ᠭᠤᠴᠢᠨ ᠨᠢᠭᠡᠳᠦᠭᠡᠷ ᠪᠦᠯᠦᠭ | ᠲᠡᠭᠡᠷ᠎ᠡ ᠬᠡᠯᠡᠭᠰᠡᠨ ᠮᠡᠳᠦ ᠪᠠᠷ ᠸᠠᠶᠢᠰ ᠬᠠᠭᠠᠨ ᠦᠪᠡᠷ ᠤᠨ ᠶᠡᠭᠡ ᠠᠪᠠᠭ᠎ᠠ ᠰᠢᠷ · ᠮᠠᠬᠠᠮᠠᠳ᠋ ᠬᠠᠭᠠᠨ ᠠᠴᠠ | ᠰᠠᠯᠵᠣ ᠶᠠᠪᠣᠭᠰᠠᠨ ᠤ ᠰᠡᠬᠦᠯᠡᠷ ᠮᠠᠰᠢ ᠣᠯᠠᠨ ᠬᠦᠮᠦᠨ ᠲᠡᠭᠦᠨ ᠢ ᠲᠠᠭᠠᠬᠤ ᠪᠠᠷ ᠢᠷᠡᠪᠡ᠃ ᠲᠡᠳᠡ ᠰᠢᠷ · ᠮᠠᠬᠠᠮᠠᠳ᠋ | ᠬᠠᠭᠠᠨ ᠤ ᠬᠢᠯᠢ ᠲᠣᠲᠣᠷ᠎ᠠ᠂ ᠡᠰᠡᠬᠦᠯ᠎ᠡ ᠬᠢᠵᠠᠭᠠᠷ ᠬᠦᠪᠡᠭᠡ ᠪᠠᠷ᠂ ᠣᠨᠴᠠᠭᠠᠶᠢᠯᠠᠨ ᠯᠣᠪ · ᠺᠠᠲᠠᠺ ᠪᠠ ᠰᠠᠷᠢ | ᠣᠶᠢᠭᠤᠷ ᠤᠨ ᠣᠷᠴᠢᠨ ᠲᠣᠭᠤᠷᠢᠨ ᠢᠶᠠᠷ ᠪᠣᠯᠢᠶᠠᠨ ᠲᠡᠭᠡᠷᠡᠮᠳᠡᠵᠦ ᠶᠠᠪᠣᠵᠣ ᠪᠠᠶᠢᠪᠠ᠃ | ᠣᠯᠠᠮᠵᠢᠯᠠᠯ ᠶᠠᠷᠢᠶ᠎ᠠ ᠳᠤ ᠦᠵᠦᠩ · ᠰᠣᠯᠲ᠋ᠠᠨ · ᠬᠠᠨᠢᠮ ᠢ ᠡᠮᠢᠷ · ᠰᠠᠶ᠋ᠢᠳ᠋ · ᠠᠯᠢ ᠳᠤ ᠪᠣᠭᠳᠣᠯᠣᠨ ᠦᠭᠬᠦ | ᠭᠡᠵᠦ ᠪᠠᠶᠢᠭ᠎ᠠ ᠦᠶ᠎ᠡ ᠳᠤ᠂ ᠡᠮᠢᠷ · ᠰᠠᠶ᠋ᠢᠳ᠋ · ᠠᠯᠢ ᠡᠨᠡᠬᠦ ᠬᠤᠷᠢᠮ ᠤᠨ ᠬᠤᠭᠤᠯᠠ ᠣᠮᠳᠠ ᠶᠢ ᠪᠡᠯᠡᠳᠭᠡᠬᠦ ᠶᠢᠨ | ᠲᠦᠯᠦᠭᠡ ᠠᠪᠠ ᠳᠤ ᠭᠠᠷᠴᠠᠢ᠃ ᠲᠡᠭᠡᠭᠡᠳ ᠦᠨᠡᠬᠡᠷ ᠨᠢᠭᠡ ᠪᠦᠳᠦᠭᠦᠨ ᠲᠣᠮᠣ ᠪᠣᠭᠤ ᠠᠪᠠᠯᠠᠨ ᠢᠷᠡᠪᠡ᠃ ᠲᠡᠭᠡᠭᠡᠳ | ᠡᠨᠡᠬᠦ ᠬᠤᠷᠢᠮ ᠲᠡᠭᠡᠷ᠎ᠡ ᠪᠠᠨ ᠢᠳᠡᠭᠰᠡᠨ ᠭᠡᠨ᠎ᠡ᠃ ᠡᠭᠦᠨ ᠠᠴᠠ ᠦᠵᠡᠪᠡᠯ ᠲᠡᠭᠦᠨ ᠤ ᠬᠤᠷᠢᠮ ᠤᠨ ᠦᠪᠡᠳᠡᠭᠰᠢ ᠶᠡᠭᠡ | ᠶᠢ ᠣᠶᠢᠯᠭᠠᠵᠣ ᠪᠣᠯᠣᠨ᠎ᠠ᠃ | ᠸᠠᠶᠢᠰ ᠬᠠᠭᠠᠨ ᠡᠨᠡᠬᠦ ᠣᠯᠣᠰ ᠲᠣᠲᠣᠷ᠎ᠠ ᠦᠪᠡᠷ ᠤᠨ ᠴᠢᠳᠠᠪᠣᠷᠢ ᠶᠢ ᠭᠠᠷᠭᠠᠵᠣ ᠲᠡᠶᠢᠯᠦᠬᠦ ᠦᠭᠡᠢ ᠶᠢ | ᠦᠵᠡᠭᠡᠳ᠂ ᠠᠳᠡ ᠠᠴᠠ ᠰᠠᠯᠵᠣ ᠲᠦᠷᠺᠰᠲ᠋ᠠᠨ ᠳᠤ ᠣᠴᠢᠪᠠ᠃ ᠲᠣᠬᠠᠢ ᠶᠢᠨ ᠦᠶ᠎ᠡ ᠳᠤ ᠲᠦᠷᠺᠰᠲ᠋ᠠᠨ ᠤ | ᠵᠠᠬᠢᠷᠣᠭᠴᠢ ᠨᠢ ᠡᠮᠢᠷ ᠲᠡᠮᠦᠷ ᠤᠨ ᠢᠳᠡᠭᠡᠯᠳᠦ ᠶᠡᠭᠡ ᠵᠠᠩᠵᠣᠨ ᠬᠢᠪᠴᠠᠭ ᠬᠦᠮᠦᠨ ᠰᠠᠷ · ᠪᠣᠬ᠎ᠠ ᠶᠢᠨ ᠬᠦᠪᠡᠭᠦᠨ | ᠱᠠᠾ · ᠨᠣᠷᠣᠯᠳᠢᠨ ᠪᠠᠶᠢᠪᠠ᠃ ᠸᠠᠶᠢᠰ ᠬᠠᠭᠠᠨ ᠦᠩᠭᠡᠷᠡᠭᠰᠡᠨ ᠳᠤ ᠲᠡᠭᠦᠨ ᠲᠠᠢ ᠶᠠᠪᠣᠯᠴᠠᠭ᠎ᠠ ᠲᠠᠢ ᠪᠠᠶᠢᠭᠰᠠᠨ ᠶᠣᠮ | ᠃ ᠲᠡᠭᠡᠭᠡᠳ ᠲᠡᠷᠡ ᠪᠠᠰᠠ ᠰᠢᠷ · ᠮᠠᠬᠠᠮᠠᠳ᠋ ᠬᠠᠭᠠᠨ ᠲᠠᠢ ᠵᠦᠷᠢᠴᠡᠯ ᠲᠠᠢ ᠪᠠᠶᠢᠭᠰᠠᠨ ᠲᠣᠯᠠ ᠲᠡᠷᠡ ᠦᠪᠡᠷ ᠤᠨ | ᠬᠡᠣᠬᠡᠨ ᠳ᠋ᠠᠣᠯᠠ · ᠰᠣᠯᠲ᠋ᠠᠨ · ᠰᠠᠬᠠᠨᠵᠢ② ᠶᠢ ᠸᠠᠶᠢᠰ ᠬᠠᠭᠠᠨ ᠳᠤ ᠪᠣᠭᠳᠣᠯᠣᠨ ᠦᠭᠴᠡᠢ᠃ ᠸᠠᠶᠢᠰ ᠬᠠᠭᠠᠨ ᠠᠴᠠ | ᠰᠢᠷ · ᠮᠠᠬᠠᠮᠠᠳ᠋ ᠬᠠᠭᠠᠨ ᠢ ᠲᠣᠪᠳᠣᠯᠬᠤ ᠦᠶ᠎ᠡ ᠳᠤ ᠱᠠᠾ · ᠨᠣᠷᠣᠯᠳᠢᠨ ᠴᠦ ᠪᠦᠬᠦ ᠬᠦᠴᠦ ᠪᠠᠷ ᠲᠡᠮᠵᠢᠵᠦ ᠪᠠᠶᠢᠪᠠ | ᠃ ᠭᠡᠶ᠎ᠡ ᠸᠠᠶᠢᠰ ᠬᠠᠭᠠᠨ ᠲᠡᠭᠦᠨ ᠤ ᠠᠪᠠᠭ᠎ᠠ ᠬᠠᠭᠠᠨ ᠢᠶᠠᠨ ᠲᠣᠪᠳᠣᠯᠬᠤ ᠪᠣᠯᠭᠠᠨ ᠰᠢᠷ · ᠮᠠᠬᠠᠮᠠᠳ᠋ ᠬᠠᠭᠠᠨ ᠣᠳᠠᠭ᠎ᠠ | ᠪᠣᠯᠭᠠᠨ ᠢᠯᠠᠵᠣ ᠯᠠ ᠪᠠᠶᠢᠪᠠ᠃ ᠨᠢᠭᠡ ᠣᠳᠠᠭ᠎ᠠ ᠬᠤᠶᠠᠷ ᠲᠠᠯ᠎ᠠ ᠪᠠᠷ ᠢᠶᠠᠨ ᠮᠣᠩᠭᠤᠯᠰᠲ᠋ᠠᠨ ᠤ ᠬᠠᠷᠠᠨ · ᠺᠠᠩᠯᠢᠭ | ᠭᠡᠳᠡᠭ ᠭᠠᠵᠠᠷ ᠲᠤ ᠪᠠᠶᠢᠯᠳᠣᠭᠠᠳ᠂ ᠸᠠᠶᠢᠰ ᠬᠠᠭᠠᠨ ᠬᠤᠯᠠ ᠵᠠᠮ ᠠᠴᠠ ᠲᠣᠪᠳᠣᠯᠭᠠᠨ ᠢᠷᠡᠵᠦ᠂ ᠦᠪᠡᠷ ᠤᠨ | ᠲᠦᠷᠪᠡᠨ ᠮᠢᠩᠭᠠᠨ ᠮᠣᠷᠢᠳᠣ ᠴᠡᠷᠢᠭ ᠢᠶᠠᠷ ᠰᠦᠨᠢ ᠶᠢᠨ ᠭᠦᠨ ᠳᠤ ᠰᠢᠷ · ᠮᠠᠬᠠᠮᠠᠳ᠋ ᠬᠠᠭᠠᠨ ᠤ ᠴᠡᠷᠢᠭ ᠤᠨ ᠬᠦᠷᠢᠶ᠎ᠡ | ᠶᠢ ᠭᠡᠨᠡᠳᠳᠡ ᠲᠠᠭᠠᠷᠢᠨ ᠲᠣᠪᠳᠣᠯᠪᠠ᠃ ᠲᠠᠶᠢᠨ ᠤ ᠪᠠᠶᠢᠳᠠᠯ ᠪᠢᠰᠢᠳᠡᠵᠦ ᠪᠠᠶᠢᠭ᠎ᠠ ᠦᠶ᠎ᠡ ᠳᠤ ᠰᠢᠷ · ᠮᠠᠬᠠᠮᠠᠳ᠋ | ᠬᠠᠭᠠᠨ ᠨᠢᠭᠡᠨ ᠭᠤᠣ ᠲᠣᠲᠣᠷ᠎ᠠ ᠦᠰᠦᠷᠦᠨ ᠣᠷᠣᠵᠣ ᠨᠢᠭᠤᠭᠳᠠᠵᠠᠢ᠃ ᠸᠠᠶᠢᠰ ᠬᠠᠭᠠᠨ ᠲᠡᠭᠦᠨ ᠤ ᠴᠡᠷᠢᠭ ᠤᠨ | ᠬᠦᠷᠢᠶ᠎ᠡ ᠶᠢ ᠪᠦᠰᠡᠯᠡᠨ᠂ ᠲᠡᠭᠷᠢ ᠭᠡᠭᠡᠷᠡᠳᠡᠯᠡ ᠰᠢᠷ · ᠮᠠᠬᠠᠮᠠᠳ᠋ ᠬᠠᠭᠠᠨ ᠢ ᠨᠠᠷᠢᠪᠴᠢᠯᠠᠨ ᠨᠡᠩᠵᠢᠭᠰᠡᠨ ᠪᠣᠯᠪᠠᠴᠣ | ᠲᠡᠭᠦᠨ ᠤ ᠮᠦᠷ ᠰᠡᠭᠦᠳᠡᠷ ᠢ ᠴᠦ ᠣᠯᠵᠣ ᠴᠢᠳᠠᠭᠰᠠᠨ ᠦᠭᠡᠢ᠃ ᠬᠠᠷᠢᠨ ᠲᠠᠭᠠᠷᠢᠯᠳᠣᠭᠰᠠᠨ ᠪᠣᠯᠭᠠᠨ ᠢ ᠠᠯᠠᠨ | ᠬᠢᠳᠣᠭᠰᠠᠭᠠᠷ ᠪᠠᠶᠢᠵᠣ᠂ ᠲᠡᠭᠷᠢ ᠭᠡᠭᠡᠷᠡᠭᠡᠳ ᠲᠡᠳᠡ ᠲᠣᠳᠠᠭᠠᠯᠳᠣᠨ ᠶᠠᠪᠣᠪᠠ᠃ ᠰᠢᠷ · ᠮᠠᠬᠠᠮᠠᠳ᠋ ᠬᠠᠭᠠᠨ | ᠨᠢᠭᠤᠭᠳᠠᠵᠣ ᠪᠠᠶᠢᠭᠰᠠᠨ ᠭᠤᠣ ᠰᠣᠪᠠᠭ ᠠᠴᠠ ᠮᠦᠯᠬᠦᠨ ᠭᠠᠷᠴᠣ ᠢᠷᠡᠬᠦ ᠦᠶ᠎ᠡ ᠳᠤ᠂ ᠲᠡᠭᠦᠨ ᠤ ᠲᠣᠣᠷᠠᠬᠢ ᠴᠡᠷᠢᠭ | ᠴᠦ ᠠᠭᠠᠵᠢᠮ ᠢᠶᠠᠷ ᠬᠤᠷᠠᠨ ᠢᠷᠡᠵᠡᠭᠡᠵᠦ ᠪᠠᠶᠢᠪᠠ᠃ ᠲᠡᠭᠡᠭᠡᠳ ᠲᠡᠷᠡ ᠲᠣᠣᠷᠠᠬᠢ ᠴᠡᠷᠢᠭ ᠬᠤᠶᠠᠭ ᠢᠶᠠᠨ | ᠴᠣᠭᠯᠠᠭᠤᠯᠣᠨ᠂ ᠸᠠᠶᠢᠰ ᠬᠠᠭᠠᠨ ᠤ ᠬᠤᠶᠢᠨ᠎ᠠ ᠠᠴᠠ ᠨᠡᠬᠡᠮᠵᠢᠯᠡᠨ ᠬᠦᠭᠡᠭᠡᠪᠡ᠃ ᠸᠠᠶᠢᠰ ᠬᠠᠭᠠᠨ ᠲᠠᠬᠢᠨ ᠲᠠᠪᠳᠠᠨ | ᠠᠶᠣᠯ ᠲᠦᠭᠰᠢᠭᠦᠷᠢ ᠳᠤ ᠲᠣᠯᠭᠠᠷᠠᠭᠰᠠᠭᠠᠷ ᠪᠠᠶᠢᠵᠣ᠂ ᠡᠴᠦᠰ ᠲᠡᠭᠡᠨ ᠵᠦᠳᠡᠵᠦ ᠭᠠᠭᠴᠠ ᠪᠡᠶ᠎ᠡ ᠪᠠᠷ ᠲᠣᠳᠠᠭᠠᠨ | ᠭᠠᠷᠴᠠᠢ᠃ ᠬᠤᠵᠢᠮ ᠲᠡᠳᠡ ᠬᠤᠶᠠᠭᠤᠯᠠ ᠶᠢᠨ ᠲᠠᠶᠢᠨ ᠲᠣᠯᠣᠯᠳᠣᠭᠠᠨ ᠲᠠᠬᠢᠨ ᠲᠠᠪᠳᠠᠨ ᠦᠷᠬᠦᠯᠵᠢᠯᠡᠭᠰᠡᠭᠡᠷ ᠪᠠᠶᠢᠵᠣ | ᠣᠨ ᠣᠳᠠᠵᠣ᠂ ᠬᠡᠵᠢᠶ᠎ᠡ ᠬᠤᠶᠢᠨ᠎ᠠ ᠰᠢᠷ · ᠮᠠᠬᠠᠮᠠᠳ᠋ ᠬᠠᠭᠠᠨ ᠨᠠᠰᠣ ᠪᠠᠷᠠᠭᠠᠳ ᠰᠠᠶ᠋ᠢ ᠵᠣᠭᠰᠣᠭᠰᠠᠨ ᠶᠣᠮ᠃ | ᠲᠡᠭᠡᠭᠡᠳ ᠸᠠᠶᠢᠰ ᠬᠠᠭᠠᠨ ᠰᠠᠶ᠋ᠢ ᠬᠠᠭᠠᠨ ᠰᠠᠭᠤᠷᠢᠨ ᠢ ᠵᠠᠯᠭᠠᠮᠵᠢᠯᠠᠭᠰᠠᠨ③ ᠠᠵᠠᠢ᠃ | ᠲᠣᠰ ᠪᠦᠯᠦᠭ ᠤᠨ ᠲᠠᠶᠢᠯᠪᠣᠷᠢ | ① ᠲᠡᠭᠡᠷ᠎ᠡ ᠲᠣᠷᠠᠳᠣᠭᠰᠠᠨ ᠪᠠᠷᠲ᠋ᠣᠯᠢᠲ ᠤᠨ ᠨᠣᠮ ᠤᠨ ᠨᠠᠶᠠᠨ ᠲᠠᠪᠣᠳᠣᠭᠠᠷ ᠨᠢᠭᠤᠷ ᠲᠤ ᠬᠡᠯᠡᠭᠰᠡᠨ ᠢᠶᠠᠷ ᠰᠢᠷ · | ᠮᠠᠬᠠᠮᠠᠳ᠋ ᠬᠠᠭᠠᠨ ᠪᠣᠯ ᠱᠠᠾ · ᠵᠢᠬᠠᠨ ᠤ ᠬᠦᠪᠡᠭᠦᠨ᠂ ᠱᠠᠾ · ᠵᠢᠬᠠᠨ ᠪᠣᠯ ᠾᠢᠳᠢᠷ ᠬᠤᠵᠠ ᠶᠢᠨ ᠲᠦᠷᠪᠡᠨ | ᠬᠦᠪᠡᠭᠦᠳ ᠤᠨ ᠨᠢᠭᠡ ᠨᠢ ᠮᠦᠨ᠃ ᠾᠢᠳᠢᠷ ᠬᠤᠵᠠ ᠶᠢᠨ ᠲᠦᠷᠪᠡᠨ ᠬᠦᠪᠡᠭᠦᠳ ᠨᠢ ᠱᠠᠮᠢᠴᠠᠭᠠᠨ᠂ ᠮᠠᠬᠠᠮᠠᠳ᠋᠂ | ᠰᠢᠷ · ᠠᠯᠢ ᠪᠣᠯᠣᠨ ᠱᠠᠾ · ᠵᠢᠬᠠᠨ ᠪᠣᠯᠣᠨ᠎ᠠ ᠭᠡᠪᠡ᠃ ᠭᠡᠳᠡᠯ᠎ᠡ ︽ᠷᠠᠰᠢᠳ᠋ ᠶᠢᠨ ᠲᠡᠣᠬᠡ︾ ᠳᠤ ᠰᠢᠷ · ᠮᠠᠬᠠᠮᠠᠳ᠋ ᠢ | ᠮᠠᠬᠠᠮᠠᠳ᠋ ᠶᠢᠨ ᠬᠦᠪᠡᠭᠦᠨ ᠭᠡᠪᠡ᠃ ᠪᠠᠰᠠ ᠨᠢᠭᠡ ᠨᠢ ︽ᠸᠠᠶᠢᠰ ᠬᠠᠭᠠᠨ ᠪᠣᠯᠣᠨ ᠰᠢᠷ · ᠮᠠᠬᠠᠮᠠᠳ᠋ ᠤᠨ ᠬᠤᠭᠤᠷᠣᠨᠳᠣ | ᠬᠢ ᠲᠠᠶᠢᠨ ᠪᠣᠯ 1420 ᠣᠨ ᠳᠤ ᠡᠭᠦᠰᠴᠡᠢ᠃ ᠲᠣᠬᠠᠢ ᠶᠢᠨ ᠦᠶ᠎ᠡ ᠳᠤ ᠬᠤᠳᠠᠶᠢᠳᠠ ᠠᠯᠢ ᠲᠠᠯ᠎ᠠ ᠶᠢ ᠨᠢ | ᠲᠡᠮᠵᠢᠵᠦ ᠪᠠᠶᠢᠭᠰᠠᠨ ᠢ ᠮᠡᠳᠡᠬᠦ ᠦᠭᠡᠢ︾᠂ ᠡᠬᠦᠨ ᠠᠴᠠ ᠦᠵᠡᠪᠡᠯ ᠮᠢᠷᠽᠠ · ᠬᠠᠶᠢᠳᠠᠷ ᠯᠠᠪ ᠡᠨᠡᠬᠦ ᠠᠰᠠᠭᠤᠳᠠᠯ ᠢ | ᠨᠢᠭᠤᠨ ᠲᠠᠯᠳᠠᠯᠠᠵᠣ ᠪᠠᠶᠢᠨ᠎ᠠ ᠭᠡᠵᠦ ᠬᠡᠯᠡᠵᠡᠢ᠃ | ② ᠷᠣᠰ ᠤᠨ ᠲᠠᠶᠢᠯᠪᠣᠷᠢᠯᠠᠬᠤ ᠪᠠᠷ ᠲᠦᠷᠺ ᠬᠡᠯᠡᠨ ᠳᠤ ᠡᠨᠡᠬᠦ ᠬᠡᠣᠬᠡᠨ ᠤ ᠨᠡᠷ᠎ᠡ ᠶᠢ ᠳ᠋ᠠᠣᠯᠠ · ᠰᠣᠯᠲ᠋ᠠᠨ · | ᠪᠧᠺᠢᠮ ᠭᠡᠳᠡᠭ ᠭᠡᠵᠡᠢ᠃ | ③ ᠬᠢᠳᠠᠳᠴᠢᠯᠠᠭᠴᠢ ᠶᠢᠨ ᠲᠠᠶᠢᠯᠪᠣᠷᠢ᠂ ︽ᠮᠢᠩ ᠲᠠᠶᠢᠽᠦᠩ ᠶᠦᠩ ᠯᠧ ᠶᠢᠨ ᠮᠠᠭᠠᠳ ᠲᠡᠮᠳᠡᠭᠯᠡᠯ︾ ᠤᠨ ᠵᠠᠭᠤ | ᠶᠢᠰᠦᠳᠦᠭᠡᠷ ᠪᠣᠳᠢ ᠶᠢᠨ ᠶᠦᠩ ᠯᠧ ᠠᠷᠪᠠᠨ ᠵᠢᠷᠭᠤᠭᠠᠨ ᠣᠨ ︵1418 ᠣᠨ︶ ᠤ ᠵᠣᠷᠪᠣᠰ ᠲᠤ ᠦᠬᠦᠯᠡᠭᠰᠡᠨ ᠢ | ᠦᠨᠳᠦᠰᠦᠯᠡᠪᠡᠯ᠂ ︽ᠬᠤᠶᠠᠳᠣᠭᠠᠷ ᠰᠠᠷ᠎ᠠ ᠶᠢᠨ ᠴᠠᠭᠠᠨ ᠨᠣᠬᠠᠢ ᠡᠳᠦᠷ᠂ ᠪᠧᠱᠪᠠᠯᠢᠭ ᠤᠨ ᠲᠦᠷᠦᠭᠦᠥ ᠰᠦ ᠭᠧ᠂ | ᠺᠧ ᠯᠠ ᠮᠠᠨ ᠯᠠ ᠵᠡᠷᠭᠡ ᠬᠦᠮᠦᠰ ᠲᠦᠷᠦ ᠳᠤ ᠪᠠᠷᠠᠯᠠᠵᠣ᠂ ᠨᠣᠳᠤᠭ ᠤᠨ ᠭᠠᠷᠣᠯᠳᠠ ᠪᠠᠷ ᠠᠯᠪᠠ ᠪᠠᠷᠢᠪᠠ᠃ ᠲᠡᠳᠡ | ᠬᠡᠯᠡᠭᠰᠡᠨ ᠨᠢ᠂ ᠲᠡᠳᠡᠨᠡᠷ ᠤᠨ ᠸᠠᠩ ᠨᠠᠾᠱ ᠵᠢᠬᠠᠨ ᠢ ᠲᠦᠷᠦᠯ ᠤᠨ ᠲᠡᠭᠦᠥ ︵ᠬᠠᠶᠠᠯᠢᠳ ᠲᠡᠭᠦᠥ︶ ᠨᠢ ᠠᠯᠠᠵᠣ | ᠦᠪᠡᠷ ᠢᠶᠠᠨ ᠬᠠᠭᠠᠨ ᠪᠣᠯᠪᠠ︾ ᠭᠡᠵᠡᠢ᠃ ᠪᠠᠷᠲ᠋ᠣᠯᠢᠲ ᠶᠢᠨ ︽ᠲᠣᠯᠣᠭᠠᠨ ᠭᠤᠣᠯ ᠤᠨ ᠲᠡᠣᠬᠡᠨ ᠬᠤᠷᠢᠶᠠᠩᠭᠤᠢ︾ | ᠴᠦ ᠡᠨᠡᠬᠦ ᠬᠡᠯᠡᠯᠭᠡ ᠶᠢ ᠦᠨᠳᠦᠰᠦᠯᠡᠵᠡᠢ᠃ ᠲᠡᠭᠦᠨ ᠤ ᠬᠡᠯᠡᠭᠰᠡᠨ ᠨᠢ᠄ ︽ᠨᠠᠾᠱ ᠵᠢᠬᠠᠨ1418 ᠣᠨ ᠤ ᠡᠬᠢᠨ | ᠢᠶᠠᠷ ᠰᠢᠷ · ᠠᠯᠢ ᠶᠢᠨ ᠬᠦᠪᠡᠭᠦᠨ ᠸᠠᠶᠢᠰ ᠬᠠᠭᠠᠨ ᠳᠤ ᠠᠯᠠᠭᠳᠠᠵᠠᠢ︾ ᠭᠡᠪᠡ᠃ ᠡᠬᠦᠨ ᠢᠶᠠᠷ ᠦᠵᠡᠪᠡᠯ1418 | ᠣᠨ ᠠᠴᠠ ᠡᠮᠦᠨ᠎ᠡ ᠮᠣᠩᠭᠤᠯᠰᠲ᠋ᠠᠨ ᠤ ᠬᠠᠭᠠᠨ ᠰᠠᠭᠤᠷᠢᠨ ᠳᠤ ᠪᠠᠶᠢᠭᠰᠠᠨ ᠬᠦᠮᠦᠨ ᠪᠣᠯ ᠨᠠᠾᠱ · ᠵᠢᠬᠠᠨ ᠪᠣᠯᠣᠨ᠎ᠠ᠃ | ᠡᠨᠡ ᠨᠢ ︽ᠷᠠᠰᠢᠳ᠋ ᠤᠨ ᠲᠡᠣᠬᠡ︾ ᠲᠠᠢ ᠬᠠᠷᠢᠯᠴᠠᠨ ᠠᠳᠠᠯᠢ ᠦᠭᠡᠢ ᠲᠠᠯ᠎ᠠ ᠪᠣᠯᠣᠨ᠎ᠠ᠃ ᠭᠡᠪᠡᠴᠦ ᠪᠠᠷᠲ᠋ᠣᠯᠢᠲ ᠤᠨ | ᠨᠦᠬᠦᠭᠡ ᠨᠢᠭᠡ ᠨᠣᠮ ︽ᠦᠯᠦᠭᠪᠡᠢ ᠵᠢᠴᠢ ᠲᠡᠭᠦᠨ ᠤ ᠴᠠᠭ ᠦᠶ᠎ᠡ︾ ᠳᠤ ᠬᠡᠯᠡᠭᠰᠡᠨ ᠢᠶᠠᠷ ᠰᠢᠷ · ᠮᠠᠬᠠᠮᠠᠳ᠋ ᠬᠠᠭᠠᠨ | ᠡᠪᠡᠳᠴᠢᠯᠡᠨ ᠨᠠᠰᠣ ᠪᠠᠷᠠᠭᠠᠳ᠂ ᠮᠣᠩᠭᠤᠯᠰᠲ᠋ᠠᠨ ᠤ ᠲᠦᠷᠦ ᠶᠢᠨ ᠡᠷᠬᠡ ᠲᠡᠭᠦᠨ ᠤ ᠨᠦᠬᠦᠭᠡ ᠨᠢᠭᠡ ᠠᠩᠬᠠᠨ ᠤ | ᠦᠷᠢᠰᠦᠯᠳᠦᠭᠴᠢ ᠸᠠᠶᠢᠰ ᠬᠠᠭᠠᠨ ᠤ ᠭᠠᠷ ᠲᠤ ᠣᠷᠣᠪᠠ︾ ᠭᠡᠵᠡᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |