᠬᠤᠳᠠ ᠶᠢᠨ ᠵᠠᠬᠢᠷᠣᠭᠴᠢ ᠲᠠᠢ ᠠᠭᠤᠯᠵᠠᠬᠤ ᠪᠠᠷ ᠣᠴᠢᠵᠠᠢ᠃ ᠡᠨᠡᠬᠦ ᠬᠠᠮᠳᠣ | ᠢᠷᠡᠭᠰᠡᠨ ᠬᠠᠮᠠᠭᠠᠯᠠᠨ ᠬᠦᠷᠭᠡᠭᠴᠢ ᠶᠢ ᠭᠠᠷᠣᠭᠠᠳ ᠶᠠᠪᠣᠮᠠᠭᠴᠠ᠂ ᠡᠮᠢᠷ · ᠰᠠᠶ᠋ᠢᠳ᠋ · ᠠᠯᠢ ᠴᠦ ᠡᠨᠡᠬᠦ ᠦᠷᠦᠭᠡ ᠠᠴᠠ | ᠭᠠᠷᠴᠣ᠂ ᠶᠠᠪᠠᠭᠠᠨ ᠢᠶᠠᠷ ᠠᠯᠬᠤᠭᠠᠳ ᠲᠠᠱᠺᠠᠨᠳ᠋ ᠢ ᠴᠢᠭᠯᠡᠨ ᠬᠦᠳᠡᠯᠪᠡ᠃ ᠲᠡᠷᠡᠬᠦ ᠬᠠᠮᠠᠭᠠᠯᠠᠨ ᠬᠦᠷᠭᠡᠭᠴᠢ ᠬᠤᠳᠠ | ᠶᠢᠨ ᠵᠠᠬᠢᠷᠣᠭᠴᠢ ᠲᠠᠢ ᠠᠭᠤᠯᠵᠠᠨ ᠣᠴᠢᠷ ᠶᠠᠪᠣᠳᠠᠯ ᠢᠶᠠᠨ ᠲᠠᠭᠤᠰᠬᠠᠭᠠᠳ ᠢᠷᠡᠬᠦ ᠦᠶ᠎ᠡ ᠳᠤ ᠵᠣᠴᠢᠳ ᠤᠨ | ᠪᠠᠭᠤᠳᠠᠯ ᠳᠤ ᠡᠮᠢᠷ · ᠰᠠᠶ᠋ᠢᠳ᠋ · ᠠᠯᠢ ᠶᠢᠨ ᠣᠨᠣᠭᠰᠠᠨ ᠮᠣᠷᠢ ᠪᠠ ᠲᠠᠭᠠᠯᠳᠠ ᠵᠠᠷᠣᠳᠠᠰᠣ ᠨᠢ ᠪᠦᠷ ᠲᠡᠨᠳᠡ ᠪᠠᠨ | ᠪᠠᠶᠢᠵᠣ᠂ ᠵᠦᠪᠬᠡᠨ ᠡᠮᠢᠷ ᠤᠨ ᠪᠠᠷ᠎ᠠ ᠠᠯᠠᠭ᠎ᠠ ᠪᠠᠶᠢᠯ᠎ᠠ᠃ ᠲᠡᠳᠡᠨᠡᠷ ᠠᠴᠠ ᠡᠮᠢᠷ ᠢ ᠠᠰᠠᠭᠤᠬᠤ ᠳᠤ ᠰᠠᠶ᠋ᠢᠬᠠᠨ | ᠭᠠᠷᠣᠭᠠᠳ ᠶᠠᠪᠣᠭᠰᠠᠨ ᠰᠢᠳᠡ ᠭᠡᠪᠡ᠃ ᠲᠡᠭᠡᠭᠡᠳ ᠲᠡᠳᠡ ᠰᠠᠨᠳᠣᠷᠣᠨ ᠡᠷᠢᠯ ᠪᠣᠯᠵᠠᠭᠠᠪᠠ᠃ ᠭᠡᠪᠡᠴᠦ ᠲᠡᠭᠦᠨ ᠤ | ᠪᠠᠷ᠎ᠠ ᠶᠢ ᠴᠦ ᠣᠯᠣᠭᠰᠠᠨ ᠦᠭᠡᠢ᠃ | ᠡᠨᠡ ᠦᠶ᠎ᠡ ᠡᠮᠢᠷ · ᠰᠠᠶ᠋ᠢᠳ᠋ · ᠠᠯᠢ ᠬᠡᠵᠢᠶᠡᠨᠡᠢ ᠵᠠᠮ ᠲᠠᠭᠠᠨ ᠣᠷᠣᠵᠣ ᠶᠠᠪᠣᠭᠠᠨ ᠢᠶᠠᠷ ᠵᠠᠮᠨᠠᠵᠣ ᠪᠠᠶᠢᠭᠠᠳ | ᠬᠡᠳᠦᠨ ᠬᠠᠯᠠᠨᠳᠠᠷ ᠲᠠᠢ ᠠᠭᠤᠯᠵᠠᠪᠠ᠃ ᠡᠮᠢᠷ ᠴᠦ ᠬᠤᠪᠴᠠᠰᠣ ᠪᠠᠨ ᠰᠣᠯᠢᠵᠣ ᠬᠠᠯᠠᠨᠳᠠᠷ ᠮᠡᠳᠦ ᠪᠣᠯᠣᠭᠠᠳ ᠲᠡᠳᠡ | ᠬᠠᠮᠳᠣ ᠵᠠᠮᠨᠠᠨ᠂ ᠠᠮᠣᠷ ᠲᠦᠪᠰᠢᠨ ᠲᠠᠱᠺᠠᠨᠳ᠋ ᠬᠦᠷᠪᠡ᠃ ᠡᠳᠡᠭᠡᠷ ᠬᠦᠮᠦᠰ ᠡᠮᠢᠷ ᠲᠤ ᠠᠱᠲ᠋ᠠᠷ · ᠠᠪᠳᠠᠯ ᠭᠡᠳᠡᠭ | ᠨᠡᠷ᠎ᠡ ᠦᠭᠴᠦ᠂ ᠦᠪᠡᠷ ᠦᠪᠡᠷ ᠤᠨ ᠲᠠᠭᠠᠷ ᠠᠴᠠ ᠪᠠᠨ ᠬᠦᠨᠡᠰᠦ ᠪᠠᠨ ᠭᠠᠷᠭᠠᠵᠣ ᠲᠡᠭᠦᠨ ᠳᠤ ᠢᠳᠡᠬᠦᠯᠪᠡ᠃ | ᠢᠩᠬᠢᠵᠦ ᠬᠠᠯᠠᠨᠳᠠᠷ ᠢᠶᠠᠷ ᠣᠪᠯᠠᠨ ᠴᠢᠨᠠᠭᠰᠢ ᠵᠠᠮᠨᠠᠭᠰᠠᠭᠠᠷ ᠳ᠋ᠠᠯᠠᠰ ᠲᠤ ᠬᠦᠷᠴᠡᠢ᠃ ᠡᠨᠡ ᠭᠠᠵᠠᠷ ᠤᠨ ᠨᠦᠬᠦᠭᠡ | ᠨᠡᠷ᠎ᠡ ᠨᠢ ᠶᠠᠩᠶ᠋ᠢ ︵Yangi︶④ ᠭᠡᠳᠡᠭ ᠶᠣᠮ᠃ ᠡᠮᠢᠷ ︵ᠨᠢᠭᠡ ᠵᠠᠮ ᠲᠣᠷᠰᠢ ᠬᠡᠨ ᠳᠤ ᠴᠦ ᠲᠠᠨᠢᠭᠳᠠᠭᠰᠠᠨ | ᠦᠭᠡᠢ ᠪᠣᠯᠪᠠᠴᠣ᠂︶ ᠶᠠᠩᠶ᠋ᠢ ᠳᠤ ᠢᠷᠡᠭᠡᠳ ᠬᠠᠷᠢᠨ ᠨᠢᠭᠡ ᠠᠭᠤᠢ ᠳᠤ ᠪᠢᠱᠢᠯᠭᠠᠭᠴᠢ ᠶᠢᠨ ᠪᠦᠯᠦᠭ ᠤᠨ ᠮᠠᠮᠯᠠᠺᠠᠲ | · ᠠᠲ᠋ᠠ⑤ ᠶᠢᠨ ᠱᠠᠾ ᠲᠤ ᠲᠠᠨᠢᠭᠳᠠᠪᠠ᠃ ᠡᠨᠡᠬᠦ ᠱᠠᠾ ᠦᠪᠡᠷ ᠤᠨ ᠬᠦᠪᠡᠭᠦᠨ ᠱᠠᠳᠢᠺᠠ ᠪᠠᠨ ᠲᠣᠮᠢᠯᠠᠨ᠂ ᠡᠮᠢᠷ | ᠲᠤ ᠬᠠᠨᠢ ᠪᠣᠯᠭᠠᠨ᠂ ᠮᠣᠩᠭᠤᠯᠰᠲ᠋ᠠᠨ ᠳᠤ ᠲᠠᠭᠠᠭᠤᠯᠣᠨ ᠢᠷᠡᠵᠦ᠂ ᠡᠮᠢᠷ ᠬᠤᠳᠠᠶᠢᠳᠠ ᠶᠢᠨ ᠲᠡᠨᠳᠡ ᠬᠦᠷᠭᠡᠵᠦ | ᠢᠷᠡᠪᠡ᠃ ᠱᠠᠾ · ᠱᠠᠳᠢᠺᠠ ᠡᠭᠦᠨ ᠠᠴᠠ ᠡᠬᠢᠯᠡᠨ ᠡᠨᠡᠬᠦ ᠡᠮᠢᠷ ᠤᠨ ᠰᠢᠳᠠᠷ ᠬᠠᠨᠢᠳᠠᠨ ᠰᠠᠶᠢᠨ ᠨᠠᠶᠢᠵᠠ ᠪᠣᠯᠵᠣ᠂ | ᠦᠨᠡᠨᠴᠢ ᠵᠢᠷᠣᠮᠳᠠᠨ ᠴᠣᠯᠠ ᠣᠯᠣᠭᠰᠠᠨ ᠶᠣᠮ᠃ ᠲᠡᠭᠦᠨ ᠤ ᠦᠷᠡᠰ ᠡᠳᠦᠬᠡ ᠪᠣᠯᠳᠠᠯ᠎ᠠ ᠪᠠᠶᠢᠭᠰᠠᠭᠠᠷ᠂ ᠭᠡᠶ᠎ᠡ ᠲᠡᠮᠡᠢ | ᠶᠡᠭᠡ ᠨᠡᠷ᠎ᠡ ᠠᠯᠳᠠᠷ ᠮᠠᠨᠳᠣᠭᠰᠠᠨ ᠦᠭᠡᠢ ᠯᠠ ᠲᠡᠳᠦᠢ ᠶᠣᠮ᠃ | ᠡᠮᠢᠷ · ᠰᠠᠶ᠋ᠢᠳ᠋ · ᠠᠯᠢ ᠲᠡᠭᠦᠨ ᠤ ᠠᠯᠳᠠᠷ ᠮᠠᠨᠳᠣᠭᠰᠠᠨ ᠡᠷᠬᠢᠮ ᠢᠵᠠᠭᠤᠷᠳᠠᠨ ᠪᠣᠯᠬᠤ ᠡᠪᠦᠭᠡ ᠬᠤᠳᠠᠶᠢᠳᠠ | ᠶᠢᠨ ᠲᠣᠣᠷ᠎ᠠ ᠢᠷᠡᠬᠦ ᠦᠶ᠎ᠡ ᠳᠤ᠂ ᠸᠠᠶᠢᠰ ᠬᠠᠭᠠᠨ ᠨᠢᠭᠡᠨᠳᠡ ᠲᠡᠭᠦᠨ ᠤ ᠠᠪᠠᠭ᠎ᠠ ᠡᠴᠢᠭᠡ ᠰᠢᠷ · ᠮᠠᠬᠠᠮᠠᠳ᠋ ᠬᠠᠭᠠᠨ | ᠠᠴᠠ ᠰᠠᠯᠵᠣ᠂ ᠪᠣᠯᠢᠶᠠᠨ ᠲᠡᠭᠡᠷᠡᠮᠳᠡᠬᠦ ᠪᠠᠷ ᠠᠵᠢᠯ ᠪᠣᠯᠭᠠᠬᠤ ᠪᠠᠷ ᠶᠠᠪᠣᠵᠠᠢ᠃ ᠡᠮᠢᠷ · ᠬᠤᠳᠠᠶᠢᠳᠠ᠂ ᠡᠮᠢᠷ · | ᠰᠠᠶ᠋ᠢᠳ᠋ · ᠠᠯᠢ ᠳᠤ ᠬᠡᠯᠡᠭᠰᠡᠨ ᠨᠢ᠄ ︽ᠪᠢ ᠦᠵᠡᠪᠡᠯ ᠴᠢ ᠬᠠᠰᠢᠯᠠ ᠸᠠᠶᠢᠰ ᠬᠠᠭᠠᠨ ᠤ ᠲᠣᠣᠷ᠎ᠠ ᠣᠴᠢᠭᠰᠠᠨ | ᠲᠡᠭᠡᠷ᠎ᠡ ᠪᠠᠶᠢᠬ᠎ᠠ᠃ ᠡᠰᠡᠪᠦᠭᠡᠰᠦ ᠴᠢ ᠠᠳᠡ ᠪᠠᠶᠢᠪᠠᠯ ᠬᠤᠣᠷ ᠠᠮᠰᠠᠵᠣ ᠮᠡᠳᠡᠨ᠎ᠡ︾ ᠭᠡᠪᠡ᠃ ᠲᠡᠭᠡᠭᠡᠳ ᠲᠡᠭᠦᠨ ᠳᠤ | ᠵᠢᠷᠠᠨ ᠨᠡᠷ᠎ᠡ ᠵᠠᠯᠠᠭᠤ ᠲᠠᠭᠠᠭᠰᠠᠳ ᠰᠣᠩᠭᠤᠵᠣ ᠦᠭᠭᠦᠭᠡᠳ᠂ ᠸᠠᠶᠢᠰ ᠬᠠᠭᠠᠨ ᠤ ᠲᠣᠣᠷ᠎ᠠ ᠶᠠᠪᠣᠭᠤᠯᠵᠠᠢ᠃ ᠡᠮᠢᠷ · | ᠰᠠᠶ᠋ᠢᠳ᠋ · ᠠᠯᠢ ᠦᠨᠡᠨᠴᠢ ᠰᠡᠳᠬᠢᠯ ᠢᠶᠠᠷ ᠸᠠᠶᠢᠰ ᠬᠠᠭᠠᠨ ᠳᠤ ᠬᠦᠴᠦᠨ ᠵᠢᠳᠭᠦᠪᠡ᠃ ᠸᠠᠶᠢᠰ ᠬᠠᠭᠠᠨ ᠦᠪᠡᠷ ᠤᠨ | ᠬᠡᠣᠬᠡᠨ ᠲᠡᠭᠦᠥ ᠦᠵᠦᠩ · ᠰᠣᠯᠲ᠋ᠠᠨ · ᠬᠠᠨᠢᠮ ᠢᠶᠠᠨ ᠲᠡᠭᠦᠨ ᠳᠤ ᠪᠣᠭᠳᠣᠯᠣᠨ ᠦᠭᠴᠡᠢ᠃ | ᠡᠮᠢᠷ · ᠰᠠᠶ᠋ᠢᠳ᠋ · ᠠᠯᠢ ᠸᠠᠶᠢᠰ ᠬᠠᠭᠠᠨ ᠤ ᠲᠦᠯᠦᠭᠡ ᠲᠤᠭ᠎ᠠ ᠲᠣᠮᠰᠢ ᠦᠭᠡᠢ ᠣᠯᠠᠨ ᠭᠠᠪᠢᠶ᠎ᠠ ᠪᠠᠶᠢᠭᠤᠯᠵᠠᠢ᠃ | ᠲᠣᠰ ᠨᠣᠮ ᠤᠨ ᠠᠭᠤᠯᠭ᠎ᠠ ᠶᠢᠨ ᠬᠢᠵᠠᠭᠠᠷᠯᠠᠯ ᠠᠴᠠ ᠪᠣᠯᠵᠣ ᠵᠦᠪᠬᠡᠨ ᠸᠠᠶᠢᠰ ᠬᠠᠭᠠᠨ ᠢ ᠦᠬᠦᠯᠡᠬᠦ ᠦᠶ᠎ᠡ ᠳᠤ | ᠲᠡᠭᠦᠨ ᠠᠴᠠ ᠬᠡᠳᠦᠨ ᠵᠦᠢᠯ ᠢ ᠶᠠᠷᠢᠭᠠᠳ ᠯᠠ ᠠᠪᠣᠶ᠎ᠠ᠃ | ᠲᠣᠰ ᠪᠦᠯᠦᠭ ᠤᠨ ᠲᠠᠶᠢᠯᠪᠣᠷᠢ | ① ᠲᠡᠭᠦᠨ ᠢ ᠰᠠᠶ᠋ᠢᠳ᠋ · ᠠᠯᠢ · ᠠᠯᠢᠹ ᠭᠡᠵᠦ ᠲᠠᠭᠤᠳᠠᠳᠠᠭ ᠰᠢᠯᠳᠠᠭᠠᠨ ᠨᠢ ᠲᠡᠭᠦᠨ ᠤ ᠨᠢᠷᠣᠭᠤ ᠬᠡᠵᠢᠶᠡᠳᠡ ᠠᠪ | ᠠᠰᠬᠠᠨ ᠲᠡᠨᠡᠶᠢᠵᠦ ᠪᠠᠶᠢᠳᠠᠭ ᠯᠠ ᠪᠣᠯᠬᠤᠷ ᠲᠡᠭᠡᠵᠦ ᠨᠡᠷᠡᠯᠡᠵᠡᠢ᠃ ᠠᠯᠢᠹ ᠭᠡᠳᠡᠭ ᠨᠢ ᠠᠷᠠᠪ ᠴᠠᠭᠠᠨ ᠲᠣᠯᠣᠭᠠᠢ ᠶᠢᠨ | ᠠ ᠪᠣᠯᠣᠨ᠎ᠠ᠃ ᠶᠡᠷᠦ ᠨᠢ ᠠᠷᠠᠪ ᠴᠠᠭᠠᠨ ᠲᠣᠯᠣᠭᠠᠢ ᠲᠣᠲᠣᠷ᠎ᠠ ᠪᠣᠰᠤᠭ᠎ᠠ ᠪᠠᠷ ᠬᠠᠮᠤᠭ ᠠᠰᠠᠬᠠᠨ ᠪᠢᠴᠢᠳᠡᠭ ᠨᠢ ᠠ | ᠭᠠᠭᠴᠠᠬᠠᠨ ᠪᠣᠯᠬᠤ ᠲᠣᠯᠠ ᠲᠡᠭᠡᠵᠦ ᠲᠠᠭᠤᠳᠠᠭᠰᠠᠨ ᠠᠵᠠᠢ᠃ | ② ᠭᠡᠷ ᠦᠷᠦᠬᠡ ᠶᠢᠨ ᠬᠡᠷᠡᠮ ᠬᠠᠨ᠎ᠠ ᠲᠠᠭᠠᠨ ᠬᠠᠳᠠᠭᠠᠰᠣ ᠬᠠᠳᠠᠬᠤ ᠨᠢ ᠶᠠᠮᠠᠷ ᠨᠢᠭᠡᠨ ᠲᠠᠳᠬᠠᠯ ᠪᠣᠯᠣᠯᠳᠠᠢ᠃ | ᠬᠤᠶᠢᠨᠠᠬᠢ ᠦᠬᠦᠯᠡᠪᠦᠷᠢ ᠠᠴᠠ ᠦᠵᠡᠪᠡᠯ ᠪᠠᠷᠤᠭ ᠲᠡᠭᠦᠨ ᠤ ᠪᠡᠶ᠎ᠡ ᠶᠢᠨ ᠦᠨᠳᠦᠷ ᠤᠨ ᠲᠣᠬᠠᠢ ᠲᠠᠢ ᠬᠡᠯᠡᠯᠭᠡ ᠴᠦ | ᠮᠠᠭᠠᠳ᠃ ᠭᠡᠪᠡᠴᠦ ᠠᠯᠢ ᠨᠢ ᠵᠦᠪ ᠭᠡᠳᠡᠭ ᠢ ᠡᠰᠡ ᠮᠡᠳᠡᠪᠡ — ᠮᠣᠩᠭᠤᠯᠴᠢᠯᠠᠭᠴᠢ ᠠᠴᠠ᠃ | ③ ᠣᠣᠯ ᠨᠣᠮ ᠤᠨ ᠠᠭᠤᠯᠭ᠎ᠠ ᠠᠴᠠ ᠦᠵᠡᠪᠡᠯ ᠶᠠᠭ ᠡᠶᠢᠮᠦᠷᠭᠦ ᠪᠡᠶ᠎ᠡ ᠭᠠᠯᠪᠢᠷ ᠵᠡᠷᠭᠡ ᠠᠴᠠ ᠪᠣᠯᠵᠣ ᠲᠡᠭᠦᠨ ᠢ | ᠢᠯᠡᠭᠦᠥ ᠬᠠᠶᠢᠷᠠᠯᠠᠳᠠᠭ ᠭᠡᠰᠡᠨ ᠣᠳᠬ᠎ᠠ ᠲᠠᠢ ᠦᠭᠡ ᠠᠵᠠᠢ᠃ | ④ ᠡᠨᠡ ᠨᠡᠷ᠎ᠡ ᠶᠢ ᠫᠧᠷᠰ ᠬᠡᠯᠡᠨ ᠳᠤ ᠶᠠᠩᠶ᠋ᠢ᠂ ᠶᠠᠩᠭᠢ᠂ ᠶᠠᠩᠺᠢ ᠭᠡᠵᠦ ᠣᠩᠰᠢᠬᠤ ᠪᠠᠷ ᠪᠠᠷᠠᠬᠤ ᠦᠭᠡᠢ ᠪᠠᠰᠠ | ᠨᠢᠺᠢ ᠮᠠᠰᠺᠢ ᠭᠡᠵᠦ ᠣᠩᠰᠢᠬᠤ ᠶᠣᠮ᠃ ᠭᠡᠳᠦᠶᠢᠪᠡᠷ ᠠᠯᠢ ᠪᠠᠷ ᠨᠢ ᠣᠩᠰᠢᠭᠰᠠᠨ ᠴᠦ ᠪᠦᠷ ᠠ ᠡᠭᠡᠰᠢᠭ | ᠲᠠᠭᠠᠯᠳᠣᠬᠤ ᠦᠭᠡᠢ ᠶᠣᠮ᠃ ᠭᠡᠪᠡᠴᠦ ᠬᠠᠰᠢᠯᠠ ᠶᠠᠩᠶ᠋ᠢ ᠪᠠᠶᠢᠪᠠᠯ ᠵᠦᠪ ᠪᠠᠶᠢᠨ᠎ᠠ᠃ ᠵᠣᠬᠢᠶᠠᠭᠴᠢ ᠶᠢᠨ ᠬᠡᠯᠡᠬᠦ ᠪᠠᠷ | ᠶᠠᠩᠶ᠋ᠢ ᠪᠣᠯ ᠳᠠᠯᠠᠰ ᠤᠨ ᠨᠦᠬᠦᠭᠡ ᠨᠡᠷ᠎ᠡ ᠪᠣᠯᠣᠨ᠎ᠠ ᠭᠡᠵᠡᠢ᠃ ᠡᠷᠳᠡᠨ ᠤ ᠦᠶ᠎ᠡ ᠳᠤ ᠲᠠᠯᠠᠰ ᠭᠡᠬᠦ ᠪᠣᠶᠣ ᠳ᠋ᠠᠯᠠᠰ | ᠭᠡᠳᠡᠭ ᠬᠤᠳᠠᠨ ᠤ ᠭᠠᠵᠠᠷ ᠵᠦᠢ ᠶᠢᠨ ᠪᠠᠶᠢᠷᠢᠰᠢᠯ ᠨᠢ ᠰᠢᠷᠢᠳᠠᠷᠢᠶᠠ ᠮᠦᠷᠡᠨ ᠤ ᠠᠷᠣ ᠲᠠᠯ᠎ᠠ ᠳᠤ ᠪᠠᠶᠢᠵᠠᠢ᠃ | ᠭᠡᠪᠡᠴᠦ ᠪᠣᠳᠠᠳᠠᠢ ᠭᠠᠵᠠᠷ ᠢ ᠨᠢ ᠣᠳᠣ ᠪᠣᠯᠳᠠᠯ᠎ᠠ ᠲᠣᠭᠳᠠᠭᠠᠵᠣ ᠴᠢᠳᠠᠭᠠᠳᠣᠢ ᠪᠠᠶᠢᠨ᠎ᠠ᠃ ᠭᠡᠶ᠎ᠡ ᠣᠯᠠᠩᠬᠢ ᠬᠦᠮᠦᠨ | ᠤ ᠦᠵᠡᠬᠦ ᠪᠠᠷ ᠲᠠᠯᠠᠰ ᠭᠡᠪᠡᠯ ᠲᠦᠷᠺᠰᠲ᠋ᠠᠨ ᠬᠤᠳᠠ ᠪᠣᠶᠣ ᠣᠲᠷᠠᠷ ᠬᠤᠳᠠ ᠶᠢᠨ ᠨᠦᠬᠦᠭᠡ ᠨᠡᠷ᠎ᠡ ᠪᠣᠯᠬᠤ ᠶᠣᠮ | ᠭᠡᠳᠡᠭ᠃ | ⑤ ᠮᠠᠮᠯᠠᠺᠠᠲ · ᠠᠲ᠋ᠠ ᠶᠢ ᠷᠣᠰ ᠠᠴᠠ ᠪᠠᠰᠠ ᠮᠠᠮᠯᠢᠺᠠᠲ · ᠠᠲ᠋ᠠᠨ ᠭᠡᠳᠡᠭ ᠭᠡᠵᠦ ᠲᠠᠶᠢᠯᠪᠣᠷᠢᠯᠠᠵᠠᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |