ᠨᠢᠬᠡ᠂ ᠠᠯᠤᠰ ᠡᠷᠳᠡᠨ ᠤ ᠦᠶ᠎ᠡ | ᠲᠡᠯᠡᠭᠡᠢ ᠶᠢᠨ ᠪᠦᠮᠪᠦᠷᠴᠡᠭ ᠤᠨ ᠰᠤᠳᠤᠯᠤᠯ᠂ ᠭᠠᠵᠠᠷ ᠰᠢᠨᠵᠢᠯᠡᠭᠡ ᠶᠢᠨ ᠰᠤᠳᠤᠯᠤᠯ᠂ ᠡᠷᠳᠡᠨ ᠤ ᠠᠮᠢᠳᠤ | ᠪᠤᠳᠠᠰ ᠤᠨ ᠰᠤᠳᠤᠯᠤᠯ᠂ ᠡᠷᠳᠡᠨ ᠤ ᠭᠠᠵᠠᠷ ᠵᠦᠢ ᠶᠢᠨ ᠰᠤᠳᠤᠯᠤᠯ᠂ ᠡᠷᠳᠡᠨ ᠤ ᠠᠭᠤᠷ ᠠᠮᠢᠰᠬᠤᠯ ᠤᠨ ᠰᠤᠳᠤᠯᠤᠯ᠂ | ᠡᠷᠳᠡᠨ ᠤ ᠬᠦᠮᠦᠨ ᠲᠦᠷᠦᠯᠭᠢᠳᠡᠨ ᠤ ᠰᠤᠳᠤᠯᠤᠯ ᠤᠨ ᠰᠢᠨᠵᠢᠯᠡᠬᠦ ᠤᠬᠠᠭᠠᠨ ᠤ ᠦᠷ᠎ᠠ ᠪᠦᠳᠦᠭᠡᠯ ᠤᠳ᠂ ᠭᠤᠴᠢᠨ | ᠵᠢᠷᠭᠤᠭᠠᠨ ᠳ᠋ᠦᠩᠰᠢᠭᠤᠷ ᠵᠢᠯ ᠤᠨ ᠡᠮᠦᠨ᠎ᠡ᠂ ᠤᠷᠳᠤᠰ ᠨᠤᠳᠤᠭ ᠪᠤᠯ ᠲᠡᠯᠡᠭᠡᠢ ᠶᠢᠨ ᠪᠦᠮᠪᠦᠷᠴᠡᠭ ᠲᠡᠭᠡᠷᠡᠬᠢ ᠬᠠᠮᠤᠭ | ᠡᠷᠳᠡᠨ ᠤ ᠡᠬᠢ ᠭᠠᠵᠠᠷ ᠤᠨ ᠨᠢᠭᠡ ᠪᠤᠯᠵᠤ᠂ ᠭᠠᠳᠠᠭᠠᠳᠤ ᠲᠤᠳᠤᠭᠠᠳᠤ ᠳᠤ ᠠᠯᠳᠠᠷᠰᠢᠭᠰᠠᠨ ︽ᠤᠷᠳᠤᠰ ᠤᠨ | ᠡᠷᠲᠡᠨ ᠤ ᠡᠭᠡ ᠭᠠᠵᠠᠷ︾ ᠭᠡᠰᠡᠨ ᠬᠡᠯᠡᠯᠭᠡ ᠠᠳᠠ ᠠᠴᠠ ᠡᠬᠦᠰᠦᠭᠰᠡᠨ ᠢ ᠲᠤᠳᠤᠷᠬᠠᠶᠢᠯᠠᠪᠠ᠃ | ᠤᠳᠤ ᠠᠴᠠ ᠡᠮᠦᠨᠡᠬᠢ ᠭᠤᠴᠢᠨ ᠵᠢᠷᠭᠤᠭᠠᠨ ᠳ᠋ᠦᠩᠰᠢᠭᠤᠷ ᠵᠢᠯ ᠠᠴᠠ ᠠᠷᠪᠠ ᠶᠢᠰᠦᠨ ᠳ᠋ᠦᠩᠰᠢᠭᠤᠷ ᠵᠢᠯ ᠤᠨ | ᠬᠤᠭᠤᠷᠤᠨᠳᠤ ᠵᠠᠯᠭᠠᠯᠳᠤᠪᠡᠷ ᠡᠬᠦᠰᠦᠭᠰᠡᠨ ᠹᠦ᠋ ᠫᠢᠩ᠂ ᠡᠤ ᠲᠠᠢ᠂ ᠯᠢᠤᠢ ᠯᠢᠶᠠᠩ ᠵᠡᠷᠭᠡ ᠭᠤᠷᠪᠠᠨ ᠠᠪᠤᠷᠭᠤ | ᠬᠦᠴᠦᠳᠤ ᠭᠠᠵᠠᠷ ᠤᠨ ᠬᠦᠳᠡᠯᠭᠡᠭᠡᠨ ᠤᠷᠳᠤᠰ ᠨᠤᠳᠤᠭ ᠤᠨ ᠭᠠᠳᠠᠷᠭᠤ ᠶᠢᠨ ᠲᠤᠭᠳᠠᠪᠦᠷᠢᠳᠠᠢ ᠪᠤᠯᠬᠤ ᠳᠤ ᠰᠠᠭᠤᠷᠢ | ᠲᠠᠯᠪᠢᠵᠠᠢ᠃ ᠤᠳᠤ ᠠᠴᠠ ᠵᠢᠷᠭᠤᠭᠠᠨ ᠳ᠋ᠦᠩᠰᠢᠭᠤᠷ ᠵᠢᠯ ᠤᠨ ᠡᠮᠦᠨᠡᠬᠢ ᠵᠧᠨ᠋ᠳᠠᠨ ᠤ ᠭᠠᠯᠪᠠ ᠶᠢᠨ ᠦᠶ᠎ᠠ ᠳᠤ ᠬᠦᠷᠴᠤ | ᠢᠷᠡᠭᠡᠳ᠂ ᠬᠦᠴᠦᠳᠤ ᠭᠠᠵᠠᠷ ᠤᠨ ᠬᠦᠳᠡᠯᠭᠡᠭᠡᠨ ᠤ ᠨᠦᠯᠦᠭᠡ ᠪᠠᠷ ᠤᠷᠳᠤᠰ ᠤᠨ ᠡᠷᠳᠡᠨ ᠤ ᠡᠭᠡ ᠭᠠᠵᠠᠷ ᠠᠯᠬᠤᠮ | ᠠᠯᠬᠤᠮ ᠢᠶᠠᠷ ᠬᠤᠳᠤᠶᠢᠪᠠ᠃ ᠡᠷᠳᠡᠨ ᠤ ᠠᠮᠢᠳᠤ ᠡᠷᠡᠨ ᠤ ᠡᠬᠢᠨ ᠤ ᠦᠶ᠎ᠠ ᠳᠤ᠂ ᠲᠠᠯᠠᠢ ᠲᠠᠩᠬᠢᠰ ᠤᠨ ᠲᠠᠯᠠᠪᠠᠢ ᠶᠢᠨ | ᠲᠠᠰᠤᠷᠠᠯᠳᠠ ᠦᠭᠡᠢ ᠶᠡᠭᠡᠳᠬᠦ ᠶᠢ ᠲᠠᠭᠠᠯᠳᠤᠨ᠂ ᠲᠤᠮᠳᠠᠳᠤ ᠤᠯᠤᠰ ᠤᠨ ᠡᠮᠦᠨᠡᠳᠤ ᠲᠠᠩᠬᠢᠰ ᠤᠨ ᠲᠠᠯᠠᠢ ᠶᠢᠨ ᠤᠰᠤ | ᠨᠢᠭᠡᠨᠳᠠ ᠬᠤᠳᠤᠶᠢᠭᠰᠠᠨ ᠤᠷᠳᠤᠰ ᠤᠨ ᠡᠷᠳᠡᠨ ᠤ ᠡᠭᠡ ᠭᠠᠵᠠᠷ ᠲᠤ ᠤᠷᠤᠰᠤᠨ ᠤᠷᠤᠭᠠᠳ᠂ ᠤᠭ ᠤᠨ ︽ | ᠤᠷᠳᠤᠰ ᠤᠨ ᠡᠭᠡ ᠭᠠᠵᠠᠷ︾ ᠬᠠᠷᠢᠨ ︽ᠤᠷᠳᠤᠰ ᠤᠨ ᠡᠷᠳᠡᠨ ᠤ ᠲᠠᠩᠬᠢᠰ︾ ᠪᠤᠯᠤᠨ ᠬᠤᠪᠢᠷᠠᠵᠠᠢ᠃ | ᠤᠷᠳᠤᠸᠠᠺ ᠤᠨ ᠭᠠᠯᠪᠠ ᠶᠢᠨ ᠰᠡᠬᠦᠯᠴᠢ ᠶᠢᠨ ᠦᠶ᠎ᠠ᠂ ᠤᠳᠤ ᠠᠴᠠ ᠲᠦᠷᠪᠡᠨ ᠳ᠋ᠦᠩᠰᠢᠭᠤᠷ ᠳᠥᠷᠪᠡᠨ ᠮᠢᠩᠭᠠᠨ | ᠲᠦᠮᠡᠨ ᠵᠢᠯ ᠤᠨ ᠡᠮᠦᠨ᠎ᠡ᠂ ᠺᠠᠯᠧᠳᠤᠨ ᠤ ᠠᠭᠤᠯᠠ ᠡᠬᠦᠰᠭᠡᠬᠦ ᠬᠦᠳᠡᠯᠭᠡᠭᠡᠨ ᠤ ᠨᠦᠯᠦᠭᠡ ᠠᠴᠠ ᠪᠤᠯᠵᠤ᠂ ︽ | ᠤᠷᠳᠤᠰ ᠤᠨ ᠡᠷᠳᠡᠨ ᠤ ᠲᠠᠩᠬᠢᠰ︾ ᠲᠤ ᠪᠠᠷᠤᠭ ᠨᠢᠭᠡ ᠳ᠋ᠦᠩᠰᠢᠭᠤᠷ ᠵᠢᠯ ᠤᠨ ᠲᠠᠩᠬᠢᠰ ᠦᠭᠡᠢ ᠴᠠᠭ ᠦᠶ᠎ᠠ | ᠭᠠᠷᠴᠠᠢ᠃ ᠤᠳᠤ ᠠᠴᠠ ᠭᠤᠷᠪᠠᠨ ᠳ᠋ᠦᠩᠰᠢᠭᠤᠷ ᠭᠤᠷᠪᠠᠨ ᠮᠢᠩᠭᠠᠨ ᠲᠦᠮᠡᠨ ᠵᠢᠯ ᠤᠨ ᠡᠮᠦᠨᠡᠬᠢ᠂ ᠰᠡᠬᠦᠯᠴᠢ ᠶᠢᠨ | ᠡᠷᠳᠡᠨ ᠤ ᠠᠮᠢᠳᠤ ᠡᠷᠡᠨ ᠤ ᠴᠢᠯᠠᠭᠤᠨ ᠨᠡᠬᠦᠷᠡᠰᠤᠨ ᠤ ᠭᠠᠯᠪᠠ ᠶᠢᠨ ᠲᠤᠮᠳᠠ ᠦᠶ᠎ᠠ ᠳᠤ ᠬᠦᠷᠴᠤ ᠢᠷᠡᠭᠡᠳ ︽ | ᠤᠷᠳᠤᠰ ᠤᠨ ᠡᠷᠳᠡᠨ ᠤ ᠲᠠᠩᠬᠢᠰ︾ ᠲᠠᠬᠢᠨ ᠨᠢᠭᠡ ᠤᠳᠠᠭ᠎ᠠ ᠬᠤᠳᠤᠶᠢᠵᠤ᠂ ᠤᠮᠠᠷᠠᠳᠤ ᠤᠷᠤᠨ ᠤ ᠲᠠᠯᠠᠢ ᠶᠢᠨ | ᠤᠰᠤ ᠤᠷᠳᠤᠰ ᠲᠤ ᠤᠷᠤᠰᠤᠨ ᠤᠷᠤᠵᠠᠢ᠃ ᠢᠩᠬᠢᠵᠤ ᠵᠠᠷᠢᠮ ᠳᠠᠭᠠᠨ ᠲᠠᠯᠠᠢ ᠲᠠᠩᠬᠢᠰ ᠪᠤᠯᠵᠤ᠂ ᠵᠠᠷᠢᠮ ᠳᠠᠭᠠᠨ | ᠡᠭᠡ ᠭᠠᠵᠠᠷ ᠪᠤᠯᠤᠨ ᠬᠤᠪᠢᠷᠠᠬᠤ ᠪᠠᠶᠢᠳᠠᠯ ᠤᠷᠳᠤᠰ ᠨᠤᠳᠤᠭ ᠲᠤ ᠤᠯᠠᠨ ᠲᠡᠭᠢᠪᠠ᠃ | ᠲᠠᠯᠠᠢ ᠲᠠᠩᠬᠢᠰ᠂ ᠡᠭᠡ ᠭᠠᠵᠠᠷ ᠬᠠᠷᠢᠯᠴᠠᠨ ᠰᠤᠯᠢᠯᠴᠠᠵᠤ ᠪᠠᠶᠢᠭᠰᠠᠨ ᠲᠡᠤᠭᠡᠨ ᠴᠠᠭ ᠦᠶ᠎ᠠ ᠳᠤ ᠤᠷᠳᠤᠰ | ᠨᠤᠳᠤᠭ ᠲᠤ ᠠᠮᠢ ᠪᠤᠢ ᠪᠤᠯᠪᠠ᠃ ᠬᠠᠮᠤᠭ ᠤᠨ ᠲᠡᠷᠢᠬᠦᠨ ᠳᠤ ᠭᠤᠷᠮᠤᠰᠤᠨ ᠬᠤᠷᠤᠬᠠᠢ ︵ᠲᠷᠢᠯᠤᠹᠢᠲ︶᠂ | ᠵᠬᠦᠨᠭᠠᠷ ᠤᠨ ᠪᠠᠮᠪᠠᠶᠢᠳᠤ ᠬᠤᠷᠤᠬᠠᠢ᠂ ᠶᠡᠭᠡ ᠵᠤᠤ ᠶᠢᠨ ᠤᠳᠤᠮᠳᠤ ᠬᠤᠷᠤᠬᠠᠢ᠂ ᠡᠪᠡᠷᠳᠤ ᠬᠢᠰᠤᠭ᠎ᠠ᠂ ᠲᠠᠯᠠᠢ ᠶᠢᠨ | ᠰᠠᠷᠠᠨ᠎ᠠ ᠵᠡᠷᠭᠡ ᠲᠠᠯᠠᠢ ᠳᠤ ᠠᠮᠢᠳᠤᠷᠠᠳᠠᠭ ᠠᠮᠢᠳᠠᠨ ᠢᠯᠡᠷᠠᠵᠠᠢ᠃ ᠲᠠᠷᠠᠭ᠎ᠠ ᠪᠠᠷ ᠰᠢᠪᠠᠭ ᠤᠨ ᠢᠩ ᠬᠤᠷᠤᠬᠠᠢ᠂ | ᠵᠠᠳᠠᠭᠠᠢ ᠶᠢᠨ ᠢᠩ ᠬᠤᠷᠤᠬᠠᠢ ᠮᠡᠳᠤ ᠶᠢᠨ ᠨᠢᠯᠴᠠᠭᠠᠢ ᠪᠠᠶᠡᠳᠠᠨ ᠢᠯᠡᠷᠡᠵᠤ᠂ ᠪᠠᠰᠠ ᠬᠠᠨᠠᠯᠵᠠᠨ ᠤᠷᠳᠤ ᠪᠡᠶᠡᠳᠤ | ᠬᠢᠰᠤᠭ᠎ᠠ ᠵᠡᠷᠭᠡ ᠲᠡᠮᠳᠡᠷᠢᠬᠦᠯ ᠬᠦᠯᠳᠡᠨ ᠤ ᠲᠦᠷᠦᠯ ᠤᠨ ᠠᠮᠢᠳᠠᠨ᠂ ᠲᠤᠩ ᠬᠤᠷᠤᠬᠠᠢ ᠵᠡᠷᠭᠡ ᠭᠡᠪᠡᠯᠢ ᠬᠦᠯᠳᠡᠨ ᠤ | ᠲᠦᠷᠦᠯ ᠪᠠ ᠲᠠᠯᠠᠢ ᠶᠢᠨ ᠰᠠᠷᠠᠨ᠎ᠠ ᠵᠡᠷᠭᠡ ᠦᠷᠭᠡᠰᠤᠳᠤ ᠠᠮᠢᠳᠠᠨ ᠢᠯᠡᠷᠠᠵᠠᠢ᠃ ᠰᠡᠬᠦᠯᠴᠢ ᠶᠢᠨ ᠡᠷᠳᠡᠨ ᠤ ᠠᠮᠢᠳᠤ | ᠡᠷᠡᠨ ᠳᠤ ᠲᠠᠯᠠᠢ ᠲᠠᠩᠬᠢᠰ ᠪᠠᠭᠠᠰᠴᠤ᠂ ᠡᠭᠡ ᠭᠠᠵᠠᠷ ᠶᠡᠭᠡᠳᠬᠦ ᠶᠢ ᠲᠠᠭᠠᠯᠳᠤᠨ᠂ ᠲᠠᠯᠠᠢ ᠶᠢᠨ ᠬᠦᠪᠡᠭᠡ᠂ ᠨᠠᠮᠤᠭ | ᠵᠠᠳᠠᠭᠠᠢ᠂ ᠨᠠᠭᠤᠷ ᠴᠦᠬᠦᠷᠦᠮ᠂ ᠴᠢᠬᠢᠭᠯᠢᠭ ᠨᠤᠶᠢᠳᠠᠨ ᠤᠷᠤᠨ ᠢᠶᠠᠷ ᠰᠢᠪᠠᠯᠢ ᠦᠶᠡᠳᠤ ᠤᠶᠢᠮ᠎ᠠ᠂ ᠰᠢᠯᠤᠭᠤᠨ | ᠤᠶᠢᠮ᠎ᠠ ᠵᠡᠷᠭᠡ ᠡᠭᠡ ᠭᠠᠵᠠᠷ ᠤᠨ ᠤᠷᠭᠤᠮᠠᠯ ᠢᠯᠡᠷᠡᠵᠠᠢ᠃ ᠦᠶᠡᠳᠤ ᠤᠶᠢᠮ᠎ᠠ ᠶᠢᠨ ᠲᠦᠷᠦᠯ ᠳᠤ ᠬᠠᠶᠢᠷᠰᠤᠳᠤ | ᠮᠤᠳᠤ᠂ ᠯᠦᠮᠤ ᠮᠤᠳᠤ ᠶᠢᠨ ᠳ᠋ᠢᠶᠠᠮᠧᠲᠷ ᠨᠢ ᠪᠠᠷᠤᠭ ᠨᠢᠭᠡ ᠮᠧᠲᠷ ᠲᠤ ᠬᠦᠷᠴᠤ᠂ ᠦᠨᠳᠦᠷ ᠢᠶᠠᠷ ᠭᠤᠴᠢ ᠲᠦᠴᠢᠨ | ᠮᠧᠲᠷ ᠪᠠᠶᠢᠵᠠᠢ᠃ ᠡᠨᠡ ᠦᠶ᠎ᠠ ᠳᠠᠬᠢ ᠤᠷᠳᠤᠰ ᠤᠨ ᠭᠠᠵᠠᠷ ᠪᠦᠬᠦᠨ ᠢ ᠡᠷᠳᠡᠨ ᠤ ᠬᠠᠯᠠᠭᠤᠨ ᠪᠦᠰᠡᠨ ᠤ ᠲᠡᠭᠷᠢ | ᠲᠤᠯᠤᠮ᠎ᠠ ᠤᠢ ᠮᠤᠳᠤᠳ ᠲᠦᠬᠦᠷᠴᠠᠢ᠃ ᠤᠳᠤ ᠶᠢᠨ ᠤᠷᠳᠤᠰ ᠤᠨ ᠭᠠᠵᠠᠷ ᠲᠤᠤᠷ᠎ᠠ ᠬᠠᠳᠠᠭᠠᠯᠠᠭᠳᠠᠵᠤ ᠪᠠᠶᠢᠭ᠎ᠠ | ᠶᠡᠭᠡ ᠬᠡᠮᠵᠢᠶᠡᠨ ᠤ ᠨᠡᠬᠦᠷᠡᠰᠤ ᠪᠤᠯ ᠬᠠᠯᠭᠤᠨ ᠪᠦᠰᠡᠨ ᠤ ᠪᠠᠯᠠᠷ ᠤᠢ ᠪᠤᠯᠠᠭᠳᠠᠵᠤ ᠲᠠᠷᠤᠭᠳᠠᠭᠰᠠᠨ ᠠᠴᠠ ᠬᠤᠪᠢᠷᠠᠵᠤ | ᠢᠷᠡᠭᠰᠡᠨ ᠶᠤᠮ᠃ | ᠤᠳᠤ ᠠᠴᠠ ᠡᠮᠦᠨᠡᠭᠢ ᠬᠤᠶᠠᠷ ᠳ᠋ᠦᠩᠰᠢᠭᠤᠷ ᠬᠤᠶᠠᠷ ᠮᠢᠩᠭᠠᠨ ᠲᠦᠮᠡᠨ ᠵᠢᠯ ᠠᠴᠠ ᠲᠤᠯᠤᠭᠠᠨ ᠮᠢᠩᠭᠠᠨ | ᠲᠦᠮᠡᠨ ᠵᠢᠯ ᠤᠨ ᠬᠤᠭᠤᠷᠤᠨᠳᠤ᠂ ᠤᠷᠳᠤᠰ ︽ᠲᠠᠯᠠᠢ ᠲᠠᠩᠬᠢᠰ ᠤᠨ ᠦᠶ᠎ᠠ︾ ᠠᠴᠠ ᠪᠠᠨ ᠤᠷᠳᠤᠰ ᠤᠨ | ᠬᠤᠳᠤᠭᠤᠷ ᠪᠤᠯᠵᠤ ᠬᠤᠪᠢᠷᠠᠭᠰᠠᠨ ᠪᠠᠶᠢᠨ᠎ᠠ᠃ ᠡᠨᠡ ᠦᠶ᠎ᠠ ᠶᠢᠨ ᠠᠮᠢᠳᠤ ᠪᠤᠳᠠᠰ ᠤᠨ ᠶᠢᠷᠳᠢᠨᠴᠤ ᠳᠤ ᠨᠡᠩ ᠲᠡᠭᠡᠳᠤ | ᠵᠡᠷᠭᠡ ᠶᠢᠨ ᠬᠦᠭᠵᠢᠯᠳᠠ ᠲᠠᠢ ᠪᠤᠯᠵᠠᠢ᠃ ᠠᠮᠢᠳᠠᠨ ᠤ ᠲᠤᠳᠤᠷ᠎ᠠ ᠲᠤᠷᠤᠨᠠᠳᠤ ᠶᠡᠭᠡ ᠵᠤᠤ ᠶᠢᠨ ᠨᠤᠮᠤᠨ ᠰᠡᠯᠢᠬᠦᠷᠳᠤ | ᠵᠢᠭᠠᠰᠤ᠂ ᠬᠤᠶᠠᠷ ᠰᠤᠶᠤᠭᠠᠳᠤ ᠬᠦᠷᠦᠭᠡᠰᠤ᠂ ᠺᠸᠠᠱᠢ ᠬᠦᠷᠦᠭᠡᠰᠤ᠂ ᠲᠤᠳᠢ ᠶᠢᠨ ᠬᠤᠰᠢᠭᠤᠳᠤ ᠮᠠᠳᠠᠷ᠂ | ᠬᠦᠷᠪᠡᠯ ᠤᠨ ᠬᠦᠯᠳᠤ ᠮᠠᠳᠠᠷ᠂ ᠲᠤᠮᠳᠠᠳᠤ ᠤᠯᠤᠰ ᠤᠨ ᠶᠠᠰᠤᠳᠤ ᠮᠡᠯᠡᠭᠡᠢ᠂ ᠤᠯᠠᠨ ᠰᠤᠶᠤᠭᠠᠳᠤ ᠮᠠᠳᠠᠷ ᠵᠡᠷᠭᠡ ᠪᠤᠢ | ᠃ ᠤᠷᠭᠤᠮᠠᠯ ᠤᠨ ᠲᠤᠳᠤᠷ᠎ᠠ ᠲᠡᠮᠦᠷᠰᠡᠭ ᠮᠤᠳᠤ᠂ ᠮᠦᠩᠬᠦᠨ ᠬᠦᠢᠯᠡᠰᠤ᠂ ᠨᠡᠷᠠᠰᠤ ᠮᠠᠶᠢᠯᠠᠰᠤ ᠵᠡᠷᠭᠡ ᠪᠤᠢ᠃ ᠡᠨᠡ | ᠦᠶ᠎ᠠ ᠶᠢᠨ ᠲᠡᠮᠦᠷᠰᠡᠭ ᠮᠤᠳᠤ᠂ ᠮᠦᠩᠬᠦᠨ ᠬᠦᠢᠯᠡᠰᠤ᠂ ᠨᠠᠷᠰᠤ ᠮᠠᠶᠢᠯᠠᠰᠤ ᠵᠡᠷᠭᠡ ᠮᠤᠳᠤᠳ ᠢᠶᠠᠷ ᠪᠦᠷᠢᠯᠳᠦᠭᠰᠡᠨ | ᠢᠬᠴᠢ ᠰᠠᠬᠤᠯᠢᠭ ᠤᠢ ᠰᠢᠭᠤᠢ ᠪᠤᠯ ᠤᠳᠤ ᠶᠢᠨ ᠤᠷᠳᠤᠰ ᠤᠨ ᠨᠡᠬᠦᠷᠡᠰᠤᠨ ᠤ ᠪᠤᠳᠠᠰ ᠤᠨ ᠢᠷᠡᠯᠳᠠ ᠪᠤᠯᠤᠨ᠎ᠠ᠃ | ᠡᠷᠳᠠ ᠭᠤᠷᠪᠠᠳᠤᠭᠠᠷ ᠭᠠᠯᠪᠠ ᠶᠢᠨ ᠠᠭᠠᠵᠢᠮ ᠰᠢᠨ᠎ᠡ ᠦᠶ᠎ᠠ ᠶᠢᠨ ᠰᠡᠬᠦᠯᠴᠢ ᠪᠠᠷ᠂ ᠭᠠᠵᠠᠷ ᠤᠨ ᠪᠦᠮᠪᠦᠷᠴᠡᠭ | ᠲᠡᠭᠡᠷ᠎ᠠ ︽ᠡᠾᠢᠮᠠᠯᠠᠢ ᠶᠢᠨ ᠠᠭᠤᠯᠠ ᠡᠬᠦᠰᠭᠡᠬᠦ ᠬᠦᠳᠡᠯᠭᠡᠭᠡᠨ︾ ᠪᠤᠢ ᠪᠤᠯᠵᠤ᠂ ᠤᠷᠳᠤᠰ ᠤᠨ ᠬᠤᠳᠤᠭᠤᠷ ᠡᠨᠡᠬᠦ | ᠭᠠᠵᠠᠷ ᠤᠨ ᠴᠠᠷᠴᠠᠳᠠᠰᠤᠨ ᠤ ᠬᠤᠪᠢᠷᠠᠯᠳᠠ ᠶᠢᠨ ᠨᠦᠯᠦᠭᠡ ᠪᠠᠷ᠂ ᠰᠡᠬᠦᠯᠴᠢ ᠭᠤᠷᠪᠠᠳᠤᠭᠠᠷ ᠭᠠᠯᠪᠠ ᠶᠢᠨ ᠲᠤᠮᠳᠠ | ᠰᠢᠨ᠎ᠡ ᠦᠶ᠎ᠠ᠂ ᠲᠡᠭᠡᠳᠤ ᠰᠢᠨ᠎ᠡ ᠦᠶ᠎ᠠ ᠳᠤ ᠪᠠᠰᠠ ᠨᠢᠭᠡ ᠤᠳᠠᠭ᠎ᠠ ᠬᠦᠳᠦᠶᠢᠨ ᠪᠤᠰᠴᠤ᠂ ᠲᠦᠷᠪᠡᠳᠦᠭᠡᠷ | ᠭᠠᠯᠪᠠ ᠶᠢᠨ ᠦᠶ᠎ᠠ ᠪᠤᠯᠳᠠᠯ᠎ᠠ ᠲᠡᠭᠡᠭᠰᠢᠯᠡᠬᠦ ᠱᠠᠳᠤᠨ ᠳᠤ ᠪᠠᠶᠢᠵᠠᠢ᠃ ᠬᠠᠯᠠᠬᠤ ᠰᠢᠨ᠎ᠡ ᠦᠶ᠎ᠠ ᠶᠢᠨ ᠰᠡᠬᠦᠯᠴᠢ ᠪᠠᠷ᠂ | ᠰᠠᠯᠬᠢᠳᠠᠯ ᠤᠰᠤᠳᠤᠯ ᠠᠴᠠ ᠰᠢᠷ᠎ᠠ ᠰᠢᠷᠤᠢ ᠤᠪᠤᠭᠠᠷᠠᠯᠳᠤᠵᠤ᠂ ᠰᠠᠯᠬᠢᠳᠠᠯ ᠠᠴᠠ ᠡᠯᠡᠰᠤᠨ ᠲᠠᠪᠬᠤᠷᠭ᠎ᠠ ᠪᠤᠢ | ᠪᠤᠯᠤᠭᠠᠳ᠂ ᠠᠭᠠᠵᠢᠮ ᠢᠶᠠᠷ ᠦᠨᠦ ᠶᠢᠨ ᠤᠷᠳᠤᠰ ᠤᠨ ᠦᠨᠳᠦᠷᠯᠢᠭ ᠤᠨ ᠤᠨᠴᠠᠯᠢᠭ ᠪᠦᠬᠦᠢ ᠭᠠᠵᠠᠷ ᠤᠨ ᠭᠠᠳᠠᠷᠭᠤ | ᠪᠦᠷᠢᠯᠳᠦᠵᠠᠢ᠃ ᠡᠨᠡᠬᠦ ᠲᠡᠤᠭᠡᠨ ᠴᠠᠭ ᠦᠶ᠎ᠠ ᠳᠤ᠂ ᠤᠷᠳᠤᠰ ᠤᠨ ᠠᠮᠢᠳᠤ ᠪᠤᠳᠠᠰ ᠤᠨ ᠶᠢᠷᠳᠢᠨᠴᠤ ᠳᠤ ᠴᠢᠬᠤᠯᠠ | ᠶᠡᠭᠡ ᠬᠤᠪᠢᠷᠠᠯᠳᠠ ᠭᠠᠷᠴᠤ᠂ ᠤᠷᠭᠤᠮᠠᠯ ᠤᠳ ︽ᠨᠢᠴᠦᠬᠦᠨ ᠦᠷᠠᠳᠤ ᠤᠷᠭᠤᠮᠠᠯ ᠤᠨ ᠴᠠᠭ ᠦᠶ᠎ᠠ︾ ᠠᠴᠠ ᠪᠠᠨ ︽ | ᠪᠦᠷᠬᠦᠬᠦᠯ ᠦᠷᠡᠳᠤ ᠤᠷᠭᠤᠮᠠᠯ ᠤᠨ ᠴᠠᠭ ᠦᠶ᠎ᠠ︾ ᠳᠤ ᠰᠢᠯᠵᠢᠨ ᠤᠷᠤᠵᠤ᠂ ᠠᠮᠢᠳᠠᠨ ᠴᠤ ᠬᠦᠬᠦᠳᠤ ᠠᠮᠢᠳᠠᠨ | ᠶᠡᠭᠡᠪᠡᠷ ᠬᠦᠭᠵᠢᠭᠰᠡᠨ ᠰᠢᠨ᠎ᠡ ᠴᠠᠭ ᠦᠶ᠎ᠠ ᠳᠤ ᠤᠷᠤᠭᠠᠳ ᠬᠠᠴᠢᠨ ᠵᠢᠭᠳᠡᠢ ᠠᠪᠤᠷᠭᠤ ᠭᠡᠷᠢᠰ᠂ ᠬᠤᠶᠠᠷ ᠨᠤᠳᠤᠭᠳᠤ | ᠭᠡᠷᠢᠰ᠂ ᠪᠤᠷᠤᠳᠤᠬᠤᠢ ᠶᠢᠨ ᠲᠠᠩᠬᠠᠭᠠᠷ ᠡᠪᠡᠷᠳᠤ ᠪᠤᠭᠤ᠂ ᠡᠷᠳᠡᠨ ᠤ ᠵᠠᠭᠠᠨ᠂ ᠯᠠᠷᠪᠠᠭᠠᠷ ᠤᠷᠤᠭᠤᠯᠳᠤ ᠭᠡᠷᠢᠰ᠂ | ᠠᠨᠠᠰᠢ᠂ ᠲᠠᠯᠳᠤ ᠴᠢᠨ᠋ᠸ᠎ᠠ᠂ ᠭᠤᠷᠪᠠᠨ ᠰᠠᠯᠠᠭ᠎ᠠ ᠲᠤᠭᠤᠷᠠᠶᠢᠳᠤ ᠮᠤᠷᠢ ᠵᠡᠷᠭᠡ ᠪᠤᠢ ᠪᠤᠯᠵᠠᠢ᠃ ᠠᠳᠠ ᠤᠨᠴᠤᠭᠤᠶᠢᠯᠠᠨ | ᠲᠤᠷᠠᠳᠤᠭᠤᠰᠢᠳᠠᠢ ᠶᠠᠪᠤᠳᠠᠯ ᠭᠡᠪᠡᠯ ᠭᠤᠷᠪᠠᠨ ᠰᠠᠯᠠᠭ᠎ᠠ ᠲᠤᠭᠤᠷᠠᠶᠢᠳᠤ ᠮᠤᠷᠢ ᠪᠤᠯ ᠤᠳᠤ ᠶᠢᠨ ᠤᠷᠳᠤᠰ ᠤᠨ | ᠮᠤᠩᠭᠤᠯ ᠮᠤᠷᠢᠨ ᠤ ᠬᠠᠮᠤᠭ ᠡᠷᠳᠡᠨ ᠤ ᠡᠪᠦᠭᠡ ᠲᠡᠭᠡᠳᠤᠰ ᠪᠤᠯᠤᠨ᠎ᠠ᠃ | ᠬᠤᠶᠠᠷ᠂ ᠪᠤᠷᠤᠲᠤᠬᠠᠢ ᠬᠦᠮᠦᠨ ᠤ ᠦᠶ᠎ᠡ | ᠤᠷᠳᠤᠰ ᠤᠨ ᠦᠨᠳᠦᠷᠯᠢᠭ ᠤᠨ ᠪᠠᠷᠠᠭᠤᠨ ᠡᠮᠦᠨ᠎ᠡ ᠪᠡᠶ᠎ᠠ ᠳᠤ ᠲᠡᠯᠡᠭᠡᠢ ᠳᠤ ᠠᠯᠳᠠᠷᠳᠠᠢ ᠰᠢᠷᠬᠤᠰᠤᠨ ᠭᠤᠤᠯ ︵ | ᠡᠤ ᠳ᠋ᠢᠩ ᠡᠾᠧ ᠭᠤᠤᠯ︶ ᠬᠡᠵᠤ ᠪᠤᠢ᠃ ᠲᠡᠷᠠ ᠪᠤᠯ ᠱᠠᠨᠰᠢ ᠮᠤᠵᠢ ᠶᠢᠨ ᠪᠠᠷᠠᠭᠤᠨ ᠬᠤᠶᠢᠳᠤ ᠭᠡᠰᠡᠭ ᠤᠨ ᠪᠠᠢ | ᠢᠤᠢ ᠱᠠᠨ ᠠᠭᠤᠯᠠᠨ ᠤ ᠠᠷᠤ ᠬᠤᠷᠮᠤᠢ ᠠᠴᠠ ᠡᠬᠢ ᠠᠪᠴᠤ᠂ ᠵᠡᠬᠦᠨ ᠬᠤᠶᠢᠰᠢ ᠪᠠᠨ ᠶᠡᠭᠡ ᠵᠤᠤ ᠠᠶᠢᠮᠠᠭ ᠤᠨ | ᠤᠳᠤᠭ ᠬᠤᠰᠢᠭᠤᠨ ᠤ ᠵᠡᠬᠦᠨ ᠡᠮᠦᠨᠡᠬᠦᠷ ᠦᠩᠭᠡᠷᠡᠨ᠂ ᠦᠤᠰᠢᠨ ᠬᠤᠰᠢᠭᠤᠨ ᠤ ᠡᠮᠦᠨᠡᠬᠦᠷ ᠬᠦᠨᠳᠡᠯᠢᠳᠤᠨ | ᠤᠷᠤᠰᠳᠠᠭ᠃ ᠨᠡᠶᠢᠳᠠ ᠶᠢᠨ ᠤᠨ ᠲᠤᠭᠠᠯᠠᠯ ᠤᠨ1922 ᠤᠨ ᠠᠴᠠ ᠨᠠᠰᠢ᠂ ᠰᠢᠷᠬᠤᠰᠤᠨ ᠭᠤᠤᠯ ᠤᠨ ᠰᠠᠪᠠ | ᠪᠤᠯᠬᠤ ᠦᠤᠰᠢᠨ ᠬᠤᠰᠢᠭᠤᠨ ᠤ ᠳ᠋ᠠ ᠭᠸᠤ ᠸᠠᠨ ᠤᠷᠴᠢᠮ ᠢᠶᠠᠷ ᠡᠷᠳᠡᠨ ᠤ ᠬᠦᠮᠦᠨ ᠤ ᠮᠠᠩᠨᠠᠢ ᠶᠢᠨ ᠶᠠᠰᠤ᠂ | ᠵᠤᠯᠠᠢ ᠶᠢᠨ ᠶᠠᠰᠤ᠂ ᠲᠠᠭᠵᠢᠨ ᠤ ᠶᠠᠰᠤ᠂ ᠨᠢᠷᠤᠭᠤ ᠶᠢᠨ ᠶᠠᠰᠤ ᠵᠡᠷᠭᠡ ᠶᠢᠨ ᠴᠢᠯᠠᠭᠤᠵᠢᠮᠠᠯ ᠢ ᠨᠡᠶᠢᠳᠠ ᠬᠤᠷᠢᠨ | ᠭᠤᠷᠪᠠ ᠤᠯᠵᠠᠢ᠃ ᠡᠷᠳᠡᠨ ᠤ ᠬᠦᠮᠦᠨ ᠲᠦᠷᠦᠯᠬᠢᠳᠠᠨ ᠢ ᠰᠤᠳᠤᠯᠤᠭᠴᠢᠳ ᠬᠦᠨᠵᠡᠭᠡᠢ ᠠᠵᠢᠭᠯᠠᠵᠤ᠂ ᠤᠷᠳᠤ | ᠬᠤᠭᠤᠴᠠᠭ᠎ᠠ ᠪᠠᠷ ᠰᠤᠳᠤᠯᠤᠭᠠᠳ ᠡᠳᠡᠭᠡᠷ ᠪᠤᠯ ᠭᠤᠷᠪᠠᠨ ᠲᠦᠮᠡ ᠲᠠᠪᠤᠨ ᠮᠢᠩᠭᠠᠨ ᠵᠢᠯ ᠤᠨ ᠡᠮᠦᠨ᠎ᠡ ᠤᠷᠳᠤᠰ ᠲᠤ | ᠠᠮᠢᠳᠤᠷᠠᠵᠤ ᠪᠠᠶᠢᠭᠰᠠᠨ ᠬᠦᠮᠦᠨ ᠲᠦᠷᠦᠯᠬᠢᠳᠠᠨ ᠤ ᠴᠢᠯᠠᠭᠤᠵᠢᠮᠠᠯ ᠪᠤᠯᠤᠨ᠎ᠠ ᠭᠡᠰᠡᠨ ᠰᠢᠨᠵᠢᠯᠡᠬᠦ ᠤᠬᠠᠭᠠᠨᠴᠢ | ᠳ᠋ᠦᠩᠨᠡᠯᠳᠠ ᠦᠭᠴᠠᠢ᠃ ᠡᠳᠡᠭᠡᠷ ᠡᠷᠳᠡᠨ ᠤ ᠬᠦᠮᠦᠰ ᠬᠠᠳᠤᠨ ᠭᠤᠤᠯ ᠤᠨ ᠪᠤᠷᠤᠳᠤᠬᠤᠢ ᠳᠠᠬᠢ ᠤᠷᠳᠤᠰ ᠨᠤᠳᠤᠭ | ᠲᠤ ᠠᠮᠢᠳᠤᠷᠠᠵᠤ ᠪᠠᠶᠢᠭᠰᠠᠨ ᠪᠤᠯᠬᠤᠷ ᠲᠡᠳᠡᠨ ᠢ ᠪᠤᠷᠣᠳᠤᠬᠤᠢ ᠶᠢᠨ ᠬᠦᠮᠦᠨ ᠬᠡᠵᠤ ᠨᠡᠷᠡᠯᠡᠵᠠᠢ᠃ | ᠪᠤᠷᠤᠳᠤᠬᠤᠢ ᠶᠢᠨ ᠬᠦᠮᠦᠨ ᠤ ᠦᠶ᠎ᠠ ᠳᠤ᠂ ᠤᠷᠳᠤᠰ ᠤᠨ ᠪᠠᠶᠢᠭᠠᠯᠢ ᠶᠢᠨ ᠭᠠᠵᠠᠷ ᠵᠦᠢ ᠤᠳᠤ ᠶᠢᠨ ᠬᠢ ᠠᠴᠠ | ᠤᠨᠴᠠ ᠶᠡᠭᠡ ᠵᠦᠷᠢᠶ᠎ᠠ ᠲᠠᠢ ᠪᠠᠶᠢᠵᠠᠢ᠃ ᠮᠠᠨ ᠤ ᠤᠯᠤᠰ ᠤᠨ ᠡᠷᠳᠡᠨ ᠤ ᠬᠦᠮᠦᠨ ᠲᠦᠷᠦᠯᠬᠢᠳᠠᠨ ᠤ ᠤᠬᠠᠭᠠᠨ ᠤ | ᠠᠯᠳᠠᠷᠳᠤ ᠰᠤᠳᠤᠯᠤᠭᠴᠢ ᠫᠸᠢ ᠸᠧᠨ ᠵᠦᠩ ᠫᠷᠤᠹᠧᠰᠰᠤᠷ ︽ᠲᠤᠮᠳᠠᠳᠤ ᠤᠯᠤᠰ ᠤᠨ ᠪᠠᠯᠠᠷ ᠡᠷᠳᠡᠨ ᠤ ᠬᠦᠮᠦᠨ | ᠲᠦᠷᠦᠯᠬᠢᠳᠡᠨ ᠤ ᠠᠮᠢᠳᠤᠷᠠᠯ ᠤᠨ ᠤᠷᠴᠢᠨ ᠲᠤᠭᠤᠷᠢᠨ︾ ᠭᠡᠰᠡᠨ ᠦᠬᠦᠯᠡᠯ ᠳᠡᠭᠡᠨ᠄ ︽ᠢᠯᠠᠩᠭᠤᠶ᠎ᠠ᠂ ᠮᠤᠨᠠ | ᠠᠭᠤᠯᠠ ᠦᠷᠭᠡᠨ ᠠᠭᠤᠳᠠᠮ ᠲᠠᠯ᠎ᠠ ᠶᠢᠨ ᠲᠤᠮᠳᠠ ᠤᠷᠤᠰᠢᠵᠤ᠂ ᠠᠭᠤᠯᠠᠨ ᠲᠡᠭᠡᠷᠡᠬᠢ ᠬᠤᠷᠠᠮᠳᠤᠭᠰᠠᠨ ᠴᠠᠰᠤ ᠮᠦᠰᠤ | ᠬᠠᠶᠢᠯᠵᠤ ᠢᠷᠡᠭᠡᠳ ᠭᠤᠤᠯ ᠮᠦᠷᠡᠨ᠂ ᠨᠠᠭᠤᠷ ᠴᠦᠬᠦᠷᠦᠮ ᠪᠤᠯᠵᠠᠢ᠃ ᠢᠩᠬᠢᠭᠡᠳ ᠮᠠᠰᠢ ᠤᠯᠠᠨ ᠠᠮᠢᠳᠠᠨ ᠪᠠ | ᠬᠦᠮᠦᠨ ᠲᠦᠷᠦᠯᠬᠢᠳᠡᠨ ᠤ ᠴᠤᠭᠯᠠᠷᠠᠨ ᠲᠤᠭᠳᠠᠨᠢᠬᠤ ᠤᠷᠤᠨ ᠪᠤᠯᠤᠭᠰᠠᠨ ᠪᠤᠯᠤᠯᠳᠠᠢ᠃ ᠪᠤᠷᠤᠳᠤᠬᠤᠢ ᠶᠢᠨ ᠬᠦᠮᠦᠨ | ᠤᠳᠤ ᠶᠢᠨ ᠰᠢᠷᠬᠤᠰᠤᠨ ᠭᠤᠤᠯ ᠤᠨ ᠬᠤᠶᠠᠷ ᠬᠦᠪᠡᠭᠡ ᠪᠠᠷ ᠠᠮᠢᠳᠤᠷᠠᠵᠤ᠂ ᠲᠡᠬᠦᠪᠡᠷ ᠠᠭᠤᠳᠠᠮ ᠲᠡᠨᠢᠭᠡᠷ ᠡᠪᠡᠰᠤᠳᠤ | ᠲᠠᠯ᠎ᠠ ᠲᠠᠢ᠂ ᠨᠠᠭᠤᠷ ᠴᠦᠬᠦᠷᠦᠮ ᠤᠨ ᠲᠡᠷᠭᠡᠳᠠ ᠡᠪᠡᠰᠤ ᠮᠤᠳᠤ ᠡᠯᠪᠡᠭ ᠤᠷᠭᠤᠳᠠᠭ ᠪᠦᠭᠡᠳ ᠲᠦᠪᠰᠢᠨ ᠲᠠᠯ᠎ᠠ ᠶᠢᠨ | ᠪᠡᠯᠴᠢᠭᠡᠷ ᠲᠤ ᠪᠠᠰᠠ ᠪᠤᠷᠤᠳᠤᠬᠤᠢ ᠶᠢᠨ ᠬᠠᠪᠳᠠᠭᠠᠢ ᠡᠪᠡᠷᠳᠤ ᠪᠤᠭᠤ᠂ ᠲᠤᠷᠤᠭ ᠪᠤᠭᠤ᠂ ᠵᠡᠷᠯᠢᠭ ᠭᠠᠭ᠋ᠠᠢ᠂ ᠲᠦᠷᠭᠡᠨ | ᠬᠦᠶᠦᠳᠡᠭ ᠪᠦᠬᠦᠭ᠂ ᠬᠤᠯᠠᠨ᠂ ᠲᠠᠬᠢ ᠵᠡᠷᠭᠡ ᠠᠮᠢᠳᠠᠨ ᠪᠠᠶᠢᠪᠠ᠃ ᠦᠭᠡᠷ᠎ᠠ ᠪᠠᠰᠠ ᠭᠠᠩ ᠬᠠᠭᠤᠷᠠᠢ ᠳᠤ | ᠲᠡᠰᠪᠦᠷᠢᠳᠠᠢ ᠲᠡᠮᠡᠭᠡ ᠪᠠ ᠮᠡᠷᠡᠭᠴᠢ ᠠᠮᠢᠳᠠᠨ ᠤ ᠲᠦᠷᠦᠯ᠂ ᠤᠰᠤᠨ ᠦᠭᠡᠷ ᠵᠢᠴᠢ ᠪᠠᠯᠠᠷ ᠡᠷᠳᠡᠨ ᠤ ᠦᠭᠡᠷ ᠤᠳ | ᠭᠤᠤᠯ ᠤᠨ ᠬᠦᠪᠡᠭᠡᠨ ᠳᠠᠬᠢ ᠦᠩ ᠰᠢᠮᠡᠯᠢᠭ ᠡᠪᠡᠰᠤ ᠶᠢ ᠢᠳᠡᠬᠦ ᠪᠠᠷ ᠢᠷᠡᠳᠡᠭ ᠪᠠᠶᠢᠪᠠ᠃ ᠠᠳᠠ ᠰᠢᠢᠳᠪᠦᠷᠢᠯᠡᠭᠴᠢ | ᠠᠴᠢ ᠬᠤᠯᠪᠤᠭᠳᠠᠯ ᠪᠦᠬᠦᠢ ᠵᠦᠢᠯ ᠪᠤᠯ ᠨᠠᠮ᠎ᠠ ᠵᠠᠭᠠᠨ᠂ ᠦᠰᠦᠳᠠᠢ ᠭᠡᠷᠢᠰ ᠪᠠ ᠲᠤᠷᠤᠭ ᠪᠤᠭᠤ ᠴᠦᠮ ᠲᠠᠯ᠎ᠠ | ᠨᠤᠳᠤᠭ ᠲᠤ ᠠᠮᠢᠳᠤᠷᠠᠵᠤ ᠪᠠᠶᠢᠭᠰᠠᠨ ᠶᠠᠪᠤᠳᠠᠯ ᠪᠤᠯᠤᠨ᠎ᠠ︾ ᠭᠡᠵᠠᠢ᠃ ᠪᠤᠷᠤᠳᠤᠬᠤᠢ ᠶᠢᠨ ᠬᠦᠮᠦᠨ ᠤ ᠠᠮᠢᠳᠤᠷᠠᠵᠤ | ᠪᠠᠶᠢᠭᠰᠠᠨ ᠤᠷᠴᠢᠨ ᠲᠤᠭᠤᠷᠢᠨ ᠤ ᠲᠤᠬᠠᠢ᠂ ᠦᠪᠡᠷ ᠤᠨ ᠪᠡᠶ᠎ᠠ ᠪᠠᠷ ᠢᠶᠠᠨ ᠤᠷᠳᠤᠰ ᠤᠨ ᠪᠤᠷᠤᠳᠤᠬᠤᠢ ᠶᠢᠨ | ᠬᠦᠮᠦᠨ ᠤ ᠤᠭ ᠨᠤᠳᠤᠭ ᠲᠤ ᠢᠷᠡᠵᠤ ᠪᠠᠶᠢᠴᠠᠭᠠᠯᠳᠠ ᠬᠢᠭᠰᠡᠨ ᠬᠠᠭᠤᠴᠢᠳ ᠢ ᠰᠤᠳᠤᠯᠤᠭᠴᠢ ᠵᠢᠶᠠ ᠯᠠᠨ ᠫᠦᠸᠧ | ᠫᠷᠤᠹᠧᠰᠰᠤᠷ ᠬᠡᠯᠡᠬᠦ ᠳᠡᠭᠡᠨ᠄ ︽ᠲᠤᠬᠠᠢ ᠶᠢᠨ ᠦᠶ᠎ᠠ ᠶᠢᠨ ᠰᠢᠷᠬᠤᠰᠤᠨ ᠭᠠᠵᠠᠷ ᠤᠷᠤᠨ ᠢᠶᠠᠷ ᠨᠡᠯᠢᠶᠡᠳ ᠶᠡᠭᠡ | ᠨᠠᠭᠤᠷ ᠴᠦᠬᠦᠷᠦᠮ ᠪᠠ ᠭᠤᠤᠯ ᠮᠦᠷᠡᠨ ᠪᠠᠶᠢᠵᠠᠢ᠂ ᠨᠠᠭᠤᠷ ᠤᠨ ᠬᠦᠪᠡᠭᠡᠨ ᠳᠤ ᠰᠡᠶᠢᠷᠡᠭ ᠤᠢ ᠮᠤᠳᠤ ᠪᠠ ᠦᠷᠭᠡᠨ | ᠠᠭᠤᠳᠠᠮ ᠲᠠᠯ᠎ᠠ ᠭᠠᠵᠠᠷ ᠲᠠᠢ ᠪᠦᠭᠡᠳ ᠠᠭᠤᠷ ᠠᠮᠢᠰᠬᠤᠯ ᠤᠳᠤ ᠠᠴᠠ ᠨᠡᠯᠢᠶᠡᠳ ᠲᠤᠯᠠᠭᠠᠨ ᠴᠢᠬᠢᠭᠯᠢᠭ ᠪᠠᠶᠢᠵᠠᠢ︾ | ᠭᠡᠪᠡ᠃ | ᠪᠤᠷᠤᠳᠤᠬᠤᠢ ᠶᠢᠨ ᠬᠦᠮᠦᠨ ᠤ ᠪᠡᠶ᠎ᠠ ᠶᠢᠨ ᠤᠨᠴᠠᠯᠢᠭ᠂ ᠦᠨᠤ ᠶᠢᠨ ᠬᠦᠮᠦᠨ ᠲᠠᠢ ᠨᠡᠯᠢᠶᠡᠳ ᠤᠶᠢᠷᠠᠯᠴᠭᠠ ᠶᠤᠮ | ᠃ ᠬᠦᠮᠦᠨ ᠲᠦᠷᠦᠯᠭᠢᠳᠡᠨ ᠤ ᠬᠤᠪᠢᠰᠤᠯ ᠤᠨ ᠱᠠᠳᠤᠨ ᠤ ᠰᠡᠬᠦᠯᠴᠢ ᠦᠶ᠎ᠠ ᠶᠢᠨ ᠤᠬᠠᠭᠠᠨᠳᠠᠢ ᠬᠦᠮᠦᠨ ᠳᠡᠭᠡᠨ | ᠤᠷᠤᠨ᠎ᠠ᠃ ᠪᠤᠷᠤᠳᠤᠬᠤᠢ ᠶᠢᠨ ᠬᠦᠮᠦᠨ ᠤ ᠠᠮᠢᠳᠤᠷᠠᠵᠤ ᠪᠠᠶᠢᠭᠰᠠᠨ ᠰᠢᠷᠬᠤᠰᠤᠨ ᠭᠤᠤᠯ ᠤᠨ ᠤᠷᠴᠢᠮ ᠢᠶᠠᠷ | ᠢᠡᠯᠷᠡᠭᠰᠡᠨ ᠬᠠᠭᠤᠴᠢᠨ ᠴᠢᠯᠠᠭᠤᠨ ᠵᠡᠪᠰᠡᠭ ᠤᠨ ᠰᠤᠶᠤᠯ ᠤᠨ ᠦᠯᠡᠳᠡᠭᠳᠡᠯ ᠤᠨ ᠲᠤᠳᠤᠷ᠎ᠠ ᠴᠢᠯᠠᠭᠤᠨ ᠡᠳ᠋ᠯᠡᠯ᠂ | ᠬᠦᠮᠦᠰ ᠤᠨ ᠴᠤᠬᠢᠵᠤ ᠪᠠᠯᠪᠠᠯᠠᠭᠰᠠᠨ ᠠᠮᠢᠳᠠᠨ ᠤ ᠶᠠᠰᠤ ᠪᠠ ᠨᠡᠬᠦᠷᠡᠰᠤᠨ ᠬᠡᠮᠭᠡᠳᠡᠭ ᠪᠤᠢ᠃ ᠴᠢᠯᠠᠭᠤᠨ ᠡᠳ᠋ᠯᠡᠯ ᠢ | ᠦᠭᠡᠬᠦᠨ ᠴᠢᠯᠠᠭᠤ ᠪᠠ ᠴᠠᠬᠢᠭᠤᠷ ᠴᠢᠯᠠᠭᠤ ᠪᠠᠷ ᠬᠢᠵᠠᠢ᠃ ᠴᠢᠯᠠᠭᠤᠨ ᠡᠳ᠋ᠯᠡᠯ ᠤᠨ ᠲᠦᠷᠦᠯ ᠵᠦᠢᠯ ᠳᠤ ᠬᠠᠷᠤᠵᠤ | ᠬᠤᠰᠤᠬᠤ ᠪᠠᠭᠠᠵᠢ᠂ ᠦᠵᠦᠬᠦᠷ ᠲᠠᠢ ᠪᠠᠭᠠᠵᠢ᠂ ᠰᠡᠶᠢᠯᠬᠦ ᠪᠠᠭᠠᠵᠢ ᠪᠤᠢ᠃ ᠬᠠᠷᠣᠵᠣ ᠬᠤᠰᠤᠬᠤ ᠪᠠᠭᠠᠵᠢ ᠶᠢᠨ ᠢᠷ | ᠲᠤ ᠠᠰᠬᠠᠨ᠂ ᠬᠦᠳᠦᠬᠦᠷ᠂ ᠬᠦᠩᠬᠦᠷ᠂ ᠲᠠᠪᠬᠤᠷ ᠬᠡᠳᠦᠨ ᠭᠡᠯᠪᠡᠷᠢ ᠪᠤᠢ᠃ | ᠰᠢᠨ᠎ᠡ ᠴᠢᠯᠠᠭᠤᠨ ᠵᠡᠪᠰᠡᠭ ᠤᠨ ᠦᠶ᠎ᠠ ᠳᠤ᠂ ᠤᠷᠳᠤᠰ ᠨᠤᠳᠤᠭ ᠤᠨ ᠬᠦᠮᠦᠨ ᠲᠦᠷᠦᠯᠬᠢᠳᠡᠨ ᠤ ᠠᠵᠢᠯᠯᠠᠭᠠᠨ ᠤ | ᠭᠡᠪᠴᠢᠶ᠎ᠠ ᠤᠯᠠᠮ ᠢᠶᠠᠷ ᠦᠷᠭᠡᠵᠢᠵᠠᠢ᠃ ᠰᠢᠨ᠎ᠡ ᠴᠢᠯᠠᠭᠤᠨ ᠵᠡᠪᠰᠡᠭ ᠤᠨ ᠦᠶ᠎ᠠ ᠶᠢᠨ ᠰᠤᠶᠤᠯ ᠤᠨ ᠦᠯᠡᠳᠡᠭᠳᠡᠯ | ᠭᠤᠴᠢᠨ ᠬᠤᠶᠠᠷ ᠭᠠᠵᠠᠷ ᠲᠤ ᠢᠯᠡᠷᠡᠵᠤ᠂ ᠪᠠᠷᠤᠭ ᠪᠦᠬᠦᠶᠢᠯᠡ ᠤᠷᠳᠤᠰ ᠤᠨ ᠡᠯ᠎ᠠ ᠭᠠᠵᠠᠷ ᠲᠤ ᠲᠦᠭᠡᠵᠠᠢ᠃ | ᠡᠳᠡᠭᠡᠷ ᠦᠯᠡᠳᠡᠭᠳᠡᠯ ᠤᠳ ᠲᠤ᠂ ᠭᠡᠷ ᠪᠠᠶᠢᠰᠢᠩ᠂ ᠦᠨᠡᠰᠤᠨ ᠨᠦᠭᠡ᠂ ᠸᠠᠭᠠᠷ ᠤᠨ ᠶᠤᠤ᠂ ᠪᠤᠳᠤᠩ ᠳᠤ | ᠠᠪᠰᠠᠯᠠᠭᠰᠠᠨ ᠤᠩᠭᠤᠨ ᠵᠢᠴᠢ ᠪᠢᠯᠡᠬᠦᠳᠡᠵᠤ ᠢᠷᠯᠡᠭᠰᠡᠨ ᠴᠢᠯᠠᠭᠤᠨ ᠡᠳ᠋ᠯᠡᠯ᠂ ᠶᠠᠰᠤᠨ ᠡᠳ᠋ᠯᠡᠯ᠂ ᠸᠠᠭᠠᠷ ᠤᠨ ᠡᠳ᠋ᠯᠡᠯ | ᠵᠡᠷᠭᠡ ᠪᠠᠶᠢᠨ᠎ᠠ᠃ ᠡᠳᠡᠭᠡᠷ ᠰᠤᠶᠤᠯ ᠤᠨ ᠦᠯᠡᠳᠡᠭᠳᠡᠯ ᠤᠳ ᠪᠦᠷ ᠪᠤᠷᠤᠳᠤᠬᠤᠢ ᠶᠢᠨ ᠬᠦᠮᠦᠨ ᠨᠢᠭᠡᠨᠳᠠ ᠸᠠᠭᠠᠷ ᠰᠠᠪᠠ | ᠬᠢᠵᠤ᠂ ᠭᠡᠷ ᠪᠠᠶᠢᠰᠢᠩ ᠪᠠᠷᠢᠨ᠂ ᠰᠠᠭᠤᠷᠢᠰᠢᠨ ᠠᠮᠢᠳᠤᠷᠠᠵᠤ᠂ ᠲᠠᠷᠢᠶ᠎ᠠ ᠲᠠᠷᠢᠨ᠂ ᠮᠠᠯ ᠮᠠᠯᠵᠢᠵᠤ᠂ ᠠᠩ ᠬᠦᠷᠦᠭᠡ | ᠬᠢᠵᠤ ᠴᠢᠳᠠᠬᠤ ᠪᠤᠯᠤᠭᠰᠠᠨ ᠢ ᠭᠡᠷᠡᠴᠢᠯᠡᠵᠤ ᠪᠠᠶᠢᠨ᠎ᠠ᠃ | ᠲᠤᠮᠳᠠᠳᠤ ᠤᠯᠤᠰ ᠤᠨ ᠲᠡᠤᠭᠡᠨ ᠲᠡᠭᠡᠷ᠎ᠠ ᠴᠢᠯᠠᠭᠤᠨ ᠵᠡᠪᠰᠡᠭ ᠤᠨ ᠦᠶ᠎ᠠ ᠪᠤᠯ ᠪᠠᠯᠠᠷ ᠡᠷᠳᠡᠨ ᠤ ᠨᠡᠶᠢᠭᠡᠮ ᠤᠨ | ᠦᠶ᠎ᠠ ᠮᠦᠨ᠃ ᠬᠠᠭᠤᠴᠢᠨ ᠴᠢᠯᠠᠭᠤᠨ ᠵᠡᠪᠰᠡᠭ ᠤᠨ ᠦᠶ᠎ᠠ ᠶᠢᠨ ᠪᠠᠯᠠᠷ ᠡᠷᠳᠡᠨ ᠤ ᠬᠦᠮᠦᠰ ᠬᠠᠮᠳᠤᠪᠡᠷ ᠢᠳᠡᠰᠢ | ᠡᠷᠢᠬᠦ ᠪᠠ ᠬᠠᠷᠢ ᠶᠢᠨ ᠲᠦᠷᠢᠮᠡᠭᠡᠶᠢᠯᠡᠯ ᠢ ᠰᠡᠷᠭᠡᠶᠢᠯᠡᠨ᠂ ᠰᠦᠷᠦᠭᠯᠡᠨ ᠰᠠᠭᠤᠷᠢᠰᠢᠬᠤ ᠠᠮᠢᠳᠤᠷᠠᠯ ᠢ ᠦᠩᠭᠡᠷᠡᠭᠡᠵᠤ | ᠪᠠᠶᠢᠭᠰᠠᠨ ᠪᠤᠯ ᠰᠢᠨ᠎ᠡ ᠴᠢᠯᠠᠭᠤᠨ ᠵᠡᠪᠰᠡᠭ ᠤᠨ ᠦᠶ᠎ᠠ ᠳᠤ ᠬᠦᠴᠤ ᠢᠷᠡᠭᠡᠳ ᠨᠢᠭᠡᠨᠳᠠ ᠤᠪᠤᠭ ᠲᠦᠷᠦᠯ ᠤᠨ ᠬᠦᠢ | ᠨᠢᠭᠡᠳᠦᠯ ᠤᠨ ᠴᠢᠰᠤᠨ ᠪᠠᠷᠢᠯᠳᠤᠯᠭ᠎ᠠ ᠪᠠᠷ ᠪᠦᠷᠢᠯᠳᠦᠭᠰᠡᠨ ᠨᠡᠶᠢᠭᠡᠮ ᠤᠨ ᠵᠤᠬᠢᠶᠠᠨ ᠪᠠᠶᠢᠭᠤᠯᠤᠯᠳᠠ ᠲᠠᠢ ᠪᠤᠯᠵᠠᠢ᠃ | ᠭᠤᠷᠪᠠ᠂ ᠤᠷᠢᠳᠤ ᠴᠢᠨ ᠤᠯᠤᠰ ᠤᠨ ᠦᠶ᠎ᠡ | ᠤᠷᠳᠤᠰ ᠠᠴᠠ ᠮᠠᠯᠳᠠᠵᠤ ᠭᠠᠷᠭᠠᠭᠰᠠᠨ ᠬᠦᠷᠡᠯ ᠪᠠᠭᠠᠵᠢ ᠶᠢᠨ ᠰᠤᠶᠤᠯ ᠤᠨ ᠦᠯᠡᠳᠡᠭᠳᠡᠯ ᠢ ᠪᠠᠶᠢᠴᠠᠭᠠᠨ | ᠨᠤᠳᠠᠯᠠᠭᠰᠠᠨ ᠦᠷ᠎ᠠ ᠳ᠋ᠦᠩ ᠪᠢᠳᠡᠨ ᠤ ᠲᠤᠮᠳᠠᠳᠤ ᠤᠷᠤᠨ ᠬᠦᠷᠡᠯ ᠪᠠᠭᠠᠵᠢ ᠶᠢᠨ ᠦᠶ᠎ᠠ ᠪᠤᠯᠬᠤ ᠳᠤ ᠤᠷᠳᠤᠰ ᠢᠶᠠᠷ | ᠴᠤᠭᠯᠠᠷᠠᠨ ᠰᠠᠭᠤᠵᠤ ᠪᠠᠶᠢᠭᠰᠠᠨ ᠬᠦᠮᠦᠰ ᠴᠤ ᠬᠦᠷᠡᠯ ᠪᠠᠭᠠᠵᠢ ᠶᠢ ᠡᠬᠢᠯᠡᠨ ᠭᠡᠷᠡᠭᠯᠡᠵᠠᠢ ᠭᠡᠳᠡᠭ ᠢ ᠬᠡᠯᠡᠵᠤ ᠦᠭᠴᠠᠢ᠃ | ᠨᠡᠶᠢᠭᠡᠮ ᠤᠨ ᠠᠵᠤ ᠠᠬᠤᠢ ᠶᠢᠨ ᠬᠦᠭᠵᠢᠯᠳᠠ ᠠᠴᠠ ᠪᠤᠯᠵᠤ᠂ ᠤᠷᠳᠤᠰ ᠲᠤ ᠰᠠᠭᠤᠭᠰᠠᠳ ᠠᠳᠡᠬᠢ ᠶᠢᠨ ᠦᠷᠭᠡᠨ | ᠠᠭᠤᠳᠠᠮ ᠦᠩ ᠰᠢᠮᠡᠯᠢᠭ ᠪᠠᠶᠢᠭᠠᠯᠢ ᠶᠢᠨ ᠪᠡᠯᠴᠢᠭᠡᠷ ᠢ ᠠᠰᠢᠭᠯᠠᠵᠤ᠂ ᠮᠠᠯ ᠮᠠᠯᠵᠢᠭᠰᠠᠨ ᠢᠶᠠᠷ ᠮᠠᠯᠵᠢᠯ ᠤᠨ | ᠦᠢᠯᠡᠳᠪᠦᠷᠢᠯᠡᠯ ᠠᠵᠤ ᠠᠬᠤᠢ ᠶᠢᠨ ᠭᠤᠤᠯ ᠰᠠᠯᠠᠭ᠎ᠠ ᠮᠦᠴᠢᠷ ᠪᠤᠯᠵᠠᠢ᠃ | ᠨᠡᠶᠢᠳᠠ ᠶᠢᠨ ᠤᠨ ᠲᠤᠭᠠᠯᠠᠯ ᠤᠨ ᠡᠮᠦᠨᠡᠬᠢ ᠬᠤᠶᠠᠷ ᠮᠢᠩᠭᠠᠨ ᠵᠢᠯ ᠤᠨ ᠤᠷᠢᠳᠠᠢ᠂ ᠮᠠᠨ ᠤ ᠤᠯᠤᠰ ᠤᠨ ᠪᠠᠯᠠᠷ | ᠡᠷᠳᠡᠨ ᠤ ᠨᠡᠶᠢᠭᠡᠮ ᠠᠭᠠᠵᠢᠮ ᠢᠶᠠᠷ ᠵᠠᠳᠠᠷᠠᠭᠰᠠᠨ ᠤ ᠲᠠᠷᠠᠭ᠎ᠠ᠂ ᠪᠤᠭᠤᠯᠳᠤ ᠨᠡᠶᠢᠭᠡᠮ ᠠᠯᠬᠤᠮ ᠠᠯᠬᠤᠮ ᠢᠶᠠᠷ ᠪᠤᠢ | ᠪᠤᠯᠵᠤ᠂ ᠬᠠᠳᠤᠨ ᠭᠤᠤᠯ ᠤᠨ ᠲᠤᠮᠳᠠ ᠰᠠᠪᠠ ᠭᠠᠵᠠᠷ ᠲᠤ ᠰᠢᠶᠠ ᠤᠯᠤᠰ ᠪᠠᠶᠢᠭᠤᠯᠤᠭᠳᠠᠪᠠ᠃ ᠱᠠᠩ ᠤᠯᠤᠰ | ᠲᠦᠷᠪᠡᠨ ᠵᠠᠭᠤ ᠭᠠᠷᠤᠢ ᠵᠢᠯ ᠦᠷᠬᠦᠯᠵᠢᠯᠡᠭᠰᠡᠨ ᠰᠢᠶᠠ ᠤᠯᠤᠰ ᠤᠨ ᠰᠠᠭᠤᠷᠢᠨ ᠲᠡᠭᠡᠷ᠎ᠠ ᠪᠠᠰᠠ ᠦᠪᠡᠷ ᠤᠨ | ᠬᠠᠭᠠᠨᠳᠤ ᠲᠦᠷᠦ ᠶᠢᠨ ᠵᠠᠰᠠᠭ ᠢᠶᠠᠨ ᠪᠠᠶᠢᠭᠤᠯᠪᠠ᠃ ᠡᠨᠡ ᠦᠶ᠎ᠠ ᠪᠤᠯ ᠶᠠᠭ ᠤᠷᠳᠤᠰ ᠲᠤ ᠨᠤᠳᠤᠭᠯᠠᠭᠰᠠᠨ | ᠠᠷᠠᠳ ᠤᠳ ᠮᠠᠯ ᠮᠠᠯᠵᠢᠬᠤ ᠪᠠᠷ ᠠᠮᠢᠳᠤᠷᠠᠯ ᠢᠶᠠᠨ ᠠᠷᠭᠠᠴᠠᠵᠤ ᠪᠠᠶᠢᠭᠰᠠᠨ ᠦᠶ᠎ᠠ ᠪᠤᠯᠤᠨ᠎ᠠ᠃ ᠲᠤᠬᠠᠢ ᠶᠢᠨ | ᠦᠶ᠎ᠠ ᠳᠤ᠂ ᠤᠷᠳᠤᠰ ᠪᠠ ᠲᠡᠬᠦᠨ ᠤ ᠤᠷᠴᠢᠨ ᠲᠤᠭᠤᠷᠢᠨ ᠢᠶᠠᠷ ᠲᠤᠹᠠᠩ ᠠᠶᠢᠮᠠᠭ᠂ ᠡᠾᠸᠤ ᠹᠠᠩ ᠠᠶᠢᠮᠠᠭ᠂ ᠬᠦᠢ | ᠹᠠᠩ ᠠᠶᠢᠮᠠᠭ᠂ ᠴᠢᠶᠠᠩ ᠹᠠᠩ ᠠᠶᠢᠮᠠᠭ᠂ ᠯᠦᠩ ᠹᠠᠩ ᠠᠶᠢᠮᠠᠭ᠂ ᠰᠢᠶᠦ᠋ᠨ ᠢᠤᠢ ᠠᠶᠢᠮᠠᠭ ᠵᠡᠷᠭᠡ ᠨᠡᠬᠦᠳᠡᠯᠡᠯᠨ | ᠮᠠᠯᠵᠢᠳᠠᠭ ᠠᠶᠢᠮᠠᠭ ᠤᠳ ᠪᠠᠶᠢᠪᠠ᠃ ᠲᠡᠳᠡᠨ ᠱᠠᠩ ᠤᠯᠤᠰ ᠲᠠᠢ ᠲᠡᠮᠡᠴᠡᠯᠳᠦᠵᠤ᠂ ᠬᠠᠷᠢᠯᠴᠠᠨ ᠲᠠᠶᠢᠰᠤᠩᠨᠠᠭᠠᠳ᠂ | ᠲᠡᠳᠡᠨ ᠤ ᠬᠠᠮᠤᠭ ᠤᠨ ᠶᠡᠭᠡ ᠰᠦᠷᠳᠡᠬᠦᠯᠬᠦ ᠬᠦᠴᠦᠨ ᠪᠤᠯᠵᠤ ᠪᠠᠶᠢᠪᠠ᠃ | ᠪᠠᠷᠠᠭᠤᠨ ᠵᠸᠤ ᠤᠯᠤᠰ ᠤᠨ ᠦᠶ᠎ᠠ ᠳᠤ᠂ ᠤᠷᠳᠤᠰ ᠲᠤ ᠠᠮᠢᠳᠤᠷᠠᠵᠤ ᠪᠠᠶᠢᠭᠰᠠᠨ ᠨᠡᠬᠦᠳᠡᠯᠯᠡᠨ ᠮᠠᠯᠵᠢᠳᠠᠭ | ᠠᠶᠢᠮᠠᠭ ᠤᠳ ᠪᠠ ᠠᠶᠢᠮᠠᠭ ᠤᠨ ᠬᠤᠯᠪᠤᠭ᠎ᠠ ᠶᠢ ᠷᠦᠩ ᠳ᠋ᠢ ᠦᠨᠳᠦᠰᠦᠳᠡᠨ ︵ᠰᠢᠶᠠᠨ ᠶᠦᠨ ᠪᠤᠶᠤ ᠴᠤᠸᠠᠨ ᠷᠦᠩ︶ | ᠭᠡᠳᠡᠭ᠃ ᠲᠡᠳᠡᠨ ᠤ ᠪᠤᠳᠠᠳᠤ ᠬᠦᠴᠦᠨ ᠨᠡᠯᠢᠶᠡᠳ ᠴᠢᠬᠢᠷᠠᠭ ᠪᠦᠭᠡᠳ ᠲᠠᠰᠤᠷᠠᠯᠳᠠ ᠦᠭᠡᠢ ᠡᠮᠦᠨᠡᠰᠢ ᠲᠦᠷᠢᠭᠡᠳ | ᠪᠠᠶᠢᠬᠤᠯᠠᠷ᠂ ᠪᠠᠷᠠᠭᠤᠨ ᠵᠸᠤ ᠤᠯᠤᠰ ᠤᠨ ᠬᠢᠯᠢ ᠶᠢᠨ ᠠᠶᠤᠯ ᠪᠤᠯᠵᠤ ᠪᠠᠶᠢᠪᠠ᠃ | ᠴᠦᠨ ᠴᠢᠤ ᠶᠢᠨ ᠦᠶ᠎ᠠ ᠳᠤ᠂ ᠤᠷᠳᠤᠰ ᠤᠨ ᠵᠡᠬᠦᠨ ᠡᠮᠦᠨ᠎ᠡ ᠪᠡᠶ᠎ᠠ ᠪᠠᠷ ᠠᠮᠢᠳᠤᠷᠠᠵᠤ ᠪᠠᠶᠢᠭᠰᠠᠨ | ᠠᠶᠢᠮᠠᠭ ᠤᠳ ᠢ ᠳ᠋ᠢ ᠠᠶᠢᠮᠠᠭ ᠬᠡᠳ᠂ ᠪᠠᠢ ᠳ᠋ᠢ᠂ ᠤᠤᠢ ᠳ᠋ᠢ᠂ ᠵᠦᠩ ᠳ᠋ᠢ ᠬᠡᠵᠤ ᠬᠤᠪᠢᠶᠠᠵᠤ ᠪᠠᠶᠢᠪᠠ᠃ | ᠤᠷᠳᠤᠰ ᠤᠨ ᠪᠠᠷᠠᠭᠤᠨ ᠡᠮᠦᠨ᠎ᠡ ᠵᠠᠬ᠎ᠠ ᠪᠠᠷ ᠠᠮᠢᠳᠤᠷᠠᠵᠤ ᠪᠠᠶᠢᠭᠰᠠᠨ ᠠᠶᠢᠮᠠᠭ ᠤᠳ ᠢ ᠢ ᠴᠢᠤᠢ᠂ ᠴᠢᠤᠢ ᠡᠾᠧᠩ | ᠭᠡᠳᠡᠭ᠃ ᠴᠦᠨ ᠴᠢᠤ ᠶᠢᠨ ᠲᠤᠮᠳᠠ ᠦᠶ᠎ᠠ ᠠᠴᠠ ᠬᠤᠶᠢᠰᠢ᠂ ᠲᠤᠮᠳᠠᠳᠤ ᠤᠷᠤᠨ ᠤ ᠡᠯ᠎ᠠ ᠤᠯᠤᠰ ᠤᠳ ᠡᠳᠦᠷ | ᠢᠷᠡᠬᠦᠶ᠎ᠠ ᠬᠦᠴᠦᠷᠭᠡᠭᠵᠢᠭᠡᠳ᠂ ᠤᠷᠳᠤᠰ ᠱᠠᠨᠰᠢ ᠶᠢᠨ ᠵᠠᠭᠠᠭ ᠲᠡᠭᠡᠷᠡᠬᠢ ᠪᠠᠷᠠᠭᠤᠨ ᠷᠦᠩ ᠳ᠋ᠢ ᠶᠢᠨ ᠡᠯ᠎ᠠ | ᠠᠶᠢᠮᠠᠭ ᠤᠳ ᠴᠢᠨ ᠤᠯᠤᠰ ᠲᠤ ᠵᠠᠯᠬᠢᠭᠳᠠᠵᠤ᠂ ᠤᠤᠢ ᠳ᠋ᠢ᠂ ᠪᠠᠢ ᠳ᠋ᠢ᠂ ᠶᠢᠨ ᠤᠯᠤᠰ ᠢ ᠲᠠᠭᠠᠪᠠ᠃ ᠢᠩᠬᠢᠭᠡᠳ | ᠶᠢᠨ ᠤᠯᠤᠰ ᠤᠨ ᠬᠦᠴᠦᠨ ᠤᠷᠳᠤᠰ ᠤᠨ ᠵᠡᠭᠦᠨ ᠪᠡᠶ᠎ᠠ ᠪᠠᠷ ᠲᠦᠷᠢᠨ ᠤᠷᠤᠵᠤ ᠢᠷᠡᠵᠠᠢ᠃ ᠴᠦᠨ ᠴᠢᠤ ᠶᠢᠨ | ᠰᠡᠬᠦᠯᠴᠢ ᠪᠠᠷ ᠤᠷᠳᠤᠰ ᠢᠶᠠᠷ ᠪᠠᠶᠢᠭᠰᠠᠨ ᠦᠭᠡᠷ᠎ᠠ ᠠᠶᠢᠮᠠᠭ ᠪᠦᠯᠦᠭ ᠤᠳ ᠴᠤ ᠲᠤᠮᠳᠠᠳᠤ ᠤᠷᠤᠨ ᠲᠠᠢ ᠤᠶᠢᠷᠠᠬᠠᠨ | ᠪᠠᠶᠢᠭᠰᠠᠨ ᠠᠶᠢᠮᠠᠭ ᠪᠦᠯᠦᠭ ᠤᠳ ᠲᠠᠢ ᠠᠳᠠᠯᠢ ᠪᠠᠷ ᠬᠤᠸᠠ ᠰᠢᠶᠠ ᠦᠨᠳᠦᠰᠦᠳᠡᠨ ᠲᠠᠢ ᠨᠡᠶᠢᠯᠡᠵᠠᠢ᠃ | ᠪᠠᠶᠢᠯᠳᠤᠭᠠᠨᠳᠤ ᠤᠯᠤᠰ ᠤᠨ ᠦᠶ᠎ᠠ ᠳᠤ᠂ ᠲᠤᠮᠳᠠᠳᠤ ᠤᠷᠤᠨ ᠤ ᠪᠠᠶᠢᠯᠠᠳᠤ ᠤᠯᠤᠰ ᠤᠳ ᠬᠠᠷᠢᠯᠴᠠᠨ | ᠲᠠᠶᠢᠯᠠᠯᠳᠤᠵᠤ ᠪᠠᠶᠢᠪᠠ᠃ ᠡᠨᠡ ᠶᠠᠪᠤᠴᠠ ᠳᠤ᠂ ᠡᠵᠡᠨ ᠬᠠᠭᠠᠨ ᠤ ᠡᠷᠭᠡᠳᠤ ᠶᠤᠰᠤ ᠠᠩᠬ᠎ᠠ ᠠᠯᠬᠤᠮ ᠪᠦᠷᠢᠯᠳᠤᠵᠤ᠂ | ᠢᠯᠡ ᠲᠤᠳᠤ ᠠᠩᠬᠢ ᠶᠢᠨ ᠵᠠᠳᠠᠷᠠᠯ ᠡᠬᠦᠰᠴᠠᠢ᠃ ᠡᠨᠡ ᠦᠶ᠎ᠠ ᠳᠤ ᠤᠮᠠᠷᠠᠳᠤ ᠤᠷᠤᠨ ᠤ ᠬᠤ᠋ ᠬᠢᠭᠡᠳ ᠡᠾᠦ᠋ᠩᠨᠤ | ᠨᠢᠭᠡᠨᠳᠠ ᠲᠡᠮᠦᠷ ᠵᠡᠪᠰᠡᠭ ᠤᠨ ᠦᠶ᠎ᠠ ᠳᠤ ᠤᠷᠤᠵᠤ᠂ ᠤᠷᠳᠤᠰ ᠲᠤ ᠦᠷᠬᠦᠯᠵᠢ ᠬᠠᠷᠠᠭᠳᠠᠬᠤ ᠪᠤᠯᠪᠠ᠃ ᠡᠨᠡ | ᠪᠠᠶᠢᠳᠠᠯ ᠤᠨ ᠲᠤᠤᠷ᠎ᠠ ᠤᠷᠳᠤᠰ ᠠᠴᠠ ᠲᠡᠮᠡᠢ ᠬᠤᠯᠠ ᠦᠭᠡᠢ ᠪᠠᠶᠢᠭᠰᠠᠨ ᠵᠤᠤ ᠤᠯᠤᠰ᠂ ᠸᠧᠢ ᠤᠯᠤᠰ᠂ ᠴᠢᠨ | ᠤᠯᠤᠰ ᠬᠦᠴᠦᠨ ᠢᠶᠠᠨ ᠴᠢᠩᠭᠠᠳᠬᠠᠨ ᠡᠾᠦ᠋ᠩᠨᠤ ᠶᠢ ᠰᠡᠷᠭᠡᠶᠢᠯᠡᠬᠦ ᠦᠭᠡᠢ ᠪᠠᠶᠢᠬᠤ ᠠᠷᠭ᠎ᠠ ᠦᠭᠡᠢ ᠪᠤᠯᠪᠠ᠃ | ᠨᠡᠶᠢᠳᠠ ᠶᠢᠨ ᠤᠨ ᠲᠤᠭᠠᠯᠠᠯ ᠤᠨ ᠡᠮᠦᠨᠡᠬᠢ ᠲᠠᠪᠤᠳᠤᠭᠠᠷ ᠵᠠᠭᠤᠨ ᠤ ᠰᠡᠬᠦᠯᠴᠢ ᠪᠠᠷ ᠬᠠᠨ᠂ ᠵᠤᠤ᠂ ᠸᠧᠢ | ᠭᠤᠷᠪᠠᠨ ᠤᠯᠤᠰ ᠶᠢᠨ ᠤᠯᠤᠰ ᠢ ᠬᠤᠪᠢᠶᠠᠭᠠᠳ᠂ ᠤᠷᠳᠤᠰ ᠤᠨ ᠵᠡᠬᠦᠨ ᠭᠡᠰᠡᠭ᠂ ᠸᠧᠢ ᠤᠯᠤᠰ ᠤᠨ ᠤᠷᠤᠨ | ᠨᠤᠳᠤᠭ ᠤᠨ ᠵᠠᠰᠠᠭ ᠵᠠᠬᠢᠷᠭᠠᠨ ᠳᠤ ᠬᠠᠷᠢᠶᠠᠯᠠᠭᠳᠠᠭᠠᠳ ᠱᠠᠩ ᠵᠢᠶᠦ᠋ᠨ ᠬᠡᠮᠡᠭᠳᠡᠪᠡ᠃ ᠨᠡᠶᠢᠳᠠ ᠶᠢᠨ ᠤᠨ | ᠲᠤᠭᠠᠯᠠᠯ ᠤᠨ ᠡᠮᠦᠨ᠎ᠡ 328 ᠤᠨ ᠳᠤ ᠸᠧᠢ ᠤᠯᠤᠰ᠂ ᠴᠢᠨ ᠤᠯᠤᠰ ᠲᠠᠢ ᠪᠠᠶᠢᠯᠳᠤᠵᠤ ᠲᠡᠶᠢᠯᠦᠭᠳᠡᠭᠡᠳ᠂ ᠱᠠᠩ | ᠵᠢᠶᠦ᠋ᠨ ᠢ ᠴᠢᠨ ᠤᠯᠤᠰ ᠲᠤ ᠭᠡᠰᠡᠭᠯᠡᠨ ᠦᠭᠴᠠᠢ᠃ ᠡᠨᠡ ᠦᠶ᠎ᠠ ᠶᠢᠨ ᠱᠠᠩ ᠵᠢᠶᠦ᠋ᠨ ᠳᠤ᠂ ᠤᠷᠳᠤᠰ ᠤᠨ ᠵᠡᠬᠦᠨ | ᠭᠡᠰᠡᠭ ᠲᠠᠬᠢ ᠵᠡᠬᠦᠨᠭᠠᠷ ᠠᠴᠠ ᠠᠪᠤᠭᠠᠳ ᠬᠠᠳᠤᠨ ᠭᠤᠤᠯ ᠤᠨ ᠡᠮᠦᠨ᠎ᠡ ᠡᠷᠬᠢ ᠬᠦᠷᠳᠡᠯᠡᠬᠢ ᠭᠠᠵᠠᠷ ᠤᠳ ᠪᠠᠭᠳᠠᠵᠤ | ᠪᠠᠶᠢᠪᠠ᠃ ᠨᠡᠶᠢᠳᠠ ᠶᠢᠨ ᠤᠨ ᠲᠤᠭᠠᠯᠠᠯ ᠤᠨ ᠡᠮᠦᠨ᠎ᠡ ᠭᠤᠷᠪᠠᠳᠤᠭᠠᠷ ᠵᠠᠭᠤᠨ ᠤ ᠡᠬᠢᠨ ᠳᠤ᠂ ᠴᠢᠨ ᠤᠯᠤᠰ ᠢ | ᠴᠢᠤᠢ ᠶᠢᠨ ᠸᠠᠩ ᠢ ᠠᠯᠠᠭᠰᠠᠨ ᠤ ᠰᠡᠬᠦᠯᠡᠷ᠂ ᠤᠷᠳᠤᠰ ᠤᠨ ᠪᠠᠷᠠᠭᠤᠨ ᠡᠮᠦᠨ᠎ᠡ ᠪᠡᠶ᠎ᠠ ᠳᠤ ᠹᠸᠢ ᠳ᠋ᠢ ᠵᠢᠶᠦ᠋ᠨ ᠭᠡᠵᠤ | ᠪᠠᠶᠢᠭᠤᠯᠵᠠᠢ᠃ ᠴᠢᠨ ᠵᠤᠤ ᠸᠠᠩ᠂ ᠯᠦᠩ ᠰᠢ᠂ ᠪᠸᠢ ᠳ᠋ᠢ᠂ ᠱᠠᠩ ᠵᠢᠶᠦ᠋ᠨ ᠤ ᠬᠤᠶᠢᠳᠤ ᠪᠡᠶ᠎ᠠ ᠪᠠᠷ ᠤᠷᠳᠤ ᠴᠠᠭᠠᠨ | ᠭᠡᠷᠡᠮ ᠪᠠᠷᠢᠪᠠ᠃ ᠡᠨᠡᠬᠦ ᠪᠠᠷᠢᠯᠭ᠎ᠠ ᠪᠠᠷᠤᠭ ᠨᠡᠶᠢᠳᠠ ᠶᠢᠨ ᠤᠨ ᠲᠤᠭᠠᠯᠠᠯ ᠤᠨ ᠡᠮᠦᠨᠡᠬᠢ287 ᠤᠨ ᠳᠤ ᠲᠠᠭᠤᠰᠴᠠᠢ᠃ | ᠡᠨᠡᠬᠦ ᠤᠷᠳᠤ ᠴᠠᠭᠠᠨ ᠭᠡᠷᠡᠮ ᠡᠮᠦᠨ᠎ᠡ ᠠᠴᠠ ᠬᠤᠶᠢᠰᠢ ᠴᠢᠭᠯᠡᠨ᠂ ᠺᠦ᠋ ᠶᠧ ᠡᠾᠧ ᠭᠤᠤᠯ ᠤᠨ ᠰᠠᠪᠠ ᠠᠴᠠ ᠡᠬᠢᠯᠡᠨ | ᠤᠷᠳᠤᠰ ᠨᠤᠳᠤᠭ ᠲᠤ ᠤᠷᠤᠵᠤ᠂ ᠰᠢᠭᠤᠳ ᠬᠠᠳᠤᠨ ᠭᠤᠤᠯ ᠤᠨ ᠬᠦᠪᠡᠭᠡᠨ ᠳᠠᠬᠢ ᠢᠤᠢ ᠰᠢ ᠰᠠᠢ ︵ᠤᠳᠤ ᠶᠢᠨ | ᠵᠡᠬᠦᠨᠭᠠᠷ ᠲᠠᠬᠢ ᠠᠷᠪᠠᠨ ᠬᠤᠶᠠᠷ ᠬᠤᠯᠪᠤᠯᠵᠢᠨ ᠬᠤᠳᠠ︶ ᠳᠤ ᠬᠦᠷᠴᠠᠢ᠃ ᠤᠷᠳᠤ ᠴᠠᠭᠠᠨ ᠭᠡᠷᠡᠮ ᠤᠨ ᠵᠡᠬᠦᠨ | ᠪᠡᠶ᠎ᠠ ᠶᠢᠨ ᠤᠷᠳᠤᠰ ᠨᠤᠳᠤᠭ ︵ᠤᠳᠤ ᠶᠢᠨ ᠵᠡᠬᠦᠨᠭᠠᠷ ᠤᠨ ᠤᠷᠴᠢᠮ ᠭᠠᠵᠠᠷ︶ ᠴᠢᠨ ᠤᠯᠤᠰ ᠤᠨ ᠱᠠᠩ ᠵᠢᠶᠦ᠋ᠨ ᠤ | ᠬᠠᠷᠢᠶᠠᠨ ᠳᠤ ᠪᠠᠶᠢᠪᠠ᠃ ᠤᠷᠳᠤ ᠴᠠᠭᠠᠨ ᠭᠡᠷᠡᠮ ᠠᠴᠠ ᠪᠠᠷᠠᠭᠤᠨᠰᠢᠬᠢ ᠦᠷᠭᠡᠨ ᠠᠭᠤᠳᠠᠮ ᠤᠷᠳᠤᠰ ᠨᠤᠳᠤᠭ ᠢᠶᠠᠷ | ᠯᠸᠤ ᠹᠠᠨ ᠵᠡᠷᠭᠡ ᠨᠡᠬᠦᠳᠡᠯᠯᠡᠨ ᠮᠠᠯᠵᠢᠳᠠᠭ ᠠᠶᠢᠮᠠᠭ ᠪᠦᠯᠦᠭ ᠤᠳ ᠨᠤᠳᠤᠭᠯᠠᠵᠤ ᠪᠠᠶᠢᠪᠠ᠃ ᠵᠤᠤ ᠤᠯᠤᠰ | ᠬᠦᠴᠦᠷᠭᠡᠭᠵᠢᠨ ᠮᠠᠨᠳᠤᠭᠰᠠᠨ ᠤ ᠰᠡᠬᠦᠯᠡᠷ᠂ ᠵᠤᠤ ᠤᠯᠤᠰ ᠤᠨ ᠡᠤ ᠯᠢᠩ ᠸᠠᠩ᠂ ᠬᠤᠸᠠ ᠰᠢᠶᠠ ᠦᠨᠳᠦᠰᠦᠳᠡᠨ ᠤ | ᠦᠩᠭᠡᠷᠡᠭᠰᠡᠨ ᠤ ᠨᠦᠰᠡᠷ ᠪᠦᠳᠦᠬᠦᠯᠢᠭ ᠪᠠᠶᠢᠯᠳᠤᠭᠠᠨ ᠤ ᠲᠡᠷᠭᠡ ᠪᠠ ᠪᠠᠶᠢᠯᠳᠤᠭᠴᠢᠳ ᠤᠨ ᠬᠤᠪᠴᠠᠰᠤ | ᠪᠠᠶᠢᠯᠳᠤᠭᠠᠨ ᠳᠤ ᠲᠤᠬᠢᠷᠠᠬᠤ ᠦᠭᠡᠢ ᠪᠤᠯᠤᠭᠰᠠᠨ ᠢ ᠦᠵᠡᠭᠡᠳ᠂ ᠴᠡᠷᠢᠭ ᠤᠨ ᠭᠡᠷᠡᠭᠰᠠᠯ ᠢ ᠦᠭᠡᠷᠡᠴᠢᠯᠡᠵᠤ᠂ ᠴᠢᠷᠢᠭ | ᠠᠩᠬᠢ ᠪᠦᠷ ᠬᠤ᠋ ᠶᠢᠨ ᠬᠤᠪᠴᠠᠰᠤ ᠶᠢ ᠡᠮᠦᠰᠴᠤ᠂ ᠮᠤᠷᠢ ᠤᠨᠤᠨ᠂ ᠨᠤᠮᠤ ᠬᠠᠷᠪᠤᠬᠤ ᠶᠢ ᠰᠤᠷᠴᠤ᠂ ᠮᠤᠷᠢᠳᠤ | ᠴᠡᠷᠢᠭ ᠢᠶᠠᠷ ᠨᠦᠰᠡᠷ ᠪᠦᠳᠦᠬᠦᠯᠢᠭ ᠲᠠᠶᠢᠨ ᠤ ᠲᠡᠷᠭᠡ ᠶᠢ ᠤᠷᠤᠯᠠᠭᠤᠯᠬᠤ ᠪᠠᠷ ᠲᠤᠭᠳᠠᠵᠠᠢ᠃ ᠨᠡᠶᠢᠳᠠ ᠶᠢᠨ ᠤᠨ | ᠲᠤᠭᠠᠯᠠᠯ ᠠᠴᠠ ᠡᠮᠦᠨ᠎ᠡ 306 ᠤᠨ ᠪᠠ 300 ᠤᠨ ᠳᠤ ᠵᠤᠤ ᠤᠯᠤᠰ ᠤᠨ ᠡᠤ ᠯᠢᠩ ᠸᠠᠩ ᠬᠤᠶᠠᠷ ᠤᠳᠠᠭ᠎ᠠ | ᠯᠢᠨ ᠬᠤ᠋ ᠠᠶᠢᠮᠠᠭ ᠪᠠ ᠯᠸᠤ ᠹᠠᠨ ᠠᠶᠢᠮᠠᠭ ᠢ ᠪᠠᠶᠢᠯᠳᠤᠨ ᠲᠠᠶᠢᠯᠠᠵᠠᠢ᠃ ᠡᠬᠦᠨ ᠤ ᠲᠠᠷᠠᠭ᠎ᠠ ᠯᠢᠨ ᠬᠤ᠋ ᠠᠶᠢᠮᠠᠭ᠂ | ᠯᠸᠤ ᠹᠠᠨ ᠠᠶᠢᠮᠠᠭ ᠢᠤᠢ ᠵᠦᠩ ᠭᠠᠵᠠᠷ ᠲᠤ ︵ᠤᠳᠤ ᠶᠢᠨ ᠵᠡᠬᠦᠨᠭᠠᠷ ᠬᠤᠰᠢᠭᠤ ᠤᠷᠴᠢᠮ︶ ᠰᠢᠯᠵᠢᠨ ᠤᠷᠤᠭᠠᠳ | ᠤᠷᠳᠤᠰ ᠲᠤ ᠰᠠᠭᠤᠷᠢᠰᠢᠵᠠᠢ᠃ ᠵᠤᠤ ᠤᠯᠤᠰ ᠤᠨ ᠡᠤ ᠯᠢᠩ ᠸᠠᠩ ᠪᠤᠷᠤᠳᠤᠬᠤᠢ ᠶᠢᠨ ᠬᠤᠶᠢᠳᠤ ᠭᠡᠰᠡᠭ ᠲᠤ | ᠨᠤᠶᠠᠷᠬᠠᠯ ᠢᠶᠠᠨ ᠪᠠᠳᠤᠳᠬᠠᠭᠰᠠᠨ ᠤ ᠰᠡᠬᠦᠯᠡᠷ᠂ ᠤᠷᠳᠤᠰ ᠤᠨ ᠵᠡᠬᠦᠨ ᠬᠤᠶᠢᠳᠤ ᠭᠡᠰᠡᠭ ᠢ ᠪᠠᠭᠳᠠᠭᠠᠭᠰᠠᠨ ᠮᠤᠨᠠ | ᠠᠭᠤᠯᠠᠨ ᠤ ᠡᠮᠦᠨᠡᠬᠦᠷ ᠶᠦᠨ ᠵᠦᠩ ᠵᠢᠶᠦ᠋ᠨ ᠪᠠ ᠤᠷᠳᠤᠰ ᠤᠨ ᠬᠤᠶᠢᠳᠤ ᠭᠡᠰᠡᠭ ᠲᠤ ᠵᠢᠤ ᠶᠤᠸᠠᠨ ᠵᠢᠶᠦ᠋ᠨ ᠬᠡᠵᠤ | ᠪᠠᠶᠢᠭᠤᠯᠵᠠᠢ᠃ | ᠪᠠᠶᠢᠯᠳᠤᠭᠠᠨᠳᠤ ᠤᠯᠤᠰ ᠤᠨ ᠦᠶ᠎ᠠ ᠳᠠᠬᠢ ᠡᠾᠦ᠋ᠩᠨᠤ ᠪᠤᠯ ᠱᠠᠩ ᠤᠯᠤᠰ ᠤᠨ ᠦᠶ᠎ᠠ ᠶᠢᠨ ᠬᠦᠢ ᠹᠠᠩ ᠠᠶᠢᠮᠠᠭ᠂ | ᠴᠦᠨ ᠴᠢᠤ ᠶᠢᠨ ᠰᠡᠬᠦᠯᠡᠷᠬᠢ ᠳ᠋ᠢ ᠠᠶᠢᠮᠠᠭ ᠪᠤᠯᠤᠨ᠎ᠠ᠃ ᠲᠡᠳᠠ ᠲᠤᠬᠠᠢ ᠶᠢᠨ ᠦᠶ᠎ᠠ ᠳᠤ ᠭᠤᠤᠯᠳᠠᠭᠤ ᠤᠷᠳᠤᠰ | ᠪᠤᠯᠤᠨ ᠮᠤᠨᠠ ᠠᠭᠤᠯᠠᠨ ᠤ ᠤᠷᠴᠢᠨ ᠢᠶᠠᠷ ᠪᠠᠶᠢᠵᠠᠢ᠃ ᠡᠾᠦ᠋ᠩᠨᠤ ᠪᠤᠯ ᠮᠠᠯᠵᠢᠯ ᠪᠠ ᠠᠩ ᠬᠦᠷᠦᠭᠡ ᠪᠠᠷ ᠭᠤᠤᠯ | ᠠᠵᠤ ᠠᠬᠤᠢ ᠪᠠᠨ ᠪᠤᠯᠭᠠᠭᠰᠠᠨ ᠨᠡᠬᠦᠳᠡᠯᠡᠯᠨ ᠮᠠᠯᠵᠢᠳᠠᠭ ᠦᠨᠳᠦᠰᠦᠳᠡᠨ ᠮᠦᠨ᠃ ᠲᠡᠳᠡ ᠤᠷᠳᠤᠰ ᠤᠨ ᠲᠠᠩᠰᠤᠭ | ᠡᠯᠪᠡᠭ ᠪᠡᠯᠴᠢᠭᠡᠷ ᠤᠰᠤ ᠶᠢᠨ ᠲᠠᠪᠠᠭᠤᠯᠢᠭ ᠲᠠᠯ᠎ᠠ ᠶᠢ ᠠᠰᠢᠭᠯᠠᠵᠤ᠂ ᠮᠠᠯ ᠠᠵᠤ ᠠᠬᠤᠢ ᠪᠠᠨ ᠬᠦᠭᠵᠢᠬᠦᠯᠪᠠ᠃ ᠡᠨᠡ | ᠦᠶ᠎ᠠ᠂ ᠡᠾᠦ᠋ᠩᠨᠤ ᠤᠨ ᠲᠤᠳᠤᠷ᠎ᠠ ᠠᠩᠬᠢ ᠶᠢᠨ ᠵᠠᠳᠠᠷᠠᠯ ᠭᠠᠷᠴᠤ᠂ ᠬᠤᠪᠢ ᠶᠢᠨ ᠦᠮᠴᠢᠯᠠᠯ ᠪᠠ ᠵᠡᠷᠭᠡ ᠲᠡᠰ ᠤᠨ | ᠲᠦᠷᠢᠮ ᠡᠬᠦᠰᠦᠭᠡᠳ᠂ ᠤᠭ ᠤᠨ ᠠᠶᠢᠮᠠᠭ ᠪᠦᠯᠦᠭ ᠤᠨ ᠢᠵᠠᠭᠤᠷᠳᠠᠨ ᠨᠤᠭᠤᠳ ᠪᠤᠭᠤᠯ ᠤᠨ ᠡᠵᠡᠨ ᠪᠤᠯᠵᠤ᠂ | ᠪᠤᠭᠤᠯᠳᠤ ᠨᠡᠶᠢᠭᠡᠮ ᠪᠦᠷᠢᠯᠳᠤᠨ ᠲᠤᠭᠳᠠᠵᠠᠢ᠃ ᠡᠨᠡ ᠦᠶ᠎ᠠ ᠲᠤᠮᠳᠠᠳᠤ ᠤᠷᠤᠨ ᠤ ᠪᠠᠶᠢᠯᠠᠳᠤ ᠤᠯᠤᠰ ᠤᠳ | ᠬᠦᠴᠦᠷᠭᠡᠭᠵᠢᠭᠰᠡᠨ ᠠᠴᠠ ᠪᠤᠯᠵᠤ᠂ ᠵᠤᠤ ᠤᠯᠤᠰ ᠮᠤᠨᠠ ᠠᠭᠤᠯᠠ ᠠᠴᠠ ᠡᠮᠦᠨᠡᠰᠢᠬᠢ ᠭᠠᠵᠠᠷ ᠢ ᠡᠵᠡᠯᠡᠪᠡ᠃ ᠴᠢᠨ | ᠤᠯᠤᠰ ᠤᠨ ᠬᠦᠴᠦᠨ ᠤᠷᠳᠤᠰ ᠤᠨ ᠵᠡᠬᠦᠨ ᠭᠡᠰᠡᠭ ᠲᠤ ᠲᠦᠷᠢᠨ ᠤᠷᠤᠵᠤ ᠢᠷᠡᠵᠠᠢ᠃ ᠢᠩᠬᠢᠭᠡᠳ ᠡᠾᠦ᠋ᠩᠨᠤ ᠶᠢᠨ | ᠭᠠᠵᠠᠷ ᠠᠭᠠᠵᠢᠮ ᠢᠶᠠᠷ ᠪᠠᠷᠠᠭᠤᠨ ᠬᠤᠶᠢᠰᠢ ᠰᠢᠯᠵᠢᠭᠰᠡᠨ ᠪᠤᠯᠪᠠᠴᠤ ᠤᠷᠳᠤᠰ ᠨᠤᠳᠤᠭ ᠪᠠᠰᠠᠯᠠ ᠡᠾᠦ᠋ᠩᠨᠤ ᠶᠢᠨ | ᠭᠤᠤᠯ ᠠᠵᠢᠯᠯᠠᠭᠠᠨ ᠤ ᠭᠠᠵᠠᠷ ᠪᠤᠯᠵᠤ ᠪᠠᠶᠢᠪᠠ᠃ ᠬᠠᠩᠬᠢᠨ ᠬᠤᠰᠢᠭᠤᠨ ᠤ ᠲᠤᠬᠤᠮ ᠤᠨ ᠪᠠᠯᠠᠷ᠂ ᠠᠷᠤ ᠴᠠᠶᠢᠳᠠᠮ᠂ | ᠵᠡᠬᠦᠨᠭᠠᠷ ᠤᠨ ᠢᠤᠢ ᠯᠦᠩ ᠲᠠᠢ᠂ ᠰᠢ ᠭᠸᠤ ᠫᠠᠨ ᠵᠡᠷᠭᠡ ᠭᠠᠵᠠᠷ ᠠᠴᠠ ᠭᠠᠷᠤᠭᠰᠠᠨ ᠡᠾᠦ᠋ᠩᠨᠤ ᠶᠢᠨ ᠬᠡᠬᠦᠷ | ᠤᠩᠭᠤᠨ ᠲᠡᠭᠡᠷᠡᠬᠢ ᠳ᠋ᠦᠩᠨᠡᠯᠳᠠ ᠶᠢ ᠭᠡᠷᠡᠴᠢᠯᠡᠵᠤ ᠪᠠᠶᠢᠨ᠎ᠠ᠃ | ᠲᠦᠷᠪᠡ᠂ ᠴᠢᠨ ᠤᠯᠤᠰ᠂ ᠬᠠᠨ ᠤᠯᠤᠰ ᠤᠨ ᠦᠶ᠎ᠡ | ᠨᠡᠶᠢᠳᠠ ᠶᠢᠨ ᠤᠨ ᠲᠤᠭᠠᠯᠠᠯ ᠠᠴᠠ ᠡᠮᠦᠨ᠎ᠡ 221 ᠤᠨ ᠳᠤ᠂ ᠴᠢᠨ ᠱᠢ ᠬᠤᠸᠠᠩ ᠲᠤᠮᠳᠠᠳᠤ ᠤᠯᠤᠰ ᠢ | ᠨᠢᠭᠡᠳᠭᠡᠭᠡᠳ᠂ ᠲᠦᠪ ᠲᠤ ᠲᠦᠪᠯᠡᠷᠡᠬᠦᠯᠦᠨ ᠵᠠᠬᠢᠷᠬᠤ ᠡᠵᠡᠷᠭᠡᠭ ᠶᠤᠰᠤ ᠶᠢᠨ ᠲᠦᠷᠢᠮ ᠢ ᠲᠤᠭᠳᠠᠭᠠᠪᠠ᠃ ᠴᠢᠨ ᠱᠢ | ᠬᠤᠸᠠᠩ ᠤᠨ ᠭᠤᠴᠢᠨ ᠬᠤᠶᠠᠳᠤᠭᠠᠷ ᠤᠨ ︵ᠨᠡᠶᠢᠳᠠ ᠶᠢᠨ ᠤᠨ ᠲᠤᠭᠠᠯᠠᠯ ᠠᠴᠠ ᠡᠮᠦᠨ᠎ᠡ 215 ᠤᠨ︶᠂ ᠴᠢᠨ | ᠱᠢ ᠬᠤᠸᠠᠩ ᠶᠡᠭᠡ ᠵᠠᠩᠵᠤᠨ ᠮᠧᠩ ᠲᠢᠶᠠᠨ ᠢᠶᠠᠨ ᠲᠤᠮᠢᠯᠠᠨ᠂ ᠭᠤᠴᠢᠨ ᠲᠦᠮᠡᠨ ᠶᠡᠭᠡ ᠴᠡᠷᠢᠭ ᠢᠶᠠᠷ ᠬᠤ᠋ ᠶᠢ | ᠲᠤᠪᠳᠤᠯᠵᠤ᠂ ᠭᠤᠤᠯ ᠤᠨ ᠡᠮᠦᠨᠡᠬᠢ ᠭᠠᠵᠠᠷ ᠢ ᠡᠵᠡᠯᠡᠭᠡᠳ᠂ ᠡᠾᠦ᠋ᠩᠨᠤ ᠶᠢ ᠮᠤᠨᠠ ᠠᠭᠤᠯᠠᠨ ᠤ ᠠᠷᠤ ᠳᠤ ᠰᠢᠬᠠᠨ | ᠭᠠᠷᠭᠠᠵᠠᠢ᠃ ᠢᠩᠬᠢᠭᠡᠳ ᠴᠢᠨᠤᠯᠤᠰ ᠤᠨ ᠬᠠᠭᠠᠨᠳᠤ ᠲᠦᠷᠦ ᠤᠷᠳᠤᠰ ᠨᠤᠳᠤᠭ ᠢ ᠡᠵᠡᠯᠡᠪᠡ᠃ | ᠴᠢᠨ ᠤᠯᠤᠰ ᠪᠦᠬᠦ ᠤᠯᠤᠰ ᠢ ᠨᠢᠭᠡᠳᠭᠡᠭᠰᠡᠨ ᠤ ᠰᠡᠬᠦᠯᠡᠷ᠂ ᠭᠤᠴᠢᠨ ᠵᠢᠷᠭᠤᠭᠠᠨ ᠵᠢᠶᠦ᠋ᠨ ᠬᠤᠪᠢᠶᠠᠵᠤ᠂ | ᠤᠷᠳᠤᠰ ᠨᠤᠳᠤᠭ ᠢ ᠪᠸᠢ ᠳ᠋ᠢ ᠵᠢᠶᠦ᠋ᠨ ︵ᠤᠳᠤ ᠶᠢᠨ ᠤᠷᠳᠤᠰ ᠤᠨ ᠪᠠᠷᠠᠭᠤᠨ ᠡᠮᠦᠨ᠎ᠡ ᠪᠡᠶ᠎ᠠ ᠪᠠ ᠨᠢᠩᠰᠢᠶᠠ ᠶᠢᠨ | ᠵᠡᠬᠦᠨᠳᠡᠬᠢ ᠭᠠᠵᠠᠷ ᠤᠳ ᠪᠠᠭᠳᠠᠨ᠎ᠠ︶᠂ ᠶᠦᠨ ᠵᠦᠩ ᠵᠢᠶᠦ᠋ᠨ ︵ᠤᠳᠤ ᠶᠢᠨ ᠤᠷᠳᠤᠰ ᠤᠨ ᠵᠡᠬᠦᠨ ᠬᠤᠶᠢᠳᠤ | ᠪᠡᠶ᠎ᠠ ᠶᠢᠨ ᠭᠠᠵᠠᠷ ᠤᠳ ᠪᠠᠭᠳᠠᠨ᠎ᠠ︶᠂ ᠵᠢᠤ ᠶᠤᠸᠠᠨ ᠵᠢᠶᠦ᠋ᠨ ︵ᠤᠳᠤ ᠶᠢᠨ ᠤᠷᠳᠤᠰ ᠤᠨ ᠬᠤᠶᠢᠳᠤ ᠪᠡᠶ᠎ᠠ | ᠪᠠᠭᠳᠠᠨ᠎ᠠ︶᠂ ᠱᠠᠩ ᠵᠢᠶᠦ᠋ᠨ ︵ᠤᠳᠤ ᠶᠢᠨ ᠤᠷᠳᠤᠰ ᠤᠨ ᠵᠡᠬᠦᠨ ᠡᠮᠦᠨ᠎ᠡ ᠪᠡᠶ᠎ᠠ ᠶᠢᠨ ᠭᠠᠵᠠᠷ ᠤᠳ ᠪᠠᠭᠳᠠᠨ᠎ᠠ︶ | ᠵᠡᠷᠭᠡ ᠳᠤ ᠭᠡᠰᠡᠭᠯᠡᠨ ᠬᠤᠪᠢᠶᠠᠭᠰᠠᠨ ᠪᠠᠶᠢᠨ᠎ᠠ᠃ ᠴᠢᠨ ᠱᠢ ᠬᠤᠸᠠᠩ ᠡᠾᠦ᠋ᠩᠨᠤ ᠶᠢᠨ ᠲᠤᠪᠳᠤᠯᠤᠯ ᠢ | ᠰᠡᠷᠭᠡᠶᠢᠯᠡᠬᠦ ᠶᠢᠨ ᠲᠦᠯᠦᠭᠡ᠂ ᠤᠮᠠᠷᠠᠳᠤ ᠬᠢᠯᠢ ᠬᠢᠵᠠᠭᠠᠷ ᠤᠨ ᠪᠦᠳᠦᠭᠡᠨ ᠪᠠᠶᠢᠭᠤᠯᠤᠯᠳᠠ ᠪᠠᠨ ᠴᠢᠩᠭᠠᠳᠬᠠᠵᠤ᠂ | ᠦᠩᠭᠡᠷᠡᠭᠰᠡᠨ ᠤ ᠶᠠᠨ ᠤᠯᠤᠰ᠂ ᠵᠤᠤ ᠤᠯᠤᠰ᠂ ᠴᠢᠨ ᠤᠯᠤᠰ ᠤᠨ ᠪᠠᠷᠢᠭᠰᠠᠨ ᠤᠷᠳᠤ ᠴᠠᠭᠠᠨ ᠭᠡᠷᠡᠮ ᠤᠳ ᠢ | ᠬᠤᠯᠪᠤᠵᠤ᠂ ᠡᠾᠦ᠋ᠩᠨᠤ ᠶᠢᠨ ᠡᠮᠦᠨᠡᠰᠢ ᠲᠤᠪᠳᠤᠯᠤᠯ ᠢ ᠴᠠᠭ ᠲᠤᠬᠠᠢ ᠳᠤᠨᠢ ᠬᠤᠷᠢᠭᠯᠠᠬᠤ ᠶᠢᠨ ᠲᠦᠯᠦᠭᠡ | ᠨᠡᠶᠢᠳᠠ ᠶᠢᠨ ᠤᠨ ᠲᠤᠭᠠᠯᠠᠯ ᠠᠴᠠ ᠡᠮᠦᠨ᠎ᠡ 212 —210 ᠤᠨ ᠤ ᠬᠤᠭᠤᠷᠤᠨᠳᠤ ᠪᠠᠰᠠ ᠰᠢᠶᠠᠨ ᠶᠠᠩ ᠤᠨ | ᠤᠶᠢᠷᠠᠯᠴᠠᠬᠢ ᠶᠦᠨ ᠶᠠᠩ ᠰᠢᠶᠠᠨ ︵ᠤᠳᠤ ᠶᠢᠨ ᠪᠤᠭᠤᠳᠤ ᠶᠢᠨ ᠪᠠᠷᠠᠭᠤᠨᠳᠠᠢ︶ ᠬᠦᠷᠬᠦ ᠵᠠᠮ ᠵᠠᠰᠠᠵᠠᠢ᠃ ᠡᠨᠡ ᠶᠡᠭᠡ | ᠵᠠᠮ ᠱᠠᠨᠰᠢ ᠠᠴᠠ ᠤᠷᠳᠤᠰ ᠢᠶᠠᠷ ᠦᠩᠭᠡᠷᠡᠬᠦ ᠳᠡᠭᠡᠨ ᠤᠳᠤ ᠶᠢᠨ ᠦᠤᠰᠢᠨ ᠤ ᠬᠤᠶᠢᠭᠤᠷ᠂ ᠳ᠋ᠦᠩᠱᠧᠩ ᠬᠤᠳᠠ ᠶᠢᠨ | ᠪᠠᠷᠠᠭᠤᠨ ᠡᠮᠦᠨᠡᠬᠦᠷ ᠲᠠᠭᠠᠷᠢᠳᠠᠭ᠃ ᠡᠨᠡ ᠶᠡᠭᠡ ᠵᠠᠮ ᠢ ︽ᠴᠢᠨ ᡁᠢ ᠳ᠋ᠤᠤ ᠵᠠᠮ︾ ︵ᠱᠠᠨᠰᠢ ᠠᠴᠠ ᠮᠤᠨᠠ | ᠠᠭᠤᠯᠠᠨ ᠳᠤ ᠰᠢᠭᠤᠳ ᠨᠡᠪᠳᠡᠷᠡᠬᠦ ᠵᠠᠮ︶ ᠭᠡᠳᠡᠭ᠃ ᠳ᠋ᠦᠩᠱᠧᠩ ᠬᠤᠳᠠ ᠶᠢᠨ ᠪᠠᠷᠠᠭᠤᠨ ᠡᠮᠦᠨ᠎ᠡ ᠲᠦᠴᠢᠨ ᠲᠠᠪᠤᠨ | ᠺᠢᠯᠤᠮᠧᠲᠷ ᠤᠨ ᠦᠵᠦᠬᠦᠷ ᠲᠠᠬᠢ ᠮᠠᠶᠢᠯ ᠭᠠᠴᠠᠭᠠᠨ ᠤ ᠡᠯ ᠴᠢᠩ ᠪᠠᠨ ᠤᠷᠴᠢᠨ ᠢᠶᠠᠷ ᠵᠠᠭᠤᠨ ᠮᠧᠲᠷ ᠬᠢᠷᠢᠳᠠᠢ ︽ | ᠴᠢᠨ ᡁᠢ ᠳ᠋ᠤᠤ ᠵᠠᠮ︾ ᠤᠨ ᠤᠷᠤ ᠮᠦᠷ ᠤᠳᠤ ᠴᠤ ᠭᠡᠳ ᠪᠤᠢ᠃ | ᠴᠢᠨ ᠱᠢ ᠬᠤᠸᠠᠩ ᠤᠷᠳᠤᠰ ᠨᠤᠳᠤᠭ ᠢ ᠤᠯᠠᠮ ᠬᠦᠴᠦᠳᠠᠢ ᠵᠠᠬᠢᠷᠬᠤ ᠶᠢᠨ ᠲᠦᠯᠦᠭᠡ᠂ ᠲᠤᠳᠤᠷ ᠭᠠᠵᠠᠷ ᠠᠴᠠ | ᠶᠠᠯᠠᠳᠠᠨ ᠪᠠ ᠰᠠᠭᠤᠭᠠᠯᠢ ᠠᠷᠠᠳ ᠢ ᠨᠡᠬᠦᠯᠭᠡᠨ ᠠᠪᠴᠢᠷᠠᠵᠤ᠂ ᠠᠳᠠᠷ ᠬᠠᠭᠠᠯᠪᠦᠷᠢᠯᠠᠭᠤᠯᠵᠠᠢ᠃ ᠨᠡᠶᠢᠳᠠ ᠶᠢᠨ ᠤᠨ | ᠲᠤᠭᠠᠯᠠᠯ ᠠᠴᠠ ᠡᠮᠦᠨ᠎ᠡ 211 ᠤᠨ ᠳᠤ ᠴᠢᠨ ᠱᠢ ᠬᠤᠸᠠᠩ ᠭᠤᠷᠪᠠᠨ ᠲᠦᠮᠡᠨ ᠡᠷᠦᠭᠡ ᠶᠢ ᠪᠸᠢ ᠡᠾᠧ ᠵᠦᠩ ︵ | ᠤᠳᠤ ᠶᠢᠨ ᠪᠤᠷᠤᠳᠤᠬᠤᠢ ᠪᠤᠯᠤᠨ ᠵᠡᠬᠦᠨᠭᠠᠷ ᠤᠷᠴᠢᠨ︶ ᠳᠤ ᠠᠯᠪᠠᠳᠠᠨ ᠨᠡᠬᠦᠯᠭᠡᠪᠡ᠃ ᠠᠳᠠ ᠠᠴᠠ ᠡᠬᠢᠯᠡᠵᠤ᠂ | ᠤᠷᠳᠤᠰ ᠠᠳᠠᠷ ᠬᠠᠭᠠᠯᠪᠦᠷᠢᠯᠠᠵᠤ ᠲᠠᠷᠢᠶᠠᠯᠠᠩ ᠠᠵᠤ ᠠᠬᠤᠢ ᠡᠷᠬᠢᠯᠡᠬᠦ ᠪᠤᠯᠵᠠᠢ᠃ | ᠴᠢᠨ ᠱᠢ ᠬᠤᠸᠠᠩ ᠢᠩᠬᠢᠵᠤ ᠬᠢᠭᠰᠡᠨ ᠠᠴᠠ ᠤᠷᠳᠤᠰ ᠨᠤᠳᠤᠭ ᠤᠨ ᠠᠵᠤ ᠠᠬᠤᠢ ᠶᠢᠨ ᠪᠦᠳᠦᠴᠡ ᠪᠠ | ᠦᠢᠯᠡᠳᠪᠦᠷᠢᠯᠡᠯ ᠤᠨ ᠠᠷᠭ᠎ᠠ ᠮᠠᠶ᠋ᠢᠭ ᠮᠠᠰᠢ ᠶᠡᠭᠡ ᠬᠤᠪᠢᠷᠠᠵᠤ᠂ ᠲᠦᠢᠯ ᠢᠶᠠᠷ ᠬᠦᠭᠵᠢᠨ ᠪᠠᠳᠠᠷᠠᠭᠰᠠᠨ ᠤᠷᠤᠨ | ᠪᠤᠯᠵᠠᠢ᠃ ᠡᠶᠢᠮᠤ ᠠᠴᠠ ᠲᠤᠬᠠᠢ ᠶᠢᠨ ᠦᠶ᠎ᠠ ᠳᠤ ᠡᠨᠡ ᠭᠠᠵᠠᠷ ᠢ ᠬᠦᠮᠦᠰ ︽ᠴᠢᠨ ᠤᠯᠤᠰ ᠤᠨ ᠰᠢᠨ᠎ᠡ ᠲᠤᠮᠳᠠᠳᠤ | ᠤᠷᠤᠨ︾ ᠬᠡᠵᠤ ᠨᠡᠷᠡᠯᠡᠬᠦ ᠪᠤᠯᠵᠠᠢ᠃ | ᠨᠡᠶᠢᠳᠠ ᠶᠢᠨ ᠤᠨ ᠲᠤᠭᠠᠯᠠᠯ ᠠᠴᠠ ᠡᠮᠦᠨ᠎ᠡ 209 ᠤᠨ ᠳᠤ᠂ ᠴᠢᠨ ᠤᠯᠤᠰ ᠤᠨ ᠬᠠᠭᠠᠨᠳᠤ ᠲᠦᠷᠦ | ᠲᠠᠷᠢᠶᠠᠴᠢᠨ ᠤ ᠪᠤᠰᠤᠯᠭ᠎ᠠ ᠳᠤ ᠲᠦᠯᠬᠢᠭᠳᠡᠨ ᠤᠨᠠᠪᠠ᠃ ᠤᠯᠤᠰ ᠲᠦᠷᠦ ᠶᠢᠨ ᠰᠠᠮᠠᠭᠤᠷᠠᠯ ᠲᠤᠮᠳᠠ ᠱᠠᠩ ᠵᠢᠶᠦ᠋ᠨ ᠢ | ᠰᠠᠬᠢᠵᠤ ᠪᠠᠶᠢᠭᠰᠠᠨ ᠮᠧᠩ ᠲᠢᠶᠠᠨ ᠬᠤᠶᠠᠳᠤᠭᠠᠷ ᠬᠠᠭᠠᠨ ᠬᠤ᠋ ᠬᠠᠢ ᠪᠤᠯᠤᠨ ᠵᠤᠤ ᠭᠤᠤ ᠳᠤ ᠠᠯᠠᠭᠳᠠᠵᠤ᠂ ᠤᠷᠳᠤ | ᠴᠠᠭᠠᠨ ᠭᠡᠷᠡᠮ ᠢ ᠰᠠᠬᠢᠵᠤ ᠪᠠᠶᠢᠭᠰᠠᠨ ᠭᠡᠳᠦᠨ ᠠᠷᠪᠠᠨ ᠲᠦᠮᠡᠨ ᠬᠢᠷᠢᠳᠠᠢ ᠴᠡᠷᠢᠭ ᠢ ᠪᠦᠷ ᠲᠠᠳᠠᠵᠤ᠂ ᠪᠤᠰᠤᠯᠭ᠎ᠠ ᠶᠢᠨ | ᠴᠡᠷᠢᠭ ᠢ ᠲᠠᠷᠤᠩᠭᠤᠶᠢᠯᠠᠬᠤ ᠪᠠᠷ ᠠᠪᠠᠴᠢᠪᠠ᠃ ᠤᠤᠯ ᠤᠨ ᠠᠯᠪᠠᠳᠠᠭᠳᠠᠨ ᠨᠡᠬᠦᠵᠤ ᠢᠷᠡᠭᠰᠡᠨ ᠶᠠᠯᠠᠳᠠᠳ ᠪᠠ | ᠰᠠᠭᠤᠭᠠᠯᠢ ᠠᠷᠠᠳ ᠴᠤ ᠨᠤᠳᠤᠭ ᠲᠠᠭᠠᠨ ᠲᠤᠳᠠᠭᠠᠨ ᠬᠠᠷᠢᠭᠰᠠᠨ ᠢᠶᠠᠷ᠂ ᠨᠢᠭᠡᠨ ᠦᠶ᠎ᠠ ᠬᠦᠭᠵᠢᠨ ᠪᠠᠳᠠᠷᠠᠵᠤ | ᠪᠠᠶᠢᠭᠰᠠᠨ ᠤᠷᠳᠤᠰ ᠲᠠᠬᠢᠨ ᠡᠯᠤᠢ ᠬᠤᠯᠤᠢ ᠪᠤᠯᠵᠠᠢ᠃ ᠴᠢᠨ ᠤᠯᠤᠰ ᠤᠨ ᠬᠦᠴᠦᠨ ᠪᠠᠭᠤᠷᠠᠭᠰᠠᠨ ᠢᠶᠠᠷ᠂ ᠮᠧᠩ | ᠲᠢᠶᠠᠨ ᠳᠤ ᠬᠦᠭᠡᠭᠡᠭᠳᠡᠭᠰᠡᠨ ᠡᠾᠦ᠋ᠩᠨᠤ ᠶᠢᠨ ᠪᠠᠢ ᠶᠠᠩ᠂ ᠯᠸᠤ ᠹᠠᠨ ᠵᠡᠷᠭᠡ ᠠᠶᠢᠮᠠᠭ ᠤᠳ ᠮᠤᠨᠠ ᠠᠭᠤᠯᠠ ᠶᠢᠨ | ᠠᠷᠤ ᠠᠴᠠ ᠡᠮᠦᠨᠡᠰᠢ ᠲᠦᠷᠢᠵᠤ᠂ ᠲᠠᠬᠢᠨ ᠬᠠᠳᠤᠨ ᠭᠤᠤᠯ ᠢ ᠬᠡᠳᠦᠯᠦᠭᠡᠳ ᠤᠷᠳᠤᠰ ᠨᠤᠳᠤᠭ ᠲᠠᠭᠠᠨ ᠪᠤᠴᠠᠵᠤ | ᠢᠷᠠᠵᠠᠢ᠃ | ᠪᠠᠷᠠᠭᠤᠨ ᠬᠠᠨ ᠤᠯᠤᠰ ᠤᠨ ᠠᠩᠬᠠᠳᠤᠭᠠᠷ ᠤᠨ ︵ᠨᠡᠶᠢᠳᠠ ᠶᠢᠨ ᠤᠨ ᠲᠤᠭᠠᠯᠠᠯ ᠠᠴᠠ ᠡᠮᠦᠨ᠎ᠡ206 ᠤᠨ︶ | ᠳᠤ᠂ ᠰᠢᠶᠠᠩ ᠢᠤᠢ᠂ ᠴᠢᠨ ᠱᠢ ᠬᠤᠸᠠᠩ ᠤᠨ ᠪᠠᠶᠢᠭᠤᠯᠤᠭᠰᠠᠨ ᠱᠠᠩ ᠵᠢᠶᠦ᠋ᠨ ᠰᠢᠶᠠᠨ ᠢ ᠦᠭᠡᠶᠢᠰᠭᠡᠵᠤ᠂ ᠳ᠋ᠦᠩ | ᠢ ᠶᠢ ᠱᠠᠩ ᠵᠢᠶᠦ᠋ᠨ ᠤ ᠸᠠᠩ ᠪᠤᠯᠭᠠᠵᠤ᠂ ᠴᠢᠨ ᠤᠯᠤᠰ ᠤᠨ ᠤᠷᠳᠤ ᠴᠠᠭᠠᠨ ᠭᠡᠷᠡᠮ ᠠᠴᠠ ᠵᠡᠬᠦᠨᠰᠢᠬᠢ | ᠤᠷᠳᠤᠰ ᠤᠨ ᠵᠡᠬᠦᠨ ᠪᠡᠶ᠎ᠠ ᠶᠢ ᠵᠠᠬᠢᠷᠴᠠᠢ᠃ ᠪᠠᠷᠠᠭᠤᠨ ᠬᠠᠨ ᠤᠤᠯᠰ ᠤᠨ ᠬᠤᠶᠠᠳᠤᠭᠠᠷ ᠤᠨ ᠳᠤ᠂ ᠬᠠᠨ ᠤᠯᠤᠰ | ᠰᠠᠨ ᠴᠢᠩ ᠸᠠᠩ ᠢ ᠮᠦᠬᠦᠭᠡᠵᠤ᠂ ᠲᠠᠬᠢᠭᠠᠳ ᠲᠠᠪᠤᠨ ᠵᠢᠶᠦ᠋ᠨ ᠢ ᠪᠠᠶᠢᠭᠤᠯᠵᠠᠢ᠃ ᠳ᠋ᠦᠩ ᠢ ᠳᠤ ᠡᠵᠡᠯᠡᠭᠳᠡᠵᠤ | ᠪᠠᠶᠢᠭᠰᠠᠨ ᠴᠢᠨ ᠤᠯᠤᠰ ᠤᠨ ᠤᠷᠳᠤ ᠴᠠᠭᠠᠨ ᠭᠡᠷᠡᠮ ᠠᠴᠠ ᠵᠡᠬᠦᠨᠰᠢᠬᠢ ᠤᠷᠳᠤᠰ ᠤᠨ ᠵᠡᠬᠦᠨ ᠪᠡᠶ᠎ᠠ ᠪᠠᠷᠠᠭᠤᠨ ᠬᠠᠨ | ᠤᠯᠤᠰ ᠤᠨ ᠬᠠᠷᠢᠶᠠᠨ ᠳᠤ ᠤᠷᠤᠪᠠ᠃ | ᠯᠢᠤ ᠪᠠᠩ᠂ ᠰᠢᠶᠠᠩ ᠢᠤᠢ ᠶᠢ ᠮᠦᠬᠦᠭᠡᠭᠰᠡᠨ ᠤ ᠲᠠᠷᠠᠭᠠᠬᠠᠨ᠂ ᠲᠤᠮᠳᠠᠳᠤ ᠤᠷᠤᠨ ᠭᠡᠳᠦᠶᠢᠪᠡᠷ ᠯᠢᠤ ᠪᠠᠩ ᠤᠨ | ᠬᠦᠴᠦᠨ ᠳᠤ ᠵᠠᠬᠢᠷᠤᠭᠳᠠᠵᠤ ᠪᠠᠶᠢᠭᠰᠠᠨ ᠪᠤᠯᠪᠠᠴᠤ ᠲᠦᠢᠯ ᠤᠨ ᠲᠤᠷᠤᠢ ᠪᠠᠭᠤᠷᠠᠢ ᠪᠠᠶᠢᠪᠠ᠃ ᠡᠨᠡ ᠦᠶ᠎ᠠ ᠳᠤ | ᠡᠾᠦ᠋ᠩᠨᠤ ᠶᠢᠨ ᠲᠸᠤ ᠮᠠᠨ ᠴᠠᠨ ᠢᠤᠢ ᠶᠢᠨ ᠬᠦᠤ ᠮᠠᠤ ᠳ᠋ᠦᠨ ᠴᠠᠨ ᠢᠤᠢ ᠠᠷᠤ ᠭᠤᠪᠢ ᠳᠤ ᠵᠢᠩᠬᠢᠨᠢ ᠪᠠᠷ ᠤᠯᠤᠰ | ᠪᠠᠶᠢᠭᠤᠯᠵᠤ᠂ ᠠᠵᠤ ᠠᠬᠤᠢ ᠪᠠᠨ ᠬᠦᠭᠵᠢᠬᠦᠯᠵᠤ᠂ ᠬᠦᠴᠦᠨ ᠢᠶᠠᠨ ᠬᠤᠷᠠᠮᠳᠤᠭᠤᠯᠤᠨ᠂ ᠵᠠᠯᠭᠠᠪᠡᠷ ᠵᠡᠬᠦᠨ ᠬᠤ᠋᠂ | ᠶᠤᠸᠠᠢ ᠱᠢ᠂ ᠯᠸᠤ ᠹᠠᠨ᠂ ᠪᠠᠶᠢᠶᠠᠩ ᠵᠡᠷᠭᠡ ᠶᠢ ᠢᠯᠠᠭᠠᠳ᠂ ᠤᠷᠳᠤᠰ ᠨᠤᠳᠤᠭ ᠢ ᠲᠠᠬᠢᠨ ᠡᠵᠡᠯᠡᠪᠡ᠃ ᠢᠩᠬᠢᠭᠡᠳ | ᠬᠦᠴᠦᠨ ᠴᠢᠳᠠᠯ ᠪᠦᠷᠢᠳᠦᠭᠡᠳᠦᠢ ᠪᠠᠷᠠᠭᠤᠨ ᠬᠠᠨ ᠤᠯᠤᠰ ᠤᠨ ᠬᠠᠭᠠᠨᠳᠤ ᠲᠦᠷᠦ ᠶᠢ ᠲᠦᠢᠯ ᠤᠨ ᠶᠡᠭᠡ | ᠰᠦᠷᠳᠡᠬᠦᠯᠪᠡ᠃ | ᠪᠠᠷᠠᠭᠤᠨ ᠬᠠᠨ ᠤᠯᠤᠰ ᠤᠨ ᠬᠠᠭᠠᠨᠳᠤ ᠲᠦᠷᠦ ᠦᠪᠡᠷ ᠤᠨ ᠬᠦᠴᠦᠨ ᠢᠶᠠᠨ ᠬᠠᠮᠠᠭᠠᠯᠠᠬᠤ ᠶᠢᠨ ᠲᠦᠯᠦᠭᠡ ᠡᠾᠦ᠋ᠩᠨᠤ | ᠲᠠᠢ ᠰᠢᠭᠤᠳ ᠮᠦᠷᠬᠦᠯᠳᠦᠬᠦ ᠠᠴᠠ ᠵᠠᠶᠢᠯᠠᠰᠬᠢᠵᠤ᠂ ᠡᠪ ᠨᠠᠶᠢᠷᠠᠮᠳᠠᠭᠤ ᠪᠤᠳᠤᠯᠭ᠎ᠠ ᠶᠢ ᠠᠪᠤᠭᠠᠳ ᠭᠡᠳᠦᠨ ᠠᠷᠪᠠᠨ | ᠵᠢᠯ ᠤᠨ ᠲᠤᠳᠤᠷ᠎ᠠ ᠬᠠᠨ ᠤᠯᠤᠰ ᠪᠠ ᠡᠾᠦ᠋ᠩᠨᠤ ᠬᠤᠭᠤᠷᠤᠨᠳᠤ ᠪᠠᠨ ᠡᠩᠭᠡ ᠲᠠᠶᠢᠪᠤᠩ ᠪᠠᠶᠢᠯᠴᠠᠭᠰᠠᠭᠠᠷ ᠢᠷᠡᠵᠠᠢ᠃ | ᠡᠨᠡ ᠦᠶ᠎ᠠ ᠶᠢᠨ ᠤᠷᠳᠤᠰ ᠨᠤᠳᠤᠭ ᠡᠾᠦ᠋ᠩᠨᠣ ᠶᠢᠨ ᠪᠠᠷᠠᠭᠤᠨ ᠰᠢᠶᠠᠨ ᠸᠠᠩ ᠳᠤ ᠬᠠᠷᠢᠶᠠᠯᠠᠭᠳᠠᠵᠤ ᠪᠠᠶᠢᠪᠠ᠃ | ᠬᠠᠨ ᠰᠢᠶᠤᠤ ᠸᠧᠨ ᠤ ᠲᠡᠷᠢᠭᠦᠨ ᠭᠤᠷᠪᠠᠨ ᠤᠨ ︵ᠨᠡᠶᠢᠳᠠ ᠶᠢᠨ ᠤᠨ ᠲᠤᠭᠠᠯᠠᠯ ᠠᠴᠠ ᠡᠮᠦᠨ᠎ᠡ 177︶ | ᠤᠨ ᠳᠤ᠂ ᠡᠾᠦ᠋ᠩᠨᠤ ᠶᠢᠨ ᠪᠠᠷᠠᠭᠤᠨ ᠰᠢᠶᠠᠨ ᠸᠠᠩ ᠦᠪᠡᠷ ᠤᠨ ᠴᠠᠴᠠᠷ ᠤᠷᠳᠤᠨ ᠢᠶᠠᠨ ᠠᠷᠤ ᠭᠤᠪᠢ ᠠᠴᠠ | ᠤᠷᠳᠤᠰ ᠲᠤ ᠨᠡᠬᠦᠯᠭᠡᠨ ᠠᠪᠴᠢᠷᠠᠭᠠᠳ᠂ ᠪᠠᠷᠠᠭᠤᠨ ᠬᠠᠨ ᠤᠯᠤᠰ ᠤᠨ ᠤᠮᠠᠷᠠᠳᠤ ᠬᠢᠯᠢ ᠬᠢᠵᠠᠭᠠᠷ ᠲᠤ ᠮᠠᠰᠢ ᠶᠡᠭᠡ | ᠰᠦᠷᠳᠡᠬᠦᠯᠦᠯ ᠪᠤᠯᠤᠭᠠᠳ᠂ ᠬᠠᠨ ᠤᠯᠤᠰ ᠪᠠ ᠡᠾᠦ᠋ᠩᠨᠤ ᠶᠢᠨ ᠬᠠᠷᠢᠴᠠᠭ᠎ᠠ ᠲᠠᠬᠢᠨ ᠬᠤᠷᠴᠠᠳᠪᠠ᠃ ᠰᠢᠶᠤᠤ | ᠸᠧᠨ ᠤ ᠠᠩᠬ᠎ᠠ ᠠᠷᠪᠠᠨ ᠲᠦᠷᠪᠡᠨ ᠵᠢᠯ ᠳᠤ ︵ᠨᠡᠶᠢᠳᠠ ᠶᠢᠨ ᠤᠨ ᠲᠤᠭᠠᠯᠠᠯ ᠠᠴᠠ ᠡᠮᠦᠨ᠎ᠡ166 ᠤᠨ︶ | ᠡᠾᠦ᠋ᠩᠨᠤ ᠶᠢᠨ ᠴᠠᠨ ᠢᠤᠢ ᠤᠷᠳᠤᠰ ᠢᠶᠠᠷ ᠰᠠᠭᠤᠷᠢᠨ ᠭᠠᠵᠠᠷ ᠪᠤᠯᠭᠠᠵᠤ᠂ ᠠᠷᠪᠠᠨ ᠲᠦᠷᠪᠡᠨ ᠲᠦᠮᠡᠨ ᠮᠤᠷᠢᠳᠤ | ᠴᠡᠷᠢᠭ ᠲᠠᠶᠢᠴᠢᠯᠠᠨ᠂ ᠡᠮᠦᠨᠡᠰᠢ ᠲᠦᠷᠢᠨ ᠤᠷᠤᠵᠤ᠂ ᠴᠠᠩ ᠠᠨ ᠬᠤᠳᠠ ᠶᠢ ᠰᠢᠬᠠᠮᠳᠠᠭᠤᠯᠪᠠ᠃ ᠰᠢᠶᠤᠤ ᠸᠧᠨ ᠤ | ᠰᠡᠬᠦᠯ ᠤᠨ ᠵᠢᠷᠭᠤᠭᠠᠨ ᠵᠢᠯ ︵ ᠨᠡᠶᠢᠳᠠ ᠶᠢᠨ ᠤᠨ ᠲᠤᠭᠠᠯᠠᠯ ᠠᠴᠠ ᠡᠮᠦᠨ᠎ᠡ158 ᠤᠨ︶ ᠳᠤ᠂ ᠡᠾᠦ᠋ᠩᠨᠤ ᠪᠠᠰᠠ | ᠭᠤᠷᠪᠠᠨ ᠲᠦᠮᠡᠨ ᠮᠤᠷᠢᠳᠤ ᠴᠡᠷᠢᠭ ᠲᠤᠮᠢᠯᠠᠵᠤ᠂ ᠱᠠᠩ ᠵᠢᠶᠦ᠋ᠨ ᠢ ᠴᠤᠬᠢᠵᠤ ᠦᠢᠮᠡᠬᠦᠯᠦᠭᠡᠳ᠂ ᠪᠠᠷᠠᠭᠤᠨ ᠬᠠᠨ | ᠤᠯᠤᠰ ᠤᠨ ᠬᠠᠭᠠᠨᠳᠤ ᠲᠦᠷᠤ ᠶᠢ ᠰᠢᠨ᠎ᠡ ᠠᠷᠭ᠎ᠠ ᠬᠡᠮᠵᠢᠶ᠎ᠠ ᠠᠪᠬᠤ ᠦᠭᠡᠢ ᠪᠠᠶᠢᠬᠤ ᠶᠢᠨ ᠠᠷᠭ᠎ᠠ ᠦᠭᠡᠢ ᠪᠤᠯᠭᠠᠪᠠ᠃ | | ᠪᠠᠷᠠᠭᠤᠨ ᠬᠠᠨ ᠤᠯᠤᠰ᠂ ᠡᠾᠦ᠋ᠩᠨᠤ ᠲᠠᠢ ᠡᠪ ᠨᠠᠶᠢᠷᠠᠮᠳᠠᠭᠤ ᠬᠠᠷᠢᠴᠠᠭ᠎ᠠ ᠪᠠᠨ ᠰᠡᠷᠬᠦᠭᠡᠨ | ᠰᠠᠶᠢᠵᠢᠷᠠᠭᠤᠯᠤᠭᠰᠠᠨ ᠠᠴᠠ ᠭᠠᠳᠠᠨ᠎ᠠ᠂ ᠡᠾᠦ᠋ᠩᠨᠤ ᠲᠠᠢ ᠵᠠᠬ᠎ᠠ ᠨᠡᠶᠢᠯᠡᠵᠤ ᠪᠠᠶᠢᠭ᠎ᠠ ᠬᠢᠯᠢ ᠬᠢᠵᠠᠭᠠᠷ ᠢᠶᠠᠷ ᠬᠤᠳᠠ | ᠴᠠᠶᠢᠵᠠ ᠪᠠᠶᠢᠭᠤᠯᠵᠤ᠂ ᠤᠷᠳᠤᠰ ᠤᠨ ᠵᠡᠬᠦᠨ ᠭᠡᠰᠡᠭ ᠤᠨ ᠤᠷᠳᠤ ᠴᠠᠭᠠᠨ ᠬᠡᠷᠡᠮ ᠤᠨ ᠲᠤᠳᠤᠷᠠᠬᠢ ᠭᠠᠵᠠᠷ ᠤᠳ ᠲᠤ | ᠲᠤᠳᠤᠷ ᠭᠠᠵᠠᠷ ᠠᠴᠠ ᠶᠡᠭᠡ ᠬᠡᠮᠵᠢᠶᠡᠨ ᠤ ᠬᠢᠳᠠᠳ ᠬᠦᠮᠦᠨ ᠢ ᠨᠡᠬᠦᠯᠭᠡᠨ ᠠᠪᠴᠢᠷᠠᠵᠤ ᠬᠦᠴᠤ ᠪᠠᠨ ᠨᠡᠮᠡᠭᠰᠡᠨ | ᠪᠠᠶᠢᠨ᠎ᠠ᠃ ᠬᠡᠳᠤᠨ ᠠᠷᠪᠠᠨ ᠵᠢᠯ ᠪᠡᠯᠡᠳᠭᠡᠭᠰᠡᠨ ᠢᠶᠠᠷ ᠬᠠᠨ ᠤᠯᠤᠰ ᠪᠠ ᠡᠾᠦ᠋ᠩᠨᠤ ᠶᠢᠨ ᠬᠦᠴᠦᠨ ᠤ ᠬᠠᠷᠢᠴᠠᠯ | ᠢᠯᠡᠷᠭᠡᠢ ᠬᠤᠪᠢᠷᠠᠯᠳᠠ ᠭᠠᠷᠴᠠᠢ᠃ ᠤᠨᠴᠤᠭᠤᠶᠢᠯᠠᠨ ᠬᠠᠨ ᠡᠤ ᠳ᠋ᠢ ᠬᠠᠭᠠᠨ ᠤ ᠦᠶ᠎ᠠ ᠳᠤ ᠬᠦᠷᠴᠤ ᠢᠷᠡᠭᠡᠳ᠂ | ᠬᠠᠨ ᠤᠯᠤᠰ ᠤᠨ ᠡᠳ᠋ ᠤᠨ ᠬᠦᠴᠤ᠂ ᠪᠤᠳᠠᠰ ᠤᠨ ᠬᠦᠴᠤ᠂ ᠴᠡᠷᠢᠭ ᠤᠨ ᠬᠦᠴᠤ ᠭᠠᠶᠢᠭᠤᠢ ᠰᠡᠷᠬᠦᠵᠤ᠂ ᠪᠦᠬᠦᠶᠢᠯᠡ | ᠬᠠᠨ ᠤᠯᠤᠰ ᠢᠶᠠᠨ ᠵᠠᠬᠢᠷᠴᠤ ᠴᠢᠳᠠᠬᠤ ᠬᠦᠴᠦᠨ ᠲᠠᠢ ᠪᠤᠯᠤᠭᠰᠠᠨ ᠢᠶᠠᠷ ᠪᠠᠷᠠᠬᠤ ᠦᠭᠡᠢ᠂ ᠪᠠᠰᠠ ᠤᠯᠤᠰ ᠤᠨ ᠢᠶᠠᠨ | ᠠᠮᠤᠷ ᠲᠦᠪᠰᠢᠨ ᠢ ᠬᠠᠮᠠᠭᠠᠯᠠᠵᠤ ᠴᠢᠳᠠᠬᠤ ᠵᠡᠪᠰᠡᠭᠳᠤ ᠬᠦᠴᠦᠨ ᠲᠠᠢ ᠪᠤᠯᠵᠠᠢ᠃ ᠶᠤᠸᠠᠨ ᠭᠤᠸᠠᠩ ᠤᠨ ᠬᠤᠶᠠᠳᠤᠭᠠᠷ | ᠤᠨ ︵ᠨᠡᠶᠢᠳᠠ ᠶᠢᠨ ᠤᠨ ᠲᠤᠭᠠᠯᠠᠯ ᠠᠴᠠ ᠡᠮᠦᠨ᠎ᠡ 133 ᠤᠨ︶ ᠠᠴᠠ ᠶᠤᠸᠠᠨ ᠫᠢᠩ ᠤᠨ ᠭᠤᠷᠪᠠᠳᠤᠭᠠᠷ ᠤᠨ ︵ | ᠨᠡᠶᠢᠳᠠ ᠶᠢᠨ ᠤᠨ ᠲᠤᠭᠠᠯᠠᠯ ᠠᠴᠠ ᠡᠮᠦᠨ᠎ᠡ 71 ᠤᠨ︶ ᠬᠦᠷᠳᠡᠯ᠎ᠠ᠂ ᠬᠠᠨ ᠡᠤ ᠳ᠋ᠢ ᠬᠠᠭᠠᠨ ︵ᠯᠢᠤ ᠴᠧ︶᠂ | ᠬᠠᠨ ᠵᠤᠤ ᠳ᠋ᠢ ᠬᠠᠭᠠᠨ ︵ᠯᠢᠤ ᠪᠸᠢ ᠯᠢᠩ︶᠂ ᠬᠠᠨ ᠰᠢᠤᠸᠠᠨ ᠳ᠋ᠢ ᠬᠠᠭᠠᠨ ︵ᠯᠢᠤ ᠰᠢᠶᠦ᠋ᠨ︶ ᠵᠡᠷᠭᠡ ᠭᠤᠷᠪᠠᠨ | ᠦᠶ᠎ᠠ ᠶᠢᠨ ᠬᠢᠨ ᠵᠠᠯᠭᠠᠪᠡᠷ ᠡᠾᠦ᠋ᠩᠨᠤ ᠵᠦᠭ ᠬᠦᠴᠤ ᠲᠠᠯᠡᠶᠢᠴᠡᠳᠠᠢ ᠲᠤᠪᠳᠤᠯᠤᠯᠳᠠ ᠶᠠᠪᠤᠭᠤᠯᠵᠤ᠂ ᠬᠡᠳᠦᠨ ᠠᠷᠪᠠᠨ | ᠵᠢᠯ ᠤᠨ ᠲᠠᠶᠢᠨ ᠭᠡᠪᠡ᠃ ᠬᠠᠨ ᠤᠯᠤᠰ ᠤᠨ ᠸᠧᠢ ᠴᠢᠩ ᠵᠠᠩᠵᠤᠨ ᠭᠡᠳᠤᠨ ᠮᠢᠩᠭᠠᠨ ᠭᠠᠵᠠᠷ ᠡᠷᠬᠢᠨ ᠲᠤᠭᠤᠷᠢᠨ | ᠪᠠᠶᠢᠯᠳᠤᠵᠤ᠂ ᠤᠷᠳᠤᠰ ᠲᠠᠬᠢ ᠡᠾᠦ᠋ᠩᠨᠤ ᠶᠢᠨ ᠬᠦᠴᠦ ᠶᠢ ᠨᠢᠭᠡᠯᠡ ᠳᠣᠣᠷ᠎ᠠ ᠠᠷᠢᠯᠭᠠᠵᠠᠢ᠃ ᠡᠨᠡ ᠬᠤᠭᠤᠷᠣᠨᠳᠤᠬᠢ | ᠣᠷᠳᠣᠰ ᠢ ᠪᠤᠴᠠᠭᠠᠨ ᠠᠪᠬᠤ ᠳᠠᠶᠢᠨ ᠪᠣᠯ ᠬᠠᠨ ᠤᠯᠤᠰ ᠪᠠ ᠡᠾᠦ᠋ᠩᠨᠤ ᠶᠢᠨ ᠲᠠᠶᠢᠯᠠᠯᠳᠤᠭᠠᠨ ᠤ ᠴᠢᠬᠤᠯᠠ | ᠪᠦᠷᠢᠯᠳᠦᠬᠦᠨ ᠭᠡᠰᠡᠭ ᠪᠤᠯᠬᠤ ᠶᠤᠮ᠃ ᠡᠾᠦ᠋ᠩᠨᠤ ᠶᠢᠨ ᠪᠠᠷᠠᠭᠤᠨ ᠰᠢᠶᠠ ᠸᠠᠩ ᠤᠷᠳᠤᠰ ᠲᠤ ᠬᠢᠰᠬᠢᠬᠦ ᠭᠠᠵᠠᠷ | ᠦᠭᠡᠢ ᠪᠤᠯᠤᠭᠠᠳ᠂ ᠠᠷᠭ᠎ᠠ ᠪᠤᠰᠤ ᠠᠯᠤᠰ ᠠᠷᠣ ᠭᠤᠪᠢ ᠳᠤ ᠤᠴᠢᠪᠠ᠃ ᠡᠬᠦᠨ ᠠᠴᠠ ᠬᠤᠶᠢᠰᠢ ᠡᠾᠦ᠋ᠩᠨᠤ ᠤᠯᠠᠨ | ᠤᠳᠠᠭ᠎ᠠ ᠭᠡᠳᠡᠷᠬᠦ ᠲᠤᠪᠳᠤᠯᠤᠨ᠂ ᠤᠷᠳᠤᠰ ᠢ ᠡᠭᠡᠬᠦᠯᠦᠨ ᠠᠪᠬᠤ ᠪᠠᠷ ᠤᠷᠤᠯᠳᠤᠭᠰᠠᠨ ᠪᠤᠯᠪᠠᠴᠤ ᠲᠡᠶᠢᠯᠦᠭᠰᠡᠨ | ᠦᠭᠡᠢ ᠪᠢᠯᠡ᠃ ᠬᠠᠨ ᠡᠤ ᠳ᠋ᠢ ᠬᠠᠭᠠᠨ ᠤᠷᠳᠤᠰ ᠤᠨ ᠪᠠᠷᠠᠭᠤᠨ ᠡᠮᠦᠨ᠎ᠡ ᠵᠠᠬ᠎ᠠ ᠳᠤ ᠱᠦᠸᠧ ᠹᠠᠩ ᠵᠢᠶᠦ᠋ᠨ ᠬᠡᠵᠤ | ᠪᠠᠶᠢᠭᠤᠯᠤᠭᠠᠳ᠂ ᠤᠷᠳᠤᠰ ᠨᠤᠳᠤᠭ ᠲᠤ ᠡᠤ ᠶᠤᠸᠠᠨ ᠵᠢᠶᠦ᠋ᠨ ᠭᠡᠵᠤ ᠪᠠᠶᠢᠭᠤᠯᠪᠠ᠃ | ᠡᠬᠦᠨ ᠠᠴᠠ ᠠᠪᠤᠭᠠᠳ ᠤᠷᠳᠤᠰ ᠨᠤᠳᠤᠭ ᠪᠦᠬᠦᠨ ᠢᠶᠠᠷ ᠢᠶᠠᠨ ᠪᠠᠷᠠᠭᠤᠨ ᠬᠠᠨ ᠤᠯᠤᠰ ᠲᠤ ᠵᠠᠬᠢᠷᠤᠭᠳᠠᠵᠤ᠂ | ᠱᠦᠸᠧ ᠹᠠᠩ ᠵᠢᠶᠦ᠋ᠨ ᠪᠠᠷᠠᠭᠤᠨ ᠬᠠᠨ ᠤᠯᠤᠰ ᠤᠨ ᠤᠮᠠᠷᠠᠳᠤ ᠬᠢᠯᠢ ᠶᠢᠨ ᠴᠢᠬᠤᠯᠠ ᠪᠠᠯᠭᠠᠰᠤ ᠪᠤᠯᠵᠠᠢ᠃ ᠬᠠᠨ ᠡᠤ | ᠳ᠋ᠢ ᠬᠠᠭᠠᠨ ᠴᠢᠨ ᠤᠯᠤᠰ ᠤᠨ ᠢᠤᠢ ᠱᠢ ᠲᠦᠰᠢᠮᠡᠯ ᠢᠶᠠᠷ ᠵᠢᠶᠦ᠋ᠨ ᠢ ᠬᠢᠨᠠᠭᠤᠯᠬᠤ ᠬᠠᠭᠤᠴᠢᠨ ᠲᠦᠷᠢᠮ ᠢ | ᠲᠠᠭᠤᠷᠢᠶᠠᠵᠤ᠂ ᠪᠦᠬᠦ ᠤᠯᠤᠰ ᠤᠨ ᠠᠷᠪᠠᠨ ᠭᠤᠷᠪᠠᠨ ᠵᠸᠤ ᠳᠤ ᠼᠢ ᠱᠢ ᠲᠦᠰᠢᠮᠡᠯ ᠭᠠᠷᠭᠠᠵᠤ᠂ ᠵᠢᠶᠦ᠋ᠨ ᠢ | ᠪᠠᠶᠢᠴᠠᠭᠠᠨ ᠦᠵᠡᠵᠤ᠂ ᠬᠢᠨᠠᠨ ᠱᠠᠭᠠᠷᠳᠠᠬᠤ ᠠᠵᠢᠯ ᠢ ᠬᠠᠮᠢᠶᠠᠷᠤᠭᠤᠯᠪᠠ᠃ ᠱᠦᠸᠧ ᠹᠠᠩ ᠵᠢᠶᠦ᠋ᠨ ᠳᠤ ᠲᠤᠰᠬᠠᠢ | ᠼᠢ ᠱᠢ ᠲᠦᠰᠢᠮᠡᠯ ᠲᠤᠮᠢᠯᠠᠵᠤ᠂ ᠤᠷᠳᠤᠰ ᠲᠠᠬᠢ ᠨᠤᠶᠠᠷᠬᠠᠯ ᠢᠶᠠᠨ ᠴᠢᠩᠭᠠᠳᠬᠠᠵᠠᠢ᠃ | ᠬᠠᠨ ᠡᠤ ᠳ᠋ᠢ ᠬᠠᠭᠠᠨ ᠪᠠᠰᠠ ᠶᠦᠨ ᠵᠦᠩ ᠵᠢᠶᠦ᠋ᠨ᠂ ᠰᠢ ᠡᠾᠧ ᠵᠢᠶᠦ᠋ᠨ᠂ ᠱᠠᠩ ᠵᠢᠶᠦ᠋ᠨ ᠵᠡᠷᠭᠡ ᠪᠠᠷ | ᠤᠷᠳᠤᠰ ᠤᠨ ᠭᠠᠵᠠᠷ ᠤᠳ ᠢ ᠭᠡᠰᠡᠭᠯᠡᠨ ᠬᠠᠮᠢᠶᠠᠷᠤᠭᠤᠯᠪᠠ᠃ ᠬᠠᠨ ᠡᠤ ᠳ᠋ᠢ ᠬᠠᠭᠠᠨ ᠤᠷᠳᠤᠰ ᠨᠤᠳᠤᠭ ᠲᠠᠬᠢ | ᠬᠦᠴᠦᠨ ᠢᠶᠠᠨ ᠴᠢᠩᠭᠠᠳᠬᠠᠨ᠂ ᠡᠾᠦ᠋ᠩᠨᠤ ᠲᠠᠢ ᠬᠡᠳᠦᠨ ᠠᠷᠪᠠᠨ ᠵᠢᠯ ᠬᠢᠭᠰᠡᠨ ᠲᠠᠶᠢᠨ ᠤ ᠦᠷ᠎ᠠ ᠪᠦᠳᠦᠬᠡᠯ ᠢᠶᠠᠨ | ᠪᠠᠲᠤᠳᠬᠠᠬᠤ ᠶᠢᠨ ᠲᠦᠯᠦᠭᠡ᠂ ᠲᠤᠳᠤᠷ ᠭᠠᠵᠠᠷ ᠠᠴᠠ ᠶᠡᠭᠡ ᠬᠡᠮᠵᠢᠶᠡᠨ ᠤ ᠬᠢᠳᠠᠳ ᠬᠦᠮᠦᠨ ᠢ ᠬᠤᠭᠤᠴᠠᠭ᠎ᠠ | ᠪᠦᠯᠦᠭ ᠬᠤᠪᠢᠶᠠᠵᠤ ᠨᠡᠬᠦᠯᠭᠡᠨ ᠠᠪᠴᠢᠷᠠᠭᠠᠳ᠂ ᠲᠠᠷᠢᠶ᠎ᠠ ᠲᠠᠷᠢᠭᠤᠯᠤᠨ ᠬᠢᠯᠢ ᠬᠢᠵᠠᠭᠠᠷ ᠢ ᠬᠠᠮᠠᠭᠠᠯᠠᠭᠤᠯᠵᠤ᠂ | ᠠᠯᠪᠠᠨ ᠤ ᠪᠠ ᠬᠤᠪᠢᠨ ᠤ ᠮᠠᠯ ᠠᠵᠤ ᠠᠬᠤᠢ ᠶᠢ ᠬᠦᠭᠵᠢᠬᠦᠯᠵᠠᠢ᠃ | ᠬᠠᠨ ᠡᠤ ᠳ᠋ᠢ ᠬᠠᠭᠠᠨ ᠤᠷᠳᠤᠰ ᠢ ᠡᠵᠡᠯᠡᠭᠰᠡᠨ ᠤ ᠰᠡᠬᠦᠯᠡᠷ᠂ ᠬᠠᠨ ᠤᠯᠤᠰ ᠲᠤ ᠪᠠᠭᠤᠵᠤ ᠦᠭᠬᠦᠭᠰᠡᠨ | ᠡᠾᠦ᠋ᠩᠨᠤᠴᠤᠳ ᠢ ᠲᠥᠪᠬᠢᠨᠡᠭᠦᠯᠬᠦ ᠶᠢᠨ ᠲᠦᠯᠦᠭᠡ᠂ ᠨᠡᠶᠢᠳᠠ ᠶᠢᠨ ᠤᠨ ᠲᠤᠭᠠᠯᠠᠯ ᠠᠴᠠ ᠡᠮᠦᠨ᠎ᠡ 121 ᠤᠨ ᠳᠤ᠂ | ᠬᠢᠯᠢ ᠬᠢᠵᠠᠭᠠᠷ ᠤᠨ ᠲᠠᠪᠤᠨ ᠵᠢᠶᠦ᠋ᠨ ᠳᠤ ︽ᠬᠠᠷᠢᠶᠠᠳᠤ ᠤᠯᠤᠰ︾ ᠪᠠᠶᠢᠭᠤᠯᠵᠠᠢ᠃ ᠤᠷᠳᠤᠰ ᠤᠨ ᠬᠠᠷᠢᠶᠠᠨ ᠳᠤ | ᠱᠠᠩ ᠵᠢᠶᠦ᠋ᠨ᠂ ᠡᠤ ᠶᠤᠸᠠᠨ ᠵᠢᠶᠦ᠋ᠨ᠂ ᠰᠢ ᠡᠾᠧ ᠵᠢᠶᠦ᠋ᠨ ᠵᠡᠷᠭᠡ ᠪᠤᠢ᠃ ᠬᠠᠷᠢᠶᠠᠳᠤ ᠤᠯᠤᠰ ᠪᠤᠯ ᠬᠠᠨ | ᠤᠯᠤᠰ ᠤᠨ ᠦᠶ᠎ᠠ ᠶᠢᠨ ᠲᠡᠶᠢᠮᠤ ᠣᠨᠴᠠᠭᠠᠢ ᠲᠡᠤᠭᠡᠨ ᠨᠦᠬᠦᠴᠡᠯ ᠲᠤᠤᠷ᠎ᠠ ᠲᠤᠰᠬᠠᠶᠢᠯᠠᠨ ᠪᠠᠭᠤᠵᠤ ᠦᠭᠬᠦᠭᠰᠡᠨ | ᠡᠾᠦ᠋ᠩᠨᠤᠴᠤᠳ ᠢ ᠬᠠᠮᠢᠶᠠᠷᠬᠤ ᠨᠢᠭᠡ ᠱᠠᠳᠤᠨ ᠤ ᠵᠠᠰᠠᠭ ᠵᠠᠬᠢᠷᠭᠠᠨ ᠤ ᠪᠠᠶᠢᠭᠤᠯᠤᠮᠵᠢ ᠮᠦᠨ᠃ ᠬᠠᠷᠢᠶᠠᠳᠤ ᠤᠯᠤᠰ | ᠲᠤᠳᠤᠷᠠᠬᠢ ᠡᠾᠦ᠋ᠩᠨᠤᠴᠤᠳ ᠦᠩᠭᠡᠷᠡᠭᠰᠡᠨ ᠤ ᠠᠶᠢᠮᠠᠭ ᠪᠦᠯᠦᠭ ᠤᠨ ᠵᠤᠬᠢᠶᠠᠨ ᠪᠠᠶᠢᠭᠤᠯᠤᠯᠳᠠ᠂ | ᠦᠢᠯᠡᠳᠪᠦᠷᠢᠯᠡᠯ ᠤᠨ ᠭᠡᠯᠪᠡᠷᠢ᠂ ᠠᠮᠢᠳᠤᠷᠠᠯ ᠤᠨ ᠬᠡᠯᠪᠡᠷᠢ ᠪᠠᠨ ᠬᠠᠳᠠᠭᠠᠯᠠᠵᠤ᠂ ᠦᠩᠭᠡᠷᠡᠭᠰᠡᠨ ᠤ ᠵᠠᠩ | ᠲᠠᠳᠬᠠᠯ ᠢᠶᠠᠨ ᠦᠭᠡᠷᠡᠴᠢᠯᠡᠬᠦ ᠦᠭᠡᠢ ᠪᠤᠯᠳᠠᠭ᠃ ᠬᠡᠳᠡᠯ᠎ᠠ ᠬᠠᠷᠢᠶᠠᠳᠤ ᠤᠯᠤᠰ ᠤᠨ ᠴᠡᠷᠢᠭ ᠵᠠᠰᠠᠭ ᠤᠨ ᠡᠷᠭᠡ ᠶᠢ | ᠠᠳᠬᠤᠳᠠᠭ ᠳ᠋ᠦ᠋ ᠸᠧᠢ ᠲᠦᠰᠢᠮᠡᠯ ᠪᠤᠯ ᠶᠡᠷᠦᠩᠭᠡᠢ ᠳᠡᠭᠡᠨ ᠬᠢᠳᠠᠳ ᠬᠦᠮᠦᠨ ᠪᠤᠯᠳᠠᠭ ᠪᠦᠭᠡᠳ ᠣᠨᠴᠠᠭᠠᠢ | ᠪᠠᠶᠢᠳᠠᠯ ᠤᠨ ᠲᠤᠤᠷ᠎ᠠ ᠪᠠᠰᠠ ᠪᠠᠰᠠ ᠡᠾᠦ᠋ᠩᠨᠤ ᠶᠢᠨ ᠲᠡᠭᠡᠳᠤ ᠲᠠᠪᠬᠤᠷᠭᠠᠳᠠᠨ ᠳ᠋ᠦ᠋ ᠸᠧᠢ ᠲᠦᠰᠢᠮᠡᠯ ᠪᠤᠯᠤᠭᠰᠠᠨ | ᠪᠠᠶᠢᠳᠠᠯ ᠴᠤ ᠪᠤᠢ᠃ | ᠬᠠᠨ ᠡᠤ ᠳ᠋ᠢ ᠡᠾᠦ᠋ᠩᠨᠤ ᠶᠢ ᠪᠠᠶᠢᠯᠳᠤᠨ ᠢᠯᠠᠭᠠᠳ᠂ ᠡᠾᠦ᠋ᠩᠨᠤ ᠶᠢᠨ ᠪᠤᠭᠤᠯ ᠤᠨ ᠡᠵᠡᠨ ᠳᠤ ᠬᠦᠨᠳᠤ | ᠴᠤᠬᠢᠯᠳᠠ ᠦᠭᠴᠠᠢ᠃ ᠡᠬᠦᠨ ᠠᠴᠠ ᠪᠤᠯᠵᠤ᠂ ᠨᠤᠶᠠᠷᠬᠠᠭᠴᠢ ᠠᠩᠬᠢ ᠶᠢᠨ ᠲᠤᠳᠤᠷ᠎ᠠ ᠵᠠᠳᠠᠷᠠᠯ ᠭᠠᠷᠤᠭᠠᠳ᠂ ᠭᠠᠨ | ᠯᠤ᠋ ᠶᠢᠨ ᠭᠤᠷᠪᠠᠳᠤᠭᠠᠷ ᠤᠨ ︵ᠨᠡᠶᠢᠳᠠ ᠶᠢᠨ ᠤᠨ ᠲᠤᠭᠠᠯᠠᠯ ᠠᠴᠠ ᠡᠮᠦᠨ᠎ᠡ51 ᠤᠨ︶ ᠳᠤ᠂ ᠡᠾᠦ᠋ᠩᠨᠤ ᠬᠤ᠋ | ᠬᠠᠨ ᠶᠧ ᠴᠠᠨ ᠢᠤᠢ᠂ ᠬᠠᠨ ᠤᠯᠤᠰ ᠲᠤ ᠬᠠᠷᠢᠶᠠᠯᠠᠭᠳᠠᠬᠤ ᠪᠠᠷ ᠪᠤᠯᠵᠠᠢ᠃ ᠯᠢᠤ ᠰᠢᠶᠦ᠋ᠨ᠂ ᠬᠤ᠋ ᠬᠠᠨ ᠶᠧ ᠴᠠᠨ | ᠢᠤᠢ ᠶᠢ ᠪᠠᠶᠠᠷᠯᠠᠨ ᠤᠭᠳᠤᠬᠤ ᠰᠡᠳᠬᠢᠯᠭᠡ ᠪᠠᠨ ᠢᠯᠡᠳᠭᠡᠬᠦ ᠶᠢᠨ ᠲᠦᠯᠦᠭᠡ᠂ ᠡᠯᠴᠢ ᠲᠤᠮᠢᠯᠠᠨ ᠡᠤ ᠶᠤᠸᠠᠨ | ᠵᠢᠶᠦ᠋ᠨ ᠳᠤ ᠬᠦᠷᠴᠤ ᠲᠤᠰᠴᠠᠢ᠃ ᠪᠠᠰᠠ ᠲᠡᠬᠦᠨ ᠤ ᠦᠩᠭᠡᠷᠡᠵᠤ ᠭᠠᠷᠬᠤ ᠱᠦᠸᠧ ᠹᠠᠩ ᠵᠢᠶᠦ᠋ᠨ᠂ ᠰᠢ ᠡᠾᠧ | ᠵᠢᠶᠦ᠋ᠨ᠂ ᠱᠠᠩ ᠵᠢᠶᠦ᠋ᠨ ᠵᠡᠷᠭᠡ ᠭᠠᠵᠠᠷ ᠲᠤ ᠴᠡᠷᠢᠭ ᠵᠢᠬᠰᠠᠭᠠᠨ ᠬᠠᠮᠠᠭᠠᠯᠠᠭᠤᠯᠪᠠ᠃ ᠬᠠᠨ ᠶᠤᠸᠠᠨ ᠳ᠋ᠢ ᠬᠠᠭᠠᠨ | ᠯᠢᠤ ᠱᠢ ᠪᠠᠰᠠ ᠤᠷᠳᠤᠨ ᠤ ᠦᠬᠢᠨ ᠸᠠᠩ ᠵᠤᠤ ᠵᠢᠶᠦ᠋ᠨ ᠢ ᠬᠤ᠋ ᠶᠧ ᠴᠠᠨ ᠢᠤᠢ ᠳᠤ ᠦᠭᠴᠤ ᠡᠭᠡᠨᠡᠷ ᠪᠤᠯᠭᠠᠪᠠ᠃ | ᠪᠠᠷᠠᠭᠤᠨ ᠬᠠᠨ ᠤᠯᠤᠰ ᠤᠨ ᠰᠡᠬᠦᠯᠴᠢ ᠪᠠᠷ ᠨᠡᠶᠢᠭᠡᠮ ᠤᠨ ᠵᠦᠷᠢᠴᠡᠯ ᠡᠳᠦᠷ ᠢᠷᠡᠬᠦᠶ᠎ᠠ ᠬᠤᠷᠴᠠᠳᠴᠠᠢ᠃ | ᠬᠠᠳᠤᠨ ᠤ ᠲᠦᠷᠦᠯ ᠸᠠᠩ ᠮᠠᠩ ᠡᠨᠡ ᠵᠠᠪᠰᠢᠶᠠᠨ ᠢ ᠲᠠᠯᠢᠮᠳᠠᠭᠤᠯᠤᠨ᠂ ᠭᠠᠭᠴᠠᠭᠠᠷ ᠢᠶᠠᠨ ᠲᠦᠷᠤ ᠮᠡᠳᠡᠵᠤ᠂ | ᠵᠠᠰᠠᠭ ᠤᠨ ᠡᠷᠭᠡ ᠶᠢ ᠬᠤᠯᠠᠭᠠᠶᠢᠯᠠᠨ ᠠᠪᠤᠭᠠᠳ᠂ ᠱᠢ ᠵᠢᠶᠠᠨ ᠬᠦᠸᠧ ᠶᠢᠨ ᠠᠩᠬᠠᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ9 ᠤᠨ︶ ᠳᠤ ᠵᠢᠩᠬᠢᠨᠢ ᠪᠠᠷ ᠰᠢᠨ᠎ᠡ ᠲᠦᠷᠤ ᠪᠠᠶᠢᠭᠤᠯᠪᠠ᠃ ᠰᠢᠨ᠎ᠡ ᠲᠦᠷᠤ ᠶᠢᠨ ᠲᠤᠳᠤᠭᠠᠳᠤ ᠳᠤ | ᠵᠦᠷᠢᠴᠡᠯ ᠢᠶᠠᠷ ᠲᠦᠬᠦᠷᠴᠤ᠂ ᠨᠡᠶᠢᠭᠡᠮ ᠲᠠᠶᠠᠭᠠᠷ ᠰᠠᠮᠠᠭᠤᠷᠠᠭᠰᠠᠨ ᠳᠤ᠂ ᠡᠨᠡᠬᠦ ᠵᠦᠷᠢᠴᠡᠯ ᠢ ᠪᠤᠰᠤᠳ ᠲᠤ | ᠰᠢᠯᠵᠢᠬᠦᠯᠬᠦ ᠵᠢᠨᠲ᠋ᠦ᠋ᠯᠦᠭᠡ ᠸᠠᠩ ᠮᠠᠩ ᠬᠢᠯᠢ ᠬᠢᠵᠠᠭᠠᠷ ᠤᠷᠤᠨ ᠤ ᠴᠦᠭᠡᠨ ᠲᠤᠭᠠᠳᠤ ᠦᠨᠳᠦᠰᠦᠳᠡᠨ ᠳᠤ ᠲᠠᠶᠢᠨ | ᠲᠡᠭᠳᠡᠭᠡᠵᠤ᠂ ᠦᠨᠳᠦᠰᠦᠳᠡᠨ ᠢ ᠭᠠᠳᠠᠭᠤᠷᠴᠢᠯᠠᠬᠤ ᠪᠠ ᠲᠠᠷᠤᠯᠠᠬᠤ ᠲᠦᠷᠦ ᠶᠢᠨ ᠪᠤᠳᠤᠯᠭ᠎ᠠ ᠶᠢ ᠭᠡᠷᠡᠭᠵᠢᠬᠦᠯᠪᠡ᠃ | ᠡᠨᠡ ᠬᠤᠭᠤᠴᠠᠭᠠᠨ ᠳᠤ ᠬᠡᠳᠦᠨ ᠠᠷᠪᠠᠨ ᠲᠦᠮᠡᠨ ᠴᠡᠷᠢᠭ ᠲᠤᠮᠢᠯᠠᠨ ᠬᠢᠯᠢ ᠶᠢᠨ ᠵᠢᠶᠦ᠋ᠨ ᠳᠤ ᠰᠠᠭᠤᠯᠭᠠᠵᠤ᠂ | ᠡᠾᠦ᠋ᠩᠨᠤ ᠶᠢ ᠲᠦᠷᠦᠮᠡᠭᠡᠶᠢᠯᠡᠬᠦ ᠪᠠᠷ ᠪᠡᠯᠡᠳᠭᠡᠪᠡ᠃ ᠱᠢ ᠵᠢᠶᠠᠨ ᠬᠦᠸᠧ ᠶᠢᠨ ᠬᠤᠶᠠᠳᠤᠭᠠᠷ ᠤᠨ ︵ᠨᠡᠶᠢᠳᠠ ᠶᠢᠨ | ᠤᠨ ᠲᠤᠭᠠᠯᠠᠯ ᠤᠨ 10 ᠤᠨ︶ ᠠᠴᠠ ᠡᠬᠢᠯᠡᠵᠤ᠂ ᠤᠷᠳᠤᠰ ᠤᠨ ᠵᠢᠶᠦ᠋ᠨ ᠰᠢᠶᠠᠨ ᠨᠦᠭᠦᠳ ᠸᠠᠩ ᠮᠠᠩ ᠤᠨ | ᠤᠷᠳᠤ ᠬᠤᠭᠤᠴᠠᠭ᠎ᠠ ᠪᠠᠷ ᠴᠡᠷᠢᠭ ᠰᠠᠭᠤᠯᠭᠠᠬᠤ ᠭᠠᠵᠠᠷ ᠪᠤᠯᠵᠠᠢ᠃ ᠡᠨᠡ ᠬᠤᠭᠤᠴᠠᠭᠠᠨ ᠳᠤ ᠤᠷᠳᠤᠰ ᠤᠨ | ᠰᠠᠭᠤᠭᠠᠯᠢ ᠠᠷᠠᠳ ᠸᠠᠩ ᠮᠠᠩ ᠤᠨ ᠴᠡᠷᠢᠭ ᠲᠤ ᠲᠠᠯᠬᠢᠭᠳᠠᠵᠤ ᠠᠮᠢᠳᠤᠷᠠᠬᠤ ᠶᠢᠨ ᠠᠷᠭ᠎ᠠ ᠦᠭᠡᠢ ᠪᠤᠯᠤᠭᠠᠳ᠂ | ᠵᠠᠷᠢᠮ ᠨᠢ ᠦᠯᠪᠡᠷᠤᠨ ᠦᠬᠦᠵᠤ᠂ ᠵᠠᠷᠢᠮ ᠨᠢ ᠪᠤᠭᠤᠮᠳᠠ ᠶᠢᠨ ᠲᠤᠳᠤᠷ᠎ᠠ ᠲᠤᠳᠠᠭᠠᠨ ᠶᠠᠪᠤᠵᠤ᠂ ᠵᠠᠷᠢᠮ ᠨᠢ | ᠪᠤᠰᠤᠯᠴᠠᠭᠠᠳ ᠸᠠᠩ ᠮᠠᠩ ᠢ ᠡᠰᠡᠷᠬᠦᠴᠡᠪᠡ᠃ ᠢᠩᠬᠢᠭᠡᠳ ᠠᠳᠠ ᠨᠡᠬᠦᠨ ᠢᠷᠡᠭᠰᠡᠨ ᠤᠯᠠᠩᠬᠢ ᠬᠢᠳᠠᠳ ᠠᠷᠠᠳ | ᠲᠤᠳᠠᠭᠠᠨ ᠶᠠᠪᠤᠵᠠᠢ᠃ ᠸᠠᠩ ᠮᠠᠩ ᠪᠠᠰᠠ ᠵᠢᠶᠦ᠋ᠨ᠂ ᠰᠢᠶᠠᠨ ᠤ ᠨᠡᠷ᠎ᠠ ᠶᠢ ᠬᠠᠯᠠᠵᠤ᠂ ᠤᠷᠳᠤᠰ ᠲᠤ | ᠬᠠᠮᠢᠶᠠᠷᠣᠭᠳᠠᠬᠤ ᠱᠦᠸᠧ ᠹᠠᠩ ᠵᠢᠶᠦ᠋ᠨ ᠢ ᠭᠸᠤ ᠰᠸᠤ ᠵᠢᠶᠦ᠋ᠨ᠂ ᠡᠤ ᠶᠤᠸᠠᠨ ᠵᠢᠶᠦ᠋ᠨ ᠢ ᠡᠾᠦ᠋ᠸᠧ ᠰᠢᠶᠠᠩ | ᠵᠢᠶᠦ᠋ᠨ᠂ ᠶᠦᠨ ᠵᠦᠩ ᠵᠢᠶᠦ᠋ᠨ ᠢ ᠱᠸᠤ ᠰᠢᠶᠠᠩ ᠵᠢᠶᠦ᠋ᠨ᠂ ᠰᠢ ᠡᠾᠧ ᠵᠢᠶᠦ᠋ᠨ ᠢ ᠵᠢᠤ ᠰᠢᠨ ᠵᠢᠶᠦ᠋ᠨ ᠭᠡᠵᠤ ᠲᠤᠰ | ᠲᠤᠰ ᠦᠭᠡᠷᠡᠴᠢᠯᠡᠵᠠᠢ᠃ ᠰᠢᠨ᠎ᠡ ᠲᠦᠷᠤ ᠮᠦᠬᠦᠭᠰᠡᠨ ᠤ ᠰᠡᠬᠦᠯᠡᠷ᠂ ᠤᠭ ᠤᠨ ᠨᠡᠷ᠎ᠠ ᠶᠢ ᠰᠡᠷᠭᠦᠭᠡᠵᠠᠢ᠃ | ᠨᠡᠶᠢᠳᠠ ᠶᠢᠨ ᠤᠨ ᠲᠤᠭᠠᠯᠠᠯ ᠤᠨ 23 ᠤᠨ ᠳᠤ᠂ ᠤᠯᠠᠭᠠᠨ ᠬᠦᠮᠦᠰᠭᠡᠳᠡᠨ ᠤ ᠪᠤᠰᠤᠯᠭ᠎ᠠ᠂ ᠯᠤ᠋ ᠯᠢᠨ ᠤ | ᠪᠤᠰᠤᠯᠭ᠎ᠠ ᠶᠢᠨ ᠴᠡᠷᠢᠭ ᠸᠠᠩ ᠮᠠᠩ ᠤᠨ ᠰᠢᠨ᠎ᠡ ᠲᠦᠷᠤ ᠶᠢ ᠲᠦᠯᠬᠢᠨ ᠤᠨᠠᠭᠠᠵᠤ᠂ ᠯᠢᠤ ᠰᠢᠤᠸᠠᠨ ᠢᠶᠠᠷ ᠬᠠᠭᠠᠨ | ᠪᠤᠯᠭᠠᠵᠤ᠂ ᠤᠨ ᠤ ᠴᠤᠯᠠ ᠪᠠᠨ ᠭᠧᠩ ᠱᠢ ᠬᠡᠵᠠᠢ᠃ ᠭᠧᠩ ᠱᠢ ᠬᠠᠭᠠᠨ ᠱᠦᠸᠧ ᠹᠠᠩ ᠵᠢᠶᠦ᠋ᠨ ᠳᠤ ᠡᠯᠴᠢ | ᠲᠤᠮᠢᠯᠠᠨ ᠤᠴᠢᠭᠤᠯᠵᠤ᠂ ᠠᠮᠤᠷᠵᠢᠭᠤᠯᠬᠤ ᠠᠵᠢᠯ ᠬᠢᠪᠡ᠃ ᠢᠩᠬᠢᠭᠡᠳ ᠤᠷᠳᠤᠰ ᠭᠧᠩ ᠱᠢ ᠶᠢᠨ ᠲᠦᠷᠤ ᠶᠢᠨ | ᠬᠦᠴᠤᠨ ᠤ ᠬᠦᠷᠢᠶ᠎ᠠ ᠬᠡᠪᠴᠢᠶ᠎ᠠ ᠳᠤ ᠤᠷᠤᠭᠰᠠᠨ ᠪᠠᠶᠢᠨ᠎ᠠ᠃ ᠭᠡᠳᠡᠯ᠎ᠠ ᠭᠧᠩ ᠱᠢ ᠶᠢᠨ ᠲᠦᠷᠤ ᠵᠦᠪᠭᠡᠨ ᠭᠤᠷᠪᠠᠨ | ᠵᠢᠯ ᠲᠤᠭᠳᠠᠨᠢᠭᠠᠳ᠂ ᠦᠪᠡᠷ ᠤᠨ ᠨᠤᠶᠠᠷᠬᠠᠬᠤ ᠪᠠᠶᠢᠷᠢ ᠰᠠᠭᠤᠷᠢ ᠪᠠᠨ ᠪᠠᠬᠢᠵᠢᠬᠦᠯᠵᠤ ᠠᠮᠵᠢᠭᠰᠠᠨ ᠦᠭᠡᠢ ᠪᠠᠷ | ᠭᠡᠰᠡᠭᠯᠡᠨ ᠡᠵᠡᠯᠡᠬᠦ ᠰᠠᠮᠠᠭᠤᠨ ᠲᠠᠶᠢᠨ ᠳᠤ ᠮᠦᠬᠦᠪᠡ᠃ | ᠵᠡᠬᠦᠨ ᠬᠠᠨ ᠤᠯᠤᠰ ᠤᠨ ᠵᠢᠶᠠᠨ ᠡᠤ ᠶᠢᠨ ᠲᠠᠪᠤᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ29 ᠤᠨ︶ | ᠳᠤ ᠭᠡᠰᠡᠭᠯᠡᠨ ᠡᠵᠡᠯᠡᠭᠴᠢ ᠯᠤ᠋ ᠹᠠᠩ᠂ ᠡᠾᠦ᠋ᠩᠨᠤ ᠶᠢᠨ ᠲᠡᠮᠵᠢᠯᠭᠡ ᠪᠠᠷ᠂ ᠦᠪᠡᠷ ᠢ ᠪᠠᠨ ᠬᠠᠭᠠᠨ ᠡᠷᠬᠦᠮᠵᠢᠯᠡᠵᠤ᠂ | ᠡᠤ ᠶᠤᠸᠠᠨ ᠵᠢᠶᠦ᠋ᠨ ᠳᠤ ᠨᠡᠶᠢᠰᠯᠡᠭᠡᠳ᠂ ᠡᠤ ᠶᠤᠸᠠᠨ ᠵᠢᠶᠦ᠋ᠨ᠂ ᠱᠦᠸᠧ ᠹᠠᠩ ᠵᠢᠶᠦ᠋ᠨ᠂ ᠶᠦᠨ ᠵᠦᠩ ᠵᠢᠶᠦ᠋ᠨ | ᠵᠡᠷᠭᠡ ᠶᠢ ᠡᠵᠡᠯᠡᠵᠤ᠂ ᠬᠠᠷᠢᠶᠠᠳᠤ ᠵᠢᠶᠦ᠋ᠨ ᠳᠡᠭᠡᠨ ᠴᠦᠮ ᠰᠠᠬᠢᠭᠤᠯ ᠨᠤᠶᠠᠨ ᠲᠤᠮᠢᠯᠠᠵᠠᠢ᠃ ᠯᠤ᠋ ᠹᠠᠩ ᠤᠨ | ᠬᠦᠴᠦᠨ ᠤ ᠬᠦᠷᠢᠶ᠎ᠠ ᠭᠡᠪᠴᠢᠶ᠎ᠠ ᠳᠤ ᠤᠷᠳᠤᠰ ᠤᠨ ᠬᠤᠶᠢᠳᠤ ᠭᠡᠰᠡᠭ᠂ ᠵᠡᠬᠦᠨ ᠭᠡᠰᠡᠭ ᠤᠨ ᠶᠡᠭᠡᠩᠬᠢ ᠶᠢ ᠪᠠᠭᠳᠠᠭᠠᠵᠤ | ᠪᠠᠶᠢᠪᠠ᠃ ᠵᠢᠶᠠᠨ ᠡᠤ ᠶᠢᠨ ᠲᠤᠯᠤᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ31 ᠤᠨ︶ ᠳᠤ᠂ ᠯᠤ᠋ | ᠹᠠᠩ ᠤᠨ ᠲᠤᠮᠢᠯᠠᠭᠰᠠᠨ ᠱᠦᠸᠧ ᠹᠠᠩ ᠵᠢᠶᠦ᠋ᠨ᠂ ᠶᠦᠨ ᠵᠦᠩ ᠵᠢᠶᠦ᠋ᠨ ᠤ ᠲᠠᠶᠢᠱᠸᠤ ᠲᠦᠰᠢᠮᠡᠯ ᠤᠳ ᠵᠡᠬᠦᠨ ᠬᠠᠨ | ᠤᠯᠤᠰ ᠲᠤ ᠪᠠᠭᠤᠨ ᠦᠭᠴᠠᠢ᠃ ᠵᠢᠶᠠᠨ ᠡᠤ ᠶᠢᠨ ᠠᠷᠪᠠᠨ ᠭᠤᠷᠪᠠᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ37 ᠤᠨ︶ ᠳᠤ᠂ ᠯᠤ᠋ ᠹᠠᠩ ᠡᠾᠦ᠋ᠩᠨᠤ ᠶᠢᠨ ᠲᠡᠨᠳᠠ ᠲᠤᠳᠠᠭᠠᠨ ᠤᠴᠢᠵᠠᠢ᠃ ᠢᠩᠬᠢᠭᠡᠳ ᠤᠷᠳᠤᠰ | ᠨᠤᠳᠤᠭ ᠡᠷᠬᠢᠭᠡᠳ ᠵᠡᠬᠦᠨ ᠬᠠᠨ ᠤᠯᠤᠰ ᠤᠨ ᠨᠤᠶᠠᠷᠬᠠᠯ ᠤᠨ ᠤᠷᠤᠨ ᠪᠤᠯᠤᠭᠰᠠᠨ ᠪᠠᠶᠢᠨ᠎ᠠ᠃ | ᠸᠠᠩ ᠮᠠᠩ ᠡᠷᠭᠡ ᠬᠤᠯᠠᠭᠠᠶᠢᠯᠠᠭᠰᠠᠨ ᠠᠴᠠ ᠨᠠᠰᠢ ᠲᠦᠷᠤ ᠬᠦᠷᠦᠨ ᠰᠠᠮᠠᠭᠤᠷᠠᠵᠤ᠂ ᠠᠷᠠᠳ ᠲᠦᠮᠡᠨ ᠰᠦᠷᠡᠭᠡᠢ | ᠬᠡᠴᠡᠬᠦᠤ ᠬᠦᠴᠢᠷ ᠵᠤᠪᠠᠭᠤᠷᠢ ᠠᠮᠰᠠᠪᠠ᠃ ᠬᠠᠨ ᠡᠤ ᠳ᠋ᠢ ᠬᠠᠭᠠᠨ ᠤ ᠦᠶ᠎ᠠ ᠳᠤ᠂ ᠤᠷᠳᠤᠰ ᠲᠤ ᠨᠡᠬᠦᠨ ᠢᠷᠡᠭᠰᠡᠨ | ᠬᠢᠳᠠᠳ ᠬᠦᠮᠦᠨ ᠲᠦᠢᠯ ᠢᠶᠠᠷ ᠴᠦᠭᠡᠷᠡᠵᠤ᠂ ᠤᠯᠣᠰ ᠤᠨ ᠡᠳ᠋ ᠤᠨ ᠵᠠᠰᠠᠭ ᠤᠨ ᠵᠠᠷᠤᠯᠭ᠎ᠠ ᠲᠤᠩ ᠬᠦᠴᠢᠷ | ᠪᠤᠯᠤᠭᠰᠠᠨ ᠠᠴᠠ ᠵᠡᠬᠦᠨ ᠬᠠᠨ ᠤᠯᠤᠰ ᠤᠨ ᠡᠬᠢᠨ ᠤ ᠵᠢᠯ ᠤᠳ ᠲᠤ ᠵᠠᠷᠢᠮ ᠭᠠᠵᠠᠷ ᠤᠷᠤᠨ ᠤ ᠵᠠᠰᠭ ᠵᠠᠬᠢᠷᠭᠠᠨ ᠤ | ᠪᠠᠶᠢᠭᠤᠯᠤᠮᠵᠢ ᠶᠢ ᠬᠠᠰᠤᠵᠤ ᠨᠡᠶᠢᠯᠡᠬᠦᠯᠵᠠᠢ᠃ ᠵᠢᠶᠠᠨ ᠡᠤ ᠶᠢᠨ ᠠᠷᠪᠠᠨ ᠨᠢᠭᠡᠳᠦᠭᠡᠷ ᠤᠨ ︵ᠨᠡᠶᠢᠳᠠ ᠶᠢᠨ ᠤᠨ | ᠲᠤᠭᠠᠯᠠᠯ ᠤᠨ35 ᠤᠨ︶ ᠳᠤ᠂ ᠱᠦᠸᠧ ᠹᠠᠩ ᠵᠢᠶᠦ᠋ᠨ ᠢ ᠬᠠᠰᠤᠭᠠᠳ᠂ ᠪᠧᠩ ᠵᠸᠤ ︵ᠤᠳᠤ ᠶᠢᠨ ᠱᠠᠨ ᠰᠢ | ᠮᠤᠵᠢ ᠶᠢᠨ ᠲᠠᠶᠢᠶᠤᠸᠠᠨ︶ ᠲᠠᠢ ᠨᠡᠶᠢᠯᠡᠬᠦᠯᠵᠤ᠂ ᠵᠢᠶᠠᠨ ᠡᠤ ᠶᠢᠨ ᠬᠤᠷᠢᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ 44 ᠤᠨ︶ ᠳᠤ᠂ ᠪᠠᠰᠠ ᠡᠤ ᠶᠤᠸᠠᠨ ᠵᠢᠶᠦ᠋ᠨ ᠢ ᠬᠠᠰᠤᠵᠠᠢ᠃ ᠡᠬᠦᠨ ᠠᠴᠠ ᠬᠤᠵᠢᠮ ᠤᠷᠳᠤᠰ | ᠨᠤᠳᠤᠭ ᠪᠢᠩ ᠵᠸᠤ ᠳᠤ ᠬᠠᠷᠢᠶᠠᠯᠠᠭᠳᠠᠬᠤ ᠪᠤᠯᠵᠠᠢ᠃ᠵᠡᠬᠦᠨ ᠬᠠᠨ ᠤᠯᠤᠰ ᠤᠨ ᠭᠤᠸᠠᠩ ᠡᠤ ᠳ᠋ᠢ ᠬᠠᠭᠠᠨ ᠯᠢᠤ ᠰᠢᠤ | ᠲᠦᠷᠤ ᠪᠠᠷᠢᠵᠤ ᠪᠠᠶᠢᠭᠰᠠᠨ ᠭᠤᠴᠢᠨ ᠵᠢᠯ ᠤᠨ ᠬᠤᠭᠤᠷᠤᠨᠳᠤ᠂ ᠨᠢᠭᠡᠨᠳᠠ ᠠᠷᠤ ᠭᠤᠪᠢ ᠳᠤ ᠨᠡᠬᠦᠨ ᠤᠴᠢᠭᠰᠠᠨ | ᠡᠾᠦ᠋ᠩᠨᠤ ᠭᠠᠩ ᠬᠠᠭᠰᠠᠷᠭᠠᠨ ᠪᠤᠯᠤᠨ ᠨᠢᠬᠦᠯᠳᠤ ᠴᠠᠷᠴᠠᠬᠠᠢ ᠶᠢᠨ ᠭᠠᠮᠰᠢᠭ ᠲᠤ ᠤᠴᠠᠷᠠᠵᠠᠢ᠃ ᠡᠤ ᠬᠤᠸᠠ ᠠᠶᠢᠮᠠᠭ | ᠡᠨᠡ ᠵᠠᠪᠰᠢᠶᠠᠨ ᠢ ᠲᠠᠯᠢᠮᠳᠠᠭᠤᠯᠵᠤ ᠡᠾᠦ᠋ᠩᠨᠤ ᠶᠢ ᠲᠤᠪᠳᠤᠯᠤᠭᠠᠳ᠂ ᠲᠡᠬᠦᠨ ᠳᠤ ᠲᠦᠢᠯ ᠤᠨ ᠶᠡᠭᠡ ᠬᠤᠬᠢᠷᠠᠯ | ᠰᠦᠢᠳᠦᠯ ᠤᠴᠠᠷᠠᠭᠤᠯᠵᠠᠢ᠃ ᠡᠨᠡ ᠦᠶ᠎ᠠ ᠡᠾᠦ᠋ᠩᠨᠤ ᠶᠢᠨ ᠢᠵᠠᠭᠤᠷᠳᠠᠨ ᠤ ᠲᠤᠳᠤᠭᠠᠳᠤ ᠳᠤ ᠴᠠᠨ ᠢᠤᠢ ᠶᠢᠨ | ᠡᠷᠭᠡ ᠶᠢ ᠵᠠᠯᠭᠠᠮᠵᠢᠯᠠᠬᠤ ᠲᠡᠭᠡᠷ᠎ᠠ ᠵᠦᠷᠢᠯᠳᠦᠭᠡᠨ ᠡᠬᠦᠰᠦᠭᠰᠡᠨ ᠠᠴᠠ ᠪᠤᠯᠵᠤ᠂ ᠮᠦᠸᠧ ᠵᠢᠶᠠᠨ ᠿᠧ ᠵᠤ᠋ ᠸᠠᠩ ᠪᠢ᠂ | ᠵᠢᠶᠠᠨ ᠡᠤ ᠶᠢᠨ ᠬᠤᠷᠢᠨ ᠭᠤᠷᠪᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ 47 ᠤᠨ︶ ᠳᠤ ᠵᠡᠬᠦᠨ ᠬᠠᠨ | ᠤᠯᠤᠰ ᠢ ᠲᠠᠭᠠᠬᠤ ᠪᠠᠷ ᠭᠤᠶᠤᠵᠠᠢ᠃ ᠲᠠᠷᠠᠭ᠎ᠠ ᠵᠢᠯ ᠨᠢ᠂ ᠲᠡᠷᠠ ᠡᠾᠦ᠋ᠩᠨᠤ ᠶᠢᠨ ᠡᠮᠦᠨ᠎ᠡ ᠪᠡᠶ᠎ᠠ ᠶᠢᠨ ᠨᠠᠢᠮᠠᠨ | ᠠᠶᠢᠮᠠᠭ ᠲᠤ ᠡᠮᠦᠨᠡᠳᠤ ᠴᠠᠨ ᠢᠤᠢ ᠪᠠᠷ ᠡᠷᠬᠦᠮᠵᠢᠯᠡᠭᠳᠡᠪᠡ᠃ ᠢᠩᠬᠢᠭᠡᠳ ᠡᠾᠦ᠋ᠩᠨᠤ ᠡᠮᠦᠨᠡᠳᠤ ᠬᠤᠶᠢᠳᠤ ᠬᠤᠶᠠᠷ | ᠪᠤᠯᠤᠨ ᠬᠤᠪᠢᠶᠠᠭᠳᠠᠵᠠᠢ᠃ ᠵᠢᠶᠠᠨ ᠡᠤ ᠶᠢᠨ ᠬᠤᠷᠢᠨ ᠵᠢᠷᠭᠤᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ 50 | ᠤᠨ︶ ᠳᠤ᠂ ᠡᠮᠦᠨᠡᠳᠤ ᠡᠾᠦ᠋ᠩᠨᠤ ᠶᠦᠨ ᠵᠦᠩ ᠵᠢᠶᠦ᠋ᠨ ᠳᠤ ᠨᠡᠬᠦᠨ ᠢᠷᠡᠵᠤ᠂ ᠤᠳᠠᠭᠰᠠᠨ ᠦᠭᠡᠢ ᠪᠠᠰᠠ | ᠭᠤᠣᠯ ᠤᠨ ᠪᠠᠷᠠᠭᠤᠨᠳᠡᠬᠢ ᠮᠸᠢ ᠵᠢᠢ ︵ᠤᠳᠤ ᠶᠢᠨ ᠵᠡᠬᠦᠨᠭᠠᠷ ᠤᠨ ᠨᠠᠷᠢᠨ ᠤᠷᠴᠢᠮ︶ ᠳᠤ ᠰᠢᠯᠵᠢᠨ ᠢᠷᠡᠭᠡᠳ᠂ | ᠲᠡᠬᠦᠨ ᠤ ᠡᠯ᠎ᠠ ᠠᠶᠢᠮᠠᠭ ᠤᠳ ᠢᠶᠠᠨ ᠬᠤᠶᠢᠳᠤ ᠭᠡᠰᠡᠭ ᠤᠨ ᠵᠢᠶᠦ᠋ᠨ ᠨᠦᠭᠦᠳ ᠢᠶᠠᠷ ᠬᠤᠪᠢᠶᠠᠨ ᠰᠠᠭᠤᠯᠭᠠᠵᠠᠢ᠃ | ᠵᠡᠬᠦᠨ ᠬᠠᠨ ᠤᠯᠤᠰ ᠤᠨ ᠤᠮᠠᠷᠠᠳᠤ ᠬᠢᠯᠢ ᠬᠢᠵᠠᠭᠠᠷ ᠢ ᠡᠮᠦᠨᠡᠳᠤ ᠡᠾᠦ᠋ᠩᠨᠤ ᠪᠠᠬᠢᠯᠡᠨ ᠰᠠᠬᠢᠵᠠᠢ᠃ ᠢᠩᠬᠢᠭᠡᠳ | ᠤᠷᠳᠤᠰ ᠨᠤᠳᠤᠭ ᠡᠮᠦᠨᠡᠳᠤ ᠡᠾᠦ᠋ᠩᠨᠤ ᠶᠢᠨ ᠤᠯᠤᠰ ᠲᠦᠷᠦ᠂ ᠠᠵᠤ ᠠᠬᠤᠢ ᠶᠢᠨ ᠲᠦᠪ ᠪᠤᠯᠪᠠ᠃ | ᠬᠠᠨ ᠤᠯᠤᠰ ᠪᠠ ᠡᠾᠦ᠋ᠩᠨᠤ ᠲᠠᠬᠢᠨ ᠨᠠᠶᠢᠷᠰᠠᠭ ᠢᠶᠠᠷ ᠤᠷᠤᠰᠢᠨ ᠲᠤᠭᠳᠠᠨᠢᠭᠰᠠᠨ ᠶᠠᠪᠤᠳᠠᠯ ᠪᠤᠯ ᠬᠠᠨ ᠤᠯᠤᠰ | ᠪᠠ ᠡᠾᠦ᠋ᠩᠨᠤ ᠶᠢᠨ ᠬᠠᠷᠢᠴᠠᠭᠠᠨ ᠳᠠᠬᠢ ᠪᠠᠰᠠ ᠨᠢᠭᠡ ᠤᠳᠠᠭᠠᠨ ᠤ ᠡᠷᠭᠢᠯᠲᠡ ᠮᠦᠨ᠃ ᠢᠩᠬᠢᠭᠰᠡᠨ ᠢᠶᠠᠷ ᠬᠠᠨ | ᠤᠯᠤᠰ ᠪᠠ ᠡᠾᠦ᠋ᠩᠨᠤ ᠬᠤᠶᠠᠷ ᠦᠨᠳᠦᠰᠦᠳᠡᠨ ᠤ ᠠᠷᠠᠳ ᠲᠦᠮᠡᠨ ᠤ ᠨᠦᠭᠦᠷᠰᠡᠭ ᠶᠠᠪᠤᠯᠴᠠᠭ᠎ᠠ ᠰᠡᠷᠬᠦᠵᠤ | ᠬᠦᠭᠵᠢᠵᠠᠢ᠃ ᠬᠠᠨ ᠤᠯᠤᠰ ᠤᠨ ᠤᠮᠠᠷᠠᠳᠤ ᠬᠢᠯᠢ ᠬᠢᠵᠠᠭᠠᠷ ᠤᠨ ᠪᠠᠶᠢᠳᠠᠯ ᠲᠠᠬᠢᠵᠤ ᠡᠩᠬᠡᠵᠢᠨ ᠲᠤᠭᠳᠠᠨᠢᠭᠰᠠᠨ ᠠᠴᠠ | ᠦᠩᠭᠡᠷᠡᠭᠰᠡᠨ ᠤ ᠡᠨᠡ ᠭᠠᠵᠠᠷ ᠰᠠᠭᠤᠵᠤ ᠪᠠᠶᠢᠭᠰᠠᠨ ᠠᠷᠠᠳ ᠲᠠᠬᠢᠨ ᠠᠳᠠ ᠪᠠᠨ ᠪᠤᠴᠠᠨ ᠢᠷᠡᠵᠠᠢ᠃ ᠡᠨᠡ | ᠦᠶ᠎ᠠ ᠳᠤ ᠪᠠᠷᠠᠭᠤᠨ ᠬᠠᠨ ᠤᠯᠤᠰ ᠤᠨ ᠪᠠᠶᠢᠳᠠᠯ ᠶᠡᠭᠡ ᠲᠦᠯᠦᠪ ᠰᠡᠷᠬᠦᠵᠠᠢ᠃ ᠢᠩᠬᠢᠭᠡᠳ ᠵᠡᠬᠦᠨ ᠬᠠᠨ ᠤᠯᠤᠰ | ᠲᠠᠬᠢᠨ ᠪᠠᠷᠠᠭᠤᠨ ᠬᠠᠨ ᠤᠯᠤᠰ ᠤᠨ ᠦᠶ᠎ᠠ ᠶᠢᠨ ᠵᠢᠶᠦ᠋ᠨ ᠰᠢᠶᠠᠨ ᠢ ᠰᠡᠷᠬᠦᠭᠡᠪᠡ᠃ ᠡᠨᠡ ᠦᠶ᠎ᠠ ᠶᠢᠨ ᠤᠷᠳᠤᠰ | ᠨᠤᠳᠤᠭ ᠪᠠᠰᠠ ᠱᠦᠸᠧ ᠹᠠᠩ ᠵᠢᠶᠦ᠋ᠨ᠂ ᠡᠤ ᠶᠤᠸᠠᠨ ᠵᠢᠶᠦ᠋ᠨ᠂ ᠶᠦᠨ ᠵᠦᠩ ᠵᠢᠶᠦ᠋ᠨ᠂ ᠰᠢ ᠡᠾᠧ ᠵᠢᠶᠦ᠋ᠨ᠂ | ᠱᠠᠩ ᠵᠢᠶᠦ᠋ᠨ ᠳᠤ ᠬᠤᠪᠢᠶᠠᠭᠳᠠᠨ ᠵᠠᠬᠢᠷᠤᠭᠳᠠᠪᠠ᠃ ᠵᠡᠬᠦᠨ ᠬᠠᠨ ᠤᠯᠤᠰ ᠡᠳᠡᠭᠡᠷ ᠢ ᠤᠯᠠᠮ ᠪᠠᠬᠢᠵᠢᠬᠦᠯᠬᠦ ᠶᠢᠨ | ᠲᠦᠯᠦᠭᠡ᠂ ᠲᠤᠳᠤᠷ ᠭᠠᠵᠠᠷ ᠠᠴᠠ ᠶᠡᠭᠡ ᠬᠡᠮᠵᠢᠶᠡᠨ ᠤ ᠬᠢᠳᠠᠳ ᠲᠠᠷᠢᠶᠠᠴᠢᠨ ᠢ ᠨᠡᠬᠦᠯᠭᠡᠨ ᠠᠪᠴᠢᠷᠠᠵᠤ᠂ ᠤᠷᠳᠤᠰ | ᠨᠤᠳᠤᠭ ᠢ ᠲᠡᠬᠦᠯᠳᠡᠷᠵᠢᠬᠦᠯᠦᠨ᠂ ᠨᠡᠶᠢᠭᠡᠮ ᠤᠨ ᠪᠠᠶᠢᠳᠠᠯ ᠢ ᠰᠢᠨ᠎ᠡ ᠰᠠᠶᠢᠵᠢᠷᠠᠯᠳᠠ ᠲᠠᠢ ᠪᠤᠯᠭᠠᠵᠠᠢ᠃ ᠨᠡᠶᠢᠳᠠ ᠶᠢᠨ | ᠤᠨ ᠲᠤᠭᠠᠯᠠᠯ ᠤᠨ90 ᠤᠨ ᠤ ᠦᠶᠡᠰ ᠢᠶᠠᠷ᠂ ᠡᠮᠦᠨᠡᠳᠤ ᠡᠾᠦ᠋ᠩᠨᠤ ᠶᠢᠨ ᠬᠦᠮᠦᠨ ᠠᠮᠠ ᠵᠡᠬᠦᠨ ᠬᠠᠨ ᠤᠯᠤᠰ ᠢ | ᠲᠠᠭᠠᠬᠤ ᠦᠶ᠎ᠠ ᠶᠢᠨ ᠲᠦᠷᠪᠡ ᠲᠠᠪᠤᠨ ᠲᠦᠮᠡ ᠠᠴᠠ ᠪᠠᠨ23 ᠲᠦᠮᠡ ᠪᠤᠯᠤᠨ ᠨᠡᠮᠡᠭᠳᠡᠵᠠᠢ᠃ ᠡᠾᠦ᠋ᠩᠨᠤ ᠶᠢᠨ | ᠠᠷᠠᠳ ᠲᠦᠮᠡᠨ ᠠᠵᠢᠯᠴᠢ ᠰᠢᠷᠭᠠᠭᠤ ᠬᠦᠳᠡᠯᠮᠦᠷᠢᠯᠡᠭᠰᠡᠨ ᠢᠶᠠᠷ ᠤᠷᠳᠤᠰ ᠤᠨ ᠨᠡᠬᠦᠳᠡᠯᠯᠡᠨ ᠮᠠᠯᠵᠢᠬᠤ ᠠᠵᠣ ᠠᠬᠤᠢ | ᠬᠦᠭᠵᠢᠪᠠ᠃ ᠵᠠᠭᠤ ᠭᠠᠷᠤᠢ ᠵᠢᠯ ᠤᠨ ᠬᠤᠭᠤᠷᠤᠨᠳᠤ᠂ ᠡᠾᠦ᠋ᠩᠨᠤ ᠦᠨᠳᠦᠰᠦᠳᠡᠨ ᠪᠠ ᠬᠢᠳᠠᠳ ᠦᠨᠳᠦᠰᠦᠳᠡᠨ | ᠬᠤᠯᠢᠯᠳᠤᠨ ᠰᠠᠭᠤᠷᠰᠢᠵᠤ᠂ ᠡᠾᠦ᠋ᠩᠨᠤ ᠦᠨᠳᠦᠰᠦᠳᠡᠨ᠂ ᠬᠢᠳᠠᠳ ᠦᠨᠳᠦᠰᠦᠳᠡᠨ ᠤ ᠠᠵᠤ ᠠᠬᠤᠢ᠂ ᠰᠤᠶᠤᠯ ᠤᠨ | ᠨᠦᠯᠦᠭᠡ ᠶᠢ ᠬᠦᠷᠳᠡᠭᠡᠳ᠂ ᠨᠢᠭᠡ ᠪᠦᠯᠦᠭ ᠡᠾᠦ᠋ᠩᠨᠤ ᠶᠢᠨ ᠠᠷᠠᠳ ᠲᠦᠮᠡᠨ ᠲᠠᠷᠢᠶ᠎ᠠ ᠲᠠᠷᠢᠵᠤ ᠰᠤᠷᠤᠭᠠᠳ᠂ | ᠤᠤᠯ ᠤᠨ ᠲᠠᠩ ᠭᠠᠭᠴᠠ ᠨᠡᠬᠦᠳᠡᠯᠯᠡᠨ ᠮᠠᠯᠵᠢᠳᠠᠭ ᠦᠢᠯᠢᠳᠪᠦᠷᠢᠯᠡᠯ ᠠᠴᠠ ᠪᠠᠨ ᠬᠠᠭᠠᠰ ᠮᠠᠯᠵᠢᠯ ᠬᠠᠭᠠᠰ | ᠲᠠᠷᠢᠶᠠᠯᠠᠩ ᠤᠨ ᠦᠢᠯᠳᠪᠦᠷᠢᠯᠡᠯ ᠤᠨ ᠭᠡᠯᠪᠡᠷᠢ ᠵᠦᠭ ᠰᠢᠯᠵᠢᠵᠠᠢ᠃ | ᠵᠡᠬᠦᠨ ᠬᠠᠨ ᠤᠯᠤᠰ ᠤᠨ ᠤᠷᠳᠣᠰ ᠤᠨ ᠭᠤᠤᠯ ᠰᠠᠭᠤᠭᠠᠯᠢ ᠠᠷᠠᠳ ᠪᠤᠯ ᠡᠮᠦᠨᠡᠳᠤ ᠡᠾᠦ᠋ᠩᠨᠤ ᠪᠤᠯᠤᠨ᠎ᠠ᠃ | ᠡᠮᠦᠨᠡᠳᠤ ᠡᠾᠦ᠋ᠩᠨᠤ ᠭᠡᠳᠦᠶᠢᠪᠡᠷ ᠶᠡᠭᠡ ᠲᠦᠯᠦᠪ ᠲᠡᠭᠡᠨ ᠵᠡᠬᠦᠨ ᠬᠠᠨ ᠤᠯᠤᠰ ᠤᠨ ᠡᠯ᠎ᠠ ᠵᠢᠶᠦ᠋ᠨ ᠳᠤ | ᠬᠠᠷᠢᠶᠠᠯᠠᠭᠳᠠᠬᠤ ᠪᠤᠯᠪᠠᠴᠤ᠂ ᠡᠾᠦ᠋ᠩᠨᠤ ᠶᠢᠨ ᠪᠤᠳᠠᠳᠤ ᠪᠠᠶᠢᠳᠠᠯ ᠠᠴᠠ ᠦᠵᠡᠪᠡᠯ᠂ ᠪᠠᠰᠠ ᠦᠩᠭᠡᠷᠡᠭᠰᠡᠨ ᠤ ᠠᠶᠢᠮᠠᠭ | ᠪᠦᠯᠦᠭ ᠤᠨ ᠶᠤᠰᠤ ᠲᠦᠷᠢᠮ ᠢᠶᠠᠨ ᠪᠠᠷᠢᠮᠳᠠᠯᠠᠵᠤ ᠪᠠᠶᠢᠪᠠ᠃ ᠡᠶᠢᠮᠤ ᠠᠴᠠ ᠲᠤᠬᠠᠢ ᠶᠢᠨ ᠦᠶ᠎ᠠ ᠳᠤ ᠤᠷᠳᠤᠰ ᠢ | ᠭᠡᠰᠡᠭᠯᠡᠨ ᠬᠠᠮᠢᠶᠠᠷᠴᠤ ᠪᠠᠶᠢᠭᠰᠠᠨ ᠡᠯ᠎ᠠ ᠵᠢᠶᠦ᠋ᠨ ᠨᠦᠭᠦᠳ᠂ ᠵᠢᠶᠦ᠋ᠨ ᠰᠢᠶᠠᠨ ᠤ ᠪᠠᠶᠢᠭᠤᠯᠤᠮᠵᠢ ᠠᠴᠠ ᠭᠠᠳᠠᠨ᠎ᠠ | ᠡᠮᠦᠨᠡᠳᠤ ᠡᠾᠦ᠋ᠩᠨᠤ ᠶᠢᠨ ᠴᠠᠨ ᠢᠤᠢ ᠶᠢᠨ ᠨᠤᠶᠠᠷᠬᠠᠯ ᠲᠤᠤᠷᠠᠬᠢ ᠠᠶᠢᠮᠠᠭ ᠪᠦᠯᠦᠭ ᠤᠳ ᠤᠨ ᠣᠨᠴᠠᠭᠠᠢ ᠵᠠᠰᠠᠭ | ᠵᠠᠬᠢᠷᠭᠠᠨ ᠤ ᠪᠠᠶᠢᠭᠤᠯᠤᠮᠵᠢ ᠪᠠᠰᠠ ᠪᠤᠳᠠᠳᠠᠢ ᠤᠷᠤᠰᠢᠵᠤ ᠪᠠᠶᠢᠪᠠ᠃ ᠡᠮᠦᠨᠡᠳᠤ ᠡᠾᠦ᠋ᠩᠨᠤ᠂ ᠵᠡᠬᠦᠨᠭᠠᠷ ᠲᠤ ᠰᠠᠭᠤᠵᠤ | ᠪᠠᠶᠢᠭᠰᠠᠨ ᠨᠢᠭᠡ ᠵᠠᠭᠤ ᠭᠤᠴᠢ ᠲᠦᠴᠢᠨ ᠵᠢᠯ ᠤᠨ ᠬᠤᠭᠤᠷᠤᠨᠳᠤ ᠴᠠᠨ ᠢᠤᠢ ᠨᠢᠭᠡᠨᠳᠠ ᠠᠷᠪᠠ ᠶᠢᠰᠤᠨ ᠦᠶ᠎ᠠ | ᠪᠤᠯᠪᠠ᠃ ᠵᠡᠬᠦᠨ ᠬᠠᠨ ᠤᠯᠤᠰ ᠤᠨ ᠰᠡᠬᠦᠯᠴᠢ ᠪᠠᠷ ᠡᠮᠦᠨᠡᠳᠤ ᠡᠾᠦ᠋ᠩᠨᠤ ᠨᠢᠭᠡᠨᠳᠠ23 ᠲᠦᠮᠡᠨ ᠬᠦᠮᠦᠨ ᠲᠠᠢ᠂ | ᠲᠠᠪᠤᠨ ᠲᠦᠮᠡᠨ ᠮᠤᠷᠢᠳᠤ ᠴᠡᠷᠢᠭ ᠲᠠᠢ ᠪᠤᠯᠵᠠᠢ᠃ ᠡᠨᠡ ᠦᠶ᠎ᠠ ᠶᠢᠨ ᠡᠮᠦᠨᠡᠳᠤ ᠡᠾᠦ᠋ᠩᠨᠤ ᠶᠢᠨ ᠮᠤᠷᠢᠳᠤ ᠴᠡᠷᠢᠭ | ᠬᠤᠶᠢᠳᠤ ᠡᠾᠦ᠋ᠩᠨᠤ᠂ ᠰᠢᠶᠠᠨᠪᠸᠢ᠂ ᠴᠢᠶᠠᠩ ᠢ ᠴᠤᠬᠢᠬᠤ ᠵᠡᠬᠦᠨ ᠬᠠᠨ ᠤᠯᠤᠰ ᠤᠨ ᠭᠤᠤᠯ ᠬᠦᠴᠦᠨ ᠪᠤᠯᠤᠭᠰᠠᠨ | ᠶᠤᠮ᠃ | ᠵᠡᠬᠦᠨ ᠬᠠᠨ ᠤᠯᠤᠰ ᠤᠨ ᠦᠶ᠎ᠠ ᠳᠤ᠂ ᠡᠮᠦᠨᠡᠰᠢ ᠨᠡᠬᠦᠳᠡᠯᠯᠡᠭᠰᠡᠨ ᠤᠮᠠᠷᠠᠳᠤ ᠤᠷᠤᠨ ᠤ ᠴᠦᠭᠡᠨ ᠲᠤᠭᠠᠳᠤ | ᠦᠨᠳᠤᠰᠦᠳᠡᠨ ᠳᠤ ᠡᠮᠦᠨᠡᠳᠤ ᠡᠾᠦ᠋ᠩᠨᠤ ᠠᠴᠠ ᠭᠠᠳᠠᠨ᠎ᠠ ᠪᠠᠰᠠ ᠡᠤ ᠬᠤᠸᠠᠨ᠂ ᠰᠢᠶᠠᠨᠪᠸᠢ᠂ ᠴᠢᠶᠠᠩ ᠵᠡᠷᠭᠡ | ᠦᠨᠳᠦᠰᠦᠳᠡᠨ ᠪᠤᠢ᠃ ᠲᠡᠳᠠ ᠤᠷᠳᠤᠰ ᠨᠤᠳᠤᠭ ᠲᠤ ᠢᠷᠡᠭᠰᠡᠨ ᠤ ᠲᠠᠷᠠᠭ᠎ᠠ᠂ ᠵᠡᠬᠦᠨ ᠬᠠᠨ ᠤᠯᠤᠰ᠂ ᠪᠠᠷᠠᠭᠤᠨ | ᠬᠠᠨ ᠤᠯᠤᠰ ᠤᠨ ︽ᠬᠠᠷᠢᠶᠠᠳᠤ ᠤᠯᠤᠰ ᠤᠨ ᠲᠦᠰᠢᠮᠡᠯ︾ ᠤᠨ ᠲᠦᠷᠢᠮ ᠢ ᠰᠡᠷᠬᠦᠭᠡᠨ ᠬᠡᠷᠡᠭᠯᠡᠵᠤ᠂ ᠲᠤᠰᠬᠠᠶᠢᠯᠠᠨ | ᠡᠳᠡᠭᠡᠷ ᠡᠮᠦᠨᠡᠰᠢ ᠨᠡᠬᠦᠨ ᠢᠷᠡᠭᠰᠡᠨ ᠴᠦᠭᠡᠨ ᠲᠤᠭᠠᠳᠤ ᠦᠨᠳᠦᠰᠦᠳᠡᠨ ᠢ ᠬᠠᠮᠢᠶᠠᠷᠪᠠ᠃ ᠬᠡᠪᠡᠴᠤ ᠵᠡᠬᠦᠨ ᠬᠠᠨ | ᠤᠯᠤᠰ ᠤᠨ ᠰᠡᠬᠦᠯᠴᠢ ᠪᠤᠯᠤᠭᠠᠳ᠂ ᠨᠤᠶᠠᠷᠬᠠᠭᠴᠢ ᠠᠩᠬᠢ ᠤᠯᠤᠰ ᠲᠦᠷᠦ ᠶᠢᠨ ᠲᠠᠯ᠎ᠠ ᠪᠠᠷ ᠢᠯᠵᠠᠷᠡᠨ | ᠲᠤᠷᠤᠶᠢᠳᠠᠭᠠᠳ᠂ ᠦᠨᠳᠦᠰᠦᠳᠡᠨ ᠤ ᠵᠦᠷᠢᠴᠡᠯ ᠡᠳᠦᠷ ᠠᠴᠠ ᠡᠳᠤᠷ ᠬᠤᠷᠴᠠᠳᠴᠤ᠂ ᠤᠷᠳᠤᠰ ᠨᠤᠳᠤᠭ ᠤᠨ | ᠤᠯᠤᠰ ᠲᠦᠷᠤ ᠶᠢᠨ ᠪᠠᠶᠢᠳᠠᠯ ᠠᠭᠠᠵᠢᠮ ᠢᠶᠠᠷ ᠰᠠᠮᠠᠭᠤᠷᠠᠵᠤ ᠡᠬᠢᠯᠡᠪᠡ᠃ ᠡᠨᠡ ᠦᠶ᠎ᠠ᠂ ᠵᠠᠷᠢᠮ ᠴᠦᠭᠡᠨ ᠲᠤᠭᠠᠳᠤ | ᠦᠨᠳᠦᠰᠦᠳᠡᠨ ᠤ ᠢᠵᠠᠭᠤᠷᠳᠠᠨ ᠵᠠᠪᠰᠢᠶᠠᠨ ᠢ ᠲᠠᠯᠢᠮᠳᠠᠭᠤᠯᠵᠤ᠂ ᠵᠡᠬᠦᠨ ᠬᠠᠨ ᠤᠯᠤᠰ ᠤᠨ ᠬᠠᠭᠠᠨᠳᠤ ᠲᠦᠷᠤ ᠠᠴᠠ | ᠤᠷᠪᠠᠪᠠ᠃ ᠱᠦᠨ ᠳ᠋ᠢ ᠬᠠᠭᠠᠨ ᠤ ᠶᠦᠩ ᠡᠾᠧ ᠶᠢᠨ ᠲᠠᠪᠤᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ140 | ᠤᠨ︶ ᠳᠤ᠂ ᠡᠮᠦᠨᠡᠳᠤ ᠡᠾᠦ᠋ᠩᠨᠤ ᠶᠢᠨ ᠵᠡᠬᠦᠨ ᠭᠡᠰᠡᠭ ᠤᠨ ᠵᠢᠤᠢ ᠯᠦᠩ ᠸᠠᠩ ᠡᠤ ᠰᠧ ᠵᠡᠬᠦᠨ ᠬᠠᠨ ᠤᠯᠤᠰ ᠠᠴᠠ | ᠤᠷᠪᠠᠭᠰᠠᠨ ᠳᠤ ᠬᠡᠳᠤᠨ ᠲᠦᠮᠡ ᠰᠢᠬᠠᠮ ᠡᠤ ᠬᠤᠸᠠᠨ᠂ ᠴᠢᠶᠠᠩ᠂ ᠷᠦᠩ᠂ ᠡᠤ ᠰᠧ ᠶᠢ ᠲᠠᠭᠠᠵᠤ ᠵᠡᠬᠦᠨ ᠬᠠᠨ | ᠤᠯᠤᠰ ᠢ ᠡᠰᠡᠷᠬᠦᠴᠡᠪᠡ᠃ ᠵᠡᠬᠦᠨ ᠬᠠᠨ ᠤᠯᠤᠰ ᠢ ᠡᠰᠡᠷᠬᠦᠴᠡᠭᠰᠡᠨ ᠡᠤ ᠰᠧ ᠶᠢᠨ ᠰᠦᠷ ᠬᠦᠴᠦᠨ ᠤᠯᠠᠮ ᠠᠴᠠ | ᠶᠡᠭᠡᠳᠴᠤ᠂ ᠵᠡᠬᠦᠨ ᠬᠠᠨ ᠤᠯᠤᠰ ᠤᠨ ᠤᠷᠳᠤᠰ ᠲᠠᠬᠢ ᠨᠤᠶᠠᠷᠬᠠᠬᠤ ᠰᠠᠭᠤᠷᠢ ᠶᠢ ᠭᠤᠶᠢᠪᠢᠭᠤᠯᠪᠠ᠃ | ᠯᠢᠩ ᠳ᠋ᠢ ᠬᠠᠭᠠᠨ ᠯᠢᠤ ᠬᠤᠩ ᠰᠠᠭᠤᠷᠢᠨ ᠳᠤ ᠭᠠᠷᠤᠭᠰᠠᠨ ᠡᠬᠢᠨ ᠤ ᠦᠶ᠎ᠠ ︵ᠨᠡᠶᠢᠳᠠ ᠶᠢᠨ ᠤᠨ | ᠲᠤᠭᠠᠯᠠᠯ ᠤᠨ168 ᠤᠨ︶ ᠳᠤ᠂ ᠵᠡᠬᠦᠨ ᠬᠠᠨ ᠤᠯᠤᠰ ᠤᠨ ᠬᠠᠭᠠᠨᠳᠤ ᠲᠦᠷᠦ᠂ ᠲᠠᠷᠢᠶᠠᠴᠢᠨ ᠤ ᠪᠤᠰᠤᠯᠭ᠎ᠠ ᠶᠢᠨ | ᠴᠤᠬᠢᠯᠳᠠ ᠲᠤᠤᠷ᠎ᠠ᠂ ᠪᠦᠬᠦ ᠤᠯᠤᠰ ᠲᠠᠬᠢ ᠨᠤᠶᠠᠷᠬᠠᠯ ᠢᠶᠠᠨ ᠭᠡᠷᠡᠭ ᠲᠡᠭᠡᠷ᠎ᠠ ᠪᠨ ᠬᠠᠮᠠᠭᠠᠯᠠᠵᠤ ᠲᠡᠶᠢᠯᠬᠦ ᠦᠭᠡᠢ | ᠪᠤᠯᠵᠠᠢ᠃ ᠡᠮᠦᠨᠡᠳᠤ ᠡᠾᠦ᠋ᠩᠨᠤ ᠶᠢᠨ ᠪᠠᠷᠠᠭᠤᠨ ᠭᠡᠰᠡᠭ ᠤᠨ ᠠᠷᠪᠠᠨ ᠲᠦᠮᠡ ᠢᠯᠡᠬᠦᠤ ᠬᠦᠮᠦᠨ ᠪᠤᠰᠤᠯᠴᠠᠨ᠂ | ᠴᠢᠶᠠᠩ ᠴᠢᠤᠢ ᠴᠠᠨ ᠢᠤᠢ ᠶᠢ ᠠᠯᠠᠵᠤ᠂ ᠹᠦ᠋ ᠬᠦ᠋ ᠳ᠋ᠦ᠋ ᠡᠾᠸᠤ ᠶᠢ ᠴᠠᠨ ᠢᠤᠢ ᠪᠤᠯᠭᠠᠪᠠ᠃ ᠴᠢᠶᠠᠩ ᠢᠤᠢ ᠴᠠᠨ | ᠢᠤᠢ ᠶᠢᠨ ᠬᠦᠤ ᠢᠤᠢ ᠹᠦ᠋ ᠯᠦᠸᠧ ᠳ᠋ᠢ ᠵᠡᠬᠦᠨ ᠬᠠᠨ ᠤᠯᠤᠰ ᠠᠴᠠ ᠲᠤᠰᠠᠯᠠᠮᠵᠢ ᠭᠤᠶᠤᠵᠤ᠂ ᠭᠤᠤᠯ ᠤᠨ ᠵᠡᠬᠦᠨᠳᠠᠢ | ᠫᠢᠩ ᠶᠠᠩ ᠳᠤ ᠨᠡᠶᠢᠰᠯᠡᠵᠤ᠂ ᠪᠡᠶ᠎ᠠ ᠪᠠᠨ ᠴᠠᠨ ᠢᠤᠢ ᠭᠡᠮᠡᠪᠡ᠃ ᠢᠩᠬᠢᠭᠡᠳ ᠨᠡᠶᠢᠳᠠ ᠶᠢᠨ ᠤᠨ | ᠲᠤᠭᠠᠯᠠᠯ ᠤᠨ188 ᠤᠨ ᠠᠴᠠ ᠬᠤᠶᠢᠰᠢ᠂ ᠤᠷᠳᠤᠰ ᠨᠤᠳᠤᠭ ᠲᠠᠬᠢ ᠡᠮᠦᠨᠡᠳᠤ ᠡᠾᠦ᠋ᠩᠨᠣ ᠭᠡᠷᠡᠭ ᠲᠡᠭᠡᠷ᠎ᠠ ᠪᠠᠨ | ᠵᠡᠬᠦᠨ ᠬᠠᠨ ᠤᠯᠤᠰ ᠤᠨ ᠬᠠᠷᠢᠶᠠᠨ ᠠᠴᠠ ᠭᠠᠷᠴᠤ᠂ ᠲᠤᠰᠭᠠᠷᠯᠠᠭᠰᠠᠨ ᠪᠠᠶᠢᠳᠠᠯ ᠲᠠᠢ ᠪᠤᠯᠪᠠ᠃ | ᠵᠢᠶᠠᠨ ᠠᠨ ᠤ ᠬᠤᠷᠢᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ215 ᠤᠨ︶ ᠳᠤ᠂ ᠼᠣᠣ ᠼᠣᠣ | ᠬᠡᠳᠦᠶᠢᠪᠡᠷ ᠤᠮᠠᠷᠠᠳᠤ ᠤᠷᠤᠨ ᠤ ᠬᠡᠰᠡᠭᠯᠡᠨ ᠡᠵᠡᠯᠡᠭᠰᠡᠨ ᠪᠠᠶᠢᠳᠠᠯ ᠢ ᠡᠴᠦᠰᠯᠡᠬᠦᠯᠦᠭᠰᠡᠨ ᠪᠤᠯᠪᠠᠴᠤ᠂ ᠵᠡᠬᠦᠨ ᠬᠠᠨ | ᠤᠯᠤᠰ ᠤᠨ ᠤᠷᠳᠤᠰ ᠲᠠᠬᠢ ᠨᠤᠶᠠᠷᠬᠠᠯ ᠢ ᠦᠷᠬᠦᠯᠵᠢᠯᠡᠬᠦᠯᠵᠤ ᠴᠢᠳᠠᠭᠰᠠᠨ ᠦᠭᠡᠢ᠃ ᠢᠩᠬᠢᠭᠡᠳ ᠵᠠᠷᠯᠢᠭ | ᠪᠠᠭᠤᠯᠭᠠᠨ᠂ ᠡᠤ ᠶᠤᠸᠠᠨ ᠵᠢᠶᠦ᠋ᠨ᠂ ᠱᠦᠸᠧ ᠹᠠᠩ ᠵᠢᠶᠦ᠋ᠨ ᠢ ᠬᠠᠰᠤᠵᠤ ᠦᠭᠡᠶᠢᠰᠭᠡᠪᠡ᠃ ᠡᠤ ᠶᠤᠸᠠᠨ᠂ ᠱᠦᠸᠧ | ᠹᠠᠩ ᠵᠡᠷᠭᠡ ᠵᠢᠶᠦ᠋ᠨ ᠢᠶᠠᠷ ᠪᠠᠶᠢᠭᠰᠨ ᠬᠢᠳᠠᠳ ᠬᠦᠮᠦᠨ ᠢ ᠱᠠᠨ ᠰᠢ ᠶᠢᠨ ᠬᠤᠶᠢᠳᠤ ᠭᠡᠰᠡᠭ ᠲᠤ ᠨᠡᠬᠦᠯᠭᠡᠵᠤ᠂ ᠰᠢᠨ | ᠰᠢᠩ ᠵᠢᠶᠦ᠋ᠨ ᠭᠡᠵᠤ ᠪᠠᠶᠢᠭᠤᠯᠤᠭᠠᠳ᠂ ᠡᠳᠡᠭᠡᠷ ᠨᠡᠬᠦᠳᠡᠯᠯᠡᠭᠰᠡᠨ ᠡᠷᠦᠭᠡ ᠶᠢ ᠬᠠᠮᠶᠠᠷᠤᠭᠤᠯᠪᠠ᠃ ᠬᠠᠨ ᠤᠯᠤᠰ ᠲᠤ | ᠬᠠᠮᠢᠶᠠᠷᠤᠭᠳᠠᠵᠤ ᠪᠠᠶᠢᠭᠰᠠᠨ ᠬᠢᠳᠠᠳ ᠦᠨᠳᠦᠰᠦᠳᠡᠨ ᠤᠷᠳᠤᠰ ᠠᠴᠠ ᠭᠠᠷᠤᠮᠠᠭᠴᠠ᠂ ᠤᠷᠳᠤᠰ ᠨᠤᠳᠤᠭ ᠲᠦᠪ ᠤᠨ | ᠬᠠᠭᠠᠨᠳᠤ ᠲᠦᠷᠤ ᠶᠢᠨ ᠨᠤᠶᠠᠷᠬᠠᠯ ᠠᠴᠠ ᠰᠠᠯᠵᠤ᠂ ᠡᠾᠦ᠋ᠩᠨᠤ᠂ ᠰᠢᠶᠠᠨᠪᠸᠢ᠂ ᠡᠤ ᠬᠤᠸᠠᠨ᠂ ᠴᠢᠶᠠᠩ ᠵᠡᠷᠭᠡ | ᠴᠦᠭᠡᠨ ᠲᠤᠭᠠᠳᠤ ᠦᠨᠳᠦᠰᠦᠳᠡᠨ ᠤ ᠨᠡᠬᠦᠳᠡᠯᠯᠡᠨ ᠮᠠᠯᠵᠢᠬᠤ ᠤᠷᠤᠨ ᠪᠤᠯᠪᠠ᠃ | ᠲᠠᠪᠤ᠂ ᠬᠤᠶᠠᠷ ᠶᠢᠨ᠂ ᠠᠷᠪᠠᠨ ᠵᠢᠷᠭᠤᠭᠠᠨ ᠤᠯᠤᠰ ᠵᠢᠴᠢ ᠡᠮᠦᠨᠡᠳᠤ ᠤᠮᠠᠷᠠᠳᠤ ᠲᠦᠷᠤ ᠶᠢᠨ ᠦᠶ᠎ᠠ | ᠪᠠᠷᠠᠭᠤᠨ ᠶᠢᠨ ᠤᠯᠤᠰ ᠤᠨ ᠡᠤ ᠳ᠋ᠢ ᠬᠠᠭᠠᠨ ᠰᠧ ᠮᠠ ᠶᠠᠨ᠂ ᠲᠠᠢ ᠺᠠᠩ ᠤᠨ ᠠᠩᠬᠠᠳᠤᠭᠠᠷ ᠤᠨ ︵ | ᠨᠡᠶᠢᠳᠠ ᠶᠢᠨ ᠤᠨ ᠲᠤᠭᠠᠯᠠᠯ ᠤᠨ280 ᠤᠨ︶ ᠳᠤ᠂ ᠸᠧᠢ᠂ ᠱᠤ᠋᠂ ᠡᠤ ᠭᠤᠷᠪᠠᠨ ᠤᠯᠤᠰ ᠤᠨ ᠬᠦᠯᠢᠯ ᠤᠨ ᠬᠦᠯ | ᠮᠡᠳᠤ ᠲᠤᠭᠳᠠᠨᠢᠭᠰᠠᠨ ᠪᠠᠶᠢᠳᠠᠯ ᠢ ᠡᠴᠦᠰᠯᠡᠬᠦᠯᠵᠤ᠂ ᠶᠦᠩ ᠫᠢᠩ ᠤᠨ ᠠᠩᠬᠠᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ291 ᠤᠨ︶ ᠳᠤ᠂ ᠠᠷᠪᠠᠨ ᠵᠢᠷᠭᠤᠭᠠᠨ ᠵᠢᠯ ᠦᠷᠬᠦᠯᠵᠢᠯᠡᠭᠰᠡᠨ ︽ᠨᠠᠢᠮᠠᠨ ᠸᠠᠩ ᠤᠨ ᠰᠠᠮᠠᠭᠤᠷᠠᠯ︾ | ᠡᠬᠦᠰᠪᠡ᠃ ᠡᠨᠡ ᠦᠶ᠎ᠠ ᠳᠤ ᠪᠠᠷᠠᠭᠤᠨ ᠶᠢᠨ ᠤᠯᠤᠰ᠂ ᠤᠷᠳᠤᠰ ᠪᠤᠯᠤᠨ ᠤᠮᠠᠷᠠᠳᠤ ᠬᠢᠯᠢ ᠬᠢᠵᠠᠭᠠᠷ ᠢᠶᠠᠨ | ᠪᠠᠭᠢᠵᠢᠬᠦᠯᠦᠨ ᠴᠢᠩᠭᠠᠳᠬᠠᠬᠤ ᠠᠰᠠᠭᠤᠳᠠᠯ ᠢ ᠬᠠᠮᠢᠶᠠᠷᠬᠤ ᠴᠢᠳᠠᠯ ᠦᠭᠡᠢ ᠪᠤᠯᠵᠠᠢ᠃ ᠡᠨᠡ ᠦᠶ᠎ᠠ ᠶᠢᠨ ᠤᠷᠳᠤᠰ᠂ | ᠡᠾᠦ᠋ᠩᠨᠤ ᠵᠡᠷᠭᠡ ᠴᠦᠭᠡᠨ ᠲᠤᠭᠠᠳᠤ ᠦᠨᠳᠦᠰᠦᠳᠡᠨ ᠳᠤ ᠡᠵᠡᠮᠰᠢᠭᠳᠡᠵᠤ᠂ ᠶᠤᠸᠠᠨ ᠺᠠᠩ ᠤᠨ ᠲᠠᠪᠤᠳᠤᠭᠠᠷ ᠤᠨ ︵ | ᠨᠡᠶᠢᠳᠠ ᠶᠢᠨ ᠤᠨ ᠲᠤᠭᠠᠯᠠᠯ ᠤᠨ295 ᠤᠨ︶ ᠳᠤ᠂ ᠲᠦᠸᠧ ᠪᠠ ᠠᠶᠢᠮᠠᠭ ᠤᠨ ᠯᠤ᠋ ᠭᠤᠸᠠᠨ ᠶᠡᠭᠡ ᠨᠤᠶᠠᠨ ᠤ | ᠰᠠᠭᠤᠷᠢᠨ ᠢ ᠵᠠᠯᠭᠠᠮᠵᠢᠯᠠᠭᠠᠳ᠂ ᠲᠡᠬᠦᠨ ᠤ ᠠᠴᠢ ᠢ ᠯᠤ᠋ ᠪᠠᠷ ᠴᠡᠷᠢᠭ ᠲᠠᠭᠠᠭᠤᠯᠤᠨ᠂ ᠬᠠᠳᠤᠨ ᠭᠤᠤᠯ ᠢ | ᠬᠡᠳᠤᠯᠵᠤ᠂ ᠡᠾᠦ᠋ᠩᠨᠤ᠂ ᠡᠤ ᠬᠤᠸᠠᠨ ᠢ ᠴᠤᠬᠢᠨ ᠢᠯᠠᠭᠠᠳ᠂ ᠤᠷᠳᠤᠰ ᠨᠤᠳᠤᠭ ᠢ ᠡᠵᠡᠯᠡᠵᠤ᠂ ᠪᠤᠰᠤᠳ ᠴᠦᠭᠡᠨ | ᠲᠤᠭᠠᠳᠤ ᠦᠨᠳᠦᠰᠦᠳᠡᠨ ᠢ ᠶᠦᠨ ᠵᠦᠩ᠂ ᠡᠤ ᠶᠤᠸᠠᠨ᠂ ᠱᠦᠸᠧ ᠹᠠᠩ ᠵᠡᠷᠭᠡ ᠤᠯᠠᠨ ᠵᠢᠶᠦ᠋ᠨ ᠳᠤ ᠨᠡᠬᠦᠯᠭᠡᠵᠠᠢ ︵ | ᠡᠬᠦᠨ ᠳᠤ ᠤᠷᠳᠤᠰ ᠤᠨ ᠵᠡᠬᠦᠨ ᠬᠤᠶᠢᠳᠤ ᠭᠡᠰᠡᠭ ᠤᠨ ᠵᠠᠷᠢᠮ ᠭᠠᠵᠠᠷ ᠪᠠᠭᠳᠠᠨ᠎ᠠ︶᠃ | ᠪᠠᠷᠠᠭᠤᠨ ᠶᠢᠨ ᠤᠯᠤᠰ ᠤᠨ ᠠᠩᠬᠢ ᠶᠢᠨ ᠵᠦᠷᠢᠴᠡᠯ ᠪᠤᠯᠤᠨ ᠦᠨᠳᠦᠰᠦᠳᠡᠨ ᠤ ᠵᠦᠷᠢᠴᠡᠯ ᠡᠳᠦᠷ ᠠᠴᠠ ᠡᠳᠦᠷ | ᠬᠤᠷᠴᠠᠳᠴᠤ᠂ ᠵᠠᠷᠢᠮ ᠴᠦᠭᠡᠨ ᠲᠤᠭᠠᠳᠤ ᠦᠨᠳᠦᠰᠦᠳᠡᠨ ᠤ ᠢᠵᠠᠭᠤᠷᠳᠠᠨ ᠪᠤᠰᠤᠯᠴᠠᠨ᠂ ᠪᠠᠷᠠᠭᠤᠨ ᠶᠢᠨ ᠤᠯᠤᠰ ᠢ | ᠡᠰᠡᠷᠬᠦᠴᠡᠵᠤ᠂ ᠹᠸᠤᠳᠠᠯ ᠤᠨ ᠭᠡᠰᠡᠭᠯᠡᠨ ᠡᠵᠡᠯᠡᠬᠦ ᠪᠠᠶᠢᠳᠠᠯ ᠢ ᠪᠤᠢ ᠪᠤᠯᠭᠠᠪᠠ᠃ ᠶᠢᠨ ᠬᠤᠸᠠᠢ ᠳ᠋ᠢ ᠬᠠᠭᠠᠨ ᠤ ᠶᠦᠩ | ᠵᠢᠶᠠ ᠶᠢᠨ ᠲᠦᠷᠪᠡᠳᠦᠭᠡᠷ ᠤᠨ ︵ᠨᠡᠶᠢᠳᠠ ᠶᠢᠨ ᠤᠨ ᠲᠤᠭᠠᠯᠠᠯ ᠤᠨ310 ᠤᠨ︶ ᠳᠤ᠂ ᠡᠾᠦ᠋ᠩᠨᠤ ᠶᠢᠨ ᠬᠤᠶᠢᠳᠤ | ᠭᠡᠰᠡᠭ ᠤᠨ ᠲᠢᠶᠧ ᠹᠸᠢ ᠠᠶᠢᠮᠠᠭ ᠤᠨ ᠯᠢᠤ ᠬᠤ᠋᠂ ᠯᠤ᠋ ᠺᠦᠨ ᠪᠠ ᠲᠦᠸᠧ ᠪᠠ ᠶᠢᠨ ᠢ ᠯᠤ᠋ ᠶᠢᠨ ᠬᠤᠯᠪᠤᠭᠠᠳᠤ | ᠴᠡᠷᠢᠭ ᠲᠤ ᠴᠤᠬᠢᠭᠳᠠᠨ ᠢᠯᠠᠭᠳᠠᠵᠤ᠂ ᠲᠢᠶᠧ ᠹᠸᠢ ᠠᠶᠢᠮᠠᠭ ᠤᠨ ᠯᠢᠤ ᠬᠤ᠋᠂ ᠱᠠᠨ ᠰᠢ ᠶᠢᠨ ᠬᠤᠶᠢᠳᠤ ᠪᠡᠶ᠎ᠠ ᠠᠴᠠ | ᠰᠢᠯᠵᠢᠨ᠂ ᠤᠷᠳᠤᠰ ᠲᠤ ᠢᠷᠡᠵᠤ ᠪᠠᠬᠢᠯᠡᠨ ᠰᠠᠬᠢᠵᠤ᠂ ᠤᠷᠳᠤᠰ ᠨᠤᠳᠤᠭ ᠢ ᠡᠵᠡᠯᠡᠪᠡ᠃ ᠯᠢᠤ ᠬᠤ᠋ ᠡᠮᠦᠨᠡᠳᠤ ᠵᠤᠤ | ᠤᠯᠤᠰ ᠤᠨ ᠯᠢᠤ ᠽᠦᠩ ᠢ ᠲᠠᠭᠠᠵᠤ᠂ ᠯᠢᠤ ᠽᠦᠩ᠂ ᠯᠢᠤ ᠬᠤ᠋ ᠶᠢ ᠤᠮᠠᠷᠠᠳᠤ ᠶᠢ ᠲᠦᠪᠰᠢᠳᠭᠡᠬᠦ ᠵᠠᠩᠵᠤᠨ ᠬᠡᠮᠡᠨ | ᠡᠷᠬᠦᠮᠵᠢᠯᠡᠵᠤ᠂ ᠵᠦᠩ ᠯᠠᠩ ᠵᠢᠶᠠᠩ ᠵᠠᠩᠵᠤᠨ ᠪᠤᠯᠭᠠᠭᠠᠳ᠂ ᠤᠷᠳᠤᠰ ᠨᠤᠳᠤᠭ ᠲᠠᠬᠢᠨ ᠡᠮᠦᠨᠡᠳᠤ ᠵᠤᠤ | ᠤᠯᠤᠰ ᠤᠨ ᠭᠠᠵᠠᠷ ᠪᠤᠯᠪᠠ᠃ | ᠵᠢᠶᠠᠨ ᠰᠢᠩ ᠤᠨ ᠲᠦᠷᠪᠡᠳᠦᠭᠡᠷ ᠤᠨ ︵ᠨᠡᠶᠢᠳᠠ ᠶᠢᠨ ᠤᠨ ᠲᠤᠭᠠᠯᠠᠯ ᠤᠨ316 ᠤᠨ︶ ᠳᠤ᠂ ᠪᠠᠷᠠᠭᠤᠨ | ᠶᠢᠨ ᠤᠯᠤᠰ ᠡᠾᠦ᠋ᠩᠨᠤ ᠳᠤ ᠮᠦᠬᠦᠭᠡᠭᠳᠡᠪᠡ᠃ ᠨᠡᠶᠢᠳᠠ ᠶᠢᠨ ᠤᠨ ᠲᠤᠭᠠᠯᠠᠯ ᠤᠨ319 ᠤᠨ ᠳᠤ ᠬᠦᠷᠠᠬᠠᠨ | ᠬᠦᠮᠦᠨ ᠱᠢ ᠯᠧ ᠪᠠᠰᠠ ᠤᠮᠠᠷᠠᠳᠤ ᠤᠷᠤᠨ ᠳᠠᠬᠢ ᠪᠠᠷᠠᠭᠤᠨ ᠶᠢᠨ ᠤᠯᠤᠰ ᠤᠨ ᠬᠦᠴᠦᠨ ᠢ ᠰᠦᠨᠦᠭᠡᠵᠤ᠂ | ᠦᠪᠡᠷ ᠤᠨ ᠬᠦᠤ ᠱᠢ ᠬᠤ᠋ ᠪᠠᠨ ᠲᠤᠮᠢᠯᠠᠨ᠂ ᠴᠡᠷᠢᠭ ᠲᠠᠶᠢᠴᠢᠯᠠᠭᠤᠯᠤᠨ᠂ ᠱᠦᠸᠧ ᠹᠠᠩ ᠵᠢᠶᠦ᠋ᠨ ᠤ ᠬᠢᠯᠢ | ᠲᠤᠳᠤᠷᠠᠬᠢ ᠰᠢᠶᠠᠨᠪᠸᠢ ᠶᠢᠨ ᠯᠧ ᠯᠢᠤ ᠶᠠᠨ ᠢ ᠴᠤᠬᠢᠨ ᠢᠯᠠᠵᠠᠢ᠃ ᠬᠤᠶᠢᠳᠤ ᠵᠤᠤ ᠤᠯᠤᠰ ᠤᠷᠳᠤᠰ ᠲᠤ ᠱᠦᠸᠧ | ᠵᠸᠤ ᠭᠡᠭᠴᠢ ᠶᠢ ᠪᠠᠶᠢᠭᠤᠯᠵᠤ᠂ ᠠᠳᠠ ᠪᠠᠰᠠ ᠮᠠᠯᠵᠢᠯ ᠤᠨ ᠲᠤᠬᠠᠢ ᠨᠤᠶᠠᠨ ᠲᠠᠯᠪᠢᠵᠠᠢ᠃ ᠡᠨᠡ ᠦᠶ᠎ᠠ ᠡᠮᠦᠨᠡᠳᠤ ᠵᠤᠤ | ᠪᠠ ᠬᠤᠶᠢᠳᠤ ᠵᠤᠤ ᠪᠠᠰᠠᠯᠠ ᠤᠷᠳᠤᠰ ᠲᠤ ᠲᠠᠶᠢᠯᠠᠯᠳᠤᠨ ᠠᠯᠠᠯᠳᠤᠵᠤ᠂ ᠬᠠᠷᠢᠯᠴᠠᠨ ᠲᠠᠭᠠᠷᠢᠵᠤ ᠪᠠᠶᠢᠪᠠ᠃ | ᠵᠡᠬᠦᠨ ᠶᠢᠨ ᠤᠯᠤᠰ ᠤᠨ ᠮᠤ᠋ ᠳ᠋ᠢ ᠬᠠᠭᠠᠨ ᠤ ᠱᠧᠩ ᠫᠢᠩ ᠤᠨ ᠭᠤᠷᠪᠠᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ359 ᠤᠨ︶ ᠳᠤ᠂ ᠸᠧᠢ ᠴᠧᠨ᠂ ᠲᠢᠶᠧ ᠹᠸᠢ ᠠᠶᠢᠮᠠᠭ ᠤᠨ ᠶᠡᠭᠡ ᠨᠤᠶᠠᠨ ᠤ ᠰᠠᠭᠤᠷᠢᠨ ᠢ | ᠵᠠᠯᠭᠠᠮᠵᠢᠯᠠᠬᠤ ᠦᠶ᠎ᠠ ᠳᠤ᠂ ᠡᠮᠦᠨᠡᠳᠤ ᠴᠢᠨ ᠤᠯᠤᠰ ᠢ ᠲᠠᠭᠠᠪᠠ᠃ ᠸᠧᠢ ᠴᠧᠨ ᠡᠮᠦᠨᠡᠳᠤ ᠴᠢᠨ ᠤᠯᠤᠰ ᠲᠤ | ᠽᠦᠸᠧ ᠰᠢᠶᠠᠨ ᠸᠠᠩ᠂ ᠶᠠᠩ ᠹᠦ᠋ ᠬᠦᠩ ᠬᠡᠮᠡᠨ ᠡᠷᠬᠦᠮᠵᠢᠯᠡᠭᠳᠡᠪᠡ᠃ ᠢᠩᠬᠢᠭᠡᠳ ᠤᠷᠳᠤᠰ ᠨᠤᠳᠤᠭ ᠪᠠᠰᠠ ᠲᠠᠬᠢᠨ | ᠡᠮᠦᠨᠡᠳᠤ ᠴᠢᠨ ᠤᠯᠤᠰ ᠤᠨ ᠭᠠᠵᠠᠷ ᠲᠤ ᠤᠷᠤᠪᠠ᠃ ᠵᠡᠬᠦᠨ ᠶᠢᠨ ᠤᠯᠤᠰ ᠤᠨ ᠰᠢᠶᠤᠤ ᠡᠤ ᠳ᠋ᠢ ᠬᠠᠭᠠᠨ ᠤ ᠲᠠᠢ | ᠶᠤᠸᠠᠨ ᠤ ᠠᠷᠪᠠ ᠶᠢᠰᠦᠳᠦᠭᠡᠷ ᠤᠨ ︵ᠨᠡᠶᠢᠳᠠ ᠶᠢᠨ ᠤᠨ ᠲᠤᠭᠠᠯᠠᠯ ᠤᠨ394 ᠤᠨ︶ ᠳᠤ᠂ ᠡᠮᠦᠨᠡᠳᠤ ᠴᠢᠨ | ᠤᠯᠤᠰ ᠮᠦᠬᠦᠭᠡᠳ᠂ ᠦᠩᠭᠡᠷᠡᠭᠰᠡᠨ ᠤ ᠡᠮᠦᠨᠡᠳᠤ ᠴᠢᠨ ᠤᠯᠤᠰ ᠲᠤ ᠵᠠᠬᠢᠷᠤᠭᠳᠠᠵᠤ ᠪᠠᠶᠢᠭᠰᠠᠨ ᠡᠯ᠎ᠠ ᠴᠦᠭᠡᠨ | ᠲᠤᠭᠠᠳᠤ ᠦᠨᠳᠦᠰᠦᠳᠡᠨ ᠤ ᠤᠯᠠᠨ ᠠᠶᠢᠮᠠᠭ ᠪᠦᠯᠦᠭ ᠤᠳ ᠵᠠᠪᠰᠢᠶᠠᠨ ᠢ ᠲᠠᠯᠢᠮᠳᠠᠭᠤᠯᠵᠤ᠂ ᠡᠮᠦᠨᠡᠳᠤ ᠴᠢᠨ | ᠤᠯᠤᠰ ᠤᠨ ᠨᠤᠶᠠᠷᠬᠠᠯ ᠠᠴᠠ ᠰᠠᠯᠪᠠ᠃ ᠢᠩᠬᠢᠭᠡᠳ ᠡᠯ᠎ᠠ ᠠᠶᠢᠮᠠᠭ ᠪᠦᠯᠦᠭ ᠤᠳ ᠠᠰ ᠠᠰ ᠲᠭᠠᠨ ᠲᠦᠷᠤ | ᠪᠠᠶᠢᠭᠤᠯᠵᠤ᠂ ᠬᠠᠷᠢᠯᠴᠠᠨ ᠲᠤᠪᠳᠤᠯᠵᠤ ᠲᠠᠶᠢᠯᠠᠪᠠ᠃ ᠡᠶᠢᠮᠤ ᠰᠠᠮᠠᠭᠤᠨ ᠪᠠᠶᠢᠳᠠᠯ ᠬᠡᠳᠦᠨ ᠠᠷᠪᠠᠨ ᠵᠢᠯ | ᠦᠷᠭᠦᠯᠵᠢᠯᠡᠪᠡ᠃ ᠡᠨᠡ ᠶᠠᠪᠤᠴᠠ ᠳᠤ ᠡᠾᠦ᠋ᠩᠨᠤ ᠶᠢᠨ ᠲᠢᠶᠧ ᠹᠸᠢ ᠠᠶᠢᠮᠠᠭ ᠤᠨ ᠸᠧᠢ ᠴᠧᠨ᠂ ᠤᠷᠳᠤᠰ ᠤᠨ | ᠪᠠᠷᠠᠭᠤᠨ ᠡᠮᠦᠨᠡᠳᠤ ᠭᠡᠰᠡᠭ ᠤᠨ ᠱᠦᠸᠧ ᠹᠠᠩ ᠤᠷᠤᠨ ᠢ ᠡᠵᠡᠯᠡᠵᠤ᠂ ᠭᠤᠷᠪᠠᠨ ᠲᠦᠮᠡ ᠨᠠᠢᠮᠠᠨ ᠮᠢᠩᠭ᠎ᠠ ᠢᠯᠡᠬᠦᠤ | ᠴᠡᠷᠢᠭ ᠲᠠᠢ ᠪᠤᠯᠪᠠ᠃ ᠬᠤᠵᠢᠮ ᠨᠢ ᠪᠠᠷᠠᠭᠤᠨ ᠶᠠᠨ ᠤᠯᠤᠰ ᠤᠨ ᠮᠤ᠋ ᠷᠦᠩ ᠶᠦᠩ ᠲᠡᠬᠦᠨ ᠢ ᠭᠤᠤᠯ ᠤᠨ | ᠪᠠᠷᠠᠭᠤᠨᠳᠡᠬᠢ ᠤᠯᠠᠨ ᠴᠡᠷᠢᠭ ᠢ ᠬᠠᠮᠢᠶᠠᠷᠬᠤ ᠳ᠋ᠦᠳᠦ᠋ ᠶᠡᠭᠡ ᠵᠠᠩᠵᠤᠨ ᠡᠷᠬᠦᠮᠵᠢᠯᠡᠵᠤ᠂ ᠱᠦᠸᠧ ᠵᠸᠤ ᠶᠢᠨ ᠢᠷᠭᠡᠨ ᠢ | ᠵᠠᠰᠠᠭᠴᠢ ᠨᠤᠶᠠᠨ ᠪᠤᠯᠭᠠᠪᠠ᠃ ᠰᠡᠬᠦᠯᠡᠷ ᠬᠤᠶᠢᠳᠤ ᠴᠢᠨ ᠤᠯᠤᠰ ᠤᠨ ᠶᠤᠤ ᠵᠧᠩ ᠪᠠᠰᠠ ᠲᠡᠬᠦᠨ ᠢ ᠬᠤᠶᠢᠳᠤ | ᠱᠦᠸᠧ ᠳᠠᠬᠢ ᠤᠯᠠᠨ ᠴᠡᠷᠢᠭ ᠤᠨ ᠳ᠋ᠦᠳᠦ᠋ ᠶᠡᠭᠡ ᠵᠠᠩᠵᠤᠨ᠂ ᠶᠡᠭᠡ ᠴᠠᠨ ᠢᠤᠢ᠂ ᠭᠤᠤᠯ ᠤᠨ ᠪᠠᠷᠠᠭᠤᠨᠳᠡᠬᠢ ᠸᠠᠩ | ᠂ ᠢᠤ ᠵᠸᠤ ᠶᠢᠨ ᠢᠷᠭᠡᠨ ᠢ ᠵᠠᠰᠠᠭᠴᠢ ᠨᠤᠶᠠᠨ ᠪᠤᠯᠭᠠᠵᠠᠢ᠃ ᠢᠩᠬᠢᠭᠡᠳ ᠡᠨᠡ ᠦᠶ᠎ᠠ ᠶᠢᠨ ᠤᠷᠳᠤᠰ ᠪᠠᠷᠠᠭᠤᠨ ᠶᠠᠨ | ᠤᠯᠤᠰ ᠤᠨ ᠱᠦᠸᠧ ᠵᠸᠤ᠂ ᠬᠤᠶᠢᠳᠤ ᠴᠢᠨ ᠤᠯᠤᠰ ᠤᠨ ᠢᠤ ᠵᠸᠤ ᠪᠤᠯᠵᠠᠢ᠃ | ᠵᠡᠬᠦᠨ ᠶᠢᠨ ᠤᠯᠤᠰ ᠤᠨ ᠰᠢᠶᠤᠤ ᠡᠤ ᠳ᠋ᠢ ᠬᠠᠭᠠᠨ ᠤ ᠲᠠᠢ ᠶᠤᠸᠠᠨ ᠤ ᠠᠷᠪᠠᠨ ᠵᠢᠷᠭᠤᠳᠤᠭᠠᠷ ᠤᠨ ︵ | ᠨᠡᠶᠢᠳᠠ ᠶᠢᠨ ᠤᠨ ᠲᠤᠭᠠᠯᠠᠯ ᠤᠨ391 ᠤᠨ︶ ᠳᠤ ᠸᠧᠢ ᠤᠯᠤᠰ ᠤᠨ ᠸᠠᠩ᠂ ᠲᠦᠸᠧ ᠪᠠ ᠬᠦᠢ ᠴᠡᠷᠢᠭ | ᠲᠠᠶᠢᠴᠢᠯᠠᠵᠤ ᠤᠷᠳᠤᠰ ᠢ ᠴᠤᠬᠢᠭᠠᠳ᠂ ᠲᠢᠶ᠋ᠸᠧ ᠹᠸᠢ ᠠᠶᠢᠮᠠᠭ ᠤᠨ ᠸᠧᠢ ᠴᠧᠨ ᠤ ᠴᠠᠴᠠᠷ ᠮᠠᠶᠢᠬᠠᠨ ᠪᠠᠶᠢᠭᠰᠠᠨ | ᠶᠦᠸᠧ ᠪᠠ ᠴᠧᠩ ᠬᠤᠳᠠ ᠶᠢ ᠰᠦᠢᠷᠡᠬᠦᠯᠦᠭᠡᠳ᠂ ᠸᠧᠢ ᠴᠧᠨ ᠲᠤᠳᠠᠭᠠᠵᠤ ᠪᠠᠶᠢᠭᠠᠳ ᠭᠠᠷ ᠲᠤᠤᠷᠠᠬᠢ | ᠬᠦᠮᠦᠨ ᠳᠡᠭᠡᠨ ᠠᠯᠠᠭᠳᠠᠵᠠᠢ᠂ ᠡᠨᠡ ᠦᠶ᠎ᠠ ᠸᠧᠢ ᠴᠧᠨ ᠳᠤ ᠬᠠᠮᠢᠶᠠᠷᠤᠭᠳᠠᠵᠤ ᠪᠠᠶᠢᠭᠰᠠᠨ ᠡᠯ᠎ᠠ ᠠᠶᠢᠮᠠᠭ | ᠪᠦᠯᠦᠭ ᠤᠳ ᠲᠦᠸᠧ ᠪᠠ ᠬᠦᠢ ᠶᠢ ᠲᠠᠭᠠᠪᠠ᠃ ᠡᠬᠦᠨ ᠠᠴᠠ ᠬᠤᠶᠢᠰᠢ᠂ ᠤᠷᠳᠤᠰ ᠨᠤᠳᠤᠭ ᠪᠠᠰᠠ ᠸᠧᠢ | ᠤᠯᠤᠰ ᠤᠨ ᠨᠤᠶᠠᠷᠬᠠᠯ ᠤᠨ ᠤᠷᠤᠨ ᠪᠤᠯᠪᠠ᠃ ᠸᠧᠢ ᠴᠧᠨ᠂ ᠲᠦᠸᠧ ᠪᠠ ᠬᠦᠢ ᠳᠤ ᠢᠯᠠᠭᠳᠠᠭᠠᠳ ᠠᠯᠠᠭᠳᠠᠬᠤ | ᠦᠶ᠎ᠠ᠂ ᠲᠡᠬᠦᠨ ᠤ ᠪᠠᠭ᠎ᠠ ᠬᠦᠤ ᠪᠦᠸᠧ ᠪᠦᠸᠧ᠂ ᠰᠢᠤᠸᠠᠢ ᠭᠠᠨ ᠠᠶᠢᠮᠠᠭ ᠲᠤ ᠲᠤᠳᠠᠭᠠᠨ ᠬᠦᠷᠴᠤ᠂ ᠬᠤᠵᠢᠮ | ᠬᠤᠶᠢᠳᠤ ᠴᠢᠨ ᠤᠯᠤᠰ ᠢ ᠲᠠᠭᠠᠪᠠ᠃ ᠪᠦᠸᠧ ᠪᠦᠸᠧ ᠬᠤᠶᠢᠳᠤ ᠴᠢᠨ ᠤᠯᠤᠰ ᠤᠨ ᠴᠡᠷᠢᠭ ᠤᠨ ᠲᠤᠰᠠᠯᠠᠮᠵᠢ ᠪᠠᠷ | ᠤᠷᠳᠤᠰ ᠨᠤᠳᠤᠭ ᠢᠶᠠᠨ ᠡᠷᠬᠢᠬᠦᠯᠦᠨ ᠠᠪᠤᠪᠠ᠃ ᠬᠤᠶᠢᠳᠤ ᠴᠢᠨ ᠤᠯᠤᠰ ᠪᠦᠸᠧ ᠪᠦᠸᠧ ᠶᠢ ᠤᠮᠠᠷᠳᠤ ᠶᠢ | ᠠᠮᠦᠷᠵᠢᠭᠤᠯᠬᠤ ᠶᠡᠭᠡ ᠵᠠᠩᠵᠤᠨ᠂ ᠡᠤ ᠶᠤᠸᠠᠨ ᠬᠦᠩ ᠡᠷᠬᠦᠮᠵᠢᠯᠡᠭᠡᠳ᠂ ᠪᠠᠰᠠ ᠰᠢᠶᠠᠨᠪᠸᠢ ᠪᠠ ᠪᠤᠰᠤᠳ ᠴᠦᠭᠡᠨ | ᠲᠤᠭᠠᠳᠤ ᠦᠨᠳᠦᠰᠦᠳᠡᠨ ᠤ ᠠᠶᠢᠮᠠᠭ ᠪᠦᠯᠦᠭ ᠤᠳ ᠢ ᠪᠦᠸᠧ ᠪᠦᠸᠧ ᠳᠤ ᠬᠠᠮᠢᠶᠠᠷᠤᠭᠤᠯᠵᠤ᠂ ᠲᠡᠬᠦᠨ ᠢ ᠲᠤᠮᠢᠯᠠᠵᠤ | ᠂ ᠱᠦᠸᠧ ᠹᠠᠩ ᠵᠢᠶᠦ᠋ᠨ ᠤᠷᠴᠢᠮ ᠢ ᠰᠠᠬᠢᠭᠤᠯᠪᠠ᠃ ᠢᠩᠬᠢᠭᠡᠳ ᠤᠷᠳᠤᠰ ᠤᠨ ᠶᠭᠡᠩᠬᠢ ᠭᠠᠵᠠᠷ ᠲᠠᠬᠢᠨ ᠬᠤᠶᠢᠳᠤ | ᠴᠢᠨ ᠤᠯᠤᠰ ᠲᠤ ᠬᠠᠮᠢᠶᠠᠷᠤᠭᠳᠠᠪᠠ᠃ | ᠵᠡᠬᠦᠨ ᠶᠢᠨ ᠤᠯᠤᠰ ᠤᠨ ᠠᠨ ᠳ᠋ᠢ ᠬᠠᠭᠠᠨ ᠤ ᠢ ᠰᠢ ᠶᠢᠨ ᠭᠤᠷᠪᠠᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ407 ᠤᠨ︶ ᠳᠤ᠂ ᠪᠦᠸᠧ ᠪᠦᠸᠧ ᠬᠤᠶᠢᠳᠤ ᠴᠢᠨ ᠤᠯᠤᠰ ᠠᠴᠠ ᠤᠷᠪᠠᠵᠠᠢ᠃ ᠲᠡᠷᠠ ᠡᠾᠦ᠋ᠩᠨᠤ | ᠪᠤᠯ ᠰᠢᠶᠠ ᠤᠯᠤᠰ ᠤᠨ ᠬᠤᠶᠢᠴᠢ ᠦᠶ᠎ᠠ ᠬᠡᠵᠤ ᠦᠵᠡᠭᠡᠳ᠂ ᠶᠡᠭᠡ ᠰᠢᠶᠠ ᠤᠯᠤᠰ ᠢ ᠪᠠᠶᠢᠭᠤᠯᠵᠤ᠂ ᠦᠪᠡᠷ ᠢᠶᠠᠨ | ᠶᠡᠭᠡ ᠰᠢᠶᠠ ᠤᠯᠤᠰ ᠤᠨ ᠲᠡᠭᠷᠢᠯᠢᠭ ᠸᠠᠩ ᠪᠤᠯᠵᠤ᠂ ᠲᠤᠮᠳᠠᠳᠤ ᠤᠷᠤᠨ ᠤ ᠬᠠᠭᠠᠨᠳᠤ ᠲᠦᠷᠤ ᠶᠢᠨ ᠤᠯᠤᠰ | ᠲᠦᠷᠤ ᠶᠢᠨ ᠰᠢᠰᠲ᠋ᠧᠮ ᠢ ᠲᠠᠭᠤᠷᠢᠶᠠᠵᠤ᠂ ᠡᠯ᠎ᠠ ᠵᠦᠢᠯ ᠤᠨ ᠪᠠᠶᠢᠭᠤᠯᠤᠮᠵᠢ ᠪᠠᠶᠢᠭᠤᠯᠵᠤ᠂ ᠤᠪᠤᠭ ᠢᠶᠠᠨ ᠰᠤᠯᠢᠵᠤ᠂ | ᠡᠾᠧ ᠯᠢᠶᠠᠨ ᠭᠡᠪᠡ᠃ ᠢᠩᠬᠢᠭᠡᠳ ᠲᠡᠤᠭᠡᠨ ᠲᠡᠭᠡᠷ᠎ᠠ ᠶᠡᠭᠡ ᠰᠢᠶᠠ ᠤᠯᠤᠰ ᠢ ᠡᠾᠧ ᠯᠢᠶᠠᠨ ᠰᠢᠶᠠ ᠬᠡᠵᠤ | ᠨᠡᠷᠡᠶᠢᠳᠬᠦ ᠪᠤᠯᠪᠠ᠃ ᠡᠾᠧ ᠯᠢᠶᠠᠨ ᠪᠦᠸᠧ ᠪᠦᠸᠧ ᠶᠢᠨ ᠶᠡᠭᠡ ᠰᠢᠶᠠ ᠤᠯᠤᠰ ᠨᠡᠶᠢᠰᠯᠡᠯ ᠢᠶᠠᠨ ︵ᠤᠳᠤ ᠶᠢᠨ | ᠦᠤᠰᠢᠨ ᠬᠤᠰᠢᠭᠤᠨ ᠤ ᠪᠠᠳᠤ ᠶᠢᠨ ᠲᠤᠬᠤᠢ ᠤᠷᠴᠢᠮ ᠤᠨ ᠰᠢᠷᠬᠤᠰᠤᠨ ᠭᠤᠤᠯ ᠤᠨ ᠲᠡᠷᠳᠡᠭᠡ ᠬᠦᠪᠡᠭᠡᠨ ᠳᠤ︶ | ᠤᠷᠳᠤᠰ ᠤᠨ ᠪᠠᠷᠠᠭᠤᠨ ᠡᠮᠦᠨ᠎ᠡ ᠪᠠᠶᠢᠭᠤᠯᠵᠤ᠂ ᠲᠦᠮᠡᠨ ᠢ ᠵᠠᠬᠢᠷᠬᠤ ᠬᠤᠳᠠ ︵ᠲᠦᠩ ᠸᠠᠨ ᠴᠧᠩ︶ ᠬᠡᠮᠡᠪᠡ᠃ | ᠡᠾᠧ ᠯᠢᠶᠠᠨ ᠪᠦᠸᠧ ᠪᠦᠸᠧ ᠤᠮᠠᠷᠠᠳᠤ ᠶᠠᠨ ︵ᠤᠳᠤ ᠶᠢᠨ ᠯᠢᠶᠤᠤᠨᠢᠩ ᠤᠨ ᠴᠤᠤᠶᠠᠩ︶᠂ ᠤᠮᠠᠷᠠᠳᠤ ᠯᠢᠶᠠᠩ ︵ | ᠤᠳᠤ ᠶᠢᠨ ᠭᠠᠨᠰᠤ ᠶᠢᠨ ᠡᠤ ᠸᠧᠢ︶ ᠲᠠᠢ ᠬᠤᠯᠪᠤᠭᠠᠯᠠᠵᠤ᠂ ᠬᠤᠶᠢᠳᠤ ᠴᠢᠨ ᠤᠯᠤᠰ ᠤᠨ ᠶᠤᠤ ᠰᠢᠩ ᠲᠠᠢ ᠬᠡᠳᠦᠨ | ᠵᠢᠯ ᠲᠠᠶᠢᠯᠠᠯᠳᠤᠪᠠ᠃ ᠵᠡᠬᠦᠨ ᠶᠢᠨ ᠤᠯᠤᠰ ᠤᠨ ᠢ ᠰᠢ ᠶᠢᠨ ᠠᠷᠪᠠᠨ ᠨᠢᠭᠡᠳᠦᠭᠡᠷ ᠤᠨ ︵ᠨᠡᠶᠢᠳᠠ ᠶᠢᠨ ᠤᠨ | ᠲᠤᠭᠠᠯᠠᠯ ᠤᠨ415 ᠤᠨ︶ ᠳᠤ ᠡᠾᠧ ᠯᠢᠶᠠᠨ ᠪᠦᠸᠧ ᠪᠦᠸᠧ ᠵᠠᠯᠭᠠᠪᠡᠷ ᠬᠤᠶᠢᠳᠤ ᠴᠢᠨ ᠤᠯᠤᠰ ᠤᠨ ᠬᠡᠳᠦᠨ | ᠶᠡᠭᠡ ᠬᠤᠳᠠ ᠶᠢ ᠠᠪᠴᠤ᠂ ᠬᠤᠶᠢᠳᠤ ᠴᠢᠨ ᠤᠯᠤᠰ ᠤᠨ ᠤᠯᠤᠰ ᠲᠦᠷᠤ ᠶᠢᠨ ᠲᠦᠪ ᠴᠠᠩ ᠠᠨ ᠳᠤ ᠤᠶᠢᠷᠠᠳᠤᠪᠠ᠃ | ᠢ ᠰᠢ ᠶᠢᠨ ᠠᠷᠪᠠᠨ ᠭᠤᠷᠪᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ417 ᠤᠨ︶ ᠳᠤ᠂ ᠶᠢᠨ | ᠤᠯᠤᠰ ᠤᠨ ᠲᠠᠶᠢᠸᠧᠢ ᠲᠦᠰᠢᠮᠡᠯ ᠯᠢᠤ ᠢᠤᠢ ᠬᠤᠶᠢᠳᠤ ᠴᠢᠨ ᠤᠯᠤᠰ ᠢ ᠮᠦᠬᠦᠭᠡᠵᠤ ᠡᠾᠧ ᠯᠢᠶᠠᠨ ᠪᠦᠸᠧ ᠪᠦᠸᠧ | ᠵᠠᠪᠰᠢᠶᠠᠨ ᠢ ᠲᠠᠯᠢᠮᠳᠠᠭᠤᠯᠵᠤ᠂ ᠴᠠᠩ ᠠᠨ ᠬᠤᠳᠠ ᠶᠢ ᠡᠵᠡᠯᠡᠪᠡ᠃ ᠡᠾᠦ᠋ᠩᠨᠤ ᠶᠢᠨ ᠲᠢᠶᠧ ᠹᠸᠢ ᠠᠶᠢᠮᠠᠭ ᠤᠷᠳᠤᠰ | ᠲᠤ ᠤᠷᠤᠵᠤ ᠢᠷᠡᠬᠦ ᠦᠶ᠎ᠠ᠂ ᠮᠢᠩᠭ᠎ᠠ ᠢᠯᠡᠬᠦᠤ ᠡᠷᠦᠭᠡ ᠲᠠᠢ ᠪᠠᠶᠢᠵᠠᠢ᠃ ᠤᠷᠳᠤᠰ ᠲᠤ ᠢᠷᠡᠭᠰᠡᠨ ᠤ ᠲᠠᠷᠠᠭ᠎ᠠ | ᠠᠵᠤ ᠠᠬᠤᠢ᠂ ᠤᠯᠤᠰ ᠲᠦᠷᠦ᠂ ᠴᠡᠷᠢᠭ ᠤᠨ ᠶᠠᠪᠤᠳᠠᠯ ᠤᠨ ᠲᠠᠯ᠎ᠠ ᠪᠠᠷ ᠪᠦᠷ ᠰᠦᠷᠡᠭᠡᠢ ᠲᠦᠷᠭᠡᠨ ᠬᠦᠭᠵᠢᠵᠠᠢ᠃ | ᠢᠩᠬᠢᠭᠡᠳ ᠲᠡᠷᠠ ᠵᠢᠯ ᠲᠠᠷᠠᠭᠠᠯᠠᠨ ᠪᠠᠶᠢᠯᠳᠤᠵᠤ᠂ ᠰᠢᠯᠢᠳᠡᠭ ᠬᠦᠴᠦᠷᠭᠡᠭ ᠴᠡᠷᠢᠭ ᠮᠤᠷᠢᠳ ᠲᠠᠢ ᠪᠤᠯᠵᠤ᠂ ᠨᠢᠭᠡᠨ | ᠦᠶ᠎ᠠ ᠡᠷᠡᠯᠭᠡᠭᠯᠡᠵᠤ ᠪᠠᠶᠢᠪᠠ᠃ ᠰᠦᠩ ᠤᠯᠤᠰ ᠤᠨ ᠶᠤᠸᠠᠨ ᠵᠢᠶᠠ ᠶᠢᠨ ᠨᠠᠢᠮᠠᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ431 ᠤᠨ︶ ᠪᠤᠯᠳᠠᠯ᠎ᠠ ᠤᠷᠳᠤᠰ ᠤᠷᠤᠨ ᠪᠠᠰᠠ ᠯᠠ ᠡᠾᠧ ᠯᠢᠶᠠᠨ ᠪᠦᠸᠧ ᠪᠦᠸᠧ ᠳᠤ ᠡᠵᠡᠯᠡᠭᠳᠡᠵᠤ | ᠪᠠᠶᠢᠪᠠ᠃ | ᠸᠧᠢ ᠤᠯᠤᠰ ᠤᠨ ᠲᠠᠢ ᠡᠤ ᠳ᠋ᠢ ᠬᠠᠭᠠᠨ ᠲᠦᠸᠧ ᠪᠠ ᠲᠤᠤ ᠴᠡᠷᠢᠭ ᠲᠠᠶᠢᠴᠢᠯᠠᠵᠤ᠂ ᠲᠦᠮᠡᠨ ᠢ ᠵᠠᠬᠢᠷᠬᠤ | ᠬᠤᠳᠠ ︵ᠲᠦᠩ ᠸᠠᠨ ᠴᠧᠩ︶ ᠶᠢ ᠡᠪᠳᠡᠭᠰᠡᠨ ᠤ ᠲᠠᠷᠠᠭ᠎ᠠ᠂ ᠤᠮᠠᠷᠠᠳᠤ ᠸᠧᠢ ᠤᠯᠤᠰ ᠤᠨ ᠨᠢᠭᠡᠳᠤᠯ ᠨᠢᠭᠡᠨᠳᠠ | ᠤᠯᠤᠰ ᠲᠦᠷᠦ ᠶᠢᠨ ᠬᠦᠭᠵᠢᠯ ᠤᠨ ᠶᠡᠷᠦᠩᠭᠡᠢ ᠬᠠᠨᠳᠤᠰᠢ ᠪᠤᠯᠪᠠ᠃ ᠲᠦᠸᠧ ᠪᠠ ᠬᠦᠢ ᠵᠠᠰᠠᠭ ᠪᠠᠷᠢᠭᠰᠠᠨ ᠤ | ᠲᠠᠷᠠᠭ᠎ᠠ᠂ ᠤᠭ ᠤᠨ ᠪᠠᠶᠢᠭᠰᠠᠨ ᠠᠶᠢᠮᠠᠭ ᠪᠦᠯᠦᠭ ᠢ ᠰᠠᠯᠭᠠᠨ ᠰᠠᠭᠤᠷᠢᠰᠢᠭᠤᠯᠬᠤ ᠠᠷᠭ᠎ᠠ ᠶᠢ ᠠᠪᠴᠤ᠂ ᠰᠡᠷᠬᠦᠭᠡᠨ | ᠪᠠᠶᠢᠭᠤᠯᠤᠭᠰᠠᠨ ᠡᠯ᠎ᠠ ᠵᠢᠶᠦ᠋ᠨ ᠰᠢᠶᠠᠨ ᠳᠡᠭᠡᠨ ᠰᠠᠭᠤᠷᠢᠰᠢᠭᠰᠠᠨ ᠠᠷᠠᠳ ᠢ ᠬᠤᠪᠢᠶᠠᠨ ᠤᠷᠤᠭᠤᠯᠵᠠᠢ᠃ ᠤᠮᠠᠷᠳᠤ | ᠸᠧᠢ ᠤᠯᠤᠰ ᠶᠡᠭᠡ ᠰᠢᠶᠠ ᠤᠯᠤᠰ ᠢ ᠮᠦᠬᠦᠭᠡᠭᠰᠡᠨ ᠤ ᠰᠡᠬᠦᠯᠡᠷ᠂ ᠤᠮᠠᠷᠠᠳᠤ ᠸᠧᠢ ᠤᠯᠤᠰ ᠤᠨ ᠬᠦᠴᠦᠨ ᠪᠦᠬᠦᠶᠢᠯᠠ | ᠤᠷᠳᠤᠰ ᠨᠤᠳᠤᠭ ᠢ ᠡᠵᠡᠮᠰᠢᠪᠠ᠃ ᠵᠠᠯᠭᠠᠭᠠᠳ ᠠᠳᠡ ᠵᠸᠤ᠂ ᠪᠠᠯᠭᠠᠰᠤ᠂ ᠵᠢᠶᠦ᠋ᠨ ᠰᠢᠶᠠᠨ ᠢ ᠪᠠᠶᠢᠭᠤᠯᠪᠠ᠃ | ᠤᠷᠢᠳ ᠬᠤᠵᠢᠳ ᠠᠳᠡ ᠪᠠᠶᠢᠭᠤᠯᠤᠭᠰᠠᠨ ᠵᠠᠰᠠᠭ ᠵᠠᠬᠢᠷᠠᠭᠠᠨ ᠤ ᠪᠠᠶᠢᠭᠤᠯᠤᠮᠵᠢ ᠳᠤ ᠰᠢᠶᠠ ᠵᠸᠤ ᠬᠡᠵᠤ ᠪᠤᠢ᠃ | ᠤᠷᠳᠤᠰ ᠤᠨ ᠪᠠᠷᠠᠭᠤᠨ ᠭᠡᠰᠡᠭ ᠤᠨ ᠶᠡᠭᠡᠩᠬᠢ ᠭᠠᠵᠠᠷ ᠢ ᠰᠢᠶᠠ ᠵᠸᠤ ᠳᠤ ᠬᠠᠮᠢᠶᠠᠷᠤᠭᠤᠯᠪᠠ᠃ ᠰᠢᠶᠠ ᠵᠸᠤ ᠶᠢᠨ | ᠲᠤᠤᠷ᠎ᠠ ᠲᠦᠷᠪᠡᠨ ᠵᠢᠶᠦ᠋ᠨ ᠲᠠᠢ᠂ ᠨᠡᠶᠢᠳᠠ ᠶᠢᠰᠦᠨ ᠰᠢᠶᠠᠨ ᠢ ᠬᠠᠮᠢᠶᠠᠷᠴᠠᠢ᠃ ᠬᠤᠸᠠ ᠵᠧᠩ ᠵᠢᠶᠦ᠋ᠨ ᠤ ᠲᠤᠤᠷ᠎ᠠ | ᠭᠧ ᠷᠦᠩ ᠰᠢᠶᠠᠨ᠂ ᠶᠠᠨ ᠯᠢᠤᠢ ᠰᠢᠶᠠᠨ ᠭᠡᠰᠡᠨ ᠬᠤᠶᠠᠷ ᠰᠢᠶᠠᠨ ᠲᠠᠢ᠂ ᠴᠠᠨ ᠰᠢ ᠵᠢᠶᠦ᠋ᠨ ᠤ ᠲᠤᠤᠷ᠎ᠠ ᠱᠠᠨ ᠯᠤ᠋ | ᠰᠢᠶᠠᠨ᠂ ᠰᠢᠨ ᠶᠤᠸᠠᠨ ᠰᠢᠶᠠᠨ ᠭᠡᠰᠡᠨ ᠬᠤᠶᠠᠷ ᠰᠢᠶᠠᠨ ᠲᠠᠢ᠂ ᠶᠢᠨ ᠮᠢᠩ ᠵᠢᠶᠦ᠋ᠨ ᠤ ᠲᠤᠤᠷ᠎ᠠ ᠶᠦᠩ ᠹᠧᠩ | ᠰᠢᠶᠠᠨ᠂ ᠴᠢ ᠨᠢᠩ ᠰᠢᠶᠠᠨ᠂ ᠭᠤᠸᠠᠩ ᠯᠤ᠋ ᠰᠢᠶᠠᠨ ᠭᠡᠰᠡᠨ ᠭᠤᠷᠪᠠᠨ ᠰᠢᠶᠠᠨ ᠲᠠᠢ᠂ ᠳ᠋ᠠᠢ ᠮᠢᠩ ᠵᠢᠶᠦ᠋ᠨ ᠤ | ᠲᠤᠤᠷ᠎ᠠ ᠬᠤ᠋ ᠴᠢᠤ ᠰᠢᠶᠠᠨ᠂ ᠴᠢᠤᠢ ᠰᠸᠤ ᠰᠢᠶᠠᠨ ᠭᠡᠰᠡᠨ ᠬᠤᠶᠠᠷ ᠰᠢᠶᠠᠨ ᠲᠠᠢ᠃ ᠤᠷᠳᠤᠰ ᠤᠨ ᠵᠡᠬᠦᠨ ᠬᠤᠶᠢᠳᠤ | ᠭᠡᠰᠡᠭ ᠤᠨ ᠬᠠᠳᠤᠨ ᠭᠤᠤᠯ ᠤᠨ ᠬᠦᠪᠡᠭᠡ ᠪᠠᠷ ᠬᠢ ᠭᠠᠵᠠᠷ ᠢ ᠱᠦᠸᠧ ᠵᠸᠤ ᠳᠤ ᠬᠠᠮᠢᠶᠠᠷᠤᠭᠤᠯᠪᠠ᠃ ᠱᠦᠸᠧ ᠵᠸᠤ | ᠪᠤᠯ ᠬᠠᠨ ᠤᠯᠤᠰ ᠤᠨ ᠦᠶ᠎ᠠ ᠶᠢᠨ ᠡᠤ ᠶᠤᠸᠠᠨ ᠵᠢᠶᠦ᠋ᠨ ᠮᠦᠨ᠂ ᠡᠬᠢᠨ ᠳᠡᠭᠡᠨ ᠪᠠᠯᠭᠠᠰᠤ ᠪᠤᠯᠭᠠᠵᠤ᠂ ᠰᠡᠬᠦᠯ ᠳᠤᠨᠢ | ᠬᠤᠸᠠᠢ ᠱᠦᠸᠧ ᠵᠸᠤ ᠪᠤᠯᠭᠠᠪᠠ᠃ ᠤᠷᠳᠤᠰ ᠤᠨ ᠪᠠᠷᠠᠭᠤᠨ ᠡᠮᠦᠨᠡᠳᠤ ᠦᠨᠴᠦᠭ ᠢ ᠰᠢ ᠠᠨ ᠵᠸᠤ ᠳᠤ | ᠬᠠᠮᠢᠶᠠᠷᠤᠭᠤᠯᠪᠠ᠃ ᠤᠷᠳᠤᠰ ᠤᠨ ᠪᠠᠷᠠᠭᠤᠨ ᠬᠤᠶᠢᠳᠤ ᠭᠡᠰᠡᠭ ᠤᠨ ᠬᠠᠳᠤᠨ ᠭᠤᠤᠯ ᠤᠨ ᠡᠮᠦᠨ᠎ᠡ ᠬᠦᠪᠡᠭᠡᠨ ᠠᠴᠠ | ᠪᠠᠷᠠᠭᠤᠨᠰᠢᠬᠢ ᠭᠠᠵᠠᠷ ᠢ ᠸᠦᠸᠧ ᠶᠧ ᠪᠠᠯᠭᠠᠰᠤᠨ ᠳᠤ ᠬᠠᠮᠢᠶᠠᠷᠤᠭᠤᠯᠪᠠ᠃ ᠲᠡᠭᠡᠷ᠎ᠠ ᠲᠤᠷᠠᠳᠤᠭᠰᠠᠨ ᠵᠸᠤ᠂ ᠵᠢᠶᠦ᠋ᠨ᠂ | ᠰᠢᠶᠠᠨ ᠪᠠᠯᠭᠠᠰᠤ ᠠᠴᠠ ᠭᠠᠳᠠᠨ᠎ᠠ᠂ ᠤᠮᠠᠷᠠᠳᠤ ᠸᠧᠢ ᠤᠯᠤᠰ ᠪᠠᠰᠠ ᠤᠷᠳᠤᠰ ᠨᠤᠳᠤᠭ ᠤᠨ ᠶᠡᠭᠡ ᠬᠡᠮᠵᠢᠶᠡᠨ ᠤ | ᠭᠠᠵᠠᠷ ᠢ ᠪᠢᠲᠡᠭᠦᠮᠵᠢᠯᠡᠭᠡᠳ᠂ ᠲᠤᠬᠠᠢ ᠶᠢᠨ ᠦᠶ᠎ᠠ ᠶᠢᠨ ᠬᠠᠮᠤᠭ ᠤᠨ ᠲᠡᠭᠡᠳᠤ ᠨᠤᠶᠠᠷᠬᠠᠭᠴᠢᠳ ᠤᠨ ᠠᠩ ᠬᠦᠷᠦᠭᠡ | ᠬᠢᠵᠤ᠂ ᠨᠠᠭᠠᠳᠬᠤ ᠭᠠᠵᠠᠷ ᠪᠤᠯᠭᠠᠵᠤ ᠪᠠᠶᠢᠪᠠ᠃ ᠡᠳᠡᠭᠡᠷ ᠭᠠᠵᠠᠷ ᠢ ᠶᠡᠷᠤ ᠶᠢᠨ ᠵᠠᠰᠠᠭ ᠵᠠᠬᠢᠷᠠᠭᠠᠨ ᠤ | ᠪᠠᠶᠢᠭᠤᠯᠤᠮᠵᠢ ᠶᠢᠨ ᠭᠠᠳᠠᠨᠠᠬᠢ ᠤᠨᠴᠤᠭᠤᠢ ᠤᠷᠤᠨ ᠪᠤᠯᠭᠠᠵᠠᠢ᠃ | ᠰᠦᠩ ᠤᠯᠤᠰ ᠤᠨ ᠶᠤᠸᠠᠨ ᠵᠢᠶᠠ ᠶᠢᠨ ᠵᠢᠷᠭᠤᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ429 ᠤᠨ︶ | ᠳᠤ᠂ ᠤᠮᠠᠷᠠᠳᠤ ᠸᠧᠢ ᠤᠯᠤᠰ ᠤᠨ ᠲᠠᠢ ᠡᠤ ᠳ᠋ᠢ ᠬᠠᠭᠠᠨ ᠲᠦᠸᠧ ᠪᠠ ᠲᠤᠤ ᠴᠡᠷᠢᠭ ᠲᠠᠶᠢᠴᠢᠯᠠᠵᠤ᠂ ᠷᠸᠤ ᠷᠠᠨ ᠢ | ᠲᠤᠪᠳᠤᠯᠵᠤ᠂ ᠵᠠᠯᠭᠠᠭᠠᠳ ᠪᠠᠰᠠ ᠭᠤᠤ ᠴᠧ ᠶᠢ ᠲᠤᠪᠳᠤᠯᠪᠠ᠃ ᠲᠡᠷᠠ ᠡᠨᠡ ᠬᠤᠶᠠᠷ ᠤᠳᠠᠭᠠᠨ ᠤ ᠲᠠᠶᠢᠨ ᠢ | ᠡᠬᠦᠰᠭᠡᠭᠡᠳ ᠴᠦᠮ ᠢᠯᠠᠯᠳᠠ ᠤᠯᠵᠤ᠂ ᠪᠠᠭᠤᠵᠤ ᠦᠭᠬᠦᠭᠰᠡᠨ ᠭᠤᠷᠪᠠᠨ ᠲᠦᠮᠡᠨ ᠷᠸᠤ ᠷᠠᠨ ᠬᠦᠮᠦᠨ ᠪᠤᠯᠤᠨ ᠭᠤᠤ | ᠴᠧ ᠬᠦᠮᠦᠨ ᠢ ᠤᠷᠳᠤᠰ ᠨᠤᠳᠤᠭ ᠲᠤ ᠲᠤᠬᠢᠷᠠᠭᠤᠯᠵᠤ᠂ ᠠᠳᠠᠷ ᠬᠠᠭᠠᠯᠪᠤᠷᠢᠯᠠᠭᠤᠯᠤᠨ ᠮᠠᠯ ᠮᠠᠯᠯᠠᠭᠤᠯᠵᠤ ᠭᠠᠶᠢᠯᠢ | ᠲᠤᠰᠢᠶᠠᠯᠭᠠᠪᠠ᠃ ᠡᠨᠡ ᠦᠶ᠎ᠠ ᠶᠢᠨ ᠤᠷᠳᠤᠰ ᠤᠨ ᠭᠡᠰᠡᠭ ᠭᠠᠵᠠᠷ᠂ ᠷᠸᠤ ᠷᠠᠨ᠂ ᠭᠤᠤ ᠴᠧ ᠶᠢᠨ ᠰᠠᠭᠤᠷᠢᠰᠢᠭᠰᠠᠨ | ᠤᠷᠤᠨ ᠪᠤᠯᠪᠠ᠃ | ᠤᠮᠠᠷᠠᠳᠤ ᠸᠧᠢ ᠤᠯᠤᠰ ᠤᠨ ᠰᠢᠶᠤᠤ ᠸᠧᠨ ᠳ᠋ᠢ ᠬᠠᠭᠠᠨ ︵ᠨᠡᠶᠢᠳᠠ ᠶᠢᠨ ᠤᠨ ᠲᠤᠭᠠᠯᠠᠯ ᠤᠨ471 | ᠤᠨ ᠠᠴᠠ500 ᠤᠨ ᠬᠦᠷᠳᠡᠯ᠎ᠠ︶ ᠤ ᠰᠡᠬᠦᠯᠡᠷ ᠤᠯᠤᠰ ᠲᠦᠷᠤ ᠶᠢᠨ ᠪᠠᠶᠢᠳᠠᠯ ᠲᠤᠩᠰᠤᠯᠭᠠᠨ ᠲᠠᠢ ᠪᠤᠯᠵᠤ᠂ | ᠤᠮᠠᠷᠠᠳᠤ ᠤᠷᠤᠨ ᠤ ᠸᠦᠸᠧ ᠶᠧ᠂ ᠬᠤᠸᠠᠢ ᠱᠦᠸᠧ ᠵᠡᠷᠭᠡ ᠪᠠᠯᠭᠠᠰᠤᠨ ᠤ ᠠᠷᠠᠳ ᠲᠦᠮᠡᠨ ᠪᠤᠰᠤᠯᠴᠠᠵᠤ᠂ | ᠤᠮᠠᠷᠠᠳᠤ ᠸᠧᠢ ᠤᠯᠤᠰ ᠤᠨ ᠨᠤᠶᠠᠷᠬᠠᠯ ᠢ ᠡᠰᠡᠷᠬᠦᠴᠡᠪᠡ᠃ ᠣᠨᠴᠠᠭᠠᠶᠢᠯᠠᠨ ᠨᠡᠶᠢᠳᠠ ᠶᠢᠨ ᠤᠨ ᠲᠤᠭᠠᠯᠠᠯ ᠤᠨ525 | ᠤᠨ ᠳᠤ᠂ ᠠᠷᠠᠳ ᠲᠦᠮᠡᠨ ᠤ ᠪᠤᠰᠤᠯᠭ᠎ᠠ ᠶᠢᠨ ᠬᠦᠷᠢᠶ᠎ᠠ ᠬᠡᠪᠴᠢᠶ᠎ᠠ ᠤᠯᠠᠮ ᠦᠷᠭᠡᠳᠪᠡ᠃ ᠡᠨᠡ ᠦᠶ᠎ᠠ᠂ ᠤᠮᠠᠷᠳᠤ | ᠸᠧᠢ ᠤᠯᠤᠰ ᠤᠨ ᠨᠤᠶᠠᠷᠬᠠᠭᠴᠢᠳ ᠤᠮᠠᠷᠠᠳᠤ ᠬᠢᠯᠢ ᠲᠠᠭᠠᠤ ᠤᠷᠤᠨ ᠤ ᠵᠢᠶᠦ᠋ᠨ ᠰᠢᠶᠠᠨ ᠢ ᠵᠠᠬᠢᠷᠬᠤ ᠴᠢᠳᠠᠪᠦᠷᠢ ᠪᠠᠨ | ᠪᠦᠷᠢᠮᠦᠰᠤᠨ ᠠᠯᠳᠠᠪᠠ᠃ ᠶᠦᠩ ᠰᠢ ᠶᠢᠨ ᠤᠨ ᠤᠳ ᠲᠤ᠂ ᠤᠮᠠᠷᠠᠳᠤ ᠸᠧᠢ ᠤᠯᠤᠰ ᠤᠨ ᠳ᠋ᠢ ᠸᠠᠩ ᠬᠠᠭᠠᠨ | ᠠᠷᠭ᠎ᠠ ᠪᠤᠰᠤ ᠬᠤᠸᠠᠢ ᠱᠦᠸᠧ ᠵᠸᠤ ᠶᠢ ᠬᠠᠰᠤᠵᠤ᠂ ᠪᠢᠩ ᠵᠸᠤ ᠲᠠᠢ ᠨᠡᠶᠢᠯᠡᠬᠦᠯᠦᠭᠡᠳ ᠤᠶᠢᠷᠠᠬᠠᠨ ᠪᠤᠯᠭᠠᠵᠤ | ᠨᠤᠶᠠᠷᠬᠠᠪᠠ᠃ ᠰᠢᠶᠠ ᠵᠸᠤ ᠶᠢᠨ ᠤᠮᠠᠷᠠᠳᠤ ᠭᠡᠰᠡᠭ ᠤᠨ ᠵᠠᠷᠢᠮ ᠵᠢᠶᠦ᠋ᠨ ᠰᠢᠶᠠᠨ ᠢ ᠴᠤ ᠤᠷᠳᠤᠰ ᠤᠨ ᠡᠮᠦᠨ᠎ᠡ | ᠵᠠᠬ᠎ᠠ ᠪᠠᠷ ᠨᠡᠬᠦᠯᠭᠡᠨ ᠠᠪᠴᠢᠷᠠᠪᠠ᠃ ᠬᠡᠳᠦᠶᠢᠪᠡᠷ ᠡᠶᠢᠮᠤ ᠪᠠᠶᠢᠭᠰᠠᠨ ᠪᠤᠯᠪᠠᠴᠤ᠂ ᠤᠷᠳᠤᠰ ᠨᠤᠳᠤᠭ ᠤᠨ ᠱᠦᠸᠧ | ᠵᠸᠤ᠂ ᠰᠢᠶᠠ ᠵᠸᠤ ᠶᠢᠨ ᠤᠭ ᠤᠨ ᠭᠠᠵᠡᠷ ᠭᠡᠪ ᠢᠶᠠᠷ ᠢᠶᠠᠨ ᠤᠮᠠᠷᠠᠳᠤ ᠸᠧᠢ ᠤᠯᠤᠰ ᠤᠨ ᠨᠤᠶᠠᠷᠬᠠᠭᠴᠢᠳ ᠲᠤ | ᠬᠠᠷᠢᠶᠠᠯᠠᠭᠳᠠᠵᠤ ᠪᠠᠶᠢᠪᠠ᠃ | ᠠᠷᠠᠳ ᠲᠦᠮᠡᠨ ᠤ ᠪᠤᠰᠤᠯᠭ᠎ᠠ ᠶᠢᠨ ᠰᠦᠷ ᠬᠦᠴᠤ ᠲᠠᠢ ᠴᠤᠬᠢᠯᠳᠠ ᠶᠢᠨ ᠲᠤᠤᠷ᠎ᠠ᠂ ᠤᠮᠠᠷᠠᠳᠤ ᠸᠧᠢ | ᠤᠯᠤᠰ ᠤᠨ ᠲᠦᠷᠤ ᠰᠠᠷᠨᠢᠨ ᠵᠠᠳᠠᠷᠠᠪᠠ᠃ ᠰᠢᠶᠤᠤ ᠡᠤ ᠳ᠋ᠢ ᠬᠠᠭᠠᠨ ᠤ ᠶᠦᠩ ᠰᠢ ᠶᠢᠨ ᠬᠤᠶᠠᠳᠤᠭᠠᠷ ᠤᠨ ︵ | ᠨᠡᠶᠢᠳᠠ ᠶᠢᠨ ᠤᠨ ᠲᠤᠭᠠᠯᠠᠯ ᠤᠨ534 ᠤᠨ︶ ᠳᠤ᠂ ᠤᠮᠠᠷᠠᠳᠤ ᠸᠧᠢ ᠤᠯᠤᠰ᠂ ᠵᠡᠬᠦᠨ ᠸᠧᠢ ᠪᠤᠯᠤᠨ ᠪᠠᠷᠠᠭᠤᠨ | ᠸᠧᠢ ᠬᠡᠵᠤ ᠬᠠᠭᠠᠴᠠᠭᠠᠳ᠂ ᠵᠡᠬᠦᠨ ᠸᠧᠢ ᠤᠯᠤᠰ ᠤᠨ ᠶᠡᠭᠡ ᠡᠷᠭᠡ ᠭᠤᠤ ᠬᠤᠸᠠᠨ ᠤ ᠭᠠᠷ ᠲᠤ ᠤᠷᠤᠵᠤ᠂ | ᠪᠠᠷᠠᠭᠤᠨ ᠸᠧᠢ ᠤᠯᠤᠰ ᠤᠨ ᠡᠷᠭᠡ ᠢᠤᠢ ᠸᠧᠨ ᠲᠠᠢ ᠶᠢᠨ ᠭᠠᠷ ᠲᠤ ᠤᠷᠤᠪᠠ᠃ ᠰᠡᠬᠦᠯᠡᠷ ᠭᠤᠤ ᠬᠤᠸᠠᠨ | ᠴᠡᠷᠢᠭ ᠤᠨ ᠬᠦᠴᠦᠨ ᠳᠤ ᠲᠦᠰᠢᠭᠡᠯᠡᠵᠤ᠂ ᠪᠠᠷᠠᠭᠤᠨ ᠸᠧᠢ ᠤᠯᠤᠰ ᠤᠨ ᠰᠢᠶᠠ ᠵᠸᠤ ᠶᠢ ᠪᠤᠯᠢᠶᠠᠨ ᠠᠪᠴᠠᠢ᠃ | ᠡᠬᠦᠨ ᠠᠴᠠ ᠬᠤᠶᠢᠰᠢ᠂ ᠤᠮᠠᠷᠠᠳᠤ ᠵᠸᠤ ᠤᠯᠤᠰ ᠪᠠᠰᠠ ᠤᠷᠳᠤᠰ ᠲᠤ ᠰᠢᠶᠠ ᠵᠸᠤ ᠬᠡᠵᠤ ᠪᠠᠶᠢᠭᠤᠯᠤᠭᠠᠳ᠂ | ᠤᠷᠳᠣᠰ ᠤᠨ ᠵᠡᠬᠦᠨ ᠬᠤᠶᠢᠳᠤ ᠭᠡᠰᠡᠭ ᠤᠮᠠᠷᠠᠳᠤ ᠴᠢ ᠤᠯᠤᠰ ᠲᠤ ᠨᠤᠶᠠᠷᠬᠠᠭᠳᠠᠪᠠ᠃ | ᠵᠢᠷᠭᠤᠭ᠎ᠠ᠂ ᠰᠦᠢ ᠤᠯᠤᠰ᠂ ᠲᠠᠩ ᠤᠯᠤᠰ᠂ ᠲᠠᠪᠤᠨ ᠲᠦᠷᠤ ᠵᠢᠴᠢ ᠲᠠᠩᠭᠤᠳ ᠤᠯᠤᠰ᠂ ᠤᠮᠠᠷᠠᠳᠤ ᠰᠦᠩ | ᠤᠯᠤᠰ ᠤᠨ ᠦᠶ᠎ᠠ | ᠨᠡᠶᠢᠳᠠ ᠶᠢᠨ ᠤᠨ ᠲᠤᠭᠠᠯᠠᠯ ᠤᠨ581 ᠤᠨ ᠳᠤ᠂ ᠶᠠᠩ ᠵᠢᠶᠠᠨ ᠤᠮᠠᠷᠠᠲᠤ ᠵᠸᠤ ᠤᠯᠤᠰ ᠢ ᠮᠦᠬᠦᠭᠡᠵᠤ᠂ | ᠰᠦᠢ ᠤᠯᠤᠰ ᠢ ᠪᠠᠶᠢᠭᠤᠯᠪᠠ᠃ ᠺᠠᠢ ᠬᠤᠸᠠᠩ ᠤᠨ ᠶᠢᠰᠦᠳᠦᠭᠡᠷ ᠤᠨ ︵ᠨᠡᠶᠢᠳᠠ ᠶᠢᠨ ᠤᠨ ᠲᠤᠭᠠᠯᠠᠯ ᠤᠨ589 | ᠤᠨ︶ ᠳᠤ᠂ ᠴᠧᠨ ᠤᠯᠤᠰ ᠢ ᠮᠦᠬᠦᠭᠡᠭᠰᠡᠨ ᠤ ᠰᠡᠬᠦᠯᠡᠷ᠂ ᠬᠢᠯᠢ ᠬᠢᠵᠠᠭᠠᠷ ᠤᠷᠤᠨ ᠤ ᠴᠦᠭᠡᠨ ᠲᠤᠭᠠᠳᠤ | ᠦᠨᠳᠦᠰᠦᠳᠡᠨ ᠨᠦᠭᠦᠳ ᠪᠠᠶᠢᠳᠠᠯ ᠤᠨ ᠬᠠᠨᠳᠤᠰᠢ ᠶᠢ ᠦᠵᠡᠭᠡᠳ᠂ ᠴᠦᠮ ᠰᠦᠢ ᠸᠧᠨ ᠳ᠋ᠢ ᠬᠠᠭᠠᠨ ᠢ | ᠲᠠᠭᠠᠭᠰᠠᠨ ᠢᠶᠠᠷ ᠪᠦᠬᠦ ᠤᠯᠤᠰ ᠨᠢᠭᠡᠳᠪᠡ᠃ ᠰᠦᠢ ᠤᠯᠤᠰ ᠤᠨ ᠡᠬᠢᠨ ᠳᠤ᠂ ᠤᠮᠠᠷᠠᠳᠤ ᠤᠷᠤᠨ ᠤ ᠲᠶᠦ᠋ᠷᠺ | ᠬᠠᠭᠠᠨᠳᠤ ᠤᠯᠤᠰ ᠤᠨ ᠡᠮᠦᠨᠡᠰᠢ ᠲᠤᠪᠳᠤᠯᠬᠤ ᠶᠢ ᠰᠡᠷᠭᠡᠶᠢᠯᠡᠬᠦ ᠶᠢᠨ ᠲᠦᠯᠦᠭᠡ᠂ ᠤᠷᠳᠤᠰ ᠲᠤ ᠴᠡᠷᠢᠭ ᠤᠨ | ᠰᠠᠭᠤᠷᠢᠨ ᠪᠠᠶᠢᠭᠤᠯᠵᠤ᠂ ᠪᠠᠷᠠᠭᠤᠨᠳᠡᠬᠢ ᠨᠢᠩᠰᠢᠶᠠ ᠶᠢᠨ ᠯᠢᠩ ᠡᠤ ᠠᠴᠠ ᠵᠡᠬᠦᠨᠰᠢ ᠬᠠᠳᠤᠨ ᠭᠤᠤᠯ ᠬᠦᠷᠬᠦ ᠤᠷᠳᠤ | ᠴᠠᠭᠠᠨ ᠭᠡᠷᠡᠮ ᠢ ᠪᠠᠷᠢᠪᠠ᠃ ᠤᠷᠳᠤᠰ ᠤᠨ ᠵᠡᠬᠦᠨ ᠬᠤᠶᠢᠳᠤ ᠭᠡᠰᠡᠭ ᠲᠤ ᠢᠤᠢ ᠯᠢᠨ ᠵᠢᠶᠦ᠋ᠨ᠂ ᠤᠮᠠᠷᠠᠳᠤ ᠭᠡᠰᠡᠭ | ᠲᠤ ᠡᠤ ᠶᠤᠸᠠᠨ ᠵᠢᠶᠦ᠋ᠨ᠂ ᠪᠠᠷᠠᠭᠤᠨ ᠡᠮᠦᠨ᠎ᠡ ᠭᠡᠰᠡᠭ ᠲᠤ ᠱᠦᠸᠧ ᠹᠠᠩ ᠵᠢᠶᠦ᠋ᠨ ᠬᠡᠵᠤ ᠪᠠᠶᠢᠭᠤᠯᠪᠠ᠃ | ᠲᠤᠬᠠᠢ ᠶᠢᠨ ᠦᠶ᠎ᠡ ᠶᠢᠨ ᠡᠶᠢᠮᠤ ᠵᠠᠰᠠᠭ ᠵᠠᠬᠢᠷᠭᠠᠨ ᠤ ᠪᠠᠶᠢᠭᠤᠯᠤᠮᠵᠢ ᠪᠠᠶᠢᠭᠤᠯᠬᠤ ᠠᠷᠭ᠎ᠠ ᠪᠤᠯ ᠤᠮᠠᠷᠠᠳᠤ ᠵᠸᠤ | ᠤᠯᠤᠰ ᠤᠨ ᠦᠶ᠎ᠠ ᠠᠴᠠ ᠤᠯᠠᠮᠵᠢᠯᠠᠭᠳᠠᠵᠤ ᠢᠷᠡᠭᠰᠡᠨ ᠶᠤᠮ᠃ ᠲᠡᠷᠠ ᠦᠶ᠎ᠠ ᠳᠤ ᠵᠢᠶᠦ᠋ᠨ ᠰᠢᠶᠠᠨ ᠠᠴᠠ ᠭᠠᠳᠠᠨ᠎ᠠ | ᠪᠠᠰᠠ ᠵᠸᠤ ᠶᠢᠨ ᠱᠠᠳᠤᠨ ᠤ ᠵᠠᠰᠠᠭ ᠵᠠᠬᠢᠷᠭᠠᠨ ᠤ ᠪᠠᠶᠢᠭᠤᠯᠤᠮᠵᠢ ᠪᠠᠶᠢᠪᠠ᠃ ᠺᠠᠢ ᠬᠤᠸᠠᠩ ᠤᠨ ᠭᠤᠷᠪᠠᠳᠤᠭᠠᠷ ᠤᠨ | ︵ᠨᠡᠶᠢᠳᠠ ᠶᠢᠨ ᠤᠨ ᠲᠤᠭᠠᠯᠠᠯ ᠤᠨ583 ᠤᠨ︶ ᠳᠤ᠂ ᠲᠦᠪ ᠲᠤ ᠲᠦᠪᠯᠡᠷᠡᠬᠦᠯᠦᠨ ᠵᠠᠬᠢᠷᠬᠤ ᠲᠦᠷᠢᠮ ᠢ | ᠴᠢᠩᠭᠠᠳᠬᠠᠬᠤ ᠶᠢᠨ ᠲᠦᠯᠦᠭᠡ ᠰᠦᠢ ᠸᠧᠨ ᠳ᠋ᠢ ᠬᠠᠭᠠᠨ᠂ ᠶᠠᠩ ᠱᠠᠩ ᠰᠢ ᠶᠢᠨ ᠰᠠᠨᠠᠭᠤᠯᠭ᠎ᠠ ᠶᠢ ᠬᠦᠯᠢᠶᠡᠵᠤ᠂ | ᠤᠤᠯ ᠤᠨ ᠵᠸᠤ᠂ ᠵᠢᠶᠦ᠋ᠨ᠂ ᠰᠢᠶᠠᠨ ᠤ ᠭᠤᠷᠪᠠᠨ ᠱᠠᠳᠤᠨ ᠤ ᠵᠠᠰᠠᠭ ᠵᠠᠬᠢᠷᠭᠠᠨ ᠤ ᠪᠠᠶᠢᠭᠤᠯᠤᠮᠵᠢ ᠶᠢᠨ ᠲᠦᠷᠢᠮ ᠢ | ᠦᠭᠡᠷᠡᠴᠢᠯᠡᠵᠤ᠂ ᠵᠸᠤ᠂ ᠰᠢᠶᠠᠨ ᠬᠡᠬᠦ ᠬᠤᠶᠠᠷ ᠱᠠᠳᠤᠨ ᠤ ᠵᠠᠰᠠᠭ ᠵᠠᠬᠢᠷᠭᠠᠨ ᠤ ᠪᠠᠶᠢᠭᠤᠯᠤᠮᠵᠢ ᠪᠤᠯᠭᠠᠪᠠ᠃ ᠵᠸᠤ ᠳᠤ | ᠼᠢ ᠱᠢ ᠲᠦᠰᠢᠮᠡᠯ ᠲᠤᠮᠢᠯᠠᠵᠠᠢ᠃ ᠼᠢ ᠱᠢ ᠲᠦᠰᠢᠮᠡᠯ ᠪᠤᠯ ᠵᠸᠤ ᠶᠢᠨ ᠱᠠᠳᠤᠨ ᠤ ᠤᠯᠤᠰ ᠲᠦᠷᠤ᠂ ᠠᠵᠤ | ᠠᠬᠤᠢ ᠶᠢ ᠬᠠᠮᠢᠶᠠᠷᠬᠤ ᠬᠠᠮᠤᠭ ᠤᠨ ᠶᠡᠭᠡ ᠵᠠᠬᠢᠷᠤᠭᠴᠢ ᠨᠤᠶᠠᠨ ᠪᠤᠯᠬᠤ ᠪᠦᠭᠡᠳ ᠴᠡᠷᠢᠭ ᠤᠨ ᠶᠠᠪᠤᠳᠠᠯ ᠢ ᠪᠠᠰᠠ | ᠬᠠᠪᠰᠤᠷᠭᠠᠨ ᠬᠠᠷᠢᠭᠤᠴᠠᠳᠠᠭ᠃ ᠵᠠᠷᠢᠮ ᠵᠸᠤ ᠶᠢᠨ ᠬᠠᠮᠤᠭ ᠤᠨ ᠶᠡᠭᠡ ᠵᠠᠬᠢᠷᠤᠭᠴᠢ ᠨᠤᠶᠠᠨ ᠢ ᠼᠢ ᠱᠢ ᠲᠦᠰᠢᠮᠡᠯ | ᠬᠡᠬᠦ ᠦᠭᠡᠢ ᠬᠠᠷᠢᠨ ᠶᠡᠷᠦᠩᠭᠡᠢ ᠬᠠᠮᠶᠠᠷᠤᠭᠴᠢ ︵ᠽᠦᠩ ᠭᠤᠸᠠᠨ︶ ᠨᠤᠶᠠᠨ ᠭᠡᠳᠡᠭ᠃ ᠵᠠᠷᠢᠮ ᠶᠡᠷᠦᠩᠭᠡᠢ | ᠬᠠᠮᠶᠠᠷᠤᠭᠴᠢ ᠨᠤᠶᠠᠨ᠂ ᠭᠡᠳᠦᠨ ᠵᠸᠤ ᠶᠢ ᠬᠠᠮᠢᠶᠠᠷᠳᠠᠭ᠃ ᠶᠡᠷᠦᠩᠭᠡᠢ ᠬᠠᠮᠢᠶᠠᠷᠤᠭᠴᠢ ᠶᠡᠷᠤ ᠳᠡᠭᠡᠨ ᠴᠡᠷᠢᠭ ᠤᠨ | ᠶᠠᠪᠤᠳᠠᠯ ᠢ ᠭᠤᠤᠯᠴᠢᠯᠠᠨ ᠬᠠᠮᠢᠶᠠᠷᠳᠠᠭ ᠪᠤᠯᠪᠠᠴᠤ᠂ ᠪᠠᠰᠠ ᠬᠠᠷᠢᠶᠠᠳᠤ ᠤᠷᠤᠨ ᠤ ᠪᠠᠨ ᠤᠯᠤᠰ ᠲᠦᠷᠦ᠂ ᠡᠳ᠋ ᠤᠨ | ᠵᠠᠰᠠᠭ ᠢ ᠬᠠᠪᠰᠤᠷᠭᠠᠨ ᠬᠠᠷᠢᠭᠤᠴᠠᠳᠠᠭ᠃ ᠡᠨᠡ ᠦᠶ᠎ᠠ᠂ ᠤᠷᠳᠤᠰ ᠲᠤ ᠲᠦᠷᠪᠡᠨ ᠶᠡᠷᠦᠩᠭᠡᠢ ᠬᠠᠮᠢᠶᠠᠷᠤᠭᠴᠢ ᠶᠢᠨ | ᠤᠷᠳᠤᠨ ᠪᠠᠶᠢᠪᠠ᠂ ᠳ᠋ᠠ ᠶᠧ ᠶᠢᠨ ᠠᠩᠬᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ605 ᠤᠨ︶ | ᠬᠦᠷᠳᠡᠯ᠎ᠠ᠂ ᠰᠦᠢ ᠶᠠᠩ ᠳ᠋ᠢ ᠬᠠᠭᠠᠨ ᠡᠯ᠎ᠠ ᠭᠠᠵᠠᠷ ᠤᠨ ᠶᠡᠷᠦᠩᠭᠡᠢ ᠬᠠᠮᠢᠶᠠᠷᠤᠭᠴᠢ ᠶᠢᠨ ᠤᠷᠳᠤᠨ ᠢ ᠬᠠᠰᠤᠵᠤ᠂ | ᠴᠡᠷᠢᠭ ᠠᠩᠬᠢ ᠶᠢ ᠵᠢᠯᠤᠭᠤᠳᠬᠤ ᠡᠷᠭᠡ ᠶᠢ ᠲᠦᠪ ᠤᠨ ᠬᠠᠭᠠᠨᠳᠤ ᠲᠦᠷᠤ ᠳᠤ ᠲᠦᠪᠯᠡᠷᠡᠬᠦᠯᠵᠤ᠂ ᠵᠸᠤ ᠶᠢ ᠵᠢᠶᠦ᠋ᠨ | ᠪᠤᠯᠭᠠᠵᠠᠢ᠃ ᠡᠶᠢᠮᠦᠷᠬᠦ ᠵᠢᠶᠦ᠋ᠨ ᠨᠦᠭᠦᠳ ᠦᠨᠡᠨ ᠳᠡᠭᠡᠨ ᠺᠠᠢ ᠬᠤᠸᠠᠩ ᠤᠨ ᠵᠢᠯ ᠤᠳ ᠤᠨ ᠠᠳᠠᠯᠢ ᠶᠤᠮ᠃ ᠲᠡᠷᠠ | ᠪᠠᠰᠠ ᠶᠡᠷᠦᠩᠭᠡᠢ ᠬᠠᠮᠢᠶᠠᠷᠤᠭᠴᠢ ᠪᠤᠯᠤᠨ ᠼᠢ ᠱᠢ ᠲᠦᠰᠢᠮᠡᠯ ᠢ ᠲᠠᠶᠢᠱᠸᠤ ᠲᠦᠰᠢᠮᠡᠯ ᠪᠤᠯᠭᠠᠨ ᠦᠭᠡᠷᠡᠴᠢᠯᠡᠪᠡ᠃ | ᠲᠤᠬᠠᠢ ᠶᠢᠨ ᠦᠶ᠎ᠠ ᠶᠢᠨ ᠵᠢᠶᠦ᠋ᠨ ᠤ ᠲᠠᠪᠤ ᠨᠢ ᠤᠷᠳᠤᠰ ᠲᠠᠢ ᠬᠠᠷᠢᠴᠠᠭ᠎ᠠ ᠲᠠᠢ ᠪᠦᠭᠡᠳ ᠵᠢᠶᠦ᠋ᠨ ᠤ ᠬᠠᠮᠢᠶᠠᠷᠴᠤ | ᠪᠠᠶᠢᠭᠰᠠᠨ ᠠᠷᠪᠠᠨ ᠭᠤᠷᠪᠠᠨ ᠰᠢᠶᠠᠨ ᠪᠠᠯᠭᠠᠰᠤᠨ ᠳᠤ ᠤᠷᠳᠤᠰ ᠤᠨ ᠡᠨᠡ ᠲᠡᠷᠠ ᠭᠠᠵᠠᠷ ᠤᠳ ᠪᠠᠶᠢᠪᠠ᠃ | ᠤᠷᠳᠤᠰ ᠲᠤ ᠪᠠᠶᠢᠭᠤᠯᠤᠭᠰᠠᠨ ᠰᠦᠢ ᠤᠯᠤᠰ ᠤᠨ ᠵᠢᠶᠦ᠋ᠨ ᠰᠢᠶᠠᠨ ᠤ ᠪᠠᠶᠢᠳᠠᠯ ᠪᠤᠯ᠄ ᠱᠦᠸᠧ ᠹᠠᠩ ᠵᠢᠶᠦ᠋ᠨ ᠳᠤ | ᠦᠤᠰᠢᠨ ᠬᠤᠰᠢᠭᠤ ᠪᠤᠯᠤᠨ ᠲᠡᠬᠦᠨ ᠠᠴᠠ ᠡᠮᠦᠨᠡᠰᠢ ᠤᠷᠳᠤ ᠴᠠᠭᠠᠨ ᠭᠡᠷᠡᠮ ᠬᠦᠷᠳᠡᠯᠡᠬᠢ ᠦᠷᠭᠡᠨ ᠠᠭᠤᠳᠠᠮ ᠭᠠᠵᠠᠷ | ᠪᠠᠭᠳᠠᠨ᠎ᠠ᠃ ᠲᠤᠰ ᠵᠢᠶᠦ᠋ᠨ ᠲᠦᠷᠪᠡᠨ ᠰᠢᠶᠠᠨ ᠢ ᠬᠠᠮᠢᠶᠠᠷᠳᠠᠭ᠃ ᠶᠠᠨ ᠯᠤ᠋ ᠰᠢᠶᠠᠨ ᠪᠤᠯ ᠲᠦᠮᠡᠨ ᠢ ᠵᠠᠬᠢᠷᠬᠤ ︵ | ᠲᠦᠩ ᠸᠠᠨ ᠴᠧᠩ︶ ᠬᠤᠳᠠ ᠪᠠᠷ ᠭᠤᠤᠯ ᠪᠤᠯᠭᠠᠵᠤ᠂ ᠦᠤᠰᠢᠨ ᠬᠤᠰᠢᠭᠤᠨ ᠤ ᠡᠮᠦᠨ᠎ᠡ ᠭᠡᠰᠡᠭ ᠢ ᠬᠠᠮᠢᠶᠠᠷᠤᠨ᠎ᠠ᠃ | ᠲᠦᠮᠡᠨ ᠢ ᠵᠠᠬᠢᠷᠬᠤ ᠬᠤᠳᠠ ᠪᠤᠯ ᠡᠨᠡ ᠰᠢᠶᠠᠨ ᠤ ᠤᠯᠤᠰ ᠲᠦᠷᠤ᠂ ᠠᠵᠤ ᠠᠬᠤᠢ᠂ ᠰᠤᠶᠤᠯ ᠤᠨ ᠲᠦᠪ ᠪᠠᠶᠢᠪᠠ᠃ | ᠨᠢᠩ ᠱᠦᠸᠧ ᠰᠢᠶᠠᠨ ᠤ ᠬᠤᠳᠠ ᠶᠢ ᠤᠳᠤ ᠶᠢᠨ ᠱᠠᠨᠰᠢ ᠮᠤᠵᠢ ᠶᠢᠨ ᠡᠾᠧᠩ ᠱᠠᠨ ᠰᠢᠶᠠᠨ ᠤ ᠪᠠᠷᠠᠭᠤᠨ ᠡᠮᠦᠨᠡᠬᠢ | ᠯᠤ᠋ ᠡᠾᠧ ᠭᠤᠤᠯ ᠤᠨ ᠬᠦᠪᠡᠭᠡᠨ ᠳᠤ ᠪᠠᠶᠢᠭᠤᠯᠵᠠᠢ᠃ ᠤᠷᠳᠤᠰ ᠤᠨ ᠬᠠᠮᠤᠭ ᠤᠨ ᠡᠮᠦᠨ᠎ᠡ ᠵᠠᠬ᠎ᠠ ᠡᠨᠡ ᠰᠢᠶᠠᠨ ᠳᠤ | ᠬᠠᠮᠢᠶᠠᠷᠤᠭᠳᠠᠳᠠᠭ᠃ ᠳ᠋ᠧ ᠵᠢᠩ ᠰᠢᠶᠠᠨ ᠤ ᠬᠤᠳᠠ ᠪᠤᠯ ᠤᠳᠤ ᠶᠢᠨ ᠦᠤᠰᠢᠨ ᠬᠤᠰᠢᠭᠤᠨ ᠤ ᠦᠤᠰᠢᠨᠵᠤᠤ ᠶᠢᠨ | ᠵᠡᠬᠦᠨ ᠡᠮᠦᠨ᠎ᠡ᠂ ᠲᠦᠮᠡᠨ ᠢ ᠵᠠᠬᠢᠷᠬᠤ ᠬᠤᠳᠠ ︵ᠲᠦᠩ ᠸᠠᠨ ᠴᠧᠩ︶ ᠶᠢᠨ ᠵᠡᠬᠦᠨ ᠬᠤᠶᠢᠨ᠎ᠠ ᠪᠠᠶᠢᠪᠠ᠃ ᠲᠤᠰ | ᠬᠤᠳᠠ ᠶᠢ ᠬᠠᠨ ᠡᠤ ᠳ᠋ᠢ ᠬᠠᠭᠠᠨ ᠤ ᠶᠡᠭᠡ ᠲᠦᠰᠢᠮᠡᠯ ᠰᠤ᠋ ᠵᠢᠶᠠᠨ ᠡᠷᠬᠢᠯᠡᠨ ᠪᠠᠶᠢᠭᠤᠯᠵᠤ᠂ ᠲᠤᠬᠠᠢ ᠶᠢᠨ ᠦᠶ᠎ᠠ ᠳᠤ | ᠱᠦᠸᠧ ᠹᠠᠩ ᠬᠤᠳᠠ ᠬᠡᠵᠤ ᠨᠡᠷᠡᠶᠢᠳᠴᠠᠢ᠂ ᠪᠠᠰᠠ ᠱᠢ ᠪᠧᠨ ᠴᠧᠩ ᠬᠤᠳᠠ ᠭᠡᠳᠡᠭ᠃ ᠤᠳᠤ ᠶᠢᠨ ᠦᠤᠰᠢᠨ ᠤ | ᠵᠡᠬᠦᠨ ᠭᠡᠰᠡᠭ ᠢ ᠬᠠᠮᠢᠶᠠᠷᠴᠤ ᠪᠠᠶᠢᠪᠠ᠃ | ᠡᠤ ᠶᠤᠸᠠᠨ ᠵᠢᠶᠦ᠋ᠨ ᠪᠤᠯ ᠤᠷᠳᠤᠰ ᠤᠨ ᠬᠤᠶᠢᠳᠤ ᠬᠡᠰᠡᠭ ᠲᠤ ᠪᠠᠶᠢᠵᠠᠢ᠂ ᠤᠳᠤ ᠶᠢᠨ ᠬᠠᠩᠬᠢᠨ ᠬᠤᠶᠢᠳᠤ | ᠬᠤᠰᠢᠭᠤ᠂ ᠯᠢᠨ ᠡᠾᠧ ᠰᠢᠶᠠᠨ᠂ ᠡᠤ ᠶᠤᠸᠠᠨ ᠰᠢᠶᠠᠨ᠂ ᠤᠷᠠᠳ ᠤᠨ ᠡᠮᠦᠨᠡᠳᠤ ᠬᠤᠰᠢᠭᠤ᠂ ᠬᠠᠩᠬᠢᠨ ᠬᠤᠰᠢᠭᠤ᠂ | ᠲᠠᠯᠠᠳ ᠬᠤᠰᠢᠭᠤ ᠵᠡᠷᠭᠡ ᠪᠠᠭᠳᠠᠵᠤ ᠪᠤᠢ᠃ ᠺᠠᠢ ᠬᠤᠸᠠᠩ ᠤᠨ ᠲᠠᠪᠤᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ585 ᠤᠨ︶ ᠳᠤ᠂ ᠠᠳᠠ ᠹᠧᠩᠵᠸᠤ ᠬᠡᠵᠤ ᠪᠠᠶᠢᠭᠤᠯᠵᠤ ᠦᠩᠭᠡᠷᠡᠪᠡ᠃ ᠡᠶᠢᠮᠤ ᠠᠴᠠ ᠰᠦᠢ | ᠤᠯᠤᠰ ᠭᠡᠰᠡᠭ ᠬᠤᠭᠤᠴᠠᠭᠠᠨ ᠳᠤ ᠠᠳᠡᠬᠢ ᠶᠢ ᠮᠦᠨ ᠹᠧᠩᠵᠸᠤ ᠬᠡᠵᠤ ᠪᠠᠶᠢᠪᠠ᠃ ᠲᠤᠰ ᠵᠢᠶᠦ᠋ᠨ ᠭᠤᠷᠪᠠᠨ | ᠰᠢᠶᠠᠨ ᠢ ᠬᠠᠮᠢᠶᠠᠷᠳᠠᠭ᠃ ᠵᠢᠤ ᠶᠤᠸᠠᠨ ᠰᠢᠶᠠᠨ ᠪᠤᠯ ᠡᠤ ᠶᠤᠸᠠᠨ ᠵᠢᠶᠦ᠋ᠨ ᠤ ᠪᠠᠶᠢᠬᠤ ᠭᠠᠵᠠᠷ ᠪᠤᠯᠤᠨ᠎ᠠ᠃ ᠡᠨᠡ | ᠰᠢᠶᠠᠨ ᠤᠷᠳᠤᠰ ᠤᠨ ᠵᠡᠬᠦᠨ ᠬᠤᠶᠢᠳᠤ ᠭᠡᠰᠡᠭ ᠤᠨ ᠭᠠᠵᠠᠷ ᠢ ᠬᠠᠮᠢᠶᠠᠷᠴᠤ ᠪᠠᠶᠢᠪᠠ᠃ ᠶᠦᠩ ᠹᠧᠩ ᠰᠢᠶᠠᠨ ᠤ | ᠬᠠᠮᠢᠶᠠᠷᠬᠤ ᠬᠦᠷᠢᠶ᠎ᠠ ᠭᠡᠪᠴᠢᠶ᠎ᠠ ᠳᠤ ᠤᠳᠤ ᠶᠢᠨ ᠦᠵᠦᠬᠦᠷ ᠭᠤᠤᠯ ᠪᠠ ᠬᠠᠳᠤᠨ ᠭᠤᠤᠯ ᠤᠨ ᠬᠤᠭᠤᠷᠤᠨᠳᠤᠬᠢ | ᠪᠠᠷᠠᠭᠤᠨ ᠬᠠᠭᠠᠰ ᠭᠡᠰᠡᠭ ᠤᠨ ᠭᠠᠵᠠᠷ ᠪᠤᠯᠤᠨ ᠤᠳᠤ ᠶᠢᠨ ᠬᠠᠩᠬᠢᠨ ᠬᠤᠰᠢᠭᠤᠨ ᠤ ᠪᠠᠷᠠᠭᠤᠨ ᠬᠤᠶᠢᠳᠤ ᠭᠡᠰᠡᠭ | ᠪᠠᠭᠳᠠᠨ᠎ᠠ᠃ ᠠᠨ ᠬᠤᠸᠠ ᠰᠢᠶᠠᠨ ᠤ ᠬᠠᠮᠢᠶᠠᠷᠬᠤ ᠬᠦᠷᠢᠶ᠎ᠠ ᠭᠡᠪᠴᠢᠶ᠎ᠠ ᠳᠤ ᠵᠢᠤ ᠶᠤᠸᠠᠨ ᠰᠢᠶᠠᠨ ᠠᠴᠠ ᠵᠡᠬᠦᠨ | ᠡᠮᠦᠨᠡᠰᠢᠬᠢ ᠬᠠᠳᠤᠨ ᠭᠤᠤᠯ ᠤᠨ ᠬᠦᠪᠡᠭᠡ ᠲᠠᠭᠠᠤ ᠭᠠᠵᠠᠷ ᠤᠳ ᠪᠠᠭᠳᠠᠨ᠎ᠠ᠃ | ᠢᠤᠢ ᠯᠢᠨ ᠵᠢᠶᠦ᠋ᠨ ᠪᠤᠯ ᠤᠷᠳᠤᠰ ᠤᠨ ᠵᠡᠬᠦᠨ ᠬᠤᠶᠢᠳᠤ ᠭᠡᠰᠡᠭ ᠵᠢᠴᠢ ᠲᠦᠮᠡᠳ ᠤᠨ ᠲᠠᠯ᠎ᠠ ᠤᠨ ᠪᠠᠷᠠᠭᠤᠨ | ᠡᠮᠦᠨᠡᠬᠢ ᠦᠷᠭᠡᠨ ᠠᠭᠤᠳᠠᠮ ᠭᠠᠵᠠᠷ ᠢᠶᠠᠷ ᠪᠠᠶᠢᠷᠢᠯᠠᠵᠤ ᠪᠠᠶᠢᠪᠠ᠃ ᠲᠤᠰ ᠵᠢᠶᠦ᠋ᠨ ᠭᠤᠷᠪᠠᠨ ᠰᠢᠶᠠᠨ ᠢ ᠬᠠᠮᠢᠶᠠᠷᠳᠠᠭ᠃ | ᠢᠤᠢ ᠯᠢᠨ ᠰᠢᠶᠠᠨ᠂ ᠤᠳᠤ ᠶᠢᠨ ᠲᠠᠯᠠᠳ ᠬᠤᠰᠢᠭᠤ᠂ ᠵᠡᠬᠦᠨᠭᠠᠷ ᠬᠤᠰᠢᠭᠤ᠂ ᠳ᠋ᠦᠩᠱᠧᠩ ᠬᠤᠳᠠ᠂ ᠡᠵᠡᠨ | ᠬᠤᠷᠤᠭ᠎ᠠ ᠬᠤᠰᠢᠭᠤ ᠶᠢᠨ ᠭᠡᠰᠡᠭ ᠭᠠᠵᠠᠷ ᠢ ᠬᠠᠮᠢᠶᠠᠷᠴᠤ ᠪᠠᠶᠢᠪᠠ᠃ ᠲᠤᠬᠠᠢ ᠶᠢᠨ ᠦᠶ᠎ᠠ ᠶᠢᠨ ᠢᠤᠢ ᠯᠢᠨ ᠰᠢᠶᠠᠨ ᠤ | ᠰᠢᠶᠠᠨ ᠤ ᠬᠤᠳᠠ ᠪᠤᠯ ᠤᠳᠤ ᠶᠢᠨ ᠵᠡᠬᠦᠨᠭᠠᠷ ᠤᠨ ᠠᠷᠪᠠᠨ ᠬᠤᠶᠠᠷ ᠬᠤᠯᠪᠤᠯᠵᠢᠨ ᠬᠤᠳᠠ ᠪᠤᠯᠤᠨ᠎ᠠ᠃ ᠹᠦ᠋ ᠴᠠᠩ | ᠰᠢᠶᠠᠨ᠂ ᠤᠳᠤ ᠶᠢᠨ ᠵᠡᠬᠦᠨᠭᠠᠷ ᠬᠤᠰᠢᠭᠤᠨ ᠤ ᠱᠠᠭᠳᠠᠷ ᠠᠴᠠ ᠵᠡᠬᠦᠨ ᠡᠮᠦᠨᠡᠰᠢᠬᠢ ᠱᠠᠨᠰᠢ ᠮᠤᠵᠢ ᠲᠠᠢ ᠵᠠᠬ᠎ᠠ | ᠨᠡᠶᠢᠯᠡᠵᠤ ᠪᠠᠶᠢᠭᠰᠠᠨ ᠭᠠᠵᠠᠷ ᠢ ᠬᠠᠮᠢᠶᠠᠷᠴᠤ ᠪᠠᠶᠢᠭᠰᠠᠨ ᠪᠦᠭᠡᠳ ᠤᠳᠤ ᠶᠢᠨ ᠡᠵᠡᠨ ᠬᠤᠷᠤᠭ᠎ᠠ ᠬᠤᠰᠢᠭᠤ᠂ | ᠳ᠋ᠦᠩᠱᠧᠩ ᠬᠤᠳᠠ ᠶᠢᠨ ᠦᠴᠦᠭᠡᠨ ᠭᠡᠰᠡᠭ ᠭᠠᠵᠠᠷ ᠢ ᠪᠠᠭᠳᠠᠭᠠᠵᠤ ᠪᠠᠶᠢᠪᠠ᠃ ᠡᠬᠦᠨ ᠠᠴᠠ ᠭᠠᠳᠠᠨ᠎ᠠ᠂ | ᠲᠤᠬᠠᠢ ᠶᠢᠨ ᠦᠶ᠎ᠠ ᠶᠢᠨ ᠢᠤᠢ ᠯᠢᠨ ᠰᠢᠶᠠᠨ ᠤ ᠵᠡᠬᠦᠨ ᠡᠮᠦᠨ᠎ᠡ᠂ ᠲᠦᠴᠢᠨ ᠭᠠᠵᠠᠷ ᠤᠨ ᠦᠵᠦᠬᠦᠷ ᠲᠤ ᠢᠤᠢ ᠯᠢᠨ | ᠭᠤᠸᠠᠨ ᠪᠤᠭᠤᠮᠳᠠ ᠬᠡᠵᠤ ᠪᠠᠶᠢᠭᠤᠯᠪᠠ᠃ | ᠯᠢᠩ ᠡᠤ ᠵᠢᠶᠦ᠋ᠨ ᠪᠤᠯ ᠤᠷᠳᠤᠰ ᠤᠨ ᠪᠠᠷᠠᠭᠤᠨ ᠭᠡᠰᠡᠭ ᠤᠨ ᠡᠮᠦᠨ᠎ᠡ ᠠᠴᠠ ᠬᠤᠶᠢᠰᠢ ᠴᠢᠭᠯᠡᠭᠰᠡᠨ ᠬᠠᠳᠤᠨ | ᠭᠤᠤᠯ ᠤᠨ ᠵᠡᠬᠦᠨ ᠬᠦᠪᠡᠭᠡᠨ ᠳᠠᠬᠢ ᠨᠠᠷᠢᠬᠠᠨ ᠤᠷᠳᠤ ᠭᠠᠵᠠᠷ ᠪᠤᠯᠤᠨ ᠨᠢᠩᠰᠢᠶᠠ ᠶᠢᠨ ᠬᠤᠳᠤᠩ ᠦᠨᠳᠦᠰᠦᠳᠡᠨ ᠤ | ᠦᠪᠡᠷᠡᠳᠡᠭᠡᠨ ᠵᠠᠰᠠᠬᠤ ᠤᠷᠤᠨ ᠤ ᠬᠠᠳᠤᠨ ᠭᠤᠤᠯ ᠲᠠᠢ ᠨᠡᠶᠢᠯᠡᠭᠰᠡᠨ ᠭᠠᠵᠠᠷ ᠤᠳ ᠢᠶᠠᠷ ᠪᠠᠶᠢᠷᠢᠯᠠᠵᠤ ᠪᠠᠶᠢᠪᠠ᠃ ᠡᠨᠡ | ᠵᠢᠶᠦ᠋ᠨ ᠤ ᠲᠤᠳᠤᠷᠠᠬᠢ ᠬᠤᠶᠠᠷ ᠰᠢᠶᠠᠨ ᠤᠷᠳᠤᠰ ᠲᠠᠢ ᠬᠠᠷᠢᠴᠠᠭ᠎ᠠ ᠲᠠᠢ ᠶᠤᠮ᠃ ᠯᠢᠩ ᠡᠤ ᠰᠢᠶᠠᠨ ᠪᠤᠯ ᠬᠠᠳᠤᠨ | ᠭᠤᠤᠯ ᠤᠨ ᠵᠡᠬᠦᠨ ᠬᠦᠪᠡᠭᠡᠨ ᠳᠠᠬᠢ ᠤᠳᠤ ᠶᠢᠨ ᠲᠤᠤ ᠯᠧ ᠰᠢᠶᠠᠨ ᠤ ᠡᠮᠦᠨᠡᠬᠦᠷ ᠪᠠᠶᠢᠷᠢᠯᠠᠵᠤ᠂ ᠤᠷᠳᠤᠰ ᠤᠨ | ᠤᠳᠤᠭ ᠬᠤᠰᠢᠭᠤ ᠪᠠ ᠦᠤᠰᠢᠨ ᠬᠤᠰᠢᠭᠤᠨ ᠤ ᠭᠡᠰᠡᠭ ᠭᠠᠵᠠᠷ ᠢ ᠬᠠᠮᠢᠶᠠᠷᠴᠤ ᠪᠠᠶᠢᠪᠠ᠃ | ᠶᠠᠨ ᠴᠤᠸᠠᠨ ᠵᠢᠶᠦ᠋ᠨ᠂ ᠤᠷᠳᠤᠰ ᠨᠤᠳᠤᠭ ᠤᠨ ᠬᠠᠭᠤᠴᠢᠨ ᠴᠠᠭᠠᠨ ᠭᠡᠷᠡᠮ ᠠᠴᠠ ᠬᠤᠶᠢᠰᠢᠬᠢ ᠤᠳᠤ ᠶᠢᠨ | ᠤᠳᠤᠭ ᠤᠨ ᠡᠮᠦᠨᠡᠳᠤ ᠬᠤᠰᠢᠭᠤᠨ ᠤ ᠵᠡᠬᠦᠨ ᠪᠡᠶ᠎ᠠ ᠵᠢᠴᠢ ᠡᠨᠡ ᠭᠠᠵᠠᠷ ᠲᠠᠢ ᠵᠠᠬ᠎ᠠ ᠨᠡᠶᠢᠯᠡᠵᠤ ᠪᠠᠶᠢᠭᠰᠠᠨ ᠱᠠᠨᠰᠢ᠂ | ᠨᠢᠩᠰᠢᠶᠠ ᠶᠢᠨ ᠵᠠᠷᠢᠮ ᠭᠠᠵᠠᠷ ᠤᠳ ᠢ ᠬᠠᠮᠢᠶᠠᠷᠴᠤ ᠪᠠᠶᠢᠪᠠ᠃ ᠲᠤᠰ ᠵᠢᠶᠦ᠋ᠨ ᠤ ᠬᠠᠮᠢᠶᠠᠷᠴᠤ ᠪᠠᠶᠢᠭᠰᠠᠨ ᠡᠤ | ᠶᠤᠸᠠᠨ ᠰᠢᠶᠠᠨ ᠢ ᠪᠠᠷᠠᠭᠤᠨ ᠸᠧᠢ ᠤᠯᠤᠰ ᠤᠨ ᠦᠶ᠎ᠠ ᠳᠤ ᠴᠤ ᠡᠤ ᠶᠤᠸᠠᠨ ᠰᠢᠶᠠᠨ ᠬᠡᠵᠤ ᠪᠠᠶᠢᠭᠰᠠᠨ ᠪᠦᠭᠡᠳ ᠶᠠᠨ | ᠴᠤᠸᠠᠨ ᠵᠢᠶᠦ᠋ᠨ ᠤ ᠲᠦᠪ ᠢ ᠡᠨᠡ ᠰᠢᠶᠠᠨ ᠤ ᠭᠠᠵᠠᠷ ᠲᠤ ᠪᠠᠶᠢᠭᠤᠯᠵᠤ ᠪᠠᠶᠢᠪᠠ᠃ ᠡᠨᠡ ᠰᠢᠶᠠᠨ ᠪᠤᠯ ᠶᠠᠨ ᠴᠤᠸᠠᠨ | ᠵᠢᠶᠦ᠋ᠨ ᠤ ᠤᠯᠤᠰ ᠲᠦᠷᠦ᠂ ᠠᠵᠤ ᠠᠬᠤᠢ᠂ ᠰᠤᠶᠤᠯ ᠤᠨ ᠲᠦᠪ ᠪᠠᠶᠢᠭᠰᠠᠨ ᠪᠦᠭᠡᠳ ᠤᠷᠳᠤᠰ ᠤᠨ ᠪᠠᠷᠠᠭᠤᠨ | ᠡᠮᠦᠨ᠎ᠡ ᠭᠡᠰᠡᠭ ᠤᠨ ᠵᠠᠷᠢᠮ ᠭᠠᠵᠠᠷ ᠤᠳ ᠢ ᠬᠠᠮᠢᠶᠠᠷᠴᠤ ᠪᠠᠶᠢᠪᠠ᠃ ᠪᠠᠢ ᠤᠤᠢ ᠰᠢᠶᠠᠨ᠂ ᠤᠷᠳᠤᠰ ᠤᠨ ᠪᠠᠢ ᠶᠠᠨ | ᠤᠤᠢ ᠨᠠᠭᠤᠷ ᠤᠨ ᠵᠡᠬᠦᠨ ᠬᠤᠶᠢᠳᠤ ᠬᠡᠰᠡᠭ ᠢ ᠬᠠᠮᠢᠶᠠᠷᠴᠤ ᠪᠠᠶᠢᠪᠠ᠃ | ᠺᠠᠢ ᠬᠤᠸᠠᠩ ᠤᠨ ᠠᠷᠪᠠ ᠶᠢᠰᠦᠳᠦᠭᠡᠷ ᠤᠨ ︵ᠨᠡᠶᠢᠳᠠ ᠶᠢᠨ ᠤᠨ ᠲᠤᠭᠠᠯᠠᠯ ᠤᠨ 599 ᠤᠨ︶ ᠳᠤ᠂ ᠴᠢ | ᠮᠢᠨ ᠬᠠᠭᠠᠨ ᠢᠶᠠᠷ ᠲᠤᠯᠤᠭᠠᠶᠢᠯᠠᠭᠤᠯᠤᠭᠰᠠᠨ ᠲᠶᠦ᠋ᠷᠺᠴᠤᠳ ᠤᠷᠳᠤᠰ ᠲᠤ ᠤᠷᠤᠵᠤ ᠢᠷᠡᠪᠡ᠃ ᠲᠶᠦ᠋ᠷᠺ ᠤᠨ ᠲᠦ᠋ | ᠯᠢ ᠬᠠᠭᠠᠨ ᠷᠠᠨ ᠭᠠᠨ ᠰᠦᠢ ᠤᠯᠤᠰ ᠤᠨ ᠬᠠᠭᠠᠨ ᠲᠠᠢ ᠲᠦᠢᠯ ᠤᠨ ᠨᠠᠶᠢᠷᠰᠠᠭ ᠪᠠᠶᠢᠭᠰᠠᠨ ᠪᠦᠭᠡᠳ ᠰᠦᠢ ᠤᠯᠤᠰ | ᠲᠠᠢ ᠤᠷᠤᠭ ᠲᠦᠷᠦᠯ ᠬᠤᠯᠪᠤᠬᠤ ᠪᠠᠷ ᠱᠠᠭᠠᠷᠳᠠᠭᠰᠠᠨ ᠪᠠᠶᠢᠨ᠎ᠠ᠃ ᠰᠡᠬᠦᠯᠡᠷ ᠲᠶᠦ᠋ᠷᠺ ᠤᠨ ᠲᠤᠳᠤᠭᠠᠳᠤ ᠳᠤ | ᠬᠠᠭᠠᠷᠠᠯ ᠭᠠᠷᠴᠤ᠂ ᠬᠠᠭᠠᠳ ᠬᠤᠭᠤᠷᠤᠨᠳᠤ ᠪᠠᠨ ᠵᠢᠯ ᠲᠠᠷᠠᠭᠠᠯᠠᠨ ᠬᠤᠳᠬᠤᠨ ᠪᠠᠶᠢᠯᠳᠤᠪᠠ᠃ ᠰᠠᠮᠠᠭᠤᠨ ᠲᠠᠶᠢᠨ ᠤ | ᠲᠤᠮᠳᠠ ᠲᠦ᠋ ᠯᠢ ᠬᠠᠭᠠᠨ ᠷᠠᠨ ᠭᠠᠨ ᠦᠪᠡᠷ ᠤᠨ ᠴᠡᠷᠢᠭ ᠮᠤᠷᠢ ᠪᠠᠨ ᠪᠠᠷᠤᠭ ᠪᠦᠬᠦᠨ ᠢ ᠠᠯᠳᠠᠵᠠᠢ᠃ ᠡᠨᠡ ᠦᠶ᠎ᠠ᠂ | ᠰᠦᠢ ᠤᠯᠤᠰ ᠲᠡᠬᠢᠨ ᠲᠡᠬᠦᠨ ᠢ ᠲᠤᠰᠠᠯᠠᠵᠤ᠂ ᠲᠡᠬᠦᠨ ᠢ ᠢᠯᠢ ᠵᠧᠨ᠋ᠳ᠋ᠸᠤ ᠴᠢ ᠮᠢᠨ ᠬᠠᠭᠠᠨ ᠡᠷᠬᠦᠮᠵᠢᠯᠡᠵᠤ᠂ | ᠲᠡᠬᠦᠨ ᠤ ᠬᠤᠷᠢᠶᠠᠨ ᠲᠠᠭᠠᠭᠤᠯᠤᠭᠰᠠᠨ ᠭᠡᠰᠡᠭ ᠠᠶᠢᠮᠠᠭ ᠤᠨ ᠬᠦᠮᠦᠰ ᠢ ᠪᠠᠢ ᠳ᠋ᠤᠤ ᠴᠤᠸᠠᠨ ᠳᠤ ᠲᠤᠬᠢᠷᠠᠭᠤᠯᠵᠤ᠂ | ᠦᠯᠡᠳᠡᠭᠰᠡᠨ ᠠᠶᠢᠮᠠᠭ ᠤᠳ ᠢ ᠰᠡᠬᠦᠯᠡᠷ ᠱᠧᠩ ᠵᠸᠤ᠂ ᠰᠢᠶᠠ ᠵᠸᠤ ᠶᠢᠨ ᠬᠤᠭᠤᠷᠤᠨᠳᠤᠬᠢ ᠦᠷᠭᠡᠨ ᠠᠭᠤᠳᠠᠮ | ᠪᠡᠯᠴᠢᠭᠡᠷ ᠲᠤ ᠨᠡᠬᠦᠯᠭᠡᠪᠡ᠃ ᠢᠩᠬᠢᠭᠰᠡᠨ ᠢᠶᠠᠷ ᠤᠷᠳᠤᠰ ᠤᠨ ᠶᠡᠭᠡᠩᠬᠢ ᠭᠡᠰᠡᠭ ᠭᠠᠵᠠᠷ ᠲᠠᠬᠢᠨ ᠲᠶᠦ᠋ᠷᠺ | ᠬᠦᠮᠦᠰ ᠤᠨ ᠮᠠᠯ ᠤᠨ ᠪᠡᠯᠴᠢᠭᠡᠷ ᠪᠤᠯᠵᠠᠢ᠃ ᠡᠨᠡ ᠦᠶ᠎ᠠ ᠶᠢ ᠤᠷᠳᠤᠰ ᠤᠨ ᠮᠠᠯ ᠠᠵᠤ ᠠᠬᠤᠢ ᠵᠤᠬᠢᠬᠤ ᠭᠡᠮᠵᠢᠶ᠎ᠠ | ᠪᠠᠷ ᠬᠦᠭᠵᠢᠪᠡ᠃ | ᠰᠦᠢ ᠤᠯᠤᠰ ᠤᠨ ᠰᠡᠬᠦᠯ ᠤᠨ ᠵᠢᠯ ᠤᠳ ᠲᠤ ᠯᠢ ᠶᠤᠸᠠᠨ᠂ ᠯᠢ ᠱᠢ ᠮᠢᠨ ᠡᠴᠢᠭᠡ ᠬᠦᠪᠡᠬᠦᠨ ᠬᠤᠶᠠᠭᠤᠯᠠ | ᠲᠠᠷᠢᠶᠠᠴᠢᠨ ᠤ ᠪᠤᠰᠤᠯᠭ᠎ᠠ ᠶᠢᠨ ᠢᠯᠠᠯᠳᠠ ᠶᠢᠨ ᠦᠷ᠎ᠠ ᠪᠦᠳᠦᠭᠡᠯ ᠢ ᠪᠤᠯᠢᠶᠠᠨ ᠠᠪᠤᠭᠠᠳ᠂ ᠨᠡᠶᠢᠳᠠ ᠶᠢᠨ ᠤᠨ | ᠲᠤᠭᠠᠯᠠᠯ ᠤᠨ 618 ᠤᠨ ᠳᠤ ᠲᠠᠩ ᠤᠯᠤᠰ ᠢ ᠪᠠᠶᠢᠭᠤᠯᠪᠠ᠃ ᠲᠠᠩ ᠭᠤᠤᠽᠤ ᠬᠠᠭᠠᠨ ᠯᠢ ᠶᠤᠸᠠᠨ ᠰᠠᠭᠤᠷᠢᠨ ᠳᠤ | ᠰᠠᠭᠤᠭᠰᠠᠨ ᠤ ᠲᠠᠷᠠᠭ᠎ᠠ᠂ ᠰᠦᠢ ᠤᠯᠤᠰ ᠤᠨ ᠦᠶ᠎ᠠ ᠳᠠᠬᠢ ᠵᠢᠶᠦ᠋ᠨ ᠢ ᠦᠭᠡᠷᠡᠴᠢᠯᠡᠵᠤ ᠵᠸᠤ ᠪᠤᠯᠭᠠᠭᠠᠳ᠂ ᠤᠭ ᠤᠨ | ᠲᠠᠶᠢᠱᠸᠤ ᠲᠦᠰᠢᠮᠡᠯ ᠢ ᠵᠸᠤ ᠶᠢᠨ ᠼᠢ ᠱᠢ ᠲᠦᠰᠢᠮᠡᠯ ᠪᠤᠯᠭᠠᠨ ᠦᠭᠡᠷᠡᠴᠢᠯᠡᠵᠤ᠂ ᠵᠸᠤ ᠶᠢᠨ ᠲᠤᠤᠷ᠎ᠠ ᠰᠢᠶᠠᠨ | ᠪᠠᠶᠢᠭᠤᠯᠪᠠ᠃ ᠼᠢ ᠱᠢ ᠲᠦᠰᠢᠮᠡᠯ ᠪᠤᠯ ᠵᠸᠤ ᠶᠢᠨ ᠬᠠᠮᠤᠭ ᠤᠨ ᠶᠡᠭᠡ ᠵᠠᠰᠠᠭ ᠵᠠᠬᠢᠷᠠᠭᠠᠨ ᠤ ᠨᠤᠶᠠᠨ ᠮᠦᠨ᠂ | ᠰᠢᠶᠠᠨ ᠤ ᠨᠤᠶᠠᠨ ᠪᠤᠯ ᠰᠢᠶᠠᠨ ᠤ ᠪᠠᠨ ᠬᠠᠮᠤᠭ ᠤᠨ ᠶᠡᠭᠡ ᠵᠠᠰᠠᠭ ᠵᠠᠬᠢᠷᠭᠠᠨ ᠤ ᠨᠤᠶᠠᠨ ᠮᠦᠨ᠃ | ᠵᠧᠨ ᠭᠤᠸᠠᠨ ᠤ ᠡᠬᠢᠨ ᠤ ᠵᠢᠯ ᠤᠳ ᠲᠤ ︵ᠵᠧᠨ ᠭᠤᠸᠠᠨ ᠤ ᠠᠩᠬᠠᠳᠤᠭᠠᠷ ᠤᠨ ᠪᠤᠯ 627 ᠤᠨ ᠪᠤᠯᠤᠨ᠎ᠠ︶ | ᠂ ᠲᠠᠩ ᠲᠠᠶᠢᠽᠦ᠋ᠩ ᠬᠠᠭᠠᠨ ᠲᠦᠪ ᠠᠴᠠ ᠭᠠᠵᠠᠷ ᠤᠷᠤᠨ ᠳᠠᠬᠢ ᠡᠵᠡᠮᠰᠢᠯ ᠢᠶᠠᠨ ᠴᠢᠩᠭᠠᠳᠬᠠᠬᠤ ᠶᠢᠨ ᠲᠦᠯᠦᠭᠡ | ᠵᠸᠤ᠂ ᠰᠢᠶᠠᠨ ᠤ ᠳ᠋ᠦᠳᠦ᠋ ᠹᠦ᠋ ᠠᠴᠠ ᠭᠠᠳᠠᠨ᠎ᠠ᠂ ᠪᠠᠰᠠ ᠪᠦᠬᠦ ᠤᠯᠤᠰ ᠢ ᠠᠷᠪᠠᠨ ᠵᠢᠷᠭᠤᠭᠠᠨ ᠳ᠋ᠤᠤ ᠪᠤᠯᠭᠠᠨ | ᠬᠤᠪᠢᠶᠠᠪᠠ᠃ ᠲᠡᠬᠦᠨ ᠤ ᠲᠤᠳᠤᠷᠠᠬᠢ ᠭᠤᠸᠠᠨ ᠨᠸᠢ ᠳ᠋ᠤᠤ ᠪᠤᠯ ᠵᠡᠬᠦᠨᠰᠢ ᠬᠠᠳᠤᠨ ᠭᠤᠤᠯ ᠠᠴᠠ ᠡᠬᠢᠯᠡᠵᠤ᠂ | ᠪᠠᠷᠠᠭᠤᠨᠰᠢ ᠯᠦᠩ ᠪᠠᠨ ︵ᠠᠯᠠᠱᠠ ᠠᠭᠤᠯᠠᠨ ᠤ ᠪᠠᠷᠠᠭᠤᠨ ᠬᠤᠷᠮᠤᠢ ᠵᠢᠴᠢ ᠭᠠᠨᠰᠤ ᠮᠤᠵᠢ ᠶᠢᠨ ᠽᠤ᠋ ᠯᠢ ᠡᠾᠧ︶ | ᠬᠦᠷᠴᠤ᠂ ᠡᠮᠦᠨᠡᠰᠢ ᠵᠦᠩ ᠨᠠᠨ ᠠᠴᠠ ᠡᠬᠢᠯᠡᠵᠤ ︵ᠱᠠᠨᠰᠢ ᠮᠤᠵᠢ ᠶᠢᠨ ᠵᠦᠩ ᠨᠠᠨ ᠱᠠᠨ ᠠᠭᠤᠯᠠ︶᠂ ᠬᠤᠶᠢᠰᠢ | ᠶᠡᠭᠡ ᠭᠤᠪᠢ ᠳᠤ ᠬᠦᠷᠳᠡᠭ᠃ ᠲᠤᠬᠠᠢ ᠶᠢᠨ ᠦᠶ᠎ᠠ ᠶᠢᠨ ᠤᠷᠳᠤᠰ ᠨᠤᠳᠤᠭ ᠭᠤᠸᠠᠨ ᠨᠸᠢ ᠳ᠋ᠤᠤ ᠶᠢᠨ ᠬᠤᠶᠢᠳᠤ | ᠲᠠᠯ᠎ᠠ ᠳᠤ ᠪᠠᠶᠢᠪᠠ᠃ ᠬᠠᠮᠤᠭ ᠤᠨ ᠡᠬᠢᠨ ᠳᠡᠭᠡᠨ ᠳ᠋ᠤᠤ ᠪᠤᠯ ᠤᠷᠤᠨ ᠨᠤᠳᠤᠭ ᠤᠨ ᠵᠠᠰᠠᠭ ᠵᠠᠬᠢᠷᠭᠠᠨ ᠤ | ᠪᠠᠶᠢᠭᠤᠯᠤᠮᠵᠢ ᠲᠠᠢ ᠲᠡᠮᠡᠢ ᠬᠠᠷᠢᠴᠠᠭ᠎ᠠ ᠦᠭᠡᠢ ᠪᠠᠶᠢᠪᠠ᠂ ᠦᠨᠡᠨ ᠳᠡᠭᠡᠨ ᠨᠢᠭᠡᠨ ᠵᠦᠢᠯ ᠤᠨ ᠪᠠᠶᠢᠴᠠᠭᠠᠬᠤ ᠲᠤᠭᠤᠷᠢᠭ | ᠪᠤᠯᠤᠨ᠎ᠠ᠃ ᠲᠡᠬᠦᠨ ᠤ ᠭᠤᠤᠯ ᠡᠬᠦᠷᠭᠡ ᠪᠤᠯ ᠤᠷᠤᠨ ᠨᠤᠳᠤᠭ ᠤᠨ ᠨᠤᠶᠠᠳ ᠤᠨ ᠬᠠᠤᠯᠢ ᠪᠤᠰᠤ ᠠᠵᠢᠯᠯᠠᠭ᠎ᠠ ᠶᠢ | ᠪᠠᠶᠢᠴᠠᠭᠠᠳᠠᠭ᠂ ᠬᠠᠨ ᠤᠯᠤᠰ ᠤᠨ ᠦᠶ᠎ᠠ ᠶᠢᠨ ᠼᠢ ᠱᠢ ᠲᠦᠰᠢᠮᠡᠯ ᠲᠠᠢ ᠠᠳᠠᠯᠢᠪᠳᠤᠷ ᠶᠤᠮ᠃ ᠰᠢᠤᠸᠠᠨ ᠽᠦᠩ | ᠬᠠᠭᠠᠨ ᠤ ᠺᠠᠢ ᠶᠤᠸᠠᠨ ᠤ ᠤᠨ ᠪᠤᠯᠬᠤ ᠳᠤ ︵ᠨᠡᠶᠢᠳᠠ ᠶᠢᠨ ᠤᠨ ᠲᠤᠭᠠᠯᠠᠯ ᠤᠨ713 ᠤᠨ ᠤ ᠦᠶ᠎ᠠ︶᠂ ᠳ᠋ᠤᠤ | ᠭᠡᠭᠴᠢ ᠵᠸᠤ ᠶᠢᠨ ᠲᠡᠭᠡᠷᠡᠬᠢ ᠨᠢᠭᠡ ᠱᠠᠳᠤᠨ ᠤ ᠵᠠᠰᠠᠭ ᠵᠠᠬᠢᠷᠭᠠᠨ ᠤ ᠪᠠᠶᠢᠭᠤᠯᠤᠮᠵᠢ ᠪᠤᠯᠤᠭᠰᠠᠨ ᠪᠠᠶᠢᠨ᠎ᠠ᠃ | ᠲᠠᠩ ᠤᠯᠤᠰ ᠤᠨ ᠡᠬᠢᠨ ᠤ ᠵᠢᠯ ᠳᠤ ᠵᠢᠶᠦ᠋ᠨ ᠢ ᠵᠸᠤ ᠪᠤᠯᠭᠠᠵᠤ ᠦᠭᠡᠷᠡᠴᠢᠯᠡᠭᠰᠡᠨ ᠤ ᠲᠠᠷᠠᠭ᠎ᠠ᠂ ᠲᠠᠩ | ᠰᠢᠤᠸᠠᠨ ᠽᠦᠩ ᠬᠠᠭᠠᠨ ᠤ ᠲᠢᠶᠠᠨ ᠪᠤᠤ ᠶᠢᠨ ᠠᠩᠬᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ742 ᠤᠨ | ︶ ᠪᠤᠯᠬᠤ ᠳᠤ᠂ ᠲᠠᠬᠢᠨ ᠵᠸᠤ ᠶᠢ ᠵᠢᠶᠦ᠋ᠨ ᠪᠤᠯᠭᠠᠨ ᠦᠭᠡᠷᠡᠴᠢᠯᠡᠪᠡ᠃ ᠭᠡᠳᠡᠯ᠎ᠠ ᠬᠤᠷᠢᠨ ᠲᠤᠯᠤᠭᠠᠨ ᠵᠢᠯ ᠤᠨ | ᠲᠠᠷᠠᠭ᠎ᠠ᠂ ᠲᠠᠷᠤᠢ ᠴᠢᠶᠠᠨ ᠶᠤᠸᠠᠨ ᠤ ᠠᠩᠬᠠᠳᠤᠭᠠᠷ ᠤᠨ ᠳᠤ᠂ ᠲᠠᠩ ᠰᠤ᠋ ᠽᠦᠩ ᠬᠠᠭᠠᠨ᠂ ᠲᠠᠬᠢᠨ ᠵᠢᠶᠦ᠋ᠨ ᠢ | ᠵᠸᠤ ᠪᠤᠯᠭᠠᠨ ᠦᠭᠡᠷᠡᠴᠢᠯᠡᠪᠡ᠃ ᠢᠩᠬᠢᠵᠤ ᠲᠠᠬᠢᠨ ᠲᠠᠪᠳᠠᠨ ᠦᠭᠡᠷᠡᠴᠢᠯᠡᠭᠡᠳ᠂ ᠨᠡᠷᠡᠶᠢᠳᠦᠯ ᠪᠤᠯᠤᠨ ᠭᠡᠯᠪᠡᠷᠢ ᠶᠢ | ᠬᠤᠪᠢᠷᠠᠭᠤᠯᠤᠭᠰᠠᠨ ᠠᠴᠠ ᠪᠢᠰᠢ᠂ ᠵᠠᠰᠠᠭ ᠵᠠᠬᠢᠷᠭᠠᠨ ᠤ ᠪᠠᠶᠢᠭᠤᠯᠤᠮᠵᠢ ᠶᠢᠨ ᠮᠦᠨ ᠴᠢᠨᠠᠷ ᠤᠨ ᠲᠠᠯ᠎ᠠ ᠪᠠᠷ ᠲᠡᠳᠦᠢ | ᠶᠡᠭᠡ ᠵᠦᠷᠢᠶ᠎ᠠ ᠦᠭᠡᠢ ᠶᠤᠮ᠃ | ᠲᠠᠩ ᠤᠯᠤᠰ ᠤᠨ ᠦᠶ᠎ᠠ ᠳᠤ᠂ ᠤᠷᠳᠤᠰ ᠲᠠᠢ ᠬᠠᠮᠢᠶ᠎ᠠ ᠲᠠᠢ ᠵᠸᠤ ᠵᠢᠷᠭᠤᠭ᠎ᠠ᠂ ᠰᠢᠶᠠᠨ ᠠᠷᠪᠠᠨ ᠲᠠᠪᠤ ᠪᠠᠶᠢᠪᠠ | ᠃ ᠡᠬᠦᠨ ᠤ ᠲᠤᠳᠤᠷ᠎ᠠ᠂ ᠵᠠᠷᠢᠮ ᠵᠸᠤ ᠰᠢᠶᠠᠨ ᠪᠦᠬᠦᠨ ᠢᠶᠠᠷ ᠢᠶᠠᠨ ᠤᠷᠳᠤᠰ ᠲᠤ ᠪᠠᠶᠢᠭᠰᠠᠨ ᠪᠦᠭᠡᠳ ᠵᠠᠷᠢᠮ ᠵᠸᠤ | ᠰᠢᠶᠠᠨ ᠤᠷᠳᠤᠰ ᠪᠠ ᠲᠡᠬᠦᠨ ᠤ ᠬᠦᠷᠰᠢ ᠵᠡᠷᠭᠡᠯᠡᠳᠡᠭᠡ ᠭᠠᠵᠠᠷ ᠤᠳ ᠢ ᠡᠵᠡᠯᠡᠵᠤ ᠪᠠᠶᠢᠪᠠ᠃ | ᠲᠠᠩ ᠤᠯᠤᠰ ᠤᠨ ᠰᠢᠶᠠ ᠵᠸᠤ᠂ ᠰᠦᠢ ᠤᠯᠤᠰ ᠤᠨ ᠦᠶ᠎ᠠ ᠶᠢᠨ ᠰᠢᠶᠠ ᠵᠸᠤ ᠶᠢᠨ ᠡᠵᠡᠯᠡᠵᠤ ᠪᠠᠶᠢᠭᠰᠠᠨ | ᠭᠠᠵᠠᠷ ᠲᠠᠢ ᠠᠳᠠᠯᠢ᠂ ᠤᠳᠤ ᠶᠢᠨ ᠦᠤᠰᠢᠨ ᠬᠤᠰᠢᠭᠤ ᠪᠠ ᠲᠡᠬᠦᠨ ᠠᠴᠠ ᠡᠮᠦᠨᠡᠰᠢ ᠤᠷᠳᠤ ᠴᠠᠭᠠᠨ ᠭᠡᠷᠡᠮ ᠬᠦᠷᠬᠦ | ᠦᠷᠭᠡᠨ ᠠᠭᠤᠳᠠᠮ ᠭᠠᠵᠠᠷ ᠪᠠᠭᠳᠠᠵᠤ ᠪᠠᠶᠢᠪᠠ᠃ ᠶᠠᠨ ᠯᠤ᠋ ᠰᠢᠶᠠᠨ᠂ ᠦᠤᠰᠢᠨ ᠬᠤᠰᠢᠭᠤᠨ ᠤ ᠡᠮᠦᠨᠡᠬᠢ ᠦᠷᠭᠡᠨ | ᠠᠭᠤᠳᠠᠮ ᠭᠠᠵᠠᠷ ᠢ ᠬᠠᠮᠢᠶᠠᠷᠴᠤ᠂ ᠵᠧᠨ ᠭᠤᠸᠠᠨ ᠤ ᠵᠢᠯ ᠤᠳ ᠲᠤ ᠱᠦᠸᠧ ᠹᠠᠩ ᠰᠢᠶᠠᠨ ᠬᠡᠵᠤ ᠨᠡᠷᠡᠶᠢᠳᠴᠤ | ᠦᠩᠭᠡᠷᠡᠪᠡ᠃ ᠳ᠋ᠧ ᠵᠢᠩ ᠰᠢᠶᠠᠨ ᠪᠤᠯ ᠤᠳᠤ ᠶᠢᠨ ᠦᠤᠰᠢᠨ ᠬᠤᠰᠢᠭᠤᠨ ᠤ ᠦᠤᠰᠢᠨᠵᠤᠤ ᠶᠢᠨ ᠵᠡᠬᠦᠨ ᠡᠮᠦᠨᠡᠬᠦᠷᠬᠢ | ᠭᠠᠵᠠᠷ ᠢ ᠬᠠᠮᠢᠶᠠᠷᠴᠤ ᠪᠠᠶᠢᠪᠠ᠃ ᠨᠢᠩ ᠱᠦᠸᠧ ᠰᠢᠶᠠᠨ ᠤ ᠬᠤᠳᠠ ᠱᠠᠨᠰᠢ ᠮᠤᠵᠢ ᠶᠢᠨ ᠡᠾᠧᠩ ᠱᠠᠨ ᠰᠢᠶᠠᠨ ᠤ | ᠯᠤ᠋ ᠡᠾᠧ ᠭᠤᠤᠯ ᠤᠨ ᠬᠦᠪᠡᠭᠡᠨ ᠳᠤ ᠪᠠᠶᠢᠪᠠ᠃ ᠭᠡᠳᠡᠯ᠎ᠠ ᠲᠡᠬᠦᠨ ᠤ ᠬᠠᠮᠢᠶᠠᠷᠴᠤ ᠪᠠᠶᠢᠭᠰᠠᠨ ᠭᠠᠵᠠᠷ ᠲᠤ | ᠤᠷᠳᠤᠰ ᠤᠨ ᠡᠮᠦᠨ᠎ᠡ ᠦᠵᠦᠬᠦᠷ ᠤᠨ ᠵᠡᠬᠦᠨ ᠭᠡᠰᠡᠭ ᠤᠨ ᠭᠠᠵᠠᠷ ᠤᠳ ᠪᠠᠭᠳᠠᠵᠤ ᠪᠠᠶᠢᠪᠠ᠃ ᠰᠦᠢ ᠤᠯᠤᠰ ᠤᠨ | ᠰᠡᠬᠦᠯᠴᠢ᠂ ᠲᠠᠩ ᠤᠯᠤᠰ ᠤᠨ ᠡᠬᠢ ᠪᠠᠷ᠂ ᠯᠢᠶᠠᠩ ᠱᠢ ᠳ᠋ᠦ᠋ ᠭᠡᠰᠡᠭᠯᠡᠨ ᠲᠤᠰᠭᠠᠷᠯᠠᠬᠤ ᠦᠶ᠎ᠠ᠂ ᠡᠨᠡ ᠭᠡᠰᠡᠭ | ᠭᠠᠵᠠᠷ ᠤᠨ ᠵᠠᠷᠢᠮ ᠢ ᠡᠵᠡᠯᠡᠵᠤ ᠪᠠᠶᠢᠪᠠ᠃ ᠴᠠᠩ ᠽᠧ ᠰᠢᠶᠠᠨ ᠤᠷᠳᠤᠰ ᠤᠨ ᠬᠠᠮᠤᠭ ᠤᠨ ᠡᠮᠦᠨ᠎ᠡ ᠦᠵᠦᠬᠦᠷ ᠢ | ᠬᠠᠮᠢᠶᠠᠷᠴᠤ ᠪᠠᠶᠢᠪᠠ᠃ | ᠶᠠᠨ ᠵᠸᠤ ᠪᠤᠯ ᠰᠦᠢ ᠤᠯᠤᠰ ᠤᠨ ᠦᠶ᠎ᠠ ᠶᠢᠨ ᠶᠧ ᠴᠤᠸᠠᠨ ᠵᠢᠶᠦ᠋ᠨ ᠤ ᠭᠠᠵᠠᠷ ᠪᠤᠯᠤᠨ᠎ᠠ᠃ ᠲᠤᠰ ᠵᠸᠤ ᠶᠢᠨ | ᠬᠠᠮᠢᠶᠠᠷᠴᠤ ᠪᠠᠶᠢᠭᠰᠠᠨ ᠭᠠᠵᠠᠷ ᠤᠨ ᠭᠤᠤᠯ ᠲᠦᠪ ᠪᠤᠯ ᠤᠳᠤ ᠶᠢᠨ ᠱᠠᠨᠰᠢ ᠮᠤᠵᠢ ᠶᠢᠨ ᠳ᠋ᠢᠩ ᠪᠢᠶᠠᠨ ︵ᠶᠡᠭᠡ | ᠮᠠᠭᠠᠰᠢᠩ︶ ᠰᠢᠶᠠᠨ ᠤᠷᠴᠢᠮ ᠤᠨ ᠭᠠᠵᠠᠷ ᠪᠤᠯᠤᠨ᠎ᠠ᠃ ᠭᠡᠳᠡᠯ᠎ᠠ ᠤᠳᠤ ᠤᠳᠤᠭ ᠤᠨ ᠡᠮᠦᠨᠡᠳᠤ ᠬᠤᠰᠢᠭᠤᠨ ᠤ | ᠵᠡᠬᠦᠨ ᠡᠮᠦᠨ᠎ᠡ ᠭᠡᠰᠡᠭ ᠪᠠᠭᠳᠠᠵᠤ ᠪᠠᠶᠢᠪᠠ᠃ ᠲᠢᠶᠠᠨ ᠪᠤᠤ ᠶᠢᠨ ᠠᠩᠬᠠᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ742 ᠤᠨ︶ ᠳᠤ᠂ ᠶᠠᠨ ᠵᠸᠤ ᠶᠢ ᠡᠤ ᠶᠤᠸᠠᠨ ᠵᠢᠶᠦ᠋ᠨ ᠭᠡᠵᠤ ᠦᠭᠡᠷᠡᠴᠢᠯᠡᠪᠡ᠃ ᠴᠢᠶᠠᠨ | ᠶᠤᠸᠠᠨ ᠤ ᠠᠩᠬᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ758 ᠤᠨ︶ ᠳᠤ᠂ ᠲᠠᠬᠢᠨ ᠶᠠᠨ ᠵᠸᠤ ᠭᠡᠵᠤ | ᠦᠭᠡᠷᠡᠴᠢᠯᠡᠪᠡ᠃ ᠶᠧ ᠵᠸᠤ ᠶᠢᠨ ᠬᠠᠷᠢᠶᠠᠳᠤ ᠡᠤ ᠶᠤᠸᠠᠨ ᠰᠢᠶᠠᠨ ᠳᠤ ᠤᠳᠤ ᠶᠢᠨ ᠤᠳᠤᠭ ᠤᠨ ᠡᠮᠦᠨᠡᠳᠤ | ᠬᠤᠰᠢᠭᠤᠨ ᠤ ᠵᠡᠬᠦᠨ ᠡᠮᠦᠨ᠎ᠡ ᠪᠡᠶ᠎ᠠ ᠬᠠᠮᠢᠶᠠᠷᠤᠭᠳᠠᠵᠤ ᠪᠠᠶᠢᠪᠠ᠃ ᠶᠠᠨ ᠵᠸᠤ ᠶᠢᠨ ᠵᠠᠰᠠᠭ ᠵᠠᠬᠢᠷᠠᠭᠠᠨ ᠤ | ᠪᠠᠶᠢᠭᠤᠯᠤᠯᠭ᠎ᠠ ᠡᠤ ᠶᠤᠸᠠᠨ ᠰᠢᠶᠠᠨ ᠳᠤ ᠪᠠᠶᠢᠭᠰᠠᠨ ᠪᠤᠯᠬᠤᠷ ᠶᠠᠨ ᠵᠸᠤ ᠶᠢ ᠪᠠᠰᠠ ᠡᠤ ᠶᠤᠸᠠᠨ ᠵᠢᠶᠦ᠋ᠨ ᠭᠡᠵᠤ | ᠪᠠᠶᠢᠵᠠᠢ᠃ | ᠹᠧᠩᠵᠸᠤ ᠪᠤᠯ ᠰᠦᠢ ᠤᠯᠤᠰ ᠤᠨ ᠦᠶ᠎ᠠ ᠶᠢᠨ ᠡᠤ ᠶᠤᠸᠠᠨ ᠵᠢᠶᠦ᠋ᠨ ᠤ ᠭᠠᠵᠠᠷ ᠪᠤᠯᠤᠨ᠎ᠠ᠃ ᠰᠦᠢ | ᠤᠯᠤᠰ ᠤᠨ ᠰᠡᠬᠦᠯᠴᠢ ᠶᠢᠨ ᠵᠢᠯ ᠤᠳ ᠲᠤ ᠬᠦᠢ ᠱᠦᠨ ᠵᠢᠶᠦ᠋ᠨ ᠬᠡᠵᠤ ᠦᠭᠡᠷᠡᠴᠢᠯᠡᠵᠤ ᠦᠩᠭᠡᠷᠡᠪᠡ᠃ ᠲᠠᠩ | ᠤᠯᠤᠰ ᠤᠨ ᠡᠬᠢᠨ ᠤ ᠵᠢᠯ ᠤᠳ ᠲᠤ ᠲᠠᠬᠢᠨ ᠹᠧᠩᠵᠸᠤ ᠬᠡᠵᠤ ᠦᠭᠡᠷᠡᠴᠢᠯᠡᠵᠠᠢ᠃ ᠵᠧᠨ ᠭᠤᠸᠠᠨ ᠤ ᠬᠤᠷᠢᠨ | ᠭᠤᠷᠪᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ649 ᠤᠨ︶ ᠳᠤ᠂ ᠲᠠᠬᠢᠨ ᠹᠧᠩᠵᠸᠤ ᠬᠡᠵᠤ | ᠪᠠᠶᠢᠭᠤᠯᠤᠭᠠᠳ ᠲᠤᠳᠤᠷ ᠭᠠᠵᠠᠷ ᠠᠴᠠ ᠲᠦᠮᠡ ᠰᠢᠬᠠᠮ ᠬᠦᠮᠦᠨ ᠢ ᠨᠡᠬᠦᠯᠭᠡᠨ ᠠᠪᠴᠢᠷᠠᠵᠤ ᠲᠡᠬᠦᠯᠳᠡᠷᠵᠢᠬᠦᠯᠪᠡ᠃ | ᠰᠧ ᠱᠧᠩ ᠤᠨ ᠠᠩᠬᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ684 ᠤᠨ︶ ᠳᠤ᠂ ᠵᠡᠬᠦᠨ ᠲᠶᠦ᠋ᠷᠺ ᠤᠨ | ᠬᠠᠭᠠᠨᠳᠤ ᠤᠯᠤᠰ ᠮᠦᠬᠦᠬᠦ ᠦᠶ᠎ᠠ ᠳᠤ᠂ ᠶᠡᠭᠡ ᠬᠡᠮᠵᠢᠶᠠᠨ ᠤ ᠲᠶᠦ᠋ᠷᠺᠴᠤᠳ ᠲᠠᠩ ᠤᠯᠤᠰ ᠲᠤ ᠪᠠᠭᠤᠵᠤ ᠦᠭᠪᠡ᠃ | ᠲᠠᠩ ᠤᠯᠤᠰ ᠲᠡᠳᠡᠨ ᠢ ᠲᠦᠪᠬᠢᠨᠡᠬᠦᠯᠬᠦ ᠶᠢᠨ ᠲᠦᠯᠦᠭᠡ ᠳ᠋ᠦᠳᠦ᠋ ᠹᠦ᠋ ᠪᠠᠶᠢᠭᠤᠯᠵᠤ᠂ ᠲᠶᠦ᠋ᠷᠺᠴᠤᠳ ᠢ | ᠬᠠᠮᠢᠶᠠᠷᠤᠭᠤᠯᠪᠠ᠃ ᠹᠧᠩᠵᠸᠤ ᠶᠢᠨ ᠬᠠᠷᠢᠶᠠᠳᠤ ᠵᠢᠤ ᠶᠤᠸᠠᠨ ᠰᠢᠶᠠᠨ ᠪᠤᠯ ᠬᠠᠳᠤᠨ ᠭᠤᠤᠯ ᠪᠠ ᠦᠵᠦᠭᠦᠷ | ᠭᠤᠤᠯ ᠤᠨ ᠬᠤᠭᠤᠷᠤᠨᠳᠤᠬᠢ ᠵᠡᠬᠦᠨ ᠭᠡᠰᠡᠭ᠂ ᠲᠤᠬᠠᠶᠢᠯᠠᠪᠠᠯ ᠤᠳᠤ ᠶᠢᠨ ᠡᠤ ᠶᠤᠸᠠᠨ ᠰᠢᠶᠠᠨ᠂ ᠤᠷᠠᠳ ᠤᠨ | ᠡᠮᠦᠨᠡᠳᠤ ᠬᠤᠰᠢᠭᠤ ᠵᠢᠴᠢ ᠬᠠᠳᠤᠨ ᠭᠤᠤᠯ ᠤᠨ ᠡᠮᠦᠨᠡᠬᠢ ᠲᠠᠯᠠᠳ᠂ ᠬᠠᠩᠬᠢᠨ ᠤ ᠭᠡᠰᠡᠭ ᠭᠠᠵᠠᠷ ᠢ ᠬᠠᠮᠢᠶᠠᠷᠴᠤ | ᠪᠠᠶᠢᠪᠠ᠃ ᠶᠦᠩ ᠹᠧᠩ ᠰᠢᠶᠠᠨ ᠪᠤᠯ ᠬᠠᠳᠤᠨ ᠭᠤᠤᠯ ᠪᠠ ᠦᠵᠦᠬᠦᠷ ᠭᠤᠤᠯ ᠤᠨ ᠬᠤᠭᠤᠷᠤᠨᠳᠤᠬᠢ ᠪᠠᠷᠠᠭᠤᠨ | ᠭᠡᠰᠡᠭ᠂ ᠲᠤᠬᠠᠶᠢᠯᠠᠪᠠᠯ ᠤᠳᠤ ᠶᠢᠨ ᠯᠢᠨ ᠡᠾᠧ ᠰᠢᠶᠠᠨ᠂ ᠬᠠᠩᠬᠢᠨ ᠬᠤᠶᠢᠳᠤ ᠬᠤᠰᠢᠭᠤ ᠵᠢᠴᠢ ᠬᠠᠩᠬᠢᠨ | ᠬᠤᠰᠢᠭᠤᠨ ᠤ ᠪᠠᠷᠠᠭᠤᠨ ᠬᠤᠶᠢᠳᠤ ᠭᠡᠰᠡᠭ ᠢ ᠬᠠᠮᠢᠶᠠᠷᠴᠤ ᠪᠠᠶᠢᠪᠠ᠃ | ᠱᠧᠩ ᠵᠸᠤ ᠪᠤᠯ ᠰᠦᠢ ᠤᠯᠤᠰ ᠤᠨ ᠰᠡᠬᠦᠯᠴᠢ ᠶᠢᠨ ᠢᠤᠢ ᠯᠢᠨ ᠵᠢᠶᠦ᠋ᠨ ᠤ ᠭᠠᠵᠠᠷ ᠪᠤᠯᠤᠨ᠎ᠠ᠃ ᠤᠷᠳᠤᠰ | ᠨᠤᠳᠤᠭ ᠤᠭ ᠲᠠᠭᠠᠨ ᠱᠧᠩ ᠵᠸᠤ ᠶᠢᠨ ᠬᠠᠭᠤᠴᠢᠨ ᠭᠠᠵᠠᠷ ᠲᠤ ᠬᠠᠷᠢᠶᠠᠯᠠᠭᠳᠠᠵᠤ ᠪᠠᠶᠢᠪᠠ᠃ ᠱᠧᠩ ᠵᠸᠤ ᠶᠢᠨ | ᠬᠠᠷᠢᠶᠠᠳᠤ ᠢᠤᠢ ᠯᠢᠨ ᠰᠢᠶᠠᠨ ᠪᠤᠯ ᠤᠳᠤ ᠶᠢᠨ ᠤᠷᠳᠤᠰ ᠤᠨ ᠲᠠᠯᠠᠳ ᠬᠤᠰᠢᠭᠤ᠂ ᠵᠡᠬᠦᠨᠭᠠᠷ ᠬᠤᠰᠢᠭᠤ᠂ | ᠳ᠋ᠦᠩᠱᠧᠩ ᠬᠤᠳᠠ᠂ ᠡᠵᠡᠨ ᠬᠤᠷᠤᠭ᠎ᠠ ᠬᠤᠰᠢᠭᠤᠨ ᠤ ᠭᠡᠰᠡᠭ ᠭᠠᠵᠠᠷ ᠢ ᠬᠠᠮᠢᠶᠠᠷᠴᠤ ᠪᠠᠶᠢᠪᠠ᠃ ᠡᠾᠧ ᠪᠢᠨ | ᠰᠢᠶᠠᠨ ᠤ ᠬᠤᠳᠠ ᠪᠤᠯ ᠤᠳᠤ ᠶᠢᠨ ᠵᠡᠬᠦᠨᠭᠠᠷ ᠬᠤᠰᠢᠭᠤᠨ ᠤ ᠵᠡᠬᠦᠨ ᠬᠦᠨᠳᠠᠢ ᠶᠢᠨ ᠢᠤᠢ ᠯᠢᠨ ᠸᠠᠨ ᠤᠷᠴᠢᠮ | ᠪᠠᠶᠢᠵᠠᠢ᠃ ᠤᠳᠤ ᠶᠢᠨ ᠵᠡᠬᠦᠨᠭᠠᠷ ᠪᠠ ᠳ᠋ᠦᠩᠱᠧᠩ ᠤᠨ ᠭᠡᠰᠡᠭ ᠭᠠᠵᠠᠷ ᠢ ᠬᠠᠮᠢᠶᠠᠷᠴᠤ ᠪᠠᠶᠢᠪᠠ᠃ | ᠯᠢᠩ ᠵᠸᠤ ᠪᠤᠯ ᠰᠦᠢ ᠤᠯᠤᠰ ᠤᠨ ᠦᠶ᠎ᠠ ᠶᠢᠨ ᠯᠢᠩ ᠡᠤ ᠵᠢᠶᠦ᠋ᠨ ᠤ ᠬᠠᠷᠢᠶᠠᠨ ᠳᠤ ᠪᠠᠶᠢᠭᠰᠠᠨ ᠬᠠᠳᠤᠨ | ᠭᠤᠤᠯ ᠤᠨ ᠵᠡᠬᠦᠨ ᠬᠦᠪᠡᠭᠡᠨ ᠳᠠᠬᠢ ᠬᠤᠶᠢᠰᠢ ᠤᠷᠤᠭᠰᠢ ᠦᠷᠬᠦᠯᠵᠢᠯᠡᠭᠰᠡᠨ ᠨᠠᠷᠢᠬᠠᠨ ᠤᠷᠳᠤ ᠭᠠᠵᠠᠷ ᠪᠤᠯᠤᠨ᠎ᠠ᠃ | ᠤᠳᠤ ᠶᠢᠨ ᠤᠳᠤᠭ ᠬᠤᠰᠢᠭᠤ᠂ ᠤᠳᠤᠭ ᠤᠨ ᠡᠮᠦᠨᠡᠳᠣ ᠬᠤᠰᠢᠭᠤᠨ ᠤ ᠵᠠᠷᠢᠮ ᠭᠠᠵᠠᠷ᠂ ᠦᠬᠠᠢ ᠬᠤᠳᠠ | ᠤᠷᠴᠢᠮ ᠤᠨ ᠭᠠᠵᠠᠷ ᠤᠳ ᠪᠠᠭᠳᠠᠨ᠎ᠠ᠃ ᠲᠢᠶᠠᠨ ᠪᠤᠤ ᠶᠢᠨ ᠠᠩᠬᠠᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ742 ᠤᠨ︶ ᠳᠤ᠂ ᠯᠢᠩ ᠵᠸᠤ ᠶᠢ ᠯᠢᠨ ᠡᠤ ᠵᠢᠶᠦ᠋ᠨ ᠬᠡᠵᠤ ᠦᠭᠡᠷᠡᠴᠢᠯᠡᠵᠤ᠂ ᠰᠡᠬᠦᠯᠡᠷ ᠲᠠᠬᠢᠨ | ᠯᠢᠩ ᠵᠸᠤ ᠭᠡᠪᠡ᠃ | ᠶᠢᠤ ᠵᠸᠤ ᠪᠤᠯ ᠰᠢᠶᠠ ᠵᠸᠤ ᠪᠠ ᠯᠢᠩ ᠵᠸᠤ ᠶᠢᠨ ᠬᠤᠭᠤᠷᠤᠨᠳᠤ ᠪᠠᠶᠢᠷᠢᠯᠠᠵᠤ ᠪᠤᠢ᠃ ᠦᠭᠡᠷ᠎ᠡ ᠪᠠᠷ ᠬᠡᠯᠡᠪᠡᠯ᠂ | ᠲᠶᠦ᠋ᠷᠺᠴᠤᠳ ᠤᠨ ᠰᠠᠮᠠᠭᠤᠷᠠᠯ ᠢ ᠲᠦᠪᠰᠢᠳᠭᠡᠭᠰᠡᠨ ᠤ ᠰᠡᠬᠦᠯᠡᠷ᠂ ᠪᠠᠭᠤᠵᠤ ᠦᠭᠬᠦᠭᠰᠡᠨ ︽ᠵᠢᠷᠭᠤᠭᠠᠨ ᠬᠤ᠋ ᠶᠢᠨ | ᠵᠸᠤ ︵ᠯᠢᠤ ᠬᠤ᠋ ᠵᠸᠤ︶︾ ︵ᠯᠤ᠋ ᠵᠸᠤ᠂ ᠯᠢ ᠵᠸᠤ᠂ ᠬᠠᠨ ᠵᠸᠤ᠂ ᠽᠠᠢ ᠵᠸᠤ᠂ ᠴᠢ ᠵᠸᠤ︶ ᠶᠢᠨ ᠭᠠᠵᠠᠷ ᠮᠦᠨ᠃ | ᠰᠢᠶᠠ ᠵᠸᠤ ᠶᠢᠨ ᠪᠠᠷᠠᠭᠤᠨ ᠬᠤᠶᠢᠳᠠᠢ᠂ ᠯᠢᠩ ᠵᠸᠤ ᠶᠢᠨ ᠵᠡᠬᠦᠨ ᠤᠷᠢᠳᠠᠢ᠂ ᠤᠳᠤ ᠶᠢᠨ ᠤᠳᠤᠭ ᠬᠤᠰᠢᠭᠤᠨ ᠤ | ᠵᠡᠬᠦᠨᠳᠡᠬᠦᠷ ᠪᠠᠶᠢᠷᠢᠰᠢᠵᠤ ᠪᠠᠶᠢᠪᠠ᠃ ᠬᠤᠴᠤᠳ ᠲᠠᠩ ᠤᠯᠤᠰ ᠠᠴᠠ ᠤᠷᠪᠠᠵᠤ᠂ ᠲᠠᠩ ᠤᠯᠤᠰ ᠲᠡᠳᠠᠨ ᠤ | ᠤᠷᠪᠠᠯᠭ᠎ᠠ ᠶᠢ ᠲᠠᠷᠤᠭᠰᠠᠨ ᠤ ᠲᠠᠷᠠᠭ᠎ᠠ᠂ ᠬᠤᠴᠤᠳ ᠢ ᠵᠢᠶᠠᠩ ᠬᠤᠸᠠᠢ ᠤᠷᠤᠨ ᠳᠤ ᠨᠡᠬᠦᠯᠭᠡᠵᠠᠢ᠃ ᠭᠡᠪᠡᠴᠤ | ᠲᠤᠮᠳᠠᠳᠤ ᠤᠷᠤᠨ ᠤ ᠠᠮᠢᠳᠤᠷᠠᠯ ᠳᠤ ᠲᠠᠰᠬᠤ ᠦᠭᠡᠢ ᠲᠤᠯᠠ᠂ ᠪᠦᠯᠦᠭ ᠪᠦᠯᠦᠭ ᠢᠶᠠᠷ ᠤᠭ ᠨᠤᠳᠤᠭ ᠤᠷᠳᠤᠰ | ᠲᠠᠭᠠᠨ ᠪᠤᠴᠠᠬᠤ ᠪᠠᠷ ᠱᠠᠭᠠᠷᠳᠠᠵᠠᠢ᠃ ᠡᠨᠡ ᠪᠠᠶᠢᠳᠠᠯ ᠲᠤᠤᠷ᠎ᠠ᠂ ᠲᠠᠩ ᠰᠢᠤᠸᠠᠨ ᠽᠦᠩ ᠬᠠᠭᠠᠨ ᠰᠢᠶᠠ ᠵᠸᠤ᠂ | ᠯᠢᠨ ᠵᠸᠤ ᠶᠢᠨ ᠬᠤᠭᠤᠷᠤᠨᠳᠤ ᠶᠢᠤ ᠵᠸᠤ ᠬᠡᠵᠤ ᠪᠠᠶᠢᠭᠤᠯᠬᠤ ᠪᠠᠷ ᠵᠠᠷᠯᠢᠭ ᠪᠠᠭᠤᠯᠭᠠᠵᠤ᠂ ᠡᠮᠦᠨ᠎ᠡ ᠠᠴᠠ ᠪᠤᠴᠠᠵᠤ | ᠢᠷᠡᠭᠰᠡᠨ ᠬᠤᠴᠤᠳ ᠢ ᠰᠠᠭᠤᠯᠭᠠᠵᠠᠢ᠃ ᠶᠢᠤ ᠵᠸᠤ ᠶᠢᠨ ᠬᠠᠷᠢᠶᠠᠳᠤ ᠶᠠᠨ ᠡᠸ᠋ᠨ ᠰᠢᠶᠠᠨ ᠤᠳᠤ ᠶᠢᠨ ᠤᠳᠤᠭ ᠤᠨ | ᠡᠮᠦᠨᠡᠳᠤ ᠬᠤᠰᠢᠭᠤᠨ ᠤ ᠭᠡᠰᠡᠭ ᠭᠠᠵᠠᠷ ᠢ ᠬᠠᠮᠢᠶᠠᠷᠴᠤ᠂ ᠬᠦᠢ ᠷᠧᠨ ᠰᠢᠶᠠᠨ ᠤᠳᠤ ᠶᠢᠨ ᠤᠳᠤᠭ ᠤᠨ ᠬᠡᠰᠡᠭ | ᠭᠠᠵᠠᠷ ᠢ ᠬᠠᠮᠢᠶᠠᠷᠴᠤ ᠪᠠᠶᠢᠪᠠ᠃ | ᠲᠠᠩ ᠤᠯᠤᠰ ᠤᠨ ᠦᠶ᠎ᠠ ᠶᠢᠨ ᠳ᠋ᠦᠳᠦ᠋ ᠶᠢᠨ ᠤᠷᠳᠤᠨ ᠪᠠ ᠵᠢᠶᠧ ᠳ᠋ᠦ᠋ ᠱᠢ ᠲᠦᠰᠢᠮᠡᠯ ᠪᠤᠯ ᠡᠬᠢᠯᠡᠬᠦ | ᠦᠶ᠎ᠠ ᠳᠡᠭᠡᠨ ᠴᠡᠷᠢᠭ ᠤᠨ ᠶᠠᠪᠤᠳᠠᠯ ᠢ ᠭᠤᠤᠯ ᠬᠠᠮᠢᠶᠠᠷᠳᠠᠭ ᠪᠠᠶᠢᠭᠤᠯᠤᠮᠵᠢ ᠪᠠᠶᠢᠪᠠ᠃ ᠭᠡᠪᠡᠴᠤ ᠣᠨᠴᠠᠭᠠᠢ ᠪᠠᠶᠢᠳᠠᠯ | ᠲᠤᠤᠷ᠎ᠠ ᠪᠠᠰᠠ ᠵᠠᠰᠠᠭ ᠵᠠᠬᠢᠷᠭ᠎ᠠ ᠶᠢ ᠬᠠᠪᠰᠤᠷᠭᠠᠨ ᠬᠠᠷᠢᠭᠤᠴᠠᠳᠠᠭ᠃ ᠡᠬᠦᠨ ᠤ ᠲᠠᠭᠠᠤ᠂ ᠵᠸᠤ ᠶᠢᠨ ᠼᠢ ᠱᠢ | ᠲᠦᠰᠢᠮᠡᠯ ᠪᠠᠰᠠ ᠳ᠋ᠦᠳᠦ᠋ ᠹᠦ᠋ ᠶᠢᠨ ᠳᠤ ᠨᠢᠭᠡᠳᠦᠯᠳᠠᠢ ᠬᠠᠮᠢᠶᠠᠷᠤᠭᠳᠠᠳᠠᠭ᠃ ᠤᠷᠳᠤᠰ ᠲᠤ ᠤᠷᠢᠳ ᠬᠤᠵᠢᠳ | ᠲᠦᠷᠪᠡᠨ ᠳ᠋ᠦᠳᠦ᠋ ᠹᠦ᠋ ᠪᠠᠶᠢᠪᠠ᠃ ᠲᠤᠬᠠᠶᠢᠯᠠᠪᠠᠯ ᠰᠢᠶᠠ ᠵᠸᠤ ᠶᠢᠨ ᠳ᠋ᠦᠳᠦ᠋ ᠹᠦ᠋᠂ ᠯᠢᠩ ᠵᠸᠤ ᠶᠢᠨ ᠶᠡᠭᠡ ᠳ᠋ᠦᠳᠦ᠋ | ᠹᠦ᠋ ︵ᠠᠷᠪᠠᠨ ᠵᠸᠤ ᠶᠢ ᠬᠠᠮᠢᠶᠠᠷᠳᠠᠭ︶᠂ ᠶᠠᠨ ᠵᠸᠤ ᠶᠢᠨ ᠳ᠋ᠦᠳᠦ᠋ ᠹᠦ᠋᠂ ᠹᠧᠩᠵᠸᠤ ᠶᠢᠨ ᠳ᠋ᠦᠳᠦ᠋ ᠹᠦ᠋ ︵ | ᠹᠧᠩᠵᠸᠤ ᠶᠢᠨ ᠳ᠋ᠦᠳᠦ᠋ ᠹᠦ᠋ ᠶᠢᠨ ᠬᠠᠷᠢᠶᠠᠨ ᠳᠤ ᠵᠡᠬᠦᠨ ᠱᠸᠤ ᠰᠢᠶᠠᠩ ᠴᠧᠩ᠂ ᠪᠠᠷᠠᠭᠤᠨ ᠱᠸᠤ ᠰᠢᠶᠠᠩ ᠴᠧᠩ᠂ | ᠲᠤᠮᠳᠠ ᠱᠸᠤ ᠰᠢᠶᠠᠩ ᠴᠧᠩ ᠵᠡᠷᠭᠡ ᠪᠤᠢ᠂ ᠭᠤᠷᠪᠠᠨ ᠱᠸᠤ ᠰᠢᠶᠠᠩ ᠴᠧᠩ ᠪᠤᠯ ᠲᠶᠦ᠋ᠷᠺ ᠤᠨ ᠡᠮᠦᠨᠡᠰᠢ | ᠤᠷᠤᠬᠤ ᠶᠢ ᠰᠡᠷᠭᠡᠶᠢᠯᠡᠬᠦ ᠶᠢᠨ ᠲᠦᠯᠦᠭᠡ ᠱᠦᠸᠧ ᠹᠠᠩ ᠤᠨ ᠴᠡᠷᠢᠭ ᠤᠨ ᠶᠡᠷᠦᠩᠭᠡᠢ ᠬᠠᠮᠢᠶᠠᠷᠤᠭᠴᠢ ᠵᠠᠩ ᠷᠧᠨ | ᠶᠤᠸᠠᠨ ᠪᠠᠶᠢᠭᠤᠯᠤᠭᠰᠠᠨ ᠶᠤᠮ︶᠃ ᠵᠢᠶᠧ ᠳ᠋ᠦ᠋ ᠱᠢ ᠲᠦᠰᠢᠮᠡᠯ ᠪᠤᠯ ᠴᠡᠷᠢᠭ ᠤᠨ ᠶᠠᠪᠤᠳᠠᠯ ᠢ ᠬᠠᠮᠢᠶᠠᠷᠳᠠᠭ ᠳ᠋ᠦᠳᠦ᠋ | ᠹᠦ᠋ ᠠᠴᠠ ᠬᠤᠪᠢᠷᠠᠵᠤ ᠢᠷᠡᠭᠰᠡᠨ ᠶᠤᠮ᠃ ᠲᠡᠷᠠ ᠲᠤᠰᠬᠠᠶᠢᠯᠠᠨ ᠴᠡᠷᠢᠭ ᠤᠨ ᠶᠠᠪᠤᠳᠠᠯ ᠢ ᠬᠠᠮᠢᠶᠠᠷᠴᠤ ᠪᠠᠶᠢᠭᠰᠠᠨ ᠠᠴᠠ | ᠪᠠᠨ ᠦᠷᠭᠡᠵᠢᠭᠡᠳ ᠭᠠᠵᠠᠷ ᠲᠠᠷᠢᠶ᠎ᠠ᠂ ᠡᠳ᠋ ᠤᠨ ᠶᠠᠪᠤᠳᠠᠯ᠂ ᠢᠯᠪᠢᠨ ᠲᠠᠭᠠᠭᠤᠯᠬᠤ᠂ ᠴᠠᠭᠳᠠᠨ ᠪᠠᠶᠢᠴᠠᠭᠠᠬᠤ ᠠᠵᠢᠯ ᠢ | ᠬᠠᠮᠢᠶ᠋ᠷᠠᠬᠤ ᠪᠤᠯᠵᠤ᠂ ᠭᠠᠵᠠᠷ ᠤᠷᠤᠨ ᠤ ᠴᠡᠷᠢᠭ ᠤᠨ ᠶᠠᠪᠤᠳᠠᠯ᠂ ᠤᠯᠤᠰ ᠲᠦᠷᠤ᠂ ᠡᠳ᠋ ᠤᠨ ᠵᠠᠰᠠᠭ ᠢ ᠬᠠᠮᠢᠶᠠᠷᠬᠤ | ᠬᠠᠮᠤᠭ ᠤᠨ ᠲᠤᠮᠤ ᠨᠤᠶᠠᠨ ᠪᠤᠯᠤᠭᠰᠠᠨ ᠪᠠᠶᠢᠨ᠎ᠠ᠃ ᠤᠷᠳᠤᠰ ᠲᠠᠢ ᠬᠠᠮᠢᠶ᠎ᠠ ᠲᠠᠢ ᠵᠢᠶᠧ ᠳ᠋ᠦ᠋ ᠱᠢ ᠲᠦᠰᠢᠮᠡᠯ ᠳᠤ᠂ | ᠱᠦᠸᠧ ᠹᠠᠩ ᠤᠨ ᠵᠢᠶᠧ ᠳ᠋ᠦ᠋ ᠱᠢ ᠲᠦᠰᠢᠮᠡᠯ ︵ᠯᠢᠨ ᠡᠤ ᠪᠤᠶᠤ ᠯᠢᠨ ᠵᠸᠤ ᠶᠢᠨ ᠵᠢᠶᠧ ᠳ᠋ᠦ᠋ ᠱᠢ ᠲᠦᠰᠢᠮᠡᠯ ᠬᠡᠵᠤ | ᠪᠠᠰᠠ ᠬᠡᠯᠡᠳᠡᠭ︶᠂ ᠰᠢᠶᠠ ᠵᠸᠤ ᠶᠢᠨ ᠵᠢᠶᠧ ᠳ᠋ᠦ᠋ ᠱᠢ ᠲᠦᠰᠢᠮᠡᠯ ︵ᠬᠠᠷᠢᠶᠠᠨ ᠳᠤᠨᠢ ᠰᠢᠶᠠ ᠵᠸᠤ᠂ ᠰᠦᠢ ᠵᠸᠤ᠂ | ᠶᠠᠨ ᠵᠸᠤ᠂ ᠶᠢᠤ ᠵᠸᠤ ᠪᠠᠭᠳᠠᠨ᠎ᠠ︶᠂ ᠵᠧᠨ ᠡᠤ ᠵᠢᠶᠦ᠋ᠨ ᠤ ᠵᠢᠶᠧ ᠳ᠋ᠦ᠋ ᠱᠢ ᠲᠦᠰᠢᠮᠡᠯ ︵ᠵᠧᠨ ᠡᠤ ᠯᠢᠨ ᠱᠧᠩ | ᠵᠢᠶᠧ ᠳ᠋ᠦ᠋ ᠱᠢ ᠲᠦᠰᠢᠮᠡᠯ ᠬᠡᠵᠤ ᠪᠠᠰᠠ ᠬᠡᠯᠡᠳᠡᠭ︶ ᠵᠡᠷᠭᠡ ᠪᠠᠶᠢᠪᠠ᠃ | ᠲᠠᠩ ᠤᠯᠤᠰ ᠤᠨ ᠦᠶ᠎ᠠ ᠳᠤ᠂ ᠪᠠᠰᠠ ᠠᠷᠭᠠᠳᠠᠨ ᠲᠠᠳᠠᠬᠤ ᠵᠸᠤ᠂ ᠹᠦ᠋ ᠪᠠᠶᠢᠭᠤᠯᠵᠠᠢ᠃ ᠠᠷᠭᠠᠳᠠᠨ ᠲᠠᠳᠠᠬᠤ | ᠵᠸᠤ ᠹᠦ᠋ ᠶᠢᠨ ᠬᠠᠮᠢᠶᠠᠷᠤᠭᠳᠠᠬᠤ ᠡᠳᠡᠭᠡᠳ ᠶᠡᠷᠤ ᠶᠢᠨ ᠵᠡᠸᠤ ᠹᠦ᠋ ᠲᠠᠢ ᠢᠯᠠᠭᠠᠭ᠎ᠠ ᠲᠠᠢ ᠪᠠᠶᠢᠳᠠᠭ᠃ ᠶᠡᠷᠤ ᠶᠢᠨ ᠵᠸᠤ | ᠹᠦ᠋ ᠪᠤᠯ ᠲᠤᠮᠳᠠᠳᠤ ᠤᠷᠤᠨ ᠤ ᠵᠸᠤ ᠹᠦ᠋ ᠶᠢ ᠬᠠᠮᠢᠶᠠᠷᠳᠠᠭ᠂ ᠠᠷᠭᠠᠳᠠᠨ ᠲᠠᠳᠠᠬᠤ ᠵᠸᠤ ᠹᠦ᠋ ᠪᠤᠯ ᠬᠢᠯᠢ ᠬᠢᠵᠠᠭᠠᠷ | ᠤᠷᠤᠨ ᠤ ᠵᠸᠤ ᠹᠦ᠋ ᠶᠢ ᠬᠠᠮᠢᠶᠠᠷᠳᠠᠭ᠂ ᠬᠠᠭᠠᠨ ᠤ ᠤᠷᠳᠤᠨ ᠲᠠᠭᠠᠭᠰᠠᠨ ᠴᠦᠭᠡᠨ ᠲᠤᠭᠠᠳᠤ ᠦᠨᠳᠦᠰᠦᠳᠡᠨ ᠤ | ᠮᠠᠯᠵᠢᠯ ᠤᠨ ᠭᠠᠵᠠᠷ ᠪᠤᠯᠤᠨ ᠲᠡᠳᠡᠨ ᠤ ᠠᠶᠢᠮᠠᠭ ᠪᠦᠯᠦᠭ ᠤᠨ ᠵᠤᠬᠢᠶᠠᠨ ᠪᠠᠶᠢᠭᠤᠯᠤᠯᠳᠠ ᠶᠢᠨ ᠪᠠᠶᠢᠳᠠᠯ ᠢ | ᠦᠨᠳᠦᠰᠦᠯᠡᠨ ᠵᠸᠤ ᠹᠦ᠋ ᠪᠠᠶᠢᠭᠤᠯᠬᠤ ᠪᠠᠷ ᠲᠤᠭᠳᠠᠭᠠᠳᠠᠭ᠃ ᠡᠳᠡᠭᠡᠷ ᠵᠸᠤ ᠹᠦ᠋ ᠶᠢᠨ ᠼᠢ ᠱᠢ ᠲᠦᠰᠢᠮᠡᠯ ᠪᠠ ᠳ᠋ᠦᠳᠦ᠋ | ᠲᠦᠰᠢᠮᠡᠯ ᠢ ᠬᠠᠭᠠᠨ ᠠᠴᠠ ᠲᠤᠰ ᠦᠨᠳᠦᠰᠦᠳᠡᠨ ᠪᠤᠶᠤ ᠲᠤᠰ ᠠᠶᠢᠮᠠᠭ ᠤᠨ ᠬᠢᠨᠢ ᠨᠤᠶᠠᠨ ᠢ ᠰᠤᠩᠭᠤᠵᠤ | ᠰᠠᠭᠤᠯᠭᠠᠳᠠᠭ᠂ ᠬᠠᠭᠠᠨ ᠤ ᠤᠷᠳᠤᠨ ᠠᠴᠠ ᠶᠡᠷᠤ ᠶᠢᠨ ᠦᠶ᠎ᠠ ᠳᠤ ᠰᠢᠭᠤᠳ ᠬᠦᠮᠦᠨ ᠲᠤᠮᠢᠯᠠᠨ᠂ ᠼᠢ ᠱᠢ | ᠲᠦᠰᠢᠮᠡᠯ ᠪᠠ ᠳ᠋ᠦᠳᠦ᠋ ᠲᠦᠰᠢᠮᠡᠯ ᠪᠤᠯᠭᠠᠳᠠᠭ ᠦᠭᠡᠢ᠃ ᠠᠷᠭᠠᠳᠠᠨ ᠲᠠᠳᠠᠬᠤ ᠵᠸᠤ ᠹᠦ᠋ ᠶᠢ ᠴᠦᠭᠡᠨ ᠲᠤᠭᠠᠳᠤ | ᠦᠨᠳᠦᠰᠦᠳᠡᠨ ᠤ ᠤᠨᠴᠠᠯᠢᠭ ᠪᠠ ᠭᠠᠵᠠᠷ ᠤᠷᠤᠨ ᠤ ᠤᠨᠴᠠᠯᠢᠭ ᠢ ᠪᠦᠷᠢᠨ ᠬᠦᠢᠴᠡᠳ ᠪᠤᠳᠤᠯᠬᠢᠯᠠᠵᠤ᠂ ᠬᠢᠵᠠᠭᠠᠷ | ᠤᠷᠤᠨ ᠤ ᠴᠦᠭᠡᠨ ᠲᠤᠭᠠᠳᠤ ᠦᠨᠳᠦᠰᠦᠳᠡᠨ ᠤ ᠪᠤᠳᠠᠳᠤ ᠪᠠᠶᠢᠳᠠᠯ ᠢ ᠦᠨᠳᠦᠰᠦᠯᠡᠵᠤ ᠲᠤᠭᠳᠠᠭᠠᠭᠰᠠᠨ ᠪᠤᠯᠬᠤᠷ᠂ | ᠬᠢᠯᠢ ᠬᠢᠵᠠᠭᠠᠷ ᠤᠨ ᠴᠦᠭᠡᠨ ᠲᠤᠭᠠᠳᠤ ᠦᠨᠳᠦᠰᠦᠳᠡᠨ ᠢ ᠬᠠᠮᠢᠶᠠᠷᠬᠤ ᠨᠡᠯᠢᠶᠡᠳ ᠪᠦᠳᠦᠮᠵᠢ ᠲᠠᠢ ᠠᠷᠭ᠎ᠠ ᠬᠡᠮᠵᠢᠶ᠎ᠠ | ᠪᠤᠯᠤᠨ᠎ᠠ᠃ | ᠤᠷᠳᠤᠰ ᠲᠠᠢ ᠬᠠᠮᠢᠶᠠᠳᠠᠢ ᠠᠷᠭᠠᠳᠠᠨ ᠲᠠᠳᠠᠬᠤ ᠵᠸᠤ ᠹᠦ᠋ ᠳᠤ ᠳ᠋ᠢᠩ ᠷᠠᠩ ᠤᠨ ᠳ᠋ᠦᠳᠦ᠋ ᠹᠦ᠋ ᠪᠤᠢ᠃ ᠡᠬᠦᠨ ᠢ | ᠵᠧᠨ ᠭᠤᠸᠠᠨ ᠤ ᠲᠦᠷᠪᠡᠳᠦᠭᠡᠷ ᠤᠨ ︵ᠨᠡᠶᠢᠳᠠ ᠶᠢᠨ ᠤᠨ ᠲᠣᠭᠠᠯᠠᠯ ᠤᠨ630 ᠤᠨ︶ ᠳᠤ ᠪᠠᠶᠢᠭᠤᠯᠵᠠᠢ᠃ | ᠲᠤᠬᠠᠢ ᠶᠢᠨ ᠦᠶ᠎ᠠ ᠳᠤ ᠵᠡᠬᠦᠨ ᠲᠶᠦ᠋ᠷᠺ ᠶᠢᠨ ᠬᠠᠭᠠᠨᠳᠤ ᠤᠯᠤᠰ ᠵᠠᠳᠠᠷᠠᠭᠠᠳ᠂ ᠲᠡᠬᠦᠨ ᠤ ᠠᠷᠪᠠᠨ ᠲᠦᠮᠡᠨ | ᠠᠶᠢᠮᠠᠭ ᠤᠨ ᠠᠷᠠᠳ ᠲᠠᠩ ᠤᠯᠤᠰ ᠢ ᠲᠠᠭᠠᠪᠠ᠃ ᠲᠠᠩ ᠲᠠᠶᠢᠽᠦ᠋ᠩ ᠬᠠᠭᠠᠨ ︽ᠠᠶᠢᠮᠠᠭ ᠪᠦᠯᠦᠭ ᠢ ᠪᠦᠷᠢᠨ | ᠪᠠᠶᠢᠯᠭᠠᠵᠤ︾ ︽ᠵᠠᠩ ᠰᠤᠷᠳᠠᠬᠤᠨ ᠢ ᠦᠯᠦ ᠬᠤᠪᠢᠷᠠᠭᠤᠯᠬᠤ︾ ᠵᠠᠷᠴᠢᠮ ᠢ ᠪᠠᠷᠢᠮᠳᠠᠯᠠᠵᠤ᠂ ᠲᠡᠳᠠᠨ ᠢ ᠤᠷᠳᠤᠰ ᠤᠨ | ᠡᠮᠦᠨ᠎ᠡ ᠭᠡᠰᠡᠭ ᠲᠤ ᠲᠤᠬᠢᠷᠠᠭᠤᠯᠵᠠᠢ᠃ ᠳ᠋ᠢᠩ ᠷᠠᠩ ᠳ᠋ᠦᠳᠦ᠋ ᠹᠦ᠋ ᠶᠢᠨ ᠭᠡᠷᠡᠭ ᠡᠷᠬᠢᠯᠡᠬᠦ ᠪᠠᠶᠢᠭᠤᠯᠤᠮᠵᠢ ᠶᠢ ᠰᠢᠶᠠ | ᠵᠸᠤ ᠶᠢᠨ ᠬᠠᠷᠢᠶᠠᠳᠤ ᠨᠢᠩ ᠱᠦᠸᠧ ᠰᠢᠶᠠᠨ ᠳᠤ ᠪᠠᠶᠢᠭᠤᠯᠵᠤ᠂ ᠠ ᠳ᠋ᠧ ᠵᠸᠤ᠂ ᡁᠢ ᠱᠢ ᠵᠸᠤ᠂ ᠪᠠ ᠶᠠᠨ ᠵᠸᠤ᠂ | ᠰᠤ᠋ ᠨᠦᠩ ᠵᠸᠤ ᠭᠡᠰᠡᠨ ᠲᠦᠷᠪᠡᠨ ᠪᠠᠭ᠎ᠠ ᠵᠸᠤ ᠶᠢ ᠬᠠᠮᠢᠶᠠᠷᠤᠭᠤᠯᠪᠠ᠂ ᠶᠦᠨ ᠵᠸᠤ ᠶᠢᠨ ᠳ᠋ᠦᠳᠦ᠋ ᠹᠦ᠋ ᠶᠢᠨ ᠭᠡᠷᠡᠭ | ᠡᠷᠬᠢᠯᠡᠬᠦ ᠪᠠᠶᠢᠭᠤᠯᠤᠮᠵᠢ ᠶᠢ ᠰᠢᠶᠠ ᠵᠸᠤ ᠶᠢᠨ ᠱᠦᠸᠧ ᠹᠠᠩ ᠳᠤ ᠪᠠᠶᠢᠭᠤᠯᠤᠭᠠᠳ᠂ ᠱᠧ ᠯᠢ ᠵᠸᠤ᠂ ᠠ ᠱᠧ ᠨᠠ | ᠵᠸᠤ᠂ ᠴᠦᠸᠧ ᠵᠸᠤ᠂ ᠰᠧ ᠪᠢ ᠳ᠋ᠧᠩ ᠵᠸᠤ ᠵᠡᠷᠭᠡ ᠲᠠᠪᠤᠨ ᠪᠠᠭ᠎ᠠ ᠵᠸᠤ ᠶᠢ ᠬᠠᠮᠢᠶᠠᠷᠤᠭᠤᠯᠪᠠ᠃ ᠶᠦᠨ ᠵᠦᠩ ᠤᠨ | ᠳ᠋ᠦᠳᠦ᠋ ᠹᠦ᠋ ᠪᠤᠯ ᠴᠠᠨ ᠢᠤᠢ ᠶᠢᠨ ᠳ᠋ᠦᠬᠤ ᠹᠦ᠋ ᠳᠤ ᠬᠠᠷᠢᠶᠠᠯᠠᠭᠳᠠᠵᠤ᠂ ᠽᠠᠩ ᠴᠢᠶᠠᠨ ᠳ᠋ᠦᠳᠦ᠋ ᠹᠦ᠋᠂ ᠢᠤᠢ ᠱᠧ | ᠵᠸᠤ᠂ ᠢ ᠱᠢ ᠵᠸᠤ᠂ ᠪᠢ ᠱᠢ ᠵᠸᠤ᠂ ᠤᠤᠢ ᠯᠢᠶᠤᠸ᠋ ᠵᠸᠤ ᠵᠡᠷᠭᠡ ᠲᠠᠪᠤᠨ ᠠᠷᠭᠠᠳᠠᠨ ᠲᠠᠳᠠᠬᠤ ᠵᠸᠤ ᠶᠢ | ᠬᠠᠮᠢᠶᠠᠷᠳᠠᠭ᠃ ᠬᠤ᠋ ᠶᠠᠨ ᠳ᠋ᠦᠳᠦ᠋ ᠹᠦ᠋ ᠪᠤᠯ ᠡᠾᠧ ᠯᠤ᠋ ᠵᠸᠤ᠂ ᠭᠧ ᠯᠦᠸᠧ ᠵᠸᠤ᠂ ᠰᠢᠶᠧ ᠳ᠋ᠢᠶᠧ ᠵᠸᠤ ᠵᠡᠷᠭᠡ | ᠭᠤᠷᠪᠠᠨ ᠠᠷᠭᠠᠳᠠᠨ ᠲᠠᠳᠠᠬᠤ ᠵᠸᠤ ᠶᠢ ᠬᠠᠮᠢᠶᠠᠷᠳᠠᠭ᠃ ᠳ᠋ᠠ ᠬᠤᠨ ᠳ᠋ᠦᠳᠦ᠋ ᠹᠦ᠋ ᠶᠢᠨ ᠭᠡᠷᠡᠭ ᠡᠷᠬᠢᠯᠡᠬᠦ ᠭᠠᠵᠠᠷ ᠢ | ᠰᠢᠶᠠ ᠵᠸᠤ ᠶᠢᠨ ᠬᠠᠷᠢᠶᠠᠳᠤ ᠨᠢᠩ ᠱᠦᠸᠧ ᠰᠢᠶᠠᠨ ᠳᠤ ᠪᠠᠶᠢᠭᠤᠯᠵᠤ᠂ ᠬᠦ᠋ ᠶᠠᠨ ᠵᠸᠤ᠂ ᠪᠦ᠋ ᠴᠢ ᠹᠠᠩ ᠵᠸᠤ᠂ ᠰᠢ | ᠲᠠᠨ ᠵᠸᠤ᠂ ᠬᠤ᠋ ᠵᠸᠤ᠂ ᠳ᠋ᠢ ᠰᠤ᠋ ᠵᠸᠤ ᠵᠡᠷᠭᠡ ᠶᠢ ᠬᠠᠮᠢᠶᠠᠷᠳᠠᠭ᠃ ᠠᠨ ᠬᠤᠸᠠ ᠵᠸᠤ ᠶᠢᠨ ᠳ᠋ᠦᠳᠦ᠋ ᠹᠦ᠋᠂ ᠨᠢᠩ | ᠱᠦᠸᠧ ᠵᠸᠤ ᠶᠢᠨ ᠳ᠋ᠦᠳᠦ᠋ ᠹᠦ᠋᠂ ᠫᠦ᠋ ᠬᠦ᠋ ᠵᠸᠤ ᠶᠢᠨ ᠳ᠋ᠦᠳᠦ᠋ ᠹᠦ᠋ ᠶᠢᠨ ᠭᠡᠷᠡᠭ ᠡᠷᠬᠢᠯᠡᠬᠦ ᠭᠠᠵᠠᠷ ᠴᠦᠮ ᠰᠢᠶᠠ | ᠵᠸᠤ ᠶᠢᠨ ᠱᠦᠸᠧ ᠹᠠᠩ ᠰᠢᠶᠠᠨ ᠳᠤ ᠪᠠᠶᠢᠭᠰᠠᠨ ᠪᠦᠭᠡᠳ ᠪᠠᠰᠠ ᠯᠧ ᠷᠦᠩ ᠵᠸᠤ᠂ ᠵᠢᠩ ᠪᠢᠶᠠᠨ ᠵᠸᠤ ᠶᠢᠨ | ᠳ᠋ᠦᠳᠦ᠋ ᠹᠦ᠋ ᠵᠡᠷᠭᠡ ᠪᠠᠶᠢᠪᠠ᠃ | ᠵᠧᠨ ᠭᠤᠸᠠᠨ ᠤ ᠠᠩᠬᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ627 ᠤᠨ︶ ᠳᠤ᠂ | ᠬᠦᠬᠡᠨᠠᠭᠤᠷ ᠤᠨ ᠵᠡᠬᠦᠨ ᠡᠮᠦᠨ᠎ᠡ᠂ ᠰᠧᠴᠤᠸᠠᠨ ᠤ ᠪᠠᠷᠠᠭᠤᠨ ᠬᠤᠶᠢᠨ᠎ᠠ ᠠᠮᠢᠳᠤᠷᠠᠵᠤ ᠪᠠᠶᠢᠭᠰᠠᠨ ᠳ᠋ᠠᠩ ᠰᠢᠶᠠᠩ | ᠦᠨᠳᠦᠰᠦᠳᠡᠨ ︵ᠬᠠᠨ ᠤᠯᠤᠰ ᠤᠨ ᠦᠶ᠎ᠠ ᠶᠢᠨ ᠪᠠᠷᠠᠭᠤᠨ ᠴᠢᠶᠠᠩ︶ ᠲᠠᠩ ᠤᠯᠤᠰ ᠢ ᠲᠠᠭᠠᠵᠠᠢ᠃ ᠲᠤᠬᠠᠢ ᠶᠢᠨ | ᠦᠶ᠎ᠠ ᠳᠤ᠂ ᠲᠦᠪᠡᠳ ᠦᠨᠳᠦᠰᠦᠳᠡᠨ ᠳ᠋ᠠᠩ ᠰᠢᠶᠠᠩ ᠦᠨᠳᠦᠰᠦᠳᠡᠨ ᠢ ᠰᠦᠷᠳᠡᠬᠦᠯᠵᠤ ᠪᠠᠶᠢᠪᠠ᠃ ᠳ᠋ᠠᠩ ᠰᠢᠶᠠᠩ | ᠦᠨᠳᠦᠰᠦᠳᠡᠨ ᠲᠡᠳᠡᠨ ᠤ ᠵᠡᠬᠦᠨᠰᠢ ᠨᠡᠬᠦᠬᠦ ᠶᠢ ᠲᠠᠩ ᠤᠯᠤᠰ ᠢᠶᠠᠷ ᠵᠦᠪᠰᠢᠶᠡᠷᠡᠬᠦᠯᠬᠦ ᠪᠠᠷ ᠭᠤᠶᠤᠴᠢᠯᠠᠪᠠ᠃ ᠰᠡᠬᠦᠯᠡᠷ | ᠲᠠᠩ ᠤᠯᠤᠰ ᠲᠡᠳᠡᠨ ᠢ ᠤᠷᠳᠤᠰ ᠲᠤ ᠨᠡᠬᠦᠨ ᠢᠷᠡᠬᠦ ᠶᠢ ᠵᠦᠪᠰᠢᠶᠡᠷᠡᠭᠰᠡᠨ ᠪᠠᠶᠢᠨ᠎ᠠ᠃ ᠲᠤᠬᠠᠢ ᠶᠢᠨ ᠦᠶ᠎ᠠ ᠶᠢᠨ | ᠲᠡᠳᠠᠨ ᠤ ᠭᠤᠤᠯ ᠴᠤᠭᠯᠠᠷᠠᠨ ᠰᠠᠭᠤᠵᠤ ᠪᠠᠶᠢᠭᠰᠠᠨ ᠭᠠᠵᠠᠷ ᠪᠤᠯ ᠰᠢᠶᠠ ᠵᠸᠤ ᠪᠤᠯᠤᠨ᠎ᠠ᠃ ᠬᠤᠵᠢᠮ ᠪᠤᠯᠤᠭᠠᠳ | ᠳ᠋ᠠᠩ ᠰᠢᠶᠠᠩ ᠦᠨᠳᠦᠰᠦᠳᠡᠨ ᠰᠢᠶᠠ ᠵᠸᠤ ᠠᠴᠠ ᠠᠭᠠᠵᠢᠮ ᠢᠶᠠᠷ ᠵᠡᠬᠦᠨᠰᠢ ᠬᠦᠭᠵᠢᠵᠤ᠂ ᠶᠢᠤ ᠵᠸᠤ ᠪᠠ ᠱᠧᠩ | ᠵᠸᠤ ᠶᠢᠨ ᠡᠮᠦᠨ᠎ᠡ ᠭᠡᠰᠡᠭ ᠢ ᠡᠵᠡᠯᠡᠪᠡ᠃ ᠳ᠋ᠠᠩ ᠰᠢᠶᠠᠩ ᠦᠨᠳᠦᠰᠦᠳᠡᠨ ᠤ ᠲᠦᠷᠦᠬᠦᠤ ᠲᠦᠸᠧ ᠪᠠ ᠰᠧ ᠬᠦᠩ᠂ | ᠬᠤᠶᠢᠭᠤᠷ ︵ᠤᠶᠢᠭᠤᠷ︶ ᠪᠠ ᠲᠦᠪᠡᠳ ᠢ ᠡᠰᠡᠷᠬᠦᠴᠡᠬᠦ ᠪᠠᠶᠢᠯᠳᠤᠭᠠᠨ ᠳᠤ ᠤᠯᠠᠨᠳᠠ ᠭᠠᠪᠢᠶ᠎ᠠ ᠪᠠᠶᠢᠭᠤᠯᠤᠭᠰᠠᠨ | ᠲᠤᠯᠠ ᠰᠢᠶᠠᠨ ᠲᠦᠩ ᠤᠨ ᠰᠡᠬᠦᠯ ᠤᠨ ᠤᠨ ︵ᠨᠡᠶᠢᠳᠠ ᠶᠢᠨ ᠤᠨ ᠲᠤᠭᠠᠯᠠᠯ ᠤᠨ873 ᠤᠨ︶ ᠳᠤ᠂ ᠲᠦᠸᠧ ᠪᠠ | ᠰᠧ ᠬᠦᠩ᠂ ᠶᠢᠤ ᠵᠸᠤ ᠶᠢᠨ ᠼᠢ ᠱᠢ ᠲᠦᠰᠢᠮᠡᠯ ᠪᠤᠯᠤᠨ ᠲᠡᠪᠰᠢᠪᠡ᠂ ᠬᠤᠵᠢᠮ ᠲᠡᠬᠢᠨ ᠲᠠᠶᠢᠼᠢ ᠲᠠᠶᠢᠪᠦ᠋ ᠰᠢᠶᠠ | ᠬᠦᠸᠧ ᠬᠦᠩ ᠡᠷᠬᠦᠮᠵᠢᠯᠡᠭᠳᠡᠪᠡ᠂ ᠳ᠋ᠠ ᠱᠦᠨ ᠤ ᠠᠩᠬᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ890 | ᠤᠨ︶ ᠳᠤ᠂ ᠲᠦᠸᠧ ᠪᠠ ᠰᠧ ᠬᠦᠩ ᠤᠨ ᠲᠡᠬᠦᠤ ᠯᠢ ᠰᠧ ᠵᠢᠶᠠᠨ᠂ ᠳ᠋ᠢᠩ ᠨᠠᠨ ᠵᠢᠶᠦ᠋ᠨ ᠤ ᠵᠢᠶᠧ ᠳ᠋ᠦ᠋ ᠱᠢ | ᠲᠦᠰᠢᠮᠡᠯ᠂ ᠲᠤᠬᠠᠶᠢᠯᠠᠪᠠᠯ ᠰᠢᠶᠠ ᠰᠦᠢ ᠶᠢᠨ ᠵᠢᠶᠧ ᠳ᠋ᠦ᠋ ᠱᠢ ᠲᠦᠰᠢᠮᠡᠯ ᠪᠤᠯᠵᠠᠢ᠃ ᠳ᠋ᠠᠩ ᠰᠢᠶᠠᠩ | ᠦᠨᠳᠦᠰᠦᠳᠡᠨ ᠤ ᠲᠦᠸᠧ ᠪᠠ ᠠᠶᠢᠮᠠᠭ ᠤᠨ ᠡᠳᠡᠭᠡᠷ ᠲᠦᠷᠦᠭᠦᠴᠤᠳ ᠪᠤᠯ ᠬᠤᠵᠢᠮ ᠤᠨ ᠲᠠᠩᠭᠤᠳ ︵ᠪᠠᠷᠠᠭᠤᠨ | ᠰᠢᠶᠠ︶ ᠤᠯᠤᠰ ᠤᠨ ᠰᠠᠭᠤᠷᠢ ᠶᠢ ᠲᠠᠯᠪᠢᠭᠴᠢᠳ ᠪᠤᠯᠤᠨ᠎ᠠ᠃ | ᠲᠠᠩ ᠠᠢ ᠳ᠋ᠢ ᠬᠠᠭᠠᠨ ᠯᠢ ᠴᠤ ᠶᠢᠨ ᠲᠢᠶᠠᠨ ᠢᠤ ᠶᠢᠨ ᠲᠦᠷᠪᠡᠳᠦᠭᠡᠷ ᠤᠨ ︵ᠨᠡᠶᠢᠳᠠ ᠶᠢᠨ ᠤᠨ | ᠲᠤᠭᠠᠯᠠᠯ ᠤᠨ907 ᠤᠨ︶ ᠳᠤ᠂ ᠲᠤᠮᠳᠠᠳᠤ ᠤᠯᠤᠰ ᠢ ᠬᠤᠶᠠᠷ ᠵᠠᠭᠤᠨ ᠨᠠᠶᠠ ᠶᠢᠰᠦᠨ ᠵᠢᠯ ᠨᠤᠶᠠᠷᠬᠠᠭᠰᠠᠨ ᠲᠠᠩ | ᠤᠯᠤᠰ ᠮᠦᠬᠦᠵᠤ᠂ ᠲᠤᠮᠳᠠᠳᠤ ᠤᠯᠤᠰ ᠤᠨ ᠤᠮᠠᠷᠠᠳᠤ ᠤᠷᠤᠨ ᠤ ᠦᠷᠭᠡᠨ ᠠᠭᠤᠳᠠᠮ ᠨᠤᠳᠤᠭ ᠲᠡᠪᠢᠰᠭᠡᠷ ᠬᠤᠶᠢᠳᠤ | ᠯᠢᠶᠠᠩ ᠤᠯᠤᠰ ᠤᠨ ᠵᠤ᠋ ᠸᠧᠨ ᠤ ᠭᠠᠷ ᠲᠤ ᠡᠵᠡᠮᠰᠢᠭᠳᠡᠵᠤ᠂ ᠲᠤᠮᠳᠠᠳᠤ ᠤᠯᠤᠰ ᠨᠢᠭᠡᠳᠦᠯᠳᠠᠢ ᠪᠠᠶᠢᠭᠰᠠᠨ ᠠᠴᠠ ᠪᠠᠨ | ᠲᠠᠬᠢᠨ ᠤᠷᠳᠤ ᠬᠤᠭᠤᠴᠠᠭ᠎ᠠ ᠪᠠᠷ ᠬᠠᠭᠠᠴᠠᠭᠰᠠᠨ ᠦᠶ᠎ᠠ ᠳᠤ ᠤᠷᠤᠪᠠ᠃ ᠡᠨᠡ ᠦᠶ᠎ᠠ᠂ ᠤᠷᠳᠤᠰ ᠤᠨ ᠰᠢᠶᠠ ᠵᠸᠤ | ᠤᠷᠤᠨ᠂ ᠲᠦᠸᠧ ᠪᠠ ᠰᠧ ᠬᠦᠩ ᠤᠨ ᠳ᠋ᠠᠩ ᠰᠢᠶᠠᠩ ᠤᠨ ᠴᠢᠶᠠᠩᠴᠤᠳ ᠲᠤ ᠡᠵᠡᠯᠡᠭᠳᠡᠵᠤ᠂ ᠳ᠋ᠠᠩ ᠰᠢᠶᠠᠩ ᠤᠨ | ᠴᠢᠶᠠᠩᠴᠤᠳ ᠬᠠᠭᠤᠴᠢᠨ ᠲᠦᠮᠡᠨ ᠢ ᠵᠠᠬᠢᠷᠬᠤ ᠬᠤᠳᠠ ︵ᠲᠦᠩ ᠸᠠᠨ ᠴᠧᠩ︶ ᠪᠠᠷ ᠰᠠᠭᠤᠷᠢ ᠪᠤᠯᠭᠠᠵᠤ᠂ | ᠲᠦᠷᠪᠡᠨ ᠵᠦᠭ ᠲᠤ ᠬᠦᠴᠤᠨ ᠢᠶᠠᠨ ᠦᠷᠭᠡᠳᠭᠡᠨ᠂ ᠰᠢᠶᠠ ᠵᠸᠤ ᠶᠢᠨ ᠵᠢᠶᠧ ᠳ᠋ᠦ᠋ ᠱᠢ ᠲᠦᠰᠢᠮᠡᠯ ᠤᠨ ᠡᠵᠡᠯᠡᠵᠤ | ᠪᠠᠶᠢᠭᠰᠠᠨ ᠭᠠᠵᠠᠷ ᠢ ᠰᠢᠶᠠ ᠵᠸᠤ᠂ ᠰᠦᠢ ᠵᠸᠤ᠂ ᠶᠢᠨ ᠵᠸᠤ ᠶᠢᠨ ᠦᠷᠭᠡᠨ ᠠᠭᠤᠳᠠᠮ ᠭᠠᠵᠠᠷ ᠬᠦᠷᠳᠡᠯ᠎ᠠ | ᠦᠷᠭᠡᠳᠭᠡᠵᠠᠢ᠃ ᠰᠢᠶᠠ ᠵᠸᠤ ᠪᠤᠯᠤᠨ ᠶᠢᠤ ᠵᠸᠤ ᠪᠤᠯ ᠤᠷᠳᠤᠰ ᠤᠨ ᠡᠮᠦᠨ᠎ᠡ ᠬᠠᠭᠠᠰ ᠭᠡᠰᠡᠭ ᠢᠶᠠᠷ ᠪᠠᠶᠢᠷᠢᠯᠠᠵᠤ | ᠪᠠᠶᠢᠳᠠᠭ᠃ ᠤᠳᠤ ᠶᠢᠨ ᠦᠤᠰᠢᠨ ᠬᠤᠰᠢᠭᠤ᠂ ᠤᠳᠤᠭ ᠬᠤᠰᠢᠭᠤ᠂ ᠤᠳᠤᠭ ᠤᠨ ᠡᠮᠦᠨᠡᠳᠤ ᠬᠤᠰᠢᠭᠤ ᠶᠢᠨ ᠵᠠᠷᠢᠮ | ᠭᠡᠰᠡᠭ ᠪᠤᠶᠤ ᠶᠡᠭᠡᠩᠬᠢ ᠭᠡᠰᠡᠭ ᠪᠠᠭᠳᠠᠨ᠎ᠠ᠃ ᠬᠤᠶᠢᠳᠤ ᠲᠠᠩ᠂ ᠬᠤᠶᠢᠳᠤ ᠶᠢᠨ ᠤ ᠦᠶ᠎ᠠ ᠳᠤ᠂ ᠳ᠋ᠠᠩ ᠰᠢᠶᠠᠩ ᠤᠨ | ᠴᠢᠶᠠᠩᠴᠤᠳ ᠡᠳᠡᠭᠡᠷ ᠭᠡᠰᠡᠭᠯᠡᠨ ᠡᠵᠡᠷᠭᠡᠭᠰᠡᠨ ᠬᠠᠭᠠᠨᠳᠤ ᠲᠦᠷᠤ ᠲᠠᠢ ᠬᠤᠷᠴᠠ ᠰᠢᠷᠦᠬᠦᠨ ᠲᠡᠮᠡᠴᠡᠯ ᠶᠠᠪᠤᠭᠤᠯᠵᠤ᠂ | ᠯᠢ ᠰᠧ ᠬᠦᠩ ᠢ ᠡᠬᠢᠯᠡᠨ᠂ ᠯᠢ ᠰᠧ ᠵᠢᠶᠠᠨ᠂ ᠯᠢ ᠢ ᠴᠤᠤ᠂ ᠯᠢ ᠢ ᠰᠢᠩ ᠵᠡᠷᠭᠡ ᠲᠠᠪᠤᠨ ᠦᠶ᠎ᠠ ᠶᠢ | ᠦᠩᠭᠡᠷᠡᠬᠦᠯᠵᠤ᠂ ᠨᠠᠶᠠᠨ ᠬᠡᠳᠦᠨ ᠵᠢᠯ ᠪᠤᠯᠪᠠ᠃ ᠡᠨᠡ ᠬᠤᠭᠤᠴᠠᠭᠠᠨ ᠳᠤ᠂ ᠲᠤᠮᠳᠠᠳᠤ ᠤᠷᠤᠨ ᠳᠤ ᠲᠠᠶᠢᠨ ᠲᠠᠵᠢᠨ | ᠲᠠᠰᠤᠷᠠᠬᠤ ᠦᠭᠡᠢ ᠪᠠᠶᠢᠭᠰᠠᠨ ᠪᠤᠯᠪᠠᠴᠤ᠂ ᠰᠢᠶᠠ ᠵᠸᠤ ᠪᠠᠷ ᠲᠦᠪ ᠪᠤᠯᠭᠠᠭᠰᠠᠨ ᠳ᠋ᠢᠩ ᠨᠠᠨ ᠵᠢᠶᠦ᠋ᠨ ᠤ ᠵᠢᠶᠧ ᠳ᠋ᠦ᠋ | ᠱᠢ ᠲᠦᠰᠢᠮᠡᠯ ᠤᠨ ᠬᠠᠷᠢᠶᠠᠳᠤ ᠵᠸᠤ ᠨᠦᠭᠦᠳ ᠦᠨᠳᠦᠰᠦᠨ ᠳᠡᠭᠡᠨ ᠠᠮᠤᠷᠵᠢᠨ ᠲᠡᠩᠭᠡᠷᠡᠬᠦ ᠣᠨᠴᠠᠭᠠᠢ ᠲᠡᠤᠭᠡᠨ | ᠱᠠᠳᠤᠨ ᠳᠤ ᠪᠠᠶᠢᠪᠠ᠃ ᠡᠶᠢᠮᠤ ᠠᠴᠠ ᠡᠨᠡ ᠨᠢᠭᠡ ᠪᠦᠯᠦᠭ ᠬᠦᠴᠦᠨ ᠠᠭᠠᠵᠢᠮ ᠢᠶᠠᠷ ᠬᠦᠴᠦᠷᠭᠡᠭᠵᠢᠵᠤ ᠢᠷᠡᠪᠡ᠃ | | ᠲᠠᠪᠤᠨ ᠲᠦᠷᠤ ᠠᠷᠪᠠᠨ ᠤᠯᠤᠰ ᠤᠨ ᠦᠶ᠎ᠠ ᠶᠢᠨ ᠯᠢᠩ ᠡᠤ ᠶᠢᠨ ᠵᠢᠶᠧ ᠳ᠋ᠦ᠋ ᠱᠢ ᠲᠦᠰᠢᠮᠡᠯ ︵ᠱᠦᠸᠧ | ᠹᠠᠩ ᠤᠨ ᠵᠢᠶᠧ ᠳ᠋ᠦ᠋ ᠱᠢ ᠲᠦᠰᠢᠮᠡᠯ ᠪᠤᠶᠤ ᠯᠢᠩ ᠶᠠᠨ ᠤ ᠵᠢᠶᠧ ᠳ᠋ᠦ᠋ ᠱᠢ ᠲᠦᠰᠢᠮᠡᠯ ᠭᠡᠵᠦ ᠪᠠᠰᠠ ᠨᠡᠷᠡᠯᠡᠳᠡᠭ︶ ᠤᠨ | ᠭᠡᠷᠡᠭ ᠡᠷᠬᠢᠨᠯᠬᠦ ᠪᠠᠶᠢᠭᠤᠯᠤᠯᠭ᠎ᠠ ᠪᠠᠨ ᠯᠢᠩ ᠵᠸᠤ ᠳᠤ ᠪᠠᠶᠢᠭᠤᠯᠵᠤ᠂ ᠮᠦᠨ ᠯᠠ ᠬᠠᠳᠤᠨ ᠭᠤᠤᠯ ᠤᠨ ᠵᠡᠬᠦᠨ | ᠬᠦᠪᠡᠭᠡᠨ ᠳᠠᠬᠢ ᠨᠠᠷᠢᠬᠠᠨ ᠤᠷᠳᠤ ᠭᠠᠵᠠᠷ ᠢ ᠬᠠᠮᠢᠶᠠᠷᠴᠤ᠂ ᠤᠳᠤ ᠶᠢᠨ ᠤᠳᠤᠭ ᠬᠤᠰᠢᠭᠤ᠂ ᠤᠳᠤᠭ ᠤᠨ ᠡᠮᠦᠨᠡᠳᠤ | ᠬᠤᠰᠢᠭᠤ ᠶᠢᠨ ᠪᠠᠷᠠᠭᠤᠨ ᠭᠡᠰᠡᠭ ᠪᠠ ᠦᠬᠠᠢ ᠬᠤᠳᠠ ᠶᠢᠨ ᠨᠢᠭᠡ ᠭᠡᠰᠡᠭ ᠪᠠᠭᠳᠠᠵᠤ ᠪᠠᠶᠢᠪᠠ᠃ ᠡᠨᠡ ᠦᠶ᠎ᠠ ᠳᠤ | ᠲᠤᠮᠳᠠᠳᠤ ᠤᠷᠣᠨ ᠤ ᠬᠠᠭᠠᠨᠳᠤ ᠲᠦᠷᠤ ᠨᠦᠭᠦᠳ ᠤᠯᠠᠨᠳᠠ ᠤᠯᠠᠷᠢᠨ ᠬᠤᠪᠢᠷᠠᠵᠤ ᠪᠠᠶᠢᠭᠰᠠᠨ ᠪᠤᠯᠪᠠᠴᠤ ᠠᠳᠠ | ᠲᠡᠮᠡᠢ ᠶᠡᠭᠡ ᠨᠦᠯᠦᠭᠡ ᠪᠤᠯᠤᠭᠰᠠᠨ ᠦᠭᠡᠢ᠃ ᠤᠴᠢᠷ ᠨᠢ ᠡᠨᠡ ᠵᠢᠶᠧ ᠳ᠋ᠦ᠋ ᠱᠢ ᠲᠦᠰᠢᠮᠡᠯ ᠡᠯᠪᠡᠭ ᠵᠤᠵᠠᠭᠠᠨ | ᠴᠡᠷᠢᠭ ᠤᠨ ᠬᠦᠴᠦᠨ ᠲᠠᠢ ᠪᠠᠷ ᠪᠠᠷᠠᠬᠤ ᠦᠭᠡᠢ᠂ ᠲᠦᠢᠯ ᠤᠨ ᠴᠢᠬᠤᠯᠠ ᠪᠠᠶᠢᠯᠳᠤᠬᠤ ᠪᠤᠳᠤᠯᠭ᠎ᠠ ᠶᠢᠨ ᠪᠠᠶᠢᠷᠢ | ᠰᠠᠭᠤᠷᠢ ᠲᠠᠢ ᠪᠠᠶᠢᠭᠰᠠᠨ ᠲᠤᠯᠠ ᠲᠤᠮᠳᠠᠳᠤ ᠤᠷᠤᠨ ᠤ ᠭᠡᠰᠡᠭᠯᠡᠨ ᠡᠵᠡᠷᠭᠡᠭᠰᠡᠨ ᠬᠠᠭᠠᠨᠳᠤ ᠲᠦᠷᠦ ᠨᠦᠭᠦᠳ | ᠲᠡᠬᠦᠨ ᠤ ᠬᠦᠴᠦᠨ ᠢ ᠲᠡᠳᠠᠨ ᠠᠪᠬᠤ ᠪᠤᠶᠤ ᠠᠰᠢᠭᠯᠠᠬᠤ ᠪᠠᠷ ᠴᠢᠷᠮᠠᠶᠢᠯᠴᠠᠵᠤ᠂ ᠴᠢᠨᠠᠭᠰᠢᠯᠡᠪᠡᠯ ᠴᠢᠬᠤᠯᠠ ᠵᠡᠷᠭᠡ | ᠬᠡᠷᠬᠡᠮ ᠪᠠ ᠦᠯᠡᠮᠵᠢ ᠴᠠᠯᠢᠩ ᠹᠦᠩᠯᠤ ᠦᠭᠬᠦ ᠭᠡᠵᠤ ᠪᠠᠶᠢᠪᠠ᠃ | ᠲᠠᠪᠤᠨ ᠲᠦᠷᠤ ᠠᠷᠪᠠᠨ ᠤᠯᠤᠰ ᠤᠨ ᠦᠶ᠎ᠠ ᠶᠢᠨ ᠵᠧᠨ ᠡᠤ ᠶᠢᠨ ᠵᠢᠶᠧ ᠳ᠋ᠦ᠋ ᠱᠢ ᠲᠦᠰᠢᠮᠡᠯ ᠤᠷᠳᠤᠰ ᠤᠨ | ᠱᠧᠩ ᠵᠸᠤ ᠶᠢ ᠬᠠᠮᠢᠶᠠᠷᠴᠤ ᠪᠠᠶᠢᠪᠠ᠃ ᠲᠠᠩ ᠤᠯᠤᠰ ᠤᠨ ᠰᠡᠬᠦᠯᠴᠢ ᠪᠠᠷ ᠭᠤᠤᠯ ᠤᠨ ᠵᠡᠬᠦᠨᠳᠡᠬᠢ ᠴᠡᠷᠢᠭ ᠤᠨ | ᠡᠷᠬᠡᠳᠡᠨ ᠯᠢ ᠺᠧ ᠶᠦᠩ᠂ ᠯᠢ ᠼᠦᠨ ᠰᠢᠶᠦ᠋ᠨ ᠡᠴᠢᠭᠡ ᠬᠦᠤ ᠬᠤᠶᠠᠭᠤᠯᠠ ᠳᠤ ᠡᠵᠡᠯᠡᠭᠳᠡᠵᠤ᠂ ᠵᠧᠨ ᠮᠢᠩ ᠤᠨ | ᠬᠤᠶᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ 916 ᠤᠨ︶ ᠳᠤ᠂ ᠯᠢᠶᠤᠤ ᠤᠯᠤᠰ ᠤᠨ ᠬᠠᠭᠠᠨ ᠶᠧ | ᠯᠢᠤᠢ ᠠ ᠪᠤᠤ ᠵᠢᠢ ᠪᠠᠷᠭᠤᠨᠰᠢ ᠲᠠᠶᠢᠯᠠᠵᠤ᠂ ᠵᠧᠨ ᠡᠤ ᠶᠢ ᠲᠠᠭᠠᠷᠢᠨ ᠡᠵᠡᠯᠡᠪᠡ᠃ ᠶᠧ ᠯᠢᠤᠢ ᠠ ᠪᠤᠤ ᠵᠢᠢ᠂ ᠱᠧᠩ | ᠵᠸᠤ ᠶᠢᠨ ᠠᠷᠠᠳ ᠲᠦᠮᠡᠨ ᠢ ᠬᠠᠳᠤᠨ ᠭᠤᠤᠯ ᠤᠨ ᠵᠡᠬᠦᠨᠳᠠᠢ ᠨᠡᠬᠦᠯᠭᠡᠪᠡ᠃ ᠡᠨᠡ ᠦᠶ᠎ᠠ ᠳᠤ ᠤᠷᠳᠤᠰ ᠤᠨ ᠵᠡᠬᠦᠨᠭᠠᠷ | ᠤᠷᠴᠢᠮ ᠤᠨ ᠭᠠᠵᠠᠷ ᠯᠢᠶᠤᠤ ᠤᠯᠤᠰ ᠲᠤ ᠬᠠᠮᠢᠶᠠᠷᠤᠭᠳᠠᠪᠠ᠃ ᠯᠢᠶᠤᠤ ᠤᠯᠤᠰ ᠬᠠᠳᠤᠨ ᠭᠤᠣᠯ ᠤᠨ ᠵᠡᠬᠦᠨ | ᠬᠦᠪᠡᠭᠡᠨ ᠳᠠᠬᠢ ᠲᠤᠭᠳᠠᠬᠤ ᠰᠢᠶᠠᠨ ᠳᠤ ᠵᠡᠬᠦᠨ ᠱᠧᠩ ᠵᠸᠤ ᠬᠡᠵᠤ ᠪᠠᠶᠢᠭᠤᠯᠤᠭᠠᠳ᠂ ᠬᠠᠳᠤᠨ ᠭᠤᠤᠯ ᠠᠴᠠ | ᠪᠠᠷᠠᠭᠤᠨᠰᠢᠬᠢ ᠤᠳᠤ ᠶᠢᠨ ᠵᠡᠬᠦᠨᠭᠠᠷ ᠬᠤᠰᠢᠭᠤ᠂ ᠲᠠᠯᠠᠳ ᠬᠤᠰᠢᠭᠤ᠂ ᠡᠵᠡᠨ ᠬᠤᠷᠤᠭ᠎ᠠ ᠬᠤᠰᠢᠭᠤᠨ ᠤ ᠬᠡᠰᠡᠭ | ᠭᠠᠵᠠᠷ ᠢ ᠬᠠᠮᠢᠶᠠᠷᠤᠭᠤᠯᠪᠠ᠃ ᠡᠬᠦᠨ ᠳᠤ ᠢᠤᠢ ᠯᠢᠨ ᠰᠢᠶᠠᠨ ᠪᠤᠯᠤᠨ ᠡᠾᠧ ᠪᠢᠨ ᠰᠢᠶᠠᠨ ᠬᠤᠶᠠᠷ ᠭᠤᠤᠯᠯᠠᠨ᠎ᠠ᠃ | | ᠯᠢᠶᠤᠤ ᠤᠯᠤᠰ ᠲᠠᠪᠤᠨ ᠨᠡᠶᠢᠰᠯᠡᠯ ᠢᠶᠠᠷ ᠢᠶᠠᠨ ᠲᠠᠪᠤᠨ ᠳ᠋ᠤᠤ ᠬᠤᠪᠢᠶᠠᠪᠠ᠃ ᠳ᠋ᠤᠤ ᠪᠤᠯ ᠬᠠᠮᠤᠭ ᠤᠨ ᠲᠡᠭᠡᠳᠤ | ᠵᠠᠰᠠᠭ ᠵᠠᠬᠢᠷᠭᠠᠨ ᠤ ᠪᠠᠶᠢᠭᠤᠯᠤᠯᠭ᠎ᠠ ᠪᠤᠯᠤᠨ᠎ᠠ᠃ ᠳ᠋ᠤᠤ ᠶᠢᠨ ᠲᠤᠳᠤᠷ᠎ᠠ ᠵᠸᠤ ᠵᠢᠶᠦ᠋ᠨ ᠪᠠᠶᠢᠭᠤᠯᠵᠤ᠂ ᠲᠡᠬᠦᠨ ᠤ | ᠲᠤᠤᠷ᠎ᠠ ᠰᠢᠶᠠᠨ ᠪᠠᠶᠢᠭᠤᠯᠪᠠ᠃ ᠳ᠋ᠤᠤ ᠶᠢᠨ ᠶᠡᠷᠦᠩᠭᠡᠢ ᠬᠠᠮᠢᠶᠠᠷᠤᠭᠴᠢ ᠪᠤᠯ ᠲᠤᠰ ᠭᠠᠵᠠᠷ ᠤᠷᠤᠨ ᠤ ᠪᠠᠨ ᠴᠡᠷᠢᠭ | ᠵᠰᠠᠭ ᠤᠨ ᠬᠠᠮᠤᠭ ᠤᠨ ᠶᠡᠭᠡ ᠨᠤᠶᠠᠨ ᠪᠤᠯᠤᠨ᠎ᠠ᠃ ᠭᠡᠷᠡᠭ ᠰᠢᠳᠭᠡᠬᠦ ᠲᠦᠰᠢᠮᠡᠯ ᠤᠨ ᠵᠤᠷᠭᠠᠨ ᠤ ᠭᠡᠷᠡᠭ ᠰᠢᠳᠭᠡᠬᠦ | ᠲᠦᠰᠢᠮᠡᠯ ᠪᠤᠯ ᠳ᠋ᠤᠤ ᠶᠢᠨ ᠲᠤᠳᠤᠷᠠᠬᠢ ᠬᠠᠤᠯᠢ ᠴᠠᠭᠠᠵᠠ ᠶᠢᠨ ᠪᠠᠶᠢᠴᠠᠭᠠᠬᠤ ᠡᠷᠭᠡ ᠶᠢ ᠠᠳᠬᠤᠵᠤ᠂ ᠪᠦᠷᠢᠳᠭᠡᠭᠴᠢ | ᠲᠦᠰᠢᠮᠡᠯ ︵ᠲᠠᠷᠤᠢ ᠲᠠᠪᠤᠰᠤ ᠲᠡᠮᠦᠷ ᠤᠨ ᠲᠦᠰᠢᠮᠡᠯ︶᠂ ᠳ᠋ᠤᠤ ᠶᠢᠨ ᠡᠳ᠋ ᠤᠨ ᠵᠠᠰᠠᠭ ᠤᠨ ᠡᠷᠭᠡ ᠶᠢ ᠠᠳᠬᠤᠳᠠᠭ᠃ | ᠵᠸᠤ ᠶᠢᠨ ᠬᠠᠮᠤᠭ ᠤᠨ ᠶᠡᠭᠡ ᠨᠤᠶᠠᠨ ᠢ ᠼᠢ ᠱᠢ ᠲᠦᠰᠢᠮᠡᠯ ᠬᠡᠵᠤ᠂ ᠵᠢᠶᠦ᠋ᠨ ᠤ ᠬᠠᠮᠤᠭ ᠤᠨ ᠶᠡᠭᠡ ᠨᠤᠶᠠᠨ ᠢ ᠵᠢᠶᠧ | ᠳ᠋ᠦ᠋ ᠱᠢ ᠲᠦᠰᠢᠮᠡᠯ ᠭᠡᠵᠤ᠂ ᠰᠢᠶᠠᠨ ᠤ ᠬᠠᠮᠤᠭ ᠤᠨ ᠶᠡᠭᠡ ᠨᠤᠶᠠᠨ ᠢ ᠰᠢᠶᠠᠨ ᠤ ᠨᠤᠶᠠᠨ ᠭᠡᠨ᠎ᠡ᠃ ᠯᠢᠶᠤᠤ | ᠤᠯᠤᠰ ᠤᠨ ᠦᠶ᠎ᠠ᠂ ᠤᠷᠳᠤᠰ ᠨᠤᠳᠤᠭ ᠰᠢ ᠵᠢᠩ ᠳ᠋ᠤᠤ ︵ᠪᠠᠷᠠᠭᠤᠨ ᠨᠡᠶᠢᠰᠯᠡᠯ ᠤᠨ ᠳ᠋ᠤᠤ︶ ᠳᠤ ᠬᠠᠮᠢᠶᠠᠷᠤᠭᠳᠠᠵᠤ᠂ | ᠰᠢ ᠵᠢᠩ ᠳ᠋ᠤᠤ ᠶᠢᠨ ᠭᠡᠷᠡᠭ ᠡᠷᠬᠢᠯᠡᠬᠦ ᠪᠠᠶᠢᠭᠤᠯᠤᠯᠭ᠎ᠠ ᠶᠢ ᠳ᠋ᠠ ᠲᠦᠩ ᠹᠦ᠋ ︵ᠤᠳᠤ ᠶᠢᠨ ᠱᠠᠨ ᠰᠢ ᠮᠤᠵᠢ ᠶᠢᠨ ᠳ᠋ᠠ | ᠲᠦᠩ ᠬᠤᠳᠠ︶ ᠳᠤ ᠪᠠᠶᠢᠭᠤᠯᠪᠠ᠃ ᠰᠢ ᠵᠢᠩ ᠳ᠋ᠤᠤ ᠶᠢᠨ ᠬᠠᠷᠢᠶᠠᠳᠤ ᠲᠢᠶᠠᠨ ᠳ᠋ᠧ ᠵᠢᠶᠦ᠋ᠨ ᠳᠤ ᠤᠳᠤ ᠶᠢᠨ | ᠤᠷᠳᠤᠰ ᠤᠨ ᠬᠠᠷᠢᠶ᠎ᠠ᠂ ᠤᠳᠤ ᠶᠢᠨ ᠤᠷᠠᠳ ᠤᠨ ᠡᠮᠦᠨᠡᠳᠤ ᠬᠤᠰᠢᠭᠤ ᠶᠢᠨ ᠨᠢᠭᠡ ᠭᠡᠰᠡᠭ᠂ ᠤᠯᠢᠶᠠᠰᠤᠳᠠᠢ | ᠨᠠᠭᠤᠷ ᠪᠠ ᠬᠠᠳᠤᠨ ᠭᠤᠤᠯ ᠤᠨ ᠬᠤᠭᠤᠷᠤᠨᠳᠤᠬᠢ ᠭᠠᠵᠠᠷ ᠤᠳ ᠪᠠᠭᠳᠠᠵᠤ ᠪᠠᠶᠢᠪᠠ᠃ | ᠲᠤᠯᠤᠭ᠎ᠠ᠂ ᠶᠤᠸᠠᠨ ᠤᠯᠤᠰ᠂ ᠮᠢᠩ ᠤᠯᠤᠰ᠂ ᠴᠢᠩ ᠤᠯᠤᠰ ᠤᠨ ᠦᠶ᠎ᠠ | ᠲᠠᠩᠭᠤᠳ ︵ᠪᠠᠷᠠᠭᠤᠨ ᠰᠢᠶᠠ︶ ᠤᠯᠤᠰ ᠤᠨ ᠰᠡᠬᠦᠯᠴᠢ ᠪᠠᠷ ︵ᠬᠠᠮᠤᠭ ᠡᠴᠦᠰ ᠤᠨ ᠨᠢᠭᠡ ᠬᠠᠭᠠᠨ ᠨᠢ ᠯᠢ | ᠰᠢᠶᠠᠨ ᠭᠡᠳᠡᠭ᠂ ᠨᠡᠶᠢᠳᠠ ᠶᠢᠨ ᠤᠨ ᠲᠤᠭᠠᠯᠠᠯ ᠤᠨ 1226 ᠤᠨ ᠠᠴᠠ 1227 ᠤᠨ ᠤ ᠬᠤᠭᠤᠷᠤᠨᠳᠤ ᠬᠠᠭᠠᠨ | ᠰᠠᠭᠤᠷᠢᠨ ᠳᠤ ᠪᠠᠶᠢᠪᠠ︶ ᠤᠯᠤᠰ ᠤᠨ ᠲᠤᠳᠤᠭᠠᠳᠤ ᠶᠢᠨ ᠠᠩᠬᠢ ᠶᠢᠨ ᠲᠡᠮᠡᠴᠡᠯ ᠡᠳᠦᠷ ᠢᠷᠡᠬᠦᠶ᠎ᠠ ᠬᠤᠷᠴᠠᠳᠴᠤ᠂ | ᠤᠯᠤᠰ ᠤᠨ ᠬᠦᠴᠦᠨ ᠠᠭᠠᠵᠢᠮ ᠢᠶᠠᠷ ᠲᠤᠷᠤᠶᠢᠳᠠᠪᠠ᠃ ᠡᠨᠡ ᠦᠶ᠎ᠠ᠂ ᠲᠤᠮᠳᠠᠳᠤ ᠤᠯᠤᠰ ᠤᠨ ᠤᠮᠠᠷᠠᠳᠤ | ᠤᠷᠤᠨ ᠢᠶᠠᠷ ᠨᠤᠳᠤᠭᠯᠠᠨ ᠮᠠᠯᠵᠢᠵᠤ ᠪᠠᠶᠢᠭᠰᠠᠨ ᠮᠤᠩᠭᠤᠯ ᠦᠨᠳᠦᠰᠦᠳᠡᠨ ᠰᠦᠷᠡᠭᠡᠢ ᠬᠦᠴᠦᠷᠭᠡᠭᠵᠢᠪᠡ᠃ | ᠨᠡᠶᠢᠳᠠ ᠶᠢᠨ ᠤᠨ ᠲᠤᠭᠠᠯᠠᠯ ᠤᠨ 1205 ᠤᠨ ᠠᠴᠠ 1227 ᠤᠨ ᠪᠤᠯᠳᠠᠯᠠᠬᠢ ᠬᠤᠷᠢᠨ ᠬᠤᠶᠠᠷ ᠵᠢᠯ ᠤᠨ | ᠬᠤᠭᠤᠷᠤᠨᠳᠤ ᠴᠢᠩᠬᠢᠰ ᠬᠠᠭᠠᠨ ᠬᠦᠴᠦᠷᠭᠡᠭ ᠶᠡᠭᠡ ᠪᠠᠶᠢᠯᠳᠤᠬᠤ ᠬᠦᠴᠦᠨ ᠲᠠᠢ ᠮᠤᠩᠭᠤᠯ ᠤᠨ ᠮᠤᠷᠢᠳᠤ ᠴᠡᠷᠢᠭ ᠢ | ᠲᠠᠶᠢᠴᠢᠯᠠᠵᠤ᠂ ᠲᠠᠪᠤ ᠤᠳᠠᠭ᠎ᠠ ᠲᠠᠩᠭᠤᠳ ︵ᠪᠠᠷᠠᠭᠤᠨ ᠰᠢᠶᠠ︶ ᠤᠯᠤᠰ ᠢ ᠲᠤᠪᠳᠤᠯᠪᠠ᠃ ᠡᠮᠦᠨᠡᠳᠤ ᠰᠦᠩ | ᠤᠯᠤᠰ ᠤᠨ ᠪᠤᠤ ᠴᠢᠩ ᠤᠨ ᠭᠤᠷᠪᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ 1227 ᠤᠨ︶ ᠳᠤ᠂ | ᠲᠠᠩᠭᠤᠳ ᠤᠯᠤᠰ ᠤᠨ ᠯᠢ ᠰᠢᠶᠠᠨ ᠪᠠᠭᠤᠵᠤ ᠦᠭᠬᠦᠭᠡᠳ᠂ ᠨᠢᠭᠡ ᠵᠠᠭᠤ ᠨᠠᠶᠠ ᠶᠢᠰᠦᠨ ᠵᠢᠯ ᠪᠤᠯᠤᠭᠰᠠᠨ ᠲᠠᠩᠭᠤᠳ | ᠤᠯᠤᠰ ᠮᠦᠬᠦᠪᠡ᠃ ᠡᠮᠦᠨᠡᠳᠤ ᠰᠦᠩ ᠤᠯᠤᠰ ᠤᠨ ᠰᠢᠶᠠᠨ ᠴᠦᠨ ᠤ ᠲᠤᠯᠤᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ 1271 ᠤᠨ︶ ᠳᠤ᠂ ᠬᠤᠪᠢᠯᠠᠢ ᠶᠤᠸᠠᠨ ᠤᠯᠤᠰ ᠢ ᠪᠠᠶᠢᠭᠤᠯᠪᠠ᠃ ᠶᠤᠸᠠᠨ ᠤᠯᠤᠰ ᠪᠦᠬᠦ ᠤᠯᠤᠰ | ᠲᠤ ᠨᠢᠭᠡ ᠵᠦᠩ ᠱᠤ᠋ ᠮᠤᠵᠢ ᠪᠠ ᠠᠷᠪᠠᠨ ᠨᠢᠭᠡᠨ ᠮᠤᠵᠢ ᠪᠠᠶᠢᠭᠤᠯᠪᠠ᠃ ᠮᠤᠵᠢ ᠶᠢᠨ ᠬᠠᠮᠤᠭ ᠤᠨ ᠲᠡᠭᠡᠳᠤ ᠨᠤᠶᠠᠨ ᠢ | ᠴᠧᠩᠰᠢᠶᠠᠩ ᠭᠡᠳᠡᠭ᠂ ᠴᠧᠩᠰᠢᠶᠠᠩ ᠦᠭᠡᠢ ᠪᠤᠯ ᠽᠦᠸᠧᠴᠧᠩ᠂ ᠶᠢᠤᠴᠧᠩ ᠪᠤᠶᠤ ᠭᠤᠤᠯ ᠭᠡᠷᠡᠭ ᠮᠡᠳᠡᠭᠴᠢ | ᠲᠦᠯᠦᠭᠡᠯᠡᠳᠡᠭ᠃ ᠴᠧᠩᠰᠢᠶᠠᠩ ᠪᠤᠯ ᠨᠢᠭᠡ ᠮᠤᠵᠢ ᠶᠢᠨ ᠴᠡᠷᠢᠭ ᠤᠨ ᠶᠠᠪᠤᠳᠠᠯ᠂ ᠤᠯᠤᠰ ᠲᠦᠷᠤ᠂ ᠡᠳ᠋ ᠤᠨ | ᠵᠠᠰᠠᠭ ᠤᠨ ᠡᠷᠭᠡ ᠶᠢ ᠮᠡᠳᠡᠵᠤ᠂ ᠮᠤᠵᠢ ᠶᠢᠨ ᠲᠤᠤᠷ᠎ᠠ ᠯᠤ᠋᠂ ᠹᠦ᠋᠂ ᠵᠸᠤ᠂ ᠰᠢᠶᠠᠨ ᠲᠠᠢ᠃ ᠵᠠᠷᠢᠮ ᠭᠠᠵᠠᠷ ᠲᠤ | ᠮᠤᠵᠢ ᠶᠢᠨ ᠲᠤᠤᠷ᠎ᠠ ᠲᠡᠯᠭᠡᠷᠡᠩᠬᠦᠢ ᠲᠤᠬᠤᠨᠢᠭᠤᠯᠬᠤ ᠵᠤᠷᠭᠠᠨ ᠪᠠᠶᠢᠭᠤᠯᠵᠤ ᠪᠠᠶᠢᠪᠠ᠃ ᠮᠤᠩᠭᠤᠯ ᠤᠨ ᠬᠠᠭᠠᠨᠳᠤ | ᠤᠯᠤᠰ ᠠᠯᠳᠠᠨ ᠤᠯᠤᠰ ᠤᠨ ᠭᠠᠷ ᠠᠴᠠ ᠤᠷᠳᠤᠰ ᠤᠨ ᠵᠡᠬᠦᠨ ᠬᠤᠶᠢᠳᠤ ᠭᠡᠰᠡᠭ ᠤᠨ ᠭᠠᠵᠠᠷ ᠢ ᠵᠠᠯᠭᠠᠨ ᠠᠪᠴᠤ | ᠬᠠᠮᠢᠶᠠᠷᠪᠠ᠃ ᠠᠳᠠ ᠤᠤᠯ ᠳᠠᠭᠠᠨ ᠵᠦᠩ ᠱᠤ᠋ ᠮᠤᠵᠢ ᠶᠢᠨ ᠭᠤᠤᠯ ᠤᠨ ᠵᠡᠬᠦᠨᠳᠡᠬᠢ ᠱᠠᠨ ᠰᠢ ᠳ᠋ᠤᠤ ᠶᠢᠨ | ᠲᠡᠯᠭᠡᠷᠡᠩᠬᠦᠢ ᠲᠤᠬᠤᠨᠢᠭᠤᠯᠬᠤ ᠵᠤᠷᠭᠠᠨ ᠤ ᠳ᠋ᠠ ᠲᠦᠩ ᠯᠤ᠋ ᠶᠢᠨ ᠬᠦᠷᠢᠶ᠎ᠠ ᠭᠡᠪᠴᠢᠶ᠎ᠠ ᠳᠤ ᠪᠠᠶᠢᠪᠠ᠃ ᠳ᠋ᠠ ᠲᠦᠩ ᠯᠤ᠋ | ᠶᠢᠨ ᠶᠦᠨ ᠨᠸᠢ ᠵᠸᠤ ᠪᠠ ᠵᠡᠬᠦᠨ ᠱᠧᠩ ᠵᠸᠤ ᠡᠨᠡ ᠤᠷᠴᠢᠮ ᠤᠨ ᠭᠠᠵᠠᠷ ᠢ ᠬᠠᠮᠢᠶᠠᠷᠳᠠᠭ ᠪᠠᠶᠢᠪᠠ᠃ ᠶᠦᠨ ᠨᠸᠢ | ᠵᠸᠤ ᠤᠤᠯ ᠳᠠᠭᠠᠨ ᠤᠷᠳᠤᠰ ᠲᠤ ᠪᠠᠶᠢᠭᠰᠠᠨ ᠤᠳᠤ ᠶᠢᠨ ᠲᠦᠮᠡᠳ ᠪᠠᠷᠠᠭᠤᠨ ᠬᠤᠰᠢᠭᠤ᠂ ᠪᠤᠭᠤᠳᠤ᠂ ᠤᠷᠠᠳ᠂ | ᠡᠤ ᠶᠤᠸᠠᠨ᠂ ᠯᠢ ᠡᠾᠧ ᠵᠡᠷᠭᠡ ᠭᠠᠵᠠᠷ ᠢ ᠬᠠᠮᠢᠶᠠᠷᠴᠤ ᠪᠠᠶᠢᠪᠠ᠃ ᠲᠤᠰ ᠵᠸᠤ ᠶᠢᠨ ᠭᠡᠷᠡᠭ ᠡᠷᠬᠢᠯᠡᠬᠦ | ᠪᠠᠶᠢᠭᠤᠯᠤᠯᠭ᠎ᠠ ᠶᠢ ᠷᠸᠤ ᠹᠦ᠋ ᠳᠤ ᠪᠠᠶᠢᠭᠤᠯᠵᠠᠢ᠃ ᠵᠡᠬᠦᠨ ᠱᠧᠩ ᠵᠸᠤ ᠤᠳᠤ ᠶᠢᠨ ᠵᠡᠬᠦᠨᠭᠠᠷ ᠬᠤᠰᠢᠭᠤ ᠪᠠ | ᠲᠡᠬᠦᠨ ᠠᠴᠠ ᠪᠠᠷᠭᠤᠨᠰᠢᠬᠢ ᠦᠷᠭᠡᠨ ᠠᠭᠤᠳᠠᠮ ᠭᠠᠵᠠᠷ ᠢ ᠬᠠᠮᠢᠶᠠᠷᠴᠤ᠂ ᠭᠡᠷᠡᠭ ᠡᠷᠬᠢᠯᠡᠬᠦ ᠪᠠᠶᠢᠭᠤᠯᠤᠯᠭ᠎ᠠ ᠪᠠᠨ | ᠤᠳᠤ ᠶᠢᠨ ᠲᠤᠬᠳᠠᠬᠤ ᠰᠢᠶᠠᠨ ᠤ ᠬᠢᠯᠢ ᠲᠤᠳᠤᠷᠠᠬᠢ ᠳ᠋ᠠ ᠬᠤᠸᠠᠩ ᠴᠧᠩ ᠳᠤ ᠪᠠᠶᠢᠭᠤᠯᠵᠠᠢ᠃ ᠡᠨᠡ ᠬᠤᠶᠠᠷ | ᠵᠸᠤ ᠶᠢ ᠰᠢᠭᠤᠳ ᠶᠤᠸᠠᠨ ᠤᠯᠤᠰ ᠤᠨ ᠬᠠᠭᠠᠨ ᠠᠴᠠ ᠬᠠᠮᠢᠶᠠᠷᠳᠠᠭ᠃ | ᠵᠦᠩ ᠲᠦᠩ ᠤᠨ ᠠᠩᠬᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ1260 ᠤᠨ︶ ᠳᠤ᠂ ᠶᠤᠸᠠᠨ | ᠱᠢᠽᠤ ᠬᠠᠭᠠᠨ ᠬᠤᠪᠢᠯᠠᠢ ᠱᠠᠨᠰᠢ ᠮᠤᠵᠢ ᠪᠠ ᠰᠧᠴᠤᠸᠠᠨ ᠮᠤᠵᠢ ᠶᠢ ᠨᠡᠶᠢᠯᠡᠬᠦᠯᠵᠤ ᠨᠢᠭᠡ ᠮᠤᠵᠢ ᠪᠤᠯᠭᠠᠵᠤ᠂ ᠴᠢᠨ | ᠱᠤ᠋ ᠡᠤ ᠯᠤ᠋ ᠶᠢᠨ ᠰᠧᠴᠤᠸᠠᠨ ᠮᠤᠵᠢ ᠭᠡᠪᠡ᠃ ᠵᠦᠩ ᠲᠦᠩ ᠤᠨ ᠭᠤᠷᠪᠠᠳᠤᠭᠠᠷ ᠤᠨ ᠳᠤ᠂ ᠱᠠᠨᠰᠢ — | ᠰᠧᠴᠤᠸᠠᠨ ᠮᠤᠵᠢ ᠪᠤᠯᠭᠠᠨ ᠦᠭᠡᠷᠡᠴᠢᠯᠡᠪᠡ᠃ ᡁᠢ ᠶᠤᠸᠠᠨ ᠤ ᠬᠤᠷᠢᠨ ᠭᠤᠷᠪᠠᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ1286 ᠤᠨ︶ ᠳᠤ᠂ ᠰᠧᠴᠤᠸᠠᠨ᠂ ᠱᠠᠨᠰᠢ ᠬᠤᠶᠠᠷ ᠮᠤᠵᠢ ᠰᠠᠯᠵᠠᠢ᠃ ᠱᠠᠨᠰᠢ ᠮᠤᠵᠢ ᠳᠤ | ᠤᠷᠳᠤᠰ ᠤᠨ ᠡᠮᠦᠨ᠎ᠡ ᠪᠡᠶ᠎ᠠ᠂ ᠲᠠᠷᠤᠢ ᠤᠷᠳᠤ ᠴᠠᠭᠠᠨ ᠭᠡᠷᠡᠮ ᠠᠴᠠ ᠬᠤᠶᠢᠰᠢᠬᠢ ᠤᠳᠤ ᠶᠢᠨ ᠦᠤᠰᠢᠨ ᠬᠤᠰᠢᠭᠤ᠂ | ᠤᠳᠤᠭ ᠤᠨ ᠡᠮᠦᠨᠡᠳᠤ ᠬᠤᠰᠢᠭᠤ ᠶᠢᠨ ᠨᠢᠭᠡ ᠭᠡᠰᠡᠭ ᠪᠠᠭᠳᠠᠬᠤ ᠪᠤᠯᠪᠠ᠃ ᠤᠷᠳᠤᠰ ᠤᠨ ᠡᠨᠡ ᠭᠡᠰᠡᠭ ᠭᠠᠵᠠᠷ ᠶᠠᠨ | ᠰᠦᠢ ᠯᠤ᠋ ᠶᠢᠨ ᠰᠦᠢ ᠳ᠋ᠧ ᠵᠸᠤ ᠳᠤ ᠪᠤᠳᠠᠳᠠᠢ ᠬᠠᠮᠢᠶᠠᠷᠤᠭᠳᠠᠵᠢ᠃ | ᠭᠠᠨᠰᠤ ᠮᠤᠵᠢ ᠶᠢ ᠠᠩᠬᠠᠨ ᠳᠠᠭᠠᠨ ᠵᠦᠩ ᠰᠢᠩ ᠮᠤᠵᠢ ᠭᠡᠵᠤ ᠪᠠᠶᠢᠪᠠ᠃ ᡁᠢ ᠶᠤᠸᠠᠨ ᠤ ᠬᠤᠷᠢᠨ | ᠭᠤᠷᠪᠠᠳᠤᠭᠠᠷ ᠤᠨ ᠳᠤ ᠵᠢᠩᠬᠢᠨᠢ ᠪᠠᠷ ᠭᠠᠨᠰᠤ ᠮᠤᠵᠢ ᠬᠡᠬᠦ ᠪᠤᠯᠪᠠ᠃ ᠡᠨᠡ ᠮᠤᠵᠢ ᠶᠢᠨ ᠬᠦᠷᠢᠶ᠎ᠠ ᠭᠡᠪᠴᠢᠶ᠎ᠠ ᠳᠤ᠂ | ᠬᠠᠳᠤᠨ ᠭᠤᠤᠯ ᠤᠨ ᠵᠡᠬᠦᠨ ᠬᠦᠪᠡᠭᠡᠨ ᠳᠠᠬᠢ ᠢᠷᠭᠠᠢ ︵ᠶᠢᠨᠴᠤᠸᠠᠨ︶ ᠠᠴᠠ ᠳ᠋ᠧᠩᠺᠸᠤ ᠬᠦᠷᠬᠦ ᠨᠠᠷᠢᠬᠠᠨ ᠤᠷᠳᠤ | ᠭᠠᠵᠠᠷ ᠪᠠᠭᠳᠠᠵᠤ ᠪᠠᠶᠢᠪᠠ᠃ ᠲᠠᠷᠤᠢ ᠤᠳᠤ ᠶᠢᠨ ᠤᠳᠤᠭ ᠬᠤᠰᠢᠭᠤ᠂ ᠤᠳᠤᠭ ᠤᠨ ᠡᠮᠦᠨᠡᠳᠤ ᠬᠤᠰᠢᠭᠤ ᠶᠢᠨ ᠨᠢᠭᠡ | ᠭᠡᠰᠡᠭ ᠪᠠ ᠦᠬᠠᠢ ᠬᠤᠳᠠ ᠪᠤᠯᠤᠨ᠎ᠠ᠃ ᠡᠨᠡ ᠭᠡᠰᠡᠭ ᠭᠠᠵᠠᠷ ᠭᠠᠨᠰᠤ ᠮᠤᠵᠢ ᠶᠢᠨ ᠨᠢᠩᠰᠢᠶᠠ ᠹᠦ᠋ ᠯᠤ᠋ ᠳᠤ | ᠬᠠᠮᠢᠶᠠᠷᠤᠭᠳᠠᠵᠤ ᠪᠠᠶᠢᠪᠠ᠃ ᠨᠢᠩᠰᠢᠶᠠ ᠹᠦ᠋ ᠯᠤ᠋ ᠶᠢᠨ ᠭᠡᠷᠡᠭ ᠡᠷᠬᠢᠯᠡᠬᠦ ᠪᠠᠶᠢᠭᠤᠯᠤᠯᠭ᠎ᠠ ᠤᠳᠤ ᠶᠢᠨ ᠢᠷᠭᠠᠢ | ᠬᠤᠳᠠᠨ ᠳᠤ ᠪᠠᠶᠢᠪᠠ᠃ | ᠵᠦᠩ ᠱᠤ᠋ ᠮᠤᠵᠢ᠂ ᠱᠠᠨᠰᠢ ᠮᠤᠵᠢ ᠭᠠᠨᠰᠤ ᠮᠤᠵᠢ ᠵᠦᠪᠭᠡᠨ ᠤᠷᠳᠤᠰ ᠤᠨ ᠡᠮᠦᠨ᠎ᠡ᠂ ᠬᠤᠶᠢᠨ᠎ᠠ᠂ ᠪᠠᠷᠭᠠᠤᠨ | ᠭᠤᠷᠪᠠᠨ ᠵᠠᠬ᠎ᠠ ᠶᠢᠨ ᠭᠠᠵᠠᠷ ᠤᠳ ᠢ ᠯᠠ ᠬᠠᠮᠢᠶᠠᠷᠴᠤ ᠪᠠᠶᠢᠪᠠ᠃ ᠤᠷᠳᠤᠰ ᠤᠨ ᠲᠤᠮᠳᠠᠳᠤ ᠭᠡᠰᠡᠭ ᠪᠠ ᠵᠡᠬᠦᠨ | ᠭᠡᠰᠡᠭ ᠤᠨ ᠦᠷᠭᠡᠨ ᠠᠭᠤᠳᠠᠮ ᠭᠠᠵᠠᠷ ᠢ ᠲᠤᠬᠠᠢ ᠶᠢᠨ ᠦᠶ᠎ᠠ ᠳᠤ ᠴᠠᠭᠠᠨ ᠨᠤᠷ᠎ᠠ ᠬᠡᠵᠤ ᠨᠡᠷᠡᠶᠢᠳᠦᠭᠡᠳ ᠶᠤᠸᠠᠨ | ᠤᠯᠤᠰ ᠤᠨ ᠬᠠᠭᠠᠨ ᠤ ᠭᠡᠷ ᠲᠦᠷᠦᠯ ᠤᠨ ᠡᠷᠬᠦᠮᠵᠢᠯᠡᠭᠰᠡᠨ ᠭᠠᠵᠠᠷ ᠪᠤᠯᠭᠠᠪᠠ᠃ ᠡᠶᠢᠮᠤ ᠠᠴᠠ ᠠᠳᠡᠬᠢ ᠶᠢᠨ ᠵᠠᠰᠠᠭ | ᠵᠠᠬᠢᠷᠭᠠᠨ ᠤ ᠬᠤᠪᠢᠶᠠᠷᠢᠯᠠᠯ ᠪᠤᠰᠤᠳ ᠭᠠᠵᠠᠷ ᠲᠠᠢ ᠠᠳᠠᠯᠢ ᠦᠭᠡᠢ ᠶᠤᠮ᠃ ᠵᠠᠰᠠᠭ ᠵᠠᠬᠢᠷᠭᠠᠨ ᠤ ᠪᠠᠶᠢᠭᠤᠯᠤᠮᠵᠢ | ᠪᠠᠶᠢᠬᠤ ᠪᠠᠷ ᠪᠠᠷᠠᠬᠤ ᠦᠭᠡᠢ ᠪᠠᠰᠠ ᠪᠤᠰᠤᠳ ᠲᠠᠯ᠎ᠠ ᠶᠢᠨ ᠤᠳᠤᠷᠢᠳᠬᠤ ᠪᠠᠶᠢᠭᠤᠯᠤᠮᠵᠢ ᠪᠠᠶᠢᠪᠠ᠃ ᠡᠳᠡᠭᠡᠷ | ᠪᠤᠳᠤᠯᠢᠶᠠᠨᠳᠠᠢ ᠤᠳᠤᠷᠢᠳᠬᠤ ᠪᠠᠶᠢᠭᠤᠯᠤᠯᠭ᠎ᠠ ᠨᠤᠭᠤᠳ ᠵᠠᠷᠢᠮ ᠳᠠᠭᠠᠨ ᠰᠠᠯᠵᠤ᠂ ᠵᠠᠷᠢᠮ ᠳᠠᠭᠠᠨ ᠨᠡᠶᠢᠯᠡᠵᠤ᠂ | ᠵᠠᠷᠢᠮ ᠳᠠᠭᠠᠨ ᠵᠡᠷᠭᠡᠴᠡᠨ ᠤᠷᠤᠰᠢᠵᠤ᠂ ᠵᠠᠷᠢᠮ ᠳᠠᠭᠠᠨ ᠬᠠᠷᠢᠯᠴᠠᠨ ᠤᠷᠤᠯᠠᠵᠤ ᠪᠠᠶᠢᠪᠠ᠃ | ᠴᠠᠭᠠᠨ ᠨᠤᠷ᠎ᠠ ᠪᠤᠯ ᠤᠤᠯ ᠳᠠᠭᠠᠨ ᠶᠤᠸᠠᠨ ᠱᠢᠽᠤ ᠬᠠᠭᠠᠨ ᠤ ᠭᠤᠷᠪᠠᠳᠤᠭᠠᠷ ᠬᠦᠤ ᠪᠠᠷᠠᠭᠠᠤᠨ ᠢ ᠲᠦᠪᠰᠢᠳᠭᠡᠬᠦ | ᠸᠠᠩ ︵ᠠᠨ ᠰᠢ ᠸᠠᠩ︶ ᠮᠠᠩᠭᠠᠯᠠ ᠶᠢᠨ ᠡᠷᠬᠦᠮᠵᠢᠯᠡᠯ ᠤᠨ ᠭᠠᠵᠠᠷ ᠤᠨ ᠨᠢᠭᠡ ᠭᠡᠰᠡᠭ ᠶᠤᠮ᠃ ᠵᠠᠷᠢᠮ ᠳᠠᠭᠠᠨ | ᠪᠠᠷᠠᠭᠤᠨ ᠢ ᠲᠦᠪᠰᠢᠳᠭᠡᠬᠦ ᠸᠠᠩ ᠤᠨ ᠵᠤᠰᠠᠯᠠᠩ ᠪᠤᠯᠳᠠᠭ᠃ ᡁᠢ ᠶᠤᠸᠠᠨ ᠤ ᠠᠷᠪᠠᠨ ᠲᠤᠯᠤᠳᠤᠭᠠᠷ ᠤᠨ ︵ | ᠨᠡᠶᠢᠳᠠ ᠶᠢᠨ ᠤᠨ ᠲᠤᠭᠠᠯᠠᠯ ᠤᠨ1280 ᠤᠨ︶ ᠳᠤ᠂ ᠮᠠᠩᠭᠠᠯᠠ ᠦᠬᠦᠭᠡᠳ᠂ ᠲᠡᠬᠦᠨ ᠤ ᠬᠦᠤ ᠠᠨᠠᠨᠳᠠ᠂ | ᠮᠠᠩᠭᠠᠯᠠ ᠶᠢᠨ ᠸᠠᠩ ᠤᠨ ᠰᠠᠭᠤᠷᠢᠨ ᠢ ᠵᠠᠯᠭᠠᠮᠵᠢᠯᠠᠪᠠ᠃ ᠢᠩᠬᠢᠭᠡᠳ ᠠᠨᠠᠨᠳᠠ ᠴᠠᠭᠠᠨ ᠨᠤᠷ᠎ᠠ ᠶᠢᠨ ᠡᠵᠡᠨ ᠪᠤᠯᠪᠠ᠃ | ᠶᠤᠸᠠᠨ ᠤᠯᠤᠰ ᠤᠨ ᠦᠶ᠎ᠠ ᠳᠤ᠂ ᠬᠠᠭᠠᠨ ᠤ ᠭᠡᠷ ᠲᠦᠷᠦᠯ ᠳᠤ ᠬᠠᠭᠠᠨ ᠰᠠᠭᠤᠷᠢᠨ ᠢ ᠪᠤᠯᠢᠶᠠᠯᠳᠤᠬᠤ ᠲᠡᠮᠴᠡᠯ | ᠵᠠᠯᠭ᠎ᠠ ᠭᠠᠷᠴᠤ ᠪᠠᠶᠢᠪᠠ᠃ ᠤᠷᠳᠤᠨ ᠤ ᠲᠤᠳᠤᠭᠠᠳᠤ ᠶᠢᠨ ᠡᠷᠬᠡ ᠶᠢᠨ ᠬᠠᠷᠢᠶ᠎ᠠ ᠵᠠᠯᠭ᠎ᠠ ᠬᠤᠪᠢᠷᠠᠯᠳᠠ ᠭᠠᠷᠳᠠᠭ | ᠪᠤᠯᠬᠤᠷ᠂ ᠴᠠᠭᠠᠨ ᠨᠤᠷ᠎ᠠ ᠶᠢ ᠡᠵᠡᠮᠰᠢᠬᠦ ᠡᠷᠭᠡ ᠴᠤ ᠵᠠᠯᠭ᠎ᠠ ᠬᠤᠪᠢᠷᠠᠵᠤ᠂ ᠳ᠋ᠠ ᠳ᠋ᠧ ᠶᠢᠨ ᠠᠷᠪᠠᠨ ᠨᠢᠭᠡᠳᠦᠭᠡᠷ ᠤᠨ ︵ | ᠨᠡᠶᠢᠳᠠ ᠶᠢᠨ ᠤᠨ ᠲᠤᠭᠠᠯᠠᠯ ᠤᠨ1307 ᠤᠨ︶ ᠳᠤ᠂ ᠶᠤᠸᠠᠨ ᠴᠧᠩᠽᠦ᠋ᠩ ᠬᠠᠭᠠᠨ ᠪᠤᠷᠵᠢᠬᠢᠨ ᠤᠪᠤᠭᠳᠤ | ᠲᠡᠮᠦᠷ ᠨᠠᠰᠤ ᠨᠦᠭᠴᠢᠵᠤ ᠶᠤᠸᠠᠨ ᠤᠽᠦ᠋ᠩ ᠬᠠᠭᠠᠨ ᠪᠤᠷᠵᠢᠬᠢᠨ ᠤᠪᠤᠭᠳᠤ ᠬᠠᠶᠢᠰᠠᠩ ᠰᠠᠭᠤᠷᠢᠨ ᠢ ᠵᠠᠭᠠᠮᠵᠢᠯᠠᠵᠤ᠂ | ᠪᠠᠷᠠᠭᠤᠨ ᠢ ᠲᠦᠪᠰᠢᠳᠭᠡᠬᠦ ᠸᠠᠩ ᠠᠨᠠᠨᠳᠠ ᠠᠯᠠᠭᠳᠠᠪᠠ᠃ ᠤᠭ ᠲᠠᠭᠠᠨ ᠪᠠᠷᠠᠭᠤᠨ ᠢ ᠲᠦᠪᠰᠢᠳᠭᠡᠬᠦ ᠸᠠᠩ ᠳᠤ | ᠬᠠᠷᠢᠶᠠᠯᠠᠭᠳᠠᠵᠤ ᠪᠠᠶᠢᠭᠰᠠᠨ ᠴᠠᠭᠠᠨ ᠨᠤᠷ᠎ᠠ ᠶᠢ ᠲᠠᠶᠢᠽᠢ ᠠᠶᠤᠷᠪᠠᠳᠠᠷᠠᠪᠠᠯᠠ ᠶᠢᠨ ᠵᠡᠬᠦᠨ ᠤᠷᠳᠤᠨ ᠤ ᠭᠡᠷᠡᠭ ᠢ | ᠲᠠᠭᠠᠭᠠᠭᠰᠠᠨ ᠶᠠᠮᠤᠨ ᠳᠤ ᠱᠠᠩᠨᠠᠵᠤ ᠦᠭᠬᠦᠭᠡᠳ ᠵᠡᠬᠦᠨ ᠤᠷᠳᠤᠨ ᠤ ᠲᠠᠭᠠᠭᠠᠭᠰᠠᠨ ᠶᠠᠮᠤᠨ ᠤ ᠪᠠᠶᠢᠭᠤᠯᠤᠭᠰᠠᠨ ᠳ᠋ᠦ᠋ | ᠽᠦᠩᠭᠤᠸᠠᠨ ᠹᠦ᠋ ᠠᠴᠠ ᠴᠠᠭᠠᠨ ᠨᠤᠷ᠎ᠠ ᠶᠢ ᠬᠠᠮᠢᠶᠠᠷᠴᠤ ᠪᠠᠶᠢᠪᠠ᠃ ᠳ᠋ᠦ᠋ ᠽᠦᠩᠭᠤᠸᠠᠨ ᠹᠦ᠋ ᠪᠤᠯ ᠪᠠᠷᠤᠭ ᠯᠤ᠋ ᠲᠠᠢ | ᠲᠡᠩᠴᠡᠬᠦ ᠵᠠᠰᠠᠭ ᠵᠠᠬᠢᠷᠭᠠᠨ ᠤ ᠪᠠᠶᠢᠭᠤᠯᠤᠮᠵᠢ ᠪᠤᠯᠤᠨ᠎ᠠ᠃ | ᡁᠢ ᠳ᠋ᠠ ᠶᠢᠨ ᠲᠦᠷᠪᠡᠳᠦᠭᠡᠷ ᠤᠨ ︵ᠨᠡᠶᠢᠳᠠ ᠶᠢᠨ ᠤᠨ ᠲᠤᠭᠠᠯᠠᠯ ᠤᠨ 1311 ᠤᠨ︶ ᠳᠤ᠂ | ᠠᠶᠤᠷᠪᠠᠳᠠᠷᠠᠪᠠᠯᠠ ᠬᠠᠭᠠᠨ ᠰᠠᠭᠤᠷᠢᠨ ᠢ ᠵᠠᠯᠭᠠᠮᠵᠢᠯᠠᠵᠤ ︵ᠬᠠᠭᠠᠨ ᠤ ᠴᠤᠯᠠ ᠪᠠᠨ ᠷᠸᠠᠽᠦ᠋ᠩ ᠭᠡᠪᠡ︶᠂ ᠴᠠᠭᠠᠨ | ᠨᠤᠷ᠎ᠠ ᠶᠢ ᠬᠤᠸᠠᠩᠬᠡᠤ ᠠᠨᠠᠨᠰᠢᠷᠢ ᠳᠤ ᠰᠢᠯᠵᠢᠬᠦᠯᠦᠨ ᠦᠭᠴᠤ᠂ ᠭᠤᠤᠯᠳᠠᠭᠤ ᠤᠷᠳᠤᠨ ᠤ ᠡᠳ᠋ ᠪᠤᠳᠠᠰ ᠢ | ᠬᠠᠮᠢᠶᠠᠷᠳᠠᠭ ᠵᠦᠩ ᠵᠧᠩ ᠶᠤᠸᠠᠨ ᠬᠦᠷᠢᠶᠡᠯᠡᠩ ᠬᠠᠮᠢᠶᠠᠷᠬᠤ ᠪᠤᠯᠪᠠ᠃ ᠢᠩᠬᠢᠭᠡᠳ ᠴᠠᠭᠠᠨ ᠨᠤᠷ᠎ᠠ ᠬᠤᠸ᠋ᠩᠭᠡᠤ | ᠠᠨᠠᠨᠰᠢᠷᠢ ᠶᠢᠨ ᠡᠷᠬᠦᠮᠵᠢᠯᠡᠯ ᠤᠨ ᠭᠠᠵᠠᠷ ᠪᠤᠯᠵᠠᠢ᠃ ᠠᠨᠠᠨᠰᠢᠷᠢ ᠦᠬᠦᠭᠰᠡᠨ ᠤ ᠰᠡᠬᠦᠯᠡᠷ᠂ ᠴᠠᠭᠠᠨ ᠨᠤᠷ᠎ᠠ ᠶᠢ ᠲᠠᠬᠢᠨ | ᠠᠶᠤᠷᠪᠠᠳᠠᠷᠠᠪᠠᠯᠠ ᠶᠢᠨ ᠡᠬᠡ ᠳ᠋ᠠᠶ᠋ᠢ ᠬᠤᠸᠠᠩ ᠲᠠᠶᠢᠭᠡᠤ ᠳᠤ ᠰᠢᠯᠵᠢᠬᠦᠯᠦᠨ ᠦᠭᠴᠤ᠂ ᠲᠠᠶᠢᠭᠡᠤ ᠶᠢᠨ ᠰᠠᠭᠤᠭᠰᠠᠨ | ᠬᠤᠢ ᠵᠧᠩ ᠶᠤᠸᠠᠨ ᠬᠦᠷᠢᠶᠡᠯᠡᠩ ᠠᠴᠠ ᠬᠠᠮᠢᠶᠠᠷᠬᠤ ᠪᠤᠯᠪᠠ᠃ ᡁᠢ ᡁᠢ ᠶᠢᠨ ᠭᠤᠷᠪᠠᠳᠤᠭᠠᠷ ᠤᠨ ︵ᠨᠡᠶᠢᠳᠠ ᠶᠢᠨ | ᠤᠨ ᠲᠤᠭᠠᠯᠠᠯ ᠤᠨ 1323 ᠤᠨ︶ ᠳᠤ᠂ ᠳ᠋ᠠᠶ᠋ᠢ ᠬᠤᠸᠠᠩ ᠲᠠᠶᠢᠭᠡᠤ ᠦᠬᠦᠵᠤ᠂ ᠤᠷᠳᠤᠨ ᠤ ᠲᠤᠳᠤᠷ᠎ᠠ ᠪᠠᠨ | ᠬᠤᠷᠴᠠ ᠰᠢᠷᠦᠬᠦᠨ ᠲᠡᠮᠡᠴᠡᠯ ᠢ ᠦᠩᠭᠡᠷᠡᠬᠦᠯᠦᠭᠡᠳ ᠲᠠᠢ ᠳ᠋ᠢᠩ ᠳ᠋ᠢ ᠬᠠᠭᠠᠨ ᠦᠪᠡᠷ ᠤᠨ ᠠᠴᠢ ᠬᠦᠤ ᠰᠢᠶᠠᠩ ᠨᠢᠩ | ᠸᠠᠩ ᠪᠠᠷᠠᠰᠢᠷᠢ ᠶᠢ ᠴᠠᠭᠠᠨ ᠨᠤᠷ᠎ᠠ ᠳᠤ ᠤᠴᠢᠭᠤᠯᠵᠤ ᠰᠠᠭᠤᠯᠭᠠᠪᠠ᠃ ᠰᠡᠬᠦᠯᠡᠷ ᠲᠡᠯᠭᠡᠷᠡᠩᠬᠦᠢ ᠲᠤᠬᠤᠨᠢᠭᠤᠯᠬᠤ | ᠵᠤᠷᠭᠠᠨ ᠢ ᠬᠠᠰᠤᠵᠤ᠂ ᠸᠠᠩ ᠹᠦ᠋ ᠹᠦ᠋ ᠠᠴᠠ ᠬᠠᠮᠢᠶᠠᠷᠪᠠ᠃ ᠢᠩᠬᠢᠭᠡᠳ ᠴᠠᠭᠠᠨ ᠨᠤᠷ᠎ᠠ ᠰᠢᠶᠠᠩ ᠨᠢᠩ ᠸᠠᠩ ᠤᠨ | ᠡᠷᠬᠦᠮᠵᠢᠯᠡᠯ ᠤᠨ ᠭᠠᠵᠠᠷ ᠪᠤᠯᠵᠤ᠂ ᠠᠳᠡᠬᠢ ᠶᠢᠨ ᠵᠠᠰᠠᠭ ᠵᠠᠬᠢᠷᠭᠠᠨ ᠤ ᠬᠠᠮᠢᠶᠠᠷᠬᠤ ᠡᠷᠭᠡ ᠴᠤ ᠲᠡᠬᠦᠨ ᠤ ᠪᠤᠯᠪᠠ᠃ | ᠲᠠᠢ ᠳ᠋ᠢᠩ ᠤᠨ ᠲᠦᠷᠪᠡᠳᠦᠭᠡᠷ ᠤᠨ ︵ᠨᠡᠶᠢᠳᠠ ᠶᠢᠨ ᠤᠨ ᠲᠤᠭᠠᠯᠠᠯ ᠤᠨ 1327 ᠤᠨ︶ ᠳᠤ᠂ ᠶᠢᠰᠦᠨᠳᠡᠮᠦᠷ | ᠨᠠᠰᠤ ᠨᠦᠭᠴᠢᠭᠡᠳ᠂ ᠪᠤᠷᠵᠢᠬᠢᠨ ᠤᠪᠤᠭᠳᠤ ᠲᠦᠭᠳᠡᠮᠦᠷ ᠬᠠᠭᠠᠨ ᠰᠠᠭᠤᠷᠢᠨ ᠢ ᠵᠠᠯᠭᠠᠮᠵᠢᠯᠠᠵᠤ᠂ ᠰᠢᠶᠠᠩ ᠨᠢᠩ ᠸᠠᠩ | ᠬᠠᠭᠠᠨ ᠰᠠᠭᠤᠷᠢᠨ ᠢ ᠪᠤᠯᠢᠶᠠᠯᠳᠤᠬᠤ ᠲᠡᠮᠡᠴᠡᠯ ᠲᠤᠮᠳᠠ ᠪᠠᠷᠢᠪᠴᠢᠯᠠᠭᠳᠠᠵᠤ᠂ ᠸᠧᠨᠽᠦ᠋ᠩ ᠬᠠᠭᠠᠨ ᠲᠦᠭᠳᠡᠮᠦᠷ᠂ | ᠴᠠᠭᠠᠨ ᠨᠤᠷ᠎ᠠ ᠳᠠᠬᠢ ᠰᠢᠶᠠᠩ ᠨᠢᠩ ᠸᠠᠩ ᠤᠨ ᠡᠷᠬᠦᠮᠵᠢᠯᠡᠯ ᠭᠠᠵᠠᠷ ᠪᠠ ᠸᠠᠩ ᠹᠦ᠋ ᠹᠦ᠋ ᠶᠢ ᠬᠠᠰᠤᠵᠤ᠂ ᠲᠠᠬᠢᠨ | ᠲᠡᠯᠭᠡᠷᠡᠩᠬᠦᠢ ᠲᠤᠬᠤᠨᠢᠭᠤᠯᠬᠤ ᠵᠤᠷᠭᠠᠨ ᠬᠡᠵᠤ ᠪᠠᠶᠢᠭᠤᠯᠪᠠ᠃ ᠢᠩᠬᠢᠭᠡᠳ ᠬᠠᠭᠠᠨ ᠤ ᠤᠷᠳᠤᠨ ᠠᠴᠠ ᠡᠨᠡ ᠭᠡᠰᠡᠭ | ᠭᠠᠵᠠᠷ ᠤᠨ ᠬᠠᠮᠢᠶᠠᠷᠤᠯᠳᠠ ᠪᠠᠨ ᠴᠢᠩᠭᠠᠳᠬᠠᠪᠠ᠃ ᠭᠡᠳᠡᠯ᠎ᠠ ᠡᠨᠡ ᠦᠶ᠎ᠠ ᠶᠢᠨ ᠴᠠᠭᠠᠨ ᠨᠤᠷ᠎ᠠ ᠮᠦᠨ ᠯᠠ ᠬᠠᠭᠠᠨ ᠤ | ᠭᠡᠷ ᠲᠦᠷᠦᠯ ᠤᠨ ᠡᠷᠬᠦᠮᠵᠢᠯᠡᠯ ᠤᠨ ᠭᠠᠵᠠᠷ ᠭᠡᠪ ᠢᠶᠠᠷ ᠪᠠᠶᠢᠪᠠ᠃ ᡁᠢ ᠶᠤᠸᠠᠨ ᠤ ᠵᠢᠷᠭᠤᠳᠤᠭᠠᠷ ᠤᠨ ︵ | ᠨᠡᠶᠢᠳᠠ ᠶᠢᠨ ᠤᠨ ᠲᠤᠭᠠᠯᠠᠯ ᠤᠨ 1340 ᠤᠨ︶ ᠳᠤ᠂ ᠶᠤᠸᠠᠨ ᠱᠦᠨ ᠳ᠋ᠢ ᠬᠠᠭᠠᠨ ᠪᠦᠷᠳᠡᠰᠢᠷᠢ ᠬᠤᠸᠠᠩ | ᠲᠠᠶᠢᠭᠡᠤ ᠶᠢᠨ ᠡᠷᠭᠡ ᠶᠢ ᠬᠠᠰᠤᠵᠤ᠂ ᠢᠤᠢ ᠸᠠᠩ ᠠᠯᠳᠠᠨᠨᠠᠰᠢᠯᠢ ᠶᠢ ᠲᠤᠮᠢᠯᠠᠵᠤ᠂ ᠱᠠᠨᠰᠢ ᠳᠤ ᠰᠠᠬᠢᠨ ᠰᠠᠭᠤᠯᠭᠠᠪᠠ᠃ | ᠰᠡᠬᠦᠯᠡᠷ ᠢᠤᠢ ᠸᠠᠩ ᠴᠠᠭᠠᠨ ᠨᠤᠷ᠎ᠠ ᠳᠤ ᠰᠢᠯᠵᠢᠭᠡᠳ᠂ ᠴᠠᠭᠠᠨ ᠨᠤᠷ᠎ᠠ ᠠᠯᠳᠠᠨᠨᠠᠰᠢᠯᠢ ᠶᠢᠨ ᠬᠦᠴᠦᠨ ᠤ ᠬᠦᠷᠢᠶ᠎ᠠ | ᠭᠡᠪᠴᠢᠶ᠎ᠠ ᠳᠤ ᠤᠷᠤᠪᠠ᠃ ᡁᠢ ᠵᠧᠩ ᠤᠨ ᠬᠤᠷᠢᠨ ᠲᠤᠯᠤᠭᠠᠨ ᠤᠨ ︵ᠨᠡᠶᠢᠳᠠ ᠶᠢᠨ ᠤᠨ ᠲᠤᠭᠠᠯᠠᠯ ᠤᠨ1367 | ᠤᠨ︶ ᠳᠤ᠂ ᠴᠠᠭᠠᠨ ᠨᠤᠷ᠎ᠠ ᠳᠤ ᠰᠢᠩ ᠱᠤ᠋ ᠶᠢ ᠶᠤᠸᠠᠨ ᠬᠦᠷᠢᠶᠡᠯᠡᠩ ᠪᠠᠶᠢᠭᠤᠯᠵᠤ᠂ ᠱᠠᠨᠰᠢ ᠮᠤᠵᠢ ᠶᠢᠨ ᠵᠡᠬᠦᠨ | ᠴᠧᠩᠰᠢᠶᠠᠩ ᠲᠤᠯᠤ ᠶᠢ ᠰᠢᠩ ᠱᠤ᠋ ᠮᠢ ᠶᠤᠸᠠᠨ ᠬᠦᠷᠢᠶᠡᠯᠡᠩ ᠤᠨ ᠭᠡᠷᠡᠭ ᠶᠠᠪᠤᠳᠠᠯ ᠢ ᠬᠠᠪᠰᠤᠷᠭᠠᠨ ᠬᠠᠷᠢᠭᠤᠴᠠᠭᠤᠯᠪᠠ | ᠃ ᠡᠨᠡ ᠪᠤᠯ ᠲᠦᠷ ᠴᠠᠭ ᠤᠨ ᠴᠡᠷᠢᠭ ᠤᠨ ᠶᠠᠪᠤᠳᠠᠯ ᠤᠨ ᠪᠠᠶᠢᠭᠤᠯᠤᠮᠵᠢ ᠪᠤᠯᠤᠨ᠎ᠠ᠃ | ᠴᠠᠭᠠᠨ ᠨᠤᠷ᠎ᠠ ᠳᠤ ᠨᠢᠭᠡ ᠶᠡᠭᠡ ᠬᠤᠳᠠ ᠪᠠᠯᠭᠠᠰᠤ ᠶᠢᠨ ᠪᠠᠷᠢᠯᠭ᠎ᠠ ᠪᠤᠢ᠃ ᠡᠨᠡ ᠨᠢ ᠤᠳᠤ ᠶᠢᠨ ᠦᠤᠰᠢᠨ | ᠬᠤᠰᠢᠭᠤᠨ ᠤ ᠭᠠᠵᠠᠷ ᠲᠤ ᠪᠠᠶᠢᠨ᠎ᠠ᠃ ᠱᠠᠨᠰᠢ ᠮᠤᠵᠢ ᠶᠢᠨ ᠡᠾᠧᠩ ᠱᠠᠨ ᠰᠢᠶᠠᠨ ᠠᠴᠠ ᠶᠡᠷᠡᠨ ᠭᠠᠵᠠᠷ ᠵᠠᠶᠢᠳᠠᠢ᠂ | ᠠᠳᠠ ᠤᠷᠳᠤᠨ ᠪᠠ ᠨᠡᠯᠢᠶᠡᠳ ᠲᠡᠭᠡᠳᠤ ᠵᠡᠷᠭᠡ ᠶᠢᠨ ᠵᠠᠰᠠᠭ ᠵᠠᠬᠢᠷᠭᠠᠨ ᠤ ᠪᠠᠶᠢᠭᠤᠯᠤᠮᠵᠢ ᠪᠠᠶᠢᠪᠠ᠃ ᠲᠤᠬᠠᠢ ᠶᠢᠨ | ᠦᠶ᠎ᠠ ᠳᠤ᠂ ᠠᠳᠠ ᠠᠴᠠ ᠱᠠᠨᠰᠢ ᠮᠤᠵᠢ ᠶᠢᠨ ᠰᠢ ᠠᠨ ᠬᠤᠳᠠ ᠬᠦᠷᠳᠡᠯ᠎ᠠ ᠰᠢᠭᠤᠳ ᠨᠡᠪᠳᠡᠷᠡᠭᠰᠡᠨ ᠤᠯᠠᠭ᠎ᠠ ᠶᠢᠨ | ᠵᠠᠮ ᠲᠠᠢ ᠪᠠᠶᠢᠪᠠ᠃ ᠴᠠᠭᠠᠨ ᠨᠤᠷ᠎ᠠ ᠪᠤᠯ ᠤᠷᠳᠤᠰ ᠤᠨ ᠡᠯ᠎ᠠ ᠤᠯᠠᠭ᠎ᠠ ᠦᠷᠳᠡᠭᠡ ᠶᠢᠨ ᠶᠡᠷᠦᠩᠭᠡᠢ ᠦᠷᠳᠡᠭᠡ ᠪᠤᠯᠵᠤ᠂ | ᠨᠡᠯᠢᠶᠡᠳ ᠬᠦᠭᠵᠢᠭᠰᠡᠨ ᠮᠠᠯ ᠠᠵᠤ ᠠᠬᠤᠢ᠂ ᠲᠠᠷᠢᠶᠠᠯᠠᠩ ᠪᠠ ᠭᠠᠷ ᠦᠢᠯᠡᠳᠪᠦᠷᠢ ᠲᠠᠢ ᠪᠠᠶᠢᠪᠠ᠃ | ᡁᠢ ᠵᠧᠩ ᠤᠨ ᠬᠤᠷᠢᠨ ᠨᠠᠢᠮᠠᠨ ᠤᠨ ︵ᠨᠡᠶᠢᠳᠠ ᠶᠢᠨ ᠤᠨ ᠲᠤᠭᠠᠯᠠᠯ ᠤᠨ 1368 ᠤᠨ︶ ᠳᠤ᠂ | ᠲᠠᠷᠢᠶᠠᠴᠢᠨ ᠤ ᠪᠤᠰᠤᠯᠭ᠎ᠠ ᠶᠢᠨ ᠴᠡᠷᠢᠭ ᠢᠶᠠᠷ ᠭᠤᠤᠯ ᠪᠤᠯᠭᠠᠭᠰᠠᠨ ᠦᠨᠳᠦᠰᠦᠳᠡᠨ ᠨᠦᠭᠦᠳ ᠤᠨ ᠠᠷᠠᠳ ᠲᠦᠮᠡᠨ ᠤ | ᠪᠤᠰᠤᠯᠭ᠎ᠠ᠂ ᠶᠤᠸᠠᠨ ᠤᠯᠤᠰ ᠤᠨ ᠨᠤᠶᠠᠷᠬᠠᠯ ᠢ ᠲᠦᠯᠬᠢᠨ ᠤᠨᠠᠭᠠᠵᠤ᠂ ᠪᠤᠰᠤᠯᠭ᠎ᠠ ᠶᠢᠨ ᠴᠡᠷᠢᠭ ᠤᠨ ᠤᠳᠤᠷᠢᠳᠤᠭᠴᠢ | ᠵᠤ᠋ ᠶᠤᠸᠠᠨ ᠵᠠᠩ ᠮᠢᠩ ᠤᠯᠤᠰ ᠢ ᠪᠠᠶᠢᠭᠤᠯᠪᠠ᠃ ᠡᠨᠡ ᠦᠶ᠎ᠠ᠂ ᠶᠤᠸᠠᠨ ᠤᠯᠤᠰ ᠤᠨ ᠮᠤᠩᠭᠤᠯ ᠤᠨ ᠡᠯ᠎ᠠ ᠠᠶᠢᠮᠠᠭ | ᠪᠦᠯᠦᠭ ᠤᠳ ᠴᠦᠮ ᠶᠡᠭᠡ ᠭᠤᠪᠢ ᠶᠢᠨ ᠠᠷᠤ ᠦᠪᠦᠷ ᠲᠤ ᠰᠢᠯᠵᠢᠨ ᠤᠷᠤᠵᠤ᠂ ᠬᠠᠷᠢᠯᠴᠠᠨ ᠪᠤᠯᠢᠶᠠᠨ | ᠲᠡᠮᠡᠴᠡᠯᠳᠦᠭᠰᠡᠨ ᠹᠸᠤᠳᠠᠯ ᠤᠨ ᠬᠡᠰᠡᠭᠯᠡᠨ ᠡᠵᠡᠯᠡᠬᠦ ᠪᠠᠶᠢᠳᠠᠯ ᠢ ᠪᠤᠢ ᠪᠤᠯᠭᠠᠪᠠ᠃ ᠨᠡᠶᠢᠳᠠ ᠶᠢᠨ ᠤᠨ ᠲᠤᠭᠠᠯᠠᠯ ᠤᠨ | 1368 ᠤᠨ ᠠᠴᠠ 1388 ᠤᠨ ᠬᠦᠷᠳᠡᠯᠡᠬᠢ ᠬᠤᠷᠢᠨ ᠵᠢᠯ ᠤᠨ ᠲᠤᠳᠤᠷ᠎ᠠ᠂ ᠶᠤᠸᠠᠨ ᠤᠯᠤᠰ ᠤᠨ ᠬᠦᠴᠦᠨ ᠪᠠ | ᠮᠢᠩ ᠤᠯᠤᠰ ᠬᠤᠭᠤᠷᠤᠨᠳᠤ ᠪᠠᠨ ᠤᠯᠠᠨ ᠤᠳᠠᠭ᠎ᠠ ᠲᠠᠶᠢᠨ ᠭᠡᠪᠡ᠃ ᠶᠤᠸᠠᠨ ᠤᠯᠤᠰ ᠤᠨ ᠬᠦᠴᠦᠨ ᠮᠢᠩ | ᠤᠯᠤᠰ ᠤᠨ ᠴᠡᠷᠢᠭ ᠢ ᠴᠤᠬᠢᠵᠤ ᠲᠡᠶᠢᠯᠬᠦ ᠦᠭᠡᠢ ᠪᠤᠯᠬᠤᠷ᠂ ᠮᠢᠩ ᠤᠯᠤᠰ ᠠᠴᠠ ᠶᠤᠸᠠᠨ ᠤᠯᠤᠰ ᠲᠠᠢ ᠲᠠᠶᠢᠨ | ᠬᠢᠭᠰᠡᠨ ᠭᠠᠵᠠᠷ ᠤᠳ ᠢᠶᠠᠷ ᠮᠤᠩᠭᠤᠯ ᠢ ᠰᠡᠷᠭᠡᠶᠢᠯᠡᠬᠦ ᠭᠠᠵᠠᠷ ᠬᠤᠷᠢ ᠢᠯᠡᠬᠦᠤ ᠪᠠᠶᠢᠭᠤᠯᠪᠠ᠃ ᠡᠨᠡ ᠦᠶ᠎ᠠ ᠶᠢᠨ | ᠤᠷᠳᠤᠰ ᠳ᠋ᠦᠩᠱᠧᠩ ᠤᠨᠰᠡᠷᠬᠡᠶᠢᠯᠡᠬᠦ ᠭᠠᠵᠠᠷ ᠲᠤ ᠬᠠᠮᠢᠶᠠᠷᠤᠭᠳᠠᠵᠤ ᠪᠠᠶᠢᠪᠠ᠃ ᠨᠡᠶᠢᠳᠠ ᠶᠢᠨ ᠤᠨ ᠲᠤᠭᠠᠯᠠᠯ ᠤᠨ | ᠠᠷᠪᠠᠨ ᠲᠦᠷᠪᠡᠳᠦᠭᠡᠷ ᠵᠠᠭᠤᠨ ᠤ ᠰᠡᠬᠦᠯᠴᠢ ᠪᠠᠷ ᠤᠤᠯ ᠳᠠᠭᠠᠨ ᠤᠷᠳᠤᠰ ᠲᠤ ᠰᠠᠭᠤᠵᠤ ᠪᠠᠶᠢᠭᠰᠠᠨ ᠮᠤᠩᠭᠤᠯᠴᠤᠳ | ᠵᠠᠯᠭᠠᠪᠡᠷ ᠬᠠᠳᠤᠨ ᠭᠤᠤᠯ ᠤᠨ ᠬᠤᠶᠢᠳᠤ ᠲᠠᠯ᠎ᠠ ᠪᠠ ᠤᠷᠳᠤᠰ ᠤᠨ ᠪᠠᠷᠠᠭᠤᠨ ᠬᠤᠶᠢᠳᠤ ᠭᠡᠰᠡᠭ ᠲᠤ ᠰᠢᠯᠵᠢᠨ | ᠶᠠᠪᠤᠵᠠᠢ᠃ ᠲᠢᠶᠠᠨ ᠱᠦᠨ ᠤ ᠵᠢᠯ ᠤᠳ ︵ᠨᠡᠶᠢᠳᠠ ᠶᠢᠨ ᠤᠨ ᠲᠤᠭᠠᠯᠠᠯ ᠤᠨ 1462 ᠤᠨ︶ ᠲᠤ᠂ ᠪᠠᠰᠠ ᠨᠢᠭᠡ | ᠪᠦᠯᠦᠭ ᠮᠤᠩᠭᠤᠯᠴᠤᠳ ᠤᠷᠳᠤᠰ ᠨᠤᠳᠤᠭ ᠲᠤ ᠤᠷᠤᠵᠤ ᠢᠷᠡᠵᠠᠢ᠃ | ᠵᠢᠩ ᠲᠠᠢ ᠶᠢᠨ ᠲᠤᠮᠳᠠ ︵ᠨᠡᠶᠢᠳᠠ ᠶᠢᠨ ᠤᠨ ᠲᠤᠭᠠᠯᠠᠯ ᠤᠨ1453 ᠤᠨ ᠤ ᠨᠠᠭᠠᠭᠤᠠᠷ ᠴᠠᠭᠠᠭᠤᠷ︶ ᠦᠶ᠎ᠠ | ᠪᠠᠷ᠂ ᠲᠠᠲ᠋ᠠᠷ ᠠᠶᠢᠮᠠᠭ ᠤᠨ ᠲᠦᠷᠦᠬᠦᠤ ᠪᠦᠸᠧᠯᠠᠢ᠂ ᠤᠤᠯᠠ ᠶᠢ ᠴᠤᠬᠢᠨ᠂ ᠲᠤᠭᠳᠠᠬᠤ ᠪᠤᠬ᠎ᠠ ᠶᠢᠨ ᠬᠦᠤ | ᠮᠠᠬᠠᠬᠦᠷᠬᠢᠰ ᠢ ᠬᠠᠭᠠᠨ ︵ᠦᠭᠡᠭᠳᠤ ᠬᠠᠭᠠᠨ︶ ᠪᠤᠯᠭᠠᠪᠠ᠂ ᠪᠦᠸᠧᠯᠠᠢ ᠤᠤᠯᠠ ᠶᠢ ᠠᠯᠠᠭᠰᠠᠨ ᠤ ᠰᠡᠬᠦᠯᠡᠷ᠂ | ᠲᠡᠬᠦᠨ ᠤ ᠰᠦᠷ ᠬᠦᠴᠦᠨ ᠪᠤᠰᠤᠳ ᠠᠶᠢᠮᠠᠭ ᠢ ᠲᠠᠷᠤᠪᠠ᠃ ᠭᠡᠪᠡᠴᠤ ᠮᠤᠯᠤᠬᠠᠢ ᠪᠠ ᠲᠤᠬᠠᠯᠠᠩ ᠬᠤᠶᠠᠷ ᠬᠠᠮᠳᠤᠷᠠᠵᠤ | ᠪᠦᠸᠧᠯᠠᠢ ᠶᠢ ᠴᠤᠬᠢᠵᠠᠢ᠃ ᠮᠤᠯᠤᠬᠠᠢ ᠪᠤᠯ ᠤᠩᠨᠢᠭᠤᠳ ᠠᠶᠢᠮᠠᠭ ᠤᠨ ᠸᠠᠩ ︵ᠤᠩ︶᠂ ᠲᠤᠬᠠᠯᠠᠩ ᠪᠤᠯ | ᠲᠤᠯᠤᠭᠠᠨ ᠲᠦᠮᠡᠳ ᠤᠨ ᠡᠵᠡᠨ ᠶᠤᠮ᠂ ᠡᠳᠠ ᠬᠤᠶᠠᠷ ᠴᠦᠮ ᠴᠢᠩᠬᠢᠰ ᠤᠨ ᠲᠡᠬᠦᠤ ᠤᠳᠴᠢᠬᠢᠨ ᠤ ᠬᠤᠶᠢᠴᠢ | ᠦᠶ᠎ᠠ ᠪᠤᠯᠤᠨ᠎ᠠ᠃ ᠲᠢᠶᠠᠨ ᠱᠦᠨ ᠤ ᠠᠩᠬᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ 1457 ᠤᠨ︶ ᠳᠤ | ᠂ ᠲᠤᠬᠠᠯᠠᠩ ᠦᠭᠡᠭᠳᠤ ᠬᠠᠭᠠᠨ ᠮᠠᠬᠠᠬᠦᠷᠬᠢᠰ ᠢ ᠠᠯᠠᠵᠤ᠂ ᠲᠢᠶᠠᠨ ᠱᠦᠨ ᠤ ᠬᠤᠶᠠᠳᠤᠭᠠᠷ ᠤᠨ ᠳᠤ᠂ ᠮᠤᠯᠤᠬᠠᠢ | ᠲᠤᠭᠳᠠᠬᠤ ᠪᠦᠭᠡ ᠶᠢᠨ ᠨᠦᠬᠦᠭᠡ ᠨᠢᠭᠡ ᠬᠦᠤ ᠮᠤᠯᠤᠨ ᠢ ᠬᠠᠭᠠᠨ ᠪᠤᠯᠭᠠᠪᠠ᠃ ᠢᠩᠬᠢᠭᠡᠳ ᠮᠤᠯᠤᠬᠠᠢ ᠪᠤᠯᠤᠨ | ᠲᠤᠬᠠᠯᠠᠩ ᠤᠨ ᠬᠦᠴᠦᠨ ᠬᠦᠭᠵᠢᠨ ᠮᠠᠨᠳᠤᠪᠠ᠃ ᠲᠢᠶᠠᠨ ᠱᠦᠨ ᠤ ᠵᠢᠷᠭᠤᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ 1462 ᠤᠨ︶ ᠳᠤ᠂ ᠮᠤᠯᠤᠬᠠᠢ ᠶᠢᠨ ᠬᠦᠴᠦᠨ ᠤᠷᠳᠤᠰ ᠲᠤ ᠤᠷᠤᠵᠤ ᠢᠷᠡᠪᠡ᠃ ᠢᠩᠬᠢᠭᠡᠳ | ᠵᠠᠷᠢᠮ ᠬᠦᠮᠦᠨ᠂ ᠮᠤᠯᠤᠨ ᠬᠠᠭᠠᠨ ᠪᠠ ᠮᠤᠯᠤᠬᠠᠢ ᠶᠢᠨ ᠬᠠᠷᠢᠴᠠᠭ᠎ᠠ ᠶᠢ ᠬᠠᠳᠬᠤᠨ ᠵᠠᠪᠰᠠᠷᠳᠠᠭᠤᠯᠤᠭᠰᠠᠨ ᠳᠤ | ᠮᠤᠯᠤᠬᠠᠢ᠂ ᠮᠤᠯᠤᠨ ᠬᠠᠭᠠᠨ ᠢ ᠪᠤᠷᠤᠭᠤ ᠪᠠᠷ ᠠᠯᠠᠵᠠᠢ᠃ | ᠮᠤᠯᠤᠨ ᠬᠠᠭᠠᠨ ᠮᠤᠯᠤᠬᠠᠢ ᠲᠠᠢ ᠬᠤᠳᠬᠨ ᠪᠠᠶᠢᠯᠳᠤᠵᠤ ᠪᠠᠶᠢᠭᠰᠠᠨ ᠦᠶ᠎ᠠ ᠳᠤ᠂ ᠤᠶᠢᠷᠠᠳ ᠠᠶᠢᠮᠠᠭ ᠤᠨ | ᠪᠡᠭᠡᠷᠰᠡᠨ᠂ ᠮᠤᠯᠤᠬᠠᠢ ᠲᠤᠬᠠᠯᠠᠩ ᠲᠠᠢ ᠡᠰᠡᠷᠬᠦᠴᠡᠯᠳᠦᠪᠡ᠃ ᠴᠧᠩ ᠬᠤᠸᠠ ᠶᠢᠨ ᠠᠩᠬᠠᠳᠤᠭᠠᠷ ᠤᠨ ᠤ ᠤᠷᠢᠳ | ᠬᠤᠵᠢᠳ ︵ᠨᠡᠶᠢᠳᠠ ᠶᠢᠨ ᠤᠨ ᠲᠤᠭᠠᠯᠠᠯ ᠤ 1466 ᠤᠨ︶᠂ ᠮᠠᠨᠳᠤᠭᠤᠯ ᠬᠠᠭᠠᠨ ᠦᠭᠡᠭᠳᠤ ᠬᠠᠭᠠᠨ ᠤ | ᠦᠰᠢᠶ᠎ᠠ ᠶᠢ ᠠᠪᠬᠤ ᠶᠢᠨ ᠲᠦᠯᠦᠭᠡ ᠪᠡᠭᠡᠷᠰᠡᠨ ᠢ ᠲᠠᠶᠢᠱᠢ ᠪᠤᠯᠭᠠᠨ ᠲᠤᠬᠠᠯᠠᠩ ᠢ ᠴᠤᠬᠢᠵᠤ᠂ ᠲᠤᠯᠤᠭᠠᠨ ᠲᠦᠮᠡᠳ ᠢ | ᠬᠤᠷᠢᠶᠠᠨ ᠠᠪᠤᠪᠠ᠃ ᠡᠬᠦᠨ ᠠᠴᠠ ᠬᠤᠶᠢᠰᠢ᠂ ᠪᠡᠭᠡᠷᠰᠡᠨ ᠲᠠᠷᠤᠢ ᠶᠦᠩᠰᠢᠶᠠᠪᠤ ᠶᠢᠨ ᠡᠵᠡᠨ ᠪᠤᠯᠵᠤ᠂ ᠲᠡᠬᠦᠨ ᠤ | ᠬᠦᠴᠦᠨ ᠬᠦᠭᠵᠢᠭᠡᠳ ᠤᠷᠳᠤᠰ ᠤᠷᠤᠨ ᠢᠶᠠᠷ ᠤᠷᠤᠵᠤ ᠢᠷᠡᠪᠡ᠃ | ᠴᠧᠩ ᠬᠤᠸᠠ ᠶᠢᠨ ᠲᠦᠷᠪᠡᠳᠦᠭᠡᠷ ᠤᠨ ︵ᠨᠡᠶᠢᠳᠠ ᠶᠢᠨ ᠤᠨ ᠲᠤᠭᠠᠯᠠᠯ ᠤᠨ1468 ᠤᠨ︶ ᠳᠤ᠂ ᠪᠤᠯᠬᠤ | ᠵᠢᠨᠦᠩ ᠪᠠᠶᠠᠨᠮᠦ᠋ᠩᠭᠡ᠂ ᠠᠷᠤᠴᠢ ᠪᠠᠷ ᠰᠤᠤᠱᠢ ᠪᠤᠯᠭᠠᠵᠤ᠂ ᠴᠡᠷᠢᠭ ᠭᠠᠷᠭᠠᠵᠤ ᠮᠤᠯᠤᠨ ᠬᠠᠭᠠᠨ ᠤ ᠦᠰᠢᠶ᠎ᠠ ᠶᠢ | ᠠᠪᠬᠤ ᠪᠠᠷ ᠮᠤᠯᠤᠬᠠᠢ ᠸᠠᠩ ᠢ ᠲᠠᠶᠢᠯᠠᠪᠠ᠃ ᠢᠩᠬᠢᠭᠡᠳ ᠪᠤᠯᠬᠤ ᠵᠢᠨᠤᠩ ᠵᠢᠴᠢ ᠠᠷᠤᠴᠢ ᠶᠢᠨ ᠬᠦᠴᠦᠨ ᠪᠠᠰᠠ | ᠤᠷᠳᠤᠰ ᠲᠤ ᠤᠷᠤᠵᠤ ᠢᠷᠡᠪᠡ᠃ ᠪᠡᠭᠡᠷᠰᠡᠨ ᠪᠠ ᠪᠤᠯᠬᠤ ᠵᠢᠨᠤᠩ᠂ ᠠᠷᠤᠴᠢ ᠶᠢᠨ ᠬᠦᠴᠦᠨ ᠤᠷᠳᠤᠰ ᠲᠤ ᠤᠷᠤᠵᠤ | ᠢᠷᠡᠭᠰᠡᠨ ᠤ ᠪᠠᠨ ᠲᠠᠷᠠᠭ᠎ᠠ᠂ ᠬᠡᠳᠦᠬᠦᠯᠡ ᠬᠤᠭᠤᠷᠤᠨᠳᠤ ᠪᠠᠨ ᠲᠡᠮᠡᠴᠡᠯᠳᠦᠵᠤ᠂ ᠪᠡᠭᠡᠷᠰᠡᠨ ᠠᠷᠤᠴᠢ ᠶᠢ ᠠᠯᠠᠵᠤ᠂ | ᠬᠤᠵᠢᠮ ᠨᠢ ᠪᠤᠯᠬᠤ ᠵᠢᠨᠤᠩ ᠢ ᠠᠯᠠᠪᠠ᠃ ᠮᠤᠯᠤᠬᠠᠢ ᠶᠢᠨ ᠬᠦᠤ ᠢᠰᠡᠮᠡᠨ᠂ ᠪᠡᠭᠡᠷᠰᠡᠨ ᠢ ᠠᠯᠠᠪᠠ᠃ | ᠮᠤᠩᠭᠤᠯ ᠤᠨ ᠤᠯᠠᠨ ᠠᠶᠢᠮᠠᠭ ᠤᠳ ᠠᠯᠠᠯᠳᠤᠨ ᠪᠠᠶᠢᠯᠳᠤᠵᠤ ᠪᠠᠶᠢᠭᠰᠠᠨ ᠦᠶ᠎ᠠ ᠳᠤ᠂ ᠶᠠᠨ ᠰᠦᠢ ᠶᠢᠨ | ᠴᠠᠭᠳᠠᠭᠴᠢ ᠢᠤᠢ ᠽᠢ ᠵᠢᠶᠦ᠋ᠨ᠂ ᠴᠧᠩ ᠬᠤᠸᠠ ᠶᠢᠨ ᠲᠤᠯᠤᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ1471 ᠤᠨ︶ ᠳᠤ ᠡᠬᠢᠯᠡᠵᠤ᠂ ᠶᠠᠨ ᠰᠦᠢ ᠶᠢᠨ ᠤᠷᠳᠤ ᠴᠠᠭᠠᠨ ᠭᠡᠷᠡᠮ ︵ᠮᠢᠩ ᠤᠯᠤᠰ ᠤᠨ | ᠤᠷᠳᠤ ᠴᠠᠭᠠᠨ ᠭᠡᠷᠡᠮ︶ ᠢ ᠪᠠᠷᠢᠵᠤ᠂ ᠢᠤᠢ ᠯᠢᠨ ᠳᠤ ᠰᠢᠯᠵᠢᠨ ᠰᠠᠭᠤᠪᠠ᠃ ᠴᠧᠩ ᠬᠤᠸᠠ ᠶᠢᠨ ᠶᠢᠰᠦᠳᠦᠭᠡᠷ ᠤᠨ | ︵ᠨᠡᠶᠢᠳᠠ ᠶᠢᠨ ᠤᠨ ᠲᠤᠭᠠᠯᠠᠯ ᠤᠨ1473 ᠤᠨ︶ ᠳᠤ᠂ ᠮᠢᠩ ᠤᠯᠤᠰ ᠤᠨ ᠴᠡᠷᠢᠭ ᠬᠤᠩ ᠶᠠᠨ ᠤᠤᠢ ︵ | ᠤᠯᠠᠭᠠᠨ ᠲᠠᠪᠤᠰᠤᠨ ᠨᠠᠭᠤᠷ︶ ᠳᠤ ᠮᠤᠩᠭᠤᠯ ᠴᠡᠷᠢᠭ ᠢ ᠲᠠᠶᠢᠯᠠᠪᠠ᠃ ᠡᠨᠡ ᠦᠶ᠎ᠠ ᠳᠤ ᠪᠤᠯᠬᠤ ᠵᠢᠨᠤᠩ ᠤᠨ ᠬᠦᠤ | ᠪᠠᠳᠤᠮᠦ᠋ᠩᠭᠡ ᠰᠠᠭᠤᠷᠢᠨ ᠢ ᠵᠠᠯᠭᠠᠮᠵᠢᠯᠠᠵᠤ᠂ ᠲᠠᠶᠠᠨ ᠬᠠᠭᠠᠨ ᠭᠡᠵᠤ ᠨᠡᠷᠡᠶᠢᠳᠪᠡ᠃ ᠤᠷᠳᠤᠰ ᠮᠤᠩᠭᠤᠯ ᠤᠨ ᠡᠯ᠎ᠠ | ᠠᠶᠢᠮᠠᠭ ᠤᠳ ᠰᠢᠨ᠎ᠡ ᠬᠠᠭᠠᠨ ᠢᠶᠠᠨ ᠲᠠᠭᠠᠬᠤ ᠪᠠᠷ ᠨᠡᠬᠦᠭᠡᠳ᠂ ᠤᠷᠳᠤᠰ ᠲᠠᠬᠢᠨ ᠬᠤᠭᠤᠰᠤᠷᠠᠵᠤ ᠡᠬᠢᠯᠡᠪᠡ᠃ ᠮᠢᠩ | ᠤᠯᠤᠰ ᠶᠠᠭ ᠰᠠᠶᠢᠬᠠᠨ ᠤᠷᠳᠤᠰ ᠢ ᠪᠤᠴᠠᠭᠠᠨ ᠠᠪᠬᠤ ᠪᠠᠷ ᠪᠡᠯᠡᠳᠭᠡᠵᠤ ᠪᠠᠶᠢᠭᠰᠠᠨ ᠦᠶ᠎ᠠ ᠳᠤ᠂ ᠮᠤᠩᠭᠤᠯ ᠴᠡᠷᠢᠭ | ᠲᠠᠬᠢᠨ ᠬᠤᠩ ᡁᠢ ᠶᠢᠨ ᠠᠷᠪᠠᠨ ᠬᠤᠶᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ 1499 ᠤᠨ︶ ᠳᠤ᠂ | ᠤᠷᠳᠤᠰ ᠲᠤ ᠤᠷᠤᠵᠤ ᠢᠷᠡᠪᠡ᠃ ᠡᠨᠡ ᠤᠳᠠᠭ᠎ᠠ ᠶᠢᠨ ᠤᠷᠳᠤᠰ ᠲᠤ ᠣᠷᠣᠵᠤ ᠢᠷᠡᠭᠰᠡᠨ ᠮᠤᠩᠭᠤᠯᠴᠤᠳ ᠪᠤᠯ | ᠮᠤᠩᠭᠤᠯᠵᠢᠨ ᠤ ᠬᠤᠤᠰᠠᠢ ᠠᠶᠢᠮᠠᠭ ᠪᠤᠯᠤᠨ᠎ᠠ᠃ ᠪᠠᠳᠤᠮᠦ᠋ᠩᠭᠡ ︵ᠲᠠᠷᠤᠢ ᠪᠠᠭ᠎ᠠ ᠬᠠᠭᠠᠨ︶ ᠡᠷᠭᠡᠳᠤ ᠲᠦᠰᠢᠮᠡᠳ ᠤᠨ | ᠭᠡᠷᠴᠡᠭᠡᠶᠢᠯᠡᠯ ᠢ ᠡᠴᠦᠰᠯᠡᠬᠦᠯᠬᠦ ᠶᠢᠨ ᠲᠦᠯᠦᠭᠡ᠂ ᠠᠷᠤ ᠭᠤᠪᠢ ᠶᠢᠨ ᠢᠰᠡᠮᠡᠨ ᠢ ᠠᠯᠠᠵᠤ᠂ ᠲᠦᠮᠡᠳ ᠤᠨ | ᠬᠤᠤᠰᠠᠢ ᠶᠢ ᠤᠰᠠᠳᠬᠠᠵᠤ᠂ ᠶᠦᠩᠰᠢᠶᠠᠪᠤ ᠲᠦᠮᠡᠨ ᠤ ᠢᠪᠡᠷᠠᠢ ᠲᠠᠶᠢᠱᠢ ᠪᠠ ᠤᠷᠳᠤᠰ ᠤᠨ ᠮᠠᠨᠳᠤᠯᠠᠢ ᠠᠬᠠᠯᠠᠬᠤ ᠶᠢ | ᠪᠠᠶᠢᠯᠳᠤᠨ ᠢᠠᠯᠪᠠ᠃ ᠪᠠᠰᠠ ᠤᠶᠢᠷᠠᠳ ᠢ ᠪᠠᠷᠠᠭᠤᠨᠰᠢ ᠠᠯᠪᠠᠳᠠᠨ ᠨᠡᠬᠦᠯᠭᠡᠵᠤ᠂ ᠲᠦᠮᠡᠨ ᠤ ᠵᠤᠬᠢᠶᠠᠨ | ᠪᠠᠶᠢᠭᠤᠯᠤᠯᠳᠠ ᠶᠢ ᠰᠡᠷᠬᠦᠭᠡᠵᠤ᠂ ᠭᠤᠪᠢ ᠶᠢᠨ ᠠᠷᠤ ᠦᠪᠦᠷ ᠤᠨ ᠮᠤᠩᠭᠤᠯᠴᠤᠳ ᠢ ᠵᠢᠷᠭᠤᠭᠠᠨ ᠲᠦᠮᠡᠨ ᠪᠤᠯᠭᠠᠵᠤ᠂ | ᠵᠡᠬᠦᠨ ᠭᠠᠷ ᠪᠠ ᠪᠠᠷᠠᠭᠤᠨ ᠭᠠᠷ ᠪᠤᠯᠭᠠᠨ ᠬᠤᠪᠢᠶᠠᠪᠠ᠃ ᠵᠡᠬᠦᠨ ᠭᠤᠷᠪᠠᠨ ᠲᠦᠮᠡᠨ ᠢ ᠲᠠᠶᠠᠨ ᠬᠠᠭᠠᠨ ᠦᠪᠡᠷ ᠢᠶᠠᠨ | ᠤᠳᠤᠷᠢᠳᠴᠤ᠂ ᠴᠠᠬᠠᠷ ᠲᠦᠮᠡᠨ ᠢᠶᠠᠷ ᠰᠢᠳᠡᠷ ᠴᠡᠷᠢᠭ ᠢᠶᠠᠨ ᠪᠤᠯᠭᠠᠵᠤ᠂ ᠬᠠᠯᠬ᠎ᠠ᠂ ᠤᠷᠢᠶᠠᠩᠬᠠᠨ ᠬᠤᠶᠠᠷ ᠲᠦᠮᠡᠨ ᠢ | ᠨᠡᠮᠡᠪᠡ᠃ ᠪᠠᠷᠠᠭᠤᠨ ᠭᠠᠷ ᠲᠤ ᠲᠠᠶᠠᠨ ᠬᠠᠭᠠᠨ ᠤ ᠭᠤᠷᠪᠠᠳᠤᠭᠠᠷ ᠬᠦᠤ ᠪᠠᠷᠰᠪᠤᠯᠤᠳ ᠵᠢᠨᠤᠩ ᠪᠤᠯᠵᠤ ᠂ ᠤᠷᠳᠤᠰ | ᠲᠦᠮᠡᠨ ᠢ ᠵᠢᠨᠦᠩ ᠤᠨ ᠰᠢᠳᠠᠷ ᠴᠡᠷᠢᠭ ᠪᠤᠯᠭᠠᠵᠤ᠂ ᠲᠡᠭᠡᠷ᠎ᠠ ᠨᠢ ᠲᠦᠮᠡᠳ ᠪᠠ ᠶᠦᠩᠰᠢᠶᠠᠪᠤ ᠬᠤᠶᠠᠷ ᠲᠦᠮᠡᠨ ᠢ | ᠨᠡᠮᠡᠪᠡ᠃ ᠪᠠᠳᠤᠮᠦ᠋ᠩᠭᠡ ᠢᠩᠬᠢᠵᠤ ᠬᠢᠭᠰᠡᠨ ᠢᠶᠠᠷ ᠰᠠᠶ᠋ᠢ ᠮᠤᠩᠭᠤᠯ ᠠᠶᠢᠮᠠᠭ ᠤᠳ ᠤᠨ ᠵᠦᠭ ᠵᠦᠭ ᠲᠡᠭᠡᠨ ᠵᠠᠳᠠᠷᠠᠵᠤ | ᠪᠤᠳᠠᠷᠠᠭᠠᠳ᠂ ᠬᠠᠷᠢᠯᠴᠠᠨ ᠲᠠᠶᠢᠯᠠᠯᠳᠤᠵᠤ ᠪᠠᠶᠢᠭᠰᠠᠨ ᠰᠠᠮᠠᠭᠤᠨ ᠪᠠᠶᠢᠳᠠᠯ ᠢ ᠡᠴᠦᠰᠯᠡᠬᠦᠯᠪᠡ᠃ ᠡᠨᠡᠬᠦ ᠤᠷᠳᠤ | ᠬᠤᠭᠤᠴᠠᠭᠠᠨ ᠤ ᠪᠤᠳᠤᠯᠢᠶᠠᠨᠳᠠᠢ ᠲᠡᠮᠡᠴᠡᠯ ᠤᠨ ᠲᠤᠮᠳᠠ᠂ ᠲᠠᠶᠠᠨ ᠬᠠᠭᠠᠨ ᠤᠯᠠᠨ ᠤᠳᠠᠭ᠎ᠠ ᠤᠷᠳᠤᠰ ᠲᠤ ᠢᠷᠡᠵᠤ | ᠦᠩᠭᠡᠷᠡᠪᠡ᠃ | ᠪᠠᠷᠰᠪᠤᠯᠤᠳ ᠦᠬᠦᠭᠰᠡᠨ ᠤ ᠲᠠᠷᠠᠭ᠎ᠠ ᠲᠡᠬᠦᠨ ᠤ ᠶᠡᠭᠡ ᠬᠦᠤ ᠬᠦᠨ ᠪᠢᠯᠢᠭ ᠮᠡᠷᠭᠡᠨ ᠵᠢᠨᠤᠩ ᠤᠨ ᠤᠷᠤᠨ᠎ᠠ | ᠰᠠᠭᠤᠵᠤ᠂ ᠰᠡᠬᠦᠯᠡᠷ ᠪᠡᠶ᠎ᠠ ᠪᠠᠨ ᠰᠡᠴᠡᠨ ᠬᠠᠭᠠᠨ ᠭᠡᠪᠡ᠃ ᠡᠨᠡ ᠦᠶ᠎ᠠ ᠶᠢᠨ ᠠᠯᠳᠠᠨ ᠬᠠᠭᠠᠨ᠂ ᠲᠠᠷᠠᠶᠢᠰᠤᠨ | ᠬᠦᠳᠡᠩ ᠬᠠᠭᠠᠨ᠂ ᠰᠡᠴᠡᠨ ᠬᠠᠭᠠᠨ ᠨᠠᠷ ᠨᠢᠭᠡ ᠨᠢᠭᠡ ᠪᠨ ᠲᠤᠭᠤᠬᠤ ᠦᠭᠡᠢ ᠪᠤᠯᠤᠭᠠᠳ ᠮᠤᠩᠭᠤᠯ ᠤᠨ ᠡᠯ᠎ᠠ | ᠠᠶᠢᠮᠠᠭ ᠲᠤ ᠪᠠᠰᠠ ᠬᠦᠯᠢᠰ ᠤᠨ ᠭᠤᠷᠪᠠᠨ ᠬᠦᠯ ᠮᠡᠳᠤ ᠲᠤᠭᠳᠠᠨᠢᠭᠰᠠᠨ ᠪᠠᠶᠢᠳᠠᠯ ᠪᠤᠢ ᠪᠤᠯᠪᠠ᠃ ᠠᠯᠳᠠᠨ ᠬᠠᠭᠠᠨ | ︵ᠲᠠᠷᠤᠢ ᠲᠦᠰᠢᠶᠡᠳᠤ ᠰᠡᠴᠡᠨ ᠬᠠᠭᠠᠨ︶ ᠭᠤᠪᠢ ᠶᠢᠨ ᠡᠮᠦᠨ᠎ᠡ ᠡᠷᠡᠯᠭᠡᠭᠯᠡᠵᠤ᠂ ᠶᠦᠩᠰᠢᠶᠠᠪᠤ ᠶᠢᠨ ᠭᠤᠷᠪᠠᠨ | ᠲᠦᠮᠡᠨ ᠪᠠ ᠲᠦᠮᠡᠳ ᠤᠨ ᠭᠤᠷᠪᠠᠨ ᠲᠦᠮᠡᠨ ᠢ ᠨᠡᠶᠢᠯᠡᠬᠦᠯᠪᠠ᠃ ᠰᠡᠴᠠᠨ ᠬᠠᠭᠠᠨ ᠦᠬᠦᠭᠰᠡᠨ ᠤ ᠲᠠᠷᠠᠭ᠎ᠠ᠂ | ᠲᠡᠬᠦᠨ ᠤ ᠬᠦᠪᠡᠬᠦᠳ ᠴᠦᠮ ᠲᠦᠰᠢᠶᠡᠳᠤ ᠰᠡᠴᠡᠨ ᠬᠠᠭᠠᠨ ᠤ ᠠᠴᠢ ᠪᠤᠯᠬᠤ ᠤᠴᠢᠷ ᠠᠴᠠ ᠤᠷᠳᠤᠰ ᠤᠨ ᠭᠤᠷᠪᠠᠨ | ᠲᠦᠮᠡᠨ ᠲᠡᠬᠦᠨ ᠤ ᠪᠠᠷᠠᠭᠤᠨ ᠭᠠᠷ ᠪᠤᠯᠪᠠ᠃ | ᠮᠢᠩ ᠤᠯᠤᠰ ᠤᠨ ᠯᠦᠩ ᠴᠢᠩ ᠤᠨ ᠲᠠᠪᠤᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ 1571 ᠤᠨ︶ | ᠳᠤ᠂ ᠠᠯᠳᠠᠨ ᠬᠠᠭᠠᠨ ᠮᠢᠩ ᠤᠯᠤᠰ ᠤᠨ ᠬᠠᠭᠠᠨ ᠳᠤ ᠱᠦᠨ ᠢ ︵ᠵᠢᠷᠦᠮ ᠢ ᠲᠠᠭᠠᠭᠴᠢ︶ ᠸᠠᠩ ᠡᠷᠬᠦᠮᠵᠢᠯᠡᠭᠳᠡᠵᠤ | ᠂ ᠴᠠᠭᠠᠨ ᠭᠡᠷᠡᠮ ᠤᠨ ᠭᠠᠳᠠᠨᠠᠬᠢ ᠢᠤᠢ ᠯᠢᠨ ᠤ ᠬᠤᠩ ᠱᠠᠨ ᠤ ᠱᠢ ᠪᠦ᠋ ᠬᠡᠬᠦ ᠭᠠᠵᠠᠷ ᠲᠤ ᠤᠷᠳᠤᠰ ᠮᠤᠩᠭᠤᠯ | ᠬᠦᠮᠦᠨ ᠲᠠᠢ ᠠᠷᠠᠯᠵᠢᠶ᠎ᠠ ᠬᠢᠬᠦ ᠵᠠᠬ᠎ᠠ ᠲᠡᠯᠭᠡᠬᠦᠷ ᠪᠠᠶᠢᠭᠤᠯᠪᠠ᠃ ᠸᠠᠨ ᠯᠢ ᠶᠢᠨ ᠭᠤᠴᠢᠨ ᠬᠤᠶᠠᠳᠤᠭᠠᠷ ᠤᠨ ︵ | ᠨᠡᠶᠢᠳᠠ ᠶᠢᠨ ᠤᠨ ᠲᠤᠭᠠᠯᠠᠯ ᠤᠨ 1604 ᠤᠨ︶ ᠳᠤ᠂ ᠯᠢᠭᠳᠡᠨ ᠬᠠᠭᠠᠨ ᠰᠠᠭᠤᠷᠢᠨ ᠢ ᠵᠠᠯᠭᠠᠮᠵᠢᠯᠠᠪᠠ᠃ ᠯᠢᠭᠳᠡᠨ | ᠬᠠᠭᠠᠨ ᠮᠤᠩᠭᠤᠯ ᠤᠨ ᠡᠯ᠎ᠠ ᠠᠶᠢᠮᠠᠭ ᠢ ᠨᠢᠭᠡᠳᠭᠡᠬᠦ ᠳᠤ ᠯᠤᠳᠤ ᠶᠡᠭᠡ ᠴᠢᠷᠮᠠᠶᠢᠯᠭ᠎ᠠ ᠭᠠᠷᠭᠠᠪᠠ᠃ ᠼᠦᠩ ᠵᠧᠨ ᠤ | ᠲᠠᠪᠤᠳᠤᠭᠠᠷ ᠤᠨ ︵ ᠨᠡᠶᠢᠳᠠ ᠶᠢᠨ ᠤᠨ ᠲᠤᠭᠠᠯᠠᠯ ᠤᠨ 1632 ᠤᠨ︶ ᠳᠤ᠂ ᠯᠢᠭᠳᠡᠨ ᠬᠠᠭᠠᠨ ᠵᠦᠷᠴᠢᠨ | ᠠᠶᠢᠮᠠᠭ ᠤᠨ ᠬᠤᠸᠠᠩ ᠲᠠᠢ ᠵᠢᠢ ᠳᠤ ᠪᠠᠶᠢᠯᠳᠤᠨ ᠢᠯᠠᠭᠳᠠᠵᠤ᠂ ᠬᠦᠭᠡᠨᠠᠭᠤᠷ ᠤᠷᠤᠭᠤ ᠤᠬᠤᠷᠢᠪᠠ᠃ ᠤᠷᠳᠤᠰ | ᠠᠶᠢᠮᠠᠭ ᠤᠨ ᠵᠢᠨᠦᠩ ᠷᠢᠨᠴᠢᠨ ︵ᠢᠷᠢᠨᠴᠢᠨ︶ ᠯᠢᠭᠳᠡᠨ ᠬᠠᠭᠠᠨ ᠢ ᠲᠠᠭᠠᠵᠤ ᠪᠠᠷᠠᠭᠤᠨᠰᠢ ᠤᠬᠤᠷᠢᠭᠰᠠᠨ ᠦᠭᠡᠢ᠂ | ᠤᠷᠢᠳ ᠬᠤᠵᠢᠳ ᠬᠤᠶᠢᠳᠤ ᠶᠢᠨ ᠤᠯᠤᠰ ᠢ ᠲᠠᠭᠠᠵᠤ᠂ ᠲᠦᠰᠢᠮᠡᠯ ᠪᠤᠯᠵᠤ ᠪᠠᠶᠢᠪᠠ᠃ | ᠮᠢᠩ ᠤᠯᠤᠰ ᠤᠨ ᠦᠶ᠎ᠠ ᠳᠤ ᠮᠢᠩ ᠤᠯᠤᠰ ᠤᠨ ᠬᠦᠴᠦᠨ ᠭᠡᠳᠦᠶᠢᠪᠡᠷ ᠤᠷᠳᠤᠰ ᠲᠤ ᠲᠡᠶᠢᠮᠤ ᠶᠡᠭᠡ ᠨᠦᠯᠦᠭᠡ | ᠦᠵᠡᠬᠦᠯᠦᠭᠰᠡᠨ ᠦᠭᠡᠢ ᠪᠤᠯᠪᠠᠴᠤ᠂ ᠠᠯᠢ ᠤᠯᠠᠨ ᠵᠠᠰᠠᠭ ᠵᠠᠬᠢᠷᠭᠠᠨ ᠤ ᠪᠠᠶᠢᠭᠤᠯᠤᠮᠵᠢ ᠨᠤᠭᠤᠳ ᠢ ᠪᠠᠶᠢᠭᠤᠯᠪᠠ᠃ | ᠵᠢᠱᠢᠶᠡᠯᠡᠪᠡᠯ ᠬᠤᠩ ᠡᠤ ᠶᠢᠨ ᠬᠤᠷᠢᠨ ᠲᠠᠪᠤᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ 1392 ᠤᠨ︶ | ᠳᠤ᠂ ᠳ᠋ᠦᠩᠱᠧᠩ ᠤᠨ ᠵᠡᠬᠦᠨ᠂ ᠡᠮᠦᠨ᠎ᠡ᠂ ᠪᠠᠷᠠᠭᠤᠨ᠂ ᠬᠤᠶᠢᠨ᠎ᠠ᠂ ᠲᠤᠮᠳᠠᠳᠤ ᠴᠡᠷᠢᠭ ᠰᠠᠭᠤᠬᠤ ᠭᠠᠵᠠᠷ ᠲᠠᠪᠤ | ᠪᠠᠶᠢᠭᠤᠯᠵᠤ᠂ ᠡᠨᠡ ᠨᠢ ᠴᠦᠮ ᠰᠢᠩ ᠳ᠋ᠦ᠋ ᠵᠤᠷᠭᠠᠨ ᠳᠤ ᠬᠠᠮᠢᠶᠠᠷᠤᠭᠳᠠᠵᠤ᠂ ᠰᠡᠬᠦᠯᠡᠷ ᠲᠤᠮᠳᠠᠳᠤ᠂ ᠡᠮᠦᠨ᠎ᠡ᠂ | ᠬᠤᠶᠢᠨ᠎ᠠ ᠭᠤᠷᠪᠡᠨ ᠴᠡᠷᠢᠭ ᠰᠠᠭᠤᠬᠤ ᠭᠠᠵᠠᠷ ᠢ ᠬᠠᠰᠤᠵᠤ᠂ ᠵᠦᠪᠭᠡᠨ ᠳ᠋ᠦᠩᠱᠧᠩ ᠤᠨ ᠵᠡᠬᠦᠨ᠂ ᠪᠠᠷᠠᠭᠤᠨ ᠬᠤᠶᠠᠷ | ᠴᠡᠷᠢᠭ ᠰᠠᠭᠤᠬᠤ ᠭᠠᠵᠠᠷ ᠢ ᠦᠯᠡᠳᠡᠭᠡᠪᠡ᠃ ᠡᠨᠡ ᠬᠤᠶᠠᠷ ᠴᠡᠷᠢᠭ ᠰᠠᠭᠤᠬᠤ ᠭᠠᠵᠠᠷ ᠢ ᠴᠡᠷᠢᠭ ᠤᠨ ᠳ᠋ᠦ᠋ ᠬᠤ᠋ | ᠹᠦ᠋ ᠠᠴᠠ ᠰᠢᠭᠤᠳ ᠬᠠᠮᠢᠶᠠᠷᠴᠤ ᠪᠠᠶᠢᠪᠠ᠃ ᠮᠤᠩᠭᠤᠯ ᠤᠨ ᠡᠯ᠎ᠠ ᠠᠶᠢᠮᠠᠭ ᠤᠨ ᠤᠷᠳᠤᠰ ᠲᠠᠬᠢ ᠲᠠᠶᠢᠨ ᠪᠠᠶᠢᠯᠳᠤᠭᠠᠨ | ᠤᠯᠠᠰᠢᠷᠠᠭᠰᠠᠨ ᠢᠶᠠᠷ ᠮᠢᠩ ᠤᠯᠤᠰ ᠤᠨ ᠬᠠᠭᠠᠨ ᠠᠷᠭ᠎ᠠ ᠪᠤᠰᠤ ᠳ᠋ᠦᠩᠱᠧᠩ ᠤᠨ ᠬᠤᠶᠠᠷ ᠴᠡᠷᠢᠭ ᠰᠠᠭᠤᠬᠤ | ᠭᠠᠵᠠᠷ ᠢᠶᠠᠨ ᠬᠠᠶᠠᠭᠠᠳ᠂ ᠶᠠᠨ ᠰᠦᠢ ᠶᠢᠨ ᠰᠡᠷᠭᠡᠶᠢᠯᠡᠨ ᠪᠠᠶᠢᠴᠠᠭᠠᠭᠴᠢ ᠪᠠᠷ ᠤᠷᠳᠤᠰ ᠨᠤᠳᠤᠭ ᠢ ᠵᠠᠬᠢᠷᠤᠭᠤᠯᠵᠠᠢ᠃ | ᠮᠢᠩ ᠤᠯᠤᠰ ᠤᠨ ᠼᠦᠩ ᠵᠧᠨ ᠤ ᠶᠢᠰᠦᠳᠦᠭᠡᠷ ᠤᠨ ︵ᠨᠡᠶᠢᠳᠠ ᠴᠤᠨ ᠲᠤᠭᠠᠯᠠᠯ ᠤᠨ 1636 ᠤᠨ︶ ᠳᠤ᠂ | ᠦᠪᠦᠷ ᠭᠤᠪᠢ ᠶᠢᠨ ᠮᠤᠩᠭᠤᠯ ᠤᠨ ᠠᠷᠪᠠᠨ ᠵᠢᠷᠭᠤᠭᠠᠨ ᠠᠶᠢᠮᠠᠭ᠂ ᠤᠷᠳᠤᠰ ᠢ ᠪᠠᠭᠳᠠᠭᠠᠭᠰᠠᠨ ᠲᠦᠴᠢ ᠶᠢᠰᠦᠨ | ᠹᠸᠤᠳᠠᠯ ᠤᠨ ᠡᠵᠡᠳ ᠬᠤᠶᠢᠳᠤ ᠶᠢᠨ ᠤᠯᠤᠰ ᠤᠨ ᠬᠠᠭᠠᠨ ᠬᠤᠸᠠᠩ ᠲᠠᠢ ᠵᠢᠢ ᠶᠢ ᠬᠠᠭᠠᠨ ᠪᠤᠯᠭᠠᠬᠤ ᠪᠠᠷ | ᠵᠦᠪᠰᠢᠶᠡᠷᠡᠪᠡ᠃ ᠬᠤᠶᠢᠳᠤ ᠶᠢᠨ ᠤᠯᠤᠰ ᠤᠯᠤᠰ ᠤᠨ ᠴᠤᠯᠠ ᠪᠠᠨ ᠴᠢᠩ ᠬᠡᠵᠤ ᠬᠠᠯᠠᠪᠠ᠃ ᠴᠢᠩ ᠤᠯᠤᠰ | ᠤᠷᠳᠤᠰ ᠠᠶᠢᠮᠠᠭ ᠢ ᠵᠢᠷᠭᠤᠭᠠᠨ ᠬᠤᠰᠢᠭᠤ ᠪᠤᠯᠭᠠᠨ ᠬᠤᠪᠢᠶᠠᠵᠤ᠂ ᠵᠢᠷᠭᠤᠭᠠᠨ ᠵᠠᠰᠠᠭ ᠲᠤᠮᠢᠯᠠᠭᠠᠳ᠂ ᠨᠢᠭᠡ | ᠴᠢᠭᠤᠯᠭᠠᠨ ᠪᠤᠯᠭᠠᠨ ᠨᠡᠶᠢᠯᠡᠬᠦᠯᠪᠡ᠃ ᠢᠩᠬᠢᠭᠡᠳ ᠵᠢᠷᠢᠮ᠂ ᠵᠤᠰᠤᠳᠤ᠂ ᠵᠤᠤ ᠤᠳᠠ᠂ ᠰᠢᠯᠢ ᠶᠢᠨ ᠭᠤᠤᠯ᠂ | ᠤᠯᠠᠭᠠᠨᠴᠠᠪ ᠲᠠᠢ ᠬᠠᠮᠳᠤ ᠲᠤᠳᠤᠭᠠᠳᠤ ᠵᠠᠰᠠᠭ ᠪᠤᠯᠪᠠ᠃ ᠲᠤᠬᠠᠢ ᠶᠢᠨ ᠦᠶ᠎ᠠ ᠶᠢᠨ ᠵᠢᠷᠭᠤᠭᠠᠨ ᠬᠤᠰᠢᠭᠤ ᠶᠢᠨ | ᠨᠡᠷ᠎ᠠ ᠶᠢ ᠤᠷᠳᠤᠰ ᠤᠨ ᠵᠡᠬᠦᠨ ᠭᠠᠷ ᠤᠨ ᠲᠤᠮᠳᠠᠳᠤ ᠬᠤᠰᠢᠭᠤ ︵ᠵᠢᠶᠦ᠋ᠨ ᠸᠠᠩ ᠤᠨ ᠬᠤᠰᠢᠭᠤ︶᠂ ᠤᠷᠳᠤᠰ ᠤᠨ | ᠵᠡᠬᠦᠨ ᠭᠠᠷ ᠤᠨ ᠡᠮᠦᠨᠡᠳᠤ ᠬᠤᠰᠢᠭᠤ ︵ᠵᠡᠬᠦᠨᠭᠠᠷ ᠬᠤᠰᠢᠭᠤ︶᠂ ᠤᠷᠳᠤᠰ ᠤᠨ ᠵᠡᠬᠦᠨ ᠭᠠᠷ ᠤᠨ ᠬᠤᠶᠢᠳᠤ | ᠬᠤᠰᠢᠭᠤ ︵ᠲᠠᠯᠠᠳ ᠬᠤᠰᠢᠭᠤ︶᠂ ᠤᠷᠳᠤᠰ ᠤᠨ ᠪᠠᠷᠠᠭᠤᠨ ᠭᠠᠷ ᠤᠨ ᠲᠤᠮᠳᠠᠳᠤ ᠬᠤᠰᠢᠭᠤ ︵ᠤᠳᠤᠭ ᠬᠤᠰᠢᠭᠤ | ︶᠂ ᠤᠷᠳᠤᠰ ᠤᠨ ᠪᠠᠷᠠᠭᠤᠨ ᠭᠠᠷ ᠤᠨ ᠡᠮᠦᠨᠡᠳᠤ ᠬᠤᠰᠢᠭᠤ ︵ᠦᠤᠰᠢᠨ ᠬᠤᠰᠢᠭᠤ︶᠂ ᠤᠷᠳᠤᠰ ᠤᠨ ᠪᠠᠷᠠᠭᠤᠨ | ᠭᠠᠷ ᠤᠨ ᠬᠤᠶᠢᠳᠤ ᠬᠤᠰᠢᠭᠤ ︵ᠬᠠᠩᠬᠢᠨ ᠬᠤᠰᠢᠭᠤ︶ ᠭᠡᠪᠡ᠃ | ᠡᠶᠡᠪᠡᠷ ᠵᠠᠰᠠᠭᠴᠢ ᠶᠢᠨ ᠵᠢᠷᠭᠤᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ 1649 ᠤᠨ︶ ᠳᠤ᠂ ᠴᠢᠩ | ᠤᠯᠤᠰ ᠠᠴᠠ ᠤᠷᠳᠤᠰ ᠤᠨ ᠵᠢᠨᠦᠩ ᠷᠢᠨᠴᠢᠨ ︵ᠢᠷᠢᠨᠴᠢᠨ︶ ᠢ ᠲᠦᠷᠤ ᠶᠢᠨ ᠵᠢᠶᠦ᠋ᠨ ᠸᠠᠩ ᠡᠷᠬᠦᠮᠵᠢᠯᠡᠵᠤ᠂ ᠦᠶ᠎ᠠ | ᠵᠠᠯᠭᠠᠮᠵᠢᠯᠠᠬᠤ ᠪᠤᠯᠭᠠᠭᠠᠳ᠂ ᠵᠡᠬᠦᠨ ᠭᠠᠷ ᠤᠨ ᠲᠤᠮᠳᠠᠳᠤ ᠬᠤᠰᠢᠭᠤᠨ ᠤ ᠵᠠᠰᠠᠭ ᠤᠨ ᠲᠤᠰᠢᠶᠠᠯ ᠢ ᠬᠠᠷᠢᠭᠤᠴᠠᠭᠤᠯᠵᠤ | ᠂ ᠲᠤᠤᠷ᠎ᠠ ᠨᠢ ᠠᠷᠪᠠᠨ ᠲᠤᠯᠤᠭᠠᠨ ᠰᠤᠮᠤ ᠬᠠᠷᠢᠶᠠᠯᠠᠭᠤᠯᠪᠠ᠃ ᠲᠤᠰ ᠬᠤᠰᠢᠭᠤ ᠶᠢᠨ ᠪᠡᠯᠴᠢᠭᠡᠷ ᠪᠤᠯ ᠵᠡᠬᠦᠨᠳᠠᠢ ᠪᠠᠨ | ᠬᠦᠨ ᠡᠷᠡᠵᠢ ᠶᠢᠨ ᠰᠦᠮ᠎ᠡ ᠠᠴᠠ ᠵᠢᠷᠠᠨ ᠲᠠᠪᠤᠨ ᠭᠠᠵᠠᠷ ᠤᠨ ᠦᠵᠦᠬᠦᠷ ᠲᠠᠬᠢ ᠵᠡᠬᠦᠨ ᠭᠠᠷ ᠤᠨ ᠡᠮᠦᠨᠡᠳᠤ | ᠬᠤᠰᠢᠭᠤ ᠲᠠᠢ ᠬᠢᠯᠢ ᠨᠡᠶᠢᠯᠡᠵᠤ᠂ ᠡᠮᠦᠨ᠎ᠡ ᠪᠠᠨ ᠰᠠᠶᠢᠨᠳᠤᠷ ᠠᠴᠠ ᠬᠤᠶᠠᠷ ᠵᠠᠭᠤᠨ ᠭᠠᠵᠠᠷ ᠲᠤ ᠬᠢᠯᠢ ᠨᠡᠶᠢᠯᠡᠵᠤ᠂ | ᠪᠠᠷᠠᠭᠤᠨᠳᠠᠢ ᠪᠠᠨ ᠴᠠᠭᠠᠨ ᠡᠷᠡᠵᠢ ᠠᠴᠠ ᠲᠠᠪᠢᠨ ᠭᠠᠵᠠᠷ ᠤᠨ ᠦᠵᠦᠬᠦᠷ ᠲᠠᠬᠢ ᠪᠠᠷᠠᠭᠤᠨ ᠭᠠᠷ ᠤᠨ ᠡᠮᠦᠨᠡᠳᠤ | ᠬᠤᠰᠢᠭᠤ ᠲᠠᠢ ᠬᠢᠯᠢ ᠨᠡᠶᠢᠯᠡᠵᠤ᠂ ᠬᠤᠶᠢᠨ᠎ᠠ ᠪᠠᠨ ᠬᠠᠷ᠎ᠠ ᠪᠤᠯᠠᠭ ᠠᠴᠠ ᠨᠢᠭᠡ ᠵᠠᠭᠤᠨ ᠬᠤᠷᠢᠨ ᠭᠠᠵᠠᠷ ᠤᠨ | ᠦᠵᠦᠬᠦᠷ ᠲᠠᠬᠢ ᠪᠠᠷᠠᠭᠤᠨ ᠭᠠᠷ ᠤᠨ ᠬᠤᠶᠢᠳᠤ ᠬᠤᠰᠢᠭᠤ ᠲᠠᠢ ᠬᠢᠯᠢ ᠨᠡᠶᠢᠯᠡᠵᠤ ᠪᠠᠶᠢᠪᠠ᠃ | ᠡᠶᠡᠪᠡᠷ ᠵᠠᠰᠠᠭᠴᠢ ᠶᠢᠨ ᠲᠤᠯᠤᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ1650 ᠤᠨ︶ ᠳᠤ᠂ ᠴᠢᠩ | ᠤᠯᠤᠰ ᠵᠢᠨᠤᠩ ᠷᠢᠨᠴᠢᠨ ︵ᠢᠷᠢᠨᠴᠢᠨ︶ ᠤ ᠤᠳᠤᠮ ᠤᠨ ᠬᠦᠤ ᠰᠠᠨᠳᠠᠨ ᠢ ᠲᠦᠷᠤ ᠶᠢᠨ ᠪᠠᠶᠢᠯ᠎ᠠ ᠡᠷᠬᠦᠮᠵᠢᠯᠡᠵᠤ᠂ | ᠦᠶ᠎ᠠ ᠵᠠᠯᠭᠠᠮᠵᠢᠯᠠᠬᠤ ᠪᠤᠯᠭᠠᠭᠠᠳ᠂ ᠪᠠᠷᠠᠭᠤᠨ ᠭᠠᠷ ᠤᠨ ᠲᠤᠮᠳᠠᠳᠤ ᠬᠤᠰᠢᠭᠤᠨ ᠤ ᠵᠠᠰᠠᠭ ᠤᠨ ᠲᠤᠰᠢᠶᠠᠯ ᠢ | ᠬᠠᠷᠢᠭᠤᠴᠠᠭᠤᠯᠵᠤ᠂ ᠲᠤᠤᠷ᠎ᠠ ᠨᠢ ᠨᠠᠶᠠᠨ ᠳᠥᠷᠪᠡᠨ ᠰᠤᠮᠤ ᠬᠠᠷᠢᠶᠠᠯᠠᠭᠤᠯᠪᠠ᠃ ᠲᠤᠰ ᠬᠤᠰᠢᠭᠤᠨ ᠤ ᠪᠡᠯᠴᠢᠭᠡᠷ ᠪᠤᠯ | ᠵᠡᠬᠦᠨᠳᠠᠢ ᠪᠠᠨ ᠴᠠᠭᠠᠨ ᠵᠠᠳᠠᠭᠠᠢ ᠨᠠᠭᠤᠷ ᠠᠴᠠ ᠲᠠᠯᠠᠨ ᠲᠠᠪᠤᠨ ᠭᠠᠵᠠᠷ ᠤᠨ ᠦᠵᠦᠬᠦᠷ ᠲᠠᠬᠢ ᠪᠠᠷᠠᠭᠤᠨ ᠭᠠᠷ ᠤᠨ | ᠬᠤᠶᠢᠳᠤ ᠬᠤᠰᠢᠭᠤ ᠲᠠᠢ ᠬᠢᠯᠢ ᠨᠡᠶᠢᠯᠡᠵᠤ᠂ ᠡᠮᠦᠨ᠎ᠡ ᠪᠠᠨ ᠬᠠᠳᠠᠳᠤ ᠠᠭᠤᠯᠠᠨ ᠠᠴᠠ ᠭᠤᠷᠪᠠᠨ ᠵᠠᠭᠤᠨ ᠲᠠᠯᠠᠨ | ᠭᠠᠵᠠᠷ ᠤᠨ ᠦᠵᠦᠬᠦᠷ ᠲᠠᠬᠢ ᠪᠠᠷᠠᠭᠤᠨ ᠭᠠᠷ ᠤᠨ ᠡᠮᠦᠨᠡᠳᠤ ᠬᠤᠰᠢᠭᠤ ᠲᠠᠢ ᠵᠠᠬ᠎ᠠ ᠨᠡᠶᠢᠯᠡᠵᠤ᠂ ᠪᠠᠷᠠᠭᠤᠨᠳᠠᠢ ᠪᠠᠨ | ᠴᠠᠭᠠᠨ ᠲᠤᠬᠤᠢ ᠠᠴᠠ ᠬᠤᠶᠠᠷ ᠵᠠᠭᠤᠨ ᠲᠠᠪᠢᠨ ᠭᠠᠵᠠᠷ ᠤᠨ ᠦᠵᠦᠬᠦᠷ ᠲᠠᠬᠢ ᠰᠠᠶᠢᠨ ᠨᠤᠶᠠᠨ ᠤ ᠵᠡᠬᠦᠨ ᠭᠠᠷ ᠤᠨ | ᠪᠠᠷᠠᠭᠤᠨ ᠬᠤᠰᠢᠭᠤ ᠲᠠᠢ ᠵᠠᠬ᠎ᠠ ᠨᠡᠶᠢᠯᠡᠵᠤ᠂ ᠬᠤᠶᠢᠰᠢ ᠪᠠᠨ ᠮᠠ ᠶᠢᠨ ᠱᠠᠨ ᠠᠭᠤᠯᠠᠨ ᠠᠴᠠ ᠨᠢᠭᠡ ᠵᠠᠭᠤ ᠠᠷᠪᠠᠨ | ᠭᠠᠵᠠᠷ ᠤᠨ ᠦᠵᠦᠬᠦᠷ ᠲᠠᠬᠢ ᠪᠠᠷᠠᠭᠤᠨ ᠭᠠᠷ ᠤᠨ ᠬᠤᠶᠢᠳᠤ ᠬᠤᠰᠢᠭᠤ ᠲᠠᠢ ᠵᠠᠬ᠎ᠠ ᠨᠡᠶᠢᠯᠡᠵᠤ ᠪᠠᠶᠢᠪᠠ᠃ | ᠡᠶᠠᠪᠡᠷ ᠵᠠᠰᠠᠭᠴᠢ ᠶᠢᠨ ᠲᠤᠯᠤᠳᠤᠭᠠᠷ ᠤᠨ ᠳᠤ᠂ ᠴᠢᠩ ᠤᠯᠤᠰ ᠵᠢᠨᠦᠩ ᠷᠢᠨᠴᠢᠨ ︵ᠢᠷᠢᠨᠴᠢᠨ︶ ᠤ ᠦᠶᠡᠯᠢᠳ | ᠲᠡᠬᠦᠤ ᠱᠠᠭᠵᠠ ᠶᠢ ᠬᠤᠰᠢᠭᠤ ᠪᠠᠶᠢᠰᠠ ᠡᠷᠬᠦᠮᠵᠢᠯᠡᠵᠤ᠂ ᠦᠶ᠎ᠠ ᠵᠠᠯᠭᠠᠮᠵᠢᠯᠠᠬᠤ ᠪᠤᠯᠭᠠᠭᠠᠳ᠂ ᠵᠡᠬᠦᠨ ᠭᠠᠷ ᠤᠨ | ᠬᠤᠶᠢᠳᠤ ᠬᠤᠰᠢᠭᠤ ᠶᠢᠨ ᠵᠠᠰᠠᠭ ᠤᠨ ᠲᠤᠰᠢᠶᠠᠯ ᠢ ᠬᠠᠷᠢᠭᠤᠴᠠᠭᠤᠯᠵᠤ᠂ ᠲᠤᠤᠷ᠎ᠠ ᠨᠢ ᠲᠦᠴᠢᠨ ᠰᠤᠮᠤ | ᠬᠠᠷᠢᠶᠠᠯᠠᠭᠤᠯᠪᠠ᠃ ᠵᠡᠬᠦᠨ ᠭᠠᠷ ᠤᠨ ᠬᠤᠶᠢᠳᠤ ᠬᠤᠰᠢᠭᠤᠨ ᠤ ᠪᠡᠯᠴᠢᠭᠡᠷ ᠪᠤᠯ ᠵᠡᠬᠦᠨᠳᠠᠢ ᠪᠠᠨ ᠬᠠᠳᠤᠨ ᠭᠤᠤᠯ ᠤᠨ | ᠮᠤᠤ ᠲᠠᠢ ᠶᠢᠨ ᠤᠯᠤᠮ ᠠᠴᠠ ᠨᠢᠭᠡ ᠵᠠᠭᠤᠨ ᠲᠠᠪᠢᠨ ᠭᠠᠵᠠᠷ ᠤᠨ ᠦᠵᠦᠬᠦᠷ ᠲᠠᠬᠢ ᠬᠦᠢ ᠬᠤᠸᠠ ᠬᠤᠳᠠ ᠶᠢᠨ | ᠲᠦᠮᠡᠳ ᠲᠠᠢ ᠵᠠᠬ᠎ᠠ ᠨᠡᠶᠢᠯᠡᠵᠤ᠂ ᠡᠮᠦᠨ᠎ᠡ ᠪᠠᠨ ᠬᠤᠸᠠ ᠲᠤᠯᠤᠭᠠᠢ ᠠᠴᠠ ᠨᠢᠭᠡ ᠵᠠᠭᠤ ᠠᠷᠪᠠᠨ ᠭᠠᠵᠠᠷ ᠤᠨ | ᠦᠵᠦᠬᠦᠷ ᠲᠠᠬᠢ ᠵᠡᠬᠦᠨ ᠭᠠᠷ ᠤᠨ ᠡᠮᠦᠨᠡᠳᠤ ᠬᠤᠰᠢᠭᠤ ᠲᠠᠢ ᠵᠠᠬ᠎ᠠ ᠨᠡᠶᠢᠯᠡᠵᠤ᠂ ᠪᠠᠷᠠᠭᠤᠨᠳᠠᠢ ᠪᠠᠨ ᠴᠠᠭᠠᠨ | ᠡᠷᠡᠵᠢ ᠠᠴᠠ ᠨᠢᠭᠡ ᠵᠠᠭᠤ ᠭᠤᠴᠢᠨ ᠭᠠᠵᠠᠷ ᠤᠨ ᠦᠵᠦᠬᠦᠷ ᠲᠠᠬᠢ ᠵᠡᠬᠦᠨ ᠭᠠᠷ ᠤᠨ ᠲᠤᠮᠳᠠᠳᠤ ᠬᠤᠰᠢᠭᠤ ᠲᠠᠢ ᠵᠠᠬ᠎ᠠ | ᠨᠡᠶᠢᠯᠡᠵᠤ᠂ ᠬᠤᠶᠢᠨ᠎ᠠ ᠪᠠᠨ ᠬᠠᠷ᠎ᠠ ᠤᠰᠤᠨ ᠨᠠᠭᠤᠷ ᠠᠴᠠ ᠬᠤᠷᠢᠨ ᠭᠠᠵᠠᠷ ᠤᠨ ᠦᠵᠦᠬᠦᠷ ᠲᠠᠬᠢ ᠤᠷᠠᠳ ᠲᠠᠢ | ᠵᠠᠬ᠎ᠠ ᠨᠡᠶᠢᠯᠡᠵᠤ ᠪᠠᠶᠢᠪᠠ᠃ | ᠡᠶᠡᠪᠡᠷ ᠵᠠᠰᠠᠭᠴᠢ ᠶᠢᠨ ᠵᠢᠷᠭᠤᠳᠤᠭᠠᠷ ᠤᠨ ᠳᠤ ᠴᠢᠩ ᠤᠯᠤᠰ ᠵᠢᠨᠤᠩ ᠷᠢᠨᠴᠢᠨ ︵ᠢᠷᠢᠨᠴᠢᠨ︶ ᠤ ᠦᠶᠡᠯᠢᠳ | ᠬᠦᠤ ᠷᠢᠨᠴᠢᠨ ᠢ ᠬᠤᠰᠢᠭᠤ ᠪᠠᠶᠢᠰᠠ ᠡᠷᠬᠦᠮᠵᠢᠯᠡᠵᠤ᠂ ᠦᠶ᠎ᠠ ᠵᠠᠯᠭᠠᠮᠵᠢᠯᠠᠬᠤ ᠪᠤᠯᠭᠠᠭᠠᠳ᠂ ᠪᠠᠷᠠᠭᠤᠨ ᠭᠠᠷ ᠤᠨ | ᠡᠮᠦᠨᠡᠳᠤ ᠬᠤᠰᠢᠭᠤᠨ ᠤ ᠵᠠᠰᠠᠭ ᠤᠨ ᠲᠤᠰᠢᠶᠠᠯ ᠢ ᠬᠠᠷᠭᠤᠴᠠᠭᠤᠯᠵᠤ ᠲᠤᠤᠷ᠎ᠠ ᠨᠢ ᠲᠦᠴᠢᠨ ᠬᠤᠶᠠᠷ ᠰᠤᠮᠤ | ᠬᠠᠷᠢᠶᠠᠯᠠᠭᠤᠯᠪᠠ᠃ ᠪᠠᠷᠠᠭᠤᠨ ᠭᠠᠷ ᠤᠨ ᠡᠮᠦᠨᠡᠳᠤ ᠬᠤᠰᠢᠭᠤᠨ ᠤ ᠪᠡᠯᠴᠢᠭᠡᠷ ᠪᠤᠯ ᠵᠡᠬᠦᠨᠳᠠᠢ ᠪᠠᠨ ᠴᠠᠭᠠᠨ | ᠡᠷᠡᠵᠢ ᠠᠴᠠ ᠲᠠᠪᠢᠨ ᠭᠠᠵᠠᠷ ᠤᠨ ᠦᠵᠦᠬᠦᠷ ᠲᠠᠬᠢ ᠵᠡᠬᠦᠨ ᠭᠠᠷ ᠤᠨ ᠲᠤᠮᠳᠠᠳᠤ ᠬᠤᠰᠢᠭᠤ ᠲᠠᠢ ᠵᠠᠬ᠎ᠠ ᠨᠡᠶᠢᠯᠡᠵᠤ᠂ | ᠡᠮᠦᠨ᠎ᠡ ᠪᠠᠨ ᠲᠡᠮᠭᠡᠳᠤ ᠶᠢᠨ ᠴᠡᠷᠢᠭ ᠰᠠᠭᠤᠬᠤ ᠭᠠᠵᠠᠷ ᠠᠴᠠ ᠬᠤᠶᠠᠷ ᠵᠠᠭᠤᠨ ᠭᠤᠴᠢᠨ ᠭᠠᠵᠠᠷ ᠤᠨ ᠦᠵᠦᠬᠦᠷ ᠲᠠᠬᠢ | ᠪᠠᠷᠠᠭᠤᠨ ᠭᠠᠷ ᠤᠨ ᠲᠤᠮᠳᠠᠳᠤ ᠬᠤᠰᠢᠭᠤ ᠲᠠᠢ ᠵᠠᠬ᠎ᠠ ᠨᠡᠶᠢᠯᠡᠵᠤ᠂ ᠬᠤᠶᠢᠨ᠎ᠠ ᠪᠠᠨ ᠬᠠᠷᠬᠤᠰᠤᠨ ᠠᠴᠠ ᠨᠢᠭᠡ ᠵᠠᠭᠤ | ᠲᠦᠴᠢᠨ ᠭᠠᠵᠠᠷ ᠤᠨ ᠦᠵᠦᠬᠦᠷ ᠲᠡᠭᠡᠢ ᠪᠠᠷᠠᠭᠤᠨ ᠭᠠᠷ ᠤᠨ ᠬᠤᠶᠢᠳᠤ ᠬᠤᠰᠢᠭᠤ ᠲᠠᠢ ᠵᠠᠬ᠎ᠠ ᠨᠡᠶᠢᠯᠡᠵᠤ ᠪᠠᠶᠢᠪᠠ᠃ | ᠡᠶᠡᠪᠡᠷ ᠵᠠᠰᠠᠭᠴᠢ ᠶᠢᠨ ᠵᠢᠷᠭᠤᠳᠤᠭᠠᠷ ᠤᠨ ᠳᠤ᠂ ᠴᠢᠩ ᠤᠯᠤᠰ ᠵᠢᠨᠤᠩ ᠷᠢᠨᠴᠢᠨ ︵ᠢᠷᠢᠨᠴᠢᠨ︶ ᠤ | ᠦᠶᠡᠯᠢᠳ ᠬᠦᠤ ᠵᠠᠮᠰᠤ ᠶᠢ ᠤᠯᠤᠰ ᠤᠨ ᠲᠦᠰᠢᠶ᠎ᠠ ᠬᠦᠩ ᠡᠷᠬᠦᠮᠵᠢᠯᠡᠵᠤ᠂ ᠦᠶ᠎ᠠ ᠵᠠᠯᠠᠭᠠᠮᠵᠢᠯᠠᠬᠤ ᠪᠤᠯᠭᠠᠭᠠᠳ᠂ | ᠪᠠᠷᠠᠭᠤᠨ ᠭᠠᠷ ᠤᠨ ᠬᠤᠶᠢᠳᠤ ᠬᠤᠰᠢᠭᠤᠨ ᠤ ᠵᠠᠰᠠᠭ ᠤᠨ ᠲᠤᠰᠢᠶᠠᠯ ᠢ ᠬᠠᠷᠢᠭᠤᠴᠠᠭᠤᠯᠵᠤ᠂ ᠲᠤᠤᠷ᠎ᠠ ᠨᠢ ᠭᠤᠴᠢᠨ | ᠵᠢᠷᠭᠤᠭᠠᠨ ᠰᠤᠮᠤ ᠬᠠᠷᠢᠶᠠᠯᠠᠭᠤᠯᠪᠠ᠃ ᠪᠠᠷᠠᠭᠤᠨ ᠭᠠᠷ ᠤᠨ ᠬᠤᠶᠢᠳᠤ ᠬᠤᠰᠢᠭᠤᠨ ᠤ ᠪᠡᠯᠴᠢᠭᠡᠷ ᠪᠤᠯ ᠵᠡᠬᠦᠨᠳᠠᠢ ᠪᠠᠨ | ᠲᠤᠮᠤ ᠭᠤᠤᠯ ᠠᠴᠠ ᠲᠦᠴᠢᠨ ᠭᠠᠵᠠᠷ ᠤᠨ ᠦᠵᠦᠬᠦᠷ ᠲᠠᠬᠢ ᠵᠡᠬᠦᠨ ᠭᠠᠷ ᠤᠨ ᠬᠤᠶᠢᠳᠤ ᠬᠤᠰᠢᠭᠤ ᠲᠠᠢ ᠵᠠᠬ᠎ᠠ | ᠨᠡᠶᠢᠯᠡᠵᠤ᠂ ᠪᠠᠷᠠᠭᠤᠨᠳᠠᠢ ᠪᠠᠨ ᠭᠠᠵᠠᠷ ᠠᠭᠤᠯᠠᠨ ᠠᠴᠠ ᠨᠢᠭᠡ ᠵᠠᠭᠤ ᠲᠦᠴᠢᠨ ᠭᠠᠵᠠᠷ ᠤᠨ ᠦᠵᠦᠬᠦᠷ ᠲᠠᠬᠢ | ᠪᠠᠷᠠᠭᠤᠨ ᠭᠠᠷ ᠤᠨ ᠲᠤᠮᠳᠠᠳᠤ ᠬᠤᠰᠢᠭᠤ ᠲᠠᠢ ᠵᠠᠬ᠎ᠠ ᠨᠡᠶᠢᠯᠡᠵᠤ᠂ ᠬᠤᠶᠢᠨ᠎ᠠ ᠪᠠᠨ ᠰᠠᠶᠢᠨ ᠲᠤᠯᠤᠭᠠᠢ ᠮᠤᠳᠤ ᠠᠴᠠ | ᠬᠤᠷᠢᠨ ᠭᠠᠵᠠᠷ ᠤᠨ ᠦᠵᠦᠬᠦᠷ ᠲᠠᠬᠢ ᠤᠷᠠᠳ ᠲᠠᠢ ᠵᠠᠬ᠎ᠠ ᠨᠡᠶᠢᠯᠡᠵᠤ ᠪᠠᠶᠢᠪᠠ᠃ | ᠡᠶᠡᠪᠡᠷ ᠵᠠᠰᠠᠭᠴᠢ ᠶᠢᠨ ᠵᠢᠷᠭᠤᠳᠤᠭᠠᠷ ᠤᠨ ᠳᠤ᠂ ᠴᠢᠩ ᠤᠯᠤᠰ ᠵᠢᠨᠤᠩ ᠷᠢᠨᠴᠢᠨ ︵ᠢᠷᠢᠨᠴᠢᠨ︶ ᠤ | ᠦᠶᠡᠯᠢᠳ ᠬᠦᠤ ᠰᠡᠷᠡᠩ ᠢ ᠬᠤᠰᠢᠭᠤ ᠪᠠᠶᠢᠰᠠ ᠡᠷᠬᠦᠮᠵᠢᠯᠡᠵᠤ᠂ ᠦᠶ᠎ᠠ ᠵᠠᠯᠭᠠᠮᠵᠢᠯᠠᠬᠤ ᠪᠤᠯᠭᠠᠭᠠᠳ᠂ ᠵᠡᠬᠦᠨ | ᠭᠠᠷ ᠤᠨ ᠡᠮᠦᠨᠡᠳᠤ ᠬᠤᠰᠢᠭᠤᠨ ᠤ ᠵᠠᠰᠠᠭ ᠤᠨ ᠲᠤᠰᠢᠶᠠᠯ ᠬᠠᠷᠢᠭᠤᠴᠠᠭᠤᠯᠵᠤ ᠲᠦᠴᠢᠨ ᠬᠤᠶᠠᠷ ᠰᠤᠮᠤ | ᠬᠠᠷᠢᠶᠠᠯᠠᠭᠤᠯᠪᠠ᠃ ᠲᠤᠰ ᠬᠤᠰᠢᠭᠤᠨ ᠤ ᠪᠡᠯᠴᠢᠭᠡᠷ ᠪᠤᠯ ᠵᠡᠬᠦᠨᠳᠠᠢ ᠪᠠᠨ ᠬᠦᠢᠳᠡᠨ ᠬᠤᠰᠢᠭᠤ ᠠᠴᠠ ᠬᠤᠶᠢᠰᠢ ᠨᠢᠭᠡ | ᠵᠠᠭᠤ ᠲᠦᠴᠢᠨ ᠲᠠᠪᠤᠨ ᠭᠠᠵᠠᠷ ᠤᠨ ᠦᠵᠦᠬᠦᠷ ᠲᠠᠬᠢ ᠲᠦᠮᠡᠳ ᠲᠠᠢ ᠵᠠᠬ᠎ᠠ ᠨᠡᠶᠢᠯᠡᠵᠤ᠂ ᠡᠮᠦᠨ᠎ᠡ ᠪᠠᠨ ᠴᠢᠩ ᠱᠦᠢ | ᠶᠢᠩ ᠠᠴᠠ ᠨᠢᠭᠡ ᠵᠠᠭᠤ ᠠᠷᠪᠠᠨ ᠭᠠᠵᠠᠷ ᠤᠨ ᠦᠵᠦᠬᠦᠷ ᠲᠠᠬᠢ ᠪᠢᠶᠠᠨ ᠴᠧᠩ ᠬᠤᠳᠠ ᠲᠠᠢ ᠵᠠᠬ᠎ᠠ ᠨᠡᠶᠢᠯᠡᠵᠤ᠂ | ᠪᠠᠷᠠᠭᠤᠨᠳᠠᠢ ᠪᠠᠨ ᠡᠷᠡᠵᠢ ᠶᠢᠨ ᠰᠦᠮ᠎ᠡ ᠠᠴᠠ ᠨᠢᠭᠡ ᠵᠠᠭᠤᠨ ᠭᠠᠵᠠᠷ ᠤᠨ ᠦᠵᠦᠬᠦᠷ ᠲᠠᠬᠢ ᠵᠡᠬᠦᠨ ᠭᠠᠷ ᠤᠨ | ᠲᠤᠮᠳᠠᠳᠤ ᠬᠤᠰᠢᠭᠤ ᠲᠠᠢ ᠵᠠᠬ᠎ᠠ ᠨᠡᠶᠢᠯᠡᠵᠤ᠂ ᠬᠤᠶᠢᠨ᠎ᠠ ᠪᠠᠨ ᠬᠤᠸᠠ ᠲᠤᠯᠤᠭᠠᠢ ᠠᠴᠠ ᠨᠢᠭᠡ ᠵᠠᠭᠤᠨ ᠭᠠᠵᠠᠷ ᠤᠨ | ᠦᠵᠦᠬᠦᠷ ᠲᠠᠬᠢ ᠵᠡᠬᠦᠨ ᠭᠠᠷ ᠤᠨ ᠬᠤᠶᠢᠳᠤ ᠬᠤᠰᠢᠭᠤ ᠲᠠᠢ ᠵᠠᠬ᠎ᠠ ᠨᠡᠶᠢᠯᠡᠵᠤ ᠪᠠᠶᠢᠪᠠ᠃ | ᠲᠤᠭᠠᠷ ᠵᠠᠶᠢᠰᠠᠩ ᠶᠡᠭᠡ ᠵᠠᠮᠰᠤ ᠶᠢ ᠲᠠᠭᠠᠵᠤ᠂ ᠤᠷᠪᠠᠯᠭᠠᠨ ᠭᠠᠷᠭᠠᠭᠰᠠᠨ ᠦᠭᠡᠢ ᠪᠤᠯᠬᠤᠷ᠂ ᠴᠢᠩ ᠤᠯᠤᠰ ᠲᠤ | ᠭᠠᠪᠢᠶ᠎ᠠ ᠪᠠᠶᠢᠭᠤᠯᠤᠭᠠᠳ᠂ ᠲᠡᠳ᠋ ᠵᠡᠷᠭᠡ ᠶᠢᠨ ᠲᠠᠶᠢᠵᠢ ᠪᠤᠯᠪᠠ᠃ ᠲᠡᠷᠠ ᠪᠠᠰᠠ ᠶᠡᠭᠡ ᠴᠡᠷᠢᠭ ᠢ ᠲᠠᠭᠠᠵᠤ᠂ ᠲᠡᠷᠭᠡ ︵ | ᠬᠤᠸᠠ ᠮᠠ ᠤᠤᠢ︶ ᠶᠢᠨ ᠤᠷᠪᠠᠯᠭᠠᠨ ᠢ ᠲᠠᠷᠤᠩᠭᠤᠶᠢᠯᠠᠨ ᠲᠦᠪᠰᠢᠳᠭᠡᠭᠡᠳ᠂ ᠲᠡᠷᠢᠬᠦᠨ ᠵᠡᠷᠭᠡ ᠶᠢᠨ ᠲᠠᠶᠢᠵᠢ ᠪᠤᠯᠤᠨ | ᠲᠡᠪᠰᠢᠪᠡ᠃ ᠢᠩᠬᠢᠭᠰᠡᠨ ᠠᠴᠠ ᠲᠡᠭᠷᠢ ᠲᠡᠳᠬᠦᠭᠴᠢ ᠶᠢᠨ ᠠᠩᠬᠠᠳᠤᠭᠠᠷ ᠤᠨ ︵ᠨᠡᠶᠢᠳᠠ ᠶᠢᠨ ᠤᠨ | ᠲᠤᠭᠠᠯᠠᠯ ᠤᠨ1736 ᠤᠨ︶ ᠳᠤ᠂ ᠨᠢᠭᠡ ᠬᠤᠰᠢᠭᠤ ᠨᠡᠮᠡᠵᠤ᠂ ᠲᠡᠬᠦᠨ ᠢᠶᠠᠷ ᠬᠤᠰᠢᠭᠤᠨ ᠤ ᠵᠠᠰᠠᠭ ᠤᠨ | ᠲᠤᠰᠢᠶᠠᠯ ᠢ ᠬᠠᠷᠢᠭᠤᠴᠠᠭᠤᠯᠵᠤ᠂ ᠲᠡᠭᠷᠢ ᠲᠡᠳᠭᠦᠭᠴᠢ ᠶᠢᠨ ᠲᠦᠴᠢ ᠶᠢᠰᠦᠨ ᠤᠨ ︵ᠨᠡᠶᠢᠳᠠ ᠶᠢᠨ ᠤᠨ | ᠲᠤᠭᠠᠯᠠᠯ ᠤᠨ1784 ᠤᠨ︶ ᠳᠤ᠂ ᠦᠶ᠎ᠠ ᠵᠠᠯᠭᠠᠮᠵᠢᠯᠠᠬᠤ ᠪᠤᠯᠭᠠᠭᠠᠳ ᠲᠤᠤᠷ᠎ᠠ ᠨᠢ ᠠᠷᠪᠠᠨ ᠭᠤᠷᠪᠠᠨ ᠰᠤᠮᠤ | ᠬᠠᠷᠢᠶᠠᠯᠠᠭᠤᠯᠵᠤ᠂ ᠪᠠᠷᠠᠭᠤᠨ ᠭᠠᠷ ᠤᠨ ᠡᠮᠦᠨᠡᠳᠤ ᠠᠳᠠᠭ ᠬᠤᠰᠢᠭᠤ ᠭᠡᠪᠡ᠃ ᠡᠨᠡ ᠬᠤᠰᠢᠭᠤᠨ ᠤ ᠪᠡᠯᠴᠢᠭᠡᠷ ᠪᠤᠯ | ᠵᠡᠬᠦᠨᠳᠠᠢ ᠪᠠᠨ ᠨᠠᠷᠢᠨ ᠰᠢᠯᠢ ᠬᠦᠷᠴᠤ᠂ ᠪᠠᠷᠠᠭᠤᠨᠳᠠᠢ ᠪᠠᠨ ᠪᠠᠷᠠᠭᠤᠨ ᠭᠠᠷ ᠤᠨ ᠡᠮᠦᠨᠡᠳᠤ ᠬᠤᠰᠢᠭᠤ ᠲᠠᠢ ᠵᠠᠬ᠎ᠠ | ᠨᠡᠶᠢᠯᠡᠵᠤ᠂ ᠡᠮᠦᠨ᠎ᠡ ᠪᠠᠨ ᠱᠠᠨᠰᠢ ᠮᠤᠵᠢ ᠶᠢᠨ ᠰᠠᠶᠢᠨᠳᠤᠷ ᠲᠠᠢ ᠵᠠᠬ᠎ᠠ ᠨᠡᠶᠢᠯᠡᠵᠤ᠂ ᠬᠤᠶᠢᠨ᠎ᠠ ᠪᠠᠨ ᠵᠡᠬᠦᠨ ᠭᠠᠷ ᠤᠨ | ᠲᠤᠮᠳᠠᠳᠤ ᠬᠤᠰᠢᠭᠤ ᠲᠠᠢ ᠵᠠᠬ᠎ᠠ ᠨᠡᠶᠢᠯᠡᠵᠤ ᠪᠠᠶᠢᠪᠠ᠃ | ᠴᠢᠩ ᠤᠯᠤᠰ ᠤᠨ ᠦᠶ᠎ᠠ ᠶᠢᠨ ᠤᠷᠳᠤᠰ ᠲᠤ ᠲᠡᠭᠡᠷ᠎ᠠ ᠲᠤᠷᠠᠳᠤᠭᠰᠠᠨ ᠲᠤᠯᠤᠭᠠᠨ ᠬᠤᠰᠢᠭᠤᠨ ᠠᠴᠠ ᠭᠠᠳᠠᠨ᠎ᠠ᠂ | ᠪᠠᠰᠠ ᠴᠢᠩᠬᠢᠰ ᠤᠨ ᠤᠩᠭᠤᠨ ᠢ ᠰᠠᠬᠢᠵᠤ᠂ ᠮᠦᠷᠬᠦᠯ ᠲᠠᠬᠢᠯᠭ᠎ᠠ ᠶᠢ ᠡᠷᠬᠢᠯᠡᠨ ᠭᠢᠳᠡᠭ ᠲᠠᠷᠬᠠᠳ ᠠᠶᠢᠮᠠᠭ ᠪᠤᠢ᠃ | ᠲᠡᠷᠠ ᠪᠤᠯ ᠰᠢᠭᠤᠳ ᠤᠷᠳᠤᠰ ᠤᠨ ᠵᠢᠨᠤᠩ ᠳᠤ ᠬᠠᠷᠢᠶᠠᠯᠠᠭᠳᠠᠨ ᠬᠠᠮᠢᠶᠠᠷᠤᠭᠳᠠᠵᠤ ᠪᠠᠶᠢᠪᠠ᠃ | ᠴᠢᠩ ᠤᠯᠤᠰ ᠤᠨ ᠦᠶ᠎ᠠ ᠳᠤ ᠤᠷᠳᠤᠰ ᠤᠨ ᠬᠢᠯᠢ ᠳᠤ ᠪᠠᠰᠠ ᠲᠤᠯᠤᠭᠠᠨ ᠤᠯᠠᠭ᠎ᠠ ᠦᠷᠳᠡᠭᠡ ᠲᠠᠢ ᠪᠠᠶᠢᠪᠠ᠃ | ᠡᠬᠦᠨ ᠳᠤ ᠲᠤᠭᠤᠷᠭ᠎ᠠ᠂ ᠵᠡᠬᠦᠨ ᠰᠤᠬᠠᠢ᠂ ᠵᠢᠭᠠᠰᠤᠳᠠᠢ᠂ ᠪᠠᠶᠠᠨᠪᠤᠯᠠᠭ᠂ ᠠᠷᠤ ᠤᠷᠳᠤ᠂ ᠪᠠᠷᠠᠭᠤᠨ ᠰᠤᠬᠠᠢ᠂ | ᠴᠠᠭᠠᠨ ᠲᠤᠯᠤᠭᠠᠢ ᠵᠡᠷᠭᠡ ᠪᠤᠯᠤᠨ᠎ᠠ᠃ ᠤᠯᠠᠭ᠎ᠠ ᠦᠷᠳᠡᠭᠡ ᠨᠦᠭᠦᠳ ᠭᠠᠵᠠᠷ ᠤᠨ ᠪᠠᠶᠢᠴᠠ ᠶᠢᠨ ᠲᠠᠯ᠎ᠠ ᠪᠠᠷ | ᠤᠷᠳᠤᠰ ᠤᠨ ᠡᠯ᠎ᠠ ᠮᠤᠩᠭᠤᠯ ᠬᠤᠰᠢᠭᠤᠨ ᠳᠤ ᠪᠠᠶᠢᠪᠠᠴᠤ᠂ ᠮᠤᠩᠭᠤᠯ ᠬᠤᠰᠢᠭᠤᠳ ᠲᠤ ᠬᠠᠷᠢᠶᠠᠯᠠᠭᠳᠠᠬᠤ ᠦᠭᠡᠢ᠂ | ᠮᠤᠩᠭᠤᠯ ᠬᠤᠰᠢᠭᠤᠳ ᠤᠨ ᠤᠨᠴᠤᠭᠤᠢ ᠤᠷᠤᠨ ᠪᠤᠯᠤᠨ᠎ᠠ᠃ ᠲᠡᠬᠦᠨ ᠢ ᠱᠠ ᠬᠤ᠋ ᠺᠸᠤ ᠶᠢᠨ ᠤᠠᠯᠭᠠ ᠶᠢᠨ | ᠦᠷᠳᠡᠭᠡ ᠠᠴᠠ ᠬᠠᠷᠢᠭᠤᠴᠠᠨ ᠬᠠᠮᠢᠶᠠᠷᠴᠤ ᠪᠠᠶᠢᠪᠠ᠃ | ᠤᠷᠳᠤᠰ ᠲᠤ ᠵᠠᠰᠠᠭ ᠵᠠᠬᠢᠷᠭᠠᠨ ᠤ ᠡᠷᠭᠡ ᠪᠠᠨ ᠶᠠᠪᠤᠭᠤᠯᠤᠭᠰᠠᠳ ᠲᠤ ᠪᠠᠰᠠ ᠰᠦᠢ ᠶᠤᠸᠠᠨ ᠤ ᠵᠠᠩᠵᠤᠨ᠂ | ᠱᠠᠨᠰᠢ ᠮᠤᠵᠢ ᠶᠢᠨ ᠰᠠᠶᠢᠨᠳᠤᠷ ᠰᠢᠶᠠᠨ ᠤ ᠭᠡᠷᠡᠭ ᠮᠡᠳᠡᠭᠴᠢ᠂ ᠱᠠᠨᠰᠢ ᠮᠤᠵᠢ ᠶᠢᠨ ᠰᠠᠶᠢᠨᠳᠤᠷ ᠰᠢᠶᠠᠨ ᠤ ᠬᠤᠰᠢᠭᠤ | ᠪᠠᠶᠢᠴᠠᠭᠠᠭᠴᠢ᠂ ᠭᠠᠨᠰᠤ ᠮᠤᠵᠢ ᠶᠢᠨ ᠨᠢᠩᠰᠢᠶᠠ ᠹᠦ᠋ ᠶᠢᠨ ᠭᠡᠷᠡᠭ ᠮᠡᠳᠡᠭᠴᠢ᠂ ᠭᠠᠨᠰᠤ ᠮᠤᠵᠢ ᠶᠢᠨ ᠨᠢᠩᠰᠢᠶᠠ | ᠹᠦ᠋ ᠶᠢᠨ ᠬᠤᠰᠢᠭᠤ ᠪᠠᠶᠢᠴᠠᠭᠠᠭᠴᠢ ᠵᠡᠷᠭᠡ ᠪᠠᠶᠢᠪᠠ᠃ ᠰᠦᠢ ᠶᠤᠸᠠᠨ ᠤ ᠵᠠᠩᠵᠤᠨ ᠤ ᠲᠤᠤᠷ᠎ᠠ ᠰᠦᠢ ᠶᠤᠸᠠᠨ | ᠬᠤᠳᠠᠨ ᠤ ᠬᠤᠶᠠᠷ ᠲᠡᠳ᠋ ᠳ᠋ᠦᠲ᠋ᠦ᠋ᠩ ᠪᠤᠢ᠂ ᠨᠢᠭᠡ ᠨᠢ ᠪᠠᠷᠠᠭᠤᠨ ᠴᠡᠷᠢᠭ ᠰᠠᠭᠤᠬᠤ ᠭᠠᠵᠠᠷ ᠤᠨ ᠲᠡᠳ᠋ ᠳ᠋ᠦᠲ᠋ᠦ᠋ᠩ | ᠪᠤᠯᠤᠨ᠎ᠠ᠂ ᠨᠢᠭᠡ ᠨᠢ ᠬᠦᠢ ᠬᠤᠸᠠ ᠬᠤᠳᠠ ᠶᠢᠨ ᠲᠡᠳ᠋ ᠳ᠋ᠦᠲ᠋ᠦ᠋ᠩ ᠪᠤᠯᠤᠨ᠎ᠠ᠃ ᠪᠠᠰᠠ ᠨᠢᠭᠡ ᠰᠦᠢ ᠶᠤᠸᠠᠨ ᠤ | ᠤᠯᠠᠭ᠎ᠠ ᠦᠷᠳᠡᠭᠡ ᠪᠤᠢ᠃ ᠲᠡᠳᠡᠨ ᠤ ᠡᠷᠭᠡ ᠶᠢᠨ ᠬᠦᠷᠢᠶ᠎ᠠ ᠭᠡᠪᠴᠢᠶ᠎ᠠ ᠪᠤᠯ ᠤᠷᠳᠤᠰ ᠢ ᠪᠠᠭᠳᠠᠭᠠᠭᠰᠠᠨ ᠬᠦᠢ ᠰᠦᠢ | ᠳ᠋ᠤᠤ ᠶᠢᠨ ᠤᠯᠤᠰ ᠲᠦᠷᠦ᠂ ᠵᠠᠰᠠᠭ ᠵᠠᠬᠢᠷᠭ᠎ᠠ᠂ ᠴᠡᠷᠢᠭ ᠤᠨ ᠶᠠᠪᠤᠳᠠᠯ ᠤᠨ ᠤᠴᠢᠷ ᠤᠳ ᠢ ᠬᠠᠮᠢᠶᠠᠷᠤᠨ᠎ᠠ᠃ ᠱᠠᠨᠰᠢ | ᠮᠤᠵᠢ ᠶᠢᠨ ᠰᠠᠶᠢᠨᠳᠤᠷ ᠰᠢᠶᠠᠨ ᠤᠨ ᠤ ᠭᠡᠷᠡᠭ ᠮᠡᠳᠡᠭᠴᠢ ᠪᠤᠯ ᠤᠷᠳᠤᠰ ᠤᠨ ᠵᠡᠬᠦᠨ ᠭᠠᠷ ᠤᠨ ᠲᠤᠮᠳᠠᠳᠤ ᠬᠤᠰᠢᠭᠤ᠂ | ᠪᠠᠷᠠᠭᠤᠨ ᠭᠠᠷ ᠤᠨ ᠡᠮᠦᠨᠡᠳᠤ ᠠᠳᠠᠭ ᠬᠤᠰᠢᠭᠤ᠂ ᠪᠠᠷᠠᠭᠤᠨ ᠭᠠᠷ ᠤᠨ ᠡᠮᠦᠨᠡᠳᠤ ᠬᠤᠰᠢᠭᠤ᠂ ᠪᠠᠷᠠᠭᠤᠨ ᠭᠠᠷ ᠤᠨ | ᠬᠤᠶᠢᠳᠤ ᠬᠤᠰᠢᠭᠤ᠂ ᠵᠡᠬᠦᠨ ᠭᠠᠷ ᠤᠨ ᠡᠮᠦᠨᠡᠳᠤ ᠬᠤᠰᠢᠭᠤ᠂ ᠵᠡᠬᠦᠨ ᠭᠠᠷ ᠤᠨ ᠬᠤᠶᠢᠳᠤ ᠬᠤᠰᠢᠭᠤ ᠶᠢᠨ ᠬᠢᠯᠢ | ᠲᠤᠳᠤᠷᠠᠬᠢ ᠮᠤᠩᠭᠤᠯ ᠬᠢᠳᠠᠳ ᠤᠨ ᠬᠤᠭᠤᠷᠤᠨᠳᠤᠬᠢ ᠡᠯ᠎ᠠ ᠵᠦᠢᠯ ᠤᠨ ᠤᠴᠢᠷ ᠤᠳ ᠢ ᠰᠢᠢᠳᠪᠦᠷᠢᠯᠡᠨ᠎ᠡ᠃ ᠭᠠᠨᠰᠤ | ᠮᠤᠵᠢ ᠶᠢᠨ ᠨᠢᠩᠰᠢᠶᠠ ᠹᠦ᠋ ᠶᠢᠨ ᠭᠡᠷᠡᠭ ᠮᠡᠳᠡᠭᠴᠢ ᠪᠤᠯ ᠤᠷᠳᠤᠰ ᠤᠨ ᠪᠠᠷᠠᠭᠤᠨ ᠭᠠᠷ ᠤᠨ ᠲᠤᠮᠳᠠᠳᠤ ᠬᠤᠰᠢᠭᠤᠨ ᠤ | ᠬᠢᠯᠢ ᠲᠤᠳᠤᠷ᠎ᠠ ᠡᠬᠦᠰᠦᠭᠰᠡᠨ ᠮᠤᠩᠭᠤᠯ ᠬᠢᠳᠠᠳ ᠤᠨ ᠬᠤᠭᠤᠷᠤᠨᠳᠤᠬᠢ ᠤᠴᠢᠷ ᠤᠳ ᠢ ᠬᠠᠮᠢᠶᠠᠷᠴᠤ ᠪᠠᠶᠢᠪᠠ᠃ | ᠭᠡᠪᠳᠤ ᠶᠤᠰᠤᠨ ᠤ ᠭᠤᠷᠪᠠᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ1911 ᠤᠨ︶ ᠬᠦᠷᠳᠡᠯ᠎ᠠ᠂ | ᠴᠢᠩ ᠤᠯᠤᠰ ᠤᠨ ᠬᠠᠭᠠᠨ ᠲᠡᠭᠡᠷ᠎ᠠ ᠲᠤᠷᠠᠳᠤᠭᠰᠠᠨ ᠵᠠᠰᠠᠭ ᠵᠠᠬᠢᠷᠭᠠᠨ ᠤ ᠪᠠᠶᠢᠭᠤᠯᠤᠮᠵᠢ ᠪᠠᠷ ᠲᠠᠮᠵᠢᠭᠤᠯᠤᠨ | ᠤᠷᠳᠤᠰ ᠢ ᠨᠤᠶᠠᠷᠬᠠᠵᠤ ᠪᠠᠶᠢᠪᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |