ᠤᠷᠤᠰ ᠤᠨ ᠬᠠᠯᠢᠮᠠᠭ ᠮᠤᠩᠭᠤᠯᠴᠤᠳ ᠤᠨ ᠡᠭᠦᠰᠤᠯ ᠪᠦᠷᠢᠯᠳᠤᠯ
ᠨᠡᠶᠢᠲᠡᠯᠡᠭᠰᠡᠨ ᠴᠠᠭ᠄
2020/3/24
    ᠬᠠᠯᠢᠮᠠᠭ ᠬᠦᠮᠦᠨ᠂ ᠤᠤᠯ ᠨᠢ ᠪᠣᠯ ᠲᠦᠷᠺ ᠬᠡᠯᠡᠨ ᠤ ᠶᠡᠭᠡ ᠭᠤᠪᠢ ᠠᠴᠠ ᠪᠠᠷᠠᠭᠤᠨᠰᠢᠬᠢ ᠮᠤᠩᠭᠤᠯ ᠤᠨ ᠲᠤᠷᠭᠤᠤᠨ ᠠᠶᠢᠮᠠᠭ ᠢ ᠨᠡᠷᠡᠯᠡᠭᠰᠡᠨ ᠦᠭᠡ ᠪᠤᠯᠤᠨ᠎ᠠ᠃ ᠮᠤᠩᠭᠤᠯ ᠰᠤᠳᠤᠯᠤᠯ ᠤᠨ ᠡᠷᠳᠡᠮᠳᠡᠨ ᠰᠦᠬᠡ ᠶᠢᠨ ᠦᠵᠡᠬᠦ ᠪᠠᠷ ᠲᠤᠷᠭᠤᠤᠨ ᠪᠤᠯ ᠨᠢᠭᠡᠳᠦᠭᠰᠡᠨ ᠮᠤᠩᠭᠤᠯ ᠤᠢᠢᠷᠠᠤᠨ ᠤᠨ ᠲᠦᠷᠪᠡᠨ ᠠᠶᠢᠮᠠᠭ ᠤᠨ ︵ᠬᠤᠱᠤᠤᠨ᠂ ᠵᠦᠩᠭᠠᠷ᠂ ᠲᠦᠷᠪᠡᠤᠨ᠂ ᠲᠤᠷᠭᠤᠤᠨ︶ ᠨᠢᠭᠡ ᠪᠤᠯᠤᠨ᠎ᠠ᠃ ᠸᠤᠯᠭ᠎ᠠ ᠮᠦᠷᠡᠨ ᠳᠤ ᠬᠠᠰᠢᠭᠳᠠᠭᠰᠠᠨ ᠤᠢᠢᠷᠠᠳ ᠮᠤᠩᠭᠤᠯᠴᠤᠳ ᠪᠤᠯ ᠮᠢᠩ ᠤᠯᠤᠰ ᠤᠨ ᠰᠡᠭᠦᠯᠴᠢ ᠶᠢᠨ ᠵᠢᠯ ᠤᠳ ᠲᠤ ᠲᠤᠷᠭᠤᠳ ᠠᠶᠢᠮᠠᠭ ᠤᠨ ᠤᠯᠠᠩᠬᠢ ᠡᠷᠦᠬᠡ ᠤᠳ ᠨᠡᠭᠦᠳᠡᠯᠯᠡᠨ ᠮᠠᠯᠵᠢᠵᠤ ᠪᠠᠶᠢᠭᠰᠠᠨ ᠲᠦᠷᠦᠯᠬᠢ ᠨᠤᠳᠤᠭ ᠲᠠᠷᠪᠠᠭᠠᠳᠠᠢ ︵ᠮᠠᠨ ᠤ ᠤᠯᠤᠰ ᠤᠨ ᠰᠢᠨᠵᠢᠶᠠᠩ ᠤᠨ ᠦᠢᠭᠤᠷ ᠤᠨ ᠦᠪᠡᠷᠳᠡᠬᠡᠨ ᠵᠠᠰᠠᠬᠤ ᠤᠷᠤᠨ ᠳᠤ ᠪᠤᠢ︶ ᠠᠴᠠ ᠰᠠᠯᠵᠤ ᠪᠠᠷᠠᠭᠤᠨᠰᠢ ᠪᠠᠨ ᠨᠡᠭᠦᠳᠡᠯᠯᠡᠭᠰᠡᠨ ᠤ ᠦᠷ᠎ᠡ ᠬᠤᠶᠢᠴᠢᠰ ᠮᠦᠨ᠃ ᠲᠡᠷᠡ ᠦᠶ᠎ᠡ ᠳᠤ ᠵᠦᠩᠭᠠᠷ ᠠᠶᠢᠮᠠᠭ ᠬᠦᠴᠦᠷᠬᠡᠭᠵᠢᠨ ᠪᠤᠵᠠᠭᠠᠢᠢᠷᠠᠵᠤ ᠂ ᠲᠤᠷᠭᠤᠤᠨᠴᠤᠤᠨ ᠵᠦᠩᠭᠠᠷ ᠤᠨ ᠨᠤᠶᠠᠷᠬᠠᠯ ᠢ ᠬᠦᠯᠢᠶᠠᠵᠦ ᠠᠪᠬᠤ ᠲᠤᠷ᠎ᠠ ᠦᠭᠡᠢ᠂ ᠰᠢᠨ᠎ᠡ ᠤᠷᠤᠰᠢᠨ ᠠᠮᠢᠳᠤᠷᠠᠬᠤ ᠨᠤᠳᠤᠭ ᠤᠰᠤ ᠡᠷᠢᠬᠦ ᠶᠢᠨ ᠲᠦᠯᠦᠭᠡ᠂ 1616 ᠤᠨ ᠳᠤ ᠠᠶᠢᠮᠠᠭ ᠤᠨ ᠠᠬᠠᠯᠠᠬᠴᠢ ᠬᠤ ᠦᠷᠯᠦᠭ ᠤᠨ ᠲᠠᠭᠠᠭᠤᠯᠭ᠎ᠠ ᠲᠤᠤᠷ᠎ᠠ ᠬᠠᠰᠠᠭ ᠤᠨ ᠲᠠᠯ᠎ᠠ ᠨᠤᠳᠤᠭ ᠢ ᠲᠤᠭᠤᠯᠵᠤ᠂ ᠦᠷᠡᠯ ᠭᠤᠤᠯ ᠢ ᠭᠠᠳᠤᠯᠤᠨ ᠲᠤᠬᠠᠢ ᠶᠢᠨ ᠦᠶ᠎ᠡ ᠳᠤ ᠤᠷᠤᠰ ᠲᠤ ᠡᠵᠡᠯᠡᠭᠳᠡᠭᠡ ᠦᠭᠡᠢ ᠪᠠᠶᠢᠭᠰᠠᠨ ᠸᠤᠯᠭ᠎ᠠ ᠮᠦᠷᠡᠨ ᠤ ᠲᠤᠤᠷ᠎ᠠ ᠤᠷᠤᠰᠬᠠᠯ ᠤᠨ ᠭᠠᠵᠠᠷ ᠤᠷᠤᠨ ᠳᠤ ᠬᠦᠷᠴᠦ᠂ ᠺᠠᠰᠫᠢ ᠲᠠᠩᠬᠢᠰ ᠤᠨ ᠬᠦᠪᠡᠭᠡᠨ ᠳᠤ ᠬᠦᠷᠴᠦ ᠨᠤᠳᠤᠭᠯᠠᠵᠠᠢ᠃ ᠲᠡᠳᠡ ᠡᠨᠡᠬᠦ ᠰᠢᠨ᠎ᠡ ᠨᠤᠳᠤᠭ ᠲᠤ ᠬᠦᠷᠴᠦ ᠢᠷᠡᠭᠰᠡᠨ ᠤ ᠲᠠᠷᠠᠭ᠎ᠠ᠂ ᠡ᠊ᠨᠳᠡᠭᠢ ᠠᠭᠤᠯᠠ ᠤᠰᠤ᠂ ᠡᠪᠡᠰᠦ ᠪᠡᠯᠴᠢᠭᠡᠷ ᠢ ᠬᠠᠶᠢᠷᠠᠯᠠᠨ ᠬᠠᠮᠠᠭᠠᠯᠠᠵᠤ᠂ ᠺᠠᠰᠫᠢ ᠲᠠᠩᠬᠢᠰ ᠢ ᠲᠡᠳᠡ ᠮᠤᠩᠭᠤᠯ ᠢᠶᠠᠷ ︽ᠬᠦᠬᠡ ᠲᠠᠩᠬᠢᠰ︾ ᠬᠡᠮᠡᠨ ᠬᠠᠶᠢᠷᠠᠯᠠᠨ ᠨᠡᠷᠡᠯᠡᠵᠦ᠂ ᠸᠤᠯᠭ᠎ᠠ ᠮᠦᠷᠡᠨ ᠢ ︽ᠡᠵᠢ ᠭᠤᠤᠯ︾ ᠬᠡᠮᠡᠨ ᠬᠦᠨᠳᠦᠦᠬᠡᠨ ᠲᠠᠭᠤᠳᠠᠵᠠᠢ᠃   ᠠᠷᠪᠠᠨ ᠨᠠᠢᠮᠠᠳᠤᠭᠠᠷ ᠵᠠᠭᠤᠨ ᠤ ᠰᠡᠬᠦᠯᠴᠢ ᠶᠢᠨ ᠦᠶ᠎ᠡ ᠪᠤᠯᠬᠤ ᠳᠤ᠂ ᠴᠠᠭᠠᠨ ᠤᠷᠤᠰ ᠤᠨ ᠡᠵᠡᠷᠬᠡᠭᠯᠡᠯ ᠠᠴᠠ ᠮᠤᠯᠳᠤᠷᠠᠬᠤ ᠶᠢᠨ ᠲᠦᠯᠦᠭᠡ᠂ 1771 ᠤᠨ ᠳᠤ ᠤᠪᠰᠢ ᠬᠠᠨ ᠤ ᠲᠠᠭᠠᠭᠤᠯᠭ᠎ᠠ ᠲᠤᠤᠷ᠎ᠠ ᠤᠯᠠᠩᠬᠢ ᠲᠤᠷᠭᠤᠤᠠᠴᠤᠤᠨ ᠸᠤᠯᠭ᠎ᠠ ᠮᠦᠷᠡᠨ ᠤ ᠬᠦᠪᠡᠭᠡᠨ ᠠᠴᠠ ᠰᠠᠯᠵᠤ᠂ ᠵᠡᠭᠦᠨ ᠡᠮᠦᠨᠡᠰᠢ ᠡᠬᠡ ᠨᠤᠳᠤᠭ ᠤᠷᠤᠭᠤ ᠪᠠᠨ ᠴᠢᠭᠯᠡᠵᠡᠢ᠃ ᠪᠤᠴᠠᠬᠤ ᠵᠠᠮ ᠳᠠᠭᠠᠨ ᠤᠷᠤᠰ ᠤᠨ ᠴᠡᠷᠢᠭ ᠪᠤᠯᠤᠨ ᠬᠠᠰᠠᠭ ᠬᠦᠮᠦᠨ ᠤ ᠴᠤᠬᠢᠯᠳᠠ ᠳᠤ ᠤᠴᠠᠷᠠᠵᠤ᠂ ᠮᠠᠰᠢ ᠤᠯᠠᠨ ᠬᠦᠮᠦᠨ ᠦᠭᠦᠵᠤ ᠬᠤᠭᠢᠷᠠᠨ᠂ ᠬᠠᠮᠤᠭ ᠤᠨ ᠰᠡᠭᠦᠯ ᠳᠤ ᠬᠡᠳᠦᠬᠡᠨ ᠲᠦᠮᠡᠨ ᠬᠦᠮᠦᠨ ᠰᠢᠨᠵᠢᠶᠠᠩ ᠳᠠᠬᠢ ᠨᠤᠳᠤᠭ ᠲᠠᠭᠠᠨ ᠪᠤᠴᠠᠨ ᠢᠷᠡᠵᠡᠢ᠃ ᠦᠯᠡᠳᠡᠭᠰᠡᠨ ᠭᠤᠷᠪᠠᠨ ᠤ ᠨᠢᠭᠡ ᠬᠤᠪᠢ ᠶᠢᠨ ᠲᠤᠷᠭᠤᠤᠨᠴᠤᠤᠨ ᠸᠤᠯᠭ᠎ᠠ ᠮᠦᠷᠡᠨ ᠤ ᠪᠠᠷᠠᠭᠤᠨ ᠪᠡᠶ᠎ᠡ ᠳᠤ ᠨᠡᠭᠦᠳᠡᠯᠯᠡᠨ ᠮᠠᠯᠵᠢᠵᠤ ᠪᠠᠶᠢᠭᠰᠠᠨ ᠪᠤᠯᠬᠤᠷ ᠸᠤᠯᠭ᠎ᠠ ᠮᠦᠷᠡᠨ ᠤ ᠤᠷᠤᠰᠬᠠᠯ ᠳᠤ ᠬᠠᠰᠢᠭᠳᠠᠭᠰᠠᠨ ᠪᠠ ᠴᠠᠭᠠᠨ ᠬᠠᠭᠠᠨᠳᠤ ᠤᠷᠤᠰ ᠤᠨ ᠴᠤᠬᠢᠯᠳᠠ ᠳᠤ ᠲᠠᠭᠠᠷᠢᠭᠳᠠᠭᠰᠠᠨ ᠢᠶᠠᠷ ᠡᠬᠡ ᠨᠤᠳᠤᠭ ᠲᠠᠭᠠᠨ ᠪᠤᠴᠠᠵᠤ ᠢᠷᠡᠵᠦ ᠴᠢᠳᠠᠭᠰᠠᠨ ᠦᠭᠡᠢ᠃ ᠡᠳᠡᠭᠡᠷ ᠤᠷᠤᠰ ᠤᠨ ᠬᠠᠷᠢᠶᠠᠯᠠᠯ ᠳᠤ ᠦᠯᠡᠳᠡᠭᠰᠡᠨ ᠲᠤᠷᠭᠤᠤᠨᠴᠤᠤᠨ ᠦᠶ᠎ᠡ ᠤᠯᠠᠷᠢᠨ ᠠᠮᠢᠳᠤᠷᠠᠭᠰᠠᠭᠠᠷ ᠦᠨᠦᠳᠦᠷ ᠤᠨ ᠤᠷᠤᠰ ᠤᠨ ᠬᠤᠯᠪᠤᠭᠠᠨ ᠤ ᠬᠠᠯᠢᠮᠠᠭ ᠪᠦᠭᠦᠳᠡ ᠨᠠᠶᠢᠷᠠᠮᠳᠠᠬᠤ ᠤᠯᠤᠰ ᠤᠨ ᠬᠠᠯᠢᠮᠠᠭᠴᠤᠤᠨ ᠪᠤᠯᠵᠠᠢ᠃ ᠤᠷᠤᠰ ᠤᠨ ᠠᠷᠪᠠᠨ ᠰᠠᠷ᠎ᠠ ᠶᠢᠨ ᠬᠤᠪᠢᠰᠬᠠᠯ ᠤᠨ ᠲᠠᠷᠠᠭ᠎ᠠ᠂ 1920 ᠤᠨ ᠳᠤ ᠬᠠᠯᠢᠮᠠᠭ ᠦᠪᠡᠷᠳᠡᠭᠡᠨ ᠵᠠᠰᠠᠬᠤ ᠵᠸᠦ ᠪᠠᠶᠢᠭᠤᠯᠤᠭᠳᠠᠵᠤ᠂ 1935 ᠤᠨ ᠳᠤ ᠦᠪᠡᠷᠳᠡᠭᠡᠨ ᠵᠠᠰᠠᠬᠤ ᠪᠦᠭᠦᠳᠡ ᠨᠠᠶᠢᠷᠠᠮᠳᠠᠬᠤ ᠤᠯᠤᠰ ᠪᠤᠯᠪᠠ᠃    1943 ᠤᠨ ᠳᠤ ᠰᠲ᠋ᠠᠯᠢᠨ ᠤ ᠤᠯᠤᠰ ᠲᠦᠷᠦ ᠶᠢᠨ ᠬᠡᠯᠮᠡᠭᠳᠡᠯ ᠠᠴᠠ ᠪᠤᠯᠵᠤ ᠦᠪᠡᠷᠳᠡᠭᠡᠨ ᠵᠠᠰᠠᠬᠤ ᠪᠦᠭᠦᠳᠡ ᠨᠠᠶᠢᠷᠠᠮᠳᠠᠬᠤ ᠤᠯᠤᠰ ᠤᠨ ᠲᠦᠷᠢᠮ ᠬᠦᠴᠦᠨ ᠦᠭᠡᠢ ᠪᠤᠯᠵᠤ᠂ ᠬᠠᠯᠢᠮᠠᠬᠴᠤᠳ ᠰᠢᠪᠧᠷᠢᠶ᠎ᠠ ᠵᠡᠷᠬᠡ ᠭᠠᠵᠠᠷ ᠤᠳ ᠲᠤ ᠴᠦᠯᠡᠭᠳᠡᠭᠰᠡᠨ ᠪᠠ 1957 ᠤᠨ ᠳᠤ ᠦᠪᠡᠷᠳᠡᠭᠡᠨ ᠵᠠᠰᠠᠬᠤ ᠵᠸᠦ ᠶᠢ ᠲᠠᠬᠢᠨ ᠪᠠᠶᠢᠭᠤᠯᠵᠤ᠂ 1958 ᠤᠨ ᠳᠤ ᠦᠪᠡᠷᠳᠡᠭᠡᠨ ᠵᠠᠰᠠᠬᠤ ᠪᠦᠭᠦᠳᠡ ᠨᠠᠶᠢᠷᠠᠮᠳᠠᠬᠤ ᠤᠯᠤᠰ ᠢ ᠰᠢᠨ᠎ᠡ ᠪᠠᠷ ᠰᠡᠷᠭᠦᠭᠡᠵᠦ᠂ ᠵᠦᠪᠯᠡᠯᠳᠦ ᠬᠤᠯᠪᠤᠭᠠᠳᠤ ᠤᠯᠤᠰ ᠵᠠᠳᠠᠷᠠᠭᠰᠠᠨ ᠤ ᠲᠠᠷᠠᠭ᠎ᠠ ᠤᠷᠤᠰ ᠤᠨ ᠬᠤᠯᠪᠤᠭᠠᠨ ᠤ ᠲᠤᠳᠤᠷᠠᠬᠢ ᠦᠪᠡᠷᠳᠡᠭᠡᠨ ᠵᠠᠰᠠᠬᠤ ᠪᠦᠭᠦᠳᠡ ᠨᠠᠶᠢᠷᠠᠮᠳᠠᠬᠤ ᠤᠯᠤᠰ ᠪᠤᠯᠪᠠ᠃ ᠬᠠᠯᠢᠮᠠᠭᠴᠤᠤᠨ ᠨᠢ ᠤᠢᠢᠷᠠᠤᠨ ᠮᠤᠩᠭᠤᠯ ᠤᠨ ᠬᠤᠶᠢᠴᠢᠰ ᠪᠤᠯᠤᠭᠰᠠᠨ ᠤ ᠬᠤᠪᠢ ᠳᠤ ᠮᠤᠩᠭᠤᠯ ᠲᠦᠷᠦᠯ ᠤᠭᠰᠠᠭᠠᠨ ᠤ ᠪᠠᠷᠠᠭᠤᠨ ᠠᠽᠢᠶ᠎ᠠ ᠶᠢᠨ ᠲᠦᠷᠦᠯ ᠳᠤ ᠬᠠᠷᠢᠶᠠᠯᠠᠭᠳᠠᠳᠠᠭ᠃ ᠲᠡᠳᠡᠨᠡᠷ ᠤᠢᠢᠷᠠᠤᠨ ᠮᠤᠩᠭᠤᠯ ᠬᠡᠯᠡ ᠶᠢ ᠬᠡᠷᠡᠭᠯᠡᠵᠦ᠂ ᠲᠤᠷᠭᠤᠤᠨ ᠪᠠ ᠲᠦᠷᠪᠡᠤᠨ ᠬᠤᠶᠠᠷ ᠵᠦᠢᠯ ᠤᠨ ᠨᠤᠳᠤᠭ ᠤᠨ ᠠᠶᠠᠯᠭᠤ ᠲᠠᠢ ᠴᠤ ᠬᠡᠯᠡ ᠨᠢ ᠠᠯᠳᠠᠢ ᠲᠦᠷᠦᠯ ᠬᠡᠯᠡᠨ ᠤ ᠮᠤᠩᠭᠤᠯ ᠬᠡᠯᠡᠨ ᠳᠤ ᠪᠠᠭᠳᠠᠨ᠎ᠠ᠃ ᠤᠷᠤᠰ ᠤᠨ ᠠᠷᠪᠠᠨ ᠰᠠᠷ᠎ᠠ ᠶᠢᠨ ᠬᠤᠪᠢᠰᠬᠠᠯ ᠠᠴᠠ ᠡᠮᠦᠨ᠎ᠡ ᠳᠡᠳᠡᠨᠡᠷ ᠤᠨ ᠬᠡᠷᠡᠭᠯᠡᠵᠦ ᠪᠠᠶᠢᠭᠰᠠᠨ ᠦᠰᠦᠭ ᠪᠢᠴᠢᠭ ᠪᠤᠯ 1648 ᠤᠨ ᠳᠤ ᠽᠠᠶ᠎ᠠ ᠪᠠᠨᠳᠢᠳᠠ ᠨᠠᠮᠬᠠᠢᠢᠵᠠᠮᠰᠤ ᠶᠢᠨ ᠵᠤᠬᠢᠶᠠᠭᠰᠠᠨ ᠲᠤᠳᠤ ᠮᠤᠩᠭᠤᠯ ᠦᠰᠦᠭ ᠪᠢᠴᠢᠭ ︵ᠮᠠᠨ ᠤ ᠤᠯᠤᠰ ᠤᠨ ᠰᠢᠨᠵᠢᠶᠠᠩ ᠤᠨ ᠤᠢᠢᠷᠠᠤᠨ ᠮᠤᠩᠭᠤᠯᠴᠤᠤᠨ ᠤᠨ ᠬᠡᠷᠡᠭᠯᠡᠳᠡᠭ ᠦᠰᠦᠭ ᠪᠢᠴᠢᠭ︶ ᠪᠤᠯᠤᠨ᠎ᠠ᠃ ᠬᠡᠪᠡᠴᠤ ᠤᠳᠤ ᠶᠢᠨ ᠬᠡᠷᠡᠭᠯᠡᠵᠦ ᠪᠠᠶᠢᠭ᠎ᠠ ᠦᠰᠦᠭ ᠪᠢᠴᠢᠭ ᠪᠤᠯ ᠺᠢᠷᠢᠯ ᠴᠠᠭᠠᠨ ᠲᠤᠯᠤᠭᠠᠢ ᠪᠠᠷ ᠬᠤᠯᠪᠤᠵᠤ ᠪᠢᠴᠢᠭᠰᠡᠨ ᠮᠤᠩᠭᠤᠯ ᠪᠢᠴᠢᠭ ᠪᠤᠯᠤᠨ᠎ᠠ᠃ ᠤᠳᠤᠬᠠᠨ ᠳᠤ ᠤᠯᠠᠩᠬᠢ ᠬᠦᠮᠦᠰ ᠨᠢ ᠨᠢᠭᠡᠨᠳᠡ ᠤᠷᠤᠰ ᠬᠡᠯᠡ ᠲᠠᠢ ᠪᠤᠯᠵᠠᠢ᠃ ᠤᠷᠤᠰ ᠤᠨ ᠠᠷᠪᠠᠨ ᠰᠠᠷ᠎ᠠ ᠶᠢᠨ ᠬᠤᠪᠢᠰᠬᠠᠯ ᠠᠴᠠ ᠡᠮᠦᠨ᠎ᠡ᠂ ᠬᠠᠯᠢᠮᠠᠭᠴᠤᠤᠨ ᠤᠨ ᠤᠯᠠᠩᠬᠢ ᠨᠢ ᠨᠡᠭᠦᠳᠡᠯ ᠮᠠᠯᠵᠢᠯ ᠤᠨ ᠠᠮᠢᠳᠤᠷᠠᠯ ᠢ ᠬᠢᠵᠥ᠂ ᠲᠦᠪᠡᠤᠨ ᠤᠨ ᠤᠯᠠᠮᠵᠢᠯᠠᠯᠳᠤ ᠰᠢᠷ᠎ᠠ ᠶᠢᠨ ᠱᠠᠰᠢᠨ ᠢ ᠰᠢᠳᠦᠵᠦ ᠪᠠᠶᠢᠵᠠᠢ᠃ ᠬᠠᠯᠢᠮᠠᠭ ᠪᠦᠭᠦᠳᠡ ᠨᠠᠶᠢᠷᠠᠮᠳᠠᠬᠤ ᠤᠯᠤᠰ ᠪᠤᠯ ᠡᠸᠦ᠋ᠷᠤᠫᠠ ᠳᠠᠬᠢ ᠴᠤᠷ ᠤᠨ ᠭᠠᠭᠴᠠ ᠰᠢᠷ᠎ᠠ ᠶᠢᠨ ᠱᠠᠰᠢᠨ ᠢ ᠰᠢᠳᠦᠳᠡᠭ ᠤᠯᠤᠰ ᠪᠤᠯᠤᠨ᠎ᠠ᠃ ᠲᠤᠰ ᠤᠯᠤᠰ ᠤᠨ ᠨᠡᠶᠢᠰᠯᠡᠯ ᠡᠯᠡᠰᠦᠳᠡᠢ ᠳᠤ ᠮᠠᠰᠢ ᠤᠯᠠᠨ ᠰᠢᠷ᠎ᠠ ᠶᠢᠨ ᠱᠠᠰᠢᠨ ᠤ ᠵᠢᠷᠤᠭ ᠬᠦᠷᠦᠭ᠂ ᠱᠤᠭᠤᠮᠠᠯ ᠲᠠᠢ ᠪᠠᠶᠢᠳᠠᠭ᠃ ᠬᠠᠯᠢᠮᠠᠭ ᠤᠨ ᠨᠤᠳᠤᠭ ᠲᠡᠪᠢᠰᠭᠡᠷ ᠨᠢ ᠤᠤᠯ ᠳᠠᠭᠠᠨ 14 ᠲᠦᠮᠡ ᠭᠠᠷᠤᠢ ᠲᠡᠭᠰᠢ ᠲᠦᠷᠪᠡᠯᠵᠢᠨ ᠺᠢᠯᠤᠮᠧᠳ᠋ᠷ ᠪᠠᠶᠢᠭᠰᠠᠨ ᠪᠤᠯ ᠤᠳᠤ ᠵᠦᠪᠬᠡᠨ 7.6 ᠲᠦᠮᠡᠨ ᠲᠡᠭᠰᠢ ᠲᠦᠷᠪᠡᠯᠵᠢᠨ ᠺᠢᠯᠤᠮᠧᠳ᠋ᠷ ᠨᠤᠳᠤᠭ ᠲᠡᠪᠢᠰᠭᠡᠷ ᠲᠠᠢ ᠪᠤᠯᠵᠤ᠂ ᠬᠦᠮᠦᠨ ᠠᠮᠠ ᠨᠢ 30 ᠲᠦᠮᠡ ᠶᠢ ᠳᠠᠪᠠᠵᠤ᠂ ᠡᠭᠦᠨ ᠳᠤ ᠬᠠᠯᠢᠮᠠᠭ ᠬᠦᠮᠦᠨ 45% ᠶᠢ ᠡᠵᠡᠯᠡᠵᠦ ᠪᠠᠶᠢᠨ᠎ᠠ᠃ ᠳᠤᠰ ᠵᠠᠭᠤᠨ ᠤ ᠡᠬᠢᠨ ᠤ ᠦᠶ᠎ᠡ ᠶᠢᠨ ᠪᠦᠷᠢᠤᠨᠭᠡᠯ ᠢ ᠦᠨᠳᠤᠰᠦᠯᠡᠪᠡᠯ᠂ ᠪᠦᠬᠦ ᠤᠷᠤᠰ ᠤᠨ ᠬᠤᠯᠪᠤᠭᠠᠨ ᠳᠠᠬᠢ ᠬᠠᠯᠢᠮᠠᠭ ᠬᠦᠮᠦᠨ ᠨᠡᠶᠢᠳᠡ 173996 ᠪᠠᠶᠢᠵᠤ᠂ ᠡᠭᠦᠨ ᠳᠤ 84% ᠶᠢᠨ ᠬᠠᠯᠢᠮᠠᠭᠴᠤᠤᠨ ᠬᠠᠯᠢᠮᠠᠭ ᠤᠨ ᠪᠦᠭᠦᠳᠡ ᠨᠠᠶᠢᠷᠠᠮᠳᠠᠬᠤ ᠤᠯᠤᠰ ᠲᠤ ᠠᠮᠢᠳᠤᠷᠠᠵᠤ᠂ ᠪᠤᠰᠤᠤᠨ ᠴᠦᠭᠡᠪᠦᠷᠢ ᠬᠠᠯᠢᠮᠠᠭᠴᠤᠤᠨ ᠠᠰᠳ᠋ᠷᠠᠬᠠᠨ᠂ ᠸᠤᠯᠭᠠᠭ᠍ᠷᠠᠳ᠋᠂ ᠯᠦᠸᠧᠰᠲ᠋ᠦᠸᠧᠹᠦ᠋ ᠪᠤᠯᠤᠨ ᠰᠲ᠋ᠠᠹᠷᠤᠫᠤᠯ ᠵᠡᠷᠭᠡ ᠭᠠᠵᠠᠷ ᠤᠷᠤᠨ ᠳᠤ ᠠᠮᠢᠳᠤᠷᠠᠵᠤ ᠪᠠᠶᠢᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号